ᠤᠳᠤᠷᠢᠳᠬᠤ ᠴᠢᠳᠠᠪᠤᠷᠢ ᠭᠡᠳᠡᠭ ᠨᠢ ᠶᠠᠭᠤ ᠪᠣᠢ-ᠬᠣᠨᠢᠴᠢᠨ ᠦᠯᠵᠡᠢᠰᠦ᠋ᠷᠤᠩУдирдах чадвар гэдэг нь юу бэ ᠠᠵᠤ ᠠᠬᠤᠢ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠳᠤᠷᠢᠳᠬᠤ ᠴᠢᠳᠠᠪᠤᠷᠢ ᠭᠡᠳᠡᠭ ᠨᠢ ᠶᠠᠭᠤ ᠪᠣᠢ-ᠬᠣᠨᠢᠴᠢᠨ ᠦᠯᠵᠡᠢᠰᠦ᠋ᠷᠤᠩУдирдах чадвар гэдэг нь юу бэ

ᠤᠳᠤᠷᠢᠳᠬᠤ ᠴᠢᠳᠠᠪᠤᠷᠢ ᠭᠡᠳᠡᠭ ᠨᠢ ᠶᠠᠭᠤ ᠪᠣᠢ-ᠬᠣᠨᠢᠴᠢᠨ ᠦᠯᠵᠡᠢᠰᠦ᠋ᠷᠤᠩУдирдах чадвар гэдэг нь юу бэ

ᠠᠩᠭᠢᠯᠠᠯ:ᠠᠵᠤ ᠠᠬᠤᠢ
2025-08-13

145

ᠤᠳᠤᠷᠢᠳᠬᠤ ᠴᠢᠳᠠᠪᠤᠷᠢ ᠭᠡᠳᠡᠭ ᠨᠢ ᠶᠠᠭᠤ ᠪᠣᠢ

    ᠳ᠋ᠣᠺᠲ᠋ᠣᠷ ᠬᠣᠨᠢᠴᠢᠨ ᠦᠯᠵᠡᠢᠰᠦ᠋ᠷᠥᠩ 

       ᠬᠥᠮᠦᠨ ᠨᠡᠢᠭᠡᠮ ᠳᠡᠭᠡᠷ᠎ᠡ ᠣᠷᠣᠰᠢᠨ ᠲᠣᠭᠲᠠᠨᠢᠵᠤ᠂ ᠠᠵᠢᠯ ᠬᠥᠳᠡᠯᠮᠦᠷᠢ ᠪᠡᠨ ᠥᠭᠡᠳᠡ ᠨᠢ ᠠᠪᠴᠤ ᠶᠠᠪᠤᠬᠤ ᠶ᠋ᠢᠨ ᠲᠤᠰᠠᠳᠠ ᠣᠯᠠᠨ ᠵᠦᠢᠯ ᠦ᠋ᠨ ᠨᠡᠢᠭᠡᠮ ᠦ᠋ᠨ ᠬᠠᠷᠢᠴᠠᠭ᠎ᠠ ᠶ᠋ᠢ ᠵᠣᠬᠢᠴᠠᠭᠤᠯᠬᠤ ᠱᠠᠭᠠᠷᠳᠠᠯᠭ᠎ᠠ ᠲᠠᠢ ᠪᠠᠢᠳᠠᠭ᠃ ᠰᠠᠢᠨ ᠵᠣᠬᠢᠴᠠᠭᠤᠯᠪᠠᠯ ᠠᠵᠢᠯ ᠪᠦᠲᠦᠮᠵᠢᠲᠡᠢ᠂ ᠮᠠᠭᠤ ᠵᠣᠬᠢᠴᠠᠭᠤᠯᠪᠠᠯ ᠠᠵᠢᠯ ᠬᠡᠷᠡᠭ ᠣᠷᠣᠭᠰᠢ ᠮᠠᠭᠤᠲᠠᠢ ᠪᠣᠯᠳᠠᠭ᠃ ᠡᠨᠡᠬᠦ ᠵᠣᠬᠢᠴᠠᠭᠤᠯᠬᠤ ᠴᠢᠳᠠᠪᠤᠷᠢ ᠪᠣᠯ ᠦᠨᠡᠨ ᠳ᠋ᠡᠭᠡᠨ ᠤᠳᠤᠷᠢᠳᠬᠤ ᠴᠢᠳᠠᠪᠤᠷᠢ ᠪᠣᠯᠤᠨ᠎ᠠ᠃ ᠪᠢᠳᠡ ᠭᠡᠷ ᠪᠦᠯᠢ ᠪᠡᠨ ᠬᠡᠷᠬᠢᠨ ᠡᠶ᠎ᠡ ᠡᠪᠲᠡᠢ ᠠᠪᠴᠤ ᠶᠠᠪᠤᠬᠤ ᠂ ᠠᠵᠢᠯ ᠢ᠋ᠶ᠋ᠠᠨ ᠬᠡᠷᠬᠢᠨ ᠵᠥᠪ ᠬᠤᠪᠢᠶᠠᠷᠢᠯᠠᠬᠤ ᠡᠴᠡ ᠡᠬᠢᠯᠡᠭᠡᠳ ᠠᠵᠢᠯᠴᠢᠨ ᠢ᠋ᠶ᠋ᠠᠨ ᠬᠡᠷᠬᠢᠨ ᠳᠠᠢᠴᠢᠯᠠᠬᠤ᠂ ᠤᠷᠮᠠᠰᠢᠭᠤᠯᠬᠤ᠂ ᠬᠥᠮᠦᠵᠢᠭᠦᠯᠬᠦ ᠨᠢ ᠪᠦᠷ ᠯᠡ ᠤᠳᠤᠷᠢᠳᠬᠤ ᠴᠢᠳᠠᠪᠤᠷᠢ ᠴᠢᠨᠢ ᠬᠢᠷᠢ ᠵᠡᠷᠭᠡ ᠪᠠᠢᠬᠤ ᠠ᠋ᠴᠠ ᠰᠢᠯᠲᠠᠭᠠᠯᠠᠭᠳᠠᠨ᠎ᠠ ᠃ ᠡᠢᠮᠦ ᠡᠴᠡ ᠤᠳᠤᠷᠢᠳᠬᠤ ᠴᠢᠳᠠᠪᠤᠷᠢ ᠪᠣᠯ ᠵᠥᠪᠬᠡᠨ ᠨᠡᠢᠭᠡᠮ᠂ ᠣᠯᠠᠨ ᠨᠡᠢᠲᠡ ᠳ᠋ᠦ᠍ ᠳᠠᠷᠤᠭ᠎ᠠ ᠪᠤᠶᠤ ᠲᠣᠯᠣᠭᠠᠢᠯᠠᠭᠴᠢ ᠪᠣᠯᠣᠭᠰᠠᠳ  ᠲᠤ᠌ ᠯᠠ ᠪᠠᠢᠳᠠᠭ᠂ ᠪᠠᠢᠬᠤ ᠴᠢᠭᠤᠯᠠ ᠲᠠᠢ ᠵᠦᠢᠯ ᠪᠢᠰᠢ᠂  ᠬᠠᠷᠢᠨ ᠨᠡᠢᠭᠡᠮ ᠳᠡᠭᠡᠷ᠎ᠡ ᠠᠮᠢᠳᠤᠷᠠᠵᠤ ᠪᠠᠢᠭ᠎ᠠ ᠬᠥᠮᠦᠨ ᠪᠣᠯᠭᠠᠨ᠂ ᠣᠨᠴᠠᠭᠠᠢᠯᠠᠨ ᠠᠵᠢᠯ ᠲᠥᠷᠥᠯ ᠡᠷᠬᠢᠯᠡᠬᠦ ᠭᠡᠵᠦ ᠪᠠᠢᠭ᠎ᠠ ᠬᠥᠮᠦᠨ ᠪᠣᠯᠭᠠᠨ ᠤ᠋ ᠵᠠᠪᠠᠯ ᠪᠦᠷᠢᠯᠳᠦᠭᠦᠯᠬᠦ ᠴᠢᠳᠠᠪᠤᠷᠢ ᠶ᠋ᠢᠨ ᠨᠢᠭᠡ ᠪᠣᠯᠤᠨ᠎ᠠ᠃
         ᠪᠢᠳᠡᠨ ᠦ᠌ ᠶᠡᠷᠦᠳᠡ ᠶ᠋ᠢᠨ ᠣᠢᠯᠠᠭᠠᠯᠲᠠ ᠪᠠᠷ ᠤᠳᠤᠷᠢᠳᠬᠤ ᠴᠢᠳᠠᠪᠤᠷᠢ ᠭᠡᠳᠡᠭ ᠪᠣᠯ ᠣᠯᠠᠨ ᠢ᠋ᠶ᠋ᠠᠨ ᠳᠠᠭᠠᠭᠤᠯᠬᠤ ᠴᠢᠳᠠᠪᠤᠷᠢ ᠶ᠋ᠢ ᠯᠡ ᠵᠢᠭᠠᠳᠠᠭ᠃ ᠭᠡᠲᠡᠯ᠎ᠡ ᠣᠳᠣ ᠨᠡᠢᠭᠡᠮ ᠦ᠋ᠨ ᠬᠥᠭᠵᠢᠯᠲᠡ ᠶ᠋ᠢ ᠳᠠᠭᠠᠯᠳᠤᠨ ᠡᠨᠡᠬᠦ ᠣᠢᠯᠭᠠᠯᠲᠠ  ᠳ᠋ᠤ᠌ ᠥᠭᠡᠷᠴᠢᠯᠡᠯᠲᠡ ᠭᠠᠷᠴᠤ ᠪᠣᠢ ᠥᠨᠥᠳᠥᠷ ᠦ᠋ᠨ ᠮᠠᠨ ᠤ᠋ ᠠᠳᠠ ᠬᠡᠯᠡᠵᠦ ᠪᠠᠢᠭ᠎ᠠ ᠤᠳᠤᠷᠢᠳᠬᠤ ᠴᠢᠳᠠᠪᠤᠷᠢ ᠭᠡᠳᠡᠭ ᠪᠣᠯ ᠣᠳᠣᠬᠢ ᠨᠡᠢᠭᠡᠮ ᠦ᠋ᠨ ᠬᠥᠭᠵᠢᠯᠲᠡ ᠶ᠋ᠢᠨ ᠬᠠᠨᠳᠤᠰᠢ ᠲᠠᠢ ᠵᠣᠬᠢᠴᠠᠯᠳᠤᠵᠤ ᠂ ᠬᠥᠮᠦᠨ ᠦ᠌ ᠬᠥᠭᠵᠢᠯ᠂ ᠢᠷᠡᠭᠡᠳᠦᠢ  ᠳ᠋ᠦ᠍ ᠴᠢᠭᠯᠡᠭᠰᠡᠨ ᠤᠳᠤᠷᠢᠳᠬᠤ ᠴᠢᠳᠠᠪᠤᠷᠢ ᠪᠣᠯᠤᠨ᠎ᠠ᠃ ᠡᠨᠡᠬᠦ ᠰᠢᠨ᠎ᠡ ᠤᠳᠤᠷᠢᠳᠬᠤ ᠴᠢᠳᠠᠪᠤᠷᠢ ᠳ᠋ᠤ᠌ ᠡᠷᠦᠬᠡ ᠶ᠋ᠢᠨ ᠡᠵᠡᠨ᠂ ᠺᠣᠮᠫᠠᠨᠢ ᠶ᠋ᠢᠨ ᠵᠠᠬᠢᠷᠤᠯ ᠠ᠋ᠴᠠ ᠲᠥᠷᠥ ᠶ᠋ᠢᠨ ᠲᠡᠷᠢᠭᠦᠨ ᠳ᠋ᠦ᠍ ᠬᠦᠷᠲᠡᠯᠡᠬᠢ ᠨᠡᠢᠲᠡ  ᠳ᠋ᠦ᠍ ᠪᠠᠷᠢᠮᠲᠠᠯᠠᠬᠤ ᠵᠠᠷᠴᠢᠮ ᠤ᠋ᠳ ᠪᠣᠢ᠃ ᠥᠭᠡᠷ᠎ᠡ ᠪᠡᠷ ᠬᠡᠯᠡᠪᠡᠯ ᠤᠳᠤᠷᠢᠳᠬᠤ ᠴᠢᠳᠠᠪᠤᠷᠢ ᠶ᠋ᠢᠨ ᠡᠳᠡᠭᠡᠷ ᠵᠠᠷᠴᠢᠮ ‍ᠤᠳ ᠢ᠋ ᠥᠪᠡᠷ ᠲᠡᠭᠡᠨ ᠪᠣᠢ ᠪᠣᠯᠭᠠᠵᠤ ᠬᠥᠮᠦᠵᠢᠭᠦᠯᠦᠭᠰᠡᠨ ᠢ᠋ᠶ᠋ᠡᠷ ᠲᠠ ᠨᠢᠭᠡᠨ ᠰᠠᠢᠨ ᠤᠳᠤᠷᠢᠳᠤᠭᠴᠢ ᠪᠣᠯᠵᠤ ᠴᠢᠳᠠᠨ᠎ᠠ᠃
ᠨᠢᠭᠡ ᠂ ᠪᠦᠬᠦ ᠲᠠᠯ᠎ᠠ ᠶ᠋ᠢ ᠬᠠᠷᠠᠵᠤ ᠴᠢᠳᠠᠬᠤ 
ᠤᠳᠤᠷᠢᠳᠬᠤ ᠴᠢᠳᠠᠪᠤᠷᠢ ᠶ᠋ᠢᠨ ᠨᠢᠭᠡ ᠭᠣᠣᠯ ᠦᠢᠯᠡᠳᠦᠯ ᠪᠣᠯ ᠶᠠᠭᠠᠬᠢᠬᠤ ᠠᠷᠭ᠎ᠠ ᠦᠭᠡᠢ ᠣᠯᠠᠨ ᠨᠡᠢᠲᠡ᠂ ᠪᠠᠭ ᠪᠦᠯᠬᠦᠮ  ᠢ᠋ᠶ᠋ᠡᠨ ᠤᠳᠤᠷᠢᠳᠴᠤ ᠵᠥᠪ ᠠᠪᠴᠤ ᠶᠠᠪᠤᠬᠤ ᠶᠠᠪᠤᠳᠠᠯ ᠪᠣᠯᠤᠨ᠎ᠠ᠃ ᠲᠡᠢᠮᠦ ᠡᠴᠡ ᠤᠳᠤᠷᠢᠳᠤᠭᠴᠢ ᠪᠣᠯᠣᠭᠰᠠᠳ ᠤ᠋ᠨ ᠡᠭᠦᠷᠭᠡ ᠬᠦᠨᠳᠦ ᠪᠠᠢᠳᠠᠭ᠃ ᠲᠡᠳᠡ ᠭᠠᠭᠴᠠ ᠨᠢᠭᠡ ᠬᠥᠮᠦᠨ ᠦ᠌ ᠡᠷᠬᠡ ᠠᠰᠢᠭ ᠤ᠋ᠨ ᠲᠥᠯᠥᠭᠡ ᠪᠣᠳᠣᠯᠭ᠎ᠠ ᠰᠢᠢᠳᠪᠦᠷᠢ ᠭᠠᠷᠭᠠᠬᠤ ᠪᠢᠰᠢ᠂ ᠬᠠᠷᠢᠨ ᠪᠦᠬᠦ ᠨᠡᠢᠲᠡ ᠬᠠᠮᠲᠤ ᠣᠯᠠᠨ ᠢ᠋ ᠲᠥᠯᠥᠭᠡᠯᠡᠵᠦ ᠪᠣᠳᠣᠯᠭ᠎ᠠ ᠰᠢᠢᠳᠪᠦᠷᠢ ᠭᠠᠷᠭᠠᠵᠤ ᠪᠠᠢᠳᠠᠭ᠃ ᠡᠢᠮᠦ ᠡᠴᠡ ᠤᠳᠤᠷᠢᠳᠤᠭᠴᠢ ᠪᠣᠯᠤᠭᠰᠠᠨ  ᠬᠥᠮᠦᠨ ᠵᠠᠪᠠᠯ ᠣᠯᠠᠨ ᠢ᠋ ᠪᠡᠨ ᠳᠠᠭᠠᠭᠤᠯᠬᠤ ᠠ᠋ᠴᠠ ᠭᠠᠳᠠᠨ᠎ᠠ᠂ ᠪᠦᠬᠦ ᠲᠠᠯ᠎ᠠ ᠠ᠋ᠴᠠ ᠠᠰᠠᠭᠤᠳᠠᠯ ᠢ᠋ ᠦᠵᠡᠵᠦ ᠂ ᠡᠨᠡ ᠬᠠᠮᠲᠤ ᠣᠯᠠᠨ ᠪᠠᠭ ᠪᠦᠯᠬᠦᠮ ᠳ᠋ᠦ᠍ ᠬᠣᠴᠣᠷᠴᠤ ᠪᠠᠢᠭ᠎ᠠ ᠬᠥᠮᠦᠨ ᠢ᠋ ᠪᠡᠨ ᠤᠷᠤᠭᠰᠢ ᠨᠢ ᠲᠠᠲᠠᠵᠤ᠂ ᠬᠠᠮᠲᠤ ᠠᠪᠴᠤ ᠶᠠᠪᠤᠵᠤ ᠴᠢᠳᠠᠭᠰᠠᠨ ᠪᠠᠢᠬᠤ ᠬᠡᠷᠡᠭᠲᠡᠢ᠃ ᠬᠣᠴᠣᠷᠤᠭᠰᠠᠨ ᠨᠢᠭᠡᠨ ᠢ᠋ᠶ᠋ᠡᠨ ᠴᠦ᠍ ᠥᠪᠡᠷ ᠦ᠋ᠨ ᠬᠠᠮᠲᠤ ᠣᠯᠠᠨ ᠲᠠᠢ  ᠪᠠᠨ ᠠᠪᠴᠤ ᠶᠠᠪᠤᠵᠤ ᠴᠢᠳᠠᠭᠰᠠᠨ ᠢ᠋ᠶ᠋ᠠᠷ ᠡᠨᠡᠬᠦ ᠪᠠᠭ ᠪᠦᠯᠬᠦᠮ ᠦ᠋ᠨ ᠬᠥᠮᠦᠨ ᠪᠦᠬᠦᠨ ᠠᠳᠠᠯᠢᠬᠠᠨ ᠬᠥᠭᠵᠢᠵᠦ᠂ ᠡᠴᠦᠰ ᠲᠦ᠍ ᠨᠢ ᠬᠠᠮᠲᠤ ᠣᠯᠠᠨ ᠤ᠋ ᠠᠵᠢᠯ ᠠᠮᠵᠢᠯᠲᠠ ᠲᠠᠢ ᠪᠣᠯᠤᠨ᠎ᠠ᠃ ᠡᠨᠡ ᠨᠢ ᠴᠦ᠍ ᠣᠳᠣ ᠦᠶ᠎ᠡ ᠶ᠋ᠢᠨ ᠤᠳᠤᠷᠢᠳᠤᠭᠴᠢ ᠶ᠋ᠢᠨ ᠨᠢᠭᠡᠨ ᠭᠣᠣᠯ ᠰᠢᠯᠭᠠᠭᠤᠷ ᠪᠣᠯᠤᠭᠰᠠᠨ ᠪᠠᠢᠳᠠᠭ᠃ 
ᠬᠣᠶᠠᠷ ᠂ ᠵᠣᠷᠢᠯᠲᠠ ᠪᠠᠨ ᠲᠣᠳᠣ ᠲᠣᠭᠲᠠᠭᠠᠵᠤ ᠴᠢᠳᠠᠬᠤ 
ᠬᠥᠮᠦᠨ ᠭᠠᠭᠴᠠ ᠥᠨᠥᠳᠥᠷ ᠦ᠋ᠨ ᠢ᠋ᠶ᠋ᠡᠨ ᠲᠥᠯᠥᠭᠡ ᠠᠮᠢᠳᠤᠷᠠᠵᠤ ᠵᠢᠳᠬᠦᠳᠡᠭ ᠦᠭᠡᠢ᠂ ᠬᠠᠷᠢᠨ ᠮᠠᠷᠭᠠᠰᠢ᠂ ᠢᠷᠡᠭᠡᠳᠦᠢ  ᠶ᠋ᠢᠨ ᠢ᠋ᠶ᠋ᠡᠨ ᠰᠠᠢᠨ ᠰᠠᠢᠬᠠᠨ ᠤ᠋ ᠲᠥᠯᠥᠭᠡ ᠮᠡᠷᠡᠢᠨ ᠴᠢᠷᠮᠠᠢᠳᠠᠭ᠃ ᠡᠢᠮᠦ ᠡᠴᠡ ᠤᠳᠤᠷᠢᠳᠤᠭᠴᠢ ᠪᠣᠯᠣᠭᠰᠠᠳ ᠭᠠᠭᠴᠠ ᠨᠢᠭᠡ ᠬᠥᠮᠦᠨ ᠦ᠌ ᠢᠷᠡᠭᠡᠳᠦᠢ ᠳ᠋ᠦ᠍ ᠬᠠᠷᠢᠭᠤᠴᠠᠭᠠᠳ ᠵᠣᠭᠰᠣᠬᠤ ᠦᠭᠡᠢ᠂ ᠬᠠᠷᠢᠨ ᠪᠦᠬᠦ ᠬᠥᠮᠦᠨ ᠦ᠌ ᠂ ᠬᠠᠮᠲᠤ ᠣᠯᠠᠨ ᠤ᠋ ᠢᠷᠡᠭᠡᠳᠦᠢ ᠳ᠋ᠦ᠍ ᠬᠠᠷᠢᠭᠤᠴᠠᠵᠤ᠂ ᠠᠵᠢᠯ ᠨᠢᠭᠡ ᠪᠦᠷᠢ ᠳ᠋ᠦ᠍ ᠵᠣᠷᠢᠯᠲᠠ ᠲᠣᠳᠣᠷᠬᠠᠢ ᠪᠠᠢᠬᠤ ᠶ᠋ᠢ ᠱᠠᠭᠠᠷᠳᠠᠳᠠᠭ᠃ ᠤᠳᠤᠷᠢᠳᠤᠭᠴᠢ ᠬᠥᠮᠦᠨ ᠦ᠌  ᠵᠣᠷᠢᠯᠲᠠ ᠲᠣᠲᠣᠬᠠᠢ ᠪᠠᠢᠨ᠎ᠠ ᠭᠡᠳᠡᠭ ᠴᠢᠨᠢ᠂ ᠴᠢᠨᠦ ᠬᠠᠮᠲᠤ ᠣᠯᠠᠨ ᠤ᠋ ᠵᠣᠷᠢᠯᠲᠠ ᠲᠣᠳᠣᠷᠬᠠᠢ ᠪᠠᠢᠵᠤ᠂ ᠬᠡᠵᠢᠶ᠎ᠡ ᠶᠠᠭᠤ ᠶ᠋ᠢ ᠶᠠᠭᠠᠬᠢᠵᠤ ᠬᠢᠬᠦ ᠴᠢᠨᠢ ᠲᠣᠳᠣ ᠲᠣᠳᠣᠷᠬᠠᠢ ᠪᠣᠯᠤᠨ᠎ᠠ ᠭᠡᠰᠡᠨ ᠦᠭᠡ᠃ ᠬᠡᠷᠪᠡ ᠤᠳᠤᠷᠢᠳᠤᠭᠴᠢ ᠶ᠋ᠢᠨ ᠵᠣᠷᠢᠯᠲᠠ ᠲᠣᠳᠣᠷᠬᠠᠢ ᠦᠭᠡᠢ ᠪᠣᠯ᠂ ᠲᠠᠨ ᠤ᠋ ᠤᠳᠤᠷᠢᠳᠴᠤ ᠪᠠᠢᠭ᠎ᠠ ᠬᠠᠮᠲᠤ ᠣᠯᠠᠨ ᠴᠢᠨᠢ ᠰᠠᠷᠠ ᠦᠭᠡᠢ ᠰᠥᠨᠢ ᠴᠢᠭᠯᠡᠯ ᠢ᠋ᠶ᠋ᠡᠨ ᠠᠯᠳᠠᠭᠰᠠᠨ ᠲᠠᠢ ᠠᠳᠠᠯᠢ ᠪᠣᠯᠤᠨ᠎ᠠ᠃ ᠡᠢᠮᠦ ᠡᠴᠡ ᠤᠳᠤᠷᠢᠳᠤᠭᠴᠢ ᠪᠣᠯᠬᠤ ᠳ᠋ᠤ᠌ ᠬᠠᠮᠲᠤ ᠣᠯᠠᠨ ᠤ᠋ ᠪᠠᠨ ᠢᠷᠡᠭᠡᠳᠦᠢ ᠶ᠋ᠢᠨ ᠡᠮᠦᠨ᠎ᠡ ᠡᠴᠡ ᠵᠣᠷᠢᠯᠲᠠ ᠪᠠᠨ ᠲᠣᠭᠲᠠᠭᠠᠵᠤ᠂ ᠡᠭᠦᠨ ᠢ᠋ ᠪᠡᠨ ᠬᠠᠮᠲᠤ ᠣᠯᠠᠨ ᠳ᠋ᠠᠭᠠᠨ ᠵᠥᠪ ᠳᠠᠮᠵᠢᠭᠤᠯᠵᠤ ᠴᠢᠳᠠᠭᠰᠠᠨ ᠪᠠᠢᠬᠤ ᠬᠡᠷᠡᠭᠲᠡᠢ᠃ ᠢᠩᠭᠢᠵᠦ ᠪᠠᠢᠵᠤ ᠬᠠᠮᠲᠤ ᠣᠯᠠᠨ ᠲᠠᠢ ᠪᠠᠨ ᠨᠢᠭᠡ ᠴᠣᠭᠴᠠ ᠪᠣᠯᠵᠤ ᠤᠷᠤᠭᠰᠢᠯᠠᠵᠤ ᠴᠢᠳᠠᠨ᠎ᠠ᠃ 
ᠭᠤᠷᠪᠠ ᠂ ᠵᠥᠪ ᠰᠢᠢᠳᠪᠦᠷᠢ ᠭᠠᠷᠭᠠᠵᠤ ᠴᠢᠳᠠᠬᠤ 
ᠵᠥᠪ ᠰᠢᠢᠳᠪᠦᠷᠢ ᠭᠠᠷᠭᠠᠬᠤ ᠳ᠋ᠤ᠌ ᠭᠣᠣᠯ ᠨᠢ ᠠᠵᠠ ᠵᠠᠪᠰᠢᠶᠠᠨ ᠪᠠ ᠠᠶᠤᠯ ᠲᠦᠭᠰᠢᠭᠦᠷᠢ « ᠠᠯᠳᠠᠬᠤ ᠪᠣᠯᠤᠮᠵᠢ ᠶ᠋ᠢ ᠬᠡᠯᠡᠵᠦ ᠪᠣᠢ » ᠶ᠋ᠢ ᠵᠥᠪ ᠮᠠᠭᠠᠳᠯᠠᠵᠤ ᠰᠤᠷᠤᠨ᠎ᠠ᠃ ᠡᠷᠳᠡᠮᠲᠡᠳ ᠦ᠋ᠨ ᠰᠤᠳᠤᠯᠤᠭᠰᠠᠨ ᠢ᠋ᠶ᠋ᠠᠷ᠂ ᠶᠠᠮᠠᠷ ᠨᠢᠭᠡᠨ ᠠᠵᠢᠯ ᠬᠡᠷᠡᠭ ᠦ᠋ᠨ ᠠᠵᠠ ᠵᠠᠪᠰᠢᠶᠠᠨ᠂ ᠥᠭᠡᠷ᠎ᠡ ᠪᠡᠷ ᠬᠡᠯᠡᠪᠡᠯ ᠪᠦᠲᠦᠬᠦ ᠪᠣᠯᠤᠮᠵᠢ ᠨᠢ ᠠᠷᠪᠠᠨ ᠤ᠋ ᠵᠢᠷᠭᠤᠭᠠᠨ ᠬᠤᠪᠢ ᠠ᠋ᠴᠠ ᠳᠡᠭᠡᠭᠰᠢ ᠪᠠᠢᠪᠠᠯ ᠡᠨᠡ ᠠᠵᠢᠯ ᠢ᠋ ᠬᠢᠵᠦ ᠪᠣᠯᠤᠨ᠎ᠠ ᠭᠡᠰᠡᠨ ᠦᠭᠡ᠃ ᠡᠭᠦᠨ ᠡᠴᠡ ᠠᠬᠢᠭᠤᠯᠤᠭᠠᠳ ᠠᠴᠠ ᠵᠠᠪᠰᠢᠶᠠᠨ ᠨᠢ ᠠᠷᠪᠠᠨ ᠤ᠋ ᠳᠣᠯᠣᠭ᠎ᠠ ᠬᠦᠷᠬᠦ ᠶᠦᠮ ᠪᠣᠯ ᠨᠡᠩ ᠬᠢᠬᠦ ᠴᠢᠬᠤᠯᠠ ᠲᠠᠢ ᠪᠣᠯᠤᠯ᠎ᠠ ᠭᠡᠰᠡᠨ ᠦᠭᠡ᠃ ᠭᠡᠪᠡᠴᠦ ᠪᠦᠲᠦᠬᠦ ᠪᠣᠯᠤᠮᠵᠢ ᠨᠢ ᠡᠭᠦᠨ ᠡᠴᠡ ᠥᠨᠳᠥᠷ ᠪᠣᠯᠤᠭᠠᠳ᠂ ᠠᠶᠤᠯ ᠲᠦᠭᠰᠢᠭᠦᠷᠢ᠂ ᠥᠭᠡᠷ᠎ᠡ ᠪᠡᠷ  ᠬᠡᠯᠡᠪᠡᠯ᠂ ᠪᠦᠲᠦᠬᠦ ᠦᠭᠡᠢ ᠪᠣᠯᠤᠮᠵᠢ ᠨᠢ ᠠᠷᠪᠠᠨ ᠤ᠋ ᠭᠤᠷᠪᠠᠨ ᠬᠤᠪᠢ ᠠ᠋ᠴᠠ ᠳᠣᠣᠷ᠎ᠠ ᠪᠣᠯᠬᠤ ᠶ᠋ᠢ ᠬᠦᠯᠢᠶᠡᠬᠦ ᠳ᠋ᠦ᠍ ᠬᠦᠷᠪᠡᠯ ᠲᠠ ᠠᠵᠠ ᠵᠠᠪᠰᠢᠶᠠᠨ ᠢ᠋ᠶ᠋ᠠᠨ ᠴᠤ᠌ ᠵᠡᠷᠭᠡ ᠪᠡᠷ ᠠᠯᠳᠠᠨ᠎ᠠ᠃ ᠡᠢᠮᠦ  ᠡᠴᠡ ᠤᠳᠤᠷᠢᠳᠤᠭᠴᠢ ᠪᠣᠯᠣᠭᠰᠠᠳ ᠢᠷᠡᠭᠡᠳᠦᠢ ᠳ᠋ᠦ᠍ ᠴᠢᠭᠯᠡᠭᠰᠡᠨ ᠪᠣᠳᠣᠯᠭ᠎ᠠ ᠭᠠᠷᠭᠠᠬᠤ ᠳ᠋ᠠᠭᠠᠨ ᠡᠨᠡᠬᠦ ᠬᠠᠷᠢᠴᠠᠯ ᠢ᠋ ᠵᠥᠪ ᠲᠠᠨᠢᠵᠤ᠂ ᠵᠥᠪ ᠰᠢᠢᠳᠪᠦᠷᠢ ᠭᠠᠷᠭᠠᠬᠤ ᠬᠡᠷᠡᠭᠲᠡᠢ᠃ ᠤᠴᠢᠷ ᠨᠢ ᠪᠦᠷᠢᠮᠦᠰᠦᠨ ᠠᠶᠤᠯ ᠲᠦᠭᠰᠢᠭᠦᠷᠢ ᠦᠭᠡᠢ ᠠᠵᠢᠯ ᠲᠥᠷᠥᠯ ᠭᠡᠵᠦ ᠪᠠᠢᠳᠠᠭ ᠦᠭᠡᠢ᠂ ᠬᠠᠷᠢᠨ ᠶᠠᠮᠠᠷ ᠴᠤ᠌ ᠠᠵᠢᠯ ᠳ᠋ᠤ᠌ ᠠᠵᠠ ᠵᠠᠪᠰᠢᠶᠠᠨ ᠪᠠ ᠠᠶᠤᠯ ᠲᠦᠭᠰᠢᠭᠦᠷᠢ ᠵᠡᠷᠭᠡ ᠪᠡᠷ ᠣᠷᠣᠰᠢᠳᠠᠭ᠃ ᠠᠶᠤᠯ ᠲᠦᠭᠰᠢᠭᠦᠷᠢ ᠦᠭᠡᠢ ᠠᠵᠢᠯ ᠲᠥᠷᠥᠯ ᠪᠣᠯ ᠠᠵᠠ ᠵᠠᠪᠰᠢᠶᠠᠨ ᠴᠤ᠌ ᠠᠯᠠᠭ᠎ᠠ ᠭᠡᠰᠡᠨ ᠦᠭᠡ ᠯᠡ ᠳᠡ᠃ ᠤᠳᠤᠷᠢᠳᠬᠤ ᠴᠢᠳᠠᠪᠤᠷᠢ ᠶ᠋ᠢ ᠪᠣᠢ ᠪᠣᠯᠭᠠᠵᠤ᠂ ᠰᠠᠢᠨ ᠤᠳᠤᠷᠢᠳᠤᠭᠴᠢ ᠪᠣᠯᠬᠤ ᠨᠢ ᠮᠠᠨ ᠤ᠋ ᠤᠭ ᠤ᠋ᠨ ᠪᠣᠳᠣᠳᠠᠭ ᠰᠢᠭ᠋ ᠲᠡᠢᠮᠦ ᠴᠦ᠍ ᠲᠣᠮᠣ ᠶᠠᠭᠤᠮ᠎ᠠ ᠪᠢᠰᠢ᠃ ᠬᠠᠷᠢᠨ ᠪᠢᠳᠡ ᠪᠦᠬᠦᠨ ᠳ᠋ᠦ᠍ ᠪᠠᠢᠬᠤ᠂ ᠪᠠᠢᠵᠤ ᠮᠡᠳᠡᠬᠦ᠂ ᠪᠠᠢᠬᠤ ᠬᠡᠷᠡᠭᠲᠡᠢ ᠦᠨᠳᠦᠰᠦᠨ ᠴᠢᠳᠠᠪᠤᠷᠢ ᠶᠤᠮ᠃ ᠰᠠᠢᠨ ᠤᠳᠤᠷᠢᠳᠤᠭᠴᠢ ᠪᠣᠯᠵᠤ ᠴᠢᠳᠠᠪᠠᠯ  ᠶᠠᠭᠤ ᠬᠢᠭᠰᠡᠨ ᠴᠦ᠍ ᠭᠣᠣᠯ ᠳᠡᠳ᠋ ᠢ᠋ ᠢᠯᠭᠠᠨ᠂ ᠪᠦᠬᠦ ᠲᠠᠯ᠎ᠠ ᠡᠴᠡ ᠠᠰᠠᠭᠤᠳᠠᠯ ᠢ᠋ ᠬᠠᠷᠠᠵᠤ᠂ ᠵᠣᠷᠢᠯᠲᠠ ᠲᠣᠳᠣᠷᠬᠠᠢ᠂ ᠢᠷᠡᠭᠡᠳᠦᠢ ᠳ᠋ᠦ᠍ ᠴᠢᠭᠯᠡᠭᠰᠡᠨ ᠵᠥᠪ ᠰᠢᠢᠳᠪᠦᠷᠢ ᠭᠠᠷᠭᠠᠨ᠂ ᠬᠥᠮᠦᠰ  ᠦ᠋ᠨ ᠬᠠᠷᠢᠴᠠᠭ᠎ᠠ ᠶ᠋ᠢ ᠵᠥᠪ ᠰᠢᠢᠪᠤᠷᠢᠯᠠᠵᠤ᠂ ᠥᠪᠡᠷ ᠦ᠋ᠨ᠂ ᠬᠠᠮᠲᠤ ᠣᠯᠠᠨ ᠤ᠋ ᠪᠠᠨ ᠠᠵᠢᠯ ᠲᠥᠷᠥᠯ ᠢ᠋ ᠬᠥᠭᠵᠢᠭᠦᠯᠵᠦ ᠴᠢᠳᠠᠬᠤ ᠨᠢ ᠯᠠᠪᠲᠠᠢ᠃

 ᠦᠰᠦᠭ ᠬᠥᠷᠪᠡᠭᠦᠯᠦᠭᠴᠢ ᠄ ᠤᠷᠢᠶᠠᠩᠬᠠᠢ ᠨᠠᠷᠠᠨᠮᠠᠨᠳᠠ