ᠵᠣᠷᠢᠭ ᠦᠭᠡᠢ ᠬᠥᠨᠥᠭᠡᠭᠴᠢ ᠶ᠋ᠢᠨ ᠵᠣᠯᠪᠢᠩ ᠥᠭᠦᠯᠡᠯЗориггүй хөнөөгчийн золбин өгүүлэл
ᠵᠣᠷᠢᠭ ᠦᠭᠡᠢ ᠬᠥᠨᠥᠭᠡᠭᠴᠢ ᠶ᠋ᠢᠨ ᠵᠣᠯᠪᠢᠩ ᠥᠭᠦᠯᠡᠯ
ᠨᠠᠢᠷᠠᠭᠤᠯᠤᠭᠰᠠᠨ ᠨᠢ ᠄ ( ᠮᠣᠩᠭᠣᠯ) ᠲᠠᠩᠭᠤᠳ ᠤ᠋ᠨ ᠭᠠᠯᠰᠠᠩ
ᠬᠥᠷᠪᠡᠭᠦᠯᠦᠭᠰᠡᠨ ᠨᠢ ᠄ ᠪᠡ᠊ · ᠳᠠᠮᠳᠢᠨᠰᠦ᠋ᠷᠦᠩ
ᠬᠡᠯᠡ ᠰᠢᠨᠵᠢᠯᠡᠯ ᠦ᠋ᠨ ᠤᠬᠠᠭᠠᠨ ᠤ᠋ ᠳ᠋ᠣᠺᠲ᠋ᠣᠷ᠂ ᠠᠷᠠᠳ ᠤ᠋ᠨ ᠪᠢᠯᠢᠭ ᠵᠦᠢᠴᠢ᠂ ᠤᠭᠰᠠᠭᠠᠲᠠᠨ ᠤ᠋ ᠵᠦᠢᠴᠢ᠂ᠣᠷᠴᠢᠭᠤᠯᠤᠭᠴᠢ᠂ ᠠᠺᠠᠳᠧᠮᠢᠴᠢ ᠪᠡ᠊ · ᠷᠢᠨᠴᠢᠨ ᠦ᠌ ᠳᠠᠯᠠᠨ ᠭᠤᠷᠪᠠᠨ ᠤ᠋ ᠵᠢᠯ ᠣᠷᠣᠬᠤ ᠪᠣᠱᠣᠭᠠᠨ ᠳᠡᠭᠡᠷ᠎ᠡ ᠨᠡᠷ᠎ᠡ ᠪᠡᠨ ᠨᠠᠢᠭᠤᠭᠰᠠᠨ ᠨᠢᠭᠡᠨ ᠡᠲᠡᠭᠡᠳ᠂ ᠤᠯᠤᠰ ᠲᠥᠷᠥ ᠶ᠋ᠢᠨ ᠬᠣᠷᠣᠨ ᠰᠠᠨᠠᠭ᠎ᠠ ᠲᠠᠢ ᠥᠭᠦᠯᠡᠯ ᠪᠢᠴᠢᠭᠰᠡᠨ ᠢ᠋ ᠮᠣᠩᠭᠣᠯ ᠠᠷᠠᠳ ᠤ᠋ᠨ ᠬᠤᠪᠢᠰᠬᠠᠯᠲᠤ ᠨᠠᠮ ᠤ᠋ᠨ ᠲᠥᠪ ᠬᠡᠪᠯᠡᠯ ᠦ᠋ᠳ ᠲᠦ᠍ ᠤᠷᠤᠯᠳᠤᠨ ᠥᠷᠢᠰᠦᠯᠳᠦᠨ ᠬᠡᠪᠯᠡᠵᠡᠢ᠃
ᠰᠢᠪᠦᠭᠡ ᠶ᠋ᠢ ᠰᠢᠭᠤᠳᠠᠢ ᠳ᠋ᠤ᠌ ᠨᠢᠭᠤᠵᠤ ᠪᠣᠯᠳᠠᠭ ᠦᠭᠡᠢ ᠶ᠋ᠢᠨ ᠦᠯᠢᠭᠡᠷ ᠢ᠋ᠶ᠋ᠡᠷ ᠤᠭ ᠴᠢᠰᠤ ᠦᠭᠡᠢ ᠠᠯᠠᠯᠭ᠎ᠠ ᠶ᠋ᠢᠨ ᠰᠤᠮᠤ ᠬᠠᠷᠪᠤᠭᠴᠢ ᠬᠡᠨ ᠪᠣᠯᠬᠤ ᠨᠢ ᠡᠪᠦᠭᠡᠨ ᠡᠷᠳᠡᠮᠲᠡᠨ ᠳ᠋ᠦ᠍ ᠢᠯᠡᠷᠬᠡᠢ ᠪᠣᠯᠵᠠᠢ᠃
ᠰᠤᠮᠤ ᠪᠠᠨ ᠬᠠᠷᠪᠤᠭᠠᠳ ᠨᠣᠮ ᠢ᠋ᠶ᠋ᠠᠨ ᠨᠢᠭᠤᠭᠴᠢ ᠬᠡᠨ ᠪᠣᠢ? ᠭᠡᠳᠡᠭ ᠢ᠋ ᠠᠷᠠᠳ ᠲᠦᠮᠡᠨ ᠵᠢᠭ ᠵᠣᠭ ᠬᠡᠯᠡᠯᠴᠡᠵᠦ᠂ ᠬᠢᠯᠢᠩᠲᠦ ᠳᠤᠷ᠎ᠠ ᠦᠭᠡᠢᠴᠡᠯ ᠢ᠋ᠶ᠋ᠡᠨ ᠢᠯᠡᠷᠬᠡᠢᠯᠡᠵᠦ ᠪᠠᠢᠬᠤ ᠴᠠᠭ ᠷᠢᠨᠴᠢᠨ ᠢ᠋ ᠬᠦᠨᠳᠦᠯᠡᠳᠡᠭ ᠨᠢᠭᠡ ᠢᠷᠭᠡᠨ᠄
— ᠵᠣᠬᠢᠶᠠᠭᠴᠢ ᠶ᠋ᠢᠨ ᠨᠡᠷ᠎ᠡ ᠦᠭᠡᠢ ᠥᠭᠦᠯᠡᠯ ᠢ᠋ ᠶᠠᠭᠤ ᠭᠡᠵᠦ ᠨᠡᠷᠡᠯᠡᠪᠡᠯ ᠵᠣᠬᠢᠬᠤ ᠪᠣᠢ? ᠭᠡᠵᠦ ᠡᠪᠦᠭᠡᠨ ᠡᠷᠳᠡᠮᠲᠡᠨ ᠡᠴᠡ ᠤᠲᠠᠰᠤ ᠪᠠᠷ ᠠᠰᠠᠭᠤᠭᠰᠠᠨ ᠳ᠋ᠤ᠌
— ᠵᠣᠯᠪᠢᠩ ᠥᠭᠦᠯᠡᠯ ᠬᠡᠮᠡᠨ᠎ᠡ ᠭᠡᠵᠡᠢ᠃
— ᠵᠣᠯᠪᠢᠩ ᠭᠡᠳᠡᠭ ᠨᠢ ᠶᠠᠭᠤ ᠭᠡᠰᠡᠨ ᠦᠭᠡ ᠪᠣᠢ? ᠭᠡᠬᠦ ᠳ᠋ᠦ᠍᠂
—ᠬᠡᠨ ᠤᠬᠢᠶᠠᠳᠠᠰᠤ ᠥᠭᠪᠡᠯ ᠲᠡᠭᠦᠨ ᠢ᠋ ᠳᠣᠯᠢᠶᠠᠳᠠᠭ
ᠬᠡᠨ ᠴᠢᠴᠠᠭ᠎ᠠ ᠠᠯᠳᠠᠪᠠᠯ
ᠲᠡᠭᠦᠨ ᠢ᠋ ᠢᠳᠡᠵᠦ ᠴᠠᠳᠳᠠᠭ
ᠡᠵᠡᠨ ᠦᠭᠡᠢ ᠨᠣᠬᠠᠢ ᠶ᠋ᠢ
ᠡᠷᠡᠭᠡ ᠦᠭᠡᠢ ᠭᠠᠬᠠᠢ ᠶ᠋ᠢ ᠵᠣᠯᠪᠢᠩ ᠭᠡᠳᠡᠭ ᠬᠡᠮᠡᠵᠡᠢ᠃
ᠨᠡᠭᠡᠷᠡᠨ ᠴᠦ᠍ ᠨᠡᠷ᠎ᠡ ᠦᠭᠡᠢ ᠵᠣᠬᠢᠶᠠᠭᠴᠢ᠂ ᠡᠵᠡᠨ ᠦᠭᠡᠢ ᠨᠣᠬᠠᠢ ᠬᠣᠶᠠᠷ ᠤ᠋ᠨ ᠠᠮᠢ ᠵᠢᠭᠤᠯᠭ᠎ᠠ ᠶ᠋ᠢᠨ ᠬᠤᠪᠢ ᠨᠢᠭᠡᠨ ᠪᠣᠢ᠃
ᠢᠷᠡᠯᠲᠡ᠄ 《ᠠᠤᠭ᠎ᠠ ᠱᠣᠭᠴᠢ ᠷᠢᠨᠴᠢᠨ ᠦ᠌ ᠠᠶᠤᠩᠭᠠᠨ ᠶᠡᠬᠡ ᠦᠭᠡᠰ》 ᠨᠣᠮ ᠠ᠋ᠴᠠ ᠰᠡᠢᠷᠡᠭᠦᠯᠪᠡ᠃
ᠦᠰᠦᠭ ᠠᠮᠢᠯᠠᠭᠤᠯᠤᠭᠰᠠᠨ ᠨᠢ᠄ ᠴᠢ᠊ ·ᠤᠷᠠᠨᠴᠡᠴᠡᠭ
