ᠡᠨᠡᠷᠢᠯ ᠦ᠋ᠨ ᠪᠦᠷᠢᠯᠸ᠎ᠠ -ᠪᠦᠰᠡᠭᠦᠢ ᠬᠥᠮᠦᠨЭнэрлийн бүрл-Бүсгүй хүн ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠨᠡᠷᠢᠯ ᠦ᠋ᠨ ᠪᠦᠷᠢᠯᠸ᠎ᠠ -ᠪᠦᠰᠡᠭᠦᠢ ᠬᠥᠮᠦᠨЭнэрлийн бүрл-Бүсгүй хүн

ᠡᠨᠡᠷᠢᠯ ᠦ᠋ᠨ ᠪᠦᠷᠢᠯᠸ᠎ᠠ -ᠪᠦᠰᠡᠭᠦᠢ ᠬᠥᠮᠦᠨЭнэрлийн бүрл-Бүсгүй хүн

2025-08-13

1307

ᠡᠨᠡᠷᠢᠯ ᠦ᠋ᠨ ᠪᠦᠷᠢᠯᠸ᠎ᠠ -ᠪᠦᠰᠡᠭᠦᠢ ᠬᠥᠮᠦᠨ

    ᠵᠣᠬᠢᠶᠠᠭᠴᠢ᠄ ᠭᠦᠩᠭᠠᠷ 
    ᠤᠶᠠᠩᠭᠠᠯᠠᠭᠴᠢ᠄ ᠣᠷᠳᠣᠰ ᠬᠣᠲᠠ ᠶ᠋ᠢᠨ ᠬᠠᠮ ᠵᠢᠭᠤᠯᠴᠢᠯᠠᠭᠤᠷ ᠤ᠋ᠨ ᠲᠥᠪ ᠦ᠋ᠨ ᠰᠠᠳᠮᠠᠨᠢ 

ᠰᠠᠨᠰᠠᠷ ᠲᠡᠭᠷᠢ ᠶ᠋ᠢᠨ ᠨᠠᠷᠠᠨ ᠢ᠋ᠶ᠋ᠠᠨ 
ᠰᠠᠭᠠᠯᠢ ᠶ᠋ᠢᠨ ᠵᠠᠯᠠᠨ ᠳᠡᠭᠡᠷ᠎ᠡ ᠪᠡᠨ ᠤᠭᠲᠤᠴᠢᠬᠠᠭᠰᠠᠨ 
ᠰᠠᠢᠬᠠᠨ ᠮᠣᠩᠭᠣᠯ ᠵᠠᠩᠰᠢᠯ ᠢ᠋ᠶ᠋ᠠᠨ 
ᠥᠪᠡᠷ ᠦ᠋ᠨ ᠪᠡᠶ᠎ᠡ ᠪᠡᠷ ᠢ᠋ᠶ᠋ᠡᠨ ᠦᠯᠢᠭᠡᠷᠴᠢᠯᠡᠭᠰᠡᠨ 

ᠰᠠᠪᠠ ᠶᠢᠷᠲᠢᠨᠴᠦ ᠶ᠋ᠢᠨ ᠠᠮᠢᠳᠤᠷᠠᠯ ᠢ᠋ᠶ᠋ᠠᠨ 
ᠥᠯᠵᠡᠢ ᠳᠡᠮᠪᠡᠷᠢᠯ ᠢ᠋ᠶ᠋ᠡᠷ ᠪᠡᠯᠭᠡᠳᠡᠴᠢᠬᠡᠭᠰᠡᠨ 
ᠰᠠᠷᠠᠭᠤᠯ ᠲᠠᠯ᠎ᠠ ᠶ᠋ᠢᠨ ᠳᠡᠨᠵᠢᠨ ᠡᠴᠡ 
ᠠᠯᠤᠰ ᠤ᠋ᠨ ᠠᠯᠤᠰ ᠢ᠋ ᠪᠠᠷᠠᠯᠠᠴᠢᠬᠠᠭᠰᠠᠨ 
ᠳᠡᠪᠡᠯ ᠢ᠋ᠶ᠋ᠡᠷ ᠭᠤᠶᠤᠭᠰᠠᠨ ᠰᠠᠭᠠᠯᠢᠴᠢᠨ ᠪᠦᠰᠡᠭᠦᠢ 
ᠳᠡᠩᠳᠡᠭᠦᠦ ᠬᠠᠢᠷ᠎ᠠ ᠶ᠋ᠢᠨ ᠮᠣᠩᠭᠣᠯᠵᠢᠨ ᠭᠤᠸ᠎ᠠ ᠠ᠋! 

ᠬᠥᠳᠡᠭᠡ ᠲᠠᠯ᠎ᠠ ᠶ᠋ᠢᠨ ᠠᠭᠤᠳᠠᠮ ᠳ᠋ᠤ᠌ ᠪᠠᠨ 
ᠲᠠᠪᠤᠨ ᠡᠷᠳᠡᠨᠢ ᠪᠡᠨ ᠪᠡᠯᠴᠢᠭᠡᠴᠢᠬᠡᠭᠰᠡᠨ 
ᠬᠥᠭᠰᠢᠨ ᠪᠤᠭᠤᠷᠤᠯ ᠲᠣᠮᠣᠭᠠᠳᠠᠳ ᠢ᠋ᠶ᠋ᠠᠨ 
ᠬᠣᠢᠮᠣᠷ ᠰᠠᠭᠠᠳᠠᠭᠤᠯᠤᠨ ᠬᠦᠨᠳᠦᠯᠡᠴᠢᠬᠡᠭᠰᠡᠨ 

ᠬᠥᠷᠥᠰᠥᠲᠦ ᠠᠯᠲᠠᠨ ᠳᠡᠯᠡᠬᠡᠢ ᠳᠡᠭᠡᠷ᠎ᠡ ᠪᠡᠨ 
ᠬᠦᠰᠡᠯ ᠦ᠋ᠨ ᠵᠢᠭᠦᠷ ᠢ᠋ᠶ᠋ᠡᠨ ᠳᠡᠯᠢᠴᠢᠬᠡᠭᠰᠡᠨ 
ᠬᠥᠮᠦᠨ ᠵᠤᠨ ᠤ᠋ ᠪᠠᠨ ᠳᠤᠮᠳᠠ ᠪᠠᠨ 
ᠰᠢᠨ᠎ᠡ ᠶ᠋ᠢ ᠡᠭᠦᠳᠦᠭᠡᠳ ᠬᠣᠰᠢᠭᠤᠷᠠᠴᠢᠬᠠᠭᠰᠠᠨ 
ᠬᠦᠯᠦᠭ ᠦ᠋ᠨ ᠨᠢᠷᠤᠭᠤᠨ ᠳ᠋ᠠᠬᠢ ᠪᠦᠰᠡᠭᠦᠢ ᠬᠥᠮᠦᠨ 
ᠬᠦᠰᠡᠯ ᠵᠣᠷᠢᠭ ᠢ᠋ᠶ᠋ᠠᠨ ᠡᠷᠴᠢᠯᠡᠭᠰᠡᠨ ᠬᠥᠮᠦᠨ ᠠ᠋! 

ᠡᠯᠡᠰᠦ ᠮᠠᠩᠬᠠᠨ ᠳᠣᠪᠣ ᠨᠤᠭᠤᠳ ᠲᠤ᠌ ᠪᠠᠨ 
ᠨᠣᠭᠣᠭᠠᠨ ᠬᠦᠷᠮ᠎ᠡ ᠨᠥᠮᠥᠷᠦᠭᠦᠯᠦᠭᠰᠡᠨ 
ᠡᠭᠡᠯ ᠵᠢᠷ ᠦ᠋ᠨ ᠮᠠᠯᠴᠢᠨ ᠨᠡᠷ᠎ᠡ ᠪᠡᠨ 
ᠡᠷᠳᠡᠮᠲᠡᠨ ᠴᠢᠳᠠᠪᠤᠷᠢᠲᠠᠨ ᠢ᠋ᠶ᠋ᠠᠷ ᠦᠨᠡᠯᠡᠭᠦᠯᠴᠢᠬᠡᠭᠰᠡᠨ 

ᠡᠬᠡ ᠨᠤᠲᠤᠭ ᠤ᠋ᠨ ᠢ᠋ᠶ᠋ᠠᠨ ᠡᠯᠢᠭᠡᠨ ᠳᠡᠭᠡᠷ᠎ᠡ ᠪᠡᠨ 
ᠡᠷᠳᠡᠨᠢ ᠡᠪᠦᠷᠲᠦᠯᠡᠭᠡᠳ ᠣᠮᠣᠭᠰᠢᠴᠢᠬᠠᠭᠰᠠᠨ 
ᠡᠢᠮᠦ ᠯᠡ ᠵᠢᠷᠭᠠᠯᠲᠤ ᠠᠮᠢᠳᠤᠷᠠᠯ ᠳ᠋ᠤ᠌ ᠪᠠᠨ 
ᠰᠡᠳᠬᠢᠯ ᠲᠡᠨᠢᠭᠦᠬᠡᠨ ᠠᠯᠬᠤᠴᠢᠬᠠᠭᠰᠠᠨ 
ᠠᠷᠤᠤᠬᠠᠨ ᠵᠢᠷᠤᠮ ᠤ᠋ᠨ ᠪᠦᠰᠡᠭᠦᠢ ᠬᠥᠮᠦᠨ 
ᠠᠮᠢ ᠪᠠᠷ ᠠᠮᠢ ᠶ᠋ᠢ ᠲᠡᠭᠡᠭᠡᠭᠰᠡᠨ ᠠᠴᠢᠲᠠᠨ ᠬᠥᠮᠦᠨ ᠠ᠋! 

ᠬᠣᠶᠠᠷᠬᠠᠨ ᠤᠲᠠᠰᠤ ᠲᠠᠢ ᠬᠤᠭᠤᠷ ᠰᠢᠤᠬᠠᠨ 
ᠬᠣᠵᠢᠮ ᠤ᠋ᠨ ᠦᠢᠯᠡᠰ ᠢ᠋ᠶ᠋ᠡᠨ ᠭᠥᠭᠯᠡᠴᠢᠬᠡᠭᠰᠡᠨ 
ᠬᠣᠭᠣᠯᠠ ᠢᠳᠡᠳᠡᠭ ᠰᠠᠪᠬ᠎ᠠ ᠰᠢᠤᠬᠠᠨ 
ᠬᠣᠭᠣᠷᠣ ᠬᠣᠭᠣᠷᠣᠨᠳᠣ ᠪᠠᠨ ᠬᠠᠪᠰᠤᠷᠤᠯᠴᠠᠴᠢᠬᠠᠭᠰᠠᠨ 

ᠬᠣᠪᠳᠣᠯ ᠵᠢᠷᠦᠬᠡᠨ ᠦ᠌ ᠰᠤᠳᠠᠰᠤ ᠰᠢᠤᠬᠠᠨ 
ᠬᠣᠣᠰᠯᠠᠨ ᠵᠡᠷᠭᠡᠴᠡᠵᠦ ᠬᠥᠪᠴᠢᠷᠡᠴᠢᠬᠡᠭᠰᠡᠨ 
ᠬᠣᠰᠢᠭᠤᠷᠠᠵᠤ ᠨᠢᠰᠬᠦ ᠭᠠᠯᠠᠭᠤᠳ ᠰᠢᠤᠬᠠᠨ 
ᠳᠠᠭᠤ ᠪᠠᠨ ᠦᠯᠡᠳᠡᠭᠡᠨ ᠳᠡᠭᠦᠯᠢᠴᠢᠬᠡᠭᠰᠡᠨ 
ᠭᠠᠡᠭᠭᠠᠡᠭ ᠪᠠᠢᠭᠠᠯᠢ ᠰᠢᠭ᠋ ᠪᠦᠰᠡᠭᠦᠢ ᠬᠥᠮᠦᠨ 
ᠭᠠᠯᠪᠠ ᠳ᠋ᠠᠬᠢ ᠭᠠᠭᠴᠠᠬᠠᠨ ᠡᠵᠢ ᠬᠥᠮᠦᠨ ᠠ᠋! 

ᠬᠠᠢᠷ᠎ᠠ ᠬᠠᠢᠷ᠎ᠠ ᠳᠡᠭᠡᠷ᠎ᠡ ᠲᠣᠭᠲᠠᠳᠠᠭ ᠤ᠋ᠨ ᠤᠴᠢᠷ 
ᠬᠠᠷᠠᠴᠠ ᠳᠣᠲᠣᠨᠣᠬᠠᠨ ᠣᠯᠤᠯᠴᠠᠴᠢᠬᠠᠭᠰᠠᠨ 
ᠬᠠᠯᠠᠭᠤᠨ ᠳᠤᠯᠠᠭᠠᠨ ᠭᠡᠷ ᠪᠦᠯᠢ ᠪᠡᠨ 
ᠬᠠᠪᠤᠲᠠᠢ ᠲᠣᠬᠢᠯᠢᠭ ᠡᠵᠡᠮᠳᠡᠴᠢᠬᠡᠭᠰᠡᠨ 

ᠬᠠᠷᠠᠩᠭᠤᠢ ᠪᠣᠯᠲᠠᠯ᠎ᠠ ᠮᠣᠩᠭᠢᠨᠠᠭᠰᠠᠨ ᠴᠣ 
ᠬᠣᠢᠷᠭᠣᠰᠢᠰᠢ ᠦᠭᠡᠢ ᠠᠵᠢᠯᠯᠠᠴᠢᠬᠠᠭᠰᠠᠨ 
ᠬᠠᠨᠢ ᠶ᠋ᠢᠨ ᠵᠠᠶᠠᠭᠠᠨ ᠤ᠋ ᠡᠷᠴᠢᠨ ᠳᠡᠭᠡᠷ᠎ᠡ ᠪᠡᠨ 
ᠬᠠᠲᠠᠭᠤ ᠵᠦᠳᠡᠭᠦᠦ ᠪᠡᠨ ᠬᠤᠪᠢᠶᠠᠯᠴᠠᠴᠢᠬᠠᠭᠰᠠᠨ 
ᠬᠠᠢᠷ᠎ᠠ ᠢᠪᠢᠯᠭᠡᠳᠡᠭ ᠪᠦᠰᠡᠭᠦᠢ ᠬᠥᠮᠦᠨ 
ᠬᠠᠮᠲᠤᠳᠠ ᠳᠠᠪᠰᠢᠬᠤ ᠶ᠋ᠢ ᠵᠣᠷᠢᠳᠠᠭ ᠬᠥᠮᠦᠨ ᠠ᠋! 

ᠠᠮᠠᠷᠠᠭ ᠬᠣᠩᠭᠣᠷ ᠨᠥᠬᠥᠷ ᠲᠡᠢ ᠪᠡᠨ 
ᠠᠯᠢᠶᠠᠷᠬᠠᠭ ᠵᠠᠩ ᠢ᠋ᠶ᠋ᠠᠷ ᠨᠠᠭᠠᠳᠣᠴᠢᠬᠠᠭᠰᠠᠨ 
ᠠᠯᠲᠠ ᠠ᠋ᠴᠠ ᠦᠨᠡᠲᠡᠢ ᠰᠤᠷᠭᠠᠯ ᠢ᠋ᠶ᠋ᠠᠷ ᠢ᠋ᠶ᠋ᠠᠨ 
ᠠᠴᠢᠷ ᠦᠷ᠎ᠡ ᠪᠡᠨ ᠳᠣᠳᠣᠮᠳᠠᠴᠢᠬᠠᠭᠰᠠᠨ 

ᠠᠢᠯ ᠭᠡᠷ ᠦ᠋ᠨ ᠠᠵᠢᠯ ᠳ᠋ᠤ᠌ ᠪᠠᠨ 
ᠠᠯᠢ ᠶ᠋ᠢ ᠨᠢ ᠴᠦ᠍ ᠵᠠᠪᠳᠤᠭᠤᠯᠤᠭᠠᠳ ᠬᠢᠴᠢᠬᠡᠭᠰᠡ 
ᠠᠷᠠᠳ ᠤ᠋ᠨ ᠳᠠᠭᠤᠤ ᠶ᠋ᠢᠨ ᠥᠪ ᠡᠴᠡ 
ᠰᠢᠯᠢᠳᠡᠭ ᠢ᠋ ᠰᠣᠩᠭᠣᠨ ᠳᠠᠭᠤᠯᠠᠴᠢᠬᠠᠭᠰᠠᠨ 
ᠳᠠᠭᠤᠴᠢᠨ ᠴᠣᠯᠠ ᠲᠠᠢ ᠪᠦᠰᠡᠭᠦᠢ ᠬᠥᠮᠦᠨ 
ᠳᠠᠭᠤᠷᠢᠶᠠᠯ ᠪᠣᠯᠤᠭᠰᠠᠨ ᠡᠷᠬᠢᠮ ᠬᠥᠮᠦᠨ ᠠ᠋! 

ᠤᠤᠭᠤᠭᠰᠠᠨ ᠤᠰᠤ ᠷᠠᠰᠢᠶᠠᠨ ᠭᠡᠳ 
ᠤᠨᠠᠭᠰᠠᠨ ᠨᠤᠲᠤᠭ ᠢ᠋ᠶ᠋ᠠᠨ ᠰᠠᠬᠢᠴᠢᠬᠠᠭᠰᠠᠨ 
ᠣᠣᠷ ᠰᠣᠶᠣᠯ ᠡᠷᠳᠡᠨᠢ ᠭᠡᠳ 
ᠤᠶᠠᠩᠭ᠎ᠠ ᠨᠠᠢᠷᠠᠭ ᠢ᠋ᠶ᠋ᠠᠨ ᠲᠤᠭᠤᠷᠪᠢᠴᠢᠬᠠᠭᠰᠠᠨ 

ᠤᠳᠤᠮ ᠰᠤᠳᠤᠷ ᠲᠤ᠌ ᠶ᠋ᠢᠨ ᠡᠵᠡᠨ ᠭᠡᠳ 
ᠤᠯᠪᠠᠭ᠎ᠠ ᠲᠡᠦᠬᠡ ᠪᠡᠨ ᠰᠡᠬᠦᠴᠢᠬᠡᠭᠰᠡᠨ 
ᠤᠴᠢᠷᠯᠠᠵᠤ ᠥᠭᠦᠯᠡᠬᠦ ᠶ᠋ᠢᠨ ᠦᠨᠳᠦᠰᠦ ᠭᠡᠳ 
ᠤᠰᠤᠨ ᠤ᠋ ᠡᠬᠢ ᠪᠡᠷ ᠰᠡᠳᠦᠪᠯᠡᠴᠢᠬᠡᠭᠰᠡᠨ 
ᠤᠭᠰᠠᠭᠠᠲᠠᠨ ᠤ᠋ ᠬᠡᠯᠬᠢᠶ᠎ᠡ ᠪᠦᠰᠡᠭᠦᠢ ᠬᠥᠮᠦᠨ 
ᠤᠳᠪᠠᠯᠠ ᠴᠡᠴᠡᠭ ᠰᠢᠭ᠌ ᠭᠣᠶᠣᠬᠠᠨ ᠬᠥᠮᠦᠨ ᠠ᠋! 

ᠡᠷᠢᠨ ᠵᠠᠭᠤᠨ ᠤ᠋ ᠬᠥᠭᠵᠢᠯᠲᠡ ᠪᠡᠨ 
ᠡᠷᠲᠡ ᠡᠴᠡ ᠲᠥᠰᠥᠪᠯᠡᠨ ᠠᠩᠬᠠᠷᠴᠢᠬᠠᠭᠰᠠᠨ 
ᠡᠷᠭᠢᠬᠦ ᠮᠠᠷᠭᠠᠰᠢ ᠶ᠋ᠢᠨ ᠰᠠᠢᠬᠠᠨ ᠢ᠋ᠶ᠋ᠠᠨ 
ᠡᠨᠡ ᠯᠡ ᠪᠡᠶ᠎ᠡ ᠪᠡᠷ ᠢ᠋ᠶ᠋ᠡᠨ ᠴᠣᠭᠴᠠᠯᠠᠴᠢᠬᠠᠭᠰᠠᠨ 

ᠡᠷᠬᠢᠮ ᠨᠠᠨᠳᠢᠨ ᠰᠤᠷᠲᠠᠬᠤᠨ ᠢ᠋ᠶ᠋ᠠᠷ 
ᠢᠷᠭᠡᠳ ᠲᠦᠮᠡᠨ ᠢ᠋ᠶ᠋ᠡᠨ ᠳᠠᠭᠠᠭᠤᠯᠴᠢᠬᠠᠭᠰᠠᠨ 
ᠡᠨᠡᠬᠡᠨ ᠬᠣᠷᠸ᠎ᠠ ᠳ᠋ᠠᠬᠢ ᠬᠦᠰᠡᠯ ᠢ᠋ᠶ᠋ᠡᠷ ᠢ᠋ᠶ᠋ᠡᠨ 
ᠵᠢᠷᠭᠠᠯ ᠤ᠋ᠨ ᠡᠭᠦᠳᠡ ᠪᠡᠨ ᠨᠡᠭᠡᠭᠡᠴᠢᠬᠡᠭᠰᠡᠨ 
ᠡᠨᠡᠷᠢᠯ ᠦ᠋ᠨ ᠪᠦᠷᠢᠯᠸ᠎ᠠ ᠪᠦᠰᠡᠭᠦᠢ ᠬᠥᠮᠦᠨ 
ᠡᠯᠪᠡᠭ ᠨᠠᠮᠤᠷ ᠰᠢᠭ᠋ ᠲᠠᠩᠰᠤᠭ ᠬᠥᠮᠦᠨ ᠠ᠋! 

ᠤᠵᠠᠭᠤᠷ ᠤ᠋ᠨ ᠬᠠᠳᠬᠤᠮᠠᠯ ᠳ᠋ᠤ᠌ ᠪᠠᠨ ᠴᠠᠭᠠᠷᠠᠭᠰᠠᠨ 
ᠤᠷᠠᠨ ᠬᠤᠷᠤᠭᠤ ᠲᠠᠢ ᠪᠦᠰᠡᠭᠦᠢ ᠬᠥᠮᠦᠨ 
ᠤᠷᠤᠭᠤᠳᠠᠭᠰᠠᠨ ᠬᠠᠵᠠᠢᠭᠰᠠᠨ ᠢ᠋ ᠬᠡᠯᠡᠵᠦ ᠰᠤᠷᠭᠠᠳᠠᠭ 
ᠰᠣᠳᠣᠨ ᠪᠣᠯᠪᠠᠰᠤᠷᠠᠯ ᠲᠠᠢ ᠪᠦᠰᠡᠭᠦᠢ ᠬᠥᠮᠦᠨ 

ᠤᠤᠭᠠᠯ ᠨᠤᠲᠤᠭ ᠤ᠋ᠨ ᠢ᠋ᠶ᠋ᠠᠨ ᠠᠯᠳᠠᠷ ᠢ᠋ ᠡᠷᠭᠦᠭᠰᠡᠨ 
ᠦᠨᠡᠨᠴᠢ ᠴᠠᠢᠯᠭᠠᠨ ᠪᠦᠰᠡᠭᠦᠢ ᠬᠥᠮᠦᠨ 
ᠤᠯᠠᠭᠠᠨ ᠰᠠᠷᠭᠠᠢ ᠰᠢᠭ᠋ ᠭᠤᠸᠠᠯᠢᠭ 
ᠬᠠᠷᠢ ᠳ᠋ᠤ᠌ ᠠᠯᠳᠠᠷᠰᠢᠭᠰᠠᠨ ᠪᠦᠰᠡᠭᠦᠢ ᠬᠥᠮᠦᠨ 
ᠨᠠᠷᠮᠠᠢ ᠲᠦᠮᠡᠨ ᠳ᠋ᠦ᠍ ᠪᠡᠨ ᠢᠲᠡᠭᠡᠯᠲᠡᠢ ᠬᠥᠮᠦᠨ 
ᠨᠠᠮ ᠲᠥᠷᠥ ᠳ᠋ᠦ᠍ ᠪᠡᠨ ᠵᠢᠳᠬᠦᠯᠲᠡᠨ ᠬᠥᠮᠦᠨ ᠠ᠋! 

  ᠦᠰᠦᠭ ᠠᠮᠢᠯᠠᠭᠤᠯᠤᠭᠴᠢ᠄ ᠠᠯᠲᠠᠨᠴᠢᠮᠡᠭ 
  ᠦᠰᠦᠭ ᠬᠠᠲᠠᠭᠴᠢ᠄ ᠠᠯᠲᠠᠨᠴᠢᠮᠡᠭ 
  ᠬᠢᠨᠠᠭᠴᠢ᠄ ᠣᠳᠬᠠᠨᠰᠣ᠎ᠠ᠂ ᠠᠷᠢᠭᠤᠨ᠂ ᠵᠢᠩᠯᠢᠬᠤᠸᠠᠷ