ᠵᠢᠷᠠᠨ ᠰᠠᠭᠠᠷᠠᠯ ᠨᠢᠭᠡ ᠪᠤᠭᠤᠷᠤᠯ Жаран саарал нэг буурал ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠷᠠᠨ ᠰᠠᠭᠠᠷᠠᠯ ᠨᠢᠭᠡ ᠪᠤᠭᠤᠷᠤᠯ Жаран саарал нэг буурал

ᠵᠢᠷᠠᠨ ᠰᠠᠭᠠᠷᠠᠯ ᠨᠢᠭᠡ ᠪᠤᠭᠤᠷᠤᠯ Жаран саарал нэг буурал

2025-08-13

415

ᠵᠢᠷᠠᠨ ᠰᠠᠭᠠᠷᠠᠯ ᠨᠢᠭᠡ ᠪᠤᠭᠤᠷᠤᠯ

    ᠬᠥᠷᠪᠡᠭᠦᠯᠦᠭᠰᠡᠨ ᠨᠢ ᠄ ᠪᠡ᠊ · ᠳᠠᠮᠳᠢᠨᠰᠦ᠋ᠷᠦᠩ 
    ᠨᠠᠢᠷᠠᠭᠤᠯᠤᠭᠰᠠᠨ ᠨᠢ ᠄ ᠲᠠᠩᠭᠤᠳ ᠤ᠋ᠨ ᠭᠠᠯᠰᠠᠩ 

ᠳᠡᠭᠡᠷ᠎ᠡ ᠵᠠᠭᠤᠨ ᠤ᠋ ᠳᠥᠴᠢᠭᠡᠳ ᠣᠨ ᠤ᠋ ᠦᠶ᠎ᠡ ᠳ᠋ᠦ᠍ ᠣᠷᠣᠭᠰᠢ ᠮᠠᠭᠤᠲᠠᠢ ᠠᠯᠪᠠᠨ ᠭᠠᠵᠠᠷ ᠤ᠋ᠨ ᠨᠢᠭᠡᠨ ᠨᠢ《ᠤᠯᠤᠰ ᠤ᠋ᠨ ᠬᠡᠪᠯᠡᠯ ᠦ᠋ᠨ ᠬᠣᠷᠢᠶ᠎ᠠ》 ᠪᠠᠢᠵᠠᠢ᠃ ᠦᠰᠦᠭ ᠦᠷᠦᠭᠴᠢ᠂ ᠬᠠᠪᠲᠠᠰᠤᠯᠠᠭᠴᠢ ᠭᠡᠳ ᠪᠠᠬᠠᠨ ᠬᠡᠦᠬᠡᠨ ᠲᠡᠢ᠂ ᠣᠷᠣᠯᠠᠭᠴᠢ᠂ ᠵᠢᠩᠬᠢᠨᠢ ᠭᠡᠳ ᠣᠯᠠᠨ ᠳᠠᠷᠤᠭ᠎ᠠ ᠲᠠᠢ᠂ ᠭᠡᠪᠡᠴᠦ ᠠᠵᠢᠯ ᠨᠢ ᠠᠭᠢᠳᠠᠭ ᠦᠭᠡᠢ ᠭᠠᠵᠠᠷ ᠪᠠᠢᠪᠠ ᠭᠡᠨ᠎ᠡ᠃
ᠤᠴᠢᠷ ᠨᠢ ᠪᠣᠰᠤᠭ᠎ᠠ ᠦᠰᠦᠭ ᠢ᠋ ᠬᠢᠷᠥᠭᠡᠳᠡᠵᠦ ᠤᠨᠠᠭᠠᠭᠰᠠᠨ ᠬᠥᠨᠳᠡᠯᠡᠨ ᠦᠰᠦᠭ ᠢ᠋ ᠬᠦᠴᠦ ᠪᠡᠷ ᠨᠡᠪᠲᠡᠷᠡᠭᠦᠯᠵᠦ ᠡᠬᠢᠯᠡᠭᠰᠡᠨ ᠴᠤ᠌ ᠠᠷᠠᠳ ᠲᠦᠮᠡᠨ ᠪᠠᠢᠲᠤᠭᠠᠢ ᠴᠥᠭᠡᠨ ᠰᠡᠬᠡᠭᠡᠲᠡᠨ ᠴᠤ᠌ ᠰᠠᠢᠨ ᠰᠤᠷᠤᠭ᠎ᠠ ᠦᠭᠡᠢ ᠦᠶ᠎ᠡ ᠪᠠᠢᠪᠠ᠃
《ᠦᠨᠡᠨ》ᠰᠣᠨᠢᠨ ᠳ᠋ᠤ᠌《ᠵᠠᠭᠤᠨ ᠢᠮᠠᠭ᠎ᠠ ᠵᠢᠷᠠᠨ ᠤᠬᠤᠨ᠎ᠠ》 ᠨᠡᠷ᠎ᠡ ᠲᠡᠢ ᠱᠣᠭ ᠨᠠᠢᠷᠠᠭᠤᠯᠤᠯ ᠭᠠᠷᠴᠠᠢ᠃ ᠵᠣᠬᠢᠶᠠᠭᠴᠢ ᠨᠢ ᠪᠡ᠊᠂ ᠷᠢᠨᠴᠢᠨ ᠪᠠᠢᠪᠠ᠃
ᠳᠠᠢᠳᠤᠵᠤ ᠶᠠᠪᠤᠭ᠎ᠠ ᠭᠠᠵᠠᠷ ᠤᠷᠤᠭᠤ ᠊ᠳᠠᠨ᠋ᠳᠠᠷ ᠢ᠋ ᠶᠠᠪᠤᠭᠤᠯᠳᠠᠭ ᠲᠠᠭᠠᠷᠠᠬᠤ ᠠᠵᠢᠯ ᠲᠠᠢ ᠭᠠᠵᠠᠷ ᠤᠷᠤᠭᠤ ᠷᠢᠨᠴᠢᠨ ᠢ᠋ ᠶᠠᠪᠤᠭᠤᠯᠳᠠᠭ ᠴᠠᠭ ᠲᠤᠯᠠ ᠮᠥᠨᠥᠬᠢ ᠰᠢᠭᠦᠮᠵᠢᠯᠡᠭᠦᠯᠦᠭᠰᠡᠨ ᠬᠡᠪᠯᠡᠯ ᠦ᠋ᠨ ᠬᠣᠷᠢᠶ᠎ᠠ ᠤᠷᠤᠭᠤ ᠨᠢ ᠪᠡ᠊· ᠷᠢᠨᠴᠢᠨ ᠢ᠋ ᠳᠠᠷᠤᠭ᠎ᠠ ᠪᠠᠷ ᠲᠣᠮᠢᠯᠠᠵᠠᠢ᠃ ᠡᠨᠡ ᠬᠦ᠌《ᠰᠡᠯᠭᠦᠭᠡ ᠶ᠋ᠢ ᠰᠠᠨᠠᠭᠠᠴᠢᠯᠠᠭᠴᠢ ᠶ᠋ᠢᠨ ᠨᠢᠭᠡ 》ᠷᠢᠨᠴᠢᠨ ᠭᠦᠦᠰᠢ ᠲᠡᠢ ᠠᠭᠤᠯᠵᠠᠭᠠᠳ —ᠲᠠ ᠠᠵᠢᠯ ᠢ᠋ᠶ᠋ᠠᠨ ᠥᠭᠡᠳᠡ ᠲᠠᠲᠠᠵᠤ ᠴᠢᠳᠠᠬᠤ ᠨᠢ ᠤᠤ? ᠭᠡᠰᠡᠨ ᠳ᠋ᠦ᠍
—ᠵᠢᠷᠠᠨ ᠰᠠᠭᠠᠷᠠᠯ ᠤᠬᠤᠨ᠎ᠠ ᠶ᠋ᠢᠨ ᠳᠡᠢᠯᠦᠭᠡ ᠦᠭᠡᠢ ᠶ᠋ᠢ ᠭᠠᠭᠴᠠ ᠪᠤᠭᠤᠷᠤᠯ ᠤᠬᠤᠨ᠎ᠠ ᠶᠠᠭᠠᠬᠢᠵᠤ ᠪᠠᠷᠠᠭ᠎ᠠ ᠠᠵᠢ ᠳᠠ ᠭᠡᠵᠦ ᠬᠡᠪ ᠨᠢᠭᠡ ᠭᠡᠭᠡᠯᠵᠡᠭᠰᠡᠨ ᠬᠡᠮᠡᠮᠦᠢ᠃
    ᠢᠷᠡᠯᠲᠡ ᠄ 《ᠠᠤᠭ᠎ᠠ ᠱᠣᠭᠴᠢ ᠷᠢᠨᠴᠢᠨ ᠦ᠌ ᠠᠶᠤᠩᠭᠠᠨ ᠶᠡᠬᠡ ᠦᠭᠡᠰ》 ᠨᠣᠮ ᠠ᠋ᠴᠠ ᠰᠡᠢᠷᠡᠭᠦᠯᠪᠡ᠃
    ᠦᠰᠦᠭ ᠠᠮᠢᠯᠠᠭᠤᠯᠤᠭᠰᠠᠨ ᠨᠢ᠄ ᠴᠢ᠊ · ᠤᠷᠠᠨᠴᠡᠴᠡᠭ