ᠬᠣᠷᠴᠢᠨ ᠠᠷᠠᠳ  ᠤ᠋ᠨ ᠳᠠᠭᠤᠤ  ᠶ᠋ᠢᠨ DJ ᠴᠥᠬᠥᠷᠡᠯᠭᠡХорчин ардын дуугийн DJ цөхрөлгө ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠷᠴᠢᠨ ᠠᠷᠠᠳ  ᠤ᠋ᠨ ᠳᠠᠭᠤᠤ  ᠶ᠋ᠢᠨ DJ ᠴᠥᠬᠥᠷᠡᠯᠭᠡХорчин ардын дуугийн DJ цөхрөлгө

ᠬᠣᠷᠴᠢᠨ ᠠᠷᠠᠳ  ᠤ᠋ᠨ ᠳᠠᠭᠤᠤ  ᠶ᠋ᠢᠨ DJ ᠴᠥᠬᠥᠷᠡᠯᠭᠡХорчин ардын дуугийн DJ цөхрөлгө

2025-08-12

1775

ᠬᠣᠷᠴᠢᠨ ᠠᠷᠠᠳ  ᠤ᠋ᠨ ᠳᠠᠭᠤᠤ  ᠶ᠋ᠢᠨ DJ ᠴᠥᠬᠥᠷᠡᠯᠭᠡ

   ᠬᠥᠭᠵᠢᠮ ᠨᠠᠢᠷᠠᠭᠤᠯᠤᠭᠴᠢ᠄ ᠲᠤᠩᠭᠠᠯᠠᠭ 

ᠭᠣᠣ ᠰᠢᠶᠣᠤ ᠵᠢᠶᠧ 
ᠳᠠᠭᠤᠴᠢᠨ᠄ ᠬᠦᠰᠡᠯ 
ᠠᠯᠲᠠᠨ ᠭᠠᠷᠤᠳᠢ ᠶ᠋ᠢᠨ ᠵᠤᠯᠵᠠᠭ᠎ᠠ ᠴᠢᠨᠢ ᠡᠭᠦᠷᠯᠡᠭᠰᠡᠨ ᠭᠠᠵᠠᠷ ᠠ᠋ ᠬᠦᠢ 
ᠠᠯᠲᠠᠨ ᠯᠤᠤ ᠶ᠋ᠢᠨ ᠵᠤᠯᠵᠠᠭ᠎ᠠ ᠴᠢᠨᠢ ᠢᠴᠡᠭᠡᠯᠡᠭᠰᠡᠨ ᠭᠠᠵᠠᠷ ᠠ᠋ ᠬᠦᠢ 
ᠠᠯᠲᠠᠨ ᠠᠰᠠᠷ ᠤ᠋ᠨ ᠯᠦᠩ ᠪᠤᠤ ᠳ᠋ᠢᠶᠠᠨ ᠢ᠋ ᠪᠠᠢᠭᠤᠯᠤᠭᠰᠠᠨ ᠭᠠᠵᠠᠷ ᠠ᠋ ᠬᠦᠢ 
ᠠᠩᠭ᠎ᠠ ᠪᠠᠭ᠎ᠠ ᠭᠣᠣ ᠰᠢᠶᠣᠤ ᠵᠢᠶᠧ ᠶ᠋ᠢ ᠮᠡᠨᠳᠦᠯᠡᠭᠰᠡᠨ ᠭᠠᠵᠠᠷ ᠠ᠋ ᠬᠦᠢ 

ᠡᠷᠳᠡᠨᠢ ᠶ᠋ᠢᠨ ᠯᠤᠤ ᠶ᠋ᠢᠨ ᠵᠤᠯᠵᠠᠭ᠎ᠠ ᠴᠢᠨᠢ ᠢᠴᠡᠭᠡᠯᠡᠭᠰᠡᠨ ᠭᠠᠵᠠᠷ ᠠ᠋ ᠬᠦᠢ
ᠡᠷᠳᠡᠨᠢ ᠶ᠋ᠢᠨ ᠦᠰᠦᠲᠦ ᠭᠠᠷᠤᠳᠢ ᠰᠢᠪᠠᠭᠤ ᠶ᠋ᠢᠨ ᠳᠡᠪᠳᠡᠷᠢᠭᠰᠡᠨ ᠭᠠᠵᠠᠷ ᠠ᠋ ᠬᠦᠢ
ᠡᠷᠳᠡᠨᠢ ᠶ᠋ᠢᠨ ᠬᠠᠷᠰᠢ ᠶ᠋ᠢᠨ ᠯᠤᠸᠠᠨ ᠳ᠋ᠢᠶᠠᠨ ᠢ᠋ ᠪᠠᠢᠭᠤᠯᠤᠭᠰᠠᠨ ᠭᠠᠵᠠᠷ ᠠ᠋ ᠬᠦᠢ
ᠥᠬᠢᠨ ᠪᠠᠭ᠎ᠠ ᠭᠣᠣ ᠰᠢᠶᠣᠤ ᠵᠢᠶᠧ ᠶ᠋ᠢ ᠲᠡᠷᠡ ᠭᠠᠵᠠᠷ ᠮᠡᠨᠳᠦᠯᠡᠵᠦ ᠪᠠ( ᠪᠢᠵᠡ) ᠬᠦᠢ

ᠰᠢᠨ ᠰᠢᠶᠣᠤ( ᠰᠢᠨᠱᠣᠸᠠᠷ)
ᠳᠠᠭᠤᠴᠢᠨ᠄ ᠵᠠᠩ ᠯᠢᠶᠠᠩ
ᠦᠷᠢᠯ ᠦ᠋ᠨ ᠮᠣᠳᠣ ᠪᠠᠨ ᠲᠠᠷᠢᠬᠤ ᠯᠠᠢ( ᠳ᠋ᠤ᠌) ᠬᠦᠢ
ᠦᠷᠢᠯ ᠢ᠋ ᠨᠢ ᠢᠳᠡᠶ᠎ᠡ ᠰᠠᠨᠠᠭᠰᠠᠨ ᠶᠤᠮ ᠠ᠋ ᠬᠦᠢ
ᠦᠷ᠎ᠡ ᠪᠠᠭ᠎ᠠ ᠰᠢᠨ ᠰᠢᠶᠣᠤ ᠶ᠋ᠢ ᠥᠰᠬᠡᠬᠦ ᠯᠠᠢ( ᠳ᠋ᠤ᠌) ᠬᠦᠢ
ᠬᠦᠴᠦ ᠶ᠋ᠢ ᠨᠢ ᠢᠳᠡᠶ᠎ᠡ ᠰᠠᠨᠠᠭᠰᠠᠨ ᠶᠤᠮ ᠠ᠋ ᠬᠦᠢ

ᠠᠯᠢᠮ᠎ᠠ ᠶ᠋ᠢᠨ ᠮᠣᠳᠣ ᠪᠠᠨ ᠲᠠᠷᠢᠬᠤ ᠯᠠᠢ( ᠳ᠋ᠤ᠌) ᠬᠦᠢ
ᠠᠯᠢᠮ᠎ᠠ ᠶ᠋ᠢ ᠨᠢ ᠢᠳᠡᠶ᠎ᠡ ᠰᠠᠨᠠᠭᠰᠠᠨ ᠶᠤᠮ ᠠ᠋ ᠬᠦᠢ
ᠠᠩᠭ᠎ᠠ ᠪᠠᠭ᠎ᠠ ᠰᠢᠨ ᠰᠢᠶᠣᠤ ᠶ᠋ᠢ ᠥᠰᠬᠡᠬᠦ ᠯᠠᠢ( ᠳ᠋ᠤ᠌) ᠬᠦᠢ
ᠰᠠᠢᠨ ᠢ᠋ ᠨᠢ ᠦᠵᠡᠶ᠎ᠡ ᠰᠠᠨᠠᠭᠰᠠᠨ ᠶᠤᠮ ᠠ᠋ ᠬᠦᠢ

ᠭᠡᠷᠡᠯ ᠠᠩᠭ᠎ᠠ
ᠳᠠᠭᠤᠴᠢᠨ᠄ ᠤᠶᠠᠩᠭ᠎ᠠ
ᠨᠠᠷᠠᠰᠤᠨ ᠮᠣᠳᠣ ᠴᠢᠨᠢ ᠨᠠᠷᠠᠨ ᠤ᠋ ᠪᠠᠨ ᠴᠢᠮᠡᠭ ᠠ᠋ ᠬᠦᠢ
ᠨᠠᠮᠠᠭ᠎ᠠ ᠯᠢᠩᠬᠤ᠎ᠠ ᠴᠡᠴᠡᠭ ᠴᠢᠨᠢ ᠨᠠᠭᠤᠷ ᠤ᠋ᠨ ᠢ᠋ᠶ᠋ᠠᠨ ᠴᠢᠮᠡᠭ ᠠ᠋ ᠬᠦᠢ
ᠨᠠᠮᠤᠭᠤᠬᠠᠨ ᠲᠥᠷᠥᠭᠰᠡᠨ ᠭᠡᠷᠡᠯ ᠠᠩᠭ᠎ᠠ ᠬᠦᠢ
ᠨᠠᠢᠨᠠᠢ ᠪᠣᠯᠤᠨ ᠶᠧᠶᠧ ᠶ᠋ᠢᠨ ᠢ᠋ᠶ᠋ᠡᠨ ᠨᠢᠳᠦᠨ ᠦ᠌ ᠬᠢᠨᠢ ᠴᠢᠮᠡᠭ ᠠ᠋ ᠬᠦᠢ

ᠽᠠᠨᠳᠠᠨ ᠮᠣᠳᠣ ᠴᠢᠨᠢ ᠰᠠᠷᠠᠨ ᠤ᠋ ᠪᠠᠨ ᠴᠢᠮᠡᠭ ᠬᠦᠢ
ᠰᠠᠮᠠᠭ᠎ᠠ ᠯᠢᠩᠬᠤ᠎ᠠ ᠴᠡᠴᠡᠭ ᠴᠢᠨᠢ ᠨᠠᠭᠤᠷ ᠤ᠋ᠨ ᠢ᠋ᠶ᠋ᠠᠨ ᠴᠢᠮᠡᠭ ᠬᠦᠢ
ᠰᠠᠢᠬᠠᠨ ᠲᠥᠷᠥᠭᠰᠡᠨ ᠭᠡᠷᠡᠯ ᠠᠩᠭ᠎ᠠ ᠬᠦᠢ
ᠠᠪᠤ ᠪᠣᠯᠤᠨ ᠮᠥᠮᠥ ᠶ᠋ᠢᠨ ᠢ᠋ᠶ᠋ᠡᠨ ᠵᠢᠷᠦᠬᠡᠨ ᠦ᠌ ᠬᠢᠨᠢ ᠴᠢᠮᠡᠭ ᠬᠦᠢ

ᠡᠮᠦᠨ᠎ᠡ ᠠᠭᠤᠯᠠᠨ ᠳᠡᠭᠡᠷ᠎ᠡ ᠨᠢ ᠭᠠᠷᠤᠭᠠᠳ ᠦᠵᠡᠬᠦᠯ᠎ᠡ ᠬᠦᠢ
ᠤᠷᠤᠭ ᠤ᠋ᠨ ᠲᠡᠷᠭᠡ ᠴᠢᠨᠢ ᠢᠷᠡᠯ᠎ᠡ ᠰᠢᠶ  ( ᠰᠢᠦ) ᠬᠦᠢ
ᠤᠷᠠᠯᠢᠭ ᠲᠥᠷᠥᠭᠰᠡᠨ ᠭᠡᠷᠡᠯ ᠠᠩᠭ᠎ᠠ ᠬᠦᠢ
ᠤᠷᠤᠭᠯᠠᠬᠤ ᠴᠠᠭ ᠨᠢ ᠲᠤᠯᠤᠭᠠᠳ ᠯᠠ ᠢᠷᠡᠯ᠎ᠡ ᠬᠦᠢ

ᠬᠣᠢᠲᠤ ᠠᠭᠤᠯᠠᠨ ᠳᠡᠭᠡᠷ᠎ᠡ ᠨᠢ ᠭᠠᠷᠤᠭᠠᠳ ᠦᠵᠡᠬᠦᠯ᠎ᠡ ᠬᠦᠢ
ᠬᠤᠷᠢᠮ ᠤ᠋ᠨ ᠲᠡᠷᠭᠡ ᠴᠢᠨᠢ ᠢᠷᠡᠯ᠎ᠡ ᠰᠢᠶ᠎ᠡ( ᠰᠢᠦ) ᠬᠦᠢ
ᠬᠠᠢᠷᠠᠬᠠᠨ ᠲᠥᠷᠥᠭᠰᠡᠨ ᠭᠡᠷᠡᠯ ᠠᠩᠭ᠎ᠠ ᠬᠦᠢ
ᠬᠤᠷᠢᠮᠯᠠᠬᠤ ᠴᠠᠭ ᠨᠢ ᠲᠤᠯᠤᠭᠠᠳ ᠯᠠ ᠢᠷᠡᠯ᠎ᠡ ᠬᠦᠢ

ᠸᠧᠢ ᠬᠤ᠌ ᠰᠦᠢ ᠯᠢᠩ
ᠳᠠᠭᠤᠴᠢᠨ ᠄ ᠰᠤᠷᠤᠨ᠎ᠠ
ᠰᠡᠷ ᠰᠡᠷ ᠰᠠᠯᠬᠢ ᠨᠢ ᠭᠠᠷᠪᠠᠯ ᠠ᠋
ᠰᠡᠩᠰᠡᠨ ᠳᠡᠪᠡᠯ ᠮᠢᠨᠢ ᠰᠠᠨᠠᠭᠳᠠᠨ᠎ᠠ ᠬᠦᠢ
ᠰᠡᠳᠬᠢᠯ ᠲᠠᠭᠠᠷᠠᠭᠠᠳ ᠬᠡᠯᠡᠯᠴᠡᠭᠡᠳ ᠰᠠᠭᠤᠬᠤ ᠯᠠᠢ( ᠳ᠋ᠤ᠌)
ᠰᠦᠢ ᠯᠢᠩ ᠠᠩᠭ᠎ᠠ ᠰᠠᠨᠠᠭᠳᠠᠨ᠎ᠠ ᠸᠠᠰᠢ ᠳᠠ ᠰᠦᠢ ᠯᠢᠩ ᠬᠦᠢ

ᠥᠷᠪᠥᠰ ᠥᠷᠪᠥᠰ ᠵᠢᠪᠠᠷ ᠨᠢ ᠭᠠᠷᠪᠠᠯ ᠠ᠋
ᠦᠨᠡᠭᠡᠨ ᠳᠡᠪᠡᠯ ᠮᠢᠨᠢ ᠰᠠᠨᠠᠭᠳᠠᠨ᠎ᠠ ᠬᠦᠢ
ᠦᠶ᠎ᠡ ᠪᠡᠷ ᠢ᠋ᠶ᠋ᠡᠨ ᠲᠠᠭᠠᠷᠠᠭᠠᠳ ᠬᠡᠯᠡᠯᠴᠡᠭᠡᠳ ᠰᠠᠭᠤᠬᠤ ᠯᠠᠢ( ᠳ᠋ᠤ᠌)
ᠰᠦᠢ ᠯᠢᠩ ᠠᠩᠭ᠎ᠠ ᠰᠠᠨᠠᠭᠳᠠᠨ᠎ᠠ ᠸᠠᠰᠢ ᠳᠠ ᠰᠦᠢ ᠯᠢᠩ ᠬᠦᠢ

ᠤᠯᠠᠭᠠᠨ ᠲᠣᠷᠭᠠᠨ ᠤᠭᠤᠲᠠ ᠶ᠋ᠢ ᠪᠡᠨ
ᠤᠷᠠᠯᠢᠭ ᠴᠢᠮ᠎ᠠ ᠳ᠋ᠤ᠌ ᠪᠠᠨ ᠬᠠᠶᠠᠵᠤ ᠥᠭᠭᠦᠶ᠎ᠡ ᠬᠦᠢ
ᠤᠷᠲᠤ ᠲᠠᠯ᠎ᠠ ᠳ᠋ᠤ᠌ ᠪᠠᠨ ᠲᠠᠯᠪᠢᠭᠠᠳ ᠤᠨᠲᠠᠬᠤ ᠶ᠋ᠢᠨ ᠦᠶ᠎ᠡ ᠳ᠋ᠦ᠍ ᠪᠡᠨ
ᠤᠷᠠᠯᠢᠭ ᠰᠦᠢ ᠯᠢᠩ ᠢ᠋ᠶ᠋ᠡᠨ ᠪᠤᠤ ᠮᠠᠷᠲᠠ ᠸᠠᠰᠢ ᠳᠠ ᠬᠡ ᠬᠡ ᠮᠢᠨᠢ ᠬᠦᠢ

ᠬᠠᠷ᠎ᠠ ᠲᠣᠷᠭᠠᠨ ᠤᠭᠤᠲᠠ ᠶ᠋ᠢ ᠪᠡᠨ
ᠬᠠᠢᠷᠠᠬᠠᠨ ᠴᠢᠮ᠎ᠠ ᠳ᠋ᠤ᠌ ᠪᠠᠨ ᠬᠠᠶᠠᠵᠤ ᠥᠭᠭᠦᠶ᠎ᠡ ᠬᠦᠢ
ᠬᠠᠪᠢᠷᠭ᠎ᠠ ᠳ᠋ᠤ᠌ ᠪᠠᠨ ᠲᠠᠯᠪᠢᠭᠠᠳ ᠤᠨᠲᠠᠬᠤ ᠶ᠋ᠢᠨ ᠦᠶ᠎ᠡ ᠳ᠋ᠦ᠍ ᠪᠡᠨ
ᠬᠠᠢᠷᠠᠬᠠᠨ ᠰᠦᠢ ᠯᠢᠩ ᠢ᠋ᠶ᠋ᠡᠨ ᠪᠤᠤ ᠮᠠᠷᠲᠠ ᠸᠠᠰᠢ ᠳᠠ ᠬᠡ ᠬᠡ ᠮᠢᠨᠢ ᠬᠦᠢ

ᠤᠭᠤᠲᠠ ᠶ᠋ᠢᠨ ᠮᠠᠭᠲᠠᠭᠠᠯ
ᠳᠠᠭᠤᠴᠢᠨ᠄ ᠪᠤᠤ ᠬᠣᠩ ᠬᠤᠸᠠ
ᠵᠢᠩ ᠶᠧ ᠬᠣᠲᠠ ᠶ᠋ᠢᠨ ᠵᠢᠩᠬᠢᠨᠢ ᠲᠣᠷᠭ᠎ᠠ ᠬᠦᠢ
ᠵᠢᠨᠲ᠋ᠧᠦ (ᠳᠡᠷ᠎ᠡ ) ᠶ᠋ᠢᠨ ᠢ᠋ᠶ᠋ᠡᠨ ᠨᠢᠭᠤᠷ ᠢ᠋ ᠨᠢ ᠨᠠᠭᠠᠭᠠᠳ ᠯᠠ ᠣᠶᠣᠭᠰᠠᠨ ᠶᠤᠮ ᠠ᠋ ᠬᠦᠢ
ᠵᠢᠨᠲ᠋ᠧᠦ ᠶ᠋ᠢᠨ ᠢ᠋ᠶ᠋ᠡᠨ ᠨᠢᠭᠤᠷ ᠳᠡᠭᠡᠷ᠎ᠡ ᠨᠢ ᠣᠶᠣᠭᠠᠳ ᠲᠡᠭᠡᠭᠰᠡᠨ ᠬᠤᠸᠠᠷ ᠨᠢ ᠬᠦᠢ
ᠵᠢᠩ ᠳᠧ ᠪᠣᠯᠤᠨ ᠴᠢᠨ ᠴᠢᠶᠦ᠋ᠩ ᠬᠣᠶᠠᠭᠤᠯᠠ ᠶ᠋ᠢ ᠪᠦᠷᠢᠨ ᠢ᠋ᠶ᠋ᠡᠷ ᠨᠢ ᠣᠶᠣᠭᠰᠠᠨ ᠶᠤᠮ ᠠ᠋ ᠬᠦᠢ

ᠬᠠᠭᠠᠯᠭ᠎ᠠ ᠶ᠋ᠢᠨ ᠬᠣᠲᠠᠨ ᠤ᠋ ᠬᠠᠷ᠎ᠠ ᠴᠤ᠌ ᠲᠣᠷᠭ᠎ᠠ ᠬᠦᠢ
ᠬᠠᠪᠲᠠᠭ᠎ᠠ ᠶ᠋ᠢᠨ ᠢ᠋ᠶ᠋ᠡᠨ ᠢᠷᠣᠭᠠᠷ ᠢ᠋ ᠨᠢ ᠨᠠᠭᠠᠭᠠᠳ ᠯᠠ ᠣᠶᠣᠭᠰᠠᠨ ᠶᠤᠮ ᠠ᠋ ᠬᠦᠢ
ᠬᠠᠪᠲᠠᠭ᠎ᠠ ᠶ᠋ᠢᠨ ᠢ᠋ᠶ᠋ᠡᠨ ᠳᠡᠭᠡᠷ᠎ᠡ ᠨᠢ ᠬᠠᠳᠬᠤᠭᠠᠳ ᠣᠶᠣᠭᠰᠠᠨ ᠬᠤᠸᠠᠷ ᠨᠢ ᠬᠦᠢ
ᠬᠠᠨ ᠲᠦᠩ  ᠲᠦ  ᠳᠢ  ᠵᠠᠮ  ᠢ᠋ᠶ᠋ᠠᠨ  ᠬᠥᠭᠡᠭᠡᠵᠦ ᠪᠠᠢᠬᠤ ᠪᠠᠷ ᠨᠢ ᠣᠶᠣᠭᠰᠠᠨ ᠶᠤᠮ ᠠ᠋ ᠬᠦᠢ

ᠤᠷᠲᠤ ᠬᠣᠲᠠ ᠶ᠋ᠢᠨ ᠤᠯᠠᠪᠲᠤᠷ ᠲᠣᠷᠭ᠎ᠠ ᠬᠦᠢ
ᠤᠭᠤᠲᠠᠨ ᠤ᠋ ᠪᠠᠨ ᠢᠷᠣᠭᠠᠷ ᠢ᠋ ᠨᠢ ᠨᠠᠭᠠᠭᠠᠳ ᠯᠠ ᠣᠶᠣᠭᠰᠠᠨ ᠶᠤᠮ ᠠ᠋ ᠬᠦᠢ
ᠤᠭᠤᠲᠠᠨ ᠤ᠋ ᠪᠠᠨ ᠳᠡᠭᠡᠷ᠎ᠡ ᠨᠢ ᠤᠷᠠᠯᠠᠭᠠᠳ ᠣᠶᠣᠭᠰᠠᠨ ᠬᠤᠸᠠᠷ ᠨᠢ ᠬᠦᠢ
ᠤᠯᠤᠰ ᠤ᠋ᠨ ᠴᠧᠩᠰᠢᠶᠠᠩ ᠰᠢᠦᠢ ᠮᠠᠤ ᠬᠦᠩ ᠢ᠋ ᠪᠦᠷᠢᠨ ᠢ᠋ᠶ᠋ᠡᠷ ᠨᠢ ᠣᠶᠣᠭᠰᠠᠨ ᠶᠤᠮ ᠠ᠋ ᠬᠦᠢ

ᠴᠠᠭᠠᠲᠠᠢ ᠬᠣᠲᠠ ᠶ᠋ᠢᠨ ᠴᠠᠭᠠᠪᠲᠤᠷ ᠲᠣᠷᠭ᠎ᠠ ᠬᠦᠢ
ᠴᠢᠨᠳᠠᠰᠤ ᠶ᠋ᠢᠨ ᠢ᠋ᠶ᠋ᠡᠨ ᠢᠷᠣᠭᠠᠷ ᠢ᠋ ᠨᠢ ᠨᠠᠭᠠᠭᠠᠳ ᠯᠠ ᠣᠶᠣᠭᠰᠠᠨ ᠶᠤᠮ ᠠ᠋ ᠬᠦᠢ
ᠴᠢᠨᠳᠠᠰᠤ ᠶ᠋ᠢᠨ ᠢ᠋ᠶ᠋ᠡᠨ ᠳᠡᠭᠡᠷ᠎ᠡ ᠨᠢ ᠰᠡᠢᠯᠦᠭᠡᠳ ᠣᠶᠣᠭᠰᠠᠨ ᠬᠤᠸᠠᠷ ᠨᠢ ᠬᠦᠢ
ᠰᠠᠢᠳ ᠪᠣᠯᠤᠨ ᠲᠦᠰᠢᠮᠡᠯ ᠢ᠋ ᠪᠦᠷᠢᠨ ᠢ᠋ᠶ᠋ᠡᠷ ᠨᠢ ᠣᠶᠣᠭᠰᠠᠨ ᠶᠤᠮ ᠠ᠋ ᠬᠦᠢ

 ᠶ᠋ᠢᠨ ᠮᠧᠢ
ᠳᠠᠭᠤᠴᠢᠨ᠄ ᠰᠡᠷᠭᠦᠯᠡᠩ
ᠲᠠᠯ᠎ᠠ ᠶ᠋ᠢᠨ ᠠᠢᠯ ᠤ᠋ᠨ᠂ ᠶ᠋ᠢᠨ ᠮᠧᠢ ᠭᠣᠯᠣᠣ ᠪᠠᠨ
ᠲᠠᠪᠤ ᠯᠠ ᠬᠣᠨᠣᠭ ᠢ᠋ᠶ᠋ᠠᠷ ᠡᠷᠭᠢᠶ᠎ᠡ ᠬᠦᠢ
ᠲᠠᠯ᠎ᠠ ᠳ᠋ᠤ᠌ ᠪᠠᠨ ᠤᠷᠭᠤᠭᠰᠠᠨ ᠲᠠᠪᠤᠨ ᠥᠩᠭᠡ ᠶ᠋ᠢᠨ ᠬᠤᠸᠠᠷ ᠢ᠋
ᠲᠠᠰᠤᠯᠵᠤ ᠠᠪᠤᠭᠠᠳ ᠬᠦᠷᠭᠡᠶ᠎ᠡ ᠬᠦᠢ

ᠠᠷᠤ ᠶ᠋ᠢᠨ ᠠᠢᠯ ᠤ᠋ᠨ᠂ ᠶ᠋ᠢᠨ ᠮᠧᠢ ᠭᠣᠯᠣᠣ ᠪᠠᠨ
ᠠᠷᠪᠠ ᠯᠠ ᠬᠣᠨᠣᠭ ᠢ᠋ᠶ᠋ᠠᠷ ᠡᠷᠭᠢᠶ᠎ᠡ ᠬᠦᠢ
ᠠᠭᠤᠯᠠᠨ ᠳ᠋ᠤ᠌ ᠪᠠᠨ ᠤᠷᠭᠤᠭᠰᠠᠨ ᠤᠯᠠᠭᠠᠨ ᠯᠢᠩᠬᠤ᠎ᠠ ᠬᠤᠸᠠᠷ ᠢ᠋
ᠤᠭ ᠢ᠋ᠶ᠋ᠠᠷ ᠨᠢ ᠠᠪᠤᠭᠠᠳ ᠬᠦᠷᠭᠡᠶ᠎ᠡ ᠬᠦᠢ

ᠬᠥᠬᠡ ᠭᠠᠳᠠᠷ ᠲᠠᠢ ᠬᠤᠷᠠᠭ᠎ᠠ ᠶ᠋ᠢᠨ ᠠᠷᠠᠰᠤᠨ ᠳᠡᠪᠡᠯ ᠢ᠋ ᠴᠢᠨᠢ
ᠬᠥᠪᠡᠭᠡ ᠶ᠋ᠢ ᠨᠢ ᠪᠠᠷᠠᠲᠠᠯ᠎ᠠ ᠡᠮᠦᠰᠦᠶ᠎ᠡ ᠬᠦᠢ
ᠬᠥᠭᠡᠷᠦᠬᠦᠨ ᠲᠥᠷᠥᠭᠰᠡᠨ ᠶ᠋ᠢᠨ ᠮᠧᠢ ᠭᠣᠯᠣᠣ ᠪᠠᠨ
ᠬᠥᠭᠰᠢᠨ ᠪᠣᠯᠲᠠᠯ᠎ᠠ ᠬᠦᠯᠢᠶᠡᠶ᠎ᠡ ᠬᠦᠢ

ᠪᠣᠷᠣ ᠭᠠᠳᠠᠷ ᠲᠠᠢ ᠪᠤᠯᠠᠭ᠎ᠠ ᠶ᠋ᠢᠨ ᠠᠷᠠᠰᠤᠨ ᠳᠡᠪᠡᠯ ᠢ᠋ ᠴᠢᠨᠢ
ᠪᠣᠳᠣᠭ ᠢ᠋ ᠨᠢ ᠤᠨᠠᠲᠠᠯ᠎ᠠ ᠡᠮᠦᠰᠦᠶ᠎ᠡ ᠬᠦᠢ
ᠪᠤᠯᠪᠠᠷᠠᠢᠬᠠᠨ ᠲᠥᠷᠥᠭᠰᠡᠨ ᠦ᠌ ᠮᠧᠢ ᠭᠣᠯᠣᠣ ᠪᠠᠨ
ᠪᠤᠭᠤᠷᠤᠯ ᠪᠣᠯᠲᠠᠯ᠎ᠠ ᠬᠦᠯᠢᠶᠡᠶ᠎ᠡ ᠬᠦᠢ

ᠬᠠᠨ ᠰᠢᠦ ᠶᠢᠩ
ᠳᠠᠭᠤᠴᠢᠨ᠄ ᠴᠢᠦᠸᠠᠨ ᠶᠢᠩ
ᠱᠠᠭᠠᠵᠠᠭᠠᠢ ᠪᠣᠯᠤᠨ ᠰᠢᠪᠠᠭᠤ ᠲᠠᠢ ᠪᠠᠨ ᠬᠣᠶᠠᠭᠤᠯᠠ ᠪᠠᠨ ᠱᠠᠭᠰᠢᠵᠤ ᠪᠠᠢᠬᠤ ᠨᠢ ᠣᠨᠳᠣᠣ ᠬᠦᠢ
ᠰᠠᠭᠰᠤᠨ ᠳ᠋ᠤ᠌ ᠪᠠᠢᠬᠤ ᠮᠢᠬᠠᠨ ᠳ᠋ᠤ᠌ ᠴᠢᠨᠢ ᠳᠤᠷᠠᠯᠠᠵᠤ ᠪᠠᠢᠬᠤ ᠨᠢ ᠯᠠᠪᠳᠠᠭᠤᠨ ᠪᠠ( ᠪᠢᠵᠡ) ᠬᠦᠢ
ᠴᠠᠭᠠᠲᠠᠢ ᠨᠠᠭᠠᠲᠠᠢ ᠠᠢᠯ ᠤ᠋ᠨ ᠵᠠᠯᠠᠭᠤᠴᠤᠳ ᠴᠠᠭᠠᠭᠤᠷ ᠨᠠᠭᠠᠭᠤᠷ ᠨᠢ ᠭᠦᠶᠦᠯᠴᠡᠭᠡᠳ ᠬᠦᠢ
ᠴᠠᠭᠠᠪᠤᠷ ᠲᠥᠷᠥᠭᠰᠡᠨ ᠰᠢᠦ ᠶᠢᠩ ᠴᠢᠮ᠎ᠠ ᠳ᠋ᠤ᠌ ᠳᠤᠷᠠᠯᠠᠵᠤ ᠪᠠᠢᠬᠤ ᠨᠢ ᠯᠠᠪᠳᠠᠭᠤᠨ ᠪᠠ( ᠪᠢᠵᠡ) ᠬᠦᠢ

ᠡᠯᠢᠶ᠎ᠡ ᠪᠣᠯᠤᠨ ᠰᠢᠪᠠᠭᠤ ᠲᠠᠢ ᠪᠠᠨ ᠬᠣᠶᠠᠭᠤᠯᠠ ᠪᠠᠨ ᠡᠷᠭᠢᠴᠡᠴᠦ ᠪᠠᠢᠬᠤ ᠨᠢ ᠣᠨᠳᠣᠣ ᠬᠦᠢ
ᠡᠯᠭᠦᠵᠦ ᠪᠠᠢᠬᠤ ᠥᠷᠥᠮᠡᠨ ᠳ᠋ᠦ᠍ ᠴᠢᠨᠢ ᠳᠤᠷᠠᠯᠠᠵᠤ ᠪᠠᠢᠬᠤ ᠨᠢ ᠯᠠᠪᠳᠠᠭᠤᠨ ᠪᠠ ( ᠪᠢᠵᠡ) ᠬᠦᠢ
ᠡᠨᠡᠲᠡᠢ ᠲᠡᠨᠲᠡᠢ ᠠᠢᠯ ᠤ᠋ᠨ ᠵᠠᠯᠠᠭᠤᠴᠤᠳ ᠡᠨᠡᠭᠦᠷ ᠲᠡᠨᠡᠭᠦᠷ ᠨᠢ ᠭᠦᠶᠦᠯᠴᠡᠭᠡᠳ ᠬᠦᠢ
ᠡᠪᠯᠢᠭ ᠲᠥᠷᠥᠭᠰᠡᠨ ᠰᠢᠦ ᠶᠢᠩ ᠴᠢᠮ᠎ᠠ ᠳ᠋ᠤ᠌ ᠳᠤᠷᠠᠯᠠᠵᠤ ᠪᠠᠢᠬᠤ ᠨᠢ ᠯᠠᠪᠳᠠᠭᠤᠨ ᠪᠠ( ᠪᠢᠵᠡ) ᠬᠦᠢ

ᠱᠠᠭᠠᠵᠠᠭᠠᠢ ᠪᠣᠯᠤᠨ ᠰᠢᠪᠠᠭᠤ ᠲᠠᠢ ᠪᠠᠨ ᠬᠣᠶᠠᠭᠤᠯᠠ ᠪᠠᠨ ᠱᠠᠭᠰᠢᠬᠤ ᠪᠠᠷ ᠢ᠋ᠶ᠋ᠠᠨ ᠱᠠᠭᠰᠢᠭ ᠳᠠ ᠬᠦᠢ
ᠰᠠᠭᠰᠤᠨ ᠳ᠋ᠤ᠌ ᠪᠠᠢᠬᠤ ᠮᠢᠬᠠᠨ ᠳ᠋ᠤ᠌ ᠮᠢᠨᠢ ᠳᠤᠷᠠᠯᠠᠬᠤ ᠪᠠᠷ ᠢ᠋ᠶ᠋ᠠᠨ ᠳᠤᠷᠠᠯᠠᠭ ᠳᠠ ᠬᠦᠢ
ᠴᠠᠭᠠᠲᠠᠢ ᠨᠠᠭᠠᠲᠠᠢ ᠠᠢᠯ ᠤ᠋ᠨ ᠵᠠᠯᠠᠭᠤᠴᠤᠳ ᠭᠦᠶᠦᠯᠴᠡᠬᠦ ᠪᠡᠷ ᠢ᠋ᠶ᠋ᠡᠨ ᠭᠦᠶᠦᠯᠴᠡᠭ ᠳᠡ ᠬᠦᠢ
ᠴᠠᠭᠠᠨ᠎ᠠ ᠠ᠋ᠴᠠ ᠨᠢ ᠲᠠᠯᠪᠢᠭᠰᠠᠨ ᠢᠷᠦᠭᠡᠯ ᠨᠢ ᠦᠭᠡᠢ ᠪᠣᠯ ᠴᠢᠩᠭᠠᠭᠠᠭᠠᠳ ᠠᠪᠠᠴᠢᠵᠤ ᠶᠣᠯᠣᠭᠣᠨ᠎ᠠ ᠤᠤ ᠳᠠ ᠬᠦᠢ

ᠡᠯᠢᠶ᠎ᠡ ᠪᠣᠯᠤᠨ ᠰᠢᠪᠠᠭᠤ ᠲᠠᠢ ᠪᠠᠨ ᠬᠣᠶᠠᠭᠤᠯᠠ ᠪᠠᠨ ᠡᠷᠭᠢᠴᠡᠬᠦ ᠪᠡᠷ ᠢ᠋ᠶ᠋ᠡᠨ ᠡᠷᠭᠢᠴᠡᠭ ᠳᠡ ᠬᠦᠢ
ᠡᠯᠭᠦᠵᠦ ᠪᠠᠢᠬᠤ ᠥᠷᠥᠮᠡᠨ ᠳ᠋ᠦ᠍ ᠮᠢᠨᠢ ᠳᠤᠷᠠᠯᠠᠬᠤ ᠪᠠᠷ ᠢ᠋ᠶ᠋ᠠᠨ ᠳᠤᠷᠠᠯᠠᠭ ᠳᠠ ᠬᠦᠢ
ᠡᠨᠡᠲᠡᠢ ᠲᠡᠨᠲᠡᠢ ᠠᠢᠯ ᠤ᠋ᠨ ᠵᠠᠯᠠᠭᠤᠴᠤᠳ ᠡᠷᠭᠢᠯᠳᠦᠬᠦ ᠪᠡᠷ ᠢ᠋ᠶ᠋ᠡᠨ ᠡᠷᠭᠢᠯᠳᠦᠭ ᠳᠡ ᠬᠦᠢ
ᠡᠨᠡ ᠲᠥᠷᠥᠯ ᠦ᠋ᠨ ᠢᠷᠦᠭᠡᠯ ᠨᠢ ᠦᠭᠡᠢ ᠪᠣᠯ ᠡᠷ᠎ᠡ ᠡᠮ᠎ᠡ ᠪᠣᠯᠤᠨ᠎ᠠ ᠭᠡᠳ ᠶᠣᠯᠣᠭᠣᠨ᠎ᠠ ᠤᠤ ᠳᠠ ᠬᠦᠢ

ᠰᠠᠩᠵᠠᠢ ᠮᠠᠮᠠ
ᠳᠠᠭᠤᠴᠢᠨ᠄ ᠴᠡᠯᠮᠡᠭ
ᠰᠠᠭᠠᠷᠠᠯ ᠮᠣᠷᠢ ᠲᠠᠢ ᠰᠠᠩᠵᠠᠢ ᠮᠠᠮᠠ ᠬᠦᠢ
ᠰᠢᠷ᠎ᠠ ᠬᠤᠸᠠ ᠶ᠋ᠢᠨ ᠵᠠᠮ ᠢ᠋ᠶ᠋ᠠᠷ ᠢ᠋ᠶ᠋ᠠᠨ ᠰᠠᠵᠢᠯᠠᠭᠤᠯᠵᠤ ᠶᠠᠪᠤᠨ᠎ᠠ ᠬᠦᠢ
ᠰᠠᠢᠬᠠᠨ ᠲᠥᠷᠥᠭᠰᠡᠨ ᠰᠦᠮᠦᠷᠦᠦ ᠠᠩᠭ᠎ᠠ ᠬᠦᠢ
ᠱᠠᠮᠫᠠᠨ ᠭᠡᠷ ᠦ᠋ᠨ ᠢ᠋ᠶ᠋ᠡᠨ ᠣᠷᠣᠢ ᠳᠡᠭᠡᠷ᠎ᠡ ᠵᠣᠭᠰᠣᠭᠠᠳ ᠰᠠᠷᠠᠪᠴᠢᠯᠠᠵᠤ ᠪᠠᠢᠨ᠎ᠠ ᠬᠦᠢ

ᠪᠤᠭᠤᠷᠤᠯ ᠮᠣᠷᠢ ᠲᠠᠢ ᠰᠠᠩᠵᠠᠢ ᠮᠠᠮᠠ ᠬᠦᠢ
ᠪᠣᠷᠣ ᠬᠤᠸᠠ ᠶ᠋ᠢᠨ ᠵᠠᠮ ᠢ᠋ᠶ᠋ᠠᠷ ᠢ᠋ᠶ᠋ᠠᠨ ᠪᠤᠲᠠᠷᠠᠭᠤᠯᠵᠤ ᠶᠠᠪᠤᠨ᠎ᠠ ᠬᠦᠢ
ᠪᠤᠯᠪᠠᠷᠠᠢᠬᠠᠨ ᠲᠥᠷᠥᠭᠰᠡᠨ ᠰᠦᠮᠦᠷᠦᠦ ᠠᠩᠭ᠎ᠠ ᠬᠦᠢ
ᠪᠣᠰᠤᠭ᠎ᠠ ᠭᠡᠷ ᠦ᠋ᠨ ᠢ᠋ᠶ᠋ᠡᠨ ᠣᠷᠣᠢ ᠳᠡᠭᠡᠷ᠎ᠡ ᠵᠣᠭᠰᠣᠭᠠᠳ ᠪᠠᠷᠠᠯᠠᠵᠤ ᠶᠠᠪᠤᠨ᠎ᠠ ᠬᠦᠢ

ᠳ᠋ᠦᠩ ᠱᠠᠨ ᠬᠡ ᠬᠡ
ᠳᠠᠭᠤᠴᠢᠨ᠄ ᠭᠦᠦᠳᠠᠭᠤᠯᠠ
ᠵᠥᠪ ᠵᠦᠭᠡᠷ ᠰᠠᠭᠤᠶ᠎ᠠ ᠭᠡᠬᠦᠯᠡᠷ ᠵᠦᠢᠯ ᠦ᠋ᠨ ᠬᠣᠶᠠᠷ ᠢ᠋ ᠪᠣᠳᠣᠨ᠎ᠠ ᠬᠦᠢ
ᠵᠡᠭᠦᠨ ᠠᠭᠤᠯᠠᠨ ᠤ᠋ ᠳ᠋ᠦᠩ ᠱᠠᠨ ᠬᠡ ᠬᠡ ᠪᠣᠳᠣᠭᠳᠠᠭᠠᠳ ᠪᠠᠢᠨ᠎ᠠ ᠬᠦᠢ
ᠵᠡᠭᠦᠨ ᠠᠭᠤᠯᠠᠨ ᠤ᠋ ᠳ᠋ᠦᠩ ᠱᠠᠨ ᠬᠡ ᠬᠡ ᠪᠡᠨ ᠪᠣᠳᠣᠭᠠᠳ ᠢᠷᠡᠪᠡᠯ ᠬᠦᠢ
ᠵᠢᠷᠦᠬᠡᠨ ᠦ᠌ ᠭᠤᠷᠪᠠᠨ ᠰᠤᠳᠠᠰᠤ ᠮᠢᠨᠢ ᠲᠤᠭ ᠲᠤᠭ ᠴᠣᠬᠢᠨ᠎ᠠ ᠬᠦᠢ

ᠡᠪ ᠡᠮᠡᠷᠬᠡᠨ ᠰᠠᠭᠤᠶ᠎ᠠ ᠭᠡᠬᠦᠯᠡᠷ ᠡᠯᠳᠡᠪ ᠬᠣᠶᠠᠷ ᠢ᠋ ᠪᠣᠳᠣᠨ᠎ᠠ ᠬᠦᠢ
ᠡᠮᠦᠨ᠎ᠡ ᠠᠭᠤᠯᠠᠨ ᠤ᠋ ᠳ᠋ᠦᠩ ᠱᠠᠨ ᠬᠡ ᠬᠡ ᠪᠣᠳᠣᠭᠳᠠᠭᠠᠳ ᠪᠠᠢᠨ᠎ᠠ ᠬᠦᠢ
ᠡᠮᠦᠨ᠎ᠡ ᠠᠭᠤᠯᠠᠨ ᠤ᠋ ᠳ᠋ᠦᠩ ᠱᠠᠨ ᠬᠡ ᠬᠡ ᠪᠡᠨ ᠪᠣᠳᠣᠭᠠᠳ ᠢᠷᠡᠪᠡᠯ ᠬᠦᠢ
ᠡᠯᠢᠭᠡᠨ ᠦ᠌ ᠭᠤᠷᠪᠠᠨ ᠰᠤᠳᠠᠰᠤ ᠮᠢᠨᠢ ᠲᠤᠭ ᠲᠤᠭ ᠴᠣᠬᠢᠨ᠎ᠠ ᠬᠦᠢ

ᠠᠭᠠᠷ ᠳᠡᠭᠡᠷ᠎ᠡ ᠡᠴᠡ ᠠᠭᠠᠯᠵᠢ ᠶ᠋ᠢᠨ ᠵᠤᠯᠵᠠᠭ᠎ᠠ ᠪᠠᠭᠤᠭᠠᠳ ᠯᠠ ᠢᠷᠡᠯ᠎ᠡ ᠬᠦᠢ
ᠠᠪᠤ ᠳᠡᠭᠡᠳᠦ ᠶ᠋ᠢᠨ ᠲᠥᠷᠥᠯ ᠰᠠᠳᠤᠨ ᠮᠢᠨᠢ ᠬᠦᠷᠦᠭᠡᠳ ᠢᠷᠡᠬᠦ ᠶᠦᠮ ᠪᠠ( ᠪᠢᠵᠡ) ᠬᠦᠢ
ᠠᠯᠠᠭ ᠬᠣᠶᠠᠷ ᠨᠢᠳᠦ ᠮᠢᠨᠢ ᠵᠢᠷᠪᠢᠯᠵᠡᠵᠦ ᠲᠠᠲᠠᠨ᠎ᠠ ᠬᠦᠢ
ᠠᠷᠤ ᠶ᠋ᠢᠨ ᠠᠭᠤᠯᠠᠨ ᠤ᠋ ᠳ᠋ᠦᠩ ᠱᠠᠨ ᠬᠡ ᠬᠡ ᠮᠢᠨᠢ ᠢᠷᠡᠬᠦ ᠴᠦ᠍ ᠶᠦᠮ ᠤᠤ ᠳᠠ ᠬᠦᠢ

ᠥᠨᠳᠥᠷ ᠳᠡᠭᠡᠷ᠎ᠡ ᠡᠴᠡ ᠠᠭᠠᠯᠵᠢ ᠶ᠋ᠢᠨ ᠵᠤᠯᠵᠠᠭ᠎ᠠ ᠪᠠᠭᠤᠭᠠᠳ ᠯᠠ ᠢᠷᠡᠯ᠎ᠡ ᠬᠦᠢ
ᠡᠴᠢᠭᠡ ᠳᠡᠭᠡᠳᠦ ᠶ᠋ᠢᠨ ᠲᠥᠷᠥᠯ ᠰᠠᠳᠤᠨ ᠮᠢᠨᠢ ᠬᠦᠷᠦᠭᠡᠳ ᠢᠷᠡᠬᠦ ᠶᠦᠮ ᠪᠠ( ᠪᠢᠵᠡ) ᠬᠦᠢ
ᠡᠷᠢᠶᠡᠨ ᠠᠯᠠᠭ ᠨᠢᠳᠦ ᠮᠢᠨᠢ ᠵᠢᠷᠪᠢᠯᠵᠡᠵᠦ ᠲᠠᠲᠠᠨ᠎ᠠ ᠬᠦᠢ
ᠡᠷᠳᠡᠨᠢ ᠶ᠋ᠢᠨ ᠠᠭᠤᠯᠠᠨ ᠤ᠋ ᠳ᠋ᠦᠩ ᠱᠠᠨ ᠬᠡ ᠬᠡ ᠮᠢᠨᠢ ᠢᠷᠡᠬᠦ ᠴᠦ᠍ ᠶᠦᠮ ᠤᠤ ᠳᠠ ᠬᠦᠢ

ᠳᠠᠨᠠᠪᠠᠯ
ᠳᠠᠭᠤᠴᠢᠨ᠄ ᠵᠢᠨᠫᠢᠩ᠂ ᠰᠡᠷᠭᠦᠯᠡᠩ
ᠡᠦ ᠲᠦᠩ ᠱᠤ᠌ ᠮᠣᠳᠣ ᠴᠢᠨᠢ ᠦᠵᠢᠷᠡᠭᠡᠳ ᠤᠨᠠᠪᠠᠯ ᠬᠦᠢ
ᠥᠲᠥᠨ ᠵᠢᠭᠦᠷ  ᠲᠡᠢ ᠶᠢᠩᠭᠧᠷ ᠰᠢᠪᠠᠭᠤ ᠴᠢᠨᠢ ᠬᠠᠮᠢᠭ᠎ᠠ ᠪᠠᠨ ᠰᠠᠭᠤᠭᠠᠳ ᠳᠣᠩᠭᠣᠳᠤᠶ᠎ᠠ ᠬᠦᠢ
ᠦᠶᠡᠷᠬᠡᠵᠦ ᠰᠠᠨᠠᠭᠰᠠᠨ ᠳᠠᠨᠠᠪᠠᠯ ᠬᠡ ᠬᠡ ᠮᠢᠨᠢ ᠡᠦ ᠵᠤᠸᠠᠩ ᠤ᠋ᠨ ᠴᠡᠷᠢᠭ ᠲᠦ᠍ ᠪᠡᠨ ᠮᠣᠷᠳᠠᠪᠠᠯ ᠠ ᠬᠠ ᠬᠦ ᠬᠦᠢ
ᠦᠯᠡᠳᠡᠵᠦ ᠰᠠᠭᠤᠭᠰᠠᠨ  ᠵᠢᠨ ᠰᠢᠶᠠᠩ  ᠴᠢᠨᠢ ᠬᠡᠨ ᠢ᠋ᠶ᠋ᠡᠨ ᠬᠠᠷᠠᠭᠠᠳ ᠰᠠᠭᠤᠬᠤᠢ ᠶᠠ ᠬᠦᠢ

ᠬᠠᠢᠯᠠᠰᠤ ᠮᠠᠢᠯᠠᠰᠤ ᠮᠣᠳᠣ ᠴᠢᠨᠢ ᠬᠤᠪᠠᠬᠠᠢᠷᠠᠭᠠᠳ ᠤᠨᠠᠪᠠᠯ ᠬᠦᠢ
ᠬᠠᠢᠴᠢᠨ ᠵᠢᠭᠦᠷ ᠲᠡᠢ ᠶᠢᠩᠭᠧᠷ ᠰᠢᠪᠠᠭᠤ ᠴᠢᠨᠢ ᠬᠠᠮᠢᠭ᠎ᠠ ᠪᠠᠨ ᠰᠠᠭᠤᠭᠠᠳ ᠳᠣᠩᠭᠣᠳᠤᠶ᠎ᠠ ᠬᠦᠢ
ᠬᠠᠢᠷᠠᠯᠠᠵᠤ ᠰᠠᠨᠠᠭᠰᠠᠨ ᠳᠠᠨᠠᠪᠠᠯ ᠬᠡ ᠬᠡ ᠮᠢᠨᠢ ᠬᠠᠭᠠᠨ ᠤ᠋ ᠴᠡᠷᠢᠭ ᠲᠦ᠍ ᠪᠡᠨ ᠮᠣᠷᠳᠠᠪᠠᠯ ᠠ ᠬᠠ ᠬᠦ ᠬᠦᠢ
ᠡᠷᠭᠢᠬᠦ ᠵᠢᠯ ᠦ᠋ᠨ ᠭᠤᠷᠪᠠᠨ ᠰᠠᠷ᠎ᠠ ᠳ᠋ᠤ᠌ ᠪᠠᠨ ᠴᠢᠯᠥᠭᠡ ᠭᠤᠶᠤᠭᠠᠳ ᠢᠷᠡᠬᠦ ᠦᠭᠡᠢ ᠤᠤ ᠶᠠ ᠬᠦᠢ

ᠡᠦ ᠲᠦᠩ ᠱᠤ᠌ ᠮᠣᠳᠣ ᠴᠢᠨᠢ ᠦᠵᠢᠷᠡᠭᠡᠳ ᠤᠨᠠᠪᠠᠯ ᠬᠦᠢ
ᠥᠲᠥᠨ ᠵᠢᠭᠦᠷ ᠲᠡᠢ ᠶᠢᠩᠭᠧᠷ ᠰᠢᠪᠠᠭᠤ ᠴᠢᠨᠢ ᠠᠭᠤᠯᠠᠨ ᠤ᠋ ᠪᠠᠨ ᠳᠡᠭᠡᠷ᠎ᠡ ᠨᠢ ᠳᠣᠩᠭᠣᠳᠤᠨ᠎ᠠ ᠬᠦᠢ
ᠦᠶᠡᠷᠬᠡᠵᠦ ᠳᠠᠰᠤᠭᠰᠠᠨ ᠳᠠᠨᠠᠪᠠᠯ ᠪᠡᠶ᠎ᠡ ᠮᠢᠨᠢ ᠡᠦ ᠵᠤᠸᠠᠩ ᠤ᠋ᠨ ᠴᠡᠷᠢᠭ ᠲᠦ᠍ ᠪᠡᠨ ᠮᠣᠷᠳᠠᠪᠠᠯ  ᠠ ᠬᠠ ᠬᠦ ᠬᠦᠢ
ᠡᠷᠭᠢᠬᠦ ᠵᠢᠯ ᠦ᠋ᠨ ᠭᠤᠷᠪᠠᠨ ᠰᠠᠷ᠎ᠠ ᠳ᠋ᠤ᠌ ᠴᠢᠯᠥᠭᠡ ᠭᠤᠶᠤᠭᠠᠳ ᠢᠷᠡᠬᠦ ᠦᠭᠡᠢ ᠤᠤ ᠳᠠ ᠬᠦᠢ

ᠬᠠᠢᠯᠠᠰᠤ ᠮᠠᠢᠯᠠᠰᠤ ᠮᠣᠳᠣ ᠴᠢᠨᠢ ᠬᠠᠯᠪᠠᠷᠠᠭᠠᠳ ᠤᠨᠠᠪᠠᠯ ᠬᠦᠢ
ᠬᠠᠢᠴᠢᠨ ᠵᠢᠭᠦᠷ ᠲᠡᠢ ᠶᠢᠩᠭᠧᠷ ᠰᠢᠪᠠᠭᠤ ᠴᠢᠨᠢ ᠬᠠᠳᠠᠨ ᠤ᠋ ᠪᠠᠨ ᠳᠡᠭᠡᠷ᠎ᠡ ᠨᠢ ᠳᠣᠩᠭᠣᠳᠤᠨ᠎ᠠ ᠬᠦᠢ
ᠬᠠᠢᠷᠠᠯᠠᠵᠤ ᠰᠠᠨᠠᠭᠰᠠᠨ ᠳᠠᠨᠠᠪᠠᠯ ᠪᠡᠶ᠎ᠡ ᠮᠢᠨᠢ ᠬᠠᠭᠠᠨ ᠤ᠋ ᠴᠡᠷᠢᠭ ᠲᠦ᠍ ᠪᠡᠨ ᠮᠣᠷᠳᠠᠪᠠᠴᠤ   ᠠ ᠬᠠ ᠬᠦ ᠬᠦᠢ
ᠬᠣᠢᠲᠤ ᠶ᠋ᠢᠨ ᠵᠢᠯ ᠦ᠋ᠨ ᠭᠤᠷᠪᠠᠨ ᠰᠠᠷ᠎ᠠ ᠳ᠋ᠤ᠌ ᠴᠢᠯᠥᠭᠡ ᠭᠤᠶᠤᠭᠠᠳ ᠢᠷᠡᠬᠦ ᠦᠭᠡᠢ ᠤᠤ ᠳᠠ ᠬᠦᠢ

ᠪᠠᠯᠵᠢᠨᠢᠮ᠎ᠠ ᠵᠠᠭᠠᠨ᠎ᠠ
ᠳᠠᠭᠤᠴᠢᠨ᠄ ᠮᠥᠴᠢᠷ
ᠠᠩᠬᠠᠨ ᠠ᠋ᠴᠠ ᠪᠠᠨ ᠠᠪᠤᠭᠠᠳ ᠠᠯᠳᠠᠷ ᠨᠡᠷ᠎ᠡ ᠲᠡᠢ ᠭᠤᠷᠭᠤᠤᠯᠳᠠᠢ ᠬᠦᠢ
ᠠᠯᠲᠠᠨ ᠥᠳᠥ ᠲᠡᠢ ᠭᠤᠷᠭᠤᠤᠯᠳᠠᠢ ᠶ᠋ᠢᠨ ᠠᠶᠠᠯᠭᠤᠯᠠᠵᠤ ᠳᠣᠩᠭᠣᠳᠤᠭᠰᠠᠨ ᠭᠠᠵᠠᠷ ᠠ᠋ ᠬᠦᠢ
ᠠᠯᠲᠠᠨ ᠵᠢᠭᠦᠷ ᠲᠡᠢ ᠭᠤᠷᠭᠤᠤᠯᠳᠠᠢ ᠶ᠋ᠢᠨ ᠨᠠᠪᠳᠠᠭ ᠰᠠᠪᠳᠠᠭ ᠢ᠋ ᠳᠠᠷᠤᠨ᠎ᠠ ᠭᠡᠳ  ᠠ ᠬᠠ ᠬᠦᠢ
ᠠᠷᠪᠠᠨ ᠭᠤᠷᠪᠠᠨ ᠦᠶ᠎ᠡ ᠲᠡᠢ ᠠᠯᠲᠠᠨ ᠰᠤᠪᠤᠷᠭ᠎ᠠ ᠶ᠋ᠢ ᠱᠣᠩᠬᠣᠷ ᠤ᠋ᠨ ᠠᠭᠤᠯᠠᠨ ᠳ᠋ᠤ᠌ ᠪᠤᠰᠬᠠᠵᠠᠢ ᠬᠦᠢ

ᠡᠷᠲᠡᠨ ᠡᠴᠡ ᠪᠡᠨ ᠠᠪᠤᠭᠠᠳ ᠡᠷᠡᠯᠬᠡᠭ ᠴᠣᠯᠠ ᠲᠠᠢ ᠭᠤᠷᠭᠤᠤᠯᠳᠠᠢ ᠬᠦᠢ
ᠡᠷᠳᠡᠨᠢ ᠶ᠋ᠢᠨ ᠥᠳᠥ ᠲᠡᠢ ᠭᠤᠷᠭᠤᠤᠯᠳᠠᠢ ᠶ᠋ᠢᠨ ᠡᠭᠡᠰᠢᠭᠯᠡᠵᠦ ᠳᠣᠩᠭᠣᠳᠤᠭᠰᠠᠨ ᠭᠠᠵᠠᠷ ᠠ᠋ ᠬᠦᠢ
ᠡᠷᠳᠡᠨᠢ ᠶ᠋ᠢᠨ ᠵᠢᠭᠦᠷ ᠲᠡᠢ ᠭᠤᠷᠭᠤᠤᠯᠳᠠᠢ ᠶ᠋ᠢᠨ ᠨᠠᠪᠲᠠᠭ ᠰᠠᠪᠳᠠᠭ ᠢ ᠳᠠᠷᠤᠨ᠎ᠠ ᠭᠡᠳ ᠠ ᠬᠠ ᠬᠦᠢ
ᠶᠢᠰᠦᠨ ᠦᠶ᠎ᠡ ᠲᠡᠢ ᠡᠷᠳᠡᠨᠢ ᠶ᠋ᠢᠨ ᠰᠤᠪᠤᠷᠭ᠎ᠠ ᠶ᠋ᠢ ᠱᠣᠩᠬᠣᠷ ᠤ᠋ᠨ ᠠᠭᠤᠯᠠᠨ ᠳ᠋ᠤ᠌ ᠴᠣᠭᠴᠠᠯᠠᠵᠠᠢ ᠬᠦᠢ

ᠵᠢᠨᠵᠤᠤᠷ
ᠳᠠᠭᠤᠴᠢᠨ᠄ ᠬᠥᠭᠵᠢᠯᠲᠦ
ᠵᠢᠶᠠᠩᠰᠠᠨ ᠳ᠋ᠤ᠌ ᠪᠠᠨ ᠲᠠᠷᠢᠭᠠᠳ ᠲᠡᠭᠡᠭᠰᠡᠨ ᠵᠢᠶᠠᠩᠰᠧᠯᠠᠢ ᠬᠤᠸᠠᠷ ᠢ᠋ ᠪᠡᠨ
ᠵᠠᠳᠠᠷᠠᠭᠠᠳ ᠳᠡᠯᠭᠡᠷᠡᠬᠦ ᠶ᠋ᠢ ᠨᠢ ᠬᠦᠯᠢᠶᠡᠶ᠎ᠡ ᠠ ᠬᠠ ᠠ ᠬᠠ ᠬᠦ ᠬᠦᠢ
ᠵᠢᠶᠠᠩᠨᠠᠨ ᠳ᠋ᠤ᠌ ᠪᠠᠨ ᠮᠣᠷᠳᠠᠭᠰᠠᠨ ᠵᠢᠨᠵᠤᠤᠷ ᠭᠣᠯᠣᠣ ᠪᠠᠨ
ᠵᠢᠭᠡᠯᠡᠭᠡᠨ ᠳ᠋ᠦ᠍ ᠰᠠᠭᠤᠬᠤ ᠶ᠋ᠢ ᠨᠢ ᠬᠦᠯᠢᠶᠡᠶ᠎ᠡ ᠬᠦᠢ

ᠵᠦᠢᠲᠡᠢ ᠵᠢᠨᠵᠤᠤᠷ ᠤ᠋ᠨ ᠮᠢᠨᠢ ᠣᠶᠣᠭᠠᠳ ᠥᠭᠭᠦᠭᠰᠡᠨ ᠬᠠᠨᠲᠠᠭᠠᠰᠤ
ᠵᠤᠨ ᠤ᠋ ᠨᠠᠷᠠᠨ ᠳ᠋ᠤ᠌ ᠪᠠᠨ ᠨᠡᠪᠲᠡᠷᠡᠬᠦ ᠦᠭᠡᠢ ᠠ ᠬᠠ ᠠ ᠬᠠ ᠬᠦ ᠬᠦᠢ
ᠵᠢᠨᠲ᠋ᠧᠦ ᠶ᠋ᠢᠨ ᠢ᠋ᠶ᠋ᠡᠨ ᠬᠠᠵᠠᠭᠤ ᠳ᠋ᠤ᠌ ᠪᠠᠨ ᠲᠠᠯᠪᠢᠭᠠᠳ ᠤᠨᠲᠠᠬᠤ ᠶ᠋ᠢᠨ ᠦᠶᠡᠰ ᠲᠦ᠍
ᠵᠡᠭᠦᠳᠦᠨ ᠳ᠋ᠦ᠍ ᠣᠷᠣᠮᠠᠷ ᠬᠠᠨᠲᠠᠭᠠᠰᠤ ᠠ᠋ ᠬᠦᠢ

ᠬᠠᠰᠢᠶᠠᠨ ᠳ᠋ᠤ᠌ ᠪᠠᠨ ᠲᠠᠷᠢᠭᠠᠳ ᠲᠡᠭᠡᠭᠰᠡᠨ ᠬᠠᠢᠲᠠᠩ ᠯᠢᠩᠬᠤ᠎ᠠ ᠴᠡᠴᠡᠭ ᠢ᠋ᠶ᠋ᠡᠨ
ᠬᠠᠭᠠᠷᠠᠭᠠᠳ ᠳᠡᠯᠭᠡᠷᠡᠬᠦ ᠶ᠋ᠢ ᠨᠢ ᠬᠦᠯᠢᠶᠡᠶ᠎ᠡ
ᠠ ᠬᠠ ᠠ ᠬᠠ ᠬᠦ ᠬᠦᠢ
ᠬᠠᠢᠨᠠᠨ ᠳ᠋ᠤ᠌ ᠪᠠᠨ ᠮᠣᠷᠳᠠᠭᠰᠠᠨ ᠵᠢᠨᠵᠤᠤᠷ ᠭᠣᠯᠣᠣ ᠪᠠᠨ
ᠬᠠᠷᠢᠭᠠᠳ ᠢᠷᠡᠬᠦ ᠶ᠋ᠢ ᠨᠢ ᠬᠦᠯᠢᠶᠡᠶ᠎ᠡ ᠬᠦᠢ

ᠪᠢᠩᠲᠦ ᠸᠠᠩ
ᠳᠠᠭᠤᠴᠢᠨ᠄ ᠰᠡᠴᠡᠨᠪᠢᠯᠢᠭ
ᠲᠥᠷᠥᠭᠡᠳ ᠲᠡᠭᠡᠭᠰᠡᠨ ᠭᠠᠵᠠᠷ ᠶᠤᠭᠠᠨ ᠬᠡᠯᠡᠪᠡᠯ ᠳᠡ ᠬᠦᠢ
ᠲᠡᠭᠰᠢ ᠰᠠᠢᠬᠠᠨ ᠰᠠᠭᠤᠭᠰᠠᠨ ᠪᠢᠩᠲᠦ ᠶᠡᠬᠡ ᠬᠣᠰᠢᠭᠤ ᠶᠤᠮ ᠠ᠋ ᠬᠦᠢ
ᠲᠢᠪ ᠣᠯᠠᠨ ᠳᠡᠯᠡᠬᠡᠢ ᠳ᠋ᠦ᠍ ᠠᠯᠳᠠᠷ ᠢ᠋ᠶ᠋ᠠᠨ ᠮᠠᠨᠳᠤᠭᠤᠯᠤᠭᠰᠠᠨ ᠢ᠋ᠶ᠋ᠠᠨ ᠪᠣᠳᠣᠪᠠᠯ ᠳᠠ  ᠸᠠᠰᠢ ᠳᠠ ᠶᠠᠭᠠᠬᠢᠬᠤᠪ ᠳᠠ
ᠲᠡᠭᠷᠢᠯᠢᠭ ᠪᠣᠭᠳᠠ ᠴᠢᠩᠭᠢᠰ ᠦ᠋ᠨ ᠦᠶ᠎ᠡ ᠡᠴᠡ ᠪᠠᠭᠠᠲᠤᠷ ᠨᠡᠷ᠎ᠡ ᠲᠡᠢ ᠪᠢᠳᠡ ᠨᠠᠷ ᠠ᠋ ᠬᠦᠢ

ᠤᠤᠭᠤᠭᠠᠳ ᠲᠡᠭᠡᠭᠰᠡᠨ ᠤᠰᠤ ᠶᠤᠭᠠᠨ ᠬᠡᠯᠡᠪᠡᠯ ᠳᠡ ᠬᠦᠢ
ᠤᠷᠤᠰᠬᠠᠯ ᠲᠤᠩᠭᠠᠯᠠᠭ ᠴᠦᠩᠬᠦᠯ ᠦ᠋ᠨ ᠭᠣᠣᠯ ᠤ᠋ᠨ ᠤᠰᠤ ᠶᠤᠮ ᠠ᠋ ᠬᠦᠢ
ᠣᠷᠴᠢᠯᠠᠩ ᠳᠡᠯᠡᠬᠡᠢ ᠳ᠋ᠦ᠍ ᠠᠯᠳᠠᠷ ᠢ᠋ᠶ᠋ᠠᠨ ᠮᠠᠨᠳᠤᠭᠤᠯᠤᠭᠰᠠᠨ ᠢ᠋ᠶ᠋ᠠᠨ ᠪᠣᠳᠣᠪᠠᠯ ᠳᠠ  ᠸᠠᠰᠢ ᠳᠠ ᠶᠠᠭᠠᠬᠢᠬᠤᠪ ᠳᠠ
ᠤᠷᠢᠳᠤ ᠶ᠋ᠢᠨ ᠡᠪᠦᠭᠡ ᠴᠢᠩᠭᠢᠰ ᠦ᠋ᠨ ᠦᠶ᠎ᠡ ᠡᠴᠡ ᠦᠨᠡᠨ ᠲᠡᠦᠬᠡ ᠲᠡᠢ ᠪᠢᠳᠡ ᠨᠠᠷ ᠠ᠋ ᠬᠦᠢ

ᠠᠳᠤᠭᠤ ᠮᠠᠯ ᠢ᠋ᠶ᠋ᠠᠨ ᠠᠷᠪᠢᠨ ᠪᠠᠢᠨ᠎ᠠ ᠭᠡᠵᠦ ᠠᠰᠤᠷᠤ ᠪᠤᠤ ᠯᠠ ᠪᠠᠶᠠᠷᠯᠠᠭᠠᠳ ᠪᠠᠢ ᠬᠦᠢ
ᠠᠯᠲᠠᠨ ᠭᠠᠨᠵᠤᠤᠷ ᠢ᠋ᠶ᠋ᠠᠨ ᠤᠩᠰᠢᠭᠤᠯᠴᠢᠬᠠᠭᠠᠳ ᠠᠰᠤᠷᠤ ᠪᠤᠤ ᠯᠠ ᠪᠠᠶᠠᠷᠯᠠᠭᠠᠳ ᠪᠠᠢ ᠬᠦᠢ
ᠠᠳᠤᠭᠤᠰᠤ ᠶ᠋ᠢᠨ ᠵᠤᠯᠵᠠᠭ᠎ᠠ ᠶᠤᠸᠠᠨ ᠱᠢ ᠺᠠᠢ ᠠᠪᠤ ᠶ᠋ᠢᠨ ᠨᠤᠲᠤᠭ ᠢ᠋ ᠴᠢᠨᠢ ᠡᠵᠡᠯᠡᠴᠢᠬᠡᠵᠡᠢ  ᠸᠠᠰᠢ ᠳᠠ ᠶᠠᠭᠠᠬᠢᠬᠤᠪ ᠳᠠ
ᠠᠷᠪᠠ ᠲᠠᠪᠤᠨ ᠬᠣᠰᠢᠭᠤ ᠪᠠᠷ ᠢ᠋ᠶ᠋ᠠᠨ ᠪᠦᠯᠬᠦᠮᠳᠡᠵᠡᠭᠡᠶ᠎ᠡ ᠪᠣᠯᠬᠤ ᠤᠤ ᠳᠠ ᠬᠦᠢ

ᠦᠬᠡᠷ ᠮᠠᠯ ᠢ᠋ᠶ᠋ᠠᠨ ᠡᠯᠳᠡᠩ ᠪᠠᠢᠨ᠎ᠠ ᠭᠡᠵᠦ ᠥᠩᠭᠡᠷᠡᠦ ᠪᠦᠦ ᠯᠡ ᠪᠠᠶᠠᠷᠯᠠᠭᠠᠳ ᠪᠠᠢ ᠬᠦᠢ
ᠡᠷᠳᠡᠨᠢ ᠶ᠋ᠢᠨ ᠭᠠᠨᠵᠤᠤᠷ ᠢ᠋ᠶ᠋ᠠᠨ ᠤᠩᠰᠢᠭᠤᠯᠴᠢᠬᠠᠭᠠᠳ ᠥᠩᠭᠡᠷᠡᠦ ᠪᠦᠦ ᠯᠡ ᠪᠠᠶᠠᠷᠯᠠᠭᠠᠳ ᠪᠠᠢ ᠬᠦᠢ
ᠥᠰᠢᠶᠡᠲᠡᠨ ᠬᠤᠯᠠᠭᠠᠢ ᠶᠤᠸᠠᠨ ᠱᠢ ᠺᠠᠢ ᠡᠴᠢᠭᠡ ᠶ᠋ᠢᠨ ᠨᠤᠲᠤᠭ ᠢ᠋ ᠴᠢᠨᠢ ᠡᠵᠡᠯᠡᠴᠢᠬᠡᠵᠡᠢ  ᠸᠠᠰᠢ ᠳᠠ ᠶᠠᠭᠠᠬᠢᠬᠤᠪ ᠳᠠ
ᠥᠷᠭᠡᠨ ᠣᠯᠠᠨ ᠮᠣᠩᠭᠣᠯᠴᠤᠳ ᠢ᠋ᠶ᠋ᠠᠷ ᠢ᠋ᠶ᠋ᠠᠨ ᠡᠶ᠎ᠡ ᠲᠡᠢ ᠰᠠᠭᠤᠶ᠎ᠠ ᠪᠣᠯᠬᠤ ᠤᠤ ᠳᠠ ᠬᠦᠢ

ᠪᠠᠢ ᠬᠡᠦ ᠬᠡ ᠬᠡ
ᠳᠠᠭᠤᠴᠢᠨ᠄ ᠲᠡᠬᠦᠤᠢ᠋ᠷ᠎ᠠ ᠂ ᠵᠠᠩ ᠭᠦᠸᠧ ᠵᠢᠶᠦ᠋ᠨ
ᠵᠢᠷᠭᠤᠭᠠᠨ ᠴᠤ᠌ ᠫᠢᠶᠤᠤᠳᠠᠢ ᠲᠠᠢ ᠤᠭᠤᠲᠠ ᠯᠠ ᠶᠤᠮ ᠠ᠋ ᠪᠠᠢ ᠬᠡᠦ ᠬᠡ ᠬᠦᠢ
ᠵᠢᠷᠭᠤᠭᠠᠨ ᠰᠠᠷ᠎ᠠ ᠶ᠋ᠢᠨ ᠨᠠᠷᠠᠨ ᠤ᠋ ᠬᠠᠯᠠᠭᠤᠨ ᠳ᠋ᠤ᠌ ᠪᠠᠨ ᠰᠠᠭᠤᠵᠤ ᠯᠠ ᠪᠠᠢᠭᠠᠳ ᠣᠶᠣᠭᠰᠠᠨ ᠶᠤᠮ ᠠ᠋ ᠬᠦᠢ
ᠵᠦᠢᠲᠡᠢ ᠬᠥᠮᠦᠨ ᠪᠠᠢ ᠬᠡᠦ ᠬᠡ ᠬᠡ ᠳ᠋ᠦ᠍ ᠪᠡᠨ ᠵᠡᠭᠦᠯᠭᠡᠶ᠎ᠡ ᠭᠡᠮᠡᠨ ᠣᠶᠣᠬᠤ ᠯᠠᠢ( ᠳ᠋ᠤ᠌) ᠬᠦᠢ
ᠵᠠᠭᠤᠷᠮᠠᠭ ᠨᠠᠰᠤᠯᠠᠭᠰᠠᠨ ᠠᠯᠲᠠᠨᠪᠠᠭᠠᠨ᠎ᠠ ᠳ᠋ᠤ᠌ ᠪᠠᠨ ᠵᠡᠭᠦᠯᠭᠡᠴᠢᠬᠡᠵᠡᠢ ᠮᠠᠨ ᠤ᠋ ᠮᠥᠮᠥ ᠬᠦᠢ

ᠨᠠᠢ᠍ᠮᠠᠨ ᠴᠤ᠌ ᠫᠢᠶᠤᠤᠳᠠᠢ ᠲᠠᠢ ᠤᠭᠤᠲᠠ ᠯᠠ ᠶᠤᠮ ᠠ᠋ ᠪᠠᠢ ᠬᠡᠦ ᠬᠡ ᠬᠦᠢ
ᠨᠠᠢ᠍ᠮᠠᠨ ᠰᠠᠷ᠎ᠠ ᠶ᠋ᠢᠨ ᠨᠠᠷᠠᠨ ᠤ᠋ ᠬᠠᠯᠠᠭᠤᠨ ᠳ᠋ᠤ᠌ ᠪᠠᠨ ᠰᠠᠭᠤᠵᠤ ᠯᠠ ᠪᠠᠢᠭᠠᠳ ᠣᠶᠣᠭᠰᠠᠨ ᠶᠤᠮ ᠠ᠋ ᠬᠦᠢ
ᠨᠠᠢᠷᠲᠠᠢ ᠬᠥᠮᠦᠨ ᠪᠠᠢ ᠬᠡᠦ ᠬᠡ ᠬᠡ ᠳ᠋ᠦ᠍ ᠪᠡᠨ ᠵᠡᠭᠦᠯᠭᠡᠶ᠎ᠡ ᠭᠡᠮᠡᠨ ᠣᠶᠣᠬᠤ ᠯᠠᠢ( ᠳ᠋ᠤ᠌) ᠬᠦᠢ
ᠨᠠᠰᠤ ᠪᠠᠨ ᠠᠯᠳᠠᠭᠰᠠᠨ ᠠᠯᠲᠠᠨᠪᠠᠭᠠᠨ᠎ᠠ ᠳ᠋ᠤ᠌ ᠪᠠᠨ ᠵᠡᠭᠦᠯᠭᠡᠴᠢᠬᠡᠵᠡᠢ ᠮᠠᠨ ᠤ᠋ ᠮᠥᠮᠥ ᠬᠦᠢ

ᠨᠣᠭᠣᠭᠠᠨ ᠲᠣᠷᠭᠠᠨ ᠤᠭᠤᠲᠠ ᠶ᠋ᠢ ᠴᠢᠨᠢ ᠳᠡ ᠿᠦᠶᠧᠮ᠎ᠠ ᠬᠦᠢ
ᠨᠤᠨᠲᠠᠰᠤ ᠪᠣᠯᠲᠠᠯ᠎ᠠ ᠥᠭᠡᠳᠡᠰᠦ ᠪᠣᠯᠲᠠᠯ᠎ᠠ ᠵᠡᠭᠦᠭᠡᠳ ᠶᠠᠪᠤᠶ᠎ᠠ ᠬᠡ ᠬᠡ ᠨᠢ ᠠ᠋ ᠬᠦᠢ
ᠨᠢᠭᠤᠵᠤ ᠯᠠ ᠪᠠᠢᠭᠠᠳ ᠰᠢᠪᠡᠨᠡᠵᠦ ᠪᠠᠢᠭᠠᠳ ᠬᠡᠯᠡᠭᠰᠡᠨ ᠬᠣᠶᠠᠷᠬᠠᠨ ᠦᠭᠡ ᠶ᠋ᠢ ᠴᠢᠨᠢ ᠠ᠋ ᠬᠦᠢ
ᠨᠣᠭᠣᠭᠠᠨ ᠳ᠋ᠠᠷ᠎ᠠ ᠶ᠋ᠢᠨ ᠬᠠᠨᠳᠠᠨ ᠳ᠋ᠤ᠌ ᠠᠳᠠᠯᠢ ᠴᠡᠭᠡᠵᠢᠯᠡᠵᠦ ᠶᠠᠪᠤᠶ᠎ᠠ ᠬᠡ ᠬᠡ ᠨᠢ ᠠ᠋ ᠬᠦᠢ

ᠰᠢᠷ᠎ᠠ ᠲᠣᠷᠭᠠᠨ ᠤᠭᠤᠲᠠ ᠶ᠋ᠢ ᠴᠢᠨᠢ ᠳᠡ ᠿᠦᠶᠧᠮ᠎ᠠ ᠬᠦᠢ
ᠰᠢᠨᠳᠠᠰᠤ ᠪᠣᠯᠲᠠᠯ᠎ᠠ ᠥᠭᠡᠳᠡᠰᠦ ᠪᠣᠯᠲᠠᠯ᠎ᠠ ᠵᠡᠭᠦᠭᠡᠳ ᠶᠠᠪᠤᠶ᠎ᠠ ᠬᠡ ᠬᠡ ᠨᠢ ᠠ᠋ ᠬᠦᠢ
ᠰᠢᠪᠡᠨᠡᠵᠦ ᠪᠠᠢᠭᠠᠳ ᠨᠢᠭᠤᠵᠤ ᠯᠠ ᠪᠠᠢᠭᠠᠳ ᠬᠡᠯᠡᠭᠰᠡᠨ ᠬᠣᠶᠠᠷᠬᠠᠨ ᠦᠭᠡ ᠶ᠋ᠢ ᠴᠢᠨᠢ ᠠ᠋ ᠬᠦᠢ
ᠴᠠᠭᠠᠨ ᠳ᠋ᠠᠷ᠎ᠠ ᠶ᠋ᠢᠨ ᠬᠠᠨᠳᠠᠨ ᠳ᠋ᠤ᠌ ᠠᠳᠠᠯᠢ ᠴᠡᠭᠡᠵᠢᠯᠡᠵᠦ ᠶᠠᠪᠤᠶ᠎ᠠ ᠬᠡ ᠬᠡ ᠨᠢ ᠠ᠋ ᠬᠦᠢ

ᠪᠠᠢ ᠢᠦᠢ ᠯᠠᠨ
ᠳᠠᠭᠤᠴᠢᠨ᠄ ᠪᠠᠢ ᠰᠢᠦ ᠮᠧᠢ
ᠬᠠᠰ ᠤ᠋ᠨ ᠰᠢᠯᠪᠢ ᠲᠡᠢ ᠢᠦᠢᠱ᠌ᠢ ᠳ᠋ᠠᠢ ᠪᠠᠨ ᠨᠠᠭᠠᠰᠢ ᠪᠠᠨ ᠥᠭ ᠳᠡ ᠠᠬ᠎ᠠ ᠮᠢᠨᠢ ᠠ᠋ ᠬᠦᠢ
ᠬᠠᠢᠨᠠᠨ ᠭᠠᠵᠠᠷ ᠤ᠋ᠨ ᠬᠠᠢᠶᠠᠨ ᠲᠠᠮᠠᠬᠢ ᠶ᠋ᠢ ᠪᠡᠨ ᠨᠣᠴᠣᠭᠠᠭᠠᠳ ᠥᠭᠭᠦᠶ᠎ᠡ ᠴᠢᠮ᠎ᠠ ᠳ᠋ᠤ᠌ ᠪᠠᠨ ᠬᠦᠢ
ᠬᠠᠷᠠᠩᠭᠤᠢ ᠰᠥᠨᠢ ᠶ᠋ᠢᠨ ᠵᠡᠭᠦᠳᠦᠯᠡᠭᠡᠳ ᠲᠡᠭᠡᠭᠰᠡᠨ ᠵᠡᠭᠦᠳᠦ ᠶ᠋ᠢ ᠪᠡᠨ ᠬᠠᠭᠠᠰ ᠢ᠋ ᠨᠢ ᠴᠢᠮ᠎ᠠ ᠳ᠋ᠤ᠌ ᠪᠠᠨ ᠬᠡᠯᠡᠵᠦ ᠥᠭᠭᠦᠶ᠎ᠡ ᠬᠦᠢ
ᠬᠠᠢᠷ᠎ᠠ ᠶ᠋ᠢᠨ ᠰᠡᠳᠬᠢᠯ ᠬᠠᠯᠠᠭᠤᠨ ᠰᠠᠨᠠᠭ᠎ᠠ ᠪᠠᠨ ᠬᠡ ᠬᠡ ᠴᠢᠮ᠎ᠠ ᠳ᠋ᠤ᠌ ᠪᠠᠨ ᠲᠠᠯᠪᠢᠭᠰᠠᠨ ᠶᠤᠮ ᠠ᠋ ᠬᠦᠢ

ᠥᠨᠳᠥᠷ ᠰᠢᠯᠪᠢ ᠲᠡᠢ ᠢᠦᠢᠱ᠌ᠢ ᠳ᠋ᠠᠢ ᠪᠠᠨ ᠡᠢᠰᠢ ᠪᠡᠨ ᠥᠭ ᠳᠡ ᠠᠬ᠎ᠠ ᠮᠢᠨᠢ ᠠ᠋ ᠬᠦᠢ
ᠸᠧᠢᠨᠠᠨ ᠭᠠᠵᠠᠷ ᠤ᠋ᠨ ᠤᠯᠠᠭᠠᠨ ᠲᠠᠮᠠᠬᠢ ᠶ᠋ᠢ ᠪᠡᠨ ᠨᠣᠴᠣᠭᠠᠭᠠᠳ ᠥᠭᠭᠦᠶ᠎ᠡ ᠴᠢᠮ᠎ᠠ ᠳ᠋ᠤ᠌ ᠪᠠᠨ ᠬᠦᠢ
ᠥᠴᠥᠭᠡᠳᠦᠷ ᠰᠥᠨᠢ ᠶ᠋ᠢᠨ ᠵᠡᠭᠦᠳᠦᠯᠡᠭᠡᠳ ᠲᠡᠭᠡᠭᠰᠡᠨ ᠵᠡᠭᠦᠳᠦ ᠶ᠋ᠢ ᠪᠡᠨ ᠦᠵᠦᠭᠦᠷ ᠡᠴᠡ ᠨᠢ ᠴᠢᠮ᠎ᠠ ᠳ᠋ᠤ᠌ ᠪᠠᠨ ᠬᠡᠯᠡᠵᠦ ᠥᠭᠭᠦᠶ᠎ᠡ ᠬᠦᠢ
ᠦᠨᠡᠨ ᠰᠠᠨᠠᠭ᠎ᠠ ᠬᠠᠢᠷ᠎ᠠ ᠶ᠋ᠢᠨ ᠰᠡᠳᠬᠢᠯ ᠢ᠋ᠶ᠋ᠡᠨ ᠬᠡ ᠬᠡ ᠴᠢᠮ᠎ᠠ ᠳ᠋ᠤ᠌ ᠪᠠᠨ ᠲᠠᠯᠪᠢᠭᠰᠠᠨ ᠶᠤᠮ ᠠ᠋ ᠬᠦᠢ

ᠳᠠᠭᠤᠯᠠ
ᠳᠠᠭᠤᠴᠢᠨ᠄ ᠵᠢᠷᠠᠨᠲᠠᠢ
ᠪᠠᠷᠠᠭᠤᠨ ᠬᠣᠢᠨ᠎ᠠ ᠠ᠋ᠴᠠ ᠡᠭᠦᠯᠡ ᠨᠢ ᠭᠠᠷᠤᠯ᠎ᠠ ᠳᠠ
ᠪᠠᠰᠠ ᠴᠤ᠌ ᠪᠣᠷᠣᠭᠠᠨ ᠣᠷᠣᠬᠤ ᠶᠤᠮ ᠪᠠ( ᠪᠢᠵᠡ) ᠬᠦᠢ
ᠪᠣᠳᠣᠯᠭᠠᠨ ᠤ᠋ ᠳᠣᠲᠣᠷ᠎ᠠ ᠳᠠᠩ ᠲᠤᠩ ᠪᠠᠢᠨ᠎ᠠ
ᠪᠠᠭᠠᠬᠠᠨ ᠳᠠᠭᠤᠯᠠ ᠠ᠋ᠴᠠ ᠰᠠᠯᠬᠤ ᠶᠤᠮ ᠪᠠ( ᠪᠢᠵᠡ) ᠬᠦᠢ

ᠵᠡᠭᠦᠨ ᠬᠣᠢᠨ᠎ᠠ ᠠ᠋ᠴᠠ ᠡᠭᠦᠯᠡ ᠨᠢ ᠭᠠᠷᠤᠯ᠎ᠠ ᠳᠠ
ᠵᠦᠰᠡᠷ ᠪᠣᠷᠣᠭᠠᠨ ᠣᠷᠣᠬᠤ ᠶᠤᠮ ᠪᠠ( ᠪᠢᠵᠡ) ᠬᠦᠢ
ᠵᠢᠷᠦᠬᠡᠨ ᠦ᠌ ᠳᠣᠲᠣᠷ᠎ᠠ ᠳᠠᠩ ᠲᠤᠩ ᠪᠠᠢᠨ᠎ᠠ
ᠵᠦᠢᠲᠡᠢ ᠳᠠᠭᠤᠯᠠ ᠠ᠋ᠴᠠ ᠰᠠᠯᠬᠤ ᠶᠤᠮ ᠪᠠ( ᠪᠢᠵᠡ) ᠬᠦᠢ

ᠣᠭ᠌ᠶᠣᠲᠠᠢ
ᠳᠠᠭᠤᠴᠢᠨ᠄ ᠤᠷᠢᠬᠠᠨ
ᠪᠠᠷᠠᠭᠤᠨ ᠭᠣᠣᠯ ᠤ᠋ᠨ ᠪᠤᠷᠭᠠᠰᠤ ᠴᠢᠨᠢ ᠳᠡ ᠤᠷᠭᠤᠵᠠᠢ ᠤᠤ ᠳᠠ ᠵᠤᠭᠤᠷᠠᠵᠠᠢ  ᠠ ᠬᠦᠢ ᠣᠭ᠌ᠶᠣᠲᠠᠢ ᠬᠦᠢ
ᠪᠠᠭᠠᠬᠠᠨ ᠲᠥᠷᠥᠭᠰᠡᠨ ᠣᠭ᠌ᠶᠣᠲᠠᠢ ᠠᠩᠭ᠎ᠠ ᠶ᠋ᠢ ᠲᠥᠷᠥᠵᠡᠢ ᠤᠤ ᠳᠠ ᠵᠢᠷᠤᠴᠢᠬᠠᠵᠠᠢ ᠬᠦᠢ
ᠵᠡᠭᠦᠨ ᠭᠣᠣᠯ ᠤ᠋ᠨ ᠪᠤᠷᠭᠠᠰᠤ ᠴᠢᠨᠢ ᠳᠡ ᠤᠷᠭᠤᠵᠠᠢ ᠤᠤ ᠳᠠ ᠵᠤᠭᠤᠷᠠᠵᠠᠢ   ᠠ ᠬᠦᠢ ᠣᠭ᠌ᠶᠣᠳᠠᠢ ᠬᠦᠢ
ᠵᠦᠢᠲᠡᠢ ᠲᠥᠷᠥᠭᠰᠡᠨ ᠣᠭ᠌ᠶᠣᠳᠠᠢ ᠠᠩᠭ᠎ᠠ ᠶ᠋ᠢ ᠲᠥᠷᠥᠵᠡᠢ ᠤᠤ ᠳᠠ ᠵᠢᠷᠤᠴᠢᠬᠠᠵᠠᠢ ᠬᠦᠢ

ᠲᠤᠭᠤᠯᠵᠢᠨ ᠠᠭᠤᠯᠠ
ᠳᠠᠭᠤᠴᠢᠨ᠄ ᠴᠢ ᠯᠢᠨ
ᠪᠠᠷᠠᠭᠤᠨ ᠲᠠᠯ᠎ᠠ ᠠ᠋ᠴᠠ ᠨᠢ ᠬᠠᠷᠠᠬᠤᠯᠠᠷ ᠬᠦᠢ
ᠪᠠᠬᠠᠷᠤᠯᠲᠠᠢ ᠰᠠᠢᠬᠠᠨ ᠲᠤᠭᠤᠯᠵᠢᠨ ᠠᠭᠤᠯᠠ ᠬᠦᠢ
ᠪᠠᠷᠰ ᠪᠣᠯᠤᠨ ᠢᠷᠪᠢᠰ ᠬᠣᠶᠠᠷ ᠨᠢ ᠬᠦᠢ
ᠪᠠᠢᠷᠢᠯᠠᠵᠤ ᠰᠠᠭᠤᠮᠠᠷ ᠲᠤᠭᠤᠯᠵᠢᠨ ᠠᠭᠤᠯᠠ ᠬᠦᠢ

ᠵᠡᠭᠦᠨ ᠲᠠᠯ᠎ᠠ ᠠ᠋ᠴᠠ ᠨᠢ ᠬᠠᠷᠠᠬᠤᠯᠠᠷ ᠬᠦᠢ
ᠵᠦᠢᠲᠡᠢ ᠰᠠᠢᠬᠠᠨ ᠲᠤᠭᠤᠯᠵᠢᠨ ᠠᠭᠤᠯᠠ ᠬᠦᠢ
ᠵᠦᠢᠯ ᠪᠦᠷᠢ ᠶ᠋ᠢᠨ ᠪᠣᠯᠵᠣᠮᠣᠷ ᠰᠢᠪᠠᠭᠤᠳ ᠬᠦᠢ
ᠵᠦᠢᠴᠡᠵᠦ ᠰᠠᠭᠤᠮᠠᠷ ᠲᠤᠭᠤᠯᠵᠢᠨ ᠠᠭᠤᠯᠠ ᠬᠦᠢ

 ᠶ᠋ᠢᠨ ᠯᠢᠶᠠᠩ
ᠳᠠᠭᠤᠴᠢᠨ᠄ ᠴᠧᠨ ᠰᠢᠶᠣᠤ ᠯᠢᠩ
ᠠᠯᠲᠠᠨ ᠪᠠᠭᠤᠤ ᠭᠠᠷ ᠲᠤ᠌ ᠴᠢᠨᠢ
ᠠᠪᠤ ᠶ᠋ᠢᠨ ᠴᠢᠨᠢ ᠰᠤᠷᠭᠠᠯ ᠴᠡᠭᠡᠵᠢᠨ ᠳ᠋ᠦ᠍ ᠴᠢᠨᠢ
ᠠᠰᠬᠠᠷᠠᠲᠠᠯ᠎ᠠ ᠤᠬᠢᠯᠠᠭᠠᠳ ᠶᠠᠭᠤ ᠪᠠᠨ ᠬᠢᠨ᠎ᠡ ᠳᠡ ᠠ ᠬᠦᠢ ᠶ᠋ᠢᠨ ᠯᠢᠶᠠᠩ
ᠠᠪᠤ ᠨᠢ ᠪᠡᠶ᠎ᠡ ᠪᠡᠷ ᠢ᠋ᠶ᠋ᠡᠨ ᠬᠦᠷᠭᠡᠶ᠎ᠡ ᠬᠦᠢ

ᠮᠥᠩᠭᠥᠨ ᠪᠠᠭᠤᠤ ᠭᠠᠷ ᠲᠤ᠌ ᠴᠢᠨᠢ
ᠮᠥᠮᠥ ᠶ᠋ᠢᠨ ᠴᠢᠨᠢ ᠰᠤᠷᠭᠠᠯ ᠴᠡᠭᠡᠵᠢᠨ ᠳ᠋ᠦ᠍ ᠴᠢᠨᠢ
ᠮᠡᠯᠮᠡᠯᠵᠡᠭᠦᠯᠵᠦ ᠤᠬᠢᠯᠠᠭᠠᠳ ᠶᠠᠭᠤ ᠪᠠᠨ ᠬᠢᠨ᠎ᠡ ᠳᠡ ᠠ ᠬᠦᠢ ᠶ᠋ᠢᠨ ᠯᠢᠶᠠᠩ
ᠮᠥᠮᠥ ᠨᠢ ᠪᠡᠶ᠎ᠡ ᠪᠡᠷ ᠢ᠋ᠶ᠋ᠡᠨ ᠬᠦᠷᠭᠡᠶ᠎ᠡ ᠬᠦᠢ

ᠳ᠋ᠠᠯᠢᠶᠠᠩ ᠰᠦᠢᠬᠡ ᠨᠢ ᠴᠢᠬᠢᠨ ᠳ᠋ᠦ᠍ ᠴᠢᠨᠢ
ᠳ᠋ᠠᠶᠧ ᠶ᠋ᠢᠨ ᠴᠢᠨᠢ ᠰᠤᠷᠭᠠᠯ ᠴᠡᠭᠡᠵᠢᠨ ᠳ᠋ᠦ᠍ ᠴᠢᠨᠢ
ᠳᠠᠪᠰᠢᠨ ᠤᠬᠢᠯᠠᠭᠠᠳ ᠶᠠᠭᠤ ᠪᠠᠨ ᠬᠢᠨ᠎ᠡ ᠳᠡ ᠠ ᠬᠦᠢ ᠶ᠋ᠢᠨ ᠯᠢᠶᠠᠩ
ᠳ᠋ᠠᠶᠧ ᠨᠢ ᠪᠡᠶ᠎ᠡ ᠪᠡᠷ ᠢ᠋ᠶ᠋ᠡᠨ ᠬᠦᠷᠭᠡᠶ᠎ᠡ ᠬᠦᠢ

ᠰᠠᠢᠬᠠᠨ ᠰᠦᠢᠬᠡ ᠨᠢ ᠴᠢᠬᠢᠨ ᠳ᠋ᠦ᠍ ᠴᠢᠨᠢ
ᠰᠢᠨᠰᠧ ᠶ᠋ᠢᠨ ᠴᠢᠨᠢ ᠰᠤᠷᠭᠠᠯ ᠴᠡᠭᠡᠵᠢᠨ ᠳ᠋ᠦ᠍ ᠴᠢᠨᠢ
ᠰᠢᠪᠰᠢᠷᠡᠲᠡᠯ᠎ᠡ ᠤᠬᠢᠯᠠᠭᠠᠳ ᠶᠠᠭᠤ ᠪᠠᠨ ᠬᠢᠨ᠎ᠡ ᠳᠡ ᠠ ᠬᠦᠢ ᠶ᠋ᠢᠨ ᠯᠢᠶᠠᠩ
ᠰᠢᠨᠰᠧ ᠨᠢ ᠪᠡᠶ᠎ᠡ ᠪᠡᠷ ᠢ᠋ᠶ᠋ᠡᠨ ᠬᠦᠷᠭᠡᠶ᠎ᠡ ᠬᠦᠢ

ᠠᠷᠤ ᠳᠡᠯᠡᠬᠡᠢ
ᠳᠠᠭᠤᠴᠢᠨ᠄ ᡁᠢ ᠾᠦᠢ
ᠠᠷᠤ ᠳᠡᠯᠡᠬᠡᠢ ᠭᠡᠳᠡᠭ ᠴᠢᠨᠢ ᠬᠦᠢ
ᠠᠩᠲᠤ ᠲᠣᠷᠭ᠎ᠠ ᠥᠭᠡᠷ᠎ᠡ ᠤᠤ ᠳᠠ ᠬᠦᠢ
ᠠᠪᠤ ᠮᠥᠮᠥ ᠬᠣᠶᠠᠷ ᠭᠡᠳᠡᠭ ᠴᠢᠨᠢ ᠠ ᠬᠠ ᠬᠦᠢ
ᠠᠮᠢᠳᠤ ᠪᠤᠷᠬᠠᠨ ᠥᠭᠡᠷ᠎ᠡ ᠤᠤ ᠳᠠ ᠬᠦᠢ

ᠡᠩ ᠳᠡᠯᠡᠬᠡᠢ ᠭᠡᠳᠡᠭ ᠴᠢᠨᠢ ᠬᠦᠢ
ᠥᠩᠭᠡᠲᠡᠢ ᠲᠣᠷᠭ᠎ᠠ ᠥᠭᠡᠷ᠎ᠡ ᠤᠤ ᠳᠠ ᠬᠦᠢ
ᠡᠮᠧ ᠠᠪᠤ ᠬᠣᠶᠠᠷ ᠭᠡᠳᠡᠭ ᠴᠢᠨᠢ ᠠ ᠬᠠ ᠬᠦᠢ
ᠡᠪᠦᠭᠡᠨ ᠪᠤᠷᠬᠠᠨ ᠥᠭᠡᠷ᠎ᠡ ᠤᠤ ᠳᠠ ᠬᠦᠢ

ᠲᠤᠤ ᠨᠢᠩ ᠾᠧ
ᠳᠠᠭᠤᠴᠢᠨ᠄ ᠠᠯᠮᠠᠰ
ᠲᠤᠤ ᠨᠠᠨ ᠹᠦ ᠶ᠋ᠢᠨ ᠭᠠᠵᠠᠷ ᠠ᠋ᠴᠠ ᠲᠤᠤᠱᠤᠤ ᠪᠢᠴᠢᠭ ᠨᠢ ᠪᠠᠭᠤᠵᠤ ᠢᠷᠡᠯ᠎ᠡ ᠬᠦᠢ
ᠲᠣᠭᠣᠷᠢᠭᠠᠳ ᠰᠠᠭᠤᠭᠰᠠᠨ ᠬᠣᠰᠢᠭᠤ ᠨᠤᠲᠤᠭ ᠢ᠋ᠶ᠋ᠠᠨ ᠬᠠᠮᠢᠶᠠᠷ ᠠ᠋ ᠭᠡᠵᠦ ᠲᠤᠰᠢᠶᠠᠯ᠎ᠠ ᠬᠦᠢ
ᠲᠣᠭᠣᠷᠢᠭᠠᠳ ᠰᠠᠭᠤᠭᠰᠠᠨ ᠬᠣᠰᠢᠭᠤ ᠨᠤᠲᠤᠭ ᠢ᠋ᠶ᠋ᠠᠨ ᠬᠠᠮᠢᠶᠠᠷᠤᠨ᠎ᠠ ᠭᠡᠭᠰᠡᠭᠡᠷ ᠪᠠᠢᠭᠠᠳ ᠬᠦᠢ
ᠲᠤᠨᠤᠭ᠎ᠠ ᠶ᠋ᠢᠨ ᠲᠦᠷᠦᠭᠦᠦ ᠵᠢᠦ ᠵᠢᠶᠠᠩ ᠾᠦᠩ ᠲᠡᠢ ᠲᠦᠭ( ᠵᠦᠭ) ᠦᠭᠡᠢ ᠥᠰᠢᠶ᠎ᠡ ᠲᠡᠢ ᠪᠣᠯᠤᠯ᠎ᠠ ᠰᠢᠦ ᠬᠦᠢ

ᠵᠠᠩ ᠢ ᠰᠢᠶᠠᠨ ᠤ᠋ ᠭᠠᠵᠠᠷ ᠠ᠋ᠴᠠ ᠵᠠᠬᠢᠶ᠎ᠠ ᠪᠢᠴᠢᠭ ᠨᠢ ᠪᠠᠭᠤᠵᠤ ᠢᠷᠡᠯ᠎ᠡ ᠬᠦᠢ
ᠵᠠᠬ᠎ᠠ ᠳ᠋ᠤ᠌ ᠪᠠᠨ ᠪᠠᠢᠬᠤ ᠬᠠᠷ᠎ᠠ ᠭᠠᠩᠭ᠎ᠠ ᠶ᠋ᠢ ᠵᠠᠬᠢᠷ ᠠ᠋ ᠭᠡᠵᠦ ᠲᠤᠰᠢᠶᠠᠯ᠎ᠠ ᠬᠦᠢ
ᠵᠠᠬ᠎ᠠ ᠳ᠋ᠤ᠌ ᠪᠠᠨ ᠪᠠᠢᠬᠤ ᠬᠠᠷ᠎ᠠ ᠭᠠᠩᠭ᠎ᠠ ᠶ᠋ᠢ ᠵᠠᠬᠢᠷᠤᠨ᠎ᠠ ᠭᠡᠭᠰᠡᠭᠡᠷ ᠪᠠᠢᠭᠠᠳ ᠬᠦᠢ
ᠵᠠᠯᠢᠬᠠᠢ ᠶ᠋ᠢᠨ ᠲᠦᠷᠦᠭᠦᠦ ᠵᠢᠦ ᠵᠢᠶᠠᠩ ᠾᠦᠩ ᠲᠡᠢ ᠲᠦᠭ( ᠵᠦᠭ) ᠦᠭᠡᠢ ᠥᠰᠢᠶ᠎ᠡ ᠲᠡᠢ ᠪᠣᠯᠤᠯ᠎ᠠ ᠰᠢᠦ ᠬᠦᠢ

ᠰᠧᠨᠳᠡᠷ ᠬᠡᠦᠬᠡᠨ
ᠳᠠᠭᠤᠴᠢᠨ᠄ ᠴᠦᠨ ᠷᠦᠩ
ᠰᠧ ᠸᠠᠩ ᠤ᠋ᠨ ᠬᠤᠰᠢᠭᠤᠨ ᠤ᠋ ᠰᠡᠴᠡᠨ ᠵᠠᠯᠠᠨ ᠤ᠋ ᠬᠡᠦᠬᠡᠨ ᠰᠧᠨᠳᠡᠷ ᠬᠦᠢ
ᠠᠷᠪᠠᠨ ᠨᠠᠢ᠍ᠮᠠᠨ ᠨᠠᠰᠤᠨ ᠳ᠋ᠤ᠌ ᠪᠠᠨ ᠠᠯᠢᠶ᠎ᠠ ᠰᠧᠨᠳᠡᠷ ᠨᠡᠷ᠎ᠡ ᠲᠡᠢ ᠳᠡ ᠬᠦᠢ
ᠪᠦᠸᠧ ᠸᠠᠩ ᠤ᠋ᠨ ᠬᠤᠰᠢᠭᠤᠨ ᠤ᠋ ᠪᠤᠲᠠᠷᠠᠨ ᠵᠠᠯᠠᠨ ᠤ᠋ ᠬᠡᠦᠬᠡᠨ ᠰᠧᠨᠳᠡᠷ ᠬᠦᠢ
ᠪᠠᠭ᠎ᠠ ᠶ᠋ᠢᠨ ᠦᠶ᠎ᠡ ᠡᠴᠡ ᠪᠡᠨ ᠠᠪᠤᠭᠠᠳ ᠪᠣᠯᠬᠤ ᠦᠭᠡᠢ ᠰᠧᠨᠳᠡᠷ ᠨᠡᠷ᠎ᠡ ᠲᠡᠢ ᠳᠡ ᠬᠦᠢ

ᠴᠠᠭᠠᠨ ᠲᠣᠷᠭᠠᠨ ᠴᠠᠮᠴᠠ ᠶ᠋ᠢ ᠪᠡᠨ ᠬᠡᠨ ᠳ᠋ᠦ᠍ ᠪᠡᠨ ᠴᠦ᠍ ᠭᠡᠳ ᠣᠶᠣᠯ᠎ᠠ ᠳᠠ ᠬᠦᠢ
ᠴᠠᠭᠠᠨ ᠪᠤᠭᠤᠷᠤᠯ ᠪᠠᠶᠠᠨ ᠲᠠᠢ ᠴᠠᠭ ᠢ᠋ ᠶᠠᠭᠠᠬᠢᠵᠤ ᠴᠤ᠌ ᠥᠩᠭᠡᠷᠡᠭᠡᠶ᠎ᠡ ᠬᠦᠢ
ᠬᠥᠬᠡ ᠲᠣᠷᠭᠠᠨ ᠴᠠᠮᠴᠠ ᠶ᠋ᠢ ᠪᠡᠨ ᠬᠡᠨ ᠳ᠋ᠦ᠍ ᠪᠡᠨ ᠴᠦ᠍ ᠭᠡᠳ ᠣᠶᠣᠯ᠎ᠠ ᠳᠠ ᠬᠦᠢ
ᠬᠥᠭᠰᠢᠨ ᠪᠤᠭᠤᠷᠤᠯ ᠪᠠᠶᠠᠨ ᠲᠠᠢ ᠠᠮᠢᠳᠤᠷᠠᠯ ᠢ ᠶᠠᠭᠠᠬᠢᠵᠤ ᠴᠤ᠌ ᠥᠩᠭᠡᠷᠡᠭᠡᠶ᠎ᠡ ᠬᠦᠢ

ᠦᠰᠦᠭ ᠠᠮᠢᠯᠠᠭᠤᠯᠤᠭᠰᠠᠨ ᠨᠢ᠄ ᠣᠯᠬᠣᠨᠤᠳ ᠠᠶᠤᠰᠢ
ᠦᠰᠦᠭ ᠬᠠᠲᠠᠭᠰᠠᠨ ᠨᠢ ᠄ ᠭᠠᠸᠠ
ᠬᠢᠨᠠᠭᠴᠢ ᠪᠠᠭᠰᠢ ᠄ᠮᠥᠴᠢᠷ
ᠪᠢᠴᠢᠯᠭᠡ ᠵᠢᠷᠤᠭ ᠨᠠᠢᠷᠠᠭᠤᠯᠤᠭᠰᠠᠨ ᠨᠢ ᠄ ᠣᠯᠬᠣᠨᠤᠳ ᠠᠶᠤᠰᠢ