ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠨᠢᠭᠡᠳᠦᠭᠡᠷ ᠪᠦᠯᠦᠭ<1> Монгол үндэстний шалгарсан ардчилсан хувьсгалч Шинэлам - Нэгдүгээр бүлэг–1
ᠨᠢᠭᠡᠳᠦᠭᠡᠷ ᠪᠦᠯᠦᠭ ᠂ ᠦᠦᠰᠢᠨ ᠬᠣᠰᠢᠭᠤᠨ ᠤ ᠲᠡᠦᠬᠡᠨ ᠪᠠᠢᠳᠠᠯ
ᠨᠢᠭᠡ᠂ ᠦᠦᠰᠢᠨ ᠬᠣᠰᠢᠭᠤᠨ ᠤ ᠨᠤᠲᠤᠭ ᠳᠡᠪᠢᠰᠭᠡᠷ
ᠦᠦᠰᠢᠨ ᠬᠣᠰᠢᠭᠤ ᠤᠭ ᠲᠠᠭᠠᠨ ᠬᠣᠢᠲᠤ ᠵᠠᠬ᠎ᠠ ᠨᠢ ᠵᠣᠣ ᠶ᠋ᠢᠨ ᠴᠠᠭᠠᠨ᠌ᠣᠪᠤᠭᠠ᠂ ᠵᠡᠭᠦᠨ ᠵᠠᠬ᠎ᠠ ᠨᠢ ᠴᠠᠭᠠᠨᠴᠢᠯᠠᠭᠤᠲᠤ᠂ ᠡᠮᠦᠨ᠎ᠡ ᠵᠠᠬ᠎ᠠ ᠨᠢ ᠤᠷᠲᠤ ᠴᠠᠭᠠᠨ ᠬᠡᠷᠡᠮ᠂ ᠪᠠᠷᠠᠭᠤᠨ ᠵᠠᠬ᠎ᠠ ᠨᠢ ᠠᠭᠤᠯᠵᠠᠷ ᠤ᠋ᠨ ᠡᠷᠢᠶᠡᠨ ᠲᠣᠯᠣᠭᠠᠢ ᠪᠠᠢᠵᠠᠢ᠃ ᠵᠠᠷᠢᠮ ᠪᠢᠴᠢᠭ ᠲᠦ᠍ ᠪᠠᠷᠠᠭᠤᠨ ᠵᠠᠬ᠎ᠠ ᠶ᠋ᠢ ᠨᠢ ᠲᠦᠭᠦᠬᠡᠢ ᠲᠣᠭᠣᠷᠢᠮ ᠭᠡᠵᠦ ᠬᠡᠯᠡᠳᠡᠭ᠃ ᠥᠨᠥ ᠶ᠋ᠢᠨ ᠭᠠᠯᠠᠭᠤᠲᠤ ᠰᠤᠮᠤᠨ ᠤ᠋ ᠰᠠᠷᠠᠭᠤᠯᠨᠤᠲᠤᠭ ᠭᠠᠴᠠᠭᠠᠨ ᠳ᠋ᠤ᠌ ᠮᠠᠰᠢᠪᠢᠯᠢᠭ᠌ ᠨᠠᠰᠤᠲᠠᠨ ᠤ᠋ ᠡᠴᠢᠭᠡ ᠰᠠᠢᠨᠴᠡᠩᠬᠡᠯ᠂ ᠷᠠᠪᠳᠠᠨ ᠨᠠᠰᠤᠲᠠᠨ ᠤ᠋ ᠡᠴᠢᠭᠡ ᠪᠠᠶᠠᠨᠳᠤᠷᠵᠢ ᠪᠣᠯ 20 ᠳ᠋ᠤᠭᠠᠷ ᠵᠠᠭᠤᠨ ᠤ᠋ ᠳᠠᠯᠠᠭᠠᠳ ᠣᠨ ᠳ᠋ᠤ᠌ ᠠᠮᠢᠳᠤᠷᠠᠵᠤ ᠪᠠᠢᠭᠰᠠᠨ ᠬᠥᠮᠦᠰ᠂ ᠲᠡᠳᠡ ᠥᠪᠡᠷ ᠢ᠋ ᠪᠡᠨ ᠥᠨᠥ ᠶ᠋ᠢᠨ ᠱᠡᠨᠰᠢ ᠮᠣᠵᠢ ᠶ᠋ᠢᠨ ᠵᠢᠩᠪᠢᠶᠡᠨ ᠰᠢᠶᠠᠨ ᠤ᠋ ᠪᠠᠷᠠᠭᠤᠨ ᠬᠣᠢᠨᠠᠬᠢ ᠳ᠋ᠦᠢ᠍ᠽ ᠯᠢᠶᠠᠩ ᠤ᠋ᠨ ᠪᠠᠷᠠᠭᠤᠨ ᠡᠮᠦᠨᠡᠬᠢ ᠲᠦᠭᠦᠬᠡᠢ ᠲᠣᠭᠣᠷᠢᠮ ᠠ᠋ᠴᠠ ᠡᠨᠳᠡ ᠨᠡᠭᠦᠳᠡᠯᠯᠡᠵᠦ ᠢᠷᠡᠭᠰᠡᠨ ᠮᠣᠩᠭᠣᠯᠴᠤᠳ ᠭᠡᠵᠦ ᠬᠡᠯᠡᠯᠴᠡᠵᠦ ᠪᠠᠢᠵᠠᠢ᠃ ᠦᠵᠡᠬᠦ ᠳ᠋ᠦ᠍ ᠬᠢᠲᠠᠳ ᠬᠥᠮᠦᠰ ᠲᠡᠢ ᠠᠳᠠᠯᠢᠪᠲᠤᠷ ᠮᠣᠩᠭᠣᠯ ᠬᠥᠮᠦᠨ ᠪᠠᠢᠭᠰᠠᠨ ᠁ ᠡᠢᠮᠦ ᠡᠴᠡ ᠲᠦᠭᠦᠬᠡᠢ ᠲᠣᠭᠣᠷᠢᠮ ᠴᠤ᠌ ᠡᠷᠲᠡ ᠳ᠋ᠡᠭᠡᠨ ᠦᠦᠰᠢᠨ ᠦ᠌ ᠬᠠᠷᠢᠶᠠᠨ ᠳ᠋ᠤ᠌ ᠪᠠᠢᠭᠰᠠᠨ ᠮᠠᠭᠠᠳ᠃
ᠦᠦᠰᠢᠨ ᠬᠤᠰᠢᠭᠤᠨ ᠤ᠋ ᠡᠮᠦᠨ᠎ᠡ ᠲᠠᠯ᠎ᠠ ᠨᠢ ᠤᠷᠲᠤ ᠴᠠᠭᠠᠨ ᠬᠡᠷᠡᠮ᠂ ᠪᠠᠷᠠᠭᠤᠨ ᠡᠮᠦᠨ᠎ᠡ ᠠᠭᠤᠯᠵᠠᠷ ᠨᠢ ᠲᠠᠭᠠᠷ ᠬᠣᠲᠠ(ᠬᠠᠭᠤᠴᠢᠨ ᠵᠢᠩᠪᠢᠶᠡᠨ ᠰᠢᠶᠠᠨ ᠤ᠋ ᠬᠣᠲᠠ) ᠶ᠋ᠢᠨ ᠪᠠᠷᠠᠭᠤᠨ ᠬᠣᠢᠲᠤ ᠴᠠᠭᠠᠨ ᠬᠡᠷᠡᠮ ᠡᠴᠡ ᠪᠠᠷᠠᠭᠤᠨ ᠬᠣᠢᠰᠢ ᠪᠠᠢ ᠶ᠋ᠢᠨ ᠠᠭᠤᠯᠠ ᠶ᠋ᠢᠨ ᠠᠷᠤ ᠪᠠᠷ ᠦᠷᠭᠦᠯᠵᠢᠯᠡᠵᠦ ᠳᠥᠷᠪᠡᠨ ᠮᠣᠳᠣᠨ ᠲᠠᠯ᠎ᠠ ᠲᠦᠭᠦᠬᠡᠢ ᠲᠣᠭᠣᠷᠢᠮ ᠢ᠋ᠶ᠋ᠠᠷ ᠬᠣᠢᠰᠢᠯᠠᠵᠤ ᠪᠠᠶᠠᠨ ᠳᠠᠷᠠᠰᠤ᠂ ᠵᠠᠯᠭᠠᠭᠠᠳ ᠬᠠᠷ᠎ᠠ ᠡᠷᠭᠢ ᠪᠡᠷ ᠵᠡᠭᠦᠨ ᠬᠣᠢᠰᠢᠯᠠᠨ ᠴᠠᠮᠬᠠᠭ ᠤ᠋ᠨ ᠴᠠᠢᠳᠠᠮ ᠤ᠋ᠨ ᠡᠬᠢ ᠪᠡᠷ ᠪᠣᠷᠣᠬᠥ᠋ᠳᠡᠭᠡ ᠳᠠᠭᠠᠤ ᠪᠠᠭ᠎ᠠ ᠰᠢᠯᠢ ᠵᠢᠭᠢ ᠣᠷᠴᠢᠮ ᠢ᠋ᠶ᠋ᠠᠷ ᠵᠡᠭᠦᠨ ᠬᠣᠢᠰᠢᠲᠤ ᠠᠭᠤᠯᠵᠠᠷ ᠤ᠋ᠨ ᠡᠷᠢᠶᠡᠨ ᠲᠣᠯᠣᠭᠠᠢ ᠬᠦᠷᠴᠦ᠂ ᠳᠠᠬᠢᠭᠠᠳ ᠵᠡᠭᠦᠨ ᠬᠣᠢᠰᠢᠯᠠᠨ ᠬᠠᠩᠭᠢᠨ ᠰᠡᠪᠬᠦᠯ ᠦ᠋ᠨ ᠬᠣᠢᠲᠤ ᠲᠠᠪᠤᠨ ᠲᠣᠯᠣᠭᠠᠢ ᠶ᠋ᠢᠨ ᠡᠩᠭᠡᠷ ᠡᠴᠡ ᠵᠡᠭᠦᠨ ᠬᠣᠢᠰᠢ ᠤᠯᠠᠭᠠᠨ ᠡᠷᠭᠢ ᠶ᠋ᠢᠨ ᠬᠣᠢᠲᠤ ᠲᠠᠯ᠎ᠠ ᠪᠠᠷ᠂ ᠬᠠᠷ᠎ᠠ ᠱᠣᠷᠣᠩ᠂ ᠳᠠᠷᠠᠰᠤᠲᠤ ᠭᠣᠳᠣᠩ᠂ (ᠰᠡᠷᠵᠢᠨᠢᠨ᠌ᠭᠦᠦ ᠶ᠋ᠢᠨ ᠨᠤᠲᠤᠭ) ᠬᠣᠯᠪᠤᠭᠠᠯᠵᠢ ᠶ᠋ᠢᠨ ᠨᠠᠭᠤᠷ ᠤ᠋ᠨ ᠡᠬᠢ ᠪᠡᠷ ᠲᠣᠬᠣᠢ ᠶ᠋ᠢᠨ ᠴᠠᠢᠳᠠᠮ ᠤ᠋ᠨ ᠳᠤᠮᠳᠠᠭᠤᠷ ᠦᠷᠭᠦᠯᠵᠢᠯᠡᠨ ᠵᠡᠭᠦᠨ ᠬᠣᠢᠰᠢᠯᠠᠵᠤ ᠭᠠᠷᠤᠳᠢ ᠲᠠᠢᠵᠢ ᠶ᠋ᠢᠨ ᠮᠠᠨᠢ ᠪᠠᠷ ᠦᠷᠭᠦᠯᠵᠢᠯᠡᠨ ᠠᠭᠤᠢ ᠶ᠋ᠢᠨ ᠲᠠᠯ᠎ᠠ ᠶ᠋ᠢᠨ ᠬᠣᠢᠭᠤᠷ ᠪᠠᠭ᠎ᠠ ᠴᠠᠢᠳᠠᠮ᠂ ᠮᠣᠳᠣᠲᠤ ᠴᠠᠭᠠᠨ ᠨᠠᠭᠤᠷ ᠤ᠋ᠨ ᠳᠤᠮᠳᠠᠭᠤᠷ ᠵᠡᠭᠦᠨᠰᠢᠯᠡᠨ ᠦᠮᠡᠬᠡᠢ ᠨᠠᠭᠤᠷ ᠤ᠋ᠨ ᠬᠥᠯ ᠢ᠋ᠶ᠋ᠡᠷ ᠵᠡᠭᠦᠨ ᠡᠮᠦᠨᠡᠰᠢ ᠬᠠᠨᠳᠤᠵᠤ᠂ ᠵᠤᠯᠠ ᠶ᠋ᠢᠨ ᠣᠪᠣᠭ᠎ᠠ ᠶ᠋ᠢᠨ ᠠᠷᠤ ᠪᠠᠷ ᠮᠥᠨ ᠵᠡᠭᠦᠨ ᠡᠮᠦᠨᠡᠰᠢᠯᠡᠵᠦ ᠪᠠᠪᠠᠨᠳᠠᠢ ᠶ᠋ᠢᠨ ᠡᠬᠢ ᠬᠦᠷᠦᠭᠡᠳ ᠡᠮᠦᠨᠡᠰᠢᠯᠡᠵᠦ ᠪᠠᠢᠭᠰᠠᠭᠠᠷ ᠪᠠᠷᠠᠭᠤᠨ ᠡᠮᠦᠨᠡᠰᠢ ᠪᠣᠯᠬᠤ ᠳ᠋ᠤ᠌ ᠦᠦᠰᠢᠨ ᠲᠠᠪᠢᠨ ᠤ᠋ ᠭᠠᠵᠠᠷ ᠪᠣᠯᠤᠨ᠎ᠠ᠃ ᠦᠦᠰᠢᠨ ᠲᠠᠪᠢᠨ ᠤ᠋ ᠭᠠᠵᠠᠷ ᠠ᠋ᠴᠠ ᠡᠮᠦᠨᠡᠰᠢ ᠪᠡᠨ ᠪᠤᠬᠠᠨᠳᠠᠢ᠂ ᠨᠠᠷᠢᠨ ᠰᠢᠯᠢ ᠶ᠋ᠢᠨ ᠵᠡᠭᠦᠨ ᠬᠠᠪᠢᠷᠭ᠎ᠠ ᠪᠠᠷ ᠦᠷᠭᠦᠯᠵᠢᠯᠡᠨ ᠡᠮᠦᠨᠡᠰᠢᠯᠡᠵᠦ ᠴᠠᠭᠠᠨ ᠴᠢᠯᠠᠭᠤᠲᠤ (ᠬᠡᠳᠦᠨ ᠬᠤᠰᠢᠭᠤᠨ ᠤ᠋ ᠠᠭᠤᠯᠵᠠᠷ ᠤ᠋ᠨ ᠭᠠᠵᠠᠷ)᠂ ᠵᠡᠭᠦᠨ ᠡᠮᠦᠨᠡᠰᠢ ᠪᠡᠨ ᠪᠣᠭᠣᠳᠠᠭ ᠤ᠋ᠨ ᠰᠢᠯᠢ ᠶ᠋ᠢᠨ ᠪᠠᠷᠠᠭᠤᠨ ᠬᠠᠪᠢᠷᠭ᠎ᠠ ᠪᠠᠷ ᠬᠠᠪᠲᠠᠷᠬᠠᠢ ᠶ᠋ᠢᠨ ᠠᠭᠤᠢ᠂ ᠤᠷᠤᠭᠰᠢ ᠪᠠᠨ ᠵᠡᠭᠦᠨ ᠡᠮᠦᠨᠡᠬᠢ ᠴᠠᠭᠠᠨ ᠬᠡᠷᠡᠮ ᠲᠤᠯᠤᠨ᠎ᠠ᠃ ᠡᠨᠡ ᠪᠣᠯ ᠦᠦᠰᠢᠨ ᠬᠣᠰᠢᠭᠤ ᠶ᠋ᠢ ᠠᠩᠬ᠎ᠠ ᠡᠶᠡᠪᠡᠷ ᠵᠠᠰᠠᠭᠴᠢ ᠶ᠋ᠢᠨ ᠵᠢᠷᠭᠤᠳᠤᠭᠠᠷ ᠣᠨ ᠳᠠᠷᠤᠢ ᠨᠡᠢᠲᠡ ᠶ᠋ᠢᠨ ᠣᠨ ᠲᠣᠭᠠᠯᠠᠯ ᠤ᠋ᠨ 1649 ᠣᠨ ᠳ᠋ᠤ᠌ ᠮᠠᠨᠵᠤ ᠴᠢᠩ ᠤᠯᠤᠰ ᠤ᠋ᠨ ᠲᠥᠷᠥ ᠡᠴᠡ ᠣᠷᠳᠣᠰ ᠢ᠋ ᠵᠢᠷᠭᠤᠭᠠᠨ ᠬᠣᠰᠢᠭᠤ ᠪᠣᠯᠭᠠᠨ ᠬᠤᠪᠢᠶᠠᠬᠤ ᠳ᠋ᠤ᠌ ᠪᠣᠳᠢᠵᠠᠶᠠᠭᠠ ᠶ᠋ᠢᠨ ᠠᠬᠠᠮᠠᠳ ᠬᠥᠪᠡᠭᠦᠨ ᠷᠢᠨᠴᠢᠨ ᠳ᠋ᠦ᠍ ᠦᠶ᠎ᠡ ᠤᠯᠠᠷᠢᠨ ᠵᠠᠯᠭᠠᠮᠵᠢᠯᠠᠬᠤ ᠦᠦᠰᠢᠨ ᠬᠤᠰᠢᠭᠤᠨ ᠤ᠋ ᠵᠠᠰᠠᠭ ᠪᠠᠢᠰᠠ ᠶ᠋ᠢᠨ ᠵᠡᠷᠭᠡ ᠣᠯᠭᠣᠵᠤ ᠬᠤᠪᠢᠶᠠᠨ ᠬᠠᠷᠢᠶᠠᠯᠠᠭᠤᠯᠤᠭᠰᠠᠨ ᠣᠷᠳᠣᠰ ᠪᠠᠷᠠᠭᠤᠨ ᠭᠠᠷ ᠤ᠋ᠨ ᠡᠮᠦᠨᠡᠲᠦ ᠬᠣᠰᠢᠭᠤ ᠪᠣᠯᠤᠨ᠎ᠠ᠃ ᠬᠣᠵᠢᠮ ᠨᠢ ᠦᠦᠰᠢᠨ ᠬᠣᠰᠢᠭᠤ ᠭᠡᠮᠡᠨ ᠨᠡᠷᠡᠯᠡᠬᠦ ᠪᠣᠯᠵᠠᠢ᠃ ᠪᠠᠷᠤᠭᠯᠠᠪᠠᠯ25000 ᠲᠡᠭᠰᠢ ᠳᠥᠷᠪᠡᠯᠵᠢᠨ ᠺᠢᠯᠣᠮᠧᠲ᠋ᠷ ᠭᠠᠵᠠᠷ ᠪᠠᠢᠵᠠᠢ᠃ ᠲᠩᠷᠢ ᠲᠡᠳᠬᠦᠭᠴᠢ ᠶ᠋ᠢᠨ ᠲᠡᠷᠢᠭᠦᠨ ᠣᠨ(1736 ᠣᠨ) ᠦᠦᠰᠢᠨ ᠬᠤᠰᠢᠭᠤᠨ ᠤ᠋ ᠵᠡᠭᠦᠨ ᠲᠤᠰᠠᠯᠠᠭᠴᠢ ᠳᠠᠨᠽᠡᠷᠠᠰᠢ ᠶ᠋ᠢᠨ ᠴᠡᠷᠢᠭ ᠦ᠋ᠨ ᠭᠠᠪᠢᠶ᠎ᠠ ᠳ᠋ᠤ᠌ ᠵᠠᠰᠠᠭ ᠲᠠᠢᠵᠢ ᠪᠣᠯᠤᠭᠰᠠᠨ ᠤᠴᠢᠷ ᠦᠦᠰᠢᠨ ᠬᠤᠰᠢᠭᠤᠨ ᠤ᠋ ᠵᠡᠭᠦᠨ ᠭᠤᠷᠪᠠᠨ ᠬᠠᠷᠢᠶ᠎ᠠ ᠶ᠋ᠢ ᠰᠠᠯᠭᠠᠵᠤ ᠨᠢᠭᠡ ᠬᠣᠰᠢᠭᠤ ᠪᠣᠯᠭᠠᠨ ᠣᠷᠳᠣᠰ ᠤ᠋ᠨ ᠪᠠᠷᠠᠭᠤᠨ ᠭᠠᠷ ᠤ᠋ᠨ ᠡᠮᠦᠨᠡᠲᠦ ᠠᠳᠠᠭ ᠬᠣᠰᠢᠭᠤ ᠭᠡᠵᠦ ᠨᠡᠷᠡᠯᠡᠨ ᠲᠣᠭᠲᠠᠭᠠᠭᠠᠳ ᠵᠠᠰᠠᠭ ᠲᠠᠢᠵᠢ ᠳᠠᠨᠽᠠᠷᠠᠰᠢ ᠪᠠᠷ ᠵᠠᠬᠢᠷᠤᠭᠤᠯᠵᠤ᠂ ᠵᠠᠰᠠᠭ ᠲᠠᠢᠵᠢ ᠵᠠᠬᠢᠷᠤᠭᠰᠠᠨ ᠬᠣᠰᠢᠭᠤ ᠪᠣᠯᠤᠨ ᠵᠠᠰᠠᠭ ᠲᠠᠢᠵᠢ ᠶ᠋ᠢᠨ ᠬᠣᠰᠢᠭᠤ ᠶ᠋ᠢ ᠬᠣᠵᠢᠮ ᠨᠢ ᠵᠠᠰᠠᠭ ᠬᠣᠰᠢᠭᠤ ᠭᠡᠵᠦ ᠨᠡᠷᠡᠯᠡᠬᠦ ᠪᠣᠯᠵᠠᠢ᠃ ᠢᠩᠭᠢᠭᠡᠳ ᠵᠠᠰᠠᠭ ᠬᠣᠰᠢᠭᠤ ᠰᠠᠯᠬᠤ ᠦᠶ᠎ᠡ ᠳ᠋ᠦ᠍ ᠳᠠᠨᠽᠠᠷᠠᠰᠢ ᠵᠠᠰᠠᠭ ᠲᠠᠢᠵᠢ ᠳ᠋ᠤ᠌ ᠬᠤᠪᠢᠶᠠᠭᠰᠠᠨ ᠭᠠᠵᠠᠷ ᠪᠣᠯ ᠴᠠᠭᠠᠨ ᠴᠢᠯᠠᠭᠤᠲᠤ ᠠ᠋ᠴᠠ ᠪᠠᠷᠠᠭᠤᠨ ᠡᠮᠦᠨᠡᠰᠢ ᠲᠣᠢᠭ ᠤ᠋ᠨ ᠣᠷᠣᠢ ᠪᠠᠷ ᠴᠠᠭᠠᠨ ᠨᠠᠭᠤᠷ ᠤ᠋ᠨ ᠳᠤᠮᠳᠠᠭᠤᠷ ᠤᠷᠤᠭᠰᠢᠯᠠᠵᠤ ᠰᠢᠪᠠᠷᠲᠠᠢ᠂ ᠪᠠᠭ᠎ᠠ ᠪᠣᠳᠣᠩ ᠤ᠋ᠨ ᠣᠷᠴᠢᠮ ᠢ᠋ᠶ᠋ᠠᠷ ᠬᠠᠪᠳᠠᠷᠬᠠᠢ ᠶ᠋ᠢᠨ ᠠᠭᠤᠢ ᠬᠦᠷᠦᠨ᠎ᠡ᠃
ᠭᠡᠪᠡᠴᠦ ᠮᠠᠨᠵᠤ ᠴᠢᠩ ᠤᠯᠤᠰ ᠤ᠋ᠨ ᠡᠩᠬᠡ ᠠᠮᠤᠭᠤᠯᠠᠩ ᠤ᠋ᠨ ᠲᠠᠪᠢᠨ ᠨᠠᠢ᠍ᠮᠠᠳᠤᠭᠠᠷ ᠣᠨ(1719 ᠣᠨ) ᠠ᠋ᠴᠠ ᠡᠬᠢᠯᠡᠵᠦ ᠲᠥᠷᠥ ᠶ᠋ᠢᠨ ᠵᠥᠪᠰᠢᠶᠡᠷᠡᠯ ᠢ᠋ᠶ᠋ᠡᠷ ᠤᠷᠲᠤ ᠴᠠᠭᠠᠨ ᠬᠡᠷᠡᠮ ᠡᠴᠡ ᠬᠣᠢᠰᠢᠬᠢ ᠭᠠᠵᠠᠷ ᠨᠤᠲᠤᠭ ᠢ᠋ ᠡᠬᠢᠯᠡᠵᠦ ᠳᠠᠩ ᠭᠠᠭᠴᠠ ᠲᠠᠷᠢᠶᠠᠴᠢᠨ ᠢ᠋ᠶ᠋ᠠᠷ ᠲᠦᠷᠢᠶᠡᠰᠦᠯᠡᠨ ᠲᠠᠷᠢᠭᠤᠯᠬᠤ ᠪᠣᠯᠵᠠᠢ᠃ ᠲᠡᠭᠦᠨ ᠡᠴᠡ ᠬᠣᠢᠰᠢ ᠣᠯᠠᠨ ᠤᠳᠠᠭ᠎ᠠ ᠶᠡᠬᠡ ᠪᠠᠭ᠎ᠠ ᠠᠳᠠᠯᠢ ᠪᠤᠰᠤ ᠬᠡᠮᠵᠢᠶ᠎ᠡ ᠪᠡᠷ ᠤᠮᠠᠷᠠᠰᠢ ᠨᠡᠮᠡᠭᠳᠡᠭᠦᠯᠦᠨ ᠳᠠᠷᠢᠭᠤᠯᠤᠭᠰᠠᠭᠠᠷ ᠢᠯᠠᠩᠭᠤᠶ᠎ᠠ ᠪᠠᠳᠠᠷᠠᠭᠤᠯᠲᠤ ᠲᠥᠷᠥ ᠶ᠋ᠢᠨ ᠬᠣᠷᠢᠨ ᠨᠠᠢ᠍ᠮᠠᠳᠤᠭᠠᠷ ᠣᠨ(1902 ᠣᠨ) ᠠ᠋ᠴᠠ ᠢᠷᠭᠡᠨ ᠤᠯᠤᠰ ᠤ᠋ᠨ ᠡᠬᠢᠨ ᠦ᠌ ᠦᠶ᠎ᠡ ᠬᠦᠷᠲᠡᠯ᠎ᠡ ᠹᠧᠣᠳᠠᠯ ᠤ᠋ᠨ ᠨᠣᠶᠠᠳ ᠲᠦᠰᠢᠮᠡᠳ᠂ ᠭᠣᠮᠢᠨᠳᠠᠩ ᠤ᠋ᠨ ᠴᠡᠷᠢᠭ ᠦ᠋ᠨ ᠡᠷᠬᠡᠲᠡᠨ ᠦ᠌ ᠠᠲᠠᠷ ᠬᠠᠭᠠᠯᠪᠤᠷᠢᠯᠠᠬᠤ ᠣᠨᠴᠠᠭᠠᠢ ᠱᠠᠭᠠᠷᠳᠠᠯᠭ᠎ᠠ ᠠ᠋ᠴᠠ ᠪᠣᠯᠵᠤ ᠶᠡᠬᠡ ᠬᠡᠮᠵᠢᠶ᠎ᠡ ᠪᠡᠷ ᠲᠦᠷᠢᠶᠡᠰᠦᠯᠡᠨ ᠠᠲᠠᠷ ᠬᠠᠭᠠᠯᠪᠤᠷᠢᠯᠠᠭᠤᠯᠵᠤ ᠲᠠᠰᠤᠴᠢᠨ ᠬᠤᠳᠠᠯᠳᠤᠭᠰᠠᠨ ᠠ᠋ᠴᠠ ᠥᠨᠥᠳᠥᠷ ᠪᠣᠯᠬᠤ ᠳ᠋ᠤ᠌ ᠳᠥᠩᠭᠡᠵᠦ11600 ᠲᠡᠭᠰᠢ ᠳᠥᠷᠪᠡᠯᠵᠢᠨ ᠺᠢᠯᠣᠮᠧᠲ᠋ᠷ ᠨᠤᠲᠤᠭ ᠳᠡᠪᠢᠰᠬᠡᠷ ᠦᠯᠡᠳᠡᠭᠰᠡᠨ ᠶᠦᠮ᠃
ᠲᠡᠷᠡ ᠦᠶ᠎ᠡ ᠶ᠋ᠢᠨ ᠭᠠᠵᠠᠷ ᠨᠤᠲᠤᠭ ᠢ᠋ ᠬᠤᠪᠢᠶᠠᠭᠰᠠᠨ ᠨᠢ ᠥᠨᠥᠳᠥᠷ ᠦ᠋ᠨ ᠮᠡᠲᠦ ᠮᠠᠰᠢᠨ ᠲᠣᠨᠣᠭᠯᠠᠯ ᠢ᠋ᠶ᠋ᠠᠷ ᠬᠡᠮᠵᠢᠵᠦ ᠭᠸᠤᠮᠸᠲ᠋ᠷ ᠤ᠋ᠨ ᠤᠬᠠᠭᠠᠨ ᠢ᠋ᠶ᠋ᠠᠷ ᠨᠠᠷᠢᠨ ᠨᠢᠭᠲᠠ ᠵᠢᠷᠤᠭᠯᠠᠵᠤ ᠲᠤᠰᠬᠠᠢ ᠲᠡᠮᠳᠡᠭ ᠴᠢᠳᠬᠤᠵᠤ ᠬᠠᠲᠠᠭᠰᠠᠨ ᠪᠢᠰᠢ ᠪᠠᠢᠵᠤ᠂ ᠶᠡᠷᠦᠩᠬᠡᠢ ᠳ᠋ᠡᠭᠡᠨ ᠮᠣᠷᠢᠨ ᠨᠢᠷᠤᠭᠤᠨ ᠳᠡᠭᠡᠷ᠎ᠡ ᠲᠠᠰᠢᠭᠤᠷ ᠤ᠋ᠨ ᠦᠵᠦᠭᠦᠷ ᠢ᠋ᠶ᠋ᠡᠷ ᠪᠠᠷᠤᠭᠴᠠᠯᠠᠨ ᠬᠤᠪᠢᠶᠠᠭᠰᠠᠨ ᠪᠤᠶᠤ ᠨᠡᠷ᠎ᠡ ᠠᠯᠳᠠᠷ ᠲᠠᠢ ᠲᠤᠬᠠᠢ ᠶ᠋ᠢᠨ ᠭᠠᠵᠠᠷ ᠤ᠋ᠨ ᠬᠥᠮᠦᠰ ᠮᠡᠳᠡᠳᠡᠭ ᠭᠠᠵᠠᠷ ᠢ᠋ᠶ᠋ᠠᠷ ᠲᠡᠮᠳᠡᠭᠯᠡᠵᠦ ᠬᠤᠪᠢᠶᠠᠭᠰᠠᠨ ᠭᠡᠵᠦ ᠦᠵᠡᠨ᠎ᠡ᠃
ᠦᠰᠦᠭ ᠠᠮᠢᠯᠠᠭᠤᠯᠤᠭᠴᠢ᠄ ᠰᠠᠷᠠᠨᠲᠤᠶᠠᠭ᠎ᠠ᠂ ᠪᠠᠯ᠂ ᠴᠡᠩᠬᠡᠯᠴᠡᠴᠡᠭ
ᠬᠢᠨᠠᠭᠴᠢ᠄ ᠲ·ᠬᠦᠮᠦᠵᠢᠯᠲᠦ ᠂ ᠠᠯᠲᠠᠨᠱᠠ᠂ ᠣᠳᠬᠣᠨᠴᠡᠴᠡᠭ᠂ ᠣᠶᠤᠨᠪᠠᠲᠤ᠂
ᠴᠤᠯᠮᠤᠨᠭᠡᠷᠡᠯ᠂ ᠣᠢᠭᠤᠷᠵᠢᠨ·ᠣᠳᠬᠣᠨᠪᠠᠪᠠ
