ᠨᠤᠲᠤᠭ-ᠲᠠᠢᠵᠢ ᠬᠠᠨᠠᠭᠠᠷНутаг-Тайж Ханагар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠤᠲᠤᠭ-ᠲᠠᠢᠵᠢ ᠬᠠᠨᠠᠭᠠᠷНутаг-Тайж Ханагар

ᠨᠤᠲᠤᠭ-ᠲᠠᠢᠵᠢ ᠬᠠᠨᠠᠭᠠᠷНутаг-Тайж Ханагар

2025-08-12

675

ᠨᠤᠲᠤᠭ

   ᠵᠣᠬᠢᠶᠠᠭᠴᠢ᠄ ᠲᠠᠢᠵᠢ ᠬᠠᠨᠠᠭᠠᠷ 
   ᠤᠶᠠᠩᠭᠠᠯᠠᠭᠴᠢ᠄ ᠲᠠᠢᠵᠢ ᠬᠠᠨᠠᠭᠠᠷ 

ᠡᠪᠦᠷ ᠲᠦ᠍ ᠪᠡᠨ ᠤᠭᠤᠲᠠᠯᠠᠭᠰᠠᠨ ᠨᠤᠲᠤᠭ ᠤ᠋ᠨ ᠴᠢᠯᠠᠭᠤ ᠪᠠᠨ ᠦᠨᠦᠰᠴᠦ 
ᠡᠯᠢᠭᠡᠨ ᠳ᠋ᠦ᠍ ᠰᠢᠩᠭᠡᠭᠰᠡᠨ ᠨᠤᠲᠤᠭ ᠤ᠋ᠨ ᠠᠶᠠᠰ ᠳᠠᠬᠢᠨ ᠳᠠᠭᠤᠷᠢᠰᠬᠤ ᠳ᠋ᠤ᠌ 
ᠰᠦᠨ ᠦ᠌ ᠦᠨᠦᠷ ᠲᠡᠢ ᠡᠷᠦᠬᠡ ᠭᠡᠷ ᠮᠢᠨᠢ ᠪᠣᠳᠣᠭᠳᠠᠵᠤ 
ᠰᠦᠰᠦᠭᠯᠡᠵᠦ ᠢᠲᠡᠭᠡᠭᠰᠡᠨ ᠢᠲᠡᠭᠡᠯ ᠪᠢᠰᠢᠷᠡᠯ 
ᠥᠴᠦᠬᠡᠨ ᠴᠡᠭᠡᠵᠢ ᠡᠴᠡ ᠮᠢᠨᠢ ᠬᠠᠯᠭᠢᠵᠤ ᠭᠠᠷᠬᠤ ᠰᠢᠭ᠋ ᠣᠷᠭᠢᠯᠳᠠᠭ 
ᠪᠤᠷᠬᠠᠨ ᠪᠠᠭᠰᠢ ᠳ᠋ᠤ᠌ ᠢᠪᠡᠭᠡᠭᠳᠡᠭᠰᠡᠨ ᠮᠢᠨᠦ ᠰᠠᠢᠬᠠᠨ ᠨᠤᠲᠤᠭ 
ᠪᠣᠷᠣᠪᠲᠤᠷ ᠨᠢᠳᠦ ᠪᠡᠷ ᠪᠠᠷᠠᠭᠠᠯᠠᠵᠤ ᠪᠠᠷᠠᠰᠢ ᠦᠭᠡᠢ ᠲᠡᠨᠢᠭᠡᠷ ᠠᠭᠤᠳᠠᠮ ᠨᠤᠲᠤᠭ 
ᠪᠤᠳ᠋ᠳ᠋ᠾᠠ ᠶ᠋ᠢᠨ ᠨᠣᠮ ᠳ᠋ᠤ᠌ ᠠᠷᠢᠭᠤᠳᠬᠠᠭᠰᠠᠨ ᠮᠢᠨᠦ ᠠᠷᠤᠤᠬᠠᠨ ᠨᠤᠲᠤᠭ 
ᠪᠤᠴᠠᠯᠤᠭᠰᠠᠨ ᠳᠤᠷᠠᠳᠬᠠᠯ ᠢ᠋ ᠮᠢᠨᠢ ᠠᠮᠢᠯᠠᠭᠤᠯᠤᠭᠰᠠᠨ
ᠤᠳᠤᠮ ᠰᠠᠢᠲᠤ ᠶ᠋ᠢᠨ ᠨᠤᠲᠤᠭ
ᠰᠠᠯᠵᠤ ᠭᠤᠲᠤᠷᠠᠬᠤ ᠵᠣᠪᠠᠯ ᠨᠠᠳᠠ ᠠ᠋ᠴᠠ ᠬᠣᠯᠠ ᠪᠠᠢᠭ
ᠰᠠᠨᠠᠭᠰᠠᠨ ᠥᠯᠥᠭᠡᠢ ᠮᠢᠨᠢ ᠡᠭᠦᠷᠢᠳᠡ ᠮᠥᠩᠬᠡ ᠪᠠᠢᠭ
ᠰᠠᠷᠨᠢᠭᠰᠠᠨ ᠬᠠᠭᠠᠴᠠᠯ ᠨᠠᠳᠠ ᠠ᠋ᠴᠠ ᠵᠠᠢᠳᠠᠭᠤ ᠪᠠᠢᠭ
ᠰᠠᠷᠠᠨ ᠤ᠋ ᠳᠣᠣᠷᠠᠬᠢ ᠨᠤᠲᠤᠭ ᠮᠢᠨᠢ ᠡᠭᠡᠨᠡᠭᠲᠡ ᠪᠠᠲᠤ ᠪᠠᠢᠭ
ᠳᠠᠭᠤᠯᠠᠶ᠎ᠠ ᠭᠡᠬᠦ ᠳ᠋ᠦ᠍
ᠡᠬᠡᠰᠢᠭ ᠳᠣᠯᠣᠭᠠᠨ ᠨᠣᠸᠲ ᠲᠠᠩᠳᠠ ᠳᠤᠲᠠᠭᠳᠠᠬᠤ ᠰᠢᠭ᠋ ᠪᠠᠢᠵᠤ
ᠳᠤᠷᠠᠰᠤᠶ᠎ᠠ ᠭᠡᠬᠦ ᠳ᠋ᠦ᠍
ᠤᠬᠠᠭᠠᠷᠠᠯ ᠤ᠋ᠨ ᠨᠢᠯᠪᠤᠰᠤ ᠳᠠᠩᠴᠤ ᠬᠣᠣᠰ ᠮᠤᠬᠤᠷ ᠢ᠋ ᠮᠢᠨᠢ ᠱᠥᠷᠭᠡᠯᠡᠵᠦ
ᠬᠡᠯᠡ ᠠᠮᠠ ᠶ᠋ᠢ ᠮᠢᠨᠢ ᠵᠠᠩᠭᠢᠳᠤᠨ ᠣᠢᠴᠢᠳᠠᠭ
ᠭᠡᠬᠦ ᠳ᠋ᠦ᠍ ᠪᠡᠨ ᠪᠢ ᠤᠶᠠᠷᠠᠵᠤ ᠵᠥᠭᠡᠯᠡᠷᠡᠭᠰᠡᠨ ᠬᠠᠯᠠᠭᠤᠨ ᠵᠢᠷᠦᠬᠡ ᠪᠡᠨ
ᠠᠷᠠᠵᠠ ᠲᠠᠢ ᠴᠡᠩᠬᠡᠷ ᠨᠠᠭᠤᠷ  ᠲᠤ᠌ ᠪᠠᠨ ᠰᠢᠭᠢᠳᠬᠡᠵᠦ
ᠰᠤᠳᠠᠰᠤ ᠵᠠᠯᠭᠠᠨ ᠴᠢᠰᠤ ᠨᠡᠪᠲᠡᠷᠡᠭᠰᠡᠨ ᠥᠯᠥᠭᠡᠢ ᠲᠡᠢ ᠪᠡᠨ
ᠡᠷᠲᠡᠨ ᠦ᠌ ᠳᠣᠮᠣᠭ ᠢ᠋ᠶ᠋ᠠᠨ ᠬᠡᠯᠡᠵᠦ ᠪᠢᠴᠢᠭᠯᠡᠬᠦ ᠳ᠋ᠦ᠍
ᠮᠢᠨᠦ ᠳᠡᠭᠡᠳᠦᠰ ᠦ᠋ᠨ ᠳᠠᠭᠤ
ᠲᠡᠷᠲᠡᠭᠡ ᠪᠠᠯᠠᠷ ᠠ᠋ᠴᠠ ᠴᠤᠤᠷᠢᠶᠠᠳᠠᠵᠤ
ᠲᠣᠣᠷᠯᠠᠵᠤ ᠣᠷᠢᠶᠠᠯᠳᠤᠭᠰᠠᠨ ᠭᠤᠨᠢᠭ ᠢ᠋ ᠮᠢᠨᠢ ᠰᠤᠯᠠᠯᠠᠵᠤ
ᠪᠦᠳᠦᠷᠢᠵᠦ ᠵᠦᠳᠡᠷᠡᠭᠰᠡᠨ ᠪᠡᠶ᠎ᠡ ᠶ᠋ᠢ ᠮᠢᠨᠢ ᠲᠠᠢᠳᠬᠤᠷᠠᠭᠤᠯᠳᠠᠭ
ᠰᠠᠢᠬᠠᠨ ᠪᠢᠯᠡ ᠨᠤᠲᠤᠭ ᠮᠢᠨᠢ
ᠳᠡᠷᠡᠯᠡᠵᠦ ᠪᠠᠢᠪᠠᠯ ᠰᠦ ᠦᠨᠦᠷᠲᠦᠭᠡᠳ ᠪᠠᠢᠳᠠᠭ
ᠳᠠᠪᠬᠢᠵᠤ ᠪᠠᠢᠪᠠᠯ ᠬᠥᠪᠴᠢ ᠬᠠᠩᠭᠢᠨᠠᠭᠠᠳ ᠪᠠᠢᠳᠠᠭ
ᠢᠷᠦᠭᠡᠵᠦ ᠪᠠᠢᠪᠠᠯ ᠬᠡᠢᠮᠣᠷᠢ ᠮᠠᠨᠳᠤᠭᠠᠳ ᠪᠠᠢᠳᠠᠭ
ᠢᠪᠡᠭᠡᠵᠦ ᠪᠠᠢᠪᠠᠯ ᠰᠡᠳᠬᠢᠯ ᠰᠡᠷᠭᠦᠭᠡᠳ ᠪᠠᠢᠳᠠᠭ

   ᠦᠰᠦᠭ ᠠᠮᠢᠯᠠᠭᠤᠯᠤᠭᠴᠢ᠄ ᠰᠣᠳᠣ
   ᠦᠰᠦᠭ ᠬᠠᠲᠠᠭᠴᠢ᠄ ᠰᠣᠳᠣ
   ᠬᠢᠨᠠᠭᠴᠢ᠄ ᠰᠣᠳᠣ