ᠮᠠᠭᠤᠳᠠᠬᠤ ᠳ᠋ᠤ᠌ ᠢᠳᠡᠵᠦ ᠤᠨᠲᠠᠬᠤ ᠬᠣᠶᠠᠷ- ᠬᠤᠷᠳᠤᠨᠬᠦᠦМуудхад идэж унтах хоёр - Хурданхүү ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠠᠭᠤᠳᠠᠬᠤ ᠳ᠋ᠤ᠌ ᠢᠳᠡᠵᠦ ᠤᠨᠲᠠᠬᠤ ᠬᠣᠶᠠᠷ- ᠬᠤᠷᠳᠤᠨᠬᠦᠦМуудхад идэж унтах хоёр - Хурданхүү

ᠮᠠᠭᠤᠳᠠᠬᠤ ᠳ᠋ᠤ᠌ ᠢᠳᠡᠵᠦ ᠤᠨᠲᠠᠬᠤ ᠬᠣᠶᠠᠷ- ᠬᠤᠷᠳᠤᠨᠬᠦᠦМуудхад идэж унтах хоёр - Хурданхүү

2025-08-15

739

ᠮᠠᠭᠤᠳᠠᠬᠤ ᠳ᠋ᠤ᠌ ᠢᠳᠡᠵᠦ ᠤᠨᠲᠠᠬᠤ ᠬᠣᠶᠠᠷ

ᠮᠣᠩᠭᠣᠯ ᠬᠡᠯᠡᠴᠡ ᠶ᠋ᠢᠨ ᠰᠤᠷᠭᠠᠯ 
  — ᠮᠠᠭᠤᠳᠠᠬᠤ ᠳ᠋ᠤ᠌ ᠢᠳᠡᠵᠦ ᠤᠨᠲᠠᠬᠤ ᠬᠣᠶᠠᠷ 
  ᠬᠥᠲᠥᠯᠦᠭᠴᠢ᠄ ᠬᠤᠷᠳᠤᠨᠬᠦᠦ 
ᠬᠣᠨᠢ ᠭᠡᠪᠡᠯ ᠬᠣᠢᠰᠢ ᠪᠠᠨ ᠰᠠᠭᠤᠭᠠᠳ᠂
ᠬᠣᠭᠣᠯᠠ ᠭᠡᠪᠡᠯ ᠤᠷᠤᠭᠰᠢ ᠪᠠᠨ ᠶᠤᠭᠤᠬᠤ᠃
ᠠᠵᠢᠯ ᠤ᠋ᠨ ᠪᠠᠭ᠎ᠠ ᠶ᠋ᠢ ᠨᠢ ᠡᠷᠢᠵᠦ 
ᠠᠶᠠᠭᠠᠨ ᠤ᠋ ᠶᠡᠬᠡ ᠶ᠋ᠢ ᠨᠢ ᠡᠷᠢᠳᠡᠭ᠃
ᠪᠣᠳᠣᠯᠭ᠎ᠠ ᠦᠭᠡᠢ ᠬᠥᠮᠦᠨ ᠦ᠌ ᠤᠨᠲᠠᠬᠤ ᠨᠢ ᠶᠡᠬᠡ᠂
ᠪᠤᠶᠠᠨ ᠦᠭᠡᠢ ᠬᠥᠮᠦᠨ ᠦ᠌ ᠢᠳᠡᠬᠦ ᠨᠢ ᠶᠡᠬᠡ᠃
ᠠᠩᠭᠠᠢᠵᠤ ᠢᠳᠡᠨ᠂
ᠲᠠᠩᠭᠠᠢᠵᠤ ᠬᠡᠪᠲᠡᠨ᠃
ᠭᠡᠳᠡᠰᠦ ᠴᠠᠳᠪᠠᠯ ᠬᠡᠰᠢᠭ ᠡᠳᠦᠷ᠂
ᠨᠠᠷᠠ ᠭᠠᠷᠪᠠᠯ ᠰᠠᠢᠨ ᠡᠳᠦᠷ᠃
ᠣᠯᠳᠠᠪᠠᠯ ᠢᠳᠡᠵᠦ᠂
ᠣᠷᠣᠢᠲᠠᠪᠠᠯ ᠤᠨᠲᠠᠨ᠃
ᠲᠣᠰᠣᠨ ᠳᠤᠮᠳᠠᠭᠤᠷ᠂
ᠲᠣᠭᠣᠰᠣᠨ ᠭᠠᠳᠠᠭᠤᠷ᠃
ᠢᠳᠡᠬᠦ ᠳᠣᠳᠣᠮ ᠬᠣᠪᠳᠣᠭ ᠪᠣᠯᠤᠨ᠎ᠠ᠂
ᠤᠨᠲᠠᠬᠤ ᠳᠣᠳᠣᠮ ᠵᠠᠯᠬᠠᠭᠤ ᠪᠣᠯᠤᠨ᠎ᠠ᠃
ᠢᠳᠡᠭᠰᠡᠭᠡᠷ ᠪᠠᠢᠵᠤ ᠬᠥᠷᠥᠩᠭᠡ ᠪᠡᠨ ᠪᠠᠷᠠᠵᠤ᠂
ᠤᠨᠲᠠᠭᠰᠠᠭᠠᠷ ᠪᠠᠢᠵᠤ ᠣᠯᠠᠨ ᠠ᠋ᠴᠠ ᠬᠣᠴᠣᠷᠬᠤ᠃
ᠤᠨᠲᠠᠬᠤ ᠨᠣᠢᠷ ᠳᠤ ᠪᠠᠨ ᠳᠠᠷᠤᠭᠳᠠᠪᠠᠯ ᠤᠷᠤᠭᠤᠳᠠᠬᠤ ᠶ᠋ᠢᠨ ᠲᠡᠮᠳᠡᠭ᠂
ᠤᠤᠭᠤᠵᠤ ᠢᠳᠡᠬᠦ ᠪᠡᠨ ᠬᠥᠭᠡᠭᠡᠴᠡᠯᠳᠦᠪᠡᠯ ᠦᠭᠡᠢᠷᠡᠬᠦ ᠶ᠋ᠢᠨ ᠲᠡᠮᠳᠡᠭ᠃
ᠮᠠᠨᠳᠤᠬᠤ ᠳ᠋ᠤ᠌ ᠮᠡᠷᠡᠢᠵᠦ ᠰᠤᠷᠬᠤ ᠬᠣᠶᠠᠷ᠂
ᠮᠠᠭᠤᠳᠠᠬᠤ ᠳ᠋ᠤ᠌ ᠢᠳᠡᠬᠦ ᠤᠨᠲᠠᠬᠤ ᠬᠣᠶᠠᠷ᠃
ᠮᠢᠬ᠎ᠠ ᠢᠳᠡᠶ᠎ᠡ ᠭᠡᠪᠡᠯ ᠮᠠᠯ ᠢ᠋ᠶ᠋ᠠᠨ ᠮᠠᠯᠯᠠ᠂
ᠲᠠᠯᠬ᠎ᠠ ᠢᠳᠡᠶ᠎ᠡ ᠭᠡᠪᠡᠯ ᠲᠠᠷᠢᠶ᠎ᠠ ᠪᠠᠨ ᠳᠠᠷᠢ᠃

  ᠢᠷᠡᠯᠲᠡ᠄ ᠠᠷᠤ ᠬᠣᠷᠴᠢᠨ ᠤ᠋ ᠬᠠᠮ ᠵᠠᠭᠤᠴᠢᠯᠠᠭᠤᠷ ᠠ᠋ᠴᠠ ᠰᠡᠢᠷᠡᠭᠦᠯᠪᠡ᠃
   ᠦᠰᠦᠭ ᠠᠮᠢᠯᠠᠭᠤᠯᠤᠭᠰᠠᠨ ᠨᠢ᠄ ᠴᠢ᠊· ᠤᠷᠠᠨᠴᠡᠴᠡᠭ