ᠲᠥᠷᠥᠯ ᠠᠷᠠᠯᠵᠢᠭᠰᠠᠨ ᠰᠢᠯᠲᠠᠭᠠᠨ ᠤ᠋ ᠵᠢᠷᠤᠯᠭ᠎ᠠТөрөл арилжсан шалтгааны зурлага ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠥᠷᠥᠯ ᠠᠷᠠᠯᠵᠢᠭᠰᠠᠨ ᠰᠢᠯᠲᠠᠭᠠᠨ ᠤ᠋ ᠵᠢᠷᠤᠯᠭ᠎ᠠТөрөл арилжсан шалтгааны зурлага

ᠲᠥᠷᠥᠯ ᠠᠷᠠᠯᠵᠢᠭᠰᠠᠨ ᠰᠢᠯᠲᠠᠭᠠᠨ ᠤ᠋ ᠵᠢᠷᠤᠯᠭ᠎ᠠТөрөл арилжсан шалтгааны зурлага

2025-08-15

543

ᠲᠥᠷᠥᠯ ᠠᠷᠠᠯᠵᠢᠭᠰᠠᠨ ᠰᠢᠯᠲᠠᠭᠠᠨ ᠤ᠋ ᠵᠢᠷᠤᠯᠭ᠎ᠠ

    ᠨᠠᠢᠷᠠᠭᠤᠯᠤᠭᠰᠠᠨ ᠨᠢ ᠄ ( ᠮᠣᠩᠭᠣᠯ) ᠲᠠᠩᠭᠤᠳ ᠤ᠋ᠨ ᠭᠠᠯᠰᠠᠩ 
    ᠬᠥᠷᠪᠡᠭᠦᠯᠦᠭᠰᠡᠨ ᠨᠢ ᠄ ᠪᠡ᠊ · ᠳᠠᠮᠳᠢᠨᠰᠦ᠋ᠷᠦᠩ 

ᠷᠢᠨᠴᠢᠨ ᠪᠠᠭᠰᠢ ᠪᠡᠶ᠎ᠡ ᠴᠢᠯᠡᠭᠦᠷ ᠲᠡᠢ ᠪᠠᠢᠬᠤ ᠬᠦᠨᠳᠦ ᠦᠶ᠎ᠡ ᠳ᠋ᠦ᠍ ᠪᠡᠨ ᠪᠦᠭᠦᠳᠡ ᠨᠠᠢᠷᠠᠮᠳᠠᠬᠤ ᠮᠣᠩᠭᠣᠯ ᠠᠷᠠᠳ ᠤᠯᠤᠰ ᠤ᠋ᠨ ᠨᠠᠮ ᠲᠥᠷᠥ ᠶ᠋ᠢᠨ ᠲᠡᠷᠢᠭᠦᠨ ᠶᠣ᠌ · ᠴᠢᠳᠠᠨᠪᠠᠯ ᠭᠤᠸᠠᠢ ᠳ᠋ᠤ᠌ 363 ᠬᠠᠭᠤᠳᠠᠰᠤ ᠵᠠᠬᠢᠳᠠᠯ ᠣᠷᠣᠰ ᠬᠡᠯᠡ ᠪᠡᠷ ᠪᠢᠴᠢᠭᠰᠡᠨ ᠠᠵᠠᠢ᠃
— ᠲᠡᠷᠡ ᠬᠦ᠌ ᠵᠠᠬᠢᠳᠠᠯ ᠳ᠋ᠤ᠌ ᠪᠠᠨ ᠮᠣᠩᠭᠣᠯ ᠡᠬᠡ ᠣᠷᠣᠨ ᠢ᠋ᠶ᠋ᠠᠨ ᠳᠠᠷᠠᠭᠠᠴᠢ ᠶ᠋ᠢᠨ ᠣᠷᠣᠨ ᠳ᠋ᠤ᠌ ᠪᠠᠨ ᠣᠴᠢᠬᠤ ᠪᠣᠯᠤᠭᠰᠠᠨ ᠢ᠋ᠶ᠋ᠠᠨ ᠵᠦᠩ ᠪᠢᠯᠢᠭ ᠢ᠋ᠶ᠋ᠡᠷ ᠢ᠋ᠶ᠋ᠡᠨ ᠳᠤᠷᠠᠢᠲᠠᠯ᠎ᠠ ᠲᠠᠨᠢᠭᠰᠠᠨ ᠷᠢᠨᠴᠢᠨ ᠨᠡᠷᠡᠲᠦ ᠨᠢᠭᠡᠨ ᠪᠣᠳᠠᠭᠠᠯᠢ ᠵᠠᠭᠤᠷᠠᠳᠤ ᠶ᠋ᠢᠨ ᠣᠷᠣᠨ ᠳ᠋ᠤ᠌ ᠪᠠᠢᠭᠰᠠᠨ ᠦᠶ᠎ᠡ ᠶ᠋ᠢᠨ ᠢ᠋ᠶ᠋ᠡᠨ ᠤᠳᠤᠮ ᠰᠤᠳᠤᠷ ᠢ᠋ ᠨᠢᠭᠡ ᠪᠥᠷᠢᠴᠢᠯᠡᠨ《ᠡᠢᠮᠦ ᠪᠠᠢᠭᠰᠠᠨ᠂ ᠲᠡᠢᠮᠦ ᠪᠠᠢᠭᠰᠠᠨ》 ᠭᠡᠮᠡᠨ ᠳᠤᠷᠠᠳᠤᠭᠰᠠᠨ ᠠᠨᠤ ᠰᠠᠨᠠᠭᠠᠨ ᠳ᠋ᠤ᠌ ᠦᠭᠡᠢ ᠲᠣᠬᠢᠶᠠᠯ ᠪᠤᠰᠤ᠃
— ᠭᠤᠷᠪᠠᠨ ᠴᠠᠭ ᠤ᠋ᠨ ᠮᠡᠯᠮᠡᠢ ᠲᠡᠢ᠂ ᠣᠷᠴᠢᠯᠠᠩ ᠠᠪᠤᠭᠠᠢ ᠶ᠋ᠢᠨ ᠨᠢᠭᠤᠷ ᠢ᠋ ᠲᠠᠨᠢᠭᠰᠠᠨ ᠲᠡᠷᠡ ᠶᠡᠬᠡ ᠬᠥᠮᠦᠨ ᠪᠠᠢᠲᠤᠭᠠᠢ᠂ ᠦᠬᠦᠯ ᠦ᠋ᠨ ᠰᠢᠷᠬᠠᠨ ᠳ᠋ᠤ᠌ ᠪᠠᠨ ᠬᠠᠯᠠᠭᠤᠷᠠᠨ ᠪᠡᠶ᠎ᠡ ᠰᠦᠨᠡᠰᠦ ᠬᠣᠶᠠᠷ ᠰᠠᠯᠵᠤ ᠶᠠᠳᠠᠨ ᠪᠦᠬᠦᠢ ᠠᠮᠢᠲᠠᠨ ᠪᠦᠬᠦᠨ ᠳ᠋ᠦ᠍ ᠲᠤᠭᠤᠯᠤᠭᠰᠠᠨ ᠵᠠᠮ ᠢ᠋ᠶ᠋ᠠᠨ ᠨᠢᠭᠡᠬᠡᠨ ᠵᠠᠭᠤᠷ᠎ᠠ ᠳ᠋ᠤ᠌ ᠡᠷᠭᠢᠨ ᠬᠠᠷᠠᠳᠠᠭ᠂ ᠳᠤᠷᠠᠳᠬᠠᠯ ᠰᠤᠪᠢᠨ ᠤ᠋ ᠴᠡᠩᠬᠡᠷ ᠳᠡᠯᠭᠡᠴᠡ ᠪᠠᠢᠳᠠᠭ᠃
— ᠷᠢᠨᠴᠢᠨ ᠡᠷᠳᠡᠮᠲᠡᠨ ᠦ᠌ ᠵᠠᠬᠢᠶ᠎ᠠ᠂ ᠴᠠᠳᠠᠨᠪᠠᠯ ᠳᠠᠷᠤᠭᠠᠲᠠᠨ ᠤ᠋ ᠰᠡᠳᠬᠢᠯ ᠦ᠋ᠨ ᠲᠤᠯᠢᠨ᠎ᠠ ᠶᠠᠭᠠᠬᠢᠵᠤ ᠲᠤᠰᠤᠭᠰᠠᠨ ᠢ᠋ ᠮᠡᠳᠡᠬᠦ ᠠᠷᠭ᠎ᠠ ᠦᠭᠡᠢ᠃ ᠶᠠᠮᠠᠷ ᠲᠠᠢ ᠴᠤ᠌ ᠵᠠᠯᠠᠷᠠᠭᠤᠯᠬᠤ ᠠᠨᠤ ᠬᠣᠵᠢᠳᠠᠭᠰᠠᠨ ᠬᠣᠷᠸ᠎ᠠ ᠶ᠋ᠢᠨ ᠰᠢᠢᠳᠬᠡᠯ ᠪᠣᠯᠤᠭᠰᠠᠨ ᠪᠢᠯᠡ᠃ ᠮᠠᠭᠠᠳ ᠦᠭᠡᠢ ᠳᠠᠷᠤᠭ᠎ᠠ ᠶ᠋ᠢ ᠴᠤ᠌ ᠳᠠᠪᠬᠤᠷ ᠨᠢᠷᠭᠡᠭᠰᠡᠨ ᠪᠠᠢᠬ᠎ᠠ᠃
ᠶᠠᠮᠠᠷ ᠯᠠ ᠰᠠᠢᠨ ᠳ᠋ᠤ᠌ ᠪᠠᠨ ᠡᠬᠡ ᠣᠷᠣᠨᠴᠢ ᠷᠢᠨᠴᠢᠨ ᠡᠷᠳᠡᠮᠲᠡᠨ ᠮᠠᠨᠢ᠂ ᠮᠤᠩᠳᠠᠰᠢ ᠦᠭᠡᠢ ᠡᠷᠳᠡᠮ ᠢ᠋ ᠰᠤᠷᠬᠤ ᠳ᠋ᠤ᠌ ᠨᠠᠰᠤ ᠶᠠᠭᠤᠲᠠᠢ ᠪᠣᠭᠣᠨᠢ ᠮᠤᠩᠬᠠᠭ ᠤ᠋ᠳ ᠤ᠋ᠨ ᠳᠤᠮᠳᠠ ᠰᠠᠭᠤᠬᠤᠢ ᠳ᠋ᠤ᠌ ᠨᠠᠰᠤ ᠶᠠᠭᠤᠲᠠᠢ ᠤᠷᠲᠤ ᠭᠡᠮᠡᠨ ᠨᠠᠷᠠᠰᠤ ᠨᠠᠢᠭᠤᠲᠠᠯ᠎ᠠ ᠰᠡᠭᠦᠷᠡᠰᠦ ᠠᠯᠳᠠᠵᠤ ᠰᠠᠭᠤᠪᠠ ᠭᠡᠵᠦ ᠳᠡ᠃
ᠪᠦᠭᠦᠳᠡ ᠨᠠᠢᠷᠠᠮᠳᠠᠬᠤ ᠮᠣᠩᠭᠣᠯ ᠠᠷᠠᠳ ᠤᠯᠤᠰ ᠤ᠋ᠨ ᠨᠠᠮ ᠲᠥᠪᠲᠦ ᠲᠥᠷᠥ ᠲᠡᠷᠡ ᠬᠦ᠌ ᠶᠡᠬᠡ ᠡᠷᠳᠡᠮᠲᠡᠨ ᠦ᠌ ᠪᠡᠨ ᠨᠠᠰᠤ ᠬᠡᠮᠡᠬᠦ ᠵᠤᠯᠠ ᠶ᠋ᠢᠨ ᠰᠢᠷ᠎ᠠ ᠲᠣᠰᠣᠨ ᠠ᠋ᠴᠠ ᠵᠢᠯ ᠪᠦᠷᠢ ᠬᠠᠯᠪᠠᠭᠠᠳᠠᠨ ᠠᠰᠬᠠᠵᠤ᠂ ᠠᠮᠢ ᠬᠡᠮᠡᠬᠦ ᠵᠤᠯᠠ ᠶ᠋ᠢᠨ ᠭᠣᠣᠯ ᠢ᠋ ᠨᠢ ᠬᠠᠢᠴᠢᠯᠠᠵᠤ ᠪᠠᠢᠭᠰᠠᠨ ᠢ᠋ ᠬᠤᠳᠠᠯ ᠭᠡᠪᠡᠯ ᠨᠢᠭᠦᠯ ᠪᠣᠯᠤᠨ᠎ᠠ᠃ ᠮᠠᠷᠭᠤᠨ ᠮᠡᠳᠬᠡᠪᠡᠯ ᠡᠷᠯᠢᠭ ᠦ᠋ᠨ ᠲᠤᠯᠢᠨ᠎ᠠ ᠢᠯᠡ ᠬᠠᠷᠠᠭᠳᠠᠵᠤ᠂ ᠢᠴᠢᠭᠰᠡᠨ ᠬᠥᠭᠡᠷᠦᠬᠦᠢᠰ ᠦ᠋ᠨ ᠤᠬᠠᠭᠠᠨ ᠤ᠋ ᠣᠨᠢᠰᠣ ᠮᠤᠯᠲᠤᠷᠠᠬᠤ ᠢᠷᠣ᠎ᠠ ᠲᠠᠢ᠃
ᠬᠠᠷᠢᠨ ᠵᠤᠯᠠ ᠶ᠋ᠢᠨ ᠳᠥᠯᠥ ᠮᠡᠲᠦ ᠰᠦᠨᠡᠰᠦ ᠶ᠋ᠢ ᠢᠨᠦ ᠪᠠᠶᠠᠰᠬᠠᠶ᠎ᠠ ᠭᠡᠪᠡᠯ ᠮᠣᠩᠭᠣᠯ ᠪᠢᠴᠢᠭ ᠢ᠋ᠶ᠋ᠡᠨ ᠰᠡᠷᠭᠦᠭᠡᠨ᠂ ᠰᠣᠶᠣᠯ ᠢ᠋ᠶ᠋ᠠᠨ ᠮᠠᠨᠳᠤᠭᠤᠯᠬᠤ᠂ ᠡᠬᠡ ᠬᠡᠯᠡ ᠪᠡᠨ ᠳᠠᠶᠠᠭᠠᠷᠴᠢᠯᠠᠯ ᠤ᠋ᠨ ᠤᠯᠠᠭᠠᠨ ᠲᠣᠮᠣᠷᠭᠠᠨ ᠠ᠋ᠴᠠ ᠬᠠᠮᠠᠭᠠᠯᠠᠨ ᠴᠡᠴᠡᠭᠯᠡᠭᠦᠯᠪᠡᠰᠦ ᠪᠤᠶᠠᠨ ᠤ᠋ ᠴᠠᠭᠠᠨ ᠦᠢᠯᠡᠰ ᠪᠣᠯᠤᠶᠤ ᠃

    ᠢᠷᠡᠯᠲᠡ ᠄ 《ᠠᠤᠭ᠎ᠠ ᠱᠣᠭᠴᠢ ᠷᠢᠨᠴᠢᠨ ᠦ᠌ ᠠᠶᠤᠩᠭᠠᠨ ᠶᠡᠬᠡ ᠦᠭᠡᠰ》 ᠨᠣᠮ ᠠ᠋ᠴᠠ ᠰᠡᠢᠷᠡᠭᠦᠯᠪᠡ᠃
    ᠬᠦᠳᠡᠯᠭᠡᠨᠲᠦ ᠵᠢᠷᠤᠭ ᠢ᠋ ᠰᠦᠯᠵᠢᠶᠡᠨ ᠡᠴᠡ ᠰᠣᠩᠭᠣᠪᠠ᠃
    ᠦᠰᠦᠭ ᠠᠮᠢᠯᠠᠭᠤᠯᠤᠭᠰᠠᠨ ᠨᠢ᠄ ᠴᠢ᠊ ·ᠤᠷᠠᠨᠴᠡᠴᠡᠭ