ᠰᠢᠷ᠎ᠠ ᠬᠣᠨᠢᠨ ᠡᠪᠡᠷ ᠴᠡᠴᠡᠭШар хонин эвэр цэцэгShar khonin ever tsetseg ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠷ᠎ᠠ ᠬᠣᠨᠢᠨ ᠡᠪᠡᠷ ᠴᠡᠴᠡᠭШар хонин эвэр цэцэгShar khonin ever tsetseg

ᠰᠢᠷ᠎ᠠ ᠬᠣᠨᠢᠨ ᠡᠪᠡᠷ ᠴᠡᠴᠡᠭШар хонин эвэр цэцэгShar khonin ever tsetseg

2025-08-12

224

   ᠲᠤᠰ ᠡᠮ ᠪᠣᠯ ᠬᠠᠷ᠎ᠠ ᠣᠷᠬᠣᠳᠠᠢ ᠶ᠋ᠢᠨ ᠢᠵᠠᠭᠤᠷ ᠤ᠋ᠨ ᠤᠷᠭᠤᠮᠠᠯ ᠪᠣᠯᠬᠤ ᠰᠤᠳᠠᠯᠲᠤ ᠬᠣᠨᠢᠨ ᠡᠪᠡᠷ ᠴᠡᠴᠡᠭ ᠦ᠋ᠨ ᠬᠠᠲᠠᠭᠠᠭᠰᠠᠨ ᠴᠡᠴᠡᠭ ᠪᠦᠬᠦᠢ ᠪᠦᠬᠦᠯᠢ ᠡᠪᠡᠰᠦ ᠮᠥᠨ᠃ ᠪᠠᠰᠠ ᠯᠦᠭᠷᠥ᠋ᠰᠸᠷᠪᠦ᠂ ᠤᠯᠠᠭᠠᠨ ᠰᠤᠳᠠᠯᠲᠤ ᠬᠣᠨᠢᠨ ᠡᠪᠡᠷ ᠴᠡᠴᠡᠭ᠂ ᠨᠠᠷᠢᠨ ᠬᠣᠨᠢᠨ ᠡᠪᠡᠷ ᠴᠡᠴᠡᠭ ᠭᠡᠳᠡᠭ᠃
   [ ᠤᠤᠯ ᠤᠷᠭᠤᠮᠠᠯ] ᠣᠯᠠᠨ ᠨᠠᠰᠤᠲᠤ ᠡᠪᠡᠰᠦᠯᠢᠭ ᠤᠷᠭᠤᠮᠠᠯ᠃ ᠬᠠᠲᠠᠭᠰᠠᠨ ᠤ᠋ ᠰᠡᠭᠦᠯᠡᠷ ᠬᠠᠷᠠᠯᠠᠬᠤ ᠦᠭᠡᠢ᠃ ᠪᠦᠳᠦᠭᠦᠨ ᠦᠨᠳᠦᠰᠦ ᠲᠡᠢ ᠪᠥᠭᠡᠳ ᠣᠯᠠᠨ ᠰᠠᠯᠠᠭᠠᠯᠠᠨ᠎ᠠ᠃ ᠡᠰᠢ ᠨᠢ ᠰᠢᠯᠤᠭᠤᠨ᠂20~80cm ᠥᠨᠳᠥᠷ᠂ ᠭᠠᠭᠴᠠᠭᠠᠷ ᠤᠷᠭᠤᠬᠤ ᠪᠤᠶᠤ ᠤᠵᠠᠭᠤᠷ ᠠ᠋ᠴᠠ ᠪᠠᠨ ᠬᠡᠳᠦ ᠬᠡᠳᠦ ᠪᠡᠷ ᠪᠣᠳᠠᠯᠠᠨ᠎ᠠ᠂ ᠨᠢᠭ ᠣᠬᠣᠷ ᠪᠤᠷᠵᠢᠭᠢᠷ ᠦᠰᠦ ᠲᠡᠢ᠃ ᠤᠵᠠᠭᠤᠷ ᠤ᠋ᠨ ᠨᠠᠪᠴᠢ ᠨᠢ ᠪᠠᠭᠯᠠᠷᠠᠨ ᠤᠷᠭᠤᠬᠤ ᠪᠥᠭᠡᠳ ᠤᠷᠲᠤ ᠪᠠᠷᠢᠭᠤᠯ ᠲᠠᠢ᠂ ᠴᠡᠴᠡᠭᠯᠡᠬᠦ ᠦᠶ᠎ᠡ ᠳ᠋ᠦ᠍ ᠣᠯᠠᠩᠬᠢ ᠳ᠋ᠠᠭᠠᠨ ᠬᠤᠪᠠᠬᠠᠢᠷᠠᠨ᠎ᠠ᠃ ᠡᠰᠢᠨ ᠳ᠋ᠡᠬᠢ ᠨᠠᠪᠴᠢ ᠨᠢ ᠴᠤᠪᠤᠷᠠᠨ ᠤᠷᠭᠤᠨ᠎ᠠ᠂ ᠳᠡᠭᠡᠭᠰᠢᠯᠡᠬᠦ ᠳᠣᠳᠣᠮ ᠪᠠᠷᠢᠭᠤᠯ ᠨᠢ ᠪᠣᠭᠣᠨᠢᠰᠤᠨ᠎ᠠ᠃ ᠨᠠᠪᠴᠢᠨ ᠢᠯᠲᠠᠰᠤ ᠨᠢ ᠬᠠᠪᠲᠠᠭᠠᠢ ᠲᠡᠪᠡᠨᠡ ᠲᠥᠯᠥᠪᠲᠡᠢ᠂3~14cm ᠤᠷᠲᠤ᠂1.5~4cm ᠥᠷᠭᠡᠨ᠂ ᠥᠳᠥᠯᠢᠭ ᠭᠦᠢᠴᠡᠳ ᠣᠨᠢ ᠲᠠᠢ᠂ ᠨᠠᠪᠴᠢᠨ ᠲᠡᠩᠭᠡᠯᠢᠭ ᠨᠢ ᠳᠠᠯᠠᠪᠴᠢ ᠲᠠᠢ᠂ ᠰᠡᠵᠢᠭᠦᠷ ᠢᠯᠲᠠᠰᠤ ᠨᠢ ᠪᠦᠰᠡ ᠬᠡᠯᠪᠡᠷᠢ ᠲᠡᠢ᠂ ᠭᠦᠢᠬᠡᠨ ᠡᠪᠡᠷᠯᠢᠭ ᠭᠡᠷᠴᠢᠶᠡᠰᠦᠲᠦ ᠬᠥᠪᠡᠭᠡ ᠲᠡᠢ᠂ ᠨᠠᠪᠴᠢᠨ ᠥᠪᠥᠷ ᠲᠦ᠋ᠨᠢ ᠲᠠᠷᠠᠮᠠᠭ ᠵᠥᠭᠡᠯᠡᠨ ᠦᠰᠦ ᠲᠡᠢ ᠪᠤᠶᠤ ᠪᠠᠷᠤᠭ ᠦᠰᠦ ᠦᠭᠡᠢ᠂ ᠠᠷᠤ ᠳ᠋ᠤᠨᠢ ᠦᠰᠦ ᠦᠭᠡᠢ᠃ ᠲᠦᠷᠦᠭᠦᠦ ᠬᠡᠯᠪᠡᠷᠢᠲᠦ ᠪᠠᠭ ᠴᠡᠴᠡᠭ ᠨᠢ6~22cm ᠤᠷᠲᠤ᠂ ᠲᠡᠩᠭᠡᠯᠢᠭ ᠳᠡᠭᠡᠷ᠎ᠡ ᠨᠢ ᠨᠢᠭ ᠣᠬᠣᠷ ᠦᠰᠦ ᠲᠡᠢ᠂ ᠪᠠᠭᠯᠠᠭᠴᠢ ᠢᠯᠲᠠᠰᠤ ᠨᠢ ᠬᠠᠪᠲᠠᠭᠠᠢ ᠲᠡᠪᠡᠨᠡ ᠬᠡᠯᠪᠡᠷᠢ ᠲᠡᠢ᠂ ᠳᠣᠣᠷ᠎ᠠ ᠬᠡᠰᠡᠭ ᠨᠢ ᠨᠠᠪᠴᠢᠯᠢᠭ ᠮᠥᠷᠲᠡᠭᠡᠨ ᠬᠡᠷᠴᠢᠶᠡᠰᠦ ᠲᠡᠢ᠂ ᠳᠡᠭᠡᠷ᠎ᠡ ᠬᠡᠰᠡᠭ ᠨᠢ ᠪᠦᠲᠦᠨ ᠬᠥᠪᠡᠭᠡ ᠲᠡᠢ᠂ ᠴᠡᠴᠡᠭ ᠡᠴᠡ ᠪᠡᠨ ᠣᠬᠣᠷ᠂ ᠶᠡᠷᠦ ᠳ᠋ᠡᠭᠡᠨ ᠦᠰᠦ ᠦᠭᠡᠢ᠃ ᠴᠡᠴᠡᠭ ᠦ᠋ᠨ ᠲᠣᠭᠳᠣᠢ ᠨᠢ ᠬᠤᠩᠬ᠎ᠠ ᠰᠢᠭ᠋᠂7~13cm ᠤᠷᠲᠤ᠂ ᠨᠢᠮᠭᠡᠨ ᠰᠠᠷᠢᠰᠤᠯᠢᠭ᠂ ᠲᠠᠷᠠᠮᠠᠭ ᠦᠰᠦ ᠲᠡᠢ ᠪᠤᠶᠤ ᠦᠰᠦ ᠦᠭᠡᠢ᠂5 ᠬᠡᠷᠴᠢᠶᠡᠰᠦ ᠣᠨᠢ ᠲᠠᠢ᠂ ᠶᠡᠬᠡ ᠪᠠᠭ᠎ᠠ ᠨᠢ ᠠᠳᠠᠯᠢ ᠦᠭᠡᠢ᠂ ᠠᠷᠤ ᠳ᠋ᠠᠬᠢ ᠢᠯᠲᠠᠰᠤ ᠨᠢ ᠨᠡᠯᠢᠶᠡᠳ ᠣᠬᠣᠷ᠂ ᠬᠠᠵᠠᠭᠤ ᠨᠢ ᠬᠣᠶᠠᠷ ᠬᠣᠶᠠᠷ ᠢ᠋ᠶ᠋ᠠᠷ ᠨᠡᠢᠯᠡᠵᠦ᠂ ᠣᠷᠣᠢ ᠳ᠋ᠠᠭᠠᠨ2 ᠣᠨᠢ ᠪᠦᠬᠦᠢ ᠲᠣᠮᠣ ᠬᠡᠷᠴᠢᠶᠡᠰᠦ ᠪᠣᠯᠳᠠᠭ᠃ ᠬᠥᠪᠡᠭᠡ ᠪᠡᠷ ᠨᠢ ᠪᠤᠷᠵᠢᠭᠢᠷ ᠦᠰᠦ ᠲᠡᠢ᠃ ᠴᠡᠴᠡᠭ ᠦ᠋ᠨ ᠳᠡᠯᠪᠢ ᠨᠢ ᠰᠢᠷ᠎ᠠ᠂ ᠣᠯᠠᠨ ᠬᠦᠷᠡᠩ ᠰᠤᠳᠠᠯ ᠲᠠᠢ᠂23~33mm ᠤᠷᠲᠤ᠂ ᠳᠤᠭᠤᠯᠠᠭ᠎ᠠ ᠨᠢ ᠬᠠᠳᠤᠭᠤᠷ ᠰᠢᠭ᠋ ᠮᠤᠷᠤᠢ᠂ ᠦᠵᠦᠭᠦᠷ ᠦ᠋ᠨ ᠬᠢᠨᠢ ᠳᠣᠣᠷ᠎ᠠ ᠬᠡᠰᠡᠭ ᠲᠤᠨᠢ2 ᠬᠡᠷᠴᠢᠶᠡᠰᠦ ᠲᠡᠢ᠂ ᠳᠣᠣᠷ᠎ᠠ ᠤᠷᠤᠭᠤᠯ ᠨᠢ3 ᠭᠦᠢᠬᠡᠨ ᠣᠨᠢ ᠲᠠᠢ᠂ ᠳᠤᠭᠤᠯᠠᠭ᠎ᠠ ᠠ᠋ᠴᠠ ᠪᠠᠨ ᠵᠢᠭᠠᠬᠠᠨ ᠣᠬᠣᠷ᠂ ᠬᠠᠵᠠᠭᠤ ᠶ᠋ᠢᠨ ᠰᠡᠵᠢᠭᠦᠷ ᠢᠯᠲᠠᠰᠤ ᠨᠢ ᠬᠠᠵᠠᠭᠠᠢᠪᠲᠤᠷ ᠪᠥᠭᠡᠷᠡᠨ ᠬᠡᠯᠪᠡᠷᠢ ᠲᠡᠢ᠂ ᠭᠣᠣᠯ ᠳ᠋ᠠᠬᠢ ᠰᠡᠵᠢᠭᠦᠷ ᠢᠯᠲᠠᠰᠤ ᠨᠢ ᠪᠥᠭᠡᠷᠡᠨ ᠬᠡᠯᠪᠡᠷᠢ ᠲᠡᠢ᠂ ᠥᠷᠭᠡᠨ ᠨᠢ ᠤᠷᠲᠤ ᠠ᠋ᠴᠠ ᠪᠠᠨ ᠶᠡᠬᠡ᠂ ᠬᠠᠵᠠᠭᠤ ᠰᠡᠵᠢᠭᠦᠷ ᠢᠯᠲᠠᠰᠤ ᠶ᠋ᠢᠨ ᠳᠣᠣᠷ᠎ᠠ ᠳᠠᠪᠬᠤᠴᠠᠵᠤ ᠪᠠᠢᠳᠠᠭ᠃1 ᠬᠣᠣᠰ ᠳᠣᠬᠢᠭᠤᠷ ᠨᠢ ᠦᠰᠦ ᠲᠡᠢ᠃ ᠬᠣᠩᠭᠣᠷᠴᠣᠭᠲᠤ ᠵᠢᠮᠢᠰ ᠨᠢ ᠥᠨᠳᠡᠭᠡᠯᠵᠢᠨ ᠪᠥᠭᠡᠷᠡᠩᠬᠡᠢ᠂ ᠣᠬᠣᠷ ᠥᠷᠭᠡᠰᠦ ᠰᠢᠭ ᠦᠵᠦᠭᠦᠷ ᠲᠡᠢ᠃9~13mm ᠤᠷᠲᠤ᠂4~6mm ᠥᠷᠭᠡᠨ᠃16 ᠮᠥᠬᠥᠯᠢᠭ ᠣᠷᠴᠢᠮ ᠦᠷ᠎ᠡ ᠲᠡᠢ᠃ ᠦᠷ᠎ᠡ ᠨᠢ ᠤᠷᠲᠤᠯᠵᠢᠨ ᠲᠣᠭᠣᠷᠢᠭ ᠬᠡᠯᠪᠡᠷᠢ ᠲᠡᠢ᠂2mm ᠣᠷᠴᠢᠮ ᠤᠷᠲᠤ᠂1mm ᠣᠷᠴᠢᠮ ᠥᠷᠭᠡᠨ᠂ ᠬᠠᠪᠲᠠᠭᠠᠢ᠂ ᠲᠣᠣᠷᠯᠢᠭ ᠰᠦᠪᠡ ᠠᠷᠲᠠᠢ᠂ ᠴᠠᠢᠪᠤᠷ ᠬᠠᠷ᠎ᠠ ᠬᠦᠷᠡᠩ ᠥᠩᠭᠡ ᠲᠡᠢ᠂6~7 ᠳ᠋ᠤᠭᠠᠷ ᠰᠠᠷ᠎ᠠ ᠳ᠋ᠤ᠌ ᠴᠡᠴᠡᠭᠯᠡᠵᠦ᠂8 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
   [ ᠤᠷᠭᠤᠬᠤ ᠣᠷᠴᠢᠨ ᠬᠢᠭᠡᠳ ᠲᠠᠷᠬᠠᠴᠠ] ᠠᠭᠤᠯᠠᠨ ᠬᠠᠵᠠᠭᠤ᠂ ᠭᠣᠣ ᠵᠢᠯᠠᠭ᠎ᠠ᠂ ᠬᠡᠭᠡᠷ᠎ᠡ ᠲᠠᠯ᠎ᠠ᠂ ᠣᠢ ᠶ᠋ᠢᠨ ᠬᠥᠪᠡᠭᠡ᠂ ᠪᠤᠲᠠ ᠰᠥᠭᠡᠭ ᠳᠤᠮᠳᠠ ᠤᠷᠭᠤᠨ᠎ᠠ᠃ ᠵᠡᠭᠦᠨ ᠬᠣᠢᠲᠤ ᠣᠷᠣᠨ᠂ ᠥᠪᠥᠷ ᠮᠣᠩᠭᠣᠯ ᠳ᠋ᠤ᠌ ᠲᠠᠷᠬᠠᠴᠠ ᠲᠠᠢ᠃
   [ ᠲᠡᠭᠦᠵᠦ ᠪᠣᠯᠪᠠᠰᠤᠷᠠᠭᠤᠯᠬᠤ]6~7 ᠳ᠋ᠤᠭᠠᠷ ᠰᠠᠷ᠎ᠠ ᠳ᠋ᠤ᠌ ᠴᠡᠴᠡᠭᠯᠡᠭᠰᠡᠨ ᠪᠦᠬᠦᠯᠢ ᠡᠪᠡᠰᠦ ᠶ᠋ᠢ ᠨᠢ ᠲᠡᠭᠦᠵᠦ ᠠᠪᠤᠭᠠᠳ᠂ ᠠᠷᠢᠯᠭᠠᠨ ᠴᠡᠪᠡᠷᠯᠡᠭᠡᠳ ᠰᠡᠭᠦᠳᠡᠷ ᠲᠦ᠍ ᠬᠠᠲᠠᠭᠠᠨ᠎ᠠ᠃
   [ ᠠᠮᠲᠠ᠂ ᠴᠢᠨᠠᠷ᠂ ᠡᠷᠳᠡᠮ] ᠭᠠᠰᠢᠭᠤᠨ ᠠᠮᠲᠠ ᠲᠠᠢ; ᠰᠡᠷᠢᠭᠦᠨ ᠴᠢᠨᠠᠷ ᠲᠠᠢ; ᠮᠣᠬᠣᠳᠠᠭ᠂ ᠬᠥᠩᠭᠡᠨ᠂ ᠬᠠᠭᠤᠷᠠᠢ᠂ ᠡᠶᠡᠯᠳᠡᠭ ᠡᠷᠳᠡᠮ ᠲᠡᠢ᠃
   [ ᠴᠢᠳᠠᠯ ᠪᠠ ᠭᠣᠣᠯᠳᠠᠭᠤ ᠵᠠᠰᠠᠬᠤ] ᠰᠠᠷᠨᠢᠭᠰᠠᠨ ᠬᠣᠣᠷ ᠢ᠋ ᠬᠤᠷᠢᠶᠠᠬᠤ᠂ ᠬᠠᠪᠤᠩ ᠢ᠋ ᠬᠠᠲᠠᠭᠠᠬᠤ᠂ ᠬᠠᠯᠠᠭᠤᠨ ᠢ᠋ ᠠᠷᠢᠯᠭᠠᠬᠤ᠂ ᠳᠤᠰᠤᠯ ᠢ᠋ ᠪᠣᠭᠣᠬᠤ ᠴᠢᠳᠠᠯ ᠲᠠᠢ᠃ ᠭᠣᠣᠯᠳᠠᠭᠤ ᠰᠤᠳᠠᠯ᠂ ᠴᠤᠯᠤ ᠳ᠋ᠤ᠌ ᠬᠣᠣᠷ ᠰᠠᠷᠨᠢᠬᠤ ᠶ᠋ᠢ ᠵᠠᠰᠠᠬᠤ ᠳ᠋ᠤ᠌ ᠬᠡᠷᠡᠭᠯᠡᠨ᠎ᠡ᠃

   ᠬᠢᠲᠠᠳ ᠨᠡᠷ᠎ᠡ᠄红纹马先蒿
   ᠠᠩᠭ᠌ᠯᠢ ᠨᠡᠷ᠎ᠡ᠄pedicularis striata pall.

   ᠦᠰᠦᠭ ᠠᠮᠢᠯᠠᠭᠤᠯᠤᠭᠴᠢ᠄ ᠲᠣᠣᠬᠣᠸᠠᠷ
   ᠬᠢᠨᠠᠭᠴᠢ᠄ ᠲᠤᠶᠠᠭ᠎ᠠ