ᠨᠤᠲᠤᠭ ᠢ᠋ᠶ᠋ᠠᠨ ᠮᠥᠷᠥᠭᠡᠳᠬᠦ-ᠤᠳᠬᠤᠨ᠂ ᠠᠯᠲᠠᠨᠴᠢᠮᠡᠭ᠂ ᠡᠭᠦᠯᠡᠨᠬᠤᠸᠠᠷ Нутгаа мөрөөдх-Отгон,Алтанчимэг, Үүлнохувр ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠤᠲᠤᠭ ᠢ᠋ᠶ᠋ᠠᠨ ᠮᠥᠷᠥᠭᠡᠳᠬᠦ-ᠤᠳᠬᠤᠨ᠂ ᠠᠯᠲᠠᠨᠴᠢᠮᠡᠭ᠂ ᠡᠭᠦᠯᠡᠨᠬᠤᠸᠠᠷ Нутгаа мөрөөдх-Отгон,Алтанчимэг, Үүлнохувр

ᠨᠤᠲᠤᠭ ᠢ᠋ᠶ᠋ᠠᠨ ᠮᠥᠷᠥᠭᠡᠳᠬᠦ-ᠤᠳᠬᠤᠨ᠂ ᠠᠯᠲᠠᠨᠴᠢᠮᠡᠭ᠂ ᠡᠭᠦᠯᠡᠨᠬᠤᠸᠠᠷ Нутгаа мөрөөдх-Отгон,Алтанчимэг, Үүлнохувр

2025-08-14

697

ᠨᠤᠲᠤᠭ ᠢ᠋ᠶ᠋ᠠᠨ ᠮᠥᠷᠥᠭᠡᠳᠬᠦ

     ᠬᠠᠩᠬ᠎ᠡ ᠠᠷᠠᠳ ᠤ᠋ᠨ ᠳᠠᠭᠤᠤ 
   ᠦᠭᠡ ᠠᠶ᠎ᠠ ᠄ ᠴᠢᠮᠡᠳᠰᠡᠷᠡᠩ 
   ᠳᠠᠭᠤᠴᠢᠨ᠄ ᠤᠳᠬᠤᠨ᠂ ᠠᠯᠲᠠᠨᠴᠢᠮᠡᠭ᠂ ᠡᠭᠦᠯᠡᠨᠬᠤᠸᠠᠷ 

ᠰᠠᠬᠤᠯᠠᠭ ᠰᠠᠢᠬᠠᠨ ᠣᠢ ᠶᠤ᠌ ᠯᠠ ᠰᠢᠭᠤᠢ ᠪᠠᠢᠨ᠎ᠠ 
ᠰᠠᠷᠠᠭᠤᠯ ᠠᠭᠤᠳᠠᠮ ᠪᠡᠯᠴᠢᠭᠡᠷ ᠪᠠᠢᠨ᠎ᠠ ᠰᠢᠦ ᠳᠡ 
ᠰᠡᠷᠢᠭᠦᠨ ᠲᠤᠩᠭᠠᠯᠠᠭ ᠠᠭᠠᠷ ᠪᠠᠢᠨ᠎ᠠ ᠰᠢᠦ ᠳᠡ  ᠠᠢᠬᠣᠷ ᠬᠠᠢ 
ᠰᠠᠨᠠᠭᠠᠨ ᠳ᠋ᠤ᠌ ᠮᠢᠨᠢ ᠲᠠᠪᠠᠲᠠᠢ ᠯᠠ 
ᠰᠠᠨᠠᠭᠳᠠᠭᠠᠳ ᠪᠠᠢᠨ᠎ᠠ ᠰᠢᠦ ᠳᠡ 


ᠥᠩᠰᠢᠭ ᠰᠠᠢᠬᠠᠨ ᠪᠡᠯᠴᠢᠭᠡᠷ ᠪᠠᠢᠨ᠎ᠠ ᠰᠢᠦ ᠳᠡ 
ᠥᠨᠢᠷ ᠪᠠᠶᠠᠯᠢᠭ ᠭᠠᠵᠠᠷ ᠪᠠᠢᠨ᠎ᠠ ᠰᠢᠦ ᠳᠡ 
ᠥᠷᠭᠡᠨ ᠠᠭᠤᠳᠠᠮ ᠯᠠ ᠲᠠᠯ᠎ᠠ ᠪᠠᠢᠨ᠎ᠠ ᠰᠢᠦ ᠳᠡ  ᠠᠢᠬᠣᠷ ᠬᠠᠢ 
ᠦᠨᠡᠬᠡᠷ ᠰᠡᠯᠡᠭᠦᠬᠡᠨ ᠰᠠᠨᠠᠭᠳᠠᠭᠠᠳ ᠯᠠ ᠪᠠᠢᠨ᠎ᠠ ᠰᠢᠦ ᠳᠡ

ᠡᠨᠡ ᠳᠡᠯᠡᠬᠡᠢ ᠴᠢᠨᠢ ᠠᠭᠤᠵᠢᠮ ᠯᠠ ᠪᠠᠢᠨ᠎ᠠ ᠰᠢᠦ ᠳᠡ
ᠡᠷᠳᠡᠮᠲᠡᠨ ᠮᠡᠷᠭᠡᠵᠢᠯᠲᠡᠨ ᠴᠤᠭᠯᠠᠷᠠᠭᠰᠠᠨ ᠭᠠᠵᠠᠷ ᠪᠠᠢᠨ᠎ᠠ
ᠡᠷᠳᠡᠮ ᠮᠡᠳᠡᠯᠭᠡ ᠪᠡᠷ ᠳᠡᠯᠭᠡᠷᠡᠭᠰᠡᠨ ᠣᠷᠣᠨ ᠠᠢ ᠠᠢᠬᠣᠷ ᠬᠠᠢ
ᠡᠯᠳᠡᠪ ᠮᠠᠰᠢᠨ ᠢ᠋ᠶ᠋ᠠᠷ ᠮᠠᠰᠢᠨᠴᠢᠯᠠᠭᠰᠠᠨ ᠭᠠᠵᠠᠷ ᠪᠠᠢᠨ᠎ᠠ

ᠠᠯᠲᠠᠨ ᠨᠢᠰᠬᠡᠯ ᠳᠡᠭᠡᠷ᠎ᠡ ᠰᠠᠭᠤᠵᠤ ᠯᠠ ᠶᠠᠪᠣᠠᠠᠣ ᠶ᠋ᠢᠨ ᠳ᠋ᠣᠣ
ᠠᠭᠠᠷ ᠤ᠋ᠨ ᠳᠠᠪᠬᠤᠷᠭ᠎ᠠ ᠶ᠋ᠢ ᠰᠢᠪᠲᠤᠯᠵᠤ ᠭᠠᠷᠤᠯ᠎ᠠ ᠳ᠋ᠣᠣ
ᠠᠯᠤᠰ ᠬᠡᠳᠦᠢ ᠳ᠋ᠦ᠍ ᠮᠥᠷᠳᠡᠵᠦ ᠶᠠᠪᠤᠬᠤ ᠳᠠ ᠠᠢ ᠠᠢᠬᠣᠷ ᠬᠠᠢ
ᠠᠯᠲᠠᠨ ᠥᠯᠥᠭᠡᠢ ᠪᠡᠨ ᠠᠯᠠᠭᠰᠢᠯᠠᠵᠣ ᠮᠥᠷᠥᠭᠡᠳᠦᠨ᠎ᠡ ᠳᠡ

ᠠᠴᠢᠯᠠᠯᠲᠤ ᠡᠬᠡᠴᠦᠳ ᠦ᠋ᠨ ᠪᠤᠶᠠᠨ ᠯᠠ ᠬᠡᠰᠢᠭ ᠢ᠋ᠶ᠋ᠡᠷ
ᠠᠯᠲᠠᠨ ᠵᠠᠰᠠᠯ ᠢ᠋ᠶ᠋ᠠᠨ ᠪᠢ ᠳᠠᠭᠠᠲᠠᠯ᠎ᠠ ᠵᠡᠭᠦᠯ᠎ᠡ ᠳ᠋ᠣᠣ
ᠠᠭᠤᠤ ᠰᠤᠷᠭᠠᠯ ᠢ᠋ᠶ᠋ᠠᠷ ᠦᠷ᠎ᠡ ᠶ᠋ᠢ ᠪᠡᠨ ᠬᠥᠮᠦᠵᠢᠭᠦᠯᠦᠭᠡᠳ ᠠᠢᠬᠣᠷ ᠬᠠᠢ
ᠠᠯᠲᠠᠨ ᠭᠠᠷᠤᠳᠢ ᠮᠢᠨᠢ ᠬᠣᠣᠰ ᠬᠣᠣᠰ ᠢ᠋ᠶ᠋ᠠᠷ ᠨᠢᠰᠦᠯ᠎ᠡ ᠳ᠋ᠣᠣ

ᠡᠨᠡᠷᠢᠯᠲᠦ ᠡᠬᠡᠴᠦᠳ ᠦ᠋ᠨ ᠪᠤᠶᠠᠨ ᠯᠠ ᠬᠡᠰᠢᠭ ᠢ᠋ᠶ᠋ᠡᠷ
ᠡᠷᠳᠡᠨᠢ ᠶ᠋ᠢᠨ ᠵᠠᠰᠠᠯ ᠢ᠋ᠶ᠋ᠠᠨ ᠪᠢ ᠳᠠᠭᠠᠲᠠᠯ᠎ᠠ ᠵᠡᠭᠦᠯ᠎ᠡ ᠳ᠋ᠣᠣ
ᠡᠷᠳᠡᠮ ᠰᠤᠷᠭᠠᠯ ᠢ᠋ᠶ᠋ᠠᠷ ᠦᠷ᠎ᠡ ᠪᠡᠨ ᠬᠥᠮᠦᠵᠢᠭᠦᠯᠦᠭᠡᠳ ᠠᠢᠬᠣᠷ ᠬᠠᠢ
ᠡᠷᠡᠯᠬᠡᠭ ᠱᠣᠩᠬᠣᠷ ᠮᠢᠨᠢ ᠬᠣᠣᠰ ᠬᠣᠣᠰ ᠢ᠋ᠶ᠋ᠠᠷ ᠨᠢᠰᠦᠯ᠎ᠡ ᠳ᠋ᠣᠣ
ᠡᠷᠡᠯᠬᠡᠭ ᠱᠣᠩᠬᠣᠷ ᠮᠢᠨᠢ ᠬᠣᠣᠰ ᠬᠣᠣᠰ ᠢ᠋ᠶ᠋ᠠᠷ ᠨᠢᠰᠦᠯ᠎ᠡ ᠳ᠋ᠣᠣ

  ᠦᠰᠦᠭ ᠠᠮᠢᠯᠠᠭᠤᠯᠤᠭᠰᠠᠨ ᠨᠢ᠄ ᠪᠢᠮᠪᠠ᠂ ᠲᠣᠳᠣᠭᠡᠷᠡᠯ ᠂ ᠨᠠ᠊· ᠴᠠᠭᠠᠨ
  ᠦᠰᠦᠭ ᠬᠠᠳᠠᠭᠴᠢ᠄ ᠪᠠᠢ· ᠰᠠᠷᠠᠨ᠎ᠠ
  ᠬᠢᠨᠠᠭᠴᠢ᠄ ᠲᠣᠳᠣᠭᠡᠷᠡᠯ