ᠤᠳᠤᠷᠢᠳᠤᠭᠴᠢ ᠭᠡᠳᠡᠭ ᠨᠢ ᠶᠠᠭᠤ ᠪᠣᠢ--ᠬᠣᠨᠢᠴᠢᠨ ᠦᠯᠵᠡᠢᠰᠦ᠋ᠷᠤᠩУдирдагч гэдэг нь юу бэ
ᠤᠳᠤᠷᠢᠳᠤᠭᠴᠢ ᠭᠡᠳᠡᠭ ᠨᠢ ᠶᠠᠭᠤ ᠪᠣᠢ
ᠳ᠋ᠣᠺᠲ᠋ᠣᠷ ᠬᠣᠨᠢᠴᠢᠨ ᠦᠯᠵᠡᠢᠰᠦ᠋ᠷᠥᠩ
ᠤᠳᠤᠷᠢᠳᠤᠭᠴᠢ ᠭᠡᠳᠡᠭ ᠪᠣᠯ ᠮᠠᠨ ᠤ᠋ ᠬᠥᠮᠦᠨ ᠪᠦᠬᠦᠨ ᠳ᠋ᠦ᠍ ᠬᠡᠷᠡᠭᠲᠡᠢ ᠤᠷ᠎ᠠ ᠴᠢᠳᠠᠪᠤᠷᠢ ᠪᠣᠯᠤᠨ᠎ᠠ᠃ ᠡᠨᠡ ᠨᠢ ᠴᠦ᠍ ᠮᠥᠨ ᠬᠥᠮᠦᠨ ᠪᠦᠬᠦᠨ ᠳ᠋ᠦ᠍ ᠲᠥᠷᠥᠯᠬᠢ ᠪᠠᠢᠳᠠᠭ ᠵᠦᠢᠯ ᠪᠢᠰᠢ ᠮᠥᠷᠲᠡᠭᠡᠨ ᠪᠢᠳᠡᠨ ᠦ᠌ ᠥᠪᠡᠷᠰᠡᠳ ᠢ᠋ᠶ᠋ᠡᠨ ᠪᠣᠢ ᠪᠣᠯᠭᠠᠨ ᠬᠥᠮᠦᠵᠢᠭᠦᠯᠬᠦ ᠦᠨᠳᠦᠰᠦᠨ ᠤᠷ᠎ᠠ ᠴᠢᠳᠠᠪᠤᠷᠢ ᠶ᠋ᠢᠨ ᠨᠢᠭᠡ ᠪᠠᠢᠳᠠᠭ᠃ ᠤᠳᠤᠷᠢᠳᠬᠤ ᠴᠢᠳᠠᠪᠤᠷᠢ ᠬᠥᠮᠦᠨ ᠦ᠌ ᠠᠮᠢᠳᠤᠷᠠᠯ ᠤ᠋ᠨ ᠨᠥᠬᠥᠴᠡᠯ ᠪᠠᠢᠳᠠᠯ᠂ ᠰᠣᠶᠣᠯ ᠤ᠋ᠨ ᠬᠢᠷᠢ ᠬᠡᠮᠵᠢᠶ᠎ᠡ᠂ ᠣᠷᠴᠢᠨ ᠲᠣᠭᠣᠷᠢᠨ᠂ ᠨᠠᠰᠤ ᠵᠢᠯ ᠲᠡᠢ ᠬᠣᠯᠪᠣᠭ᠎ᠠ ᠦᠭᠡᠢ᠂ ᠬᠡᠨ ᠬᠥᠮᠦᠨ᠂ ᠬᠡᠵᠢᠶ᠎ᠡ᠂ ᠶᠠᠮᠠᠷ ᠣᠷᠴᠢᠨ ᠳ᠋ᠤ᠌ ᠴᠤ᠌ ᠪᠣᠢ ᠪᠣᠯᠭᠠᠵᠤ ᠬᠥᠮᠦᠵᠢᠭᠦᠯᠵᠦ ᠪᠣᠯᠳᠠᠭ ᠤᠷ᠎ᠠ ᠴᠢᠳᠠᠪᠤᠷᠢ ᠪᠣᠯᠬᠤ ᠶᠤᠮ᠃ ᠶᠠᠷᠢᠶᠠᠨ ᠦᠭᠡᠢ «ᠡᠷᠲᠡ ᠪᠤᠰᠣᠪᠠᠯ ᠨᠢᠭᠡ ᠶ᠋ᠢ ᠦᠵᠡᠵᠦ ᠂ ᠣᠷᠣᠢ ᠤᠨᠲᠠᠪᠠᠯ ᠨᠢᠭᠡ ᠰᠣᠨᠣᠰᠤᠨ᠎ᠠ» ᠭᠡᠳᠡᠭ ᠢ᠋ᠶ᠋ᠡᠷ ᠡᠷᠲᠡᠬᠡᠨ ᠡᠨᠡᠬᠦ ᠴᠢᠳᠠᠪᠤᠷᠢ ᠶ᠋ᠢ ᠪᠣᠢ ᠪᠣᠯᠭᠠᠵᠤ᠂ ᠥᠪᠡᠷ ᠦ᠋ᠨ ᠠᠵᠢᠯ ᠠᠮᠢᠳᠤᠷᠠᠯ᠂ ᠦᠢᠯᠡᠰ ᠲᠡᠭᠡᠨ ᠠᠰᠢᠭᠯᠠᠬᠤ ᠨᠢ ᠲᠡᠷᠡ ᠬᠥᠮᠦᠨ ᠦ᠌ ᠬᠣᠵᠢᠮ ᠢᠷᠡᠭᠡᠳᠦᠢ ᠳ᠋ᠦ᠍ ᠢᠯᠡᠭᠦᠦ ᠶᠡᠬᠡ ᠠᠴᠢ ᠲᠤᠰᠠ ᠶ᠋ᠢ ᠠᠪᠴᠢᠷᠠᠬᠤ ᠨᠢ ᠳᠠᠮᠵᠢᠭ ᠦᠭᠡᠢ᠃
ᠣᠯᠠᠩᠬᠢ ᠬᠥᠮᠦᠨ ᠥᠩᠭᠡᠨ ᠲᠠᠯ᠎ᠠ ᠳᠡᠭᠡᠷ᠎ᠡ ᠪᠡᠨ ᠬᠥᠮᠦᠰ ᠲᠦ᠍ ᠲᠣᠮᠣ ᠪᠣᠯᠵᠤ ᠬᠠᠷᠠᠭᠳᠠᠬᠤ ᠵᠦᠢᠯ ᠬᠢᠭᠰᠡᠨ ᠢ᠋ᠶ᠋ᠡᠷ ᠢ᠋ᠶ᠋ᠡᠨ ᠥᠪᠡᠷ ᠢ᠋ ᠪᠡᠨ ᠭᠠᠢᠬᠠᠭᠤᠯᠬᠤ ᠶ᠋ᠢ ᠣᠷᠣᠯᠳᠠᠳᠠᠭ᠃ ᠦᠨᠡᠨ ᠳ᠋ᠡᠭᠡᠨ ᠬᠥᠮᠦᠨ ᠦ᠌ ᠬᠢᠭᠰᠡᠨ ᠪᠦᠲᠦᠭᠡᠭᠰᠡᠨ ᠵᠦᠢᠯ ᠦ᠋ᠨ ᠶᠡᠬᠡ ᠪᠠᠭ᠎ᠠ ᠨᠢ ᠥᠩᠭᠡᠨ ᠲᠠᠯ᠎ᠠ ᠳ᠋ᠠᠭᠠᠨ ᠪᠠᠢᠬᠤ ᠪᠢᠰᠢ᠂ ᠬᠠᠷᠢᠨ ᠲᠡᠭᠦᠨ ᠦ᠌ ᠪᠣᠢ ᠪᠣᠯᠭᠠᠭᠰᠠᠨ ᠦᠷ᠎ᠡ ᠠᠰᠢᠭ᠂ ᠠᠴᠢ ᠬᠣᠯᠪᠣᠭᠳᠠᠯ ᠬᠢᠭᠡᠳ ᠨᠡᠢᠭᠡᠮ ᠨᠡᠢᠲᠡ ᠳ᠋ᠦ᠍ ᠬᠣᠣᠷ ᠬᠥᠨᠥᠭᠡᠯ ᠦᠭᠡᠢ ᠪᠠᠢᠬᠤ ᠳ᠋ᠤ᠌ ᠰᠠᠭᠤᠷᠢᠯᠠᠨ᠎ᠠ᠃ ᠲᠡᠢᠮᠦ ᠡᠴᠡ ᠬᠥᠮᠦᠰ ᠥᠪᠡᠷ ᠦ᠋ᠨ ᠤᠳᠤᠷᠢᠳᠬᠤ ᠴᠢᠳᠠᠪᠤᠷᠢ ᠪᠠᠨ ᠪᠣᠢ ᠪᠣᠯᠭᠠᠬᠤ ᠳ᠋ᠤ᠌ ᠡᠬᠢᠯᠡᠭᠡᠳ ᠥᠪᠡᠷ ᠦ᠋ᠨ ᠦᠵᠡᠯ ᠰᠠᠨᠠᠭ᠎ᠠ ᠪᠠᠨ ᠲᠥᠪ ᠪᠣᠯᠭᠠᠵᠤ᠂ ᠥᠪᠡᠷ ᠦ᠋ᠨ ᠪᠡᠶ᠎ᠡ ᠡᠴᠡ ᠡᠬᠢᠯᠡᠵᠦ ᠥᠭᠡᠷᠡᠴᠢᠯᠡᠵᠦ ᠴᠢᠳᠠᠭᠰᠠᠨ ᠪᠠᠢᠬᠤ ᠬᠡᠷᠡᠭᠲᠡᠢ᠃ ᠡᠭᠦᠨ ᠦ᠌ ᠨᠢᠭᠡᠨ ᠲᠣᠳᠣ ᠵᠢᠱ᠌ᠢᠶ᠎ᠡ ᠪᠣᠯ ᠶᠠᠭᠠᠬᠢᠬᠤ ᠠᠷᠭ᠎ᠠ ᠦᠭᠡᠢ ᠪᠢᠰᠢᠷᠡᠨ ᠰᠢᠲᠦᠳᠡᠭ ᠰᠤᠤᠲᠤ ᠪᠣᠭᠳᠠ ᠴᠢᠩᠭᠢᠰ ᠬᠠᠭᠠᠨ ᠪᠣᠯᠬᠤ ᠶᠤᠮ᠃ ᠴᠢᠩᠭᠢᠰ ᠬᠠᠭᠠᠨ ᠤ᠋ «ᠪᠡᠶ᠎ᠡ ᠪᠡᠨ ᠵᠠᠰᠠᠵᠤ ᠴᠢᠳᠠᠪᠠᠰᠤ ᠂ ᠭᠡᠷ ᠢ᠋ᠶ᠋ᠡᠨ ᠵᠠᠰᠠᠵᠤ ᠴᠢᠳᠠᠮᠤᠢ᠂ ᠭᠡᠷ ᠢ᠋ᠶ᠋ᠡᠨ ᠵᠠᠰᠠᠵᠤ ᠴᠢᠳᠠᠪᠠᠰᠤ᠂ ᠲᠥᠷᠥ ᠪᠡᠨ ᠵᠠᠰᠠᠵᠤ ᠴᠢᠳᠠᠮᠤᠢ» ᠭᠡᠮᠡᠨ ᠬᠡᠯᠡᠭᠰᠡᠨ ᠨᠢ ᠣᠳᠣ ᠪᠢᠳᠡᠨ ᠦ᠌ ᠠᠵᠢᠯ ᠦᠢᠯᠡᠰ ᠲᠡᠭᠡᠨ ᠠᠪᠴᠤ ᠬᠡᠷᠡᠭᠵᠢᠭᠦᠯᠬᠦ ᠡᠷᠬᠢᠮ ᠰᠤᠷᠭᠠᠯ ᠪᠣᠯᠤᠨ᠎ᠠ᠃
ᠠᠮᠧᠷᠢᠺᠠ ᠶ᠋ᠢᠨ ᠨᠢᠭᠡᠨ ᠠᠵᠤ ᠠᠬᠤᠢᠯᠠᠯᠲᠠᠨ ᠴᠢᠩᠭᠢᠰ ᠬᠠᠭᠠᠨ ᠢ᠋ ᠰᠤᠳᠤᠯᠤᠭᠠᠳ ᠳ᠋ᠦᠩᠨᠡᠬᠦ ᠳ᠋ᠡᠭᠡᠨ «ᠡᠪᠡᠰᠦ ᠤᠷᠭᠤᠵᠤ ᠪᠣᠢ ᠭᠠᠵᠠᠷ ᠪᠦᠬᠦᠨ ᠢ᠋ ᠪᠡᠯᠴᠢᠭᠡᠷ ᠢ᠋ᠶ᠋ᠡᠨ ᠪᠣᠯᠭᠠᠵᠤ᠂ ᠴᠢᠳᠠᠪᠤᠷᠢᠲᠠᠨ ᠢ᠋ ᠬᠥᠮᠦᠵᠢᠭᠦᠯᠵᠦ᠂ ᠨᠢᠭᠡ ᠰᠡᠳᠬᠢᠯ ᠢ᠋ᠶ᠋ᠡᠷ ᠬᠠᠮᠲᠤᠷᠠᠨ ᠠᠵᠢᠯᠯᠠᠵᠤ᠂ ᠳᠠᠢᠰᠤᠨ ᠢ᠋ᠶ᠋ᠠᠨ ᠳᠠᠷᠤᠵᠤ ᠣᠯᠵᠠ ᠠᠰᠢᠭ ᠢ᠋ ᠨᠢ ᠬᠠᠮᠲᠤ ᠪᠠᠷ ᠬᠦᠷᠲᠡᠵᠦ᠂ ᠲᠡᠮᠦᠷ ᠮᠡᠲᠦ ᠰᠠᠬᠢᠯᠭ᠎ᠠ ᠪᠠᠷ ᠲᠡᠢᠨ ᠦ᠌ ᠢᠯᠠᠯᠲᠠ ᠶ᠋ᠢ ᠣᠯᠵᠤ᠂ ᠲᠡᠨᠢᠭᠦᠨ ᠶᠡᠬᠡ ᠪᠠᠭᠲᠠᠭᠠᠮᠵᠢ ᠪᠠᠷ ᠳᠠᠢᠴᠢᠨ ᠵᠣᠷᠢᠭ ᠢ᠋ᠶ᠋ᠠᠨ ᠬᠥᠪᠴᠢᠯᠡᠨ᠎ᠡ» ᠬᠡᠮᠡᠭᠰᠡᠨ ᠪᠠᠢᠳᠠᠭ᠃ ᠡᠨᠡ ᠪᠣᠯ ᠪᠢᠳᠡᠨ ᠦ᠌ ᠤᠳᠤᠷᠢᠳᠬᠤ ᠴᠢᠳᠠᠪᠤᠷᠢ ᠶ᠋ᠢ ᠪᠣᠢ ᠪᠣᠯᠭᠠᠵᠤ᠂ ᠠᠵᠢᠯ ᠦᠢᠯᠡᠰ ᠡᠷᠬᠢᠯᠡᠬᠦ ᠳ᠋ᠦ᠍ ᠠᠯᠲᠠ ᠪᠠᠷ ᠦᠨᠡᠯᠡᠰᠢ ᠦᠭᠡᠢ ᠡᠷᠬᠢᠮ ᠵᠦᠢᠯ ᠪᠣᠯᠤᠨ᠎ᠠ᠃ ᠳᠥᠬᠥᠮᠬᠡᠨ ᠶᠠᠷᠢᠬᠤ ᠳ᠋ᠤ᠌ «ᠡᠪᠡᠰᠦ ᠤᠷᠭᠤᠵᠤ ᠪᠣᠢ ᠭᠠᠵᠠᠷ ᠪᠦᠬᠦᠨ ᠢ᠋ ᠪᠡᠯᠴᠢᠭᠡᠷ ᠢ᠋ᠶ᠋ᠡᠨ ᠪᠣᠯᠭᠠᠨ᠎ᠠ» ᠭᠡᠳᠡᠭ ᠪᠣᠯ ᠥᠪᠡᠷ ᠦ᠋ᠨ ᠬᠠᠷᠠᠯᠲᠠ ᠪᠠᠨ ᠲᠣᠪ ᠲᠣᠳᠣ ᠲᠣᠭᠲᠠᠭᠠᠵᠤ ᠂ ᠶᠠᠭᠤ ᠬᠢᠬᠦ ᠪᠡᠨ ᠲᠣᠳᠣᠷᠬᠠᠢᠯᠠᠭᠰᠠᠨ ᠬᠡᠷᠡᠭ ᠪᠣᠯᠤᠨ᠎ᠠ᠃ «ᠴᠢᠳᠠᠪᠤᠷᠢᠲᠠᠨ ᠢ᠋ ᠬᠥᠮᠦᠵᠢᠭᠦᠯᠵᠦ᠂ ᠨᠢᠭᠡ ᠰᠡᠳᠬᠢᠯ ᠢ᠋ᠶ᠋ᠡᠷ ᠬᠠᠮᠲᠤᠷᠠᠨ ᠠᠵᠢᠯᠯᠠᠨ᠎ᠠ» ᠭᠡᠳᠡᠭ ᠪᠣᠯ ᠪᠢᠳᠡ ᠨᠢᠭᠡᠨ ᠠᠮᠵᠢᠯᠲᠠ ᠶ᠋ᠢ ᠣᠯᠬᠤ ᠳ᠋ᠤ᠌ ᠭᠠᠭᠴᠠᠭᠠᠷ ᠲᠡᠮᠡᠴᠡᠭᠡᠳ ᠰᠠᠢᠨ ᠦᠷ᠎ᠡ ᠳ᠋ᠦᠩ ᠣᠯᠯᠬᠤ ᠳ᠋ᠤ᠌ ᠬᠡᠴᠡᠭᠦᠦ᠂ ᠬᠠᠷᠢᠨ ᠣᠯᠠᠭᠤᠯᠠ ᠪᠠᠨ ᠬᠠᠮᠲᠤᠷᠠᠵᠤ ᠴᠢᠳᠠᠪᠠᠯ᠂ ᠥᠪᠡᠷ ᠥᠪᠡᠷ ᠦ᠋ᠨ ᠳᠠᠪᠠᠭᠤᠯᠢᠭ ᠢ᠋ᠶ᠋ᠠᠨ ᠪᠠᠳᠠᠷᠠᠭᠤᠯᠵᠤ᠂ ᠢᠯᠡᠭᠦᠦ ᠶᠡᠬᠡ ᠠᠮᠵᠢᠯᠲᠠ ᠳ᠋ᠤ᠌ ᠬᠦᠷᠴᠦ ᠴᠢᠳᠠᠨ᠎ᠠ᠃ «ᠳᠠᠢᠰᠤᠨ ᠢ᠋ᠶ᠋ᠠᠨ ᠳᠠᠷᠤᠵᠤ ᠣᠯᠵᠠ ᠠᠰᠢᠭ ᠢ᠋ ᠨᠢ ᠬᠠᠮᠲᠤ ᠪᠠᠷ ᠬᠦᠷᠲᠡᠨ᠎ᠡ» ᠭᠡᠳᠡᠭ ᠨᠢ ᠪᠢᠳᠡ ᠥᠷᠢᠰᠦᠯᠳᠦᠭᠴᠢ ᠪᠡᠨ ᠢᠯᠠᠨ ᠳᠠᠪᠠᠬᠤ ᠪᠤᠶᠤ ᠠᠮᠵᠢᠯᠲᠠ ᠳ᠋ᠤ᠌ ᠬᠦᠷᠦᠭᠰᠡᠨ ᠦᠶ᠎ᠡ ᠳ᠋ᠦ᠍ ᠬᠠᠮᠲᠤ ᠪᠠᠷ ᠠᠰᠢᠭ ᠬᠦᠷᠲᠡᠵᠦ ᠰᠤᠷᠬᠤ ᠬᠡᠷᠡᠭᠲᠡᠢ᠂ ᠬᠠᠷᠢᠨ ᠬᠡᠨ ᠨᠢᠭᠡ ᠨᠢ ᠥᠮᠴᠢᠷᠡᠭᠡᠬᠦ ᠪᠢᠰᠢ᠃ «ᠲᠡᠮᠦᠷ ᠮᠡᠲᠦ ᠰᠠᠬᠢᠯᠭ᠎ᠠ ᠪᠠᠷ ᠲᠡᠢᠨ ᠦ᠌ ᠢᠯᠠᠯᠲᠠ ᠶ᠋ᠢ ᠣᠯᠤᠨ᠎ᠠ» ᠭᠡᠳᠡᠭ ᠪᠣᠯ ᠪᠢᠳᠡ ᠭᠠᠭᠴᠠᠬᠦ ᠪᠠᠲᠤ ᠴᠢᠩᠭ᠎ᠠ ᠰᠠᠬᠢᠯᠭ᠎ᠠ ᠪᠠᠲᠤ ᠪᠤᠶᠤ ᠳᠦᠷᠢᠮ ᠲᠣᠭᠲᠠᠭᠠᠯ ᠪᠠᠢᠵᠤ ᠰᠠᠶᠢ ᠣᠷᠣᠭᠰᠢ ᠪᠠᠨ ᠶᠠᠪᠤᠵᠤ ᠴᠢᠳᠠᠬᠤ ᠪᠠᠷ ᠪᠠᠷᠠᠬᠤ ᠦᠭᠡᠢ ᠠᠮᠵᠢᠯᠲᠠ ᠳ᠋ᠤ᠌ ᠬᠦᠷᠴᠦ ᠴᠢᠳᠠᠨ᠎ᠠ᠃ «ᠲᠡᠨᠢᠭᠦᠨ ᠶᠡᠬᠡ ᠪᠠᠭᠲᠠᠭᠠᠮᠵᠢ ᠪᠠᠷ ᠳᠠᠢᠴᠢᠨ ᠵᠣᠷᠢᠭ ᠢ᠋ᠶ᠋ᠠᠨ ᠬᠥᠪᠴᠢᠯᠡᠨ᠎ᠡ» ᠭᠡᠳᠡᠭ ᠰᠡᠭᠦᠯ ᠦ᠋ᠨ ᠵᠤᠷᠪᠤᠰ ᠨᠢ ᠪᠢᠳᠡ ᠥᠪᠡᠷ ᠪᠤᠰᠤᠳ ᠲᠤ᠌ ᠬᠡᠳᠦᠢ ᠶᠡᠬᠡ ᠠᠭᠤᠵᠢᠭᠤ ᠪᠠᠭᠲᠠᠭᠠᠮᠵᠢ ᠲᠠᠢ ᠪᠠᠢᠪᠠᠯ᠂ ᠥᠪᠡᠷ ᠦ᠋ᠨ ᠠᠵᠢᠯ ᠦᠢᠯᠡᠰ ᠢ᠋ᠶ᠋ᠡᠨ ᠬᠡᠳᠦᠢ ᠤᠷᠤᠭᠰᠢ ᠪᠠᠨ ᠠᠪᠴᠤ ᠦᠷᠭᠦᠯᠵᠢᠯᠡᠭᠦᠯᠦᠨ ᠬᠥᠭᠵᠢᠭᠦᠯᠵᠦ ᠴᠢᠳᠠᠨ᠎ᠠ᠃ ᠡᠰᠡᠷᠭᠦ ᠪᠡᠷ ᠪᠣᠯ «ᠠᠯᠢᠪᠠ ᠠᠮᠵᠢᠯᠲᠠ ᠶ᠋ᠢᠨ ᠡᠬᠢ ᠡᠭᠦᠰᠪᠦᠷᠢ ᠨᠢ ᠪᠢᠳᠡᠨ ᠦ᠌ ᠥᠪᠡᠷ ᠦ᠋ᠨ ᠪᠠᠶᠠᠨ ᠳ᠋ᠤ᠌ ᠪᠣᠢ» ᠭᠡᠳᠡᠭ ᠦᠭᠡ ᠪᠡᠷ ᠪᠦᠬᠦᠨ ᠢ᠋ ᠬᠤᠷᠢᠶᠠᠩᠭᠤᠢᠯᠠᠭᠰᠠᠨ ᠪᠠᠢᠨ᠎ᠠ᠃
ᠤᠳᠤᠷᠢᠳᠬᠤ ᠴᠢᠳᠠᠪᠤᠷᠢ ᠭᠡᠳᠡᠭ ᠪᠣᠯ ᠨᠢᠭᠡ ᠶᠣᠰᠣᠨ ᠳ᠋ᠠᠭᠠᠨ ᠥᠪᠡᠷ ᠢ᠋ ᠪᠡᠨ ᠠᠪᠴᠤ ᠶᠠᠪᠤᠬᠤ ᠤᠷ᠎ᠠ ᠴᠢᠳᠠᠪᠤᠷᠢ ᠪᠣᠯᠤᠨ᠎ᠠ᠃ ᠥᠪᠡᠷ ᠢ᠋ ᠪᠡᠨ ᠠᠪᠴᠤ ᠶᠠᠪᠤᠵᠤ ᠬᠥᠭᠵᠢᠭᠦᠯᠵᠦ ᠴᠢᠳᠠᠭᠰᠠᠨ ᠬᠥᠮᠦᠨ ᠯᠡ ᠭᠡᠷ ᠪᠦᠯᠢ ᠠᠵᠢᠯ ᠦᠢᠯᠡᠰ᠂ ᠥᠪᠡᠷ ᠪᠤᠰᠤᠳ ᠢ᠋ᠶ᠋ᠠᠨ ᠳᠠᠢᠴᠢᠯᠠᠵᠤ ᠳᠠᠭᠠᠭᠤᠯᠵᠤ᠂ ᠬᠥᠭᠵᠢᠯᠲᠡ ᠠᠮᠵᠢᠯᠲᠠ ᠳ᠋ᠤ᠌ ᠬᠦᠷᠭᠡᠵᠦ ᠴᠢᠳᠠᠨ᠎ᠠ᠃ ᠡᠨᠡ ᠪᠦᠬᠦᠨ ᠦ᠌ ᠡᠬᠢ ᠦᠨᠳᠦᠰᠦ ᠨᠢ ᠥᠪᠡᠷ ᠢ᠋ ᠪᠡᠨ ᠵᠠᠰᠠᠬᠤ ᠠ᠋ᠴᠠ ᠢᠷᠡᠯᠲᠡᠢ ᠭᠡᠳᠡᠭ ᠢ᠋ ᠴᠢᠩᠭᠢᠰ ᠬᠠᠭᠠᠨ ᠮᠢᠩᠭᠠᠨ ᠵᠢᠯ ᠦ᠋ᠨ ᠲᠡᠷᠲᠡᠭᠡ ᠡᠴᠡ ᠪᠢᠳᠡᠨ ᠳ᠋ᠦ᠍ ᠢᠯᠡᠭᠡᠭᠰᠡᠨ ᠪᠠᠢᠳᠠᠭ᠃
ᠦᠰᠦᠭ ᠬᠥᠷᠪᠡᠭᠦᠯᠦᠭᠴᠢ ᠄ ᠤᠷᠢᠶᠠᠩᠬᠠᠢ ᠨᠠᠷᠠᠨᠮᠠᠨᠳᠠ
