ᠬᠠᠰᠠᠷ – ᠴᠢᠰᠦᠨ ᠲᠠᠩᠭᠠᠷᠢᠭ - ᠴᠢᠩᠭᠢᠰ ᠬᠠᠭᠠᠨ ᠊ᠤ᠌ ᠨᠢᠭᠤᠴᠠ ᠲᠡᠦᠬᠡ 13 Хасар – цусан тангараг - Чингис хаан оо нууц түүх 13 ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠰᠠᠷ – ᠴᠢᠰᠦᠨ ᠲᠠᠩᠭᠠᠷᠢᠭ - ᠴᠢᠩᠭᠢᠰ ᠬᠠᠭᠠᠨ ᠊ᠤ᠌ ᠨᠢᠭᠤᠴᠠ ᠲᠡᠦᠬᠡ 13 Хасар – цусан тангараг - Чингис хаан оо нууц түүх 13

ᠬᠠᠰᠠᠷ – ᠴᠢᠰᠦᠨ ᠲᠠᠩᠭᠠᠷᠢᠭ - ᠴᠢᠩᠭᠢᠰ ᠬᠠᠭᠠᠨ ᠊ᠤ᠌ ᠨᠢᠭᠤᠴᠠ ᠲᠡᠦᠬᠡ 13 Хасар – цусан тангараг - Чингис хаан оо нууц түүх 13

ᠠᠩᠭᠢᠯᠠᠯ:ᠲᠡᠦᠬᠡ ᠰᠣᠶᠣᠯ
2025-08-10

154

ᠬᠠᠰᠠᠷ ——

ᠴᠢᠰᠤᠨ ᠲᠠᠩᠭᠠᠷᠢᠭ


      《ᠥᠭᠡᠯᠦᠨ ᠡᠬᠡ ᠲᠩᠷᠢ ᠳ᠋ᠦ᠍ ᠬᠠᠯᠢᠪᠠ》 ᠭᠡᠰᠡᠨ ᠬᠡᠯᠡ ᠮᠡᠳᠡᠭᠡ ᠬᠡᠪ ᠭᠡᠨᠡᠳᠲᠡᠬᠡᠨ一 ᠢᠷᠡᠬᠦ ᠪᠣᠢ ᠭᠡᠬᠦ ᠡᠴᠡ ᠬᠠᠰᠠᠷ ᠤ᠋ᠨ ᠰᠡᠳᠬᠢᠯ ᠵᠢᠷᠦᠬᠡ ᠡᠳᠦᠷ ᠰᠥᠨᠢ ᠦᠭᠡᠢ ᠲᠦᠭᠰᠢᠨ ᠲᠥᠪ ᠤᠯᠤᠰ ᠠ᠋ᠴᠠ ᠬᠥᠮᠦᠨ ᠬᠠᠷ᠎ᠠ ᠢᠷᠡᠬᠦ ᠲᠣᠭᠠᠯᠠᠩ ᠳ᠋ᠤ᠌ ᠬᠠᠮᠤᠭ ᠤ᠋ᠨ ᠲᠦᠷᠦᠭᠦᠨ ᠳ᠋ᠦ᠍ ᠮᠠᠭᠤ ᠶᠠᠭᠤᠮ᠎ᠠ ᠯᠠ ᠪᠣᠳᠣᠭᠳᠠᠬᠤ ᠪᠣᠯᠪᠠ᠃ ᠮᠣᠩᠭᠣᠯ ᠤ᠋ᠨ ᠶᠡᠬᠡ ᠴᠡᠷᠢᠭ ᠠᠯᠲᠠᠨ ᠤᠯᠤᠰ ᠢ᠋ ᠪᠠᠢᠯᠳᠤᠨ ᠳᠠᠭᠠᠭᠤᠯᠬᠤ ᠪᠠᠷ ᠮᠣᠷᠳᠠᠭᠰᠠᠨ ᠲᠡᠷᠡ ᠦᠳᠡᠰᠢ ᠰᠡᠭᠦᠯ ᠦ᠋ᠨ ᠦᠶ᠎ᠡ ᠳ᠋ᠦ᠍ ᠪᠡᠶ᠎ᠡ ᠯᠠᠭᠱᠠᠨ ᠶᠡᠬᠡᠳᠡ ᠳᠣᠷᠣᠢᠲᠠᠵᠤ ᠬᠡᠪᠲᠡᠷᠢ ᠳ᠋ᠦ᠍ ᠭᠣᠣᠯᠳᠠᠭᠤ ᠪᠠᠢᠬᠤ ᠪᠣᠯᠤᠭᠰᠠᠨ ᠥᠭᠡᠯᠦᠨ ᠡᠬᠡ ᠨᠢ ᠪᠢᠴᠢᠬᠠᠨ ᠥᠨᠳᠡᠢᠵᠦ ᠬᠠᠮᠤᠭ ᠠ᠋ᠴᠠ ᠬᠠᠢᠷᠠᠲᠠᠢ ᠬᠠᠰᠠᠷ ᠬᠥᠪᠡᠭᠦᠨ ᠢ᠋ᠶ᠋ᠡᠨ ᠡᠮᠭᠡᠨᠢᠯᠲᠡᠢ᠂ ᠦᠷᠦ ᠡᠪᠡᠳᠦᠯᠲᠡᠢ ᠪᠡᠷ ᠰᠢᠷᠲᠡᠭᠡᠳ 
       一 ᠬᠦᠦ ᠮᠢᠨᠢ᠂ ᠪᠢ ᠴᠢᠮ᠎ᠠ ᠲᠠᠢ ᠳᠠᠬᠢᠵᠤ ᠠᠭᠤᠯᠵᠠᠬᠤ ᠦᠭᠡᠢ ᠪᠠᠢᠬᠤ᠃ ᠡᠢᠮᠦ ᠯᠡ ᠶᠡᠬᠡ ᠮᠠᠭᠤ ᠦᠢᠯᠡ ᠲᠡᠢ ᠬᠥᠮᠦᠨ ᠪᠠᠢᠵᠤ ᠬᠡᠮᠡᠭᠡᠳ ᠴᠢᠮᠡᠭᠡ ᠦᠭᠡᠢᠬᠡᠨ ᠤᠬᠢᠯᠠᠬᠤ ᠳ᠋ᠤᠨᠢ ᠥᠲᠡᠯ᠎ᠡ ᠪᠣᠯᠤᠭᠰᠠᠨ ᠡᠬᠡ ᠪᠡᠨ ᠬᠠᠢᠷᠠᠯᠠᠬᠤ ᠳ᠋ᠠᠭᠠᠨ ᠥᠪᠡᠷ ᠦ᠋ᠨ ᠡᠷᠬᠡ ᠦᠭᠡᠢ ᠵᠢᠷᠦᠬᠡ ᠤᠢᠮᠤᠷᠠᠨ ᠨᠢᠯᠪᠤᠰᠤ ᠤᠨᠠᠭᠠᠭᠰᠠᠨ ᠪᠢᠯᠡ᠃ ᠡᠬᠡ ᠶ᠋ᠢ ᠪᠡᠨ ᠣᠷᠬᠢᠨ ᠭᠠᠷᠤᠭᠰᠠᠨ ᠲᠡᠷᠡ ᠡᠳᠦᠷ ᠡᠴᠡ ᠬᠣᠢᠰᠢ ᠬᠣᠶᠠᠷ ᠵᠢᠯ ᠥᠩᠭᠡᠷᠡᠪᠡ᠃ ᠮᠣᠩᠭᠣᠯ ᠤ᠋ᠨ ᠶᠡᠬᠡ ᠴᠡᠷᠢᠭ ᠠᠯᠲᠠᠨ ᠤᠯᠤᠰ ᠤ᠋ᠨ ᠨᠤᠲᠤᠭ ᠪᠣᠯᠬᠤ ᠰᠢᠷ᠎ᠠ ᠮᠥᠷᠡᠨ ᠡᠴᠡ ᠬᠣᠢᠰᠢᠬᠢ ᠭᠠᠵᠠᠷ ᠤ᠋ᠨ ᠶᠡᠷᠡᠨ ᠵᠢᠷᠭᠤᠭᠠᠨ ᠬᠣᠲᠠ ᠪᠠᠯᠭᠠᠰᠤ ᠶ᠋ᠢ ᠳᠠᠢᠯᠠᠨ ᠡᠵᠡᠯᠡᠵᠦ ᠠᠷᠪᠢᠨ ᠶᠡᠬᠡ ᠣᠯᠵᠠ ᠣᠮᠣᠭ ᠬᠤᠷᠢᠶᠠᠵᠠᠢ᠃ ᠴᠢᠩᠭᠢᠰ ᠬᠠᠭᠠᠨ ᠤ᠋ ᠤᠳᠤᠷᠢᠳᠤᠭᠰᠠᠨ ᠲᠥᠪ ᠵᠠᠮ ᠤ᠋ᠨ ᠴᠡᠷᠢᠭ ᠦ᠋ᠨ ᠳᠤᠮᠳᠠ ᠬᠠᠰᠠᠷ ᠥᠪᠡᠷ ᠦ᠋ᠨ ᠬᠣᠶᠠᠷ ᠲᠦᠮᠡᠨ ᠴᠡᠷᠢᠭ ᠢ᠋ ᠤᠳᠤᠷᠢᠳᠤᠨ ᠶᠠᠪᠤᠵᠤ ᠪᠠᠢᠯ᠎ᠠ᠃ ᠡᠷᠲᠡᠨ ᠦ᠌ ᠥᠰᠲᠦ ᠠᠯᠲᠠᠨ ᠤᠯᠤᠰ ᠲᠠᠢ ᠳᠠᠢᠳᠤᠵᠤ ᠠᠮᠪᠠᠭᠠᠢ ᠴᠡᠴᠡᠨ ᠬᠠᠭᠠᠨ ᠡᠪᠦᠭᠡ ᠶ᠋ᠢᠨ ᠢ᠋ᠶ᠋ᠡᠨ ᠥᠰᠢᠶ᠎ᠡ ᠶ᠋ᠢ ᠠᠪᠬᠤ ᠬᠦᠰᠡᠯ ᠲᠡᠮᠦᠵᠢᠨ ᠪᠣᠯᠤᠭᠠᠳ ᠬᠠᠰᠠᠷ ᠤ᠋ᠨ ᠰᠡᠳᠬᠢᠯ ᠳ᠋ᠦ᠍ ᠥᠰᠬᠦ ᠴᠠᠭ ᠠ᠋ᠴᠠ ᠬᠣᠢᠰᠢ ᠥᠨᠥ ᠶ᠋ᠢ ᠬᠦᠷᠲᠡᠯ᠎ᠡ ᠬᠠᠳᠠᠭᠠᠲᠠᠢ ᠶᠠᠪᠤᠭᠰᠠᠨ ᠪᠢᠯᠡ᠃ ᠠᠮᠪᠠᠭᠠᠢ ᠴᠡᠴᠡᠨ ᠬᠠᠭᠠᠨ ᠢ᠋ ᠳᠠᠲ᠋ᠠᠷ ᠤ᠋ᠳ ᠪᠠᠷᠢᠵᠤ ᠠᠪᠤᠭᠠᠳ ᠠᠯᠲᠠᠨ ᠤᠯᠤᠰ ᠲᠤ᠌ ᠵᠤᠯᠭᠤᠢᠳᠠᠨ ᠦᠭᠭᠦᠭᠰᠡᠨ ᠪᠥᠭᠡᠳ ᠲᠠᠯ᠎ᠠ ᠶ᠋ᠢᠨ ᠮᠣᠩᠭᠣᠯ ᠠᠢᠮᠠᠭ ᠤ᠋ᠨ ᠬᠠᠭᠠᠨ ᠠᠮᠪᠠᠭᠠᠢ ᠶ᠋ᠢ ᠵᠦᠷᠴᠢᠳ ᠦ᠋ᠳ ᠮᠣᠳᠣᠨ ᠡᠯᠵᠢᠭᠡᠨ ᠳ᠋ᠦ᠍ ᠲᠡᠯᠡᠭᠦᠷᠳᠡᠨ ᠬᠠᠲᠠᠵᠤ ᠲᠡᠮᠦᠯᠡᠨ ᠠᠯᠠᠭᠰᠠᠨ ᠠᠵᠢ᠃ ᠲᠡᠳᠡᠨ ᠢ᠋ ᠪᠠᠭ᠎ᠠ ᠳ᠋ᠤ᠌ ᠶᠢᠰᠦᠭᠡᠢ ᠡᠴᠢᠭᠡ ᠨᠢ ᠠᠷᠢᠬᠢᠨ ᠳ᠋ᠤ᠌ ᠬᠠᠯᠠᠮᠴᠠᠬᠤ ᠪᠦᠷᠢ ᠳ᠋ᠡᠭᠡᠨ ᠲᠤᠩ ᠴᠤ᠌ ᠡᠮᠭᠡᠨᠢᠯᠲᠦ᠂ ᠲᠤᠢᠯ ᠤ᠋ᠨ ᠬᠣᠷᠣᠰᠤᠯᠳᠤ ᠡᠨᠡ ᠲᠡᠦᠬᠡ ᠶ᠋ᠢ ᠨᠢᠯᠪᠤᠰᠤ ᠤᠨᠠᠭᠠᠨ ᠶᠠᠷᠢᠵᠤ᠂ ᠥᠰᠬᠦ ᠶ᠋ᠢᠨ ᠴᠠᠭ ᠲᠠᠭᠠᠨ ᠥᠰᠢᠶ᠎ᠡ ᠠᠪᠬᠤ ᠶ᠋ᠢ ᠨᠢᠯᠬ᠎ᠠ ᠭᠡᠯ ᠦᠭᠡᠢ ᠵᠠᠬᠢᠵᠤ ᠪᠠᠢᠭᠰᠠᠨ ᠢ᠋ ᠮᠠᠷᠲᠠᠬᠤ ᠠᠷᠭ᠎ᠠ ᠦᠭᠡᠢ ᠪᠢᠯᠡ᠃ ᠥᠰᠲᠦ ᠳᠠᠲ᠋ᠠᠷ ᠠᠢᠮᠠᠭ ᠠᠯᠢ ᠡᠷᠲᠡ ᠲᠡᠮᠦᠵᠢᠨ᠂ ᠬᠠᠰᠠᠷ ᠨᠠᠷ ᠲᠤ᠌ ᠳᠠᠷᠤᠭᠳᠠᠨ ᠰᠥᠨᠥᠭᠡᠳ ᠣᠳᠣ ᠠᠯᠲᠠᠨ ᠤᠯᠤᠰ ᠤ᠋ᠨ ᠦᠢᠯᠡ ᠨᠢᠭᠡᠨᠲᠡ ᠢᠷᠡᠵᠦ᠂ ᠶᠢᠰᠦᠭᠡᠢ ᠡᠴᠢᠭᠡ ᠨᠢ ᠣᠯᠠᠨᠲᠠ ᠶᠠᠷᠢᠳᠠᠭ ᠪᠠᠢᠭᠰᠠᠨ ᠥᠨᠥᠬᠢ ᠠᠯᠳᠠᠷᠲᠤ ᠲᠦᠮᠡᠨ ᠭᠠᠵᠠᠷ ᠤ᠋ᠨ ᠴᠠᠭᠠᠨ ᠬᠡᠷᠡᠮ ᠦ᠋ᠨ ᠲᠡᠷᠲᠡᠭᠡ ᠠᠷᠤ ᠳ᠋ᠤ᠌ ᠬᠣᠴᠣᠷᠴᠠᠢ᠃ ᠬᠡᠵᠢᠶ᠎ᠡ ᠴᠦ᠍ ᠳᠡᠢᠯᠦᠭᠳᠡᠰᠢ ᠦᠭᠡᠢ ᠶᠡᠬᠡ ᠬᠦᠴᠦᠨ ᠦ᠌ ᠪᠡᠯᠭᠡᠳᠡᠯ ᠪᠣᠯᠵᠤ ᠠᠭᠰᠠᠨ ᠴᠠᠪᠴᠢᠶᠠᠯ ᠪᠣᠭᠣᠮᠲᠠ ᠶ᠋ᠢ ᠵᠡᠪᠡ ᠶ᠋ᠢᠨ ᠴᠡᠷᠢᠭ ᠡᠵᠡᠯᠡᠨ ᠠᠪᠤᠭᠰᠠᠨ ᠨᠢ ᠠᠯᠲᠠᠨ ᠤᠯᠤᠰ ᠤ᠋ᠨ ᠮᠥᠬᠥᠯ ᠦ᠋ᠨ ᠡᠬᠢᠯᠡᠯ ᠪᠣᠯᠵᠠᠢ᠃ ᠴᠠᠭᠠᠨ ᠬᠡᠷᠡᠮ ᠢ᠋ ᠮᠣᠩᠭᠣᠯ ᠤ᠋ᠨ ᠴᠡᠷᠢᠭ ᠳᠠᠪᠠᠭᠰᠠᠨ ᠠ᠋ᠴᠠ ᠬᠣᠢᠰᠢ ᠡᠪᠦᠯ᠂ ᠬᠠᠪᠤᠷ ᠥᠩᠭᠡᠷᠡᠵᠦ ᠵᠤᠨ ᠤ᠋ ᠬᠠᠯᠠᠭᠤᠨ ᠰᠢᠲᠠᠭᠠᠳ ᠡᠨᠡ ᠬᠢᠲᠠᠳ ᠭᠠᠵᠠᠷ ᠲᠤ᠌ ᠠᠮᠢᠳᠤ ᠠᠮᠢᠲᠠᠨ ᠲᠡᠰᠬᠦ ᠶ᠋ᠢᠨ ᠠᠷᠭ᠎ᠠ ᠦᠭᠡᠢ ᠪᠣᠯᠵᠤ ᠪᠠᠢᠪᠠ᠃   
       ᠤᠳᠠᠬᠤ ᠦᠭᠡᠢ ᠬᠠᠰᠠᠷ ᠤ᠋ᠨ ᠳᠥᠴᠢᠨ ᠶᠢᠰᠦᠨ ᠦ᠌ ᠵᠢᠯ ᠣᠷᠣᠬᠤ ᠭᠡᠵᠦ ᠪᠠᠢᠯ᠎ᠠ᠃ ᠡᠨᠡ ᠦᠶᠡᠰ ᠠᠯᠲᠠᠨ ᠤᠯᠤᠰ ᠲᠤ ᠲᠡᠭᠦᠨ ᠲᠡᠢ ᠬᠠᠮᠲᠤ ᠶᠡᠭᠦ᠂ ᠶᠢᠰᠦᠩᠬᠡᠢ ᠬᠣᠶᠠᠷ ᠬᠥᠪᠡᠭᠦᠨ ᠨᠢ ᠴᠣᠭ ᠳᠠᠢᠳᠤᠵᠤ ᠶᠠᠪᠤᠪᠠ᠃ ᠬᠠᠷᠢᠨ ᠣᠳᠬᠣᠨ ᠬᠥᠪᠡᠭᠦᠨ ᠳᠤᠬᠤ ᠨᠢ ᠲᠠᠩᠭᠤᠳ ᠤᠯᠤᠰ ᠲᠤ ᠠᠩᠬ᠎ᠠ ᠳᠣᠪᠲᠣᠯᠬᠤ ᠦᠶ᠎ᠡ ᠳ᠋ᠦ᠍ ᠠᠯᠠᠭᠤᠯᠵᠠᠢ᠃ ᠭᠡᠨᠡᠨ ᠲᠣᠮᠣᠭ᠎ᠠ ᠦᠭᠡᠢ ᠨᠢᠯᠬ᠎ᠠ ᠬᠥᠪᠡᠭᠦᠨ ᠨᠢ ᠲᠠᠩᠭᠤᠳ ᠤ᠋ᠨ ᠣᠯᠵᠠᠨ ᠤ᠋ ᠴᠡᠷᠢᠭ ᠦ᠋ᠳ ᠦ᠋ᠨ ᠵᠠᠷ ᠵᠡᠪᠰᠡᠭ ᠢ᠋ ᠬᠤᠷᠢᠶᠠᠯᠴᠠᠵᠤ ᠶᠠᠪᠤᠲᠠᠯ᠎ᠠ ᠦᠰ ᠰᠠᠨᠠᠭᠰᠠᠨ ᠳᠠᠢᠰᠤᠨ ᠲᠡᠭᠦᠨ ᠢ᠋ ᠠᠮᠢᠨ ᠭᠠᠵᠠᠷ ᠢ᠋ᠶ᠋ᠠᠷ ᠨᠢ ᠬᠢᠲᠤᠭᠠᠯᠠᠵᠤ ᠣᠷᠬᠢᠵᠠᠢ᠃ ᠮᠣᠩᠭᠣᠯ ᠤ᠋ᠨ ᠴᠡᠷᠢᠭ ᠲᠠᠩᠭᠤᠳ ᠤᠯᠤᠰ ᠲᠤ ᠠᠩᠬ᠎ᠠ ᠤᠳᠠᠭ᠎ᠠ ᠳᠣᠪᠲᠣᠯᠤᠭᠰᠠᠨ ᠳ᠋ᠤ᠌ ᠲᠡᠳᠡ ᠳᠡᠢᠯᠦᠭᠳᠡᠭᠡᠳ ᠭᠦᠩᠵᠦ ᠪᠡᠨ ᠪᠡᠯᠡᠭᠯᠡᠨ ᠨᠠᠢᠷᠠᠮᠳᠠᠬᠤ ᠶ᠋ᠢ ᠬᠦᠰᠡᠭᠰᠡᠨ ᠡᠯᠴᠢ ᠢᠯᠡᠭᠡᠭᠰᠡᠨ ᠪᠢᠯᠡ᠃ ᠲᠠᠩᠭᠤᠳ ᠢ᠋ ᠡᠰᠡᠷᠭᠦᠴᠡᠯ ᠭᠠᠷᠤᠵᠠ ᠪᠠᠭ᠎ᠠ ᠲᠠᠢ ᠪᠠᠷ ᠳᠠᠭᠠᠭᠤᠯᠤᠨ ᠠᠪᠤᠪᠠ ᠭᠡᠵᠦ ᠬᠥᠬᠡ ᠨᠠᠭᠤᠷ ᠤ᠋ᠨ ᠡᠷᠭᠢ ᠳ᠋ᠦ᠍ ᠶᠡᠬᠡ ᠨᠠᠢᠷ ᠬᠢᠵᠦ ᠰᠠᠭᠤᠲᠠᠯ᠎ᠠ ᠡᠨᠡ ᠠᠶᠤᠮᠰᠢᠭᠲᠤ ᠮᠡᠳᠡᠭᠡ ᠶ᠋ᠢ ᠵᠠᠯᠮ᠎ᠠ ᠬᠠᠰᠠᠷ ᠲᠤ ᠳᠣᠭᠣᠯᠭᠠᠵᠠᠢ᠃ ᠠᠷᠪᠠᠬᠠᠨ ᠨᠠᠰᠤᠲᠠᠢ ᠨᠢᠯᠬ᠎ᠠ ᠪᠠᠯᠴᠢᠷ ᠬᠥᠪᠡᠭᠦᠨ ᠦ᠌ ᠬᠢᠨᠢ ᠠᠮᠠ ᠠᠩᠭᠠᠯᠵᠠᠭᠰᠠᠭᠠᠷ ᠠᠮᠢᠰᠬᠤᠯ ᠲᠠᠰᠤᠷᠠᠵᠤ ᠪᠠᠢᠬᠤ ᠳ᠋ᠤ᠌ ᠭᠠᠰᠢᠭᠤᠳᠠᠨ ᠬᠢᠯᠢᠩᠨᠡᠭᠰᠡᠨ ᠳ᠋ᠡᠭᠡᠨ ᠤᠬᠠᠭᠠᠨ ᠮᠡᠳᠡᠷᠡᠯ ᠢ᠋ᠶ᠋ᠡᠨ ᠨᠢᠭᠡᠨᠲᠡ ᠠᠯᠳᠠᠭᠰᠠᠨ ᠬᠠᠰᠠᠷ ᠲᠠᠩᠭᠤᠳ ᠤ᠋ᠨ ᠴᠡᠷᠢᠭ ᠡᠴᠡ ᠳᠠᠷᠤᠢ ᠲᠠᠪᠢᠨ ᠬᠥᠮᠦᠨ ᠢ᠋ ᠴᠠᠪᠴᠢᠨ ᠠᠯᠠᠭᠠᠳ ᠰᠡᠯᠡᠮ᠎ᠡ ᠨᠢ ᠬᠤᠭᠤᠷᠠᠵᠤ ᠤᠨᠠᠬᠤ ᠳ᠋ᠤ᠌ ᠪᠠᠰᠠ ᠬᠣᠷᠢᠨ ᠬᠥᠮᠦᠨ ᠢ᠋ ᠪᠠᠭᠠᠯᠵᠠᠭᠤᠷᠳᠠᠨ ᠠᠯᠠᠵᠤ ᠣᠢ ᠭᠠᠰᠢᠭᠤ ᠪᠠᠨ ᠲᠠᠢᠯᠤᠭᠰᠠᠨ ᠪᠢᠯᠡ᠃ ᠭᠡᠪᠡᠴᠦ ᠥᠨᠥ ᠬᠦᠷᠲᠡᠯ᠎ᠡ ᠳᠤᠬᠤ ᠬᠥᠪᠡᠭᠦᠨ ᠨᠢ 
       — ᠠᠪᠤ ᠠ᠋᠂ ᠠᠮᠠᠨ ᠠ᠋ᠴᠠ ᠤᠷᠤᠰᠤᠭᠰᠠᠨ ᠴᠢᠰᠤ ᠶ᠋ᠢ ᠮᠢᠨᠢ ᠠᠷᠴᠢᠵᠤ ᠣᠷᠬᠢᠭᠠᠷᠠᠢ᠃ ᠨᠣᠢᠷ ᠮᠢᠨᠢ ᠶᠡᠬᠡ ᠬᠦᠷᠴᠦ ᠪᠠᠢᠨ᠎ᠠ᠃ ᠨᠠᠮ᠎ᠠ ᠶ᠋ᠢ ᠰᠡᠷᠡᠬᠦ ᠪᠡᠷ ᠲᠠ ᠰᠢᠷᠬ᠎ᠠ ᠶ᠋ᠢ ᠮᠢᠨᠢ ᠪᠣᠭᠣᠵᠤ ᠥᠭᠭᠦᠭᠡᠷᠡᠢ᠃ ᠣᠳᠣ ᠤᠨᠲᠠᠯ᠎ᠠ᠃ ᠲᠠ ᠨᠠᠮ᠎ᠠ ᠶ᠋ᠢ ᠪᠦᠦ ᠰᠡᠷᠡᠭᠡᠭᠡᠷᠡᠢ ᠭᠡᠵᠦ ᠭᠡᠨᠡᠨ ᠠᠭᠠᠳ ᠢᠲᠡᠭᠡᠯᠲᠡᠢ ᠪᠡᠷ ᠢᠨᠢᠶᠡᠮᠰᠦᠭᠯᠡᠨ ᠰᠢᠪᠡᠨᠡᠭᠰᠡᠨ ᠨᠢ ᠦᠵᠡᠭᠳᠡᠵᠦ ᠰᠣᠨᠣᠰᠤᠭᠳᠠᠭᠠᠳ ᠵᠢᠷᠦᠬᠡ ᠨᠢ ᠤᠷᠠᠭᠳᠠᠬᠤ ᠰᠢᠭ᠋ ᠪᠣᠯᠳᠠᠭ ᠠᠵᠤᠭᠤ᠃ ᠬᠠᠢᠷᠠᠲᠠᠢ ᠬᠥᠪᠡᠭᠦᠨ ᠢ᠋ᠶ᠋ᠡᠨ ᠳᠠᠢᠰᠤᠨ ᠳ᠋ᠤ᠌ ᠠᠯᠠᠭᠤᠯᠤᠭᠰᠠᠨ ᠠ᠋ᠴᠠ ᠬᠣᠢᠰᠢ ᠬᠠᠰᠠᠷ ᠣᠭᠲᠣ ᠥᠭᠡᠷ᠎ᠡ ᠬᠥᠮᠦᠨ ᠪᠣᠯᠴᠢᠬᠠᠬᠤ ᠰᠢᠭ᠋ ᠰᠠᠨᠠᠭᠳᠠᠵᠠᠢ᠃ ᠳᠤᠬᠤ ᠬᠥᠪᠡᠭᠦᠨ ᠨᠢ ᠬᠥᠮᠦᠨ ᠬᠥᠮᠦᠨ ᠦ᠌ ᠬᠠᠢᠷ᠎ᠠ ᠲᠠᠲᠠᠭᠰᠠᠨ ᠬᠠᠴᠢᠨ ᠭᠠᠪᠰᠢᠭᠠᠢ ᠬᠦᠦ ᠪᠠᠢᠪᠠ᠃ ᠲᠡᠭᠦᠨ ᠢ᠋ ᠦᠬᠦᠭᠰᠡᠨ ᠳ᠋ᠦ᠍ ᠬᠠᠷᠠᠮᠰᠠᠭ᠎ᠠ ᠦᠭᠡᠢ ᠬᠥᠮᠦᠨ ᠪᠠᠢᠬᠤ ᠦᠭᠡᠢ ᠪᠥᠭᠡᠳ ᠲᠡᠮᠦᠵᠢᠨ ᠬᠦᠷᠲᠡᠯ᠎ᠡ ᠬᠠᠷᠠᠮᠰᠠᠨ ᠭᠠᠰᠢᠭᠤᠳᠠᠭᠰᠠᠨ ᠳ᠋ᠠᠭᠠᠨ ᠡᠬᠡᠷ ᠲᠡᠳᠡᠨ ᠤᠬᠢᠯᠠᠵᠠᠢ᠃ ᠤᠴᠢᠷ ᠨᠢ ᠬᠠᠰᠠᠷ ᠤ᠋ᠨ ᠰᠢᠨ᠎ᠡ ᠬᠥᠪᠡᠭᠦᠨ ᠳ᠋ᠦ᠍ ᠳᠤᠬᠤ ᠨᠡᠷ᠎ᠡ ᠶ᠋ᠢ ᠬᠠᠢᠷᠠᠯᠠᠭᠰᠠᠨ ᠬᠥᠮᠦᠨ ᠨᠢ ᠲᠡᠮᠦᠵᠢᠨ ᠪᠢᠯᠡ᠃《ᠳᠤᠬᠤ ᠬᠥᠪᠡᠭᠦᠨ ᠮᠢᠨᠢ ᠴᠠᠭᠠᠨ ᠬᠡᠷᠡᠮ ᠢ᠋ ᠦᠵᠡᠬᠦ ᠬᠤᠪᠢ ᠦᠭᠡᠢ ᠪᠠᠢᠵᠠᠢ》 ᠭᠡᠵᠦ ᠬᠠᠰᠠᠷ ᠣᠳᠣ ᠴᠤ᠌ ᠭᠠᠰᠢᠭᠤᠳᠠᠨ ᠡᠯᠢᠭᠡ ᠪᠡᠨ ᠡᠮᠲᠡᠯᠡᠨ ᠪᠣᠳᠣᠵᠤ ᠵᠣᠭᠰᠣᠪᠠ᠃ ᠴᠠᠪᠴᠢᠮ᠎ᠠ ᠬᠠᠳᠠᠨ ᠬᠢᠰᠠᠭᠠᠨ ᠳᠡᠭᠡᠷ᠎ᠡ ᠵᠣᠭᠰᠣᠬᠤ ᠳ᠋ᠤ᠌ ᠥᠯᠮᠡᠢ ᠳᠣᠣᠷ᠎ᠠ ᠨᠢ ᠠᠯᠲᠠᠨ ᠤᠯᠤᠰ ᠤ᠋ᠨ ᠰᠢᠪᠡᠷ  ᠪᠠᠯᠭᠠᠰᠤ ᠤᠲᠤᠭ᠎ᠠ ᠮᠠᠨᠠᠨ ᠳ᠋ᠤ᠌ ᠳᠠᠷᠤᠭᠳᠠᠨ ᠦᠵᠡᠭᠳᠡᠭᠡᠳ᠂ ᠲᠡᠨᠳᠡ ᠡᠴᠡ ᠬᠡᠩᠰᠢᠭᠦᠦ᠂ ᠦᠮᠡᠬᠡᠢ ᠦᠨᠦᠷᠲᠦᠨ᠎ᠡ᠃ ᠬᠠᠰᠠᠷ ᠲᠡᠷᠡ ᠬᠦ᠌ ᠰᠢᠪᠡᠷ ᠪᠠᠯᠭᠠᠰᠤᠨ ᠤ᠋ ᠦᠮᠡᠬᠡᠢ ᠪᠦᠭᠴᠢᠮ ᠦᠨᠦᠷ ᠲᠦ᠍ ᠲᠡᠰᠴᠦ ᠴᠢᠳᠠᠯ ᠦᠭᠡᠢ ᠡᠨᠡ ᠬᠢᠰᠠᠭᠠᠨ ᠳᠡᠭᠡᠷ᠎ᠡ ᠳᠠᠪᠬᠢᠨ ᠭᠠᠷᠴᠤ ᠢᠷᠡᠭᠰᠡᠨ ᠨᠢ ᠡᠨᠡ ᠪᠢᠯᠡ᠃ ᠵᠤᠤᠬᠠᠨ ᠳᠣᠲᠣᠷ᠎ᠠ ᠪᠠᠢᠬᠤ ᠮᠡᠲᠦ ᠬᠠᠯᠠᠭᠤᠨ ᠠᠭᠠᠷ ᠲᠠᠢ ᠴᠤ᠌ ᠡᠨᠡ ᠥᠨᠳᠥᠷᠯᠢᠭ ᠳᠡᠭᠡᠷ᠎ᠡ ᠡᠷᠬᠡᠪᠰᠢ ᠰᠡᠪᠢᠰ ᠰᠡᠪᠢᠰ ᠰᠠᠯᠬᠢ ᠦᠯᠢᠶᠡᠬᠦ ᠨᠢ ᠰᠡᠳᠬᠢᠯ  ᠭᠡᠭᠡᠯᠵᠡᠭᠦᠯᠵᠦ ᠠᠷᠤ ᠳ᠋ᠤ᠌ ᠬᠣᠴᠣᠷᠤᠭᠰᠠᠨ ᠡᠬᠡ ᠪᠡᠨ᠂ ᠠᠮᠢ ᠦᠷᠡᠭᠳᠡᠭᠰᠡᠨ ᠬᠥᠪᠡᠭᠦᠨ ᠢ᠋ᠶ᠋ᠡᠨ ᠡᠷᠬᠡ ᠦᠭᠡᠢ ᠳᠤᠷᠠᠰᠤᠨ ᠰᠠᠨᠠᠬᠤ ᠳ᠋ᠤ᠌ ᠬᠦᠷᠭᠡᠪᠡ᠃ ᠪᠥᠷᠲᠡ ᠬᠠᠲᠤᠨ ᠲᠡᠮᠦᠭᠡ ᠨᠠᠷ ᠤ᠋ᠨ ᠵᠠᠬᠢᠷᠤᠨ ᠰᠠᠭᠤᠵᠤ ᠦᠯᠡᠳᠡᠭᠰᠡᠨ ᠲᠡᠮᠦᠵᠢᠨ ᠦ᠌ ᠲᠥᠪ ᠣᠷᠳᠣᠨ ᠠ᠋ᠴᠠ ᠬᠡᠯᠡ ᠢᠷᠡᠭᠰᠡᠨ ᠦᠭᠡᠢ ᠳᠠᠷᠤᠢ ᠰᠠᠷ᠎ᠠ ᠪᠣᠯᠤᠭᠠᠳ ᠪᠠᠢᠯ᠎ᠠ᠃ ᠰᠢᠷ᠎ᠠ ᠮᠥᠷᠡᠨ ᠡᠴᠡ ᠬᠣᠢᠰᠢᠬᠢ ᠬᠢᠲᠠᠳ ᠭᠠᠵᠠᠷ ᠢ᠋ ᠡᠵᠡᠯᠡᠭᠰᠡᠨ ᠮᠣᠩᠭᠣᠯ ᠴᠡᠷᠢᠭ ᠲᠦ᠍ ᠣᠳᠣ ᠡᠮᠦᠨᠡᠲᠦ ᠳᠠᠯᠠᠢ ᠬᠦᠷᠬᠦ ᠳ᠋ᠦ᠍ ᠵᠦᠷᠴᠢᠳ ᠦ᠋ᠨ ᠠᠯᠲᠠᠨ ᠤᠯᠤᠰ ᠤ᠋ᠨ ᠬᠠᠭᠠᠨ ᠰᠠᠭᠠᠳ ᠪᠣᠯᠬᠤ ᠨᠢ ᠪᠤᠤ ᠬᠡᠯᠡ ᠶᠠᠭᠠᠬᠢᠵᠤ ᠡᠢᠭᠡᠳ ᠥᠳᠥ ᠶ᠋ᠢᠨ ᠴᠢᠨᠡᠭᠡ ᠥᠴᠦᠬᠡᠨ ᠠᠮᠢ ᠪᠠᠨ ᠠᠪᠤᠷᠠᠬᠤ ᠯᠠ ᠦᠯᠡᠳᠡᠵᠡᠢ᠃ ᠭᠡᠪᠡᠴᠦ ᠬᠢᠲᠠᠳ ᠭᠠᠵᠠᠷ ᠤ᠋ᠨ ᠪᠦᠭᠴᠢᠮ ᠬᠠᠯᠠᠭᠤᠨ᠂ ᠴᠡᠷᠢᠭ ᠮᠣᠷᠢ ᠬᠣᠶᠠᠷ ᠢ᠋ ᠲᠤᠢᠯᠳᠠᠭᠤᠯᠵᠤ  ᠪᠠᠢᠯ᠎ᠠ᠃ 
       ᠠᠯᠲᠠᠨ ᠡᠷᠳᠡᠨᠢ᠂ ᠬᠣᠷᠭᠣᠢ ᠲᠣᠷᠭ᠎ᠠ᠂ ᠠᠮᠤ ᠲᠠᠷᠢᠶ᠎ᠠ ᠠᠴᠢᠭᠰᠠᠨ ᠣᠯᠵᠠᠨ ᠤ᠋ ᠶᠡᠬᠡ ᠴᠤᠪᠤᠭ᠎ᠠ ᠬᠣᠢᠲᠤ ᠵᠦᠭ᠂ ᠥᠨᠳᠥᠷᠯᠢᠭ ᠬᠢᠰᠠᠭᠠᠨ ᠳᠡᠭᠡᠷ᠎ᠡ ᠣᠷᠴᠢᠨ ᠢ᠋ᠶ᠋ᠠᠨ ᠬᠠᠷᠠᠵᠤ ᠵᠣᠭᠰᠣᠭ᠎ᠠ ᠬᠠᠰᠠᠷ ᠤ᠋ᠨ ᠥᠯᠮᠡᠢ ᠳᠣᠣᠭᠤᠷ ᠬᠦᠪᠦᠷᠡᠨ᠎ᠡ᠃ ᠡᠨᠡ ᠪᠣᠯ ᠲᠡᠢᠨ ᠦ᠌ ᠣᠯᠵᠠ ᠶᠤᠮ᠃ ᠡᠳᠦᠷ ᠰᠥᠨᠢ᠂ ᠥᠷᠯᠥᠭᠡ ᠦᠳᠡᠰᠢ ᠨᠢᠭᠡᠨ ᠬᠣᠷᠣᠮ ᠴᠤ᠌ ᠦᠯᠦ ᠲᠠᠰᠤᠷᠠᠬᠤ ᠡᠨᠡ ᠶᠡᠬᠡ ᠠᠴᠢᠶ᠎ᠠ ᠬᠥᠰᠬᠡ ᠶ᠋ᠢ ᠬᠠᠷᠠᠭᠠᠳ ᠬᠠᠰᠠᠷ ᠤ᠋ᠨ ᠭᠤᠨᠢᠭ ᠲᠤ ᠠᠪᠲᠠᠭᠰᠠᠨ ᠰᠡᠳᠬᠢᠯ ᠪᠠᠭ᠎ᠠ ᠪᠣᠯᠪᠠᠴᠤ ᠰᠡᠷᠭᠦᠵᠦ ᠪᠠᠬᠠᠳᠤᠯᠲᠠᠢ ᠪᠣᠯᠵᠠᠢ᠃ ᠭᠡᠪᠡᠴᠦ ᠡᠨᠡ ᠪᠦᠭᠦᠳᠡ ᠲᠡᠭᠦᠨ ᠦ᠌ ᠶᠠᠭᠤᠮ᠎ᠠ ᠪᠢᠰᠢ᠃ ᠪᠦᠬᠦ ᠣᠯᠵᠠ ᠴᠢᠩᠭᠢᠰ ᠬᠠᠭᠠᠨ ᠤ᠋ ᠬᠢ᠂ ᠲᠡᠢᠨ ᠦ᠌ ᠪᠦᠬᠦ ᠣᠯᠵᠠ ᠶ᠋ᠢ ᠤᠯᠤᠰ ᠤ᠋ᠨ ᠰᠠᠩ ᠳ᠋ᠤ᠌ ᠲᠤᠰᠢᠶᠠᠬᠤ ᠵᠢᠷᠤᠮ ᠢ᠋ ᠪᠦᠷ ᠠᠩᠬ᠎ᠠ ᠲᠠᠲ᠋ᠠᠷ ᠲᠠᠢ ᠪᠠᠢᠯᠳᠤᠬᠤ ᠳ᠋ᠤ᠌ ᠲᠣᠭᠲᠠᠭᠠᠭᠰᠠᠨ ᠠ᠋ᠴᠠ ᠬᠣᠢᠰᠢ ᠠᠯᠭᠠᠰᠠᠯ ᠦᠭᠡᠢ ᠮᠥᠷᠳᠡᠭᠰᠡᠭᠡᠷ ᠢᠷᠡᠵᠡᠢ᠃ ᠥᠨᠥ ᠴᠤ᠌ ᠲᠡᠷᠡ ᠶᠣᠰᠣᠭᠠᠷ ᠲᠡᠢᠨ ᠦ᠌ ᠣᠯᠵᠠ ᠶ᠋ᠢ ᠴᠢᠩᠭᠢᠰ ᠬᠠᠭᠠᠨ ᠤ᠋ ᠰᠠᠩ ᠳ᠋ᠤ᠌ ᠬᠦᠷᠭᠡᠭᠦᠯᠬᠦ ᠪᠣᠢ ᠨᠢ ᠡᠨᠡ᠃ ᠨᠢᠭᠡᠨᠲᠡ ᠠᠪᠠᠭ᠎ᠠ ᠠᠬ᠎ᠠ ᠲᠠᠷᠢᠲᠠᠢ ᠣᠯᠵᠠᠨ ᠳ᠋ᠤ᠌ ᠰᠢᠨᠤᠨ ᠵᠠᠮ ᠵᠠᠭᠤᠷ᠎ᠠ ᠰᠠᠳᠠᠷᠠᠭᠠᠵᠤ ᠪᠠᠢᠯᠳᠤᠭᠠᠨ ᠠ᠋ᠴᠠ ᠬᠣᠵᠢᠭᠳᠠᠭᠠᠳ ᠠᠷᠠᠢ ᠯᠠ ᠠᠮᠢ ᠪᠠᠨ ᠠᠯᠳᠠᠯ ᠦᠭᠡᠢ ᠮᠡᠨᠳᠦ ᠥᠩᠭᠡᠷᠡᠭᠰᠡᠨ ᠪᠢᠯᠡ᠃ ᠡᠷᠬᠡ ᠦᠭᠡᠢ ᠶᠢᠰᠦᠭᠡᠢ ᠡᠴᠢᠭᠡ ᠶ᠋ᠢᠨ ᠬᠢᠨᠢ ᠤᠳᠬᠤᠨ ᠳᠡᠭᠦᠦ᠂ ᠤᠷᠤᠭ ᠤ᠋ᠨ ᠭᠡᠷᠢᠶᠡᠰᠯᠡᠯ ᠮᠡᠲᠦ ᠦᠯᠡᠳᠡᠭᠰᠡᠨ ᠠᠪᠠᠭ᠎ᠠ ᠲᠤᠯᠠ ᠲᠡᠮᠦᠵᠢᠨ ᠲᠡᠭᠦᠨ ᠢ᠋ ᠠᠯᠠᠭᠰᠠᠨ ᠦᠭᠡᠢ᠃ ᠬᠠᠷᠢᠨ ᠲᠠᠷᠢᠲᠠᠢ ᠠᠪᠠᠭ᠎ᠠ ᠶ᠋ᠢ ᠵᠠᠷᠯᠢᠭ ᠵᠢᠷᠤᠮ ᠡᠪᠳᠡᠪᠡ ᠭᠡᠮᠡᠨ ᠥᠴᠢᠭ ᠦᠭᠡᠢ ᠴᠠᠪᠴᠢᠨ ᠠᠯᠠᠭᠰᠠᠨ ᠦᠭᠡᠢ ᠭᠡᠵᠦ ᠬᠠᠰᠠᠷ ᠶᠡᠬᠡ ᠠᠭᠤᠷᠰᠠᠭᠰᠠᠨ ᠪᠢᠯᠡ᠃ ᠭᠡᠪᠡᠴᠦ ᠠᠭᠤᠷ ᠴᠢᠬᠤᠯ ᠢ᠋ᠶ᠋ᠠᠨ ᠲᠡᠪᠴᠢᠨ ᠪᠠᠷᠢᠵᠤ ᠲᠡᠮᠦᠵᠢᠨ ᠦ᠌ ᠦᠭᠡ ᠶ᠋ᠢ ᠡᠷᠬᠡ ᠦᠭᠡᠢ ᠳᠠᠭᠠᠵᠠᠢ᠃ ᠨᠢᠭᠡᠨᠲᠡ ᠪᠠᠢᠯᠳᠤᠭᠠᠨ ᠤ᠋ ᠴᠠᠭ ᠲᠤ ᠣᠯᠵᠠᠨ ᠳ᠋ᠤ᠌ ᠰᠢᠨᠤᠵᠤ ᠴᠠᠯᠠᠭᠠᠷᠳᠠᠪᠠᠰᠤ ᠴᠠᠭᠠᠵᠠ ᠪᠠᠷ ᠠᠪᠠᠴᠢᠨ᠎ᠠ ᠭᠡᠵᠦ ᠬᠠᠲᠠᠭᠤ ᠴᠢᠩᠳᠠ ᠲᠣᠭᠲᠠᠭᠰᠠᠨ ᠠᠲᠠᠯ᠎ᠠ ᠡᠭᠦᠨ ᠢ᠋ ᠪᠡᠨ ᠵᠥᠷᠢᠴᠡᠨ ᠲᠠᠷᠢᠲᠠᠢ ᠶ᠋ᠢ ᠠᠪᠠᠭ᠎ᠠ ᠠᠬ᠎ᠠ ᠪᠠᠨ ᠭᠡᠵᠦ ᠠᠮᠢ ᠶ᠋ᠢ ᠨᠢ ᠥᠷᠥᠰᠢᠶᠡᠬᠦ ᠶ᠋ᠢ ᠬᠠᠰᠠᠷ ᠡᠰᠡᠷᠭᠦᠴᠡᠭᠰᠡᠨ ᠶᠦᠮ᠃ ᠵᠥᠷᠢᠴᠡᠬᠦ ᠠᠪᠠᠰᠤ ᠵᠢᠷᠤᠮ ᠲᠣᠭᠲᠠᠭᠠᠵᠤ ᠶᠠᠭᠠᠬᠢᠨ᠎ᠠ᠃ ᠲᠠᠷᠢᠲᠠᠢ ᠣᠯᠵᠠ ᠴᠤᠭᠯᠠᠭᠤᠯᠵᠤ ᠴᠡᠷᠢᠭ ᠢ᠋ᠶ᠋ᠡᠨ ᠲᠤᠯᠤᠯᠳᠤᠭᠠᠨ ᠳ᠋ᠤ᠌ ᠣᠷᠣᠭᠤᠯᠤᠭ᠎ᠠ ᠦᠭᠡᠢ ᠡᠴᠡ ᠪᠣᠯᠵᠤ ᠬᠠᠰᠠᠷ ᠤ᠋ᠨ ᠴᠡᠷᠢᠭ ᠣᠯᠠᠨ ᠢ᠋ᠶ᠋ᠠᠷ ᠦᠷᠡᠭᠳᠡᠭᠰᠡᠨ ᠪᠢᠯᠡ᠃ ᠭᠡᠪᠡᠴᠦ ᠲᠠᠷᠢᠲᠠᠢ ᠠᠪᠠᠭ᠎ᠠ ᠶ᠋ᠢ ᠥᠷᠥᠰᠢᠶᠡᠭᠰᠡᠨ ᠲᠡᠮᠦᠵᠢᠨ ᠦ᠌ ᠦᠭᠡ ᠶ᠋ᠢ ᠳᠠᠭᠠᠬᠤ ᠠ᠋ᠴᠠ ᠥᠭᠡᠷ᠎ᠡ ᠠᠷᠭ᠎ᠠ ᠦᠭᠡᠢ ᠪᠣᠯᠤᠭᠰᠠᠨ ᠳ᠋ᠠᠭᠠᠨ ᠬᠠᠰᠠᠷ ᠲᠤᠢᠯ ᠤ᠋ᠨ ᠶᠡᠬᠡ ᠪᠤᠬᠢᠨᠢᠳᠤᠵᠠᠢ᠃ ᠪᠠᠰᠠ ᠡᠨᠡ ᠦᠶ᠎ᠡ ᠪᠡᠷ ᠪᠣᠭᠣᠷᠴᠢ ᠮᠤᠬᠤᠯᠠᠢ ᠬᠣᠶᠠᠷ ᠲᠠᠷᠢᠲᠠᠢ ᠶ᠋ᠢ ᠥᠮᠥᠭᠡᠷᠡᠵᠦ ᠲᠡᠮᠦᠵᠢᠨ ᠦ᠌ ᠲᠠᠯ᠎ᠠ ᠳ᠋ᠤ᠌ ᠣᠷᠣᠨ ᠣᠯᠠᠨ ᠦᠭᠡ ᠬᠡᠯᠡᠭᠰᠡᠨ ᠨᠢ ᠬᠠᠰᠠᠷ ᠢ᠋ ᠶᠠᠭᠤ ᠶᠠᠭᠤᠨ ᠠ᠋ᠴᠠ ᠢᠯᠡᠭᠦᠦ ᠠᠭᠤᠷᠯᠠᠭᠤᠯᠵᠠᠢ᠃ ᠲᠡᠮᠦᠵᠢᠨ ᠲᠡᠭᠦᠨ ᠦ᠌ ᠦᠭᠡᠨ ᠡᠴᠡ ᠢᠯᠡᠭᠦᠦ ᠲᠡᠢ ᠪᠡᠷ ᠪᠣᠭᠣᠷᠴᠢ ᠮᠤᠬᠤᠯᠠᠢ ᠨᠠᠷ ᠤ᠋ᠨ ᠦᠭᠡ ᠶ᠋ᠢ ᠵᠥᠪᠰᠢᠶᠡᠷᠡᠨ ᠳᠠᠭᠠᠭᠰᠠᠨ ᠮᠡᠲᠦ ᠰᠠᠨᠠᠭᠳᠠᠭᠠᠳ ᠬᠠᠰᠠᠷ ᠪᠠᠢᠵᠤ ᠶᠠᠳᠠᠵᠠᠢ᠃ ᠵᠦᠢ ᠨᠢ ᠪᠣᠯ ᠲᠡᠮᠦᠵᠢᠨ ᠬᠠᠷᠠᠴᠤ ᠪᠣᠭᠣᠯ ᠲᠡᠳᠡᠨ ᠢ᠋ ᠪᠢᠰᠢ᠂ ᠬᠠᠰᠠᠷ ᠤ᠋ᠨ ᠦᠭᠡ ᠶ᠋ᠢ ᠬᠦᠨᠳᠦᠳᠬᠡᠨ ᠰᠣᠨᠣᠰᠬᠤ ᠶᠣᠰᠣᠲᠠᠢ ᠪᠢᠯᠡ᠃ ᠶᠡᠷᠦ ᠡᠴᠡ ᠲᠡᠮᠦᠵᠢᠨ ᠦ᠌ ᠪᠤᠷᠤᠭᠤ ᠦᠭᠡ ᠶ᠋ᠢ ᠳᠠᠭᠠᠬᠤ ᠨᠢ ᠬᠠᠰᠠᠷ ᠲᠤ ᠲᠤᠩ ᠪᠡᠷᠬᠡ ᠵᠣᠪᠠᠯᠠᠩ ᠪᠣᠯᠳᠠᠭ ᠪᠠᠢᠪᠠ᠃ ᠢᠩᠭᠢᠬᠦ ᠭᠠᠷᠴᠠᠭ᠎ᠠ ᠦᠭᠡᠢ ᠤᠴᠢᠷ ᠴᠤ᠌ ᠪᠠᠢᠯ᠎ᠠ᠃ ᠥᠪᠡᠷ ᠦ᠋ᠨ ᠬᠦᠰᠡᠯ᠂ ᠦᠵᠡᠯ ᠦ᠋ᠨ ᠡᠰᠡᠷᠭᠦ ᠲᠡᠮᠦᠵᠢᠨ ᠦ᠌ ᠦᠭᠡ ᠶ᠋ᠢ ᠥᠪᠡᠷ ᠦ᠋ᠨ ᠡᠷᠬᠡ ᠦᠭᠡᠢ ᠵᠥᠪᠰᠢᠶᠡᠷᠡᠨ ᠳᠠᠭᠠᠬᠤ ᠬᠡᠷᠡᠭ ᠭᠠᠷᠬᠤ ᠪᠦᠷᠢ ᠠᠭᠤᠷ ᠬᠢᠯᠢᠩ ᠨᠢ ᠪᠠᠢᠵᠤ ᠶᠠᠳᠠᠲᠠᠯ᠎ᠠ ᠣᠪᠣᠯᠵᠠᠵᠤ ᠪᠠᠷᠠᠭᠤᠨ ᠭᠠᠷ ᠤ᠋ᠨ ᠡᠷᠡᠬᠡᠢ ᠶ᠋ᠢᠨ ᠥᠨᠳᠡᠭᠡ ᠴᠢᠰᠬᠢᠨ ᠡᠪᠡᠳᠳᠡᠭ ᠠᠵᠢ᠃  
       ᠬᠠᠰᠠᠷ ᠢ᠋ ᠠᠷᠪᠠᠨ ᠨᠠᠰᠤᠲᠠᠢ ᠪᠠᠢᠬᠤ ᠳ᠋ᠤ᠌ ᠲᠡᠮᠦᠵᠢᠨ ᠲᠡᠷᠡ ᠬᠣᠶᠠᠷ ᠠᠩᠬᠠᠨ ᠤ᠋ ᠲᠠᠩᠭᠠᠷᠢᠭ ᠲᠠᠯᠪᠢᠵᠠᠢ᠃ ᠲᠡᠷᠡ ᠦᠶ᠎ᠡ ᠳ᠋ᠦ᠍ ᠡᠬᠡ ᠥᠭᠡᠷ᠎ᠡ ᠲᠡᠢ ᠳᠡᠭᠦᠦ ᠪᠡᠭᠲᠡᠷ᠂ ᠪᠡᠯᠭᠦᠳᠡᠢ ᠬᠣᠶᠠᠷ ᠤ᠋ᠨ ᠡᠰᠡᠷᠭᠦ ᠶᠠᠭᠤ ᠴᠤ᠌ ᠬᠢᠭᠰᠡᠨ ᠬᠠᠮᠲᠤᠷᠠᠬᠤ ᠶ᠋ᠢ ᠲᠡᠮᠦᠵᠢᠨ ᠱᠠᠭᠠᠷᠳᠠᠵᠤ᠂ ᠦᠨᠡᠨᠴᠢ ᠵᠢᠳᠬᠦᠬᠦ ᠠᠪᠠᠰᠤ ᠭᠡᠷ ᠦ᠋ᠨ ᠳᠣᠲᠣᠷᠠᠬᠢ ᠤᠳᠠᠭᠠᠬᠢ ᠡᠷᠬᠡ ᠶ᠋ᠢ ᠬᠠᠰᠠᠷ ᠲᠤ ᠥᠭᠭᠦᠨ᠎ᠡ ᠭᠡᠵᠦ ᠲᠣᠬᠢᠷᠠᠭᠰᠠᠨ ᠤ᠋ ᠪᠠᠲᠤᠯᠠᠭ᠎ᠠ ᠪᠠᠨ ᠪᠣᠯᠭᠠᠨ ᠪᠠᠷᠠᠭᠤᠨ ᠭᠠᠷ ᠤ᠋ᠨ ᠡᠷᠡᠬᠡᠢ ᠶ᠋ᠢᠨ ᠥᠨᠳᠡᠭᠡ ᠶ᠋ᠢ ᠵᠦᠰᠦᠵᠦ ᠴᠢᠰᠤ ᠪᠠᠨ ᠨᠡᠢᠯᠡᠭᠦᠯᠦᠨ ᠶᠣᠰᠣᠯᠠᠭᠰᠠᠨ ᠪᠢᠯᠡ᠃ ᠡᠨᠡ ᠪᠦᠭᠦᠳᠡ ᠶ᠋ᠢ ᠲᠡᠮᠦᠵᠢᠨ ᠰᠠᠨᠠᠭᠠᠴᠢᠯᠠᠵᠤ ᠪᠦᠷ ᠥᠪᠡᠷ ᠢ᠋ᠶ᠋ᠡᠨ ᠲᠦᠷᠦᠭᠦᠯᠡᠨ ᠥᠨᠳᠡᠭᠡ ᠪᠡᠨ ᠡᠰᠬᠡᠵᠦ ᠴᠢᠰᠤ ᠪᠠᠨ ᠦᠵᠡᠭᠦᠯᠵᠡᠢ᠃ ᠴᠢᠰᠤ ᠪᠠᠨ ᠨᠡᠢᠯᠡᠭᠦᠯᠦᠨ ᠦᠭᠡ ᠪᠡᠨ ᠪᠠᠲᠤᠯᠠᠬᠤ ᠨᠢ ᠡᠷᠲᠡᠨ ᠦ᠌ ᠶᠣᠰᠣ ᠶᠤᠮ᠃ ᠡᠨᠡ ᠨᠢ ᠬᠠᠰᠠᠷ ᠲᠤ ᠬᠡᠳᠦᠢ ᠠᠶᠤᠮᠰᠢᠭᠲᠠᠢ ᠪᠠᠢᠭᠰᠠᠨ ᠠ᠋ᠴᠠ ᠦᠨᠡᠨᠴᠢ ᠪᠠᠢᠬᠤ ᠶ᠋ᠢᠨ ᠲᠠᠩᠭᠠᠷᠢᠭ ᠲᠠᠯᠪᠢᠬᠤ ᠡᠨᠡ ᠴᠢᠰᠤᠲᠤ ᠶᠣᠰᠣᠯᠠᠯ ᠵᠢᠩᠬᠢᠨᠢ ᠵᠣᠷᠢᠭᠲᠤ ᠡᠷᠡᠰ ᠦ᠋ᠨ ᠰᠢᠨᠵᠢ ᠰᠢᠭ ᠰᠠᠨᠠᠭᠳᠠᠭᠠᠳ ᠥᠪᠡᠷ ᠦ᠋ᠨ ᠡᠷᠬᠡ ᠦᠭᠡᠢ ᠥᠨᠳᠡᠭᠡ ᠪᠡᠨ ᠵᠦᠰᠦᠵᠦ ᠣᠷᠬᠢᠵᠠᠢ᠃ ᠭᠡᠪᠡᠴᠦ ᠲᠡᠷᠡ ᠳᠡᠩᠳᠡᠭᠦᠦ ᠭᠦᠨᠵᠡᠭᠡᠢ ᠵᠦᠰᠦᠭᠰᠡᠨ ᠤᠴᠢᠷ ᠰᠢᠷᠬ᠎ᠠ ᠨᠢ ᠡᠳᠡᠭᠡᠬᠦ ᠦᠭᠡᠢ ᠥᠴᠢᠨᠡᠨ ᠬᠣᠨᠣᠭ ᠵᠣᠪᠠᠭᠠᠭᠰᠠᠨ ᠪᠥᠭᠡᠳ ᠬᠣᠵᠢᠮ ᠠᠭᠤᠷᠯᠠᠵᠤ ᠪᠤᠬᠢᠨᠢᠳᠤᠬᠤ ᠪᠦᠷᠢ ᠴᠢᠰ ᠴᠢᠰᠬᠢᠨ ᠡᠪᠡᠳᠳᠡᠭ ᠪᠣᠯᠵᠠᠢ᠃ ᠴᠢᠰᠤ ᠪᠠᠷ ᠢ᠋ᠶ᠋ᠠᠨ ᠪᠠᠲᠤᠯᠠᠭᠰᠠᠨ ᠭᠡᠨᠡᠨ ᠪᠠᠭ᠎ᠠ ᠨᠠᠰᠤᠨ ᠤ᠋ ᠲᠠᠩᠭᠠᠷᠢᠭ ᠲᠠᠭᠠᠨ ᠲᠡᠷᠡ ᠥᠨᠥ ᠬᠦᠷᠲᠡᠯ᠎ᠡ ᠦᠨᠡᠨᠴᠢ ᠶᠠᠪᠤᠭ᠎ᠠ ᠪᠥᠭᠡᠳ ᠬᠠᠰᠠᠷ ᠪᠣᠯ ᠵᠠ ᠭᠡᠪᠡᠯ ᠶᠣ ᠦᠭᠡᠢ ᠬᠥᠮᠦᠨ ᠶᠦᠮ᠃ ᠬᠠᠷᠢᠨ ᠬᠠᠰᠠᠷ ᠤ᠋ᠨ ᠦᠵᠡᠬᠦ ᠳ᠋ᠦ᠍ ᠲᠡᠮᠦᠵᠢᠨ ᠠᠷᠠᠢ ᠯᠠ ᠲᠡᠢᠮᠦ ᠪᠢᠰᠢ ᠠᠵᠢ᠃ ᠵᠠᠷᠢᠮ ᠵᠦᠢᠯ ᠢ᠋ ᠬᠡᠯᠡᠭᠰᠡᠨ ᠳᠣᠣᠷ᠎ᠠ ᠪᠠᠨ ᠮᠠᠷᠲᠠᠬᠤ ᠮᠡᠲᠦ ᠵᠥᠷᠢᠴᠡᠳᠡᠭ᠂ ᠪᠠᠰᠠ ᠣᠭᠲᠣ ᠬᠡᠷᠡᠭ ᠦᠭᠡᠢ ᠦᠭᠡ ᠶ᠋ᠢ ᠮᠠᠷᠲᠠᠬᠤ ᠦᠭᠡᠢ ᠬᠣᠨᠵᠢᠩ ᠰᠠᠨᠠᠳᠠᠭ ᠲᠡᠮᠦᠵᠢᠨ ᠦ᠌ ᠠᠭᠠᠰᠢ ᠬᠠᠰᠠᠷ ᠢ᠋ ᠭᠠᠢᠬᠠᠰᠢᠷᠠᠭᠤᠯᠤᠨ᠎ᠠ᠃ ᠬᠡᠦᠬᠡᠳ ᠠᠬᠤᠢ ᠳ᠋ᠠᠭᠠᠨ ᠬᠠᠰᠠᠷ ᠲᠡᠮᠦᠵᠢᠨ ᠲᠡᠢ ᠪᠠᠷᠢᠯᠳᠤᠬᠤ ᠳ᠋ᠠᠭᠠᠨ ᠨᠠᠰᠤ ᠶ᠋ᠢ ᠨᠢ ᠲᠣᠭᠠᠯᠠᠨ ᠬᠠᠶᠠᠳᠠᠭ ᠪᠠᠢᠯ᠎ᠠ᠃ ᠡᠭᠦᠨ ᠳ᠋ᠦ᠍ ᠲᠡᠮᠦᠵᠢᠨ ᠶᠡᠬᠡᠳᠡ ᠰᠢᠷᠠᠯᠬᠠᠨ ᠪᠠᠷᠢᠯᠳᠤᠵᠤ᠂ ᠪᠠᠰᠠ ᠬᠠᠶᠠᠵᠤ ᠴᠢᠳᠠᠬᠤ ᠦᠭᠡᠢ ᠪᠣᠯᠬᠣᠷ ᠢ᠋ᠶ᠋ᠠᠨ ᠦᠬᠦᠲᠡᠯ᠎ᠡ ᠪᠡᠨ ᠠᠭᠤᠷᠯᠠᠨ ᠴᠡᠴᠡᠷᠡᠵᠦ ᠪᠠᠢᠬᠤ ᠶ᠋ᠢ ᠦᠵᠡᠭᠡᠳ ᠲᠡᠭᠦᠨ ᠲᠡᠢ ᠪᠠᠷᠢᠯᠳᠤᠳᠠᠭ ᠦᠭᠡᠢ ᠪᠣᠯᠵᠠᠢ᠃ ᠲᠡᠮᠦᠵᠢᠨ ᠦ᠌ ᠡᠨᠡ ᠬᠣᠷᠣ ᠰᠢᠷ᠎ᠠ ᠡᠴᠦᠰ ᠲᠦ᠋ᠨᠢ ᠦᠰ ᠬᠣᠨᠵᠢᠩ ᠪᠣᠯᠤᠨ ᠬᠤᠪᠢᠷᠠᠬᠤ ᠮᠡᠲᠦ ᠰᠠᠨᠠᠭᠳᠠᠬᠤ ᠠᠵᠢ᠃ ᠬᠠᠷᠢᠨ ᠪᠡᠭᠲᠡᠷ ᠢ᠋ ᠬᠠᠷᠪᠤᠨ ᠠᠯᠠᠭᠰᠠᠨ ᠠ᠋ᠴᠠ ᠬᠣᠢᠰᠢ ᠲᠡᠳᠡᠨ ᠦ᠌ ᠬᠣᠭᠣᠷᠣᠨᠳᠣ ᠬᠠᠴᠢᠨ ᠰᠣᠨᠢᠨ ᠡᠪᠯᠡᠷᠡᠯ ᠣᠢᠯᠠᠭᠠᠯᠴᠠᠯ᠂ ᠢᠲᠡᠭᠡᠯ ᠲᠣᠭᠲᠠᠵᠤ ᠲᠡᠷᠡ ᠨᠢ ᠬᠠᠰᠠᠷ ᠲᠤ ᠥᠨᠥ ᠬᠦᠷᠲᠡᠯ᠎ᠡ ᠮᠡᠳᠡᠷᠡᠭᠳᠡᠭᠰᠡᠭᠡᠷ ᠪᠠᠢᠳᠠᠭ ᠪᠢᠯᠡ᠃ ᠪᠡᠭᠲᠡᠷ ᠢ᠋ ᠠᠯᠠᠶ᠎ᠠ ᠭᠡᠵᠦ ᠬᠡᠯᠡᠭᠡᠳ ᠡᠷᠡᠭᠡᠯᠵᠡᠬᠦ ᠶᠠᠭᠤᠮ᠎ᠠ ᠦᠭᠡᠢ ᠪᠡᠷ ᠲᠦᠷᠦᠭᠦᠯᠡᠨ ᠬᠠᠷᠪᠤᠵᠤ ᠣᠷᠬᠢᠭᠰᠠᠨ ᠲᠡᠮᠦᠵᠢᠨ ᠢ᠋ ᠬᠠᠰᠠᠷ ᠠᠩᠬ᠎ᠠ ᠤᠳᠠᠭ᠎ᠠ ᠦᠨᠡᠨ ᠰᠡᠳᠬᠢᠯ ᠡᠴᠡ ᠪᠡᠨ ᠲᠣᠭᠣᠵᠤ ᠪᠢᠰᠢᠷᠡᠭᠰᠡᠨ ᠶᠦᠮ᠃ ᠬᠠᠷᠢᠨ ᠬᠠᠰᠠᠷ ᠲᠡᠭᠡᠬᠦ ᠳ᠋ᠦ᠍ ᠲᠠᠯᠪᠢᠭᠰᠠᠨ ᠲᠠᠩᠭᠠᠷᠢᠭ ᠢ᠋ᠶ᠋ᠠᠨ ᠰᠠᠨᠠᠨ ᠬᠠᠷᠪᠤᠬᠤ ᠠ᠋ᠴᠠ ᠥᠭᠡᠷ᠎ᠡ ᠦᠭᠡ ᠦᠭᠡᠢ ᠪᠠᠢᠪᠠ᠃ ᠶᠠᠳᠠᠵᠤ ᠪᠠᠢᠬᠤ ᠳ᠋ᠤ᠌ ᠵᠦᠰᠦᠭᠰᠡᠨ ᠡᠷᠡᠬᠡᠢ ᠨᠢ ᠡᠪᠡᠳᠦᠭᠡᠳ ᠨᠤᠮᠤ ᠪᠠᠨ ᠣᠯᠢᠭᠲᠠᠢ ᠲᠠᠲᠠᠵᠤ ᠴᠢᠳᠠᠬᠤ ᠦᠭᠡᠢ ᠪᠠᠢᠬᠤ ᠳ᠋ᠤ᠌ ᠲᠡᠮᠦᠵᠢᠨ ᠦ᠌ ᠰᠤᠮᠤᠨ ᠳ᠋ᠤ᠌ ᠣᠨᠣᠭᠳᠠᠭᠰᠠᠨ ᠪᠡᠭᠲᠡᠷ ᠲᠡᠯᠴᠢᠯᠡᠨ ᠣᠷᠢᠯᠠᠵᠤ᠂ ᠪᠠᠰᠠ ᠲᠡᠮᠦᠵᠢᠨ ᠦ᠌  
       — ᠬᠠᠰᠠᠷ ᠠ᠋᠂ ᠬᠠᠷᠪᠤᠭᠠᠴᠢ ᠴᠢ ᠭᠡᠵᠦ ᠠᠶᠤᠮᠰᠢᠭᠲᠠᠢ ᠪᠠᠷ ᠬᠠᠰᠬᠢᠷᠬᠤ ᠰᠣᠨᠣᠰᠤᠭᠳᠠᠭᠠᠳ᠂ ᠲᠡᠮᠦᠵᠢᠨ ᠰᠤᠮᠤ ᠪᠠᠨ ᠳᠠᠬᠢᠨ ᠣᠨᠢᠯᠠᠬᠤ ᠶ᠋ᠢ ᠦᠵᠡᠮᠡᠭᠴᠡ ᠲᠡᠭᠦᠨ ᠳ᠋ᠦ᠍ ᠬᠠᠷᠪᠤᠭᠤᠯᠬᠤ ᠠ᠋ᠴᠠ ᠠᠶᠤᠵᠤ ᠶᠣᠰᠣᠲᠠᠢ ᠯᠠ ᠨᠢᠭᠡ ᠬᠠᠷᠪᠤᠭᠰᠠᠨ ᠰᠤᠮᠤ ᠰᠢᠭ᠋ ᠪᠣᠯᠵᠤ ᠪᠢᠯᠡ᠃ ᠠᠰᠢᠭᠦᠢ ᠲᠡᠭᠦᠨ ᠦ᠌ ᠰᠠᠯᠠᠭᠠᠯᠠᠭᠰᠠᠨ ᠰᠤᠮᠤ ᠪᠡᠭᠲᠡᠷ ᠦ᠋ᠨ ᠲᠠᠯᠤᠨ ᠳ᠋ᠤ᠌ ᠫᠦᠳᠬᠢᠨ ᠵᠣᠭᠣᠭᠳᠠᠵᠤ᠂ ᠲᠡᠷᠡ ᠬᠥᠳᠡᠯᠬᠦ ᠦᠭᠡᠢ ᠪᠣᠯᠵᠠᠢ᠃ ᠬᠠᠷᠢᠨ ᠬᠥᠯᠥᠰᠥ ᠨᠢ ᠤᠷᠤᠰᠤᠭᠰᠠᠨ ᠲᠡᠮᠦᠵᠢᠨ ᠠᠯᠳᠠᠯᠠᠨ ᠲᠠᠲᠠᠭᠰᠠᠨ ᠨᠤᠮᠤ ᠪᠠᠨ ᠶᠠᠭ ᠬᠠᠰᠠᠷ ᠤᠷᠤᠭᠤ ᠴᠢᠭᠯᠡᠭᠦᠯᠦᠭᠰᠡᠨ ᠮᠡᠲᠦ ᠦᠵᠡᠭᠳᠡᠭᠰᠡᠨ ᠪᠢᠯᠡ᠃ ᠬᠠᠰᠠᠷ ᠲᠡᠭᠡᠬᠦ ᠳ᠋ᠦ᠍ ᠠᠩᠬ᠎ᠠ ᠤᠳᠠᠭ᠎ᠠ ᠦᠬᠦᠯ ᠲᠡᠢᠮᠦ ᠣᠢᠷᠠᠬᠠᠨ ᠪᠠᠢᠬᠤ ᠶ᠋ᠢ᠂ ᠲᠡᠮᠦᠵᠢᠨ ᠲᠡᠭᠦᠨ ᠢ᠋ ᠴᠠᠭ ᠨᠢ ᠢᠷᠡᠪᠡᠯ ᠣᠭᠲᠣ ᠡᠷᠡᠭᠡᠯᠵᠡᠬᠦ ᠦᠭᠡᠢ ᠪᠡᠷ ᠬᠠᠷᠪᠤᠨ ᠠᠯᠠᠵᠤ ᠴᠢᠳᠠᠬᠤ ᠶ᠋ᠢ ᠬᠡᠵᠢᠶ᠎ᠡ ᠴᠦ᠍ ᠮᠠᠷᠲᠠᠬᠤ ᠶ᠋ᠢᠨ ᠠᠷᠭ᠎ᠠ ᠦᠭᠡᠢ ᠭᠦᠨ ᠪᠠᠲᠤ ᠣᠢᠯᠠᠭᠠᠭᠰᠠᠨ ᠶᠤᠮ᠃ ᠲᠡᠭᠡᠬᠦ ᠳ᠋ᠦ᠍ ᠲᠡᠮᠦᠵᠢᠨ ᠦ᠌ ᠰᠣᠯᠢᠶᠠᠷᠠᠭᠰᠠᠨ ᠮᠡᠲᠦ ᠳᠦᠷᠯᠡᠢᠭᠰᠡᠨ ᠰᠢᠷ᠎ᠠ ᠨᠢᠳᠦᠨ ᠡᠴᠡ ᠭᠢᠯᠠᠰᠬᠢᠭᠰᠡᠨ ᠣᠴᠢ ᠲᠡᠭᠦᠨ ᠢ᠋ ᠠᠭᠤᠷᠯᠠᠬᠤ ᠳ᠋ᠤ᠌ ᠥᠨᠥ ᠴᠦ᠍ ᠵᠠᠷᠢᠮ ᠳ᠋ᠠᠭᠠᠨ ᠦᠰᠦᠴᠢᠬᠦ ᠰᠢᠭ ᠪᠣᠯᠳᠠᠭ ᠢ᠋ ᠬᠠᠰᠠᠷ ᠬᠠᠷᠠᠵᠤ ᠨᠢᠷᠤᠭᠤ ᠤᠷᠤᠭᠤ ᠨᠢ ᠲᠦᠮᠡᠨ ᠰᠢᠷᠭᠤᠯᠵᠢ ᠭᠦᠶᠦᠬᠦ ᠰᠢᠭ ᠪᠣᠯᠤᠨ᠎ᠠ᠃ ᠭᠡᠪᠡᠴᠦ ᠡᠨᠡ ᠨᠢ ᠵᠥᠪᠬᠡᠨ ᠲᠡᠷᠡ ᠡᠷᠲᠡᠨ ᠦ᠌ ᠳᠤᠷᠠᠰᠤᠮᠵᠢ ᠶ᠋ᠢ ᠰᠠᠨᠠᠭᠳᠠᠭᠤᠯᠬᠤ ᠠ᠋ᠴᠠ ᠪᠤᠰᠤ ᠠᠢᠳᠠᠰ ᠪᠢᠰᠢ ᠪᠠᠢᠪᠠ᠃ ᠲᠡᠮᠦᠵᠢᠨ ᠬᠡᠳᠦᠢ ᠬᠦᠴᠦ ᠪᠢᠷ᠎ᠠ᠂ ᠪᠡᠶ᠎ᠡ ᠬᠠ ᠳᠤᠲᠠᠭᠤ ᠴᠤ᠌ ᠬᠡᠵᠢᠶᠡᠳᠡ ᠲᠡᠭᠦᠨ ᠦ᠌ ᠠᠬ᠎ᠠ ᠪᠠᠢᠯ᠎ᠠ᠃ ᠳᠡᠭᠦᠦ ᠶ᠋ᠢᠨ ᠬᠤᠪᠢ ᠳ᠋ᠤ᠌᠂ ᠪᠠᠰᠠ ᠲᠠᠩᠭᠠᠷᠢᠭ ᠲᠠᠯᠪᠢᠭᠰᠠᠨ ᠨᠥᠬᠥᠷ ᠦ᠋ᠨ ᠶᠣᠰᠣ ᠪᠠᠷ ᠲᠡᠮᠦᠵᠢᠨ ᠦ᠌ ᠦᠭᠡ᠂ ᠵᠠᠷᠯᠢᠭ ᠢ᠋ ᠳᠠᠭᠠᠵᠤ ᠬᠦᠨᠳᠦᠳᠬᠡᠨ ᠬᠠᠨᠳᠤᠬᠤ ᠠᠪᠠᠴᠤ ᠬᠠᠰᠠᠷ ᠬᠡᠯᠡᠶ᠎ᠡ ᠭᠡᠰᠡᠨ ᠢ᠋ᠶ᠋ᠡᠨ ᠬᠡᠯᠡᠳᠡᠭ᠂ ᠢᠩᠭᠢᠬᠦ ᠳ᠋ᠡᠭᠡᠨ ᠶᠡᠷᠦ ᠠᠶᠤᠵᠤ ᠢᠴᠢᠬᠦ ᠵᠦᠢᠯ ᠦᠭᠡᠢ ᠪᠠᠢᠳᠠᠭ ᠨᠢ ᠣᠯᠠᠨ ᠤ᠋ ᠡᠮᠦᠨ᠎ᠡ ᠲᠡᠮᠦᠵᠢᠨ ᠢ᠋ ᠡᠰᠡᠷᠭᠦᠴᠡᠨ ᠲᠡᠮᠡᠴᠡᠳᠡᠭ ᠭᠠᠭᠴᠠ ᠬᠥᠮᠦᠨ ᠨᠢ ᠲᠡᠷᠡ ᠮᠡᠲᠦ ᠰᠡᠳᠬᠢᠭᠳᠡᠯ ᠢ᠋ ᠪᠤᠰᠤᠳ ᠲᠤ ᠬᠦᠴᠦᠲᠡᠢ ᠲᠥᠷᠥᠭᠦᠯᠳᠡᠭ ᠪᠠᠢᠪᠠ᠃ ᠪᠠᠰᠠ ᠲᠡᠮᠦᠵᠢᠨ ᠬᠠᠰᠠᠷ ᠬᠣᠶᠠᠷ ᠢ᠋ ᠥᠷᠢᠰᠦᠯᠳᠦᠭᠦᠯᠵᠦ ᠲᠡᠮᠡᠴᠡᠯᠳᠦᠭᠦᠯᠬᠦ ᠶ᠋ᠢ ᠳᠠᠯᠳᠠᠭᠤᠷ ᠬᠦᠰᠡᠭᠴᠢᠳ ᠴᠤ᠌ ᠲᠡᠢᠮᠦ ᠴᠥᠭᠡᠬᠡᠨ ᠪᠢᠰᠢ ᠪᠠᠢᠯ᠎ᠠ᠃  
       ᠶᠢᠰᠦᠭᠡᠢ ᠶ᠋ᠢᠨ ᠭᠡᠷ ᠲᠦ᠍ ᠠᠨ᠎ᠠ ᠮᠠᠨ᠎ᠠ ᠭᠡᠷᠡᠯᠳᠤᠵᠦ ᠵᠣᠳᠣᠯᠳᠤᠵᠤ ᠥᠰᠦᠭᠰᠡᠨ ᠠᠬ᠎ᠠ ᠳᠡᠭᠦᠦ ᠬᠣᠶᠠᠷ ᠡᠷ᠎ᠡ ᠪᠡᠶ᠎ᠡ ᠭᠦᠢᠴᠡᠵᠦ ᠢᠳᠡ ᠬᠠᠪᠤ ᠪᠠᠨ ᠭᠠᠢᠬᠠᠭᠤᠯᠤᠭᠰᠠᠨ ᠪᠠᠭᠠᠲᠤᠷ ᠡᠷᠡᠰ ᠪᠣᠯᠤᠭᠰᠠᠨ ᠴᠤ᠌ ᠬᠣᠭᠣᠷᠣᠨᠳᠣ ᠪᠠᠨ ᠥᠷᠢᠰᠦᠯᠳᠦᠨ ᠮᠥᠴᠡᠭᠡᠷᠬᠡᠬᠦ ᠵᠠᠩ ᠨᠢ ᠬᠡᠪ ᠢ᠋ᠶ᠋ᠡᠷ ᠦᠯᠡᠳᠡᠵᠡᠢ᠃ ᠬᠠᠰᠠᠷ ᠤ᠋ᠨ ᠬᠤᠪᠢ ᠳ᠋ᠤ᠌ ᠲᠡᠮᠦᠵᠢᠨ ᠡᠴᠡ ᠢᠯᠭᠠᠷᠠᠬᠤ ᠪᠠᠰᠠ ᠨᠢᠭᠡ ᠶᠠᠭᠤᠮ᠎ᠠ ᠨᠢ ᠦᠭᠡ᠂ ᠰᠡᠳᠬᠢᠯ ᠦ᠋ᠨ ᠬᠥᠳᠡᠯᠦᠯ ᠢ᠋ᠶ᠋ᠡᠨ ᠨᠢᠭᠤᠵᠤ ᠴᠢᠳᠠᠳᠠᠭ ᠦᠭᠡᠢ ᠲᠦᠷᠭᠡᠨ ᠵᠠᠩ ᠪᠠᠢᠯ᠎ᠠ᠃ ᠬᠠᠰᠠᠷ ᠬᠥᠪᠡᠭᠦᠨ ᠦ᠌ ᠪᠡᠨ ᠡᠨᠡ ᠬᠤᠷᠴᠠ ᠲᠦᠷᠭᠡᠨ ᠵᠠᠩ ᠠ᠋ᠴᠠ ᠥᠭᠡᠯᠦᠨ ᠶᠡᠬᠡᠳᠡ ᠪᠣᠯᠭᠣᠮᠵᠢᠯᠠᠨ ᠠᠶ᠎ᠠ ᠡᠪ ᠢ᠋ᠶ᠋ᠡᠷ ᠬᠥᠮᠦᠵᠢᠭᠦᠯᠵᠦ ᠰᠤᠷᠭᠠᠭᠰᠠᠭᠠᠷ ᠢᠷᠡᠭᠰᠡᠨ ᠪᠣᠯᠪᠠᠴᠤ ᠲᠥᠷᠥᠬᠦ ᠡᠴᠡ ᠴᠢᠰᠤᠨ ᠳ᠋ᠤ᠌ ᠰᠢᠩᠭᠡᠭᠰᠡᠨ ᠴᠢᠨᠠᠷ ᠢ᠋ ᠶᠠᠭᠤ ᠴᠤ᠌ ᠥᠭᠡᠷᠡᠴᠢᠯᠡᠵᠦ ᠦᠯᠦ ᠴᠢᠳᠠᠬᠤ ᠠᠵᠢ᠃ ᠬᠥᠪᠡᠭᠦᠳ ᠦ᠋ᠨ ᠬᠣᠭᠣᠷᠣᠨᠳᠣ ᠦᠯᠦ ᠶᠠᠯᠢᠬᠤ ᠮᠠᠷᠭᠤᠭᠠᠨ ᠠ᠋ᠴᠠ ᠡᠭᠦᠳᠦᠭᠰᠡᠨ ᠵᠣᠳᠣᠭᠠᠨ ᠪᠣᠯᠬᠤ ᠨᠢ ᠡᠨᠡᠦᠬᠡᠨ ᠳ᠋ᠦ᠍᠃ ᠲᠡᠷᠡ ᠦᠶ᠎ᠡ ᠳ᠋ᠦ᠍ ᠬᠠᠰᠠᠷ ᠨᠢᠯᠪᠤᠰᠤ ᠤᠷᠤᠰᠬᠠᠨ ᠬᠠᠮᠤᠭ ᠦᠨᠡᠨ ᠢ᠋ᠶ᠋ᠡᠨ ᠬᠡᠯᠡᠵᠦ ᠣᠷᠢᠯᠠᠵᠤ᠂ ᠬᠠᠰᠬᠢᠷᠴᠤ ᠪᠠᠢᠬᠤ ᠳ᠋ᠤ᠌ ᠲᠡᠮᠦᠵᠢᠨ ᠬᠣᠷᠣᠰᠤᠯ ᠵᠠᠨᠤᠯ ᠰᠢᠩᠭᠡᠭᠰᠡᠨ ᠬᠠᠷᠠᠴᠠ ᠪᠠᠷ ᠨᠡᠪᠲᠡ ᠰᠢᠪᠲᠤ ᠰᠢᠷᠳᠡᠭᠰᠡᠭᠡᠷ ᠲᠠᠭ ᠳᠠᠭᠤ ᠦᠭᠡᠢ ᠵᠠᠢᠯᠠᠨ ᠣᠳᠳᠠᠭ ᠪᠠᠢᠯ᠎ᠠ᠃ ᠬᠡᠰᠡᠭᠬᠡᠨ ᠬᠤᠭᠤᠴᠠᠭ᠎ᠠ ᠥᠩᠭᠡᠷᠡᠮᠡᠭᠴᠡ ᠨᠢᠯᠪᠤᠰᠤᠨ ᠤ᠋ ᠬᠢᠨᠢ ᠬᠠᠯᠲᠠᠷ ᠠᠷᠢᠯᠤᠭ᠎ᠠ ᠦᠭᠡᠢ ᠬᠠᠰᠠᠷ ᠨᠢᠭᠡ ᠳᠠᠭᠤ ᠭᠠᠵᠠᠷ ᠲᠤ ᠨᠥᠭᠦᠭᠡ ᠳᠠᠭᠤ ᠲᠩᠷᠢ ᠳ᠋ᠦ᠍ ᠬᠠᠳᠠᠨ ᠥᠩᠭᠡᠷᠡᠭᠰᠡᠨ ᠵᠣᠳᠣᠭᠠᠨ ᠢ᠋ ᠮᠠᠷᠲᠠᠴᠢᠬᠠᠭᠰᠠᠨ ᠳᠡᠭᠳᠡᠵᠦ ᠶᠠᠪᠤᠬᠤ ᠳ᠋ᠤ᠌ ᠲᠡᠮᠦᠵᠢᠨ ᠳᠣᠭᠰᠢᠨ ᠰᠢᠷ᠎ᠠ ᠨᠢᠳᠦ ᠪᠡᠨ ᠭᠢᠯᠠᠯᠵᠠᠭᠤᠯᠤᠨ ᠬᠥᠮᠥᠭᠡᠢ ᠵᠠᠭᠤᠭᠰᠠᠭᠠᠷ ᠪᠠᠢᠳᠠᠭ ᠠᠵᠤᠭᠤ᠃ ᠲᠡᠮᠦᠵᠢᠨ ᠦ᠌ ᠭᠣᠮᠣᠳᠠᠯ ᠮᠠᠷᠲᠠᠭᠳᠠᠬᠤ ᠨᠢ ᠤᠳᠠᠭᠠᠨ ᠲᠤᠯᠠ ᠵᠠᠪᠠᠯ ᠬᠣᠷᠣᠰᠤᠯ ᠢ᠋ᠶ᠋ᠠᠨ ᠲᠠᠢᠯᠵᠤ᠂ ᠣᠷᠣ ᠪᠠᠨ ᠠᠪᠴᠤ ᠪᠠᠢᠵᠤ ᠲᠠᠢᠳᠬᠤᠷᠠᠳᠠᠭ ᠵᠠᠩ ᠲᠠᠢ᠃ ᠵᠤᠯᠠᠢ ᠵᠤᠯᠠᠢ ᠪᠠᠨ ᠭᠢᠰᠬᠢᠨ ᠲᠥᠷᠥᠭᠰᠡᠨ ᠨᠢᠭᠡ ᠡᠴᠢᠭᠡ ᠶ᠋ᠢᠨ ᠬᠥᠪᠡᠭᠦᠳ ᠢᠩᠭᠢᠵᠦ ᠡᠷᠡᠰ ᠥᠭᠡᠷ᠎ᠡ ᠵᠠᠩ ᠠᠪᠤᠷᠢ ᠲᠠᠢ ᠪᠣᠯᠵᠤ ᠥᠰᠦᠭᠰᠡᠨ ᠦ᠌ ᠤᠴᠢᠷ ᠢ᠋ ᠥᠭᠡᠯᠦᠨ ᠣᠯᠤᠭᠰᠠᠨ ᠦᠭᠡᠢ᠃ ᠭᠠᠭᠴᠠ ᠬᠦ᠌ ᠲᠡᠮᠦᠵᠢᠨ ᠪᠣᠯ ᠪᠣᠳᠣᠨᠴᠠᠷ ᠪᠣᠭᠳᠠ ᠶ᠋ᠢᠨ ᠰᠦᠨᠡᠰᠦ᠂ ᠬᠠᠷᠢᠨ ᠬᠠᠰᠠᠷ ᠨᠢ ᠪᠠᠷᠳᠠᠨ ᠪᠠᠭᠠᠲᠤᠷ ᠡᠪᠦᠭᠡ ᠶ᠋ᠢᠨ ᠢ᠋ᠶ᠋ᠡᠨ ᠰᠦᠨᠡᠰᠦ ᠪᠣᠯᠬᠤ ᠶ᠋ᠢ ᠲᠡᠷᠡ ᠶᠠᠭᠠᠬᠢᠨ ᠳᠠᠭᠠᠵᠤ ᠮᠡᠳᠡᠬᠦ ᠪᠢᠯᠡ᠃ ᠶᠡᠷᠦ ᠨᠢ ᠤᠳᠤᠮ ᠤᠭᠰᠠᠭ᠎ᠠ᠂ ᠲᠥᠷᠥᠬᠦ ᠦᠬᠦᠬᠦ ᠶ᠋ᠢᠨ ᠨᠠᠷᠢᠨ ᠤᠴᠢᠷ ᠵᠦᠢ ᠶ᠋ᠢ ᠲᠩᠷᠢ ᠡᠴᠡ ᠥᠭᠡᠷ᠎ᠡ ᠬᠡᠨ ᠮᠡᠳᠡᠬᠦ ᠰᠠᠨ ᠪᠢᠯᠡ᠃ ᠬᠠᠷᠢᠨ ᠬᠠᠰᠠᠷ ᠲᠡᠮᠦᠵᠢᠨ ᠬᠣᠶᠠᠷ ᠤ᠋ᠨ ᠪᠠᠰᠠ ᠨᠢᠭᠡ ᠢᠯᠭᠠᠭ᠎ᠠ ᠨᠢ ᠲᠡᠮᠦᠵᠢᠨ ᠥᠪᠡᠷ ᠢ᠋ ᠪᠡᠨ ᠪᠣᠳᠣᠨᠴᠠᠷ ᠡᠪᠦᠭᠡ ᠶ᠋ᠢᠨ ᠢ᠋ᠶ᠋ᠡᠨ ᠰᠦᠨᠡᠰᠦ ᠭᠡᠳᠡᠭ ᠲᠦ᠍ ᠢᠲᠡᠭᠡᠳᠡᠭ᠂ ᠠᠯᠤᠨ ᠭᠤᠸ᠎ᠠ ᠡᠬᠡ ᠶ᠋ᠢᠨ ᠶᠠᠷᠢᠭᠰᠠᠨ ᠲᠡᠷᠡ ᠳᠣᠮᠣᠭ ᠲᠤ ᠭᠠᠷᠳᠠᠭ ᠰᠢᠭ᠋ ᠲᠩᠷᠢ ᠶ᠋ᠢᠨ ᠢᠵᠠᠭᠤᠷᠲᠤ ᠲᠦᠷᠦᠯᠲᠡᠢ ᠭᠡᠳᠡᠭ ᠢ᠋ᠶ᠋ᠡᠨ ᠬᠦᠯᠢᠶᠡᠨ ᠵᠥᠪᠰᠢᠶᠡᠷᠡᠳᠡᠭ ᠶᠠᠪᠤᠳᠠᠯ ᠪᠠᠢᠪᠠ᠃ ᠲᠡᠢᠮᠦ ᠤᠴᠢᠷ ᠠ᠋ᠴᠠ ᠬᠠᠰᠠᠷ ᠪᠣᠯᠤᠭᠠᠳ ᠲᠡᠮᠦᠵᠢᠨ ᠦ᠌ ᠵᠠᠩ ᠠᠭᠠᠰᠢ᠂ ᠦᠢᠯᠡ ᠬᠥᠳᠡᠯᠦᠯ ᠡᠷᠡᠰ ᠢᠯᠭᠠᠭ᠎ᠠ ᠲᠠᠢ ᠪᠣᠯᠤᠭᠰᠠᠨ ᠶᠤᠮ᠃ ᠬᠠᠰᠠᠷ ᠬᠡᠳᠦᠢ ᠬᠤᠷᠳᠤᠨ ᠲᠣᠭᠰᠢᠨ ᠵᠠᠩ ᠲᠠᠢ᠂ ᠬᠤᠷᠴᠠ ᠮᠡᠷᠭᠡᠨ ᠦᠭᠡ ᠲᠡᠢ ᠴᠤ᠌ ᠭᠡᠨᠡ ᠭᠡᠨᠡ ᠶᠠᠭᠤ ᠪᠣᠯᠪᠠ ᠭᠡᠮᠡᠷ ᠪᠣᠳᠣᠯ ᠳ᠋ᠤ᠌ ᠠᠪᠲᠠᠨ ᠵᠣᠭᠰᠣᠳᠠᠭ ᠵᠠᠩ ᠲᠠᠢ᠃ ᠡᠢᠨ ᠬᠦ᠌ ᠪᠣᠳᠣᠯ ᠳ᠋ᠤ᠌ ᠠᠪᠲᠠᠭᠰᠠᠨ ᠦᠶ᠎ᠡ ᠳ᠋ᠡᠭᠡᠨ ᠯᠡ ᠠᠬ᠎ᠠ ᠲᠠᠢ ᠪᠠᠨ ᠢᠯᠭᠠᠵᠤ ᠲᠠᠨᠢᠬᠤ ᠶ᠋ᠢᠨ ᠠᠷᠭ᠎ᠠ ᠦᠭᠡᠢ ᠠᠳᠠᠯᠢᠬᠠᠨ ᠦᠵᠡᠭᠳᠡᠬᠦ ᠪᠥᠯᠥᠭᠡ᠃  
       ᠬᠠᠰᠠᠷ ᠡᠨᠡ ᠤᠳᠠᠭ᠎ᠠ ᠵᠥᠩᠲᠦ ᠬᠣᠲᠠ ᠠ᠋ᠴᠠ ᠥᠷᠲᠡᠭᠡ ᠵᠠᠢᠲᠠᠢ ᠪᠠᠢᠬᠤ ᠳᠠᠢᠳᠤ ᠪᠠᠯᠭᠠᠰᠤ ᠶ᠋ᠢᠨ ᠬᠣᠢᠲᠤ ᠬᠢᠰᠠᠭᠠᠨ ᠳᠡᠭᠡᠷ᠎ᠡ ᠵᠣᠭᠰᠣᠭᠠᠳ ᠠᠯᠲᠠ ᠡᠷᠳᠡᠨᠢᠰ ᠠᠴᠢᠭᠰᠠᠨ ᠶᠡᠬᠡ ᠬᠥᠰᠬᠡ ᠮᠣᠩᠭᠣᠯ ᠤ᠋ᠨ ᠲᠠᠯ᠎ᠠ ᠨᠤᠲᠤᠭ᠂ ᠴᠢᠩᠭᠢᠰ ᠬᠠᠭᠠᠨ ᠤ᠋ ᠬᠡᠭᠡᠷ᠎ᠡ ᠶ᠋ᠢᠨ ᠬᠦᠷᠢᠶ᠎ᠡ ᠤᠷᠤᠭᠤ ᠬᠦᠪᠦᠷᠡᠬᠦ ᠶ᠋ᠢ ᠬᠠᠷᠠᠨ ᠶᠠᠭ ᠢᠩᠭᠢᠵᠦ ᠪᠣᠳᠣᠯ ᠳ᠋ᠤ᠌ ᠳᠠᠷᠤᠭᠳᠠᠨ ᠵᠣᠭᠰᠣᠵᠤ ᠪᠠᠢᠪᠠ᠃ ᠡᠨᠡ ᠳᠠᠢᠳᠤ ᠪᠠᠯᠭᠠᠰᠤ ᠬᠡᠳᠦᠢ ᠵᠢᠵᠢᠭ ᠴᠦ᠍ ᠠᠯᠲᠠᠨ ᠬᠠᠭᠠᠨ ᠤ᠋ ᠵᠤᠨ ᠤ᠋ ᠥᠷᠭᠥᠭᠡ ᠪᠠᠢᠳᠠᠭ ᠲᠤᠯᠠ ᠪᠠᠶᠠᠨ᠂ ᠴᠢᠬᠤᠯᠠ ᠪᠣᠭᠣᠮᠲᠠ ᠪᠥᠯᠥᠭᠡ᠃《ᠥᠭᠡᠯᠦᠨ ᠡᠬᠡ ᠮᠢᠨᠢ ᠠᠮᠢᠳᠤ ᠰᠡᠷᠡᠭᠦᠨ ᠯᠡ ᠪᠠᠢᠭᠠᠰᠠᠢ》 ᠭᠡᠵᠦ ᠬᠠᠰᠠᠷ ᠰᠡᠳᠬᠢᠯ ᠵᠢᠷᠦᠬᠡ ᠪᠡᠨ ᠥᠮᠥᠯᠵᠡᠭᠦᠯᠦᠨ ᠪᠣᠳᠣᠵᠤ ᠵᠣᠭᠰᠣᠪᠠ᠃ ᠥᠭᠡᠯᠦᠨ ᠡᠬᠡ ᠨᠢ ᠬᠠᠰᠠᠷ ᠤ᠋ᠨ ᠬᠤᠪᠢ ᠳ᠋ᠤ᠌ ᠡᠨᠡ ᠶᠢᠷᠲᠢᠨᠴᠦ ᠶ᠋ᠢᠨ ᠭᠠᠭᠴᠠ ᠡᠷᠬᠢᠮ ᠬᠠᠢᠷᠠᠲᠠᠢ ᠬᠥᠮᠦᠨ ᠨᠢ ᠪᠥᠭᠡᠳ ᠡᠬᠡ ᠶ᠋ᠢ ᠪᠡᠨ ᠦᠬᠦᠪᠡᠯ ᠴᠣᠬᠣᠮ ᠶᠠᠭᠠᠬᠢᠬᠤ ᠪᠠᠨ ᠲᠡᠷᠡ ᠪᠣᠳᠣᠵᠤ ᠣᠯᠬᠤ ᠦᠭᠡᠢ ᠪᠠᠢᠯ᠎ᠠ᠃ ᠭᠡᠪᠡᠴᠦ ᠥᠭᠡᠯᠦᠨ ᠡᠬᠡ ᠨᠢ ᠤᠳᠠᠭᠠᠨ ᠲᠡᠰᠬᠦ ᠪᠡᠷ ᠦᠭᠡᠢ ᠪᠣᠯᠤᠭᠰᠠᠨ ᠨᠢ ᠳᠠᠩᠴᠤ ᠲᠣᠳᠣᠷᠬᠠᠢ ᠪᠠᠢᠭᠰᠠᠨ ᠪᠢᠯᠡ᠃ ᠬᠠᠷᠢᠨ ᠴᠤ᠌ ᠡᠬᠡ ᠶ᠋ᠢ ᠨᠢ ᠲᠩᠷᠢ ᠲᠡᠳᠬᠦᠵᠦ ᠡᠳᠦᠢ ᠨᠠᠰᠤᠯᠠᠵᠠᠢ᠃ ᠡᠬᠡ ᠶ᠋ᠢᠨ ᠬᠢᠨᠢ ᠦᠬᠦᠯ ᠬᠠᠰᠠᠷ ᠲᠤ ᠣᠳᠣ ᠡᠮᠦᠨ᠎ᠡ ᠦᠵᠡᠭᠳᠡᠭᠴᠢ ᠳᠠᠢᠳᠤ ᠪᠠᠯᠭᠠᠰᠤ ᠰᠢᠭ᠋᠂ ᠬᠣᠢᠲᠤ ᠵᠦᠭ ᠬᠦᠪᠦᠷᠡᠭᠴᠢ ᠲᠡᠷᠭᠡ ᠬᠥᠰᠬᠡ ᠰᠢᠭ ᠭᠡᠨᠡᠳᠲᠡᠬᠡᠨ ᠲᠣᠪ ᠲᠣᠳᠣ ᠲᠦᠰᠦᠭᠡᠯᠡᠭᠳᠡᠪᠡ᠃ ᠥᠭᠡᠯᠦᠨ ᠡᠬᠡ ᠶ᠋ᠢᠨ ᠬᠢᠨᠢ ᠦᠬᠦᠯ ᠭᠠᠭᠴᠠᠬᠠᠨ ᠬᠠᠰᠠᠷ ᠲᠤ ᠯᠠ ᠬᠠᠮᠢᠶ᠎ᠠ ᠲᠠᠢ ᠮᠡᠲᠦ ᠲᠡᠷᠢᠭᠦᠨ ᠳ᠋ᠦ᠍ ᠰᠠᠨᠠᠭᠳᠠᠨ᠎ᠠ᠃ ᠬᠠᠴᠢᠭᠤᠨ ᠳᠡᠭᠦᠦ ᠨᠢ ᠡᠪᠡᠳᠴᠢᠨ ᠦ᠌ ᠤᠴᠢᠷ ᠡᠷᠲᠡ ᠦᠬᠦᠵᠦ᠂ ᠲᠡᠮᠦᠭᠡ ᠲᠡᠮᠦᠯᠦᠨ ᠬᠣᠶᠠᠷ ᠨᠢᠯᠬ᠎ᠠ ᠪᠠᠯᠴᠢᠷ᠂ ᠳᠡᠭᠡᠷ᠎ᠡ ᠨᠢ ᠲᠡᠮᠦᠵᠢᠨ ᠠᠬ᠎ᠠ ᠨᠢ ᠡᠰᠡᠪᠡᠯ ᠣᠯᠵᠠᠯᠠᠭᠳᠠᠵᠤ᠂ ᠦᠭᠡᠢ ᠪᠣᠯ ᠳ᠋ᠠᠢ ᠰᠡᠴᠡᠨ ᠦ᠌ ᠳ᠋ᠦ᠍ ᠶᠦᠮ ᠤᠤ᠂ ᠲᠤᠭᠤᠷᠢᠯ ᠤ᠋ᠨ ᠳ᠋ᠤ᠌ ᠣᠴᠢᠵᠤ ᠰᠠᠭᠤᠭᠰᠠᠭᠠᠷ ᠭᠡᠷ ᠲᠡᠭᠡᠨ ᠪᠠᠢᠭᠰᠠᠨ ᠨᠢ ᠬᠠᠪᠤᠷ ᠲᠤᠯᠠ ᠴᠣᠬᠣᠮ ᠳ᠋ᠠᠭᠠᠨ ᠬᠠᠰᠠᠷ ᠯᠠ ᠥᠭᠡᠯᠦᠨ ᠡᠬᠡ ᠶ᠋ᠢᠨ ᠢ᠋ᠶ᠋ᠡᠨ ᠭᠠᠭᠴᠠ ᠢᠲᠡᠭᠡᠯ᠂ ᠵᠣᠪᠠᠯᠠᠩᠲᠤ ᠠᠮᠢᠳᠤᠷᠠᠯ ᠳ᠋ᠤᠨᠢ ᠲᠦᠰᠢᠭ ᠲᠤᠯᠭᠠᠭᠤᠷᠢ ᠪᠣᠯᠵᠤ ᠶᠠᠪᠤᠭᠰᠠᠨ ᠤ᠋ ᠤᠴᠢᠷ ᠬᠠᠮᠤᠭ ᠤ᠋ᠨ ᠶᠡᠬᠡ ᠪᠡᠷ ᠳᠣᠲᠣᠨᠣᠰᠤᠨ ᠬᠠᠢᠷᠠᠯᠠᠭᠰᠠᠨ ᠬᠦᠦ ᠨᠢ ᠪᠢᠯᠡ᠃ ᠪᠤᠰᠤᠳ ᠬᠡᠨ ᠲᠡᠢ ᠴᠤ᠌ ᠪᠣᠯᠪᠠ ᠭᠡᠷᠡᠯᠲᠦᠨ ᠤᠷᠠᠯᠴᠠᠬᠤ ᠳ᠋ᠤ᠌ ᠪᠡᠯᠡᠨ ᠪᠠᠢᠳᠠᠭ ᠬᠠᠰᠠᠷ ᠡᠬᠡ ᠶ᠋ᠢ ᠪᠡᠨ ᠦᠵᠡᠵᠦ᠂ ᠦᠭᠡ ᠶ᠋ᠢ ᠨᠢ ᠰᠣᠨᠣᠰᠤᠮᠠᠭᠴᠠ ᠬᠠᠢᠯᠤᠭᠰᠠᠨ ᠲᠤᠭᠤᠯᠭ᠎ᠠ ᠰᠢᠭ᠋ ᠪᠣᠯᠵᠤ᠂ ᠡᠬᠡ ᠶ᠋ᠢᠨ ᠢ᠋ᠶ᠋ᠡᠨ ᠦᠭᠡᠨ ᠡᠴᠡ ᠵᠥᠷᠢᠵᠦ ᠭᠠᠵᠢᠬᠤ ᠶ᠋ᠢ ᠮᠡᠳᠡᠳᠡᠭ ᠦᠭᠡᠢ ᠪᠠᠢᠯ᠎ᠠ᠃ ᠬᠠᠰᠠᠷ ᠰᠢᠭ᠋ ᠡᠢᠮᠦ ᠲᠦᠷᠭᠡᠨ ᠳᠣᠭᠰᠢᠨ ᠠᠭᠠᠰᠢ ᠲᠠᠢ ᠬᠥᠮᠦᠨ ᠡᠴᠡ ᠭᠠᠷᠤᠮᠠᠷ ᠦᠭᠡᠢ ᠤᠶᠠᠬᠠᠨ ᠵᠥᠭᠡᠯᠡᠨ ᠵᠠᠩ ᠢ᠋ ᠡᠬᠡ ᠳ᠋ᠡᠭᠡᠨ ᠭᠠᠷᠭᠠᠳᠠᠭ ᠲᠤᠨᠢ ᠬᠠᠷᠠᠭᠰᠠᠨ ᠦᠵᠡᠭᠰᠡᠨ ᠬᠥᠮᠦᠨ ᠪᠦᠦ ᠬᠡᠯᠡ ᠥᠭᠡᠯᠦᠨ ᠴᠦ᠍ ᠥᠪᠡᠷ ᠢ᠋ᠶ᠋ᠡᠨ ᠭᠠᠢᠬᠠᠰᠢᠷᠠᠨ ᠤᠶᠠᠷᠠᠬᠤ ᠨᠢ ᠣᠯᠠᠨ᠃ 
       ᠲᠡᠷᠲᠡᠭᠡ ᠵᠤᠨ ᠭᠡᠨᠡᠳᠲᠡ ᠲᠩᠷᠢ ᠡᠴᠡ ᠤᠨᠠᠬᠤ ᠰᠢᠭ᠋ ᠬᠦᠷᠴᠦ ᠢᠷᠡᠭᠰᠡᠨ ᠮᠡᠷᠭᠢᠳ ᠦ᠋ᠨ ᠶᠡᠬᠡ ᠴᠢᠯᠡᠳᠦ ᠡᠴᠡ ᠥᠭᠡᠯᠦᠨ ᠡᠬᠡ ᠶ᠋ᠢ ᠪᠡᠨ ᠠᠪᠤᠷᠠᠨ ᠠᠪᠴᠤ ᠴᠢᠳᠠᠭᠰᠠᠨ ᠨᠢ ᠴᠣᠬᠣᠮ ᠲᠩᠷᠢ ᠶ᠋ᠢᠨ ᠵᠠᠷᠯᠢᠭ ᠪᠠᠢᠭᠰᠠᠨ ᠪᠥᠭᠡᠳ ᠲᠡᠭᠦᠨ ᠡᠴᠡ ᠬᠣᠢᠰᠢ ᠡᠬᠡ ᠶ᠋ᠢ ᠪᠡᠨ ᠬᠠᠢᠷᠠᠯᠠᠬᠤ᠂ ᠬᠠᠮᠠᠭᠠᠯᠠᠬᠤ ᠬᠥᠮᠦᠨ ᠨᠢ ᠭᠠᠭᠴᠠᠬᠠᠨ ᠥᠪᠡᠷ ᠢ᠋ᠶ᠋ᠡᠨ ᠭᠡᠳᠡᠭ ᠲᠦ᠍ ᠬᠠᠰᠠᠷ ᠪᠠᠲᠤ ᠢᠲᠡᠭᠡᠭᠰᠡᠨ ᠶᠦᠮ᠃ ᠡᠨᠡ ᠢᠲᠡᠭᠡᠯ ᠬᠠᠰᠠᠷ ᠤ᠋ᠨ ᠠᠮᠢᠳᠤᠷᠠᠯ ᠤ᠋ᠨ ᠬᠢᠨᠢ ᠦᠵᠡᠯ᠂ ᠦᠭᠡ ᠦᠢᠯᠡᠳᠦᠯ ᠦ᠋ᠨ ᠬᠢᠨᠢ ᠭᠣᠣᠯ ᠰᠠᠭᠤᠷᠢ ᠪᠣᠯᠵᠠᠢ᠃ ᠶᠠᠭᠤᠬᠠᠨ ᠳᠡᠭᠡᠷ᠎ᠡ ᠴᠦ᠍ ᠪᠣᠯᠪᠠ ᠲᠡᠷᠡ ᠶᠠᠭᠤᠨ ᠤ᠋ ᠡᠮᠦᠨ᠎ᠡ《ᠡᠵᠢ ᠶᠠᠭᠤ ᠭᠡᠬᠦ ᠪᠣᠯ᠂ ᠡᠵᠢ ᠶᠠᠭᠠᠬᠢᠬᠤ ᠪᠣᠯ》 ᠭᠡᠵᠦ ᠪᠣᠳᠣᠵᠤ ᠰᠤᠷᠴᠠᠢ᠃ ᠲᠡᠢᠨ ᠡᠴᠡ ᠢᠷᠡᠬᠦ ᠳ᠋ᠡᠭᠡᠨ ᠲᠡᠷᠡ ᠭᠡᠷ ᠲᠦ᠍ ᠪᠢᠰᠢ᠂ ᠡᠬᠡ ᠶ᠋ᠢᠨ ᠳ᠋ᠡᠭᠡᠨ ᠯᠡ ᠲᠦᠷᠦᠭᠦᠯᠡᠵᠦ ᠣᠴᠢᠨ᠎ᠠ᠃ ᠥᠭᠡᠯᠦᠨ ᠴᠦ᠍ ᠬᠠᠰᠠᠷ ᠬᠥᠪᠡᠭᠦᠨ ᠢ᠋ᠶ᠋ᠡᠨ ᠢᠷᠡᠨ᠎ᠡ ᠭᠡᠵᠦ ᠬᠦᠯᠢᠶᠡᠵᠦ ᠰᠠᠭᠤᠬᠤ ᠪᠥᠯᠥᠭᠡ᠃ ᠡᠵᠢ ᠲᠡᠢ ᠪᠡᠨ ᠬᠠᠮᠤᠭ ᠤ᠋ᠨ ᠣᠯᠠᠨ ᠵᠢᠯ ᠬᠠᠮᠲᠤ ᠠᠮᠢᠳᠤᠷᠠᠭᠰᠠᠨ᠂ ᠪᠠᠰᠠ ᠡᠵᠢ ᠶ᠋ᠢᠨ ᠢ᠋ᠶ᠋ᠡᠨ ᠰᠡᠳᠬᠢᠯ ᠦ᠋ᠨ ᠨᠠᠨᠳᠢᠨ ᠨᠢᠭᠤᠴᠠ ᠶ᠋ᠢ ᠪᠤᠰᠤᠳ ᠠ᠋ᠴᠠ ᠢᠯᠡᠭᠦᠦ ᠮᠡᠳᠡᠳᠡᠭ᠂ ᠲᠡᠭᠦᠨ ᠦ᠌ ᠬᠤᠪᠢ ᠳ᠋ᠤ᠌ ᠡᠵᠢ ᠶ᠋ᠢ ᠪᠡᠨ ᠥᠮᠥᠭᠯᠡᠨ ᠬᠠᠢᠷᠠᠯᠠᠬᠤ ᠠ᠋ᠴᠠ ᠥᠭᠡᠷ᠎ᠡ ᠡᠷᠬᠢᠮ ᠵᠣᠷᠢᠯᠭ᠎ᠠ ᠦᠭᠡᠢ ᠶᠦᠮ᠃ ᠥᠭᠡᠯᠦᠨ ᠡᠬᠡ ᠶ᠋ᠢ ᠪᠡᠨ ᠥᠰᠲᠦ ᠮᠡᠷᠭᠢᠳ ᠦ᠋ᠨ ᠶᠡᠬᠡ ᠴᠢᠯᠡᠳᠦ ᠭᠡᠭᠴᠢ ᠳ᠋ᠦ᠍ ᠳᠠᠬᠢᠨ ᠠᠪᠲᠠᠬᠤ ᠠᠶᠤᠯ ᠠ᠋ᠴᠠ ᠬᠠᠮᠠᠭᠠᠯᠠᠨ ᠠᠪᠴᠤ ᠴᠢᠳᠠᠭᠰᠠᠨ ᠢ᠋ ᠪᠡᠨ ᠬᠠᠰᠠᠷ ᠬᠠᠮᠤᠭ ᠤ᠋ᠨ ᠶᠡᠬᠡ ᠪᠡᠷ ᠪᠠᠬᠠᠷᠬᠠᠨ᠎ᠠ᠃  
       ᠪᠢᠷ᠎ᠠ ᠴᠢᠳᠠᠯ ᠲᠠᠢ᠂ ᠪᠠᠢᠯᠳᠤᠬᠤ ᠡᠷᠳᠡᠮ ᠢ᠋ ᠪᠤᠰᠤᠳ ᠠ᠋ᠴᠠ ᠢᠯᠡᠭᠦᠦ ᠲᠡᠭᠦᠰ ᠡᠵᠡᠮᠰᠢᠭᠰᠡᠨ ᠨᠢ ᠬᠠᠰᠠᠷ ᠢ᠋ ᠡᠳᠦᠷ ᠡᠴᠡ ᠡᠳᠦᠷ ᠲᠦ᠍ ᠪᠠᠷᠳᠠᠮ ᠳᠡᠭᠡᠷᠡᠩᠭᠦᠢ᠂ ᠣᠮᠣᠭ ᠲᠠᠢ ᠬᠤᠷᠴᠠ ᠪᠣᠯᠭᠠᠵᠤ ᠪᠠᠢᠭᠰᠠᠨ ᠢ᠋ ᠲᠡᠷᠡ ᠠᠩᠵᠠᠭᠠᠷᠠᠭᠰᠠᠨ ᠦᠭᠡᠢ᠃ ᠪᠦᠬᠦᠨ ᠢ᠋ ᠡᠷ᠎ᠡ ᠴᠢᠳᠠᠯ᠂ ᠣᠮᠣᠭ ᠵᠣᠷᠢᠭ ᠢ᠋ᠶ᠋ᠠᠷ ᠳᠡᠢᠯᠬᠦ ᠶᠦᠮ ᠰᠢᠭ ᠰᠠᠨᠠᠵᠤ᠂ ᠳᠡᠢᠯᠬᠦ ᠦᠭᠡᠢ ᠬᠦᠴᠦᠲᠡᠨ ᠦᠭᠡᠢ ᠮᠡᠲᠦ ᠰᠡᠳᠬᠢᠨ᠎ᠡ᠃ ᠪᠥᠷᠲᠡ ᠶ᠋ᠢ ᠪᠤᠴᠠᠭᠠᠵᠤ ᠪᠤᠯᠢᠶᠠᠨ ᠠᠪᠬᠤ ᠦᠶ᠎ᠡ ᠳ᠋ᠦ᠍ ᠮᠡᠷᠭᠢᠳ ᠦ᠋ᠨ ᠴᠢᠯᠭᠡᠷ ᠪᠥᠬᠡ ᠶ᠋ᠢᠨ ᠰᠡᠯᠡᠮᠡᠨ ᠳ᠋ᠦ᠍ ᠦᠬᠦᠬᠦ ᠠᠶᠤᠯ ᠠ᠋ᠴᠠ ᠲᠡᠮᠦᠵᠢᠨ ᠢ᠋ ᠠᠪᠤᠷᠠᠭᠰᠠᠨ ᠨᠢ ᠲᠡᠭᠦᠨ ᠢ᠋ ᠪᠦᠷ ᠴᠦ᠍ ᠭᠠᠭᠠᠷᠠᠭᠤᠯᠤᠭᠰᠠᠨ ᠪᠢᠯᠡ᠃ ᠡᠨᠡ ᠬᠡᠷᠡᠭ ᠶᠠᠪᠤᠳᠠᠯ ᠠ᠋ᠴᠠ ᠬᠣᠢᠰᠢ ᠬᠡᠰᠡᠭ ᠬᠤᠭᠤᠴᠠᠭᠠᠨ ᠳ᠋ᠤ᠌ ᠲᠡᠮᠦᠵᠢᠨ ᠬᠠᠰᠠᠷ ᠲᠤ ᠶᠡᠬᠡ ᠤᠷᠢᠨ ᠵᠥᠭᠡᠯᠡᠨ ᠠᠶᠠᠰ ᠢ᠋ᠶ᠋ᠠᠷ ᠨᠢ ᠳᠤᠭᠤᠯᠭᠠᠪᠤᠷᠢᠲᠠᠢ ᠬᠠᠨᠳᠤᠳᠠᠭ ᠪᠣᠯᠪᠠ᠃ ᠡᠨᠡ ᠶᠠᠪᠤᠳᠠᠯ ᠠ᠋ᠴᠠ ᠡᠭᠦᠳᠦᠨ ᠬᠠᠰᠠᠷ ᠭᠡᠷ ᠦ᠋ᠨ ᠳᠣᠲᠣᠷ᠎ᠠ ᠲᠡᠮᠦᠵᠢᠨ ᠦ᠌ ᠤᠳᠠᠭᠠᠬᠢ ᠡᠷᠬᠡ ᠲᠡᠢ᠂ ᠵᠠᠷᠢᠮ ᠦᠶ᠎ᠡ ᠳ᠋ᠦ᠍ ᠲᠡᠭᠦᠨ ᠡᠴᠡ ᠴᠦ᠍ ᠢᠯᠡᠭᠦᠦ ᠡᠷᠬᠡ ᠮᠠᠲᠠᠯ ᠲᠠᠢ ᠶᠤᠮ ᠰᠢᠭ᠋ ᠪᠣᠯᠵᠠᠢ᠃ ᠪᠤᠭᠤᠷᠴᠢ ᠵᠡᠯᠮ᠎ᠡ ᠬᠣᠶᠠᠷ ᠴᠤ᠌ ᠬᠠᠰᠠᠷ ᠲᠠᠢ ᠮᠠᠷᠭᠤᠯᠳᠤᠵᠤ ᠰᠦᠷᠳᠡᠭᠦᠯᠬᠦ ᠡᠴᠡ ᠢᠯᠡᠳᠲᠡ ᠵᠠᠢᠯᠠᠰᠬᠢᠨ᠎ᠡ᠃ ᠡᠷᠭᠢᠨ ᠲᠣᠭᠣᠷᠢᠨ ᠤ᠋ ᠬᠦᠨᠳᠦᠯᠡᠯ ᠬᠠᠰᠠᠷ ᠲᠤ ᠲᠤᠢᠯ ᠤ᠋ᠨ ᠠᠮᠲᠠᠲᠠᠢ ᠪᠠᠢᠪᠠ᠃ ᠭᠡᠪᠡᠴᠦ ᠬᠠᠰᠷ ᠤ᠋ᠨ ᠠᠵᠠ ᠵᠢᠷᠭᠠᠯ ᠲᠤᠩ ᠴᠤ᠌ ᠪᠣᠭᠣᠨᠢ ᠨᠠᠰᠤᠲᠠᠢ ᠪᠠᠢᠯ᠎ᠠ᠃ ᠬᠠᠰᠠᠷ ᠪᠢᠷ᠎ᠠ ᠴᠢᠳᠠᠯ᠂ ᠪᠠᠢᠯᠳᠤᠬᠤ ᠡᠷᠳᠡᠮ ᠢ᠋ᠶ᠋ᠡᠷ ᠥᠪᠡᠷ ᠡᠴᠡ ᠨᠢ ᠢᠯᠡᠳᠲᠡ ᠳᠠᠪᠠᠭᠤ ᠭᠡᠳᠡᠭ ᠢ᠋ ᠲᠡᠮᠦᠵᠢᠨ ᠠᠷᠭ᠎ᠠ ᠦᠭᠡᠢ ᠬᠦᠯᠢᠶᠡᠨ ᠵᠥᠪᠰᠢᠶᠡᠷᠡᠭᠰᠡᠨ᠂ ᠲᠦᠷ ᠵᠠᠭᠤᠷ᠎ᠠ ᠪᠠᠭᠤᠯᠲᠠ ᠬᠢᠭᠰᠡᠨ ᠦᠶ᠎ᠡ ᠪᠠᠢᠭᠰᠠᠨ ᠢ᠋ ᠬᠠᠰᠠᠷ ᠲᠡᠭᠡᠬᠦ ᠳ᠋ᠦ᠍ ᠲᠣᠳᠣᠷᠬᠠᠢ ᠣᠢᠯᠠᠭᠠᠵᠤ ᠮᠡᠳᠡᠭᠡ ᠦᠭᠡᠢ ᠪᠢᠯᠡ᠃ ᠴᠠᠭ ᠤ᠋ᠨ ᠡᠷᠬᠡ ᠪᠡᠷ᠂ ᠬᠠᠰᠠᠷ ᠤ᠋ᠨ ᠬᠦᠴᠦ ᠶ᠋ᠢ ᠪᠦᠷᠢᠨ ᠠᠰᠢᠭᠯᠠᠵᠤ᠂ ᠪᠠᠰᠠ ᠲᠡᠭᠦᠨ ᠢ᠋ ᠪᠠᠭ᠎ᠠ ᠪᠣᠯᠪᠠᠴᠤ ᠤᠷᠮᠠᠰᠢᠭᠤᠯᠬᠤ ᠭᠡᠰᠡᠨ ᠪᠣᠳᠣᠯ ᠤ᠋ᠨ ᠡᠭᠦᠳᠡᠨ ᠡᠴᠡ ᠲᠡᠮᠦᠵᠢᠨ ᠵᠤᠯᠠᠢ ᠳᠠᠷᠤᠨ ᠲᠥᠷᠥᠭᠰᠡᠨ ᠥᠷᠢᠰᠦᠯᠳᠦᠭᠴᠢ ᠳ᠋ᠡᠭᠡᠨ ᠪᠢᠴᠢᠬᠠᠨ ᠵᠠᠢ ᠲᠠᠯᠪᠢᠵᠤ ᠥᠭᠭᠦᠭᠰᠡᠨ ᠬᠡᠷᠡᠭ ᠪᠠᠢᠪᠠ᠃ ᠬᠠᠷᠢᠨ ᠶᠠᠪᠤᠭᠠᠨ ᠳ᠋ᠠᠭᠠᠨ ᠶᠠᠮᠠᠷ ᠴᠣᠬᠢᠯᠲᠠ ᠬᠦᠯᠢᠶᠡᠵᠦ ᠪᠠᠢᠭᠰᠠᠨ ᠢ᠋ ᠬᠠᠰᠠᠷ ᠮᠡᠳᠡᠭᠰᠡᠨ ᠦᠭᠡᠢ᠃ 
       ᠲᠡᠮᠦᠵᠢᠨ ᠢ᠋ ᠬᠣᠷᠢᠨ ᠨᠠᠰᠤᠲᠠᠢ ᠳ᠋ᠤ᠌ ᠪᠣᠷᠵᠢᠭᠢᠨ ᠠᠢᠮᠠᠭ ᠤ᠋ᠨ ᠬᠠᠨ ᠳ᠋ᠤ᠌ ᠡᠷᠭᠦᠮᠵᠢᠯᠡᠪᠡ᠃ ᠠᠯᠲᠠᠨ ᠤᠷᠤᠭ ᠤ᠋ᠨ ᠦᠶ᠎ᠡ ᠵᠠᠯᠭᠠᠮᠵᠢᠯᠠᠬᠤ ᠡᠷᠬᠡᠲᠡᠢ ᠶ᠋ᠢᠨ ᠬᠤᠪᠢ ᠳ᠋ᠤ᠌ ᠲᠡᠮᠦᠵᠢᠨ ᠬᠠᠰᠠᠷ ᠬᠣᠶᠠᠭᠤᠯᠠ ᠪᠠᠨ ᠡᠨᠡ ᠲᠤᠬᠠᠢ ᠶᠠᠷᠢᠯᠴᠠᠭᠰᠠᠨ ᠪᠢᠯᠡ᠃ ᠬᠠᠷᠠᠴᠤ ᠪᠣᠭᠣᠯ ᠭᠠᠷᠤᠯᠲᠠᠢ ᠵᠠᠯᠮ᠎ᠠ ᠪᠣᠯᠤᠭᠠᠳ ᠪᠤᠭᠤᠷᠴᠢ ᠨᠠᠷ ᠲᠡᠳᠡᠨ ᠦ᠌ ᠶᠠᠭᠤ ᠶᠠᠷᠢᠭᠰᠠᠨ ᠢ᠋ ᠮᠡᠳᠡᠭᠰᠡᠨ ᠦᠭᠡᠢ᠃ ᠶᠢᠰᠦᠭᠡᠢ ᠶ᠋ᠢᠨ ᠴᠢᠰᠤᠨ ᠳ᠋ᠤ᠌ ᠲᠥᠷᠥᠭᠰᠡᠨ ᠠᠬᠠᠮᠠᠳ ᠬᠥᠪᠡᠭᠦᠨ ᠦ᠌ ᠶᠣᠰᠣᠭᠠᠷ ᠲᠡᠮᠦᠵᠢᠨ ᠪᠣᠷᠵᠢᠭᠢᠨ ᠠᠢᠮᠠᠭ ᠤ᠋ᠨ ᠬᠠᠨ ᠪᠣᠯᠬᠤ ᠶᠣᠰᠣᠲᠠᠢ ᠭᠡᠵᠦ ᠬᠠᠰᠠᠷ ᠬᠠᠲᠠᠭᠤ ᠱᠠᠭᠠᠷᠳᠠᠪᠠ᠃ ᠬᠠᠷᠢᠨ ᠡᠭᠦᠨ ᠢ᠋ ᠨᠢ ᠲᠡᠮᠦᠵᠢᠨ ᠡᠷᠡᠰ ᠡᠰᠡᠷᠭᠦᠴᠡᠭᠰᠡᠨ ᠳ᠋ᠦ᠍ ᠬᠠᠰᠠᠷ ᠭᠠᠢᠬᠠᠭᠠᠳ ᠪᠦᠷ ᠤᠬᠠᠭᠠᠨ ᠢ᠋ ᠨᠢ ᠣᠯᠤᠭᠰᠠᠨ ᠦᠭᠡᠢ᠃ ᠨᠡᠭᠦᠨ ᠲᠠᠢᠵᠢ ᠶ᠋ᠢᠨ ᠬᠥᠪᠡᠭᠦᠨ ᠬᠤᠴᠢᠷ᠂ ᠬᠣᠲᠠᠯᠠ ᠬᠠᠨ ᠤ᠋ ᠬᠥᠪᠡᠭᠦᠨ ᠠᠯᠲᠠᠨ᠂ ᠡᠰᠡᠪᠡᠯ ᠪᠠᠷᠠᠳᠠᠨ ᠪᠠᠭᠠᠲᠤᠷ ᠤ᠋ᠨ ᠬᠥᠪᠡᠭᠦᠨ ᠰᠡᠴᠡ ᠪᠡᠬᠢ ᠲᠠᠢᠴᠤ ᠬᠣᠶᠠᠷ ᠤ᠋ᠨ ᠬᠡᠨ ᠨᠢᠭᠡ ᠶ᠋ᠢ ᠬᠠᠨ ᠪᠣᠯᠭᠠᠶ᠎ᠠ ᠭᠡᠵᠦ ᠲᠡᠮᠦᠵᠢᠨ ᠬᠡᠯᠡᠵᠡᠢ᠃ ᠬᠠᠰᠠᠷ ᠲᠡᠭᠡᠬᠦ ᠳ᠋ᠦ᠍ ᠠᠮᠢᠳᠤᠷᠠᠯ ᠳ᠋ᠠᠭᠠᠨ ᠠᠩᠬ᠎ᠠ ᠤᠳᠠᠭ᠎ᠠ ᠲᠡᠮᠦᠵᠢᠨ ᠢ᠋ ᠦᠵᠡᠨ ᠶᠠᠳᠠᠵᠤ ᠪᠢᠯᠡ᠃ ᠬᠡᠷᠪᠡ ᠲᠡᠮᠦᠵᠢᠨ ᠦ᠌ ᠣᠷᠣᠨ ᠳ᠋ᠤ᠌ ᠪᠠᠢᠭᠰᠠᠨ ᠪᠣᠯ ᠬᠠᠰᠠᠷ ᠡᠷᠡᠭᠡᠯᠵᠡᠬᠦ ᠵᠦᠢᠯ ᠦᠭᠡᠢ ᠪᠡᠷ ᠪᠣᠷᠵᠢᠭᠢᠨ ᠠᠢᠮᠠᠭ ᠤ᠋ᠨ ᠬᠠᠨ ᠪᠣᠯᠬᠤ ᠪᠠᠢᠯ᠎ᠠ᠃ ᠥᠪᠡᠷ ᠡᠴᠡ ᠨᠢ ᠠᠬᠠᠮᠠᠳ ᠨᠠᠰᠤᠲᠠᠢ᠂ ᠨᠡᠷ᠎ᠡ ᠬᠦᠨᠳᠦ ᠬᠥᠷᠥᠩᠭᠡ ᠵᠣᠭᠣᠷᠢ ᠶᠡᠬᠡᠲᠡᠢ᠂ ᠤᠭᠰᠠᠭ᠎ᠠ ᠵᠠᠯᠭᠠᠮᠵᠢᠯᠠᠭᠰᠠᠨ ᠡᠳᠡᠭᠡᠷ ᠬᠥᠮᠦᠰ ᠴᠣᠬᠣᠮ ᠶᠠᠮᠠᠷ ᠰᠢᠯᠲᠠᠭᠠᠨ ᠤ᠋ ᠤᠯᠠᠮ ᠠ᠋ᠴᠠ ᠪᠣᠷᠵᠢᠭᠢᠨ ᠠᠢᠮᠠᠭ ᠤ᠋ᠨ ᠬᠠᠨ ᠪᠣᠯᠬᠤ ᠠ᠋ᠴᠠ ᠴᠠᠭᠠᠷᠢᠭᠯᠠᠭᠰᠠᠭᠠᠷ ᠪᠠᠢᠭ᠎ᠠ ᠶ᠋ᠢᠨ ᠤᠴᠢᠷ ᠢ᠋ ᠲᠡᠮᠦᠵᠢᠨ ᠨᠠᠷᠢᠨ ᠲᠣᠳᠣᠷᠬᠠᠢ ᠮᠡᠳᠡᠭᠰᠡᠨ ᠦᠭᠡᠢ᠃ ᠬᠠᠷᠢᠨ ᠮᠡᠩᠯᠢᠭ ᠦ᠋ᠨ ᠬᠥᠪᠡᠭᠦᠨ ᠬᠥᠭᠡᠴᠦ ᠶ᠋ᠢᠨ ᠬᠡᠯᠡᠭᠰᠡᠨ ᠦᠭᠡ ᠶ᠋ᠢ᠂ ᠪᠠᠰᠠ ᠲᠩᠷᠢ ᠶ᠋ᠢᠨ ᠰᠠᠬᠢᠭᠤᠰᠤ ᠶ᠋ᠢ ᠬᠦᠷᠭᠡᠵᠦ ᠢᠷᠡᠭᠰᠡᠨ ᠢ᠋ ᠲᠡᠮᠦᠵᠢᠨ ᠮᠠᠷᠲᠠᠭᠰᠠᠨ ᠦᠭᠡᠢ᠃ ᠬᠥᠭᠡᠴᠦ ᠶ᠋ᠢᠨ ᠦᠭᠡ ᠬᠠᠨ ᠪᠣᠯᠬᠤ ᠳ᠋ᠤ᠌ ᠨᠡᠮᠡᠷᠢ ᠲᠡᠢ ᠴᠣᠷ ᠤ᠋ᠨ ᠭᠠᠭᠴᠠ ᠰᠢᠯᠲᠠᠭ ᠪᠠᠢᠭᠰᠠᠨ ᠲᠤᠯᠠ ᠲᠡᠮᠦᠵᠢᠨ ᠠᠶᠤᠵᠤ ᠪᠠᠢᠯ᠎ᠠ᠃ ᠡᠨᠡ ᠦᠶ᠎ᠡ ᠳ᠋ᠦ᠍ ᠬᠠᠰᠠᠷ ᠠᠩᠬ᠎ᠠ ᠤᠳᠠᠭ᠎ᠠ ᠶᠢᠰᠦᠭᠡᠢ ᠶ᠋ᠢᠨ ᠤᠤᠭᠠᠨ ᠬᠥᠪᠡᠭᠦᠨ ᠪᠣᠯᠵᠤ ᠳᠥᠷᠥᠭᠡ ᠦᠭᠡᠢ ᠳ᠋ᠡᠭᠡᠨ ᠬᠠᠷᠠᠮᠰᠠᠵᠠᠢ᠃ ᠲᠡᠮᠦᠵᠢᠨ ᠭᠠᠭᠴᠠ ᠳᠠᠪᠠᠭᠤ ᠲᠠᠯ᠎ᠠ ᠨᠢ ᠲᠡᠭᠦᠨ ᠡᠴᠡ ᠤᠷᠢᠲᠠᠵᠤ ᠲᠥᠷᠥᠭᠰᠡᠨ ᠶᠠᠪᠤᠳᠠᠯ ᠯᠠ ᠶᠤᠮ ᠪᠢᠵᠡ ᠭᠡᠵᠦ ᠲᠡᠷᠡ ᠵᠢᠲᠥᠭᠡᠷᠬᠡᠨ ᠪᠣᠳᠣᠭᠰᠠᠨ ᠪᠢᠯᠡ᠃ ᠭᠡᠪᠡᠴᠦ ᠬᠠᠰᠠᠷ ᠲᠤ ᠲᠡᠮᠦᠵᠢᠨ ᠦ᠌ ᠦᠭᠡ ᠶ᠋ᠢ ᠳᠠᠭᠠᠬᠤ ᠠ᠋ᠴᠠ ᠥᠭᠡᠷ᠎ᠡ ᠠᠷᠭ᠎ᠠ ᠦᠯᠡᠳᠡᠭᠰᠡᠨ ᠦᠭᠡᠢ᠃ ᠬᠠᠷᠢᠨ ᠪᠦᠬᠦ ᠶᠠᠭᠤᠮ᠎ᠠ ᠬᠠᠰᠠᠷ ᠤ᠋ᠨ ᠬᠦᠰᠡᠭᠰᠡᠨ ᠢ᠋ᠶ᠋ᠡᠷ ᠪᠣᠯᠵᠤ ᠥᠨᠥᠬᠢ ᠠᠯᠲᠠᠨ᠂ ᠬᠤᠴᠢᠷ᠂ ᠰᠡᠴᠡ ᠪᠡᠬᠢ᠂ ᠲᠠᠢᠴᠤ ᠨᠠᠷ ᠤ᠋ᠨ ᠬᠡᠨ ᠨᠢ ᠴᠦ᠍ ᠬᠠᠨ ᠪᠣᠯᠬᠤ ᠶ᠋ᠢ ᠬᠦᠰᠡᠭᠰᠡᠨ ᠦᠭᠡᠢ ᠨᠢ ᠪᠦᠷ ᠬᠠᠴᠢᠷᠬᠠᠯᠲᠠᠢ ᠶᠠᠪᠤᠳᠠᠯ ᠪᠣᠯᠪᠠ᠃ ᠲᠠᠷᠠᠵᠤ ᠪᠤᠲᠠᠷᠠᠭᠰᠠᠨ᠂ ᠨᠢᠭᠡᠳᠦᠭᠰᠡᠨ ᠬᠦᠴᠦ ᠥᠬᠡᠢ᠂ ᠡᠩ ᠲᠡᠩᠴᠡᠭᠦᠦ ᠣᠯᠠᠨ ᠣᠪᠣᠭ᠂ ᠡᠵᠡᠨ ᠲᠡᠢ ᠪᠣᠷᠵᠢᠭᠢᠨ ᠠᠢᠮᠠᠭ ᠢ᠋ ᠨᠢᠭᠡᠳᠬᠡᠨ ᠬᠠᠨ ᠰᠠᠭᠤᠬᠤ ᠭᠡᠳᠡᠭ ᠦᠨᠡᠨ ᠳ᠋ᠠᠭᠡᠨ ᠬᠦᠰᠡᠬᠦ ᠶᠠᠭᠤᠮ᠎ᠠ ᠪᠢᠰᠢ᠂ ᠬᠦᠵᠦᠭᠦᠦ ᠲᠣᠯᠣᠭᠠᠢ ᠰᠠᠯᠭᠠᠬᠤ ᠬᠡᠷᠡᠭ ᠭᠡᠳᠡᠭ ᠢ᠋ ᠬᠠᠰᠠᠷ ᠣᠢᠯᠠᠭᠠᠵᠤ ᠴᠢᠳᠠᠬᠤ ᠦᠭᠡᠢ ᠪᠠᠢᠪᠠ᠃ ᠬᠠᠷᠢᠨ ᠡᠷᠬᠡ ᠮᠠᠲᠠᠯ ᠤ᠋ᠨ ᠲᠥᠯᠥᠭᠡ ᠣᠯᠠᠨ ᠵᠢᠯ ᠯᠡ ᠳᠠᠯᠳᠠ ᠥᠷᠢᠰᠦᠯᠳᠦᠵᠦ ᠳᠣᠯᠣᠭ᠎ᠠ ᠰᠢᠷᠬᠠᠳᠤᠭᠰᠠᠨ ᠴᠢᠨᠣ᠎ᠠ ᠰᠢᠭ᠋ ᠬᠠᠰᠢᠷᠠᠭᠰᠠᠨ ᠲᠡᠳᠡ ᠶᠢᠰᠦᠭᠡᠢ ᠶ᠋ᠢᠨ ᠵᠠᠯᠠᠭᠤ ᠬᠥᠪᠡᠭᠦᠨ ᠢ᠋ ᠴᠢᠰᠤᠲᠤ ᠲᠡᠮᠡᠴᠡᠯ ᠦ᠋ᠨ ᠵᠣᠯᠢᠶᠠᠰᠤ ᠪᠣᠯᠭᠠᠨ ᠬᠠᠶᠠᠵᠤ ᠥᠭᠬᠦ ᠪᠡᠷ ᠰᠢᠢᠳᠦᠭᠰᠡᠨ ᠢ᠋ ᠬᠠᠰᠠᠷ ᠴᠤ᠌᠂ ᠲᠡᠮᠦᠵᠢᠨ ᠴᠦ᠍ ᠮᠡᠳᠡᠭᠰᠡᠨ ᠦᠭᠡᠢ᠃ ᠪᠣᠷᠵᠢᠭᠢᠨ ᠠᠢᠮᠠᠭ ᠤ᠋ᠨ ᠬᠠᠨ ᠪᠣᠯᠭᠠᠶ᠎ᠠ ᠭᠡᠰᠡᠨ ᠲᠡᠳᠡᠨ ᠦ᠌ ᠰᠠᠨᠠᠯ ᠢ᠋ ᠲᠡᠮᠦᠵᠢᠨ ᠡᠴᠦᠰ ᠲᠡᠭᠡᠨ ᠵᠥᠪᠰᠢᠶᠡᠷᠡᠭᠰᠡᠨ ᠨᠢ ᠬᠠᠰᠠᠷ ᠢ᠋ ᠭᠠᠢᠬᠠᠭᠤᠯᠤᠭᠰᠠᠨ ᠦᠭᠡᠢ᠂ ᠬᠠᠷᠢᠨ ᠴᠤ᠌ ᠪᠠᠶᠠᠷᠯᠠᠭᠤᠯᠤᠭᠰᠠᠨ ᠨᠢ ᠲᠣᠢᠮᠣ ᠦᠭᠡᠢ᠃ ᠬᠠᠰᠠᠷ ᠭᠠᠭᠴᠠᠬᠠᠨ ᠡᠭᠦᠨ ᠢ᠋ ᠯᠡ ᠬᠦᠰᠡᠵᠦ ᠪᠠᠢᠭᠰᠠᠨ ᠪᠢᠯᠡ᠃ ᠬᠠᠭᠠᠰ ᠳᠤᠲᠠᠭᠤ ᠴᠤ᠌ ᠭᠡᠯ᠎ᠡ ᠴᠤᠭᠯᠠᠷᠠᠭᠰᠠᠨ ᠪᠣᠷᠵᠢᠭᠢᠨ ᠠᠢᠮᠠᠭ ᠤ᠋ᠨ ᠬᠠᠨ ᠳ᠋ᠤ᠌ ᠲᠡᠮᠦᠵᠢᠨ ᠡᠷᠭᠦᠮᠵᠢᠯᠡᠭᠳᠡᠭᠰᠡᠨ ᠳ᠋ᠦ᠍ ᠬᠠᠰᠠᠷ ᠥᠪᠡᠷ ᠢ᠋ᠶ᠋ᠡᠨ ᠯᠡ ᠬᠠᠨ ᠪᠣᠯᠤᠭᠰᠠᠨ ᠮᠡᠲᠦ ᠦᠨᠡᠨ ᠰᠡᠳᠬᠢᠯ ᠡᠴᠡ ᠪᠡᠨ ᠬᠥᠭᠡᠷᠦᠨ ᠳᠣᠭᠳᠣᠯᠤᠭᠰᠠᠨ ᠪᠢᠯᠡ᠃ ᠪᠦᠷ ᠨᠢᠳᠦᠨ ᠦ᠌ ᠬᠢᠨᠢ ᠨᠢᠯᠪᠤᠰᠤ ᠴᠡᠢᠯᠭᠡᠨᠡᠵᠦ ᠵᠢᠷᠦᠬᠡ ᠨᠢ ᠪᠡᠷᠬᠡ ᠴᠢᠩᠭ᠎ᠠ ᠪᠠᠷ ᠴᠣᠬᠢᠯᠠᠵᠤ ᠵᠣᠭᠰᠣᠵᠠᠢ᠃ ᠲᠡᠮᠦᠵᠢᠨ ᠢᠩᠭᠢᠵᠦ ᠪᠣᠷᠵᠢᠭᠢᠨ ᠠᠢᠮᠠᠭ ᠤ᠋ᠨ ᠬᠠᠨ ᠳ᠋ᠤ᠌ ᠡᠷᠭᠦᠮᠵᠢᠯᠡᠭᠳᠡᠭᠰᠡᠨ ᠨᠢ ᠬᠠᠰᠠᠷ ᠤ᠋ᠨ ᠲᠡᠭᠡᠭᠡᠵᠦ ᠶᠠᠪᠤᠭᠰᠠᠨ ᠬᠣᠯᠠ ᠶ᠋ᠢᠨ ᠶᠡᠬᠡ ᠮᠥᠷᠥᠭᠡᠳᠦᠯ ᠦ᠋ᠨ ᠪᠡᠶᠡᠯᠡᠬᠦ ᠡᠬᠢᠯᠡᠯ ᠮᠡᠲᠦ ᠲᠡᠭᠦᠨ ᠳ᠋ᠦ᠍ ᠰᠠᠨᠠᠭᠳᠠᠵᠠᠢ᠃ ᠭᠡᠪᠡᠴᠦ ᠲᠡᠭᠦᠨ ᠦ᠌ ᠡᠨᠡ ᠬᠦᠰᠡᠯ ᠢ᠋ ᠣᠳᠣᠬᠠᠨ ᠳ᠋ᠠᠭᠠᠨ ᠬᠡᠨ ᠴᠦ᠍ ᠮᠡᠳᠡᠬᠦ ᠦᠭᠡᠢ ᠪᠠᠢᠯ᠎ᠠ᠃  
       ᠬᠠᠰᠠᠷ ᠤᠭ ᠠ᠋ᠴᠠ ᠬᠠᠴᠢᠨ ᠮᠥᠷᠥᠭᠡᠳᠥᠮᠡᠲᠡᠭᠡᠢ ᠬᠥᠭᠡᠷᠦᠦ ᠳᠡᠪᠡᠷᠡᠭᠦᠨ ᠬᠡᠦᠬᠡᠳ ᠪᠠᠢᠯ᠎ᠠ᠃ ᠬᠥᠭᠡᠷᠦᠦ ᠳᠡᠪᠡᠷᠡᠭᠦᠨ ᠵᠠᠩ ᠲᠠᠢ ᠶ᠋ᠢᠨ ᠢ᠋ᠶ᠋ᠡᠨ ᠬᠢᠷᠢ ᠪᠡᠷ ᠭᠤᠨᠢᠵᠤ ᠭᠤᠲᠤᠷᠠᠬᠤ ᠨᠢ ᠴᠤ᠌ ᠠᠮᠠᠷᠬᠠᠨ ᠶᠤᠮ᠃ ᠪᠣᠷᠵᠢᠭᠢᠨ ᠠᠢᠮᠠᠭ ᠤ᠋ᠨ ᠰᠢᠨ᠎ᠡ ᠬᠠᠨ ᠢ᠋ ᠡᠷᠭᠦᠮᠵᠢᠯᠡᠬᠦ ᠶᠣᠰᠣᠯᠠᠯ ᠤ᠋ᠨ ᠦᠶ᠎ᠡ ᠳ᠋ᠦ᠍ ᠲᠡᠮᠦᠵᠢᠨ ᠦ᠌ ᠬᠡᠯᠡᠭᠰᠡᠨ ᠦᠭᠡ ᠶ᠋ᠢ ᠰᠣᠨᠣᠰᠤᠭᠠᠳ ᠬᠠᠰᠠᠷ ᠲᠤ ᠴᠡᠯᠮᠡᠭ ᠲᠩᠷᠢ ᠳ᠋ᠦ᠍ ᠠᠶᠤᠩᠭ᠎ᠠ ᠨᠢᠷᠭᠡᠬᠦ ᠮᠡᠲᠦ ᠪᠣᠯᠵᠤ ᠨᠢᠭᠡ ᠬᠡᠰᠡᠭ ᠨᠢᠳᠦ ᠨᠢ ᠪᠦᠷᠦᠯᠵᠡᠨ ᠶᠠᠭᠤᠮ᠎ᠠ ᠬᠠᠷᠠᠬᠤ ᠦᠭᠡᠢ ᠪᠣᠯᠵᠠᠢ᠃《ᠠᠢᠮᠠᠭ ᠤ᠋ᠨ ᠳᠣᠲᠣᠷᠠᠬᠢ ᠬᠠᠮᠤᠭ ᠬᠡᠷᠡᠭ ᠢ᠋ ᠪᠦᠬᠦᠨ ᠡᠴᠡ ᠤᠷᠢᠳ ᠢᠷᠡᠵᠦ ᠨᠠᠳᠠ ᠲᠠᠢ ᠨᠥᠬᠥᠷᠯᠡᠭᠰᠡᠨ ᠲᠤᠯᠠ ᠪᠣᠭᠣᠷᠴᠤ᠂ ᠵᠡᠯᠮ᠎ᠡ ᠬᠣᠶᠠᠷ ᠠᠬᠠᠯᠠᠨ᠎ᠠ》 ᠭᠡᠮᠡᠨ ᠲᠡᠮᠦᠵᠢᠨ ᠴᠤᠭᠯᠠᠷᠠᠭᠰᠠᠨ ᠶᠡᠬᠡᠰ᠂ ᠠᠬᠠᠮᠠᠳ ᠤ᠋ᠳ᠂ ᠪᠦᠷ ᠥᠭᠡᠯᠦᠨ ᠡᠬᠡ ᠶ᠋ᠢᠨ ᠬᠢᠨᠢ ᠨᠢᠭᠤᠷ ᠳᠡᠭᠡᠷ᠎ᠡ ᠢᠯᠡ ᠲᠣᠳᠣ ᠪᠠᠷ ᠵᠠᠷᠯᠠᠨ ᠲᠤᠩᠬᠠᠭᠯᠠᠭᠰᠠᠨ ᠨᠢ ᠶᠡᠷᠦ ᠡᠴᠡ ᠬᠠᠰᠠᠷ ᠢ᠋ ᠴᠢᠬᠤᠯᠠ ᠬᠥᠮᠦᠨ ᠭᠡᠵᠦ ᠦᠵᠡᠳᠡᠭ ᠦᠭᠡᠢ ᠶ᠋ᠢ ᠨᠤᠲᠠᠯᠠᠬᠤ ᠮᠡᠲᠦ ᠰᠠᠨᠠᠭᠳᠠᠵᠠᠢ᠃ ᠪᠣᠷᠵᠢᠭᠢᠨ ᠠᠢᠮᠠᠭ ᠤ᠋ᠨ ᠬᠠᠨ ᠳ᠋ᠤ᠌ ᠡᠷᠭᠦᠮᠵᠢᠯᠡᠭᠳᠡᠭᠡᠳ ᠲᠡᠮᠦᠵᠢᠨ ᠦ᠌ ᠪᠠᠭᠤᠯᠭᠠᠭᠰᠠᠨ ᠠᠩᠬᠠᠨ ᠤ᠋ ᠡᠨᠡ ᠵᠠᠷᠯᠢᠭ ᠭᠠᠭᠴᠠ ᠬᠠᠰᠠᠷ ᠢ᠋ ᠴᠤ᠌ ᠪᠢᠰᠢ᠂ ᠲᠡᠮᠦᠵᠢᠨ ᠢ᠋ ᠬᠠᠨ ᠳ᠋ᠤ᠌ ᠡᠷᠭᠦᠮᠵᠢᠯᠡᠭᠰᠡᠨ ᠦ᠌ ᠪᠡᠨ ᠱᠠᠩ ᠳ᠋ᠤ᠌ ᠡᠷᠬᠡ ᠶᠠᠮᠪᠠ ᠭᠣᠷᠢᠯᠠᠵᠤ ᠰᠠᠭᠤᠭᠰᠠᠨ ᠪᠦᠬᠦ ᠬᠥᠮᠦᠨ ᠢ᠋ ᠴᠣᠴᠢᠭᠠᠵᠠᠢ᠃ ᠪᠠᠰᠠ ᠡᠨᠡ ᠵᠠᠷᠯᠢᠭ ᠦᠨᠡᠨᠴᠢ ᠨᠥᠬᠥᠳ ᠢ᠋ᠶ᠋ᠡᠨ ᠬᠠᠷᠠᠴᠤ ᠶᠠᠳᠠᠭᠤ ᠭᠠᠷᠤᠯᠲᠠᠢ ᠪᠠᠢᠭᠰᠠᠨ ᠴᠤ᠌ ᠪᠦᠬᠦᠨ ᠡᠴᠡ ᠢᠯᠡᠭᠦᠦ ᠳ᠋ᠦ᠍ ᠦᠵᠡᠨ᠎ᠡ ᠭᠡᠰᠡᠨ ᠲᠡᠮᠦᠵᠢᠨ ᠦ᠌ ᠲᠤᠩᠬᠠᠭ ᠪᠠᠢᠪᠠ᠃ ᠲᠡᠮᠦᠵᠢᠨ ᠬᠠᠨ ᠳ᠋ᠤ᠌ ᠡᠷᠭᠦᠮᠵᠢᠯᠡᠭᠳᠡᠪᠡᠯ ᠪᠢ ᠬᠡᠨ ᠪᠣᠯᠬᠤ ᠪᠢᠯᠡ ᠭᠡᠵᠦ ᠬᠠᠰᠠᠷ ᠲᠣᠳᠣᠷᠬᠠᠢ ᠵᠦᠢᠯ ᠲᠥᠯᠥᠪᠯᠡᠵᠦ ᠪᠣᠳᠣᠭ᠎ᠠ ᠦᠭᠡᠢ ᠴᠦ᠍᠂ ᠭᠡᠷ ᠦ᠋ᠨ ᠳᠣᠲᠣᠷᠠᠬᠢ ᠵᠠᠷᠤᠴᠠ ᠶ᠋ᠢᠨ ᠬᠡᠮᠵᠢᠶᠡᠨ ᠳ᠋ᠦ᠍ ᠪᠠᠢᠪᠠᠯ ᠵᠣᠬᠢᠬᠤ ᠵᠠᠯᠮ᠎ᠠ ᠪᠣᠭᠣᠷᠴᠤ ᠬᠣᠶᠠᠷ ᠢ᠋ᠶ᠋ᠠᠷ ᠪᠦᠬᠦ ᠬᠡᠷᠡᠭ ᠢ᠋ ᠠᠬᠠᠯᠠᠭᠤᠯᠬᠤ ᠪᠠᠷ ᠰᠢᠢᠳᠦᠭᠰᠡᠨ ᠨᠢ ᠶᠠᠭᠠᠬᠢᠪᠠᠴᠤ ᠪᠠᠢᠵᠤ ᠪᠣᠯᠣᠰᠢ ᠦᠭᠡᠢ ᠬᠡᠷᠡᠭ ᠭᠡᠵᠦ ᠲᠡᠷᠡ ᠦᠵᠡᠵᠡᠢ᠃ ᠥᠭᠡᠯᠦᠨ ᠡᠬᠡ ᠨᠢ ᠴᠦ᠍ ᠡᠢᠮᠦ ᠪᠣᠳᠣᠯᠲᠠᠢ ᠪᠠᠢᠬᠤ ᠶ᠋ᠢ ᠲᠡᠷᠡ ᠣᠯᠵᠤ ᠬᠠᠷᠠᠪᠠ᠃ ᠡᠬᠡ ᠨᠢ ᠲᠡᠮᠦᠵᠢᠨ ᠦ᠌ ᠦᠭᠡᠨ ᠳ᠋ᠦ᠍ ᠭᠠᠢᠬᠠᠵᠤ ᠴᠣᠴᠢᠭᠰᠠᠨ᠂ ᠪᠠᠰᠠ ᠬᠠᠰᠠᠷ ᠢ᠋ ᠠᠷᠭᠠᠳᠠᠵᠤ ᠲᠠᠢᠳᠬᠤᠷᠠᠭᠤᠯᠤᠭᠰᠠᠨ ᠬᠠᠷᠠᠴᠠ ᠪᠠᠷ ᠰᠢᠷᠲᠡᠭᠰᠡᠭᠡᠷ ᠪᠠᠢᠭᠰᠠᠨ ᠳ᠋ᠤ᠌ ᠬᠠᠰᠠᠷ ᠬᠥᠳᠡᠯᠵᠦ᠂ ᠳᠤᠤᠭᠠᠷᠴᠤ ᠴᠢᠳᠠᠭᠰᠠᠨ ᠦᠭᠡᠢ᠃ ᠤᠭ ᠠ᠋ᠴᠠ ᠬᠥᠳᠡᠯᠬᠦ ᠭᠡᠳ ᠬᠠᠮᠢᠭ᠎ᠠ ᠣᠴᠢᠬᠤ᠂ ᠳᠤᠤᠭᠠᠷᠬᠤ ᠭᠡᠳ ᠶᠠᠭᠤ ᠬᠡᠯᠡᠬᠦ ᠪᠡᠨ ᠲᠡᠷᠡ ᠦᠨᠡᠨ ᠳ᠋ᠡᠭᠡᠨ ᠮᠡᠳᠡᠬᠦ ᠦᠭᠡᠢ ᠪᠠᠢᠯ᠎ᠠ᠃ ᠬᠡᠳᠦᠢ ᠨᠢ ᠲᠡᠷᠡ ᠠᠷᠪᠠᠨ ᠨᠠᠢ᠍ᠮᠠᠨ ᠨᠠᠰᠤ ᠬᠦᠷᠦᠭᠰᠡᠨ ᠲᠤᠯᠠ ᠬᠠᠰᠠᠷ ᠥᠪᠡᠷ ᠢ᠋ ᠪᠡᠨ ᠨᠢᠯᠬ᠎ᠠ ᠪᠠᠯᠴᠢᠷ ᠬᠡᠦᠬᠡᠳ ᠭᠡᠵᠦ ᠦᠵᠡᠬᠦ ᠦᠭᠡᠢ ᠪᠠᠢᠭᠰᠠᠨ ᠪᠢᠯᠡ᠃ 
       ᠡᠨᠡ ᠶᠠᠪᠤᠳᠠᠯ ᠤ᠋ᠨ ᠬᠣᠢᠨ᠎ᠠ ᠭᠡᠷ ᠦ᠋ᠨ ᠳᠣᠲᠣᠷᠠᠬᠢ ᠬᠠᠰᠠᠷ ᠤ᠋ᠨ ᠡᠷᠬᠡ ᠮᠠᠲᠠᠯ ᠥᠭᠡᠷᠡᠴᠢᠯᠡᠭᠳᠡᠵᠦ ᠪᠠᠭᠤᠷᠠᠭᠰᠠᠨ ᠵᠦᠢᠯ ᠦᠭᠡᠢ ᠪᠣᠯᠪᠠᠴᠤ ᠲᠡᠮᠦᠵᠢᠨ ᠳ᠋ᠦ᠍ ᠭᠣᠮᠣᠳᠠᠬᠤ ᠰᠡᠳᠬᠢᠯ ᠨᠢ ᠡᠳᠡᠭᠡᠭᠰᠡᠨ ᠦᠭᠡᠢ᠃ ᠬᠠᠷᠢᠨ ᠲᠡᠮᠦᠵᠢᠨ ᠲᠡᠢ ᠥᠷᠢᠰᠦᠯᠳᠦᠬᠦ᠂ ᠲᠡᠭᠦᠨ ᠡᠴᠡ ᠳᠠᠪᠠᠨ ᠭᠠᠷᠬᠤ ᠵᠣᠪᠠᠯᠠᠩᠲᠤ ᠬᠦᠰᠡᠯ ᠨᠢ ᠤᠯᠠᠮ ᠣᠷᠭᠢᠯᠬᠤ ᠶ᠋ᠢ ᠲᠡᠷᠡ ᠮᠡᠳᠡᠵᠡᠢ᠃  
       — ᠪᠣᠷᠵᠢᠭᠢᠨ ᠠᠢᠮᠠᠭ ᠤ᠋ᠨ ᠢ᠋ᠶ᠋ᠠᠨ ᠳᠣᠲᠣᠷ᠎ᠠ ᠬᠠᠰᠠᠷ ᠴᠢ ᠲᠡᠮᠦᠵᠢᠨ ᠦ᠌ ᠯᠡ ᠠᠳᠠᠯᠢ ᠶᠢᠰᠦᠭᠡᠢ ᠶ᠋ᠢᠨ ᠬᠥᠪᠡᠭᠦᠨ ᠲᠤᠯᠠ ᠬᠡᠨ ᠡᠴᠡ ᠠᠶᠤᠵᠤ ᠶᠠᠭᠤ ᠪᠠᠷ ᠢ᠋ᠶ᠋ᠠᠨ ᠳᠤᠲᠠᠨ᠎ᠠ᠃ ᠴᠢᠮᠠᠶ᠋ᠢ ᠬᠦᠰᠡᠪᠡᠯ ᠪᠢ ᠲᠤᠰᠠᠯᠠᠬᠤ ᠪᠣᠯᠤᠨ᠎ᠠ ᠭᠡᠵᠦ ᠲᠡᠮᠦᠵᠢᠨ ᠢ᠋ ᠬᠠᠨ ᠪᠣᠯᠤᠭᠰᠠᠨ ᠤ᠋ ᠬᠣᠢᠲᠤᠨ ᠵᠢᠯ ᠦ᠋ᠨ ᠵᠤᠨ ᠵᠠᠮᠤᠬ᠎ᠠ ᠨᠢᠭᠡᠨᠲᠡ ᠪᠡᠷ ᠬᠡᠯᠡᠵᠦ ᠪᠢᠯᠡ᠃  ᠤᠭ ᠨᠢ ᠶᠠᠭ ᠡᠢᠮᠦ ᠦᠭᠡ ᠶ᠋ᠢ ᠵᠠᠮᠤᠬ᠎ᠠ ᠡᠭᠦᠨ ᠡᠴᠡ ᠭᠤᠷᠪᠠᠨ ᠵᠢᠯ ᠦ᠋ᠨ ᠡᠮᠦᠨ᠎ᠡ ᠪᠠᠰᠠ ᠬᠠᠰᠠᠷ ᠲᠤ ᠬᠡᠯᠡᠵᠡᠢ᠃  
      《ᠮᠡᠷᠭᠢᠳ ᠢ᠋ ᠳᠠᠢᠯᠠᠵᠤ ᠲᠡᠮᠦᠵᠢᠨ ᠳ᠋ᠦ᠍ ᠲᠤᠰᠠᠯᠠᠶ᠎ᠠ᠃ ᠵᠠᠮᠤᠬ᠎ᠠ ᠴᠢ ᠥᠪᠡᠷ ᠦ᠋ᠨ ᠠᠯᠪᠠᠲᠤ ᠠ᠋ᠴᠠ ᠬᠣᠶᠠᠷ ᠲᠦᠮᠡᠨ ᠴᠡᠷᠢᠭ ᠠᠪᠴᠤ ᠪᠣᠳᠣᠭᠠᠳ ᠪᠣᠭᠣᠷᠴᠤ ᠳ᠋ᠤ᠌ ᠢᠷᠡᠭᠲᠦᠨ》 ᠭᠡᠰᠡᠨ ᠲᠤᠭᠤᠷᠢᠯ ᠬᠠᠨ ᠤ᠋ ᠦᠭᠡ ᠶ᠋ᠢ ᠤᠯᠠᠮᠵᠢᠯᠠᠬᠤ ᠪᠠᠷ ᠬᠠᠰᠠᠷ ᠵᠠᠮᠤᠬ᠎ᠠ ᠶ᠋ᠢᠨ ᠬᠦᠷᠢᠶᠡᠨ ᠳ᠋ᠦ᠍ ᠣᠴᠢᠭᠠᠳ ᠪᠠᠢᠬᠤ ᠳ᠋ᠠᠭᠠᠨ ᠰᠣᠨᠣᠰᠤᠭᠰᠠᠨ ᠳᠡᠭᠡᠷᠡᠬᠢ ᠦᠭᠡ ᠶ᠋ᠢ ᠤᠬᠠᠭᠠᠷᠠᠵᠤ ᠦᠵᠡᠭᠰᠡᠨ ᠦᠭᠡᠢ ᠪᠢᠯᠡ᠃ ᠭᠡᠲᠡᠯ᠎ᠡ ᠲᠡᠭᠦᠨ ᠡᠴᠡ ᠬᠣᠢᠰᠢ ᠭᠤᠷᠪᠠᠨ ᠵᠢᠯ ᠥᠩᠭᠡᠷᠡᠵᠦ ᠣᠯᠠᠨ ᠵᠦᠢᠯ ᠥᠭᠡᠷᠡᠴᠢᠯᠡᠭᠳᠡᠪᠡ᠃ ᠣᠳᠣ ᠬᠠᠰᠠᠷ ᠡᠬᠡᠨᠡᠷ ᠠᠪᠴᠤ ᠵᠢᠵᠢᠭ ᠪᠣᠯᠪᠠᠴᠤ ᠥᠪᠡᠷ ᠦ᠋ᠨ ᠬᠦᠷᠢᠶ᠎ᠡ ᠪᠡᠨ ᠡᠭᠦᠰᠬᠡᠵᠦ᠂ ᠴᠥᠭᠡᠨ ᠪᠣᠯᠪᠠᠴᠤ ᠴᠡᠷᠢᠭ ᠢ᠋ᠶ᠋ᠡᠨ ᠵᠠᠬᠢᠷᠤᠨ ᠲᠣᠯᠣᠭᠠᠢ ᠳᠠᠭᠠᠭᠠᠨ ᠰᠠᠭᠤᠬᠤ ᠪᠣᠯᠤᠭᠰᠠᠨ ᠪᠠᠢᠯ᠎ᠠ᠃ ᠲᠡᠢᠮᠦ ᠤᠴᠢᠷ ᠠ᠋ᠴᠠ ᠵᠠᠮᠤᠬ᠎ᠠ ᠶ᠋ᠢᠨ ᠦᠭᠡᠨ ᠳ᠋ᠦ᠍ ᠠᠷᠠᠢ ᠥᠭᠡᠷ᠎ᠡ ᠪᠡᠷ ᠬᠠᠨᠳᠤᠬᠤ ᠪᠣᠯᠵᠠᠢ᠃ ᠦᠨᠡᠬᠡᠷ ᠵᠠᠮᠤᠬ᠎ᠠ ᠬᠦᠰᠡᠪᠡᠯ ᠬᠣᠶᠠᠷ ᠪᠠᠢᠲᠤᠭᠠᠢ ᠬᠡᠳᠦᠨ ᠲᠦᠮᠡᠨ ᠴᠡᠷᠢᠭ ᠭᠠᠷᠭᠠᠵᠤ ᠴᠢᠳᠠᠬᠤ ᠶ᠋ᠢ ᠮᠡᠷᠭᠢᠳ ᠢ᠋ ᠳᠠᠭᠠᠷᠢᠬᠤ ᠦᠶ᠎ᠡ ᠳ᠋ᠦ᠍ ᠬᠠᠰᠠᠷ ᠥᠪᠡᠷ ᠦ᠋ᠨ ᠨᠢᠳᠦ ᠪᠡᠷ ᠦᠵᠡᠭᠰᠡᠨ ᠲᠤᠯᠠ ᠵᠠᠮᠤᠬ᠎ᠠ ᠶ᠋ᠢᠨ ᠡᠨᠡ ᠦᠭᠡᠨ ᠳ᠋ᠦ᠍ ᠡᠷᠡᠭᠡᠯᠵᠡᠨ ᠭᠤᠢᠪᠢᠵᠤ ᠪᠠᠢᠲᠠᠯ᠎ᠠ ᠥᠭᠡᠯᠦᠨ ᠡᠬᠡ ᠪᠦᠬᠦᠨ ᠢ᠋ ᠨᠡᠪᠲᠡ ᠬᠠᠷᠠᠬᠤ ᠰᠢᠭ᠋ ᠮᠡᠳᠡᠭᠡᠳ ᠰᠡᠷᠡᠮᠵᠢᠯᠡᠨ ᠢᠳᠬᠠᠭᠰᠠᠨ ᠶᠤᠮ᠃ ᠪᠠᠰᠠ ᠲᠡᠮᠦᠵᠢᠨ ᠲᠠᠩᠭᠠᠷᠢᠭ ᠲᠠᠯᠪᠢᠭᠰᠠᠨ ᠨᠥᠬᠥᠷ ᠢ᠋ᠶ᠋ᠡᠨ ᠭᠡᠳᠡᠭ ᠢ᠋ ᠰᠠᠨᠠᠭᠤᠯᠵᠤ《ᠶᠢᠰᠦᠭᠡᠢ ᠶ᠋ᠢᠨ ᠬᠥᠪᠡᠭᠦᠳ ᠡᠪᠲᠡᠢ ᠶᠠᠪᠤᠪᠠᠯ ᠬᠡᠨ ᠳ᠋ᠦ᠍ ᠴᠦ᠍ ᠦᠯᠦ ᠳᠡᠢᠯᠦᠭᠳᠡᠨ᠎ᠡ》 ᠭᠡᠵᠦ ᠰᠠᠢᠬᠠᠨ ᠦᠭᠡ ᠬᠡᠯᠡᠭᠡᠳ ᠠᠬ᠎ᠠ ᠳᠡᠭᠦᠦ ᠬᠡᠳᠦᠭᠦᠯᠡ ᠬᠠᠯᠠᠭᠤᠨ ᠠᠮᠢ ᠪᠠᠷ ᠡᠬᠡ ᠶ᠋ᠢᠨ ᠢ᠋ᠶ᠋ᠡᠨ ᠬᠠᠮᠲᠤ ᠨᠠᠢᠷᠯᠠᠨ ᠰᠠᠭᠤᠭᠰᠠᠨ ᠠ᠋ᠴᠠ ᠬᠣᠢᠰᠢ ᠬᠠᠰᠠᠷ ᠵᠠᠮᠤᠬ᠎ᠠ ᠶ᠋ᠢᠨ ᠬᠣᠣᠷᠲᠤ ᠦᠭᠡ ᠶ᠋ᠢ ᠰᠡᠳᠬᠢᠯ ᠡᠴᠡ ᠪᠡᠨ ᠠᠪᠴᠤ ᠬᠠᠶᠠᠭᠰᠠᠨ ᠪᠢᠯᠡ᠃ ᠬᠠᠭᠤᠴᠢᠨ ᠠᠢᠮᠠᠭ ᠣᠪᠣᠭ ᠤ᠋ᠨ ᠠᠬᠠᠮᠠᠳ ᠬᠥᠮᠦᠰ ᠪᠣᠯᠬᠤ ᠠᠯᠲᠠᠨ᠂ ᠬᠣᠴᠢᠷ᠂ ᠰᠡᠴᠡ ᠪᠡᠬᠢ᠂ ᠲᠠᠢᠴᠤ ᠭᠡᠳ ᠪᠦᠭᠦᠳᠡ ᠯᠡ ᠪᠠᠭ᠎ᠠ ᠪᠣᠯᠪᠠᠴᠤ ᠡᠷᠬᠡ ᠮᠠᠲᠠᠯ ᠤ᠋ᠨ ᠲᠥᠯᠥᠭᠡ ᠬᠦᠦ ᠪᠡᠨ ᠠᠯᠠᠵᠤ᠂ ᠬᠠᠨᠢ ᠪᠠᠨ ᠬᠤᠳᠠᠯᠳᠤᠬᠤ ᠳ᠋ᠤ᠌ ᠴᠤ᠌ ᠪᠡᠯᠡᠨ ᠪᠠᠢᠭ᠎ᠠ ᠶ᠋ᠢ ᠬᠠᠰᠠᠷ ᠰᠠᠢᠲᠤᠷ ᠤᠬᠠᠭᠠᠷᠠᠵᠤ ᠮᠡᠳᠡᠵᠡᠢ᠃ ᠲᠡᠷᠡ ᠪᠦᠦ ᠬᠡᠯᠡ ᠲᠡᠮᠦᠵᠢᠨ ᠦ᠌ ᠡᠰᠡᠷᠭᠦ ᠲᠡᠭᠦᠨ ᠢ᠋  ᠲᠤᠷᠬᠢᠷᠠᠨ ᠴᠡᠷᠢᠭᠯᠡᠵᠦ ᠬᠥᠳᠡᠯᠬᠦ ᠶ᠋ᠢ ᠤᠯᠠᠢᠮ᠎ᠠ ᠴᠠᠢᠮ᠎ᠠ ᠱᠠᠭᠠᠷᠳᠠᠬᠤ ᠶ᠋ᠢ ᠴᠤ᠌ ᠦᠵᠡᠪᠡ᠃ ᠬᠠᠰᠠᠷ ᠤ᠋ᠨ ᠡᠮᠦᠨ᠎ᠡ ᠲᠡᠮᠦᠵᠢᠨ ᠲᠡᠢ ᠬᠠᠮᠲᠤ ᠦᠯᠡᠳᠡᠬᠦ ᠤᠤ᠂ ᠡᠰᠡᠪᠡᠯ ᠲᠡᠮᠦᠵᠢᠨ ᠦ᠌ ᠡᠰᠡᠷᠭᠦ ᠲᠡᠮᠡᠴᠡᠬᠦ ᠤᠤ ᠭᠡᠳᠡᠭ ᠦ᠋ᠨ ᠠᠯᠢ ᠨᠢᠭᠡ ᠶ᠋ᠢ ᠰᠣᠩᠭᠣᠬᠤ ᠶ᠋ᠢ ᠬᠠᠲᠠᠭᠤ ᠠᠮᠢᠳᠤᠷᠠᠯ᠂ ᠠᠪᠯᠢᠭᠠᠴᠢ ᠬᠥᠮᠦᠰ ᠴᠠᠭ ᠢᠮᠠᠭᠲᠠ ᠲᠤᠯᠭᠠᠨ ᠱᠠᠭᠠᠷᠳᠠᠬᠤ ᠪᠣᠯᠵᠠᠢ᠃ ᠦᠨᠡᠬᠡᠷ ᠪᠣᠷᠵᠢᠭᠢᠨ ᠠᠢᠮᠠᠭ ᠤ᠋ᠨ ᠳᠣᠲᠣᠷ᠎ᠠ ᠲᠡᠮᠦᠵᠢᠨ ᠲᠡᠢ ᠡᠩ ᠲᠡᠩᠴᠡᠭᠦᠦ ᠥᠷᠢᠰᠦᠯᠳᠦᠵᠦ ᠴᠢᠳᠠᠬᠤ ᠬᠥᠮᠦᠨ ᠪᠣᠯ ᠭᠠᠭᠴᠠ ᠬᠠᠰᠠᠷ ᠶᠤᠮ᠃ ᠲᠡᠷᠡ ᠥᠪᠡᠷ ᠢ᠋ᠶ᠋ᠡᠨ ᠴᠦ᠍ ᠡᠭᠦᠨ ᠢ᠋ ᠪᠡᠨ ᠰᠠᠢᠨ ᠣᠢᠯᠠᠭᠠᠵᠤ ᠪᠠᠢᠪᠠ᠃ ᠭᠡᠪᠡᠴᠦ ᠵᠣᠪᠠᠭᠰᠠᠨ ᠡᠬᠡ ᠶ᠋ᠢᠨ ᠰᠡᠳᠬᠢᠯ᠂ ᠥᠨᠥᠴᠢᠨ ᠶᠠᠳᠠᠭᠤ ᠠᠮᠢᠳᠤᠷᠠᠯ ᠤ᠋ᠨ ᠳᠤᠮᠳᠠ ᠪᠡᠶ᠎ᠡ ᠪᠡᠶ᠎ᠡ ᠪᠡᠨ ᠲᠦᠰᠢᠨ ᠬᠠᠯᠠᠭᠤᠨ ᠢᠲᠡᠭᠡᠯ᠂ ᠬᠠᠲᠠᠭᠤ ᠲᠠᠩᠭᠠᠷᠢᠭ ᠢ᠋ᠶ᠋ᠠᠷ ᠭᠠᠩᠨᠠᠭᠳᠠᠭᠰᠠᠨ ᠲᠡᠮᠦᠵᠢᠨ ᠬᠠᠰᠠᠷ ᠬᠣᠶᠠᠷ ᠤ᠋ᠨ ᠠᠬ᠎ᠠ ᠳᠡᠭᠦᠦ ᠶ᠋ᠢᠨ ᠰᠡᠳᠬᠢᠯ ᠡᠢᠨ ᠬᠦ᠌ ᠥᠷᠢᠰᠦᠯᠳᠦᠵᠦ ᠥᠷᠪᠥᠯᠵᠡᠬᠦ ᠰᠠᠨᠠᠭᠠᠨ ᠳ᠋ᠤᠨᠢ ᠰᠠᠭᠠᠳ ᠪᠣᠯᠵᠤ ᠡᠴᠦᠰ ᠲᠦ᠋ᠨᠢ ᠬᠠᠰᠠᠷ ᠬᠣᠶᠠᠷ ᠵᠠᠮ ᠤ᠋ᠨ ᠲᠡᠭ ᠳᠤᠮᠳᠠ ᠲᠡᠯᠡᠭᠡ ᠬᠤᠷᠠᠭ᠎ᠠ ᠰᠢᠭ᠋ ᠡᠷᠭᠢᠵᠦ ᠪᠤᠴᠠᠵᠤ ᠪᠠᠢᠯ᠎ᠠ᠃ ᠨᠡᠷ᠎ᠡ ᠲᠥᠷᠥ ᠣᠯᠬᠤ᠂ ᠲᠡᠮᠦᠵᠢᠨ ᠦ᠌ ᠠᠳᠠᠯᠢ ᠡᠷᠬᠡ ᠮᠠᠲᠠᠯ ᠲᠠᠢ ᠪᠣᠯᠵᠤ ᠡᠵᠡᠨ ᠰᠠᠭᠤᠬᠤ ᠬᠦᠰᠡᠯ ᠨᠢ ᠵᠠᠷᠢᠮ ᠳ᠋ᠠᠭᠠᠨ ᠲᠠᠢᠯᠳᠠᠮ᠎ᠠ ᠦᠭᠡᠢ ᠶᠡᠬᠡ ᠪᠡᠷ ᠣᠷᠭᠢᠯᠤᠨ᠎ᠠ᠃ ᠬᠠᠰᠠᠷ ᠡᠢᠨ ᠬᠦ᠌ ᠡᠷᠡᠭᠡᠯᠵᠡᠨ ᠲᠡᠭᠡᠨᠡᠭᠡᠯᠵᠡᠵᠦ ᠴᠠᠭ ᠬᠤᠭᠤᠴᠠᠭ᠎ᠠ ᠥᠩᠭᠡᠷᠡᠭᠰᠡᠭᠡᠷ ᠪᠠᠢᠬᠤ ᠵᠠᠭᠤᠷ᠎ᠠ ᠲᠡᠮᠦᠵᠢᠨ ᠤᠯᠠᠮ ᠬᠦᠴᠦᠷᠬᠡᠭᠵᠢᠵᠦ ᠪᠠᠢᠯ᠎ᠠ᠃ 
       ᠭᠡᠨᠡᠳᠲᠡ ᠬᠥᠮᠦᠨ ᠬᠠᠰᠬᠢᠷᠴᠤ ᠬᠠᠰᠠᠷ ᠤ᠋ᠨ ᠪᠣᠳᠣᠯ ᠢ᠋ ᠲᠠᠰᠤᠯᠳᠠᠭᠤᠯᠪᠠ᠃ ᠲᠡᠷᠡ ᠨᠢᠳᠦ ᠬᠠᠷᠠᠭ᠎ᠠ ᠲᠠᠢ ᠪᠣᠯᠪᠠᠴᠤ ᠶᠠᠭᠤ ᠴᠤ᠌ ᠦᠵᠡᠬᠦ ᠦᠭᠡᠢ ᠵᠣᠭᠰᠣᠵᠤ ᠪᠠᠢᠵᠠᠢ᠃ ᠤᠬᠠᠭᠠᠨ ᠰᠠᠨᠠᠭ᠎ᠠ ᠨᠢ ᠲᠡᠭᠰᠢᠷᠡᠵᠦ ᠨᠢᠳᠦᠨ ᠦ᠌ ᠡᠮᠦᠨ᠎ᠡ ᠳᠠᠬᠢᠭᠠᠳ ᠯᠠ ᠦᠮᠡᠬᠡᠢ ᠤᠲᠤᠭᠠᠲᠤ ᠳᠠᠢᠳᠤ ᠪᠠᠯᠭᠠᠰᠤ ᠲᠣᠳᠣᠷᠠᠪᠠ᠃ ᠣᠯᠵᠠ ᠪᠠᠨ ᠠᠴᠢᠭᠰᠠᠨ ᠲᠡᠷᠭᠡ ᠬᠥᠰᠬᠡ ᠬᠦᠪᠦᠷᠡᠭᠰᠡᠭᠡᠷ᠂ ᠲᠡᠭᠦᠨ ᠦ᠌ ᠬᠠᠵᠠᠭᠤ ᠪᠠᠷ ᠡᠮᠡᠰ᠂ ᠪᠣᠭᠣᠯ ᠤ᠋ᠳ ᠲᠣᠯᠣᠭᠠᠢ ᠭᠣᠳᠣᠢᠯᠭᠠᠨ ᠴᠤᠪᠤᠷᠠᠨ᠎ᠠ᠃ ᠴᠡᠷᠢᠭ ᠪᠦᠷᠢ ᠠᠯᠲᠠᠨ ᠤᠯᠤᠰ ᠤ᠋ᠨ ᠵᠠᠯᠠᠭᠤ ᠡᠮᠡᠰ᠂ ᠭᠠᠷ ᠤ᠋ᠨ ᠤᠷ᠎ᠠ ᠲᠠᠢ ᠡᠷᠡᠰ ᠢ᠋ ᠣᠯᠵᠠᠯᠠᠭᠰᠠᠨ ᠤ᠋ ᠪᠠᠨ ᠬᠢᠷᠢ ᠪᠡᠷ ᠭᠡᠷ ᠣᠷᠣᠨ ᠳ᠋ᠠᠭᠠᠨ ᠢᠯᠡᠭᠡᠵᠦ ᠪᠣᠢ ᠨᠢ ᠡᠨᠡ ᠪᠢᠯᠡ᠃ ᠰᠠᠶᠢ ᠶ᠋ᠢᠨ ᠬᠠᠰᠬᠢᠷᠤᠭᠰᠠᠨ ᠬᠥᠮᠦᠨ ᠪᠣᠯ ᠶᠡᠭᠦ ᠬᠥᠪᠡᠭᠦᠨ ᠨᠢ ᠪᠠᠢᠵᠠᠢ᠃ ᠬᠥᠪᠡᠭᠦᠨ ᠨᠢ ᠣᠳᠣ ᠭᠤᠴᠢ ᠳᠥᠭᠥᠭᠰᠡᠨ ᠭᠤᠩᠬᠠᠭᠰᠠᠨ ᠰᠠᠢᠬᠠᠨ ᠡᠷ᠎ᠡ ᠪᠣᠯᠵᠤ ᠪᠠᠰᠠ ᠴᠤ᠌ ᠪᠣᠯᠤᠭ᠎ᠠ ᠦᠭᠡᠢ ᠥᠲᠡᠯᠬᠦ ᠶᠠᠩᠵᠤ ᠲᠠᠢ᠃ ᠶᠡᠭᠦ ᠳᠠᠭᠠᠭᠤᠯ ᠰᠢᠳᠠᠷ ᠤ᠋ᠳ ᠢ᠋ᠶ᠋ᠠᠨ ᠣᠷᠬᠢᠨ᠂ ᠮᠣᠷᠢᠨ ᠠ᠋ᠴᠠ ᠪᠠᠭᠤᠵᠤ ᠳᠡᠷᠭᠡᠳᠡ ᠨᠢ ᠭᠦᠶᠦᠨ ᠢᠷᠡᠪᠡ᠃ ᠬᠥᠪᠡᠭᠦᠨ ᠦ᠌ ᠰᠠᠨᠳᠤᠷᠤᠭᠰᠠᠨ ᠬᠥᠳᠡᠯᠭᠡᠭᠡᠨ ᠬᠠᠰᠠᠷ ᠤ᠋ᠨ ᠳᠣᠲᠣᠷ᠎ᠠ ᠶ᠋ᠢ ᠲᠦᠭᠰᠢᠭᠦᠯᠵᠦ ᠳᠠᠬᠢᠭᠠᠳ ᠯᠠ ᠡᠬᠡ ᠶ᠋ᠢᠨ ᠦᠬᠦᠯ ᠢ᠋ ᠰᠠᠨᠠᠭᠳᠠᠭᠤᠯᠬᠤ ᠳ᠋ᠤ᠌ ᠥᠪᠡᠷ ᠦ᠋ᠨ ᠡᠷᠬᠡ ᠦᠭᠡᠢ ᠠᠶᠤᠭᠰᠠᠨ ᠮᠡᠲᠦ ᠤᠬᠤᠷᠢᠪᠠ᠃  
       — ᠶᠠᠭᠤ ᠪᠣᠯᠪᠠ ᠭᠡᠵᠦ ᠶᠡᠭᠦ ᠶ᠋ᠢ ᠭᠦᠶᠦᠨ ᠢᠷᠡᠬᠦ ᠳ᠋ᠦ᠍ ᠲᠦᠷᠦᠭᠦᠯᠡᠨ ᠠᠰᠠᠭᠤᠪᠠ᠃ ᠶᠡᠭᠦ ᠨᠢᠳᠦ ᠡᠷᠭᠢᠯᠳᠦᠭᠦᠯᠦᠨ ᠢᠨᠢᠶᠡᠮᠰᠦᠭᠯᠡᠵᠦ ᠪᠠᠢᠬᠤ ᠨᠢ ᠶᠠᠭᠠᠬᠢᠪᠠᠴᠤ ᠦᠬᠦᠯ ᠦ᠋ᠨ ᠲᠤᠬᠠᠢ ᠮᠡᠳᠡᠭᠡ ᠪᠢᠰᠢ ᠪᠣᠯᠤᠯᠲᠠᠢ᠃ ᠲᠡᠷᠡ ᠶᠡᠷᠦ ᠨᠢ ᠡᠴᠢᠭᠡ ᠶ᠋ᠢ ᠪᠡᠨ ᠳᠠᠭᠤᠷᠢᠶᠠᠭᠰᠠᠨ ᠰᠡᠳᠬᠢᠯ ᠦ᠋ᠨ ᠬᠥᠳᠡᠯᠦᠯ ᠶᠡᠬᠡᠲᠡᠢ ᠬᠥᠪᠡᠭᠦᠨ ᠶᠦᠮ᠃  
       — ᠮᠤᠬᠤᠯᠠᠢ ᠵᠠᠩᠵᠤᠨ ᠲᠠᠨ ᠢ᠋ ᠲᠦᠷᠭᠡᠨ ᠢᠷᠡᠨ᠎ᠡ ᠤᠤ ᠭᠡᠵᠦ ᠪᠠᠢᠨ᠎ᠠ᠃ ᠠᠯᠲᠠᠨ ᠤᠯᠤᠰ ᠤ᠋ᠨ ᠶᠦᠩᠵᠢ ᠬᠠᠭᠠᠨ ᠡᠯᠴᠢ ᠢᠷᠡᠭᠦᠯᠵᠡᠢ᠃ ᠪᠦᠭᠦᠳᠡ ᠴᠤᠭᠯᠠᠷᠠᠭᠠᠳ ᠬᠡᠷᠬᠢᠬᠦ ᠪᠡᠨ ᠬᠡᠯᠡᠯᠴᠡᠬᠦ ᠪᠡᠷ ᠲᠠᠨ ᠢ᠋ ᠬᠦᠯᠢᠶᠡᠵᠦ ᠪᠠᠢᠨ᠎ᠠ ᠭᠡᠵᠦ ᠶᠡᠭᠦ ᠢᠨᠢᠶᠡᠮᠰᠦᠭᠯᠡᠪᠡ᠃ ᠶᠡᠬᠡ ᠤᠯᠤᠰ ᠢ᠋ ᠳᠡᠢᠯᠦᠭᠰᠡᠨ᠂ ᠢᠯᠠᠭᠰᠠᠨ ᠴᠡᠷᠢᠭ ᠦ᠋ᠨ ᠪᠠᠬᠠᠷᠬᠠᠯ᠂ ᠰᠦᠷ ᠵᠢᠪᠬᠤᠭ᠎ᠠ ᠬᠥᠪᠡᠭᠦᠨ ᠳ᠋ᠦ᠍ᠨᠢ ᠳᠦᠭᠦᠷᠡᠩ ᠲᠤᠯᠠ ᠬᠠᠰᠠᠷ ᠲᠠᠭᠠᠲᠠᠢ ᠢᠨᠢᠶᠮᠰᠦᠭᠯᠡᠪᠡ᠃ ᠮᠣᠩᠭᠣᠯ ᠤ᠋ᠨ ᠶᠡᠬᠡ ᠴᠡᠷᠢᠭ ᠠᠯᠲᠠᠨ ᠬᠠᠭᠠᠨ ᠤ᠋ ᠰᠠᠭᠤᠭ᠎ᠠ ᠵᠥᠩᠲᠦ ᠪᠠᠯᠭᠠᠰᠤ ᠶ᠋ᠢ ᠳᠠᠭᠠᠷᠢᠨ ᠡᠵᠡᠯᠡᠬᠦ ᠪᠡᠷ ᠪᠡᠯᠡᠳᠬᠡᠵᠦ ᠪᠠᠢᠭᠰᠠᠨ ᠪᠢᠯᠡ᠃ ᠠᠯᠲᠠᠨ ᠤᠯᠤᠰ ᠤ᠋ᠨ ᠬᠠᠭᠠᠨ ᠤ᠋ ᠲᠣᠯᠣᠭᠠᠢ ᠬᠣᠷᠭᠣᠳᠠᠨ ᠰᠠᠭᠤᠭ᠎ᠠ ᠵᠥᠩᠲᠦ ᠪᠠᠯᠭᠠᠰᠤ ᠬᠦᠷᠲᠡᠯ᠎ᠡ ᠶᠡᠷᠦ ᠳ᠋ᠡᠭᠡᠨ ᠭᠠᠭᠴᠠᠬᠠᠨ ᠥᠷᠲᠡᠭᠡ ᠵᠠᠢ ᠦᠯᠡᠳᠡᠭᠰᠡᠨ ᠨᠢ ᠬᠠᠰᠠᠷ ᠤ᠋ᠨ ᠬᠤᠪᠢ ᠳ᠋ᠤ᠌ ᠰᠢᠯᠦᠰᠦ ᠬᠠᠶᠠᠬᠤ ᠭᠠᠵᠠᠷ ᠪᠠᠢᠯ᠎ᠠ᠃   
       — ᠵᠠ ᠣᠳᠣᠬᠠᠨ ᠣᠴᠢᠶ᠎ᠠ᠃  
       ᠲᠡᠳᠡ ᠮᠣᠷᠳᠠᠨ ᠳᠠᠪᠬᠢᠵᠠᠭᠠᠪᠠ᠃ ᠬᠣᠲᠠ ᠬᠦᠷᠲᠡᠯᠡᠬᠢ ᠵᠠᠮ ᠳᠠᠭᠠᠤ ᠲᠤᠯᠤᠭᠠᠳ ᠤ᠋ᠨ ᠵᠢᠯᠠᠭ᠎ᠠ ᠰᠤᠪᠠᠭ ᠢ᠋ᠶ᠋ᠠᠷ ᠠᠯᠲᠠᠨ ᠤᠯᠤᠰ ᠤ᠋ᠨ ᠬᠢᠳᠤᠭᠤᠯᠤᠭᠰᠠᠨ ᠴᠡᠷᠢᠭ ᠦ᠋ᠨ ᠬᠡᠭᠦᠷ ᠳᠦᠭᠦᠷᠡᠩ ᠴᠢᠬᠢᠭᠡᠰᠦᠲᠡᠢ᠂ ᠴᠡᠪᠡᠷᠯᠡᠬᠦ ᠵᠥᠭᠡᠭᠡᠬᠦ ᠬᠥᠮᠦᠰ ᠬᠣᠲᠠ ᠠ᠋ᠴᠠ ᠲᠠᠭᠤᠭᠳᠠᠨ ᠢᠷᠡᠵᠦ ᠶᠠᠪᠤᠭ᠎ᠠ ᠨᠢ ᠵᠥᠷᠢᠨ᠎ᠡ᠃ ᠠᠯᠲᠠᠨ ᠤᠯᠤᠰ ᠤ᠋ᠨ ᠬᠠᠭᠠᠨ ᠥᠪᠡᠷ ᠦ᠋ᠨ ᠵᠤᠨ ᠤ᠋ ᠥᠷᠭᠥᠭᠡ ᠭᠡᠭᠳᠡᠬᠦ ᠡᠨᠡ ᠳᠠᠢᠳᠤ ᠪᠠᠯᠭᠠᠰᠤ ᠶ᠋ᠢ ᠣᠷᠬᠢᠨ ᠡᠮᠦᠨ᠎ᠡ ᠵᠦᠭ ᠵᠢᠭᠤᠲᠠᠭᠰᠠᠨ ᠲᠤᠯᠠ ᠮᠣᠩᠭᠣᠯ ᠤ᠋ᠨ ᠵᠡᠭᠦᠨ ᠵᠠᠮ ᠤ᠋ᠨ ᠴᠡᠷᠢᠭ ᠦ᠋ᠨ ᠤᠳᠤᠷᠢᠳᠤᠭᠴᠢᠳ ᠵᠦᠷᠴᠢᠳ ᠦ᠋ᠨ ᠠᠯᠲᠠᠨ ᠤᠯᠤᠰ ᠤ᠋ᠨ ᠬᠠᠭᠠᠨ ᠶᠦᠩᠵᠢ ᠶ᠋ᠢᠨ ᠵᠤᠨ ᠤ᠋ ᠰᠡᠷᠢᠭᠦᠨ ᠣᠷᠳᠣᠨ ᠳ᠋ᠤ᠌ ᠴᠤᠭᠯᠠᠷᠠᠵᠠᠢ᠃ ᠲᠡᠳᠡᠨ ᠦ᠌ ᠳᠤᠮᠳᠠ ᠬᠠᠮᠤᠭ ᠤ᠋ᠨ ᠨᠡᠷ᠎ᠡ ᠬᠦᠨᠳᠦᠲᠡᠢ ᠠᠬᠠᠮᠠᠳ ᠨᠢ ᠬᠠᠰᠠᠷ ᠶᠤᠮ᠃ ᠮᠤᠬᠤᠯᠠᠢ᠂ ᠵᠡᠪᠡ᠂ ᠰᠦᠪᠡᠭᠡᠳᠡᠢ᠂ ᠵᠥᠴᠢ᠂ ᠴᠠᠭᠠᠲᠠᠢ᠂ ᠥᠭᠡᠳᠡᠢ ᠭᠡᠳ ᠣᠷᠳᠣᠨ ᠳᠦᠭᠦᠷᠡᠩ ᠬᠥᠮᠦᠨ ᠬᠠᠰᠠᠷ ᠢ᠋ ᠪᠠᠶᠠᠷ ᠬᠥᠷ ᠲᠡᠢ ᠪᠡᠷ ᠬᠦᠯᠢᠶᠡᠵᠦ ᠪᠠᠢᠪᠠ᠃ ᠮᠣᠩᠭᠣᠯᠴᠤᠳ ᠤ᠋ᠨ ᠳᠤᠮᠳᠠ ᠬᠥᠭᠡᠷᠴᠦ ᠳᠣᠭᠳᠣᠯᠤᠭ᠎ᠠ ᠦᠭᠡᠢ ᠬᠥᠮᠦᠨ ᠨᠢᠭᠡ ᠴᠤ᠌ ᠦᠭᠡᠢ ᠪᠠᠢᠪᠠ᠃ ᠶᠡᠬᠡ ᠶ᠋ᠢ ᠦᠵᠡᠭᠰᠡᠨ ᠰᠦᠪᠡᠭᠡᠳᠡᠢ ᠬᠦᠷᠲᠡᠯ᠎ᠡ ᠰᠠᠬᠠᠯ ᠢ᠋ᠶ᠋ᠠᠨ ᠪᠠᠢᠨ ᠪᠠᠢᠨ ᠢᠯᠪᠢᠵᠦ ᠴᠠᠭᠠᠰᠢ ᠨᠠᠭᠠᠰᠢ ᠬᠣᠯᠬᠢᠬᠤ ᠠᠵᠢ᠃ ᠡᠷᠲᠡᠨ ᠦ᠌ ᠬᠦᠴᠦᠷᠬᠡᠭ ᠵᠦᠷᠴᠢᠳ ᠦ᠋ᠨ ᠠᠯᠲᠠᠨ ᠤᠯᠤᠰ ᠤ᠋ᠨ ᠬᠠᠭᠠᠨ ᠪᠠᠭᠤᠨ ᠥᠭᠴᠦ ᠨᠠᠢᠷᠠᠮᠳᠠᠬᠤ ᠶ᠋ᠢ ᠬᠦᠰᠡᠵᠡᠢ᠃ ᠠᠯᠲᠠᠨ ᠤᠯᠤᠰ ᠠ᠋ᠴᠠ ᠥᠰᠢᠶ᠎ᠡ ᠪᠡᠨ ᠠᠪᠬᠤ ᠨᠢ ᠮᠣᠩᠭᠣᠯᠴᠤᠳ ᠤ᠋ᠨ ᠣᠯᠠᠨ ᠦᠶ᠎ᠡ ᠶ᠋ᠢᠨ ᠬᠦᠰᠡᠯ ᠪᠢᠯᠡ᠃ ᠠᠯᠲᠠᠨ ᠬᠠᠭᠠᠨ ᠬᠦᠴᠦᠨ ᠮᠡᠬᠦᠰᠳᠡᠵᠦ ᠨᠠᠢᠷᠠᠮᠳᠠᠬᠤ ᠶ᠋ᠢ ᠭᠤᠶᠤᠵᠤ ᠱᠠᠯᠠ ᠳ᠋ᠠᠭᠠᠨ ᠪᠠᠭᠤᠬᠤ ᠶ᠋ᠢ ᠲᠡᠳᠡ ᠡᠢᠨ ᠬᠦ᠌ ᠦᠵᠡᠵᠡᠢ᠃ ᠡᠢᠮᠦ ᠴᠢᠬᠤᠯᠠ ᠬᠡᠷᠡᠭ ᠢ᠋ ᠴᠢᠩᠭᠢᠰ ᠬᠠᠭᠠᠨ ᠤ᠋ ᠲᠥᠷᠥᠭᠰᠡᠨ ᠳᠡᠭᠦᠦ ᠬᠠᠰᠠᠷ ᠲᠤ ᠳᠣᠭᠣᠯᠭᠠᠬᠤ ᠦᠭᠡᠢ ᠪᠠᠢᠬᠤ ᠡᠷᠬᠡ ᠲᠡᠢ᠂ ᠵᠢᠷᠦᠬᠡ ᠲᠡᠢ ᠬᠥᠮᠦᠨ ᠡᠨᠳᠡ ᠦᠭᠡᠢ ᠪᠠᠢᠯ᠎ᠠ᠃ ᠲᠡᠭᠦᠨ ᠢ᠋ ᠠᠬᠠᠮᠠᠳ ᠤ᠋ᠨ ᠶᠣᠰᠣ ᠪᠠᠷ ᠬᠦᠨᠳᠦᠳᠬᠡᠵᠦ ᠬᠡᠯᠡᠬᠦ ᠦᠭᠡ᠂ ᠬᠡᠷᠬᠢᠬᠦ ᠪᠣᠳᠣᠯ ᠢ᠋ ᠨᠢ ᠰᠣᠨᠣᠰᠬᠤ ᠪᠠᠷ ᠬᠦᠯᠢᠶᠡᠭᠰᠡᠨ ᠨᠢ ᠬᠠᠰᠠᠷ ᠲᠤ ᠲᠠᠭᠠᠯᠠᠭᠳᠠᠭᠰᠠᠨ ᠲᠤᠯᠠ ᠲᠡᠷᠡ ᠶᠡᠬᠡ ᠪᠠᠶᠠᠷ ᠪᠠᠬᠠᠳᠤᠯᠲᠠᠢ ᠪᠠᠢᠪᠠ᠃ ᠵᠥᠴᠢ ᠲᠡᠭᠦᠨ ᠢ᠋ ᠤᠭᠲᠤᠭᠰᠠᠭᠠᠷ ᠶᠠᠭᠠᠷᠠᠨ ᠬᠦᠷᠴᠦ ᠢᠷᠡᠪᠡ᠃ ᠲᠡᠷᠡ ᠵᠠᠯᠠᠭᠤ ᠪᠠᠰᠠ ᠯᠠ ᠬᠥᠭᠡᠷᠴᠦ  ᠪᠦᠷ ᠬᠣᠯᠠ ᠠ᠋ᠴᠠ ᠭᠦᠶᠦᠬᠦ ᠰᠢᠬᠠᠮ ᠶᠠᠪᠤᠭ᠎ᠠ ᠬᠠᠷᠠᠭᠳᠠᠨ᠎ᠠ᠃ ᠴᠢᠩᠭᠢᠰ ᠬᠠᠭᠠᠨ ᠤ᠋ ᠤᠤᠭᠠᠨ ᠬᠥᠪᠡᠭᠦᠨ ᠤᠴᠢᠷ ᠡᠢᠮᠦ ᠴᠢᠬᠤᠯᠠ ᠬᠡᠷᠡᠭ ᠢ᠋ ᠬᠠᠰᠠᠷ ᠲᠠᠢ ᠵᠥᠪᠰᠢᠨ ᠬᠡᠯᠡᠯᠴᠡᠬᠦ ᠭᠠᠭᠴᠠ ᠬᠥᠮᠦᠨ ᠭᠡᠳᠡᠭ ᠢ᠋ᠶ᠋ᠡᠨ ᠣᠯᠠᠨ ᠳ᠋ᠤ᠌ ᠦᠵᠡᠭᠦᠯᠬᠦ ᠶ᠋ᠢ ᠵᠥᠴᠢ ᠪᠠᠰᠠ ᠬᠦᠰᠡᠵᠡᠢ᠃ 
       — ᠬᠠᠰᠠᠷ ᠠᠪᠠᠭ᠎ᠠ ᠠ᠋᠃  
       ᠳᠣᠭᠳᠣᠯᠤᠭᠰᠠᠨ ᠳ᠋ᠠᠭᠠᠨ ᠵᠥᠴᠢ ᠶ᠋ᠢᠨ ᠳᠠᠭᠤ ᠴᠡᠴᠡᠷᠡᠪᠡ᠃  
       — ᠠᠯᠲᠠᠨ ᠤᠯᠤᠰ ᠤ᠋ᠨ ᠬᠠᠭᠠᠨ ᠨᠠᠢᠷᠠᠮᠳᠠᠬᠤ ᠶ᠋ᠢ ᠬᠦᠰᠡᠵᠦ ᠡᠯᠴᠢ ᠢᠯᠡᠭᠡᠵᠡᠢ᠃  ᠪᠢᠳᠡ ᠬᠡᠷᠬᠢᠬᠦ ᠪᠢᠯᠡ ᠭᠡᠵᠦ ᠠᠰᠠᠭᠤᠬᠤ  ᠵᠥᠴᠢ ᠶ᠋ᠢᠨ ᠳᠠᠭᠤᠨ ᠠ᠋ᠴᠠ ᠢᠯᠠᠯᠲᠠ᠂ ᠪᠠᠬᠠᠳᠤᠯ ᠤ᠋ᠨ ᠣᠮᠣᠷᠬᠠᠯ ᠢᠯᠡᠳᠲᠡ ᠰᠣᠨᠣᠰᠳᠠᠬᠤ ᠠᠵᠢ᠃  
       — ᠡᠯᠴᠢ ᠨᠢ ᠬᠡᠨ ᠶᠦ᠍ᠮ ᠪᠣᠢ ᠭᠡᠵᠦ ᠬᠠᠰᠠᠷ ᠰᠢᠭᠤᠳ ᠠᠰᠠᠭᠤᠪᠠ᠃ ᠬᠡᠨ ᠢ᠋ ᠡᠯᠴᠢ ᠪᠡᠷ ᠵᠠᠷᠤᠭᠰᠠᠨ ᠠ᠋ᠴᠠ ᠬᠡᠷᠡᠭ ᠦ᠋ᠨ ᠤᠴᠢᠷ ᠪᠡᠯᠡᠬᠡᠨ ᠢ᠋ᠶ᠋ᠡᠨ ᠲᠣᠳᠣᠷᠠᠨ᠎ᠠ ᠭᠡᠵᠦ ᠬᠠᠰᠠᠷ ᠲᠦᠷᠭᠡᠨ ᠵᠠᠭᠤᠷ᠎ᠠ ᠪᠣᠳᠣᠪᠠ᠃ 
       — ᠸᠠᠩᠬᠢᠩ ᠴᠢᠩᠰᠠᠩ ᠭᠡᠨ᠎ᠡ ᠬᠡᠮᠡᠬᠦ ᠮᠤᠬᠤᠯᠠᠢ ᠶ᠋ᠢᠨ ᠳᠠᠠᠭᠤ ᠬᠦᠩᠭᠢᠨᠡᠨ ᠰᠣᠨᠣᠰᠳᠠᠪᠠ᠃  
       ᠠᠯᠲᠠᠨ ᠤᠯᠤᠰ ᠤ᠋ᠨ ᠬᠠᠭᠠᠨ ᠶᠥᠩᠵᠢ ᠵᠥᠩᠲᠦ ᠬᠣᠲᠠ ᠳ᠋ᠤ᠌ ᠣᠷᠣᠩᠨᠠᠭᠠᠳ ᠪᠠᠢᠭᠰᠠᠨ ᠢ᠋ᠶ᠋ᠠᠨ ᠴᠠᠭᠠᠰᠢ ᠡᠮᠦᠨ᠎ᠡ ᠵᠦᠭ ᠲᠦ᠍ ᠵᠢᠭᠤᠲᠠᠭᠰᠠᠨ ᠨᠢ ᠥᠪᠡᠷ ᠦ᠋ᠨ ᠬᠠᠷ᠎ᠠ ᠲᠣᠯᠣᠭᠠᠢ ᠶ᠋ᠢ ᠴᠢᠰᠤᠳᠠᠬᠤ ᠡᠳᠦᠷ ᠬᠣᠯᠠ ᠦᠭᠡᠢ ᠪᠣᠯᠵᠤ ᠤᠲᠠᠰᠤᠨ ᠴᠢᠨᠡᠭᠡ ᠤᠯᠠᠭᠠᠨ ᠠᠮᠢ ᠪᠠᠨ ᠠᠷᠭ᠎ᠠ ᠦᠭᠡᠢ ᠪᠣᠳᠣᠬᠤ ᠴᠠᠭ ᠢᠷᠡᠭᠰᠡᠨ ᠢ᠋ ᠲᠡᠷᠡ ᠣᠢᠯᠠᠭᠠᠭᠰᠠᠨ ᠨᠢ ᠭᠠᠷᠴᠠᠭ᠎ᠠ ᠦᠭᠡᠢ ᠪᠣᠯᠤᠯᠲᠠᠢ᠃  ᠸᠠᠩᠬᠢᠩ ᠴᠢᠩᠰᠠᠩ ᠢ᠋ ᠬᠠᠰᠠᠷ ᠪᠣᠯᠤᠭᠠᠳ ᠮᠣᠩᠭᠣᠯᠴᠤᠳ ᠰᠠᠢᠨ ᠲᠠᠨᠢᠵᠤ ᠪᠠᠢᠪᠠ᠃ ᠡᠨᠡ ᠪᠣᠯ ᠠᠯᠲᠠᠨ ᠤᠯᠤᠰ ᠤ᠋ᠨ ᠡᠮᠦᠨᠡᠬᠢ ᠬᠠᠭᠠᠨ ᠪᠣᠯᠤᠭᠠᠳ ᠣᠳᠣ ᠶ᠋ᠢᠨ ᠬᠠᠭᠠᠨ ᠶᠥᠩᠵᠢ ᠳ᠋ᠦ᠍ ᠶᠡᠬᠡ ᠨᠡᠷᠡᠲᠡᠢ᠂ ᠣᠷᠳᠣᠨ ᠤ᠋ ᠲᠣᠮᠣ ᠰᠢᠳᠠᠷ ᠰᠠᠢᠳ ᠶᠤᠮ᠃  ᠸᠠᠩᠬᠢᠩ ᠴᠢᠩᠰᠠᠩ ᠪᠣᠯ ᠲᠠᠲ᠋ᠠᠷ ᠠᠢᠮᠠᠭ ᠤ᠋ᠨ ᠮᠡᠭᠥᠵᠢᠨ ᠰᠡᠭᠦᠯᠲᠦ ᠶ᠋ᠢ ᠬᠠᠪᠰᠤᠷᠤᠨ ᠳᠠᠷᠤᠪᠠ ᠭᠡᠵᠦ ᠲᠤᠭᠤᠷᠢᠯ ᠬᠠᠨ ᠳ᠋ᠤ᠌ ᠸᠠᠩ᠂ ᠲᠡᠮᠦᠵᠢᠨ ᠳ᠋ᠦ᠍ ᠴᠠᠬᠣᠳᠬᠣᠷᠢ ᠴᠣᠯᠠ ᠱᠠᠩᠨᠠᠵᠤ ᠪᠠᠢᠭᠰᠠᠨ ᠲᠡᠷᠡ ᠶᠡᠬᠡᠮᠰᠦᠭ ᠡᠲᠡᠭᠡᠳ ᠪᠢᠯᠡ᠃ ᠮᠣᠩᠭᠣᠯᠴᠤᠳ ᠤ᠋ᠨ ᠰᠠᠢᠨ ᠮᠡᠳᠡᠬᠦ᠂ ᠲᠡᠷᠡ ᠳᠤᠮᠳᠠ ᠪᠠᠨ ᠲᠡᠮᠦᠵᠢᠨ ᠲᠡᠢ ᠬᠠᠪᠰᠤᠷᠤᠨ ᠲᠠᠲ᠋ᠠᠷ ᠢ᠋ ᠳᠠᠷᠤᠯᠴᠠᠭᠰᠠᠨ ᠸᠠᠩᠬᠢᠩ ᠴᠢᠩᠰᠠᠩ ᠢ᠋ ᠢᠯᠡᠭᠡᠭᠰᠡᠨ ᠨᠢ ᠠᠯᠲᠠᠨ ᠬᠠᠭᠠᠨ ᠦᠨᠡᠬᠡᠷ ᠮᠤᠬᠤᠷᠳᠠᠵᠤ ᠠᠮᠢ ᠪᠠᠨ ᠪᠣᠳᠣᠨ ᠡᠴᠦᠰ ᠦ᠋ᠨ ᠠᠷᠭ᠎ᠠ ᠪᠠᠨ ᠬᠡᠷᠡᠭᠯᠡᠭᠰᠡᠨ ᠦ᠌ ᠬᠢ ᠭᠡᠵᠦ ᠬᠠᠰᠠᠷ ᠦᠵᠡᠪᠡ᠃ ᠭᠡᠪᠡᠴᠦ ᠲᠡᠭᠦᠨ ᠳ᠋ᠦ᠍ ᠴᠡᠷᠢᠭ ᠢ᠋ᠶ᠋ᠡᠨ ᠪᠤᠴᠠᠭᠠᠬᠤ ᠬᠦᠰᠡᠯ ᠪᠠᠢᠭᠰᠠᠨ ᠦᠭᠡᠢ᠃ ᠤᠴᠢᠷ ᠨᠢ ᠠᠯᠲᠠᠨ ᠬᠠᠭᠠᠨ ᠢ᠋ ᠳᠠᠷᠤᠵᠤ ᠳᠠᠷᠬᠠᠨ ᠴᠣᠯᠠ ᠪᠠᠨ ᠮᠠᠨᠳᠤᠭᠤᠯᠤᠨ ᠠᠯᠳᠠᠷᠰᠢᠬᠤ ᠰᠠᠢᠬᠠᠨ ᠪᠣᠯᠤᠮᠵᠢ ᠶᠠᠭ ᠣᠳᠣ ᠲᠡᠭᠦᠨ ᠳ᠋ᠦ᠍ ᠨᠢᠭᠡᠨᠲᠡ ᠪᠣᠢ  ᠪᠣᠯᠤᠭᠠᠳ ᠪᠠᠢᠭ᠎ᠠ ᠪᠢᠯᠡ᠃ 
       ᠠᠯᠲᠠᠨ ᠬᠠᠭᠠᠨ ᠤ᠋ ᠶᠡᠬᠡ ᠴᠡᠷᠢᠭ ᠮᠣᠩᠭᠣᠯ ᠤ᠋ᠨ ᠭᠤᠷᠪᠠᠨ ᠵᠠᠮ ᠤ᠋ᠨ ᠴᠡᠷᠢᠭ ᠲᠦ᠍ ᠴᠣᠬᠢᠭᠳᠠᠨ ᠪᠤᠲᠠᠷᠠᠭᠰᠠᠨ ᠲᠤᠯᠠ ᠨᠢᠭᠡᠳᠦᠨ ᠪᠠᠢᠯᠳᠤᠬᠤ ᠴᠢᠳᠠᠯ ᠦᠭᠡᠢ ᠪᠣᠯᠤᠭᠰᠠᠨ ᠢ᠋ᠶ᠋ᠠᠷ ᠠᠯᠲᠠᠨ ᠤᠯᠤᠰ ᠤ᠋ᠨ ᠨᠤᠲᠤᠭ ᠤ᠋ᠨ ᠶᠡᠬᠡᠩᠬᠢ ᠬᠡᠰᠡᠭ ᠡᠵᠡᠯᠡᠭᠳᠡᠭᠡᠳ ᠡᠮᠦᠨ᠎ᠡ ᠵᠦᠭ ᠦ᠋ᠨ ᠬᠡᠳᠦᠬᠡᠨ ᠬᠣᠲᠠ ᠦᠯᠡᠳᠡᠵᠡᠢ᠃ ᠡᠢᠮᠦ ᠦᠶ᠎ᠡ ᠳ᠋ᠦ᠍ ᠨᠠᠢᠷᠠᠮᠳᠠᠨ ᠴᠡᠷᠢᠭ ᠢ᠋ᠶ᠋ᠡᠨ ᠲᠠᠲᠠᠨ᠎ᠠ ᠭᠡᠳᠡᠭ ᠬᠣᠵᠢᠮ ᠤ᠋ᠨ ᠳᠠᠢᠰᠤᠨ ᠢ᠋ᠶ᠋ᠠᠨ ᠵᠦᠭᠡᠷ ᠲᠠᠯᠪᠢᠵᠤ ᠶᠠᠪᠤᠭᠤᠯᠤᠭᠰᠠᠨ ᠲᠠᠢ ᠠᠳᠠᠯᠢ ᠬᠡᠷᠡᠭ ᠪᠣᠯᠬᠤ ᠪᠠᠢᠯ᠎ᠠ᠃ ᠲᠡᠭᠡᠭᠡᠳ ᠴᠦ᠍ ᠡᠷᠲᠡᠨ ᠦ᠌ ᠥᠰᠲᠦ ᠳᠠᠢᠰᠤᠨ ᠢ᠋ᠶ᠋ᠠᠨ ᠶᠠᠭᠠᠬᠢᠪᠠᠴᠤ ᠥᠷᠥᠰᠢᠶᠡᠵᠦ ᠪᠣᠯᠬᠤ ᠦᠭᠡᠢ ᠶ᠋ᠢ ᠬᠠᠰᠠᠷ ᠪᠠᠲᠤ ᠮᠡᠳᠡᠵᠦ ᠪᠠᠢᠪᠠ᠃ ᠠᠯᠲᠠᠨ ᠤᠯᠤᠰ ᠪᠣᠯ ᠮᠣᠩᠭᠣᠯᠴᠤᠳ ᠤ᠋ᠨ ᠬᠤᠪᠢ ᠳ᠋ᠤ᠌ ᠮᠠᠷᠲᠠᠬᠤ ᠶ᠋ᠢᠨ ᠠᠷᠭ᠎ᠠ ᠦᠭᠡᠢ ᠭᠠᠢ ᠤᠴᠠᠷᠠᠭᠤᠯᠤᠭᠰᠠᠨ ᠳᠠᠢᠰᠤᠨ ᠶᠤᠮ᠃ ᠵᠢᠯ ᠥᠨᠵᠢᠭᠡᠳ ᠯᠡ ᠶᠡᠬᠡ ᠴᠡᠷᠢᠭ ᠢᠷᠡᠭᠦᠯᠵᠦ ᠮᠣᠩᠭᠣᠯ ᠠᠢᠮᠠᠭ ᠤ᠋ᠳ ᠢ᠋ ᠳᠣᠪᠲᠣᠯᠤᠨ ᠡᠷᠡᠴᠦᠳ ᠢ᠋ ᠨᠢ ᠬᠥᠨᠥᠭᠡᠨ᠂ ᠬᠦᠴᠦ ᠶ᠋ᠢ ᠨᠢ ᠴᠥᠭᠡᠯᠡᠬᠦ ᠬᠣᠣᠷᠲᠤ ᠪᠣᠳᠣᠯᠭ᠎ᠠ ᠶᠠᠪᠤᠭᠤᠯᠵᠤ ᠢᠷᠡᠭᠰᠡᠨ ᠢ᠋ ᠨᠢ ᠶᠠᠭᠠᠬᠢᠭᠠᠳ ᠴᠤ᠌ ᠮᠠᠷᠲᠠᠵᠤ ᠪᠣᠯᠬᠤ ᠦᠭᠡᠢ᠃ ᠡᠢᠮᠦ ᠥᠰᠲᠦ ᠳᠠᠢᠰᠤᠨ ᠢ᠋ᠶ᠋ᠠᠨ ᠥᠷᠥᠰᠢᠶᠡᠨ ᠨᠠᠢᠷᠠᠮᠳᠠᠨ᠎ᠠ ᠭᠡᠪᠡᠯ ᠴᠢᠩᠭᠢᠰ ᠬᠠᠭᠠᠨ ᠬᠡᠵᠢᠶ᠎ᠡ ᠴᠦ᠍ ᠵᠥᠪᠰᠢᠶᠡᠷᠡᠬᠦ ᠦᠭᠡᠢ ᠪᠢᠵᠡ᠃ ᠠᠯᠲᠠᠨ ᠤᠯᠤᠰ ᠤ᠋ᠨ ᠬᠠᠭᠠᠨ ᠶᠦᠩᠵᠢ ᠵᠠᠯᠢ ᠵᠣᠬᠢᠶᠠᠵᠤ ᠴᠠᠭ ᠬᠣᠨᠵᠢᠨ ᠴᠡᠷᠢᠭ ᠢ᠋ᠶ᠋ᠡᠨ ᠴᠤᠭᠯᠠᠭᠤᠯᠬᠤ ᠶ᠋ᠢᠨ ᠲᠤᠯᠠᠳᠠ ᠡᠢᠮᠦ ᠠᠷᠭ᠎ᠠ ᠰᠡᠳᠦᠭᠰᠡᠨ ᠨᠢ ᠲᠡᠷᠡ ᠪᠥᠭᠡᠳ ᠦᠨᠡᠨ ᠳ᠋ᠡᠭᠡᠨ ᠡᠭᠦᠨ ᠡᠴᠡ ᠥᠭᠡᠷ᠎ᠡ ᠶ᠋ᠢ ᠰᠡᠳᠬᠢᠭᠰᠡᠨ ᠦᠭᠡᠢ ᠪᠢᠯᠡ᠃ ᠲᠡᠢᠮᠦ ᠴᠦ᠍ ᠤᠴᠢᠷ ᠠ᠋ᠴᠠ ᠮᠣᠩᠭᠣᠯᠴᠤᠳ ᠲᠠᠢ ᠡᠷᠬᠡᠪᠰᠢ ᠡᠷᠲᠡᠨ ᠡᠴᠡ ᠠᠶᠠᠲᠠᠢ ᠬᠠᠷᠢᠯᠴᠠᠭ᠎ᠠ ᠲᠠᠢ ᠭᠡᠭᠳᠡᠳᠡᠭ ᠸᠠᠩᠭᠢᠩ ᠴᠢᠩᠰᠠᠩ ᠢ᠋ ᠰᠣᠩᠭᠣᠨ ᠢᠯᠡᠭᠡᠭᠰᠡᠨ ᠨᠢ ᠢᠯᠡᠳᠲᠡ ᠠᠵᠢ᠃  
       ᠪᠦᠭᠦᠳᠡ ᠬᠠᠰᠠᠷ ᠤ᠋ᠨ ᠦᠭᠡ ᠶ᠋ᠢ ᠬᠦᠯᠢᠶᠡᠵᠦ ᠪᠠᠢᠪᠠ᠃ ᠸᠠᠩᠭᠢᠩ ᠴᠢᠩᠰᠠᠩ ᠬᠠᠭᠤᠴᠢᠨ ᠬᠠᠭᠠᠨ ᠤ᠋ ᠪᠠᠨ ᠦᠷᠭᠦᠭᠡᠨ ᠳ᠋ᠦ᠍ ᠬᠥᠯ ᠲᠠᠯᠪᠢᠵᠤ ᠡᠬᠢᠯᠡᠭᠡᠳ ᠡᠨᠡ ᠣᠯᠠᠨ ᠮᠣᠩᠭᠣᠯᠴᠤᠳ ᠤ᠋ᠨ ᠬᠡᠨ ᠳ᠋ᠦ᠍ᠨᠢ ᠡᠬᠢᠯᠡᠵᠦ ᠶᠣᠰᠣᠯᠠᠬᠤ ᠪᠠᠨ ᠮᠡᠳᠡᠬᠦ ᠦᠭᠡᠢ ᠠᠯᠮᠠᠢᠷᠠᠭᠰᠠᠨ ᠴᠤ᠌ ᠬᠠᠰᠢᠷ ᠬᠥᠮᠦᠨ ᠲᠤᠯᠠ ᠳᠣᠣᠷᠠᠬᠠᠨ ᠢ᠋ᠶ᠋ᠠᠨ ᠰᠡᠬᠡᠭᠡᠷᠡᠵᠦ ᠬᠠᠰᠠᠷ ᠳᠤ ᠣᠢᠷᠠᠲᠤᠨ ᠳᠣᠣᠷ᠎ᠠ ᠮᠡᠬᠦᠢᠪᠡ᠃ ᠸᠠᠩᠭᠢᠩ ᠴᠢᠩᠰᠠᠩ ᠤᠷᠲᠤ ᠦᠭᠡ ᠨᠤᠷᠰᠢᠭᠰᠠᠨ ᠢ᠋ ᠬᠢᠳᠠᠨ ᠬᠡᠯᠡᠮᠦᠷᠴᠢ ᠤᠯᠠᠮᠵᠢᠯᠠᠵᠤ ᠳᠠᠭᠤᠰᠲᠠᠯ᠎ᠠ ᠬᠡᠨ ᠴᠦ᠍ ᠳᠤᠤᠭᠠᠷᠤᠭᠰᠠᠨ ᠦᠭᠡᠢ᠃ ᠪᠦᠭᠦᠳᠡ ᠣᠳᠣ ᠬᠠᠰᠠᠷ ᠤ᠋ᠨ ᠦᠭᠡ ᠶ᠋ᠢ ᠬᠦᠯᠢᠶᠡᠬᠦ ᠠᠵᠢ᠃ ᠸᠠᠩᠭᠢᠩ ᠴᠢᠩᠰᠠᠩ ᠨᠠᠢᠷᠰᠠᠭ ᠢ᠋ᠶ᠋ᠠᠷ ᠢᠨᠢᠶᠡᠮᠰᠦᠭᠯᠡᠵᠦ ᠪᠠᠭ ᠡᠮᠦᠰᠦᠭᠰᠡᠨ ᠮᠡᠲᠦ ᠬᠠᠭᠤᠷᠮᠠᠴᠢ ᠮᠢᠰᠢᠶᠡᠯ ᠨᠢᠭᠤᠷ ᠲᠠᠭᠠᠨ ᠲᠣᠳᠣᠷᠠᠭᠤᠯᠤᠨ ᠶᠡᠬᠡᠮᠰᠦᠭ ᠵᠣᠭᠰᠣᠨ᠎ᠠ᠃ 
       — ᠲᠡᠭᠦᠨ ᠦ᠌ ᠦᠭᠡ ᠶ᠋ᠢ ᠪᠤᠤ ᠰᠣᠨᠣᠰ᠃ ᠮᠠᠷᠭᠠᠰᠢ ᠣᠯᠵᠠᠨ ᠤ᠋ ᠬᠥᠰᠬᠡ ᠶᠠᠪᠤᠵᠤ ᠳᠠᠭᠤᠰᠤᠮᠠᠭᠴᠠ ᠳᠠᠢᠳᠤ ᠪᠠᠯᠭᠠᠰᠤ ᠶ᠋ᠢ ᠭᠤᠷᠪᠠ ᠬᠣᠨᠣᠭ ᠴᠡᠷᠢᠭ ᠦ᠋ᠳ ᠢ᠋ᠶ᠋ᠡᠷ ᠢ᠋ᠶ᠋ᠡᠨ ᠲᠠᠯᠠᠭᠤᠯᠤᠭᠲᠤᠨ᠃ ᠲᠡᠳᠡ ᠲᠡᠢᠨ ᠦ᠌ ᠣᠯᠵᠠ ᠬᠡᠰᠢᠭ ᠢ᠋ᠶ᠋ᠡᠨ ᠥᠪᠡᠷ ᠦ᠋ᠨ ᠴᠢᠳᠠᠯ ᠰᠠᠮᠪᠠᠭ᠎ᠠ ᠪᠠᠷ ᠣᠯᠵᠤ ᠠᠪᠴᠠᠭᠠᠭ᠃ ᠲᠡᠭᠡᠭᠡᠳ ᠵᠥᠩᠲᠦ ᠬᠣᠲᠠ ᠶ᠋ᠢ ᠳᠠᠭᠠᠷᠢᠵᠤ ᠠᠯᠲᠠᠨ ᠬᠠᠭᠠᠨ ᠤ᠋ ᠲᠡᠷᠡ ᠢᠴᠢᠭᠡ ᠶ᠋ᠢ ᠡᠪᠳᠡᠨ ᠳᠠᠭᠤᠰᠬᠠᠶ᠎ᠠ᠃ ᠲᠡᠷᠡ ᠣᠳᠣ ᠵᠥᠩᠲᠦ ᠶ᠋ᠢ ᠪᠢᠳᠡᠨ ᠳ᠋ᠦ᠍ ᠥᠭᠬᠦ ᠦᠭᠡᠢ ᠬᠠᠮᠢᠭᠠᠰᠢ ᠪᠠᠨ ᠵᠠᠢᠯᠠᠨ᠎ᠠ ᠭᠡᠵᠦ ᠬᠠᠰᠠᠷ ᠥᠪᠡᠷ ᠦ᠋ᠨ ᠰᠠᠨᠠᠭ᠎ᠠ ᠶ᠋ᠢ ᠲᠣᠪᠴᠢ ᠪᠥᠭᠡᠳ ᠡᠷᠭᠢᠯᠲᠡ ᠪᠤᠴᠠᠯᠲᠠ ᠦᠭᠡᠢ ᠬᠡᠯᠡᠪᠡ᠃ ᠬᠠᠰᠠᠷ ᠤ᠋ᠨ ᠰᠡᠳᠬᠢᠯ ᠳ᠋ᠦ᠍ ᠢᠯᠠᠬᠤ ᠳᠡᠢᠯᠬᠦ ᠶ᠋ᠢᠨ ᠶᠡᠬᠡ ᠬᠦᠴᠦ ᠣᠷᠭᠢᠯᠵᠤ ᠪᠠᠢᠯ᠎ᠠ᠃ ᠠᠯᠲᠠᠨ ᠬᠠᠭᠠᠨ ᠢ᠋ ᠨᠢᠭᠡᠮᠦᠰᠦᠨ ᠳᠠᠷᠤᠨ ᠰᠥᠨᠥᠭᠡᠬᠦ ᠶ᠋ᠢ ᠬᠠᠰᠠᠷ ᠬᠦᠰᠡᠵᠦ ᠪᠠᠢᠪᠠ᠃ 
       — ᠠᠯᠲᠠᠨ ᠬᠠᠭᠠᠨ ᠤ᠋ ᠡᠯᠴᠢ ᠪᠢ ᠵᠥᠪᠬᠡᠨ ᠴᠢᠩᠭᠢᠰ ᠬᠠᠭᠠᠨ ᠳ᠋ᠤ᠌ ᠪᠠᠷᠠᠯᠬᠠᠬᠤ ᠬᠦᠰᠡᠯᠲᠡᠢ᠃ ᠪᠠᠰᠠ ᠴᠢᠩᠭᠢᠰ ᠬᠠᠭᠠᠨ ᠳ᠋ᠤ᠌ ᠪᠡᠯᠡᠭᠯᠡᠬᠦ ᠪᠡᠷ ᠠᠯᠲᠠᠨ ᠬᠠᠭᠠᠨ ᠤ᠋ ᠭᠦᠩᠵᠦ ᠶ᠋ᠢ ᠠᠪᠴᠢᠷᠠᠭᠰᠠᠨ ᠪᠢᠯᠡ᠃ ᠴᠢᠩᠭᠢᠰ ᠬᠠᠭᠠᠨ ᠲᠤᠰᠠᠭᠠᠷ ᠤᠯᠤᠰ ᠤ᠋ᠨ ᠡᠯᠴᠢ ᠳ᠋ᠦ᠍ ᠣᠨᠴᠠᠭᠠᠢ ᠬᠦᠨᠳᠦᠯᠡᠯ ᠦᠵᠡᠭᠦᠯᠳᠡᠭ ᠢ᠋ ᠸᠠᠩᠭᠢᠩ ᠴᠢᠩᠰᠠᠩ ᠪᠢ ᠰᠠᠢᠨ ᠰᠠᠨᠠᠵᠤ ᠪᠠᠢᠨ᠎ᠠ᠃ ᠲᠠᠲ᠋ᠠᠷ ᠤ᠋ᠨ ᠮᠡᠬᠦᠵᠢᠨ ᠰᠡᠭᠦᠯᠲᠦ ᠶ᠋ᠢ ᠬᠠᠪᠰᠤᠷᠤᠨ ᠳᠠᠷᠤᠵᠤ ᠶᠠᠪᠤᠬᠤ ᠳ᠋ᠠᠭᠠᠨ ᠴᠢᠩᠭᠢᠰ ᠬᠠᠭᠠᠨ ᠪᠢᠳᠡᠨ ᠳ᠋ᠦ᠍ ᠬᠣᠶᠠᠷᠬᠠᠨ ᠪᠡᠶ᠎ᠡ ᠪᠡᠷ ᠶᠠᠷᠢᠯᠴᠠᠵᠤ ᠵᠥᠪᠯᠡᠭᠰᠡᠨ ᠵᠦᠢᠯ ᠴᠦ᠍ ᠪᠣᠢ ᠶᠤᠮ ᠭᠡᠵᠦ ᠸᠠᠩᠭᠢᠩ ᠴᠢᠩᠰᠠᠩ ᠬᠡᠯᠡᠵᠡᠢ᠃ ᠰᠦᠪᠡᠭᠡᠲᠡᠢ ᠬᠣᠭᠣᠯᠠᠢ ᠵᠠᠰᠠᠪᠠ᠃ ᠡᠨᠡ ᠪᠣᠯ ᠰᠦᠪᠡᠭᠡᠲᠡᠢ ᠶ᠋ᠢᠨ ᠪᠣᠯᠭᠣᠮᠵᠢᠯᠠᠭᠤᠯᠵᠤ ᠪᠣᠢ ᠳᠣᠬᠢᠶ᠎ᠠ ᠪᠠᠢᠯ᠎ᠠ᠃ ᠤᠴᠢᠷ ᠨᠢ ᠰᠦᠪᠡᠭᠡᠲᠡᠢ ᠠᠯᠢᠪᠠ ᠪᠦᠬᠦ ᠬᠡᠷᠡᠭ ᠢ᠋ ᠭᠠᠭᠴᠠ ᠴᠢᠩᠭᠢᠰ ᠬᠠᠭᠠᠨ ᠤ᠋ ᠲᠠᠭᠠᠯᠠᠯ ᠳ᠋ᠤ᠌ ᠨᠡᠢᠴᠡᠭᠦᠯᠦᠨ ᠭᠦᠢᠴᠡᠯᠳᠦᠭᠦᠯᠵᠦ ᠰᠤᠷᠤᠭᠰᠠᠨ ᠲᠤᠯᠠ ᠢᠩᠭᠢᠵᠡᠢ᠃ ᠰᠠᠶᠢ ᠯᠠ ᠬᠡᠷᠡᠭ ᠦ᠋ᠨ ᠤᠴᠢᠷ ᠢ᠋ ᠪᠦᠷᠢᠨ ᠣᠢᠯᠠᠭᠠᠭᠰᠠᠨ ᠬᠠᠰᠠᠷ ᠲᠦᠷᠭᠡᠳᠡᠭᠰᠡᠨ ᠢ᠋ᠶ᠋ᠡᠨ ᠮᠡᠳᠡᠯ᠎ᠡ᠃ ᠴᠢᠩᠭᠢᠰ ᠬᠠᠭᠠᠨ ᠤ᠋ ᠵᠠᠷᠯᠢᠭ ᠰᠠᠨᠠᠯ ᠢ᠋ ᠰᠣᠨᠣᠰᠤᠭ᠎ᠠ ᠦᠭᠡᠢ ᠪᠠᠢᠵᠤ ᠶᠡᠬᠡ ᠦᠭᠡ ᠬᠡᠯᠡᠵᠦ ᠪᠣᠯᠴᠠᠮ ᠦᠭᠡᠢ ᠵᠠᠩ ᠭᠠᠷᠭᠠᠭᠰᠠᠨ ᠢ᠋ᠶ᠋ᠠᠨ ᠣᠢᠯᠠᠭᠠᠪᠠ᠃ ᠭᠡᠪᠡᠴᠦ ᠣᠷᠣᠢᠲᠠᠵᠠᠢ᠃ ᠣᠮᠣᠭᠯᠠᠩ ᠵᠠᠩ ᠨᠢ ᠪᠠᠭᠤᠵᠤ ᠥᠭᠬᠦ ᠶ᠋ᠢ ᠬᠦᠰᠡᠭᠰᠡᠨ ᠦᠭᠡᠢ᠃ ᠬᠠᠰᠠᠷ ᠬᠡᠯᠡᠭᠰᠡᠨ ᠦᠭᠡᠨ ᠡᠴᠡ ᠪᠡᠨ ᠪᠤᠴᠠᠯ ᠦᠭᠡᠢ ᠪᠡᠷ ᠠᠯᠲᠠᠨ ᠬᠠᠭᠠᠨ ᠤ᠋ ᠡᠯᠴᠢ ᠶ᠋ᠢ ᠭᠠᠷᠭᠠᠪᠠ᠃ ᠬᠠᠷᠢᠨ ᠴᠢᠩᠭᠢᠰ ᠬᠠᠭᠠᠨ ᠳ᠋ᠤ᠌ ᠢᠯᠡᠭᠡᠭᠰᠡᠨ ᠠᠯᠲᠠᠨ ᠬᠠᠭᠠᠨ ᠤ᠋ ᠭᠦᠩᠵᠦ ᠶ᠋ᠢ ᠬᠡᠷᠬᠢᠬᠦ ᠲᠤᠬᠠᠢ ᠸᠠᠩᠬᠢᠩ ᠴᠢᠩᠰᠠᠩ ᠠᠰᠠᠭᠤᠭᠰᠠᠨ ᠨᠢ ᠪᠦᠭᠦᠳᠡ ᠶ᠋ᠢ ᠪᠣᠳᠣᠯ ᠳ᠋ᠤ᠌ ᠣᠷᠣᠭᠤᠯᠪᠠ᠃ ᠡᠨᠳᠡ ᠪᠠᠢᠭᠰᠠᠳ ᠤ᠋ᠨ ᠳᠣᠲᠣᠷ᠎ᠠ ᠴᠢᠩᠭᠢᠰ ᠬᠠᠭᠠᠨ ᠢ᠋ ᠲᠥᠯᠥᠭᠡᠯᠡᠨ ᠪᠡᠯᠡᠭ ᠢ᠋ ᠬᠦᠯᠢᠶᠡᠨ ᠠᠪᠬᠤ ᠵᠢᠷᠦᠬᠡᠲᠡᠨ ᠦᠭᠡᠢ ᠪᠠᠢᠪᠠ᠃ ᠸᠠᠩᠬᠢᠩ ᠴᠢᠩᠰᠠᠩ ᠴᠤ᠌ ᠡᠭᠦᠨ ᠢ᠋ ᠰᠠᠢᠲᠤᠷ ᠮᠡᠳᠡᠵᠦ ᠪᠠᠢᠭᠰᠠᠨ ᠲᠤᠯᠠ ᠰᠠᠬᠠᠯ ᠳᠣᠣᠷ᠎ᠠ ᠪᠠᠨ ᠮᠢᠰᠢᠶᠡᠵᠦ ᠵᠣᠭᠰᠣᠪᠠ᠃   
       — ᠸᠠᠩᠬᠢᠩ ᠴᠢᠩᠰᠠᠩ ᠴᠢ ᠠᠯᠲᠠᠨ ᠬᠠᠭᠠᠨ ᠤ᠋ ᠪᠡᠯᠡᠭ ᠭᠡᠵᠦ ᠶᠠᠭᠤ ᠶᠠᠷᠢᠨ᠎ᠠ? ᠭᠠᠵᠠᠷ ᠨᠤᠲᠤᠭ᠂ ᠬᠠᠲᠤᠨ ᠭᠦᠩᠵᠦ ᠨᠢ ᠤᠳᠠᠬᠤ ᠦᠭᠡᠢ ᠪᠦᠭᠦᠳᠡ ᠴᠢᠩᠭᠢᠰ ᠬᠠᠭᠠᠨ ᠤ᠋ ᠬᠢ ᠪᠣᠯᠬᠤ ᠲᠤᠯᠠ ᠴᠢ ᠴᠢᠩᠭᠢᠰ ᠬᠠᠭᠠᠨ ᠤ᠋ ᠭᠦᠩᠵᠦ ᠶ᠋ᠢ ᠥᠪᠡᠷ ᠲᠦ᠋ᠨᠢ ᠪᠡᠯᠡᠭᠯᠡᠵᠦ ᠪᠠᠢᠭ᠎ᠠ ᠬᠡᠷᠡᠭ ᠪᠤᠰᠤ ᠤᠤ? ᠪᠢ ᠤᠳᠠᠬᠤ ᠦᠭᠡᠢ ᠲᠠᠨ ᠤ᠋ ᠲᠡᠷᠡ ᠠᠯᠲᠠᠨ ᠬᠠᠭᠠᠨ ᠢ᠋ ᠥᠪᠡᠷ ᠦ᠋ᠨ ᠭᠠᠷ ᠢ᠋ᠶ᠋ᠠᠷ ᠰᠥᠨᠥᠭᠡᠨ᠎ᠡ᠃ ᠲᠡᠷᠡ ᠴᠠᠭ ᠲᠤ ᠴᠢᠩᠭᠢᠰ ᠬᠠᠭᠠᠨ ᠥᠪᠡᠷ ᠢ᠋ᠶ᠋ᠡᠨ ᠳᠤᠷᠠᠲᠠᠢ ᠭᠦᠩᠵᠦ ᠪᠡᠨ ᠲᠠᠭᠠᠯᠠᠬᠤ ᠪᠢᠵᠡ᠃ ᠸᠠᠩᠬᠢᠩ ᠴᠢᠩᠰᠠᠩ ᠴᠢ ᠮᠣᠩᠭᠣᠯᠴᠤᠳ ᠪᠢᠳᠡᠨ ᠦ᠌ ᠬᠡᠷᠡᠭ ᠲᠦ᠍ ᠪᠦᠦ ᠣᠷᠣᠯᠴᠠ᠃ ᠪᠢᠳᠡ ᠴᠢᠮ᠎ᠠ ᠲᠠᠢ ᠴᠢᠮ᠎ᠠ ᠦᠭᠡᠢ ᠬᠣᠲᠠ ᠤᠯᠤᠰ ᠢ᠋ ᠴᠢᠨᠢ ᠡᠵᠡᠯᠡᠵᠦ ᠶᠡᠬᠡ ᠬᠠᠭᠠᠨ ᠳ᠋ᠠᠭᠠᠨ ᠬᠠᠴᠠᠷ ᠭᠤᠸ᠎ᠠ ᠡᠮᠡᠰ ᠢ᠋ ᠠᠪᠴᠤ ᠥᠭᠴᠦ ᠳᠥᠩᠭᠡᠨ᠎ᠡ ᠭᠡᠵᠦ ᠬᠠᠰᠠᠷ ᠤ᠋ᠨ ᠬᠡᠯᠡᠭᠰᠡᠨ ᠨᠢ ᠪᠦᠬᠦᠨ ᠳ᠋ᠦ᠍ ᠲᠠᠭᠠᠰᠢᠶᠠᠭᠳᠠᠵᠤ ᠬᠠᠷᠢᠨ ᠸᠠᠩᠬᠢᠩ ᠴᠢᠩᠰᠠᠩ ᠬᠡᠯᠡᠬᠦ ᠦᠭᠡ ᠦᠭᠡᠢ ᠪᠣᠯᠵᠠᠢ᠃   
       ᠬᠠᠰᠠᠷ ᠦᠨᠡᠬᠡᠷ ᠢᠩᠭᠢᠨ᠎ᠡ ᠭᠡᠵᠦ ᠪᠣᠳᠣᠭᠠᠳ ᠢᠲᠡᠭᠡᠯ ᠲᠡᠭᠦᠰ ᠬᠡᠯᠡᠭᠰᠡᠨ ᠪᠢᠯᠡ᠃ ᠲᠡᠭᠦᠨ ᠦ᠌ ᠵᠣᠷᠢᠭ ᠳᠦᠭᠦᠷᠡᠩ ᠬᠡᠯᠡᠭᠰᠡᠨ ᠡᠳᠡᠭᠡᠷ ᠦᠭᠡᠰ ᠡᠨᠳᠡ ᠡᠴᠡ ᠭᠤᠷᠪᠠᠨ ᠵᠠᠭᠤᠨ ᠪᠠᠷ᠎ᠠ ᠶ᠋ᠢᠨ ᠴᠠᠭᠠᠨ᠎ᠠ ᠪᠠᠢᠭᠰᠠᠨ ᠴᠢᠩᠭᠢᠰ ᠬᠠᠭᠠᠨ ᠤ᠋ ᠦᠷᠭᠦᠭᠡᠨ ᠳ᠋ᠦ᠍ ᠲᠡᠷᠡ ᠰᠥᠨᠢ ᠳ᠋ᠡᠭᠡᠨ ᠬᠦᠷᠴᠦ ᠮᠠᠷᠭᠠᠰᠢ ᠡᠳᠦᠷ ᠦ᠋ᠨ ᠮᠣᠷᠢᠨ ᠴᠠᠭ ᠲᠤ《ᠠᠯᠲᠠᠨ ᠬᠠᠭᠠᠨ ᠤ᠋ ᠡᠯᠴᠢ ᠶ᠋ᠢ ᠨᠠᠭᠠᠰᠢ ᠢᠯᠡᠬᠡᠨ ᠪᠠᠷᠠᠯᠬᠠᠭᠤᠯᠤᠭᠲᠤᠨ᠃ ᠬᠠᠰᠠᠷ ᠢ᠋ ᠳᠠᠷᠤᠢ ᠢᠷᠡᠭᠦᠯᠰᠦᠭᠡᠢ》 ᠬᠡᠮᠡᠭᠰᠡᠨ ᠵᠠᠷᠯᠢᠭ ᠢᠷᠡᠵᠡᠢ᠃ ᠬᠠᠰᠠᠷ ᠤ᠋ᠨ ᠦᠭᠡ ᠶ᠋ᠢ ᠰᠢᠪᠠᠭᠤ ᠵᠥᠭᠡᠭᠡᠭᠰᠡᠨ ᠮᠡᠲᠦ ᠲᠦᠷᠭᠡᠨ᠎ᠡ ᠬᠦᠷᠭᠡᠭᠰᠡᠨ ᠡᠯᠴᠢ ᠣᠳᠣ ᠴᠢᠩᠭᠢᠰ ᠬᠠᠭᠠᠨ ᠤ᠋ ᠵᠠᠷᠯᠢᠭ ᠢ᠋ ᠤᠯᠠᠮᠵᠢᠯᠠᠬᠤ ᠪᠠᠷ ᠡᠮᠦᠨ᠎ᠡ ᠨᠢ ᠵᠣᠭᠰᠣᠵᠤ ᠪᠠᠢᠪᠠ᠃ ᠰᠦᠪᠡᠭᠡᠳᠡᠢ ᠨᠢᠭᠤᠴᠠ ᠪᠠᠷ ᠡᠯᠴᠢ ᠢᠯᠡᠭᠡᠭᠰᠡᠨ ᠢ᠋ ᠬᠠᠰᠠᠷ ᠭᠠᠳᠠᠷᠯᠠᠭᠰᠠᠨ ᠴᠤ᠌ ᠲᠡᠭᠦᠨ ᠳ᠋ᠦ᠍ ᠶᠡᠷᠦ ᠭᠣᠮᠣᠳᠠᠵᠤ ᠠᠭᠤᠷᠯᠠᠭᠰᠠᠨ ᠦᠭᠡᠢ᠃ ᠰᠦᠪᠡᠭᠡᠳᠡᠢ ᠡᠰᠡ ᠲᠡᠭᠡᠪᠡᠯ ᠥᠭᠡᠷ᠎ᠡ ᠬᠡᠨ ᠴᠢᠩᠭᠢᠰ ᠬᠠᠭᠠᠨ ᠳ᠋ᠤ᠌ ᠦᠨᠡᠨᠴᠢ ᠵᠢᠳᠬᠦᠬᠦ ᠪᠢᠯᠡ᠃ ᠬᠠᠰᠠᠷ ᠤᠭ ᠠ᠋ᠴᠠ ᠥᠪᠡᠷ ᠦ᠋ᠨ ᠪᠣᠳᠣᠯ ᠢ᠋ ᠵᠥᠪ ᠭᠡᠵᠦ ᠢᠲᠡᠭᠡᠬᠦ ᠲᠤᠯᠠ ᠲᠠᠢᠪᠤᠩ ᠪᠠᠢᠵᠠᠢ᠃ ᠲᠡᠷᠡ ᠲᠡᠢ ᠲᠡᠷᠡ ᠦᠭᠡᠢ ᠴᠢᠩᠭᠢᠰ ᠬᠠᠭᠠᠨ ᠠᠯᠲᠠᠨ ᠬᠠᠭᠠᠨ ᠢ᠋ ᠨᠢᠭᠡᠮᠦᠰᠦᠨ ᠰᠥᠨᠥᠭᠡᠬᠦ ᠵᠠᠷᠯᠢᠭ ᠪᠠᠭᠤᠯᠭᠠᠨ᠎ᠠ ᠭᠡᠳᠡᠭ ᠲᠦ᠍ ᠡᠷᠡᠭᠡᠯᠵᠡᠭᠰᠡᠨ ᠦᠭᠡᠢ᠃ ᠴᠢᠩᠭᠢᠰ ᠬᠠᠭᠠᠨ ᠤ᠋ ᠡᠯᠴᠢ ᠢᠷᠡᠭᠰᠡᠨ ᠢ᠋ ᠤᠯᠠᠮᠵᠢᠯᠠᠬᠤ ᠳ᠋ᠤ᠌ ᠬᠠᠰᠠᠷ᠂ ᠳᠠᠢᠳᠤ ᠪᠠᠯᠭᠠᠰᠤ ᠶ᠋ᠢᠨ ᠲᠥᠪ ᠲᠦ᠍ ᠠᠯᠲᠠᠨ ᠬᠠᠭᠠᠨ ᠤ᠋ ᠵᠤᠨ ᠤ᠋ ᠰᠡᠷᠢᠭᠦᠨ ᠦᠷᠭᠦᠭᠡᠨ ᠦ᠌ ᠭᠠᠳᠠᠨ᠎ᠠ ᠮᠣᠷᠢ ᠬᠠᠷᠠᠵᠤ ᠪᠠᠢᠪᠠ᠃ ᠡᠯᠴᠢ ᠶ᠋ᠢᠨ  ᠥᠭᠴᠢᠯᠡᠭᠰᠡᠨ ᠰᠢᠷ᠎ᠠ ᠳᠤᠭᠲᠤᠢᠲᠤ ᠪᠢᠴᠢᠭ ᠢ᠋ ᠬᠠᠰᠠᠷ ᠣᠭᠲᠣ ᠭᠠᠢᠬᠠᠭᠰᠠᠨ ᠦᠭᠡᠢ ᠠᠪᠤᠯ᠎ᠠ᠃ ᠲᠣᠭᠳᠣᠢ ᠶ᠋ᠢᠨ ᠭᠠᠳᠠᠨ᠎ᠠ ᠴᠢᠩᠭᠢᠰ ᠬᠠᠭᠠᠨ ᠤ᠋ ᠲᠠᠮᠠᠭ᠎ᠠ ᠶ᠋ᠢ ᠳᠠᠷᠤᠵᠠᠢ᠃ ᠲᠣᠭᠳᠣᠢ ᠶ᠋ᠢ ᠵᠠᠳᠠᠯᠪᠠᠯ ᠴᠢᠩᠭᠢᠰ ᠬᠠᠭᠠᠨ ᠤ᠋ ᠪᠢᠴᠢᠭ ᠦ᠋ᠨ ᠲᠦᠰᠢᠮᠡᠯ ᠲᠠᠲᠠᠲᠤᠩᠭ᠎ᠠ ᠥᠪᠡᠷ ᠦ᠋ᠨ ᠭᠠᠷ ᠢ᠋ᠶ᠋ᠠᠷ《ᠵᠠᠷᠯᠢᠭ ᠢ᠋ ᠠᠪᠤᠮᠠᠭᠴᠠ ᠳᠠᠷᠤᠢ ᠬᠡᠭᠡᠷ᠎ᠡ ᠶ᠋ᠢᠨ ᠦᠷᠭᠦᠭᠡᠨ ᠳ᠋ᠦ᠍ ᠢᠷᠡᠭᠲᠦᠨ》 ᠭᠡᠵᠦ ᠪᠢᠴᠢᠭᠡᠳ ᠮᠥᠨ ᠯᠡ ᠴᠢᠩᠭᠢᠰ ᠬᠠᠭᠠᠨ ᠤ᠋ ᠲᠠᠮᠠᠭ᠎ᠠ ᠶ᠋ᠢ ᠳᠠᠷᠤᠵᠠᠢ᠃ ᠬᠠᠰᠠᠷ ᠪᠢᠴᠢᠭ ᠢ᠋ ᠲᠦᠪᠳᠡᠯ ᠦᠭᠡᠢ ᠤᠩᠰᠭᠳ ᠢᠨᠢᠶᠡᠮᠰᠦᠭᠯᠡᠪᠡ᠃ 
       — ᠴᠢᠩᠭᠢᠰ ᠬᠠᠭᠠᠨ ᠤ᠋ ᠵᠠᠷᠯᠢᠭ ᠰᠢᠪᠠᠭᠤ ᠮᠡᠲᠦ ᠨᠢᠰᠳᠡᠭ ᠪᠣᠯᠵᠠᠢ ᠭᠡᠵᠦ ᠬᠠᠰᠠᠷ ᠡᠩ ᠦ᠋ᠨ ᠲᠠᠢᠪᠤᠩ ᠬᠡᠯᠡᠭᠡᠳ ᠢᠨᠢᠶᠡᠮᠰᠦᠭᠯᠡᠪᠡ᠃ ᠣᠢᠷ᠎ᠠ ᠣᠢᠷᠠᠬᠠᠨ ᠵᠠᠢᠲᠠᠢ ᠪᠤᠤᠬᠢᠶᠠᠯᠠᠭᠤᠯᠤᠨ ᠪᠠᠢᠭᠤᠯᠤᠭᠰᠠᠨ ᠥᠷᠲᠡᠭᠡ ᠶ᠋ᠢ ᠳᠠᠮᠵᠢᠨ ᠮᠣᠷᠢ ᠰᠡᠯᠭᠦᠨ ᠳᠠᠪᠬᠢᠬᠤ ᠮᠣᠩᠭᠣᠯ ᠡᠯᠴᠢ ᠰᠢᠭ ᠲᠦᠷᠭᠡᠨ ᠰᠢᠭᠤᠷᠬᠠᠢ ᠬᠣᠯᠪᠣᠭ᠎ᠠ ᠬᠠᠮᠢᠭ᠎ᠠ ᠴᠤ᠌ ᠪᠠᠢᠬᠤ ᠦᠭᠡᠢ ᠪᠣᠯᠵᠠᠢ᠃ 
       — ᠶᠡᠬᠥ᠁ ᠶᠢᠰᠦᠩᠬᠡᠢ᠁ ᠭᠡᠵᠦ ᠬᠠᠰᠬᠢᠷᠬᠤ ᠳ᠋ᠤᠨᠢ ᠰᠢᠳᠠᠷ ᠨᠢ ᠭᠦᠶᠦᠨ ᠢᠷᠡᠪᠡ᠃   
       — ᠬᠥᠪᠡᠭᠦᠨ ᠠᠷᠠᠢ ᠳᠡᠭᠡᠭᠰᠢᠯᠡᠭᠡ ᠦᠭᠡᠢ ᠪᠠᠢᠨ᠎ᠠ ᠭᠡᠵᠦ ᠰᠢᠳᠠᠷ ᠬᠤᠯᠮᠠᠯᠵᠠᠨ᠎ᠠ᠃   
       — ᠥᠴᠥᠭᠡᠳᠦᠷ ᠬᠢᠲᠠᠳ ᠪᠦᠰᠡᠭᠦᠢᠴᠦᠦᠯ ᠡᠳ᠋ᠯᠡᠵᠦ ᠬᠣᠨᠣᠭᠰᠠᠨ ᠪᠢᠵᠡ ᠭᠡᠵᠦ ᠬᠠᠰᠠᠷ ᠢᠪᠡᠭᠡᠩᠬᠦᠢ ᠪᠡᠷ ᠬᠡᠯᠡᠭᠡᠳ   
       — ᠮᠣᠷᠢ ᠪᠡᠯᠡᠳ᠃ ᠪᠢ ᠴᠢᠩᠭᠢᠰ ᠬᠠᠭᠠᠨ ᠤ᠋ ᠦᠷᠭᠦᠭᠡᠨ ᠳ᠋ᠦ᠍ ᠬᠦᠷᠬᠦ ᠪᠣᠯᠤᠯ᠎ᠠ᠃ ᠶᠡᠬᠦ᠂ ᠶᠢᠰᠦᠩᠬᠡᠢ ᠪᠦᠭᠦᠳᠡ ᠶ᠋ᠢ ᠪᠤᠰᠬ᠎ᠠ᠃ ᠴᠡᠷᠢᠭ ᠢ᠋ᠶ᠋ᠡᠨ ᠵᠢᠭᠰᠠᠭ᠎ᠠ ᠭᠡᠵᠦ ᠲᠤᠰᠢᠶᠠᠪᠠ᠃ ᠡᠴᠢᠭᠡ ᠡᠴᠡ ᠪᠡᠨ ᠰᠡᠭᠦᠯᠳᠡᠵᠦ ᠪᠣᠰᠤᠭᠰᠠᠨ ᠬᠥᠪᠡᠭᠦᠳ ᠦ᠋ᠨ ᠲᠥᠯᠥᠭᠡ ᠰᠠᠨᠠᠭ᠎ᠠ ᠵᠣᠪᠠᠭᠰᠠᠨ ᠰᠢᠳᠠᠷ ᠭᠦᠶᠦᠵᠦ ᠣᠳᠪᠠ᠃᠂ ᠠᠯᠲᠠᠨ ᠬᠠᠭᠠᠨ ᠤ᠋ ᠡᠯᠴᠢ ᠸᠠᠩᠬᠢᠩ ᠴᠢᠩᠰᠠᠩ ᠳ᠋ᠤ᠌ ᠬᠡᠯᠡᠭᠰᠡᠨ ᠦᠭᠡᠨ ᠦ᠌  ᠬᠢᠨᠢ ᠲᠥᠯᠥᠭᠡ ᠴᠢᠩᠭᠢᠰ ᠬᠠᠭᠠᠨ ᠬᠢᠯᠢᠩᠨᠡᠨ ᠳᠠᠭᠤᠳᠠᠭᠰᠠᠨ ᠪᠢᠵᠡ ᠭᠡᠵᠦ ᠬᠠᠰᠠᠷ ᠲᠠᠭᠠᠮᠠᠭᠯᠠᠭ᠎ᠠ ᠦᠭᠡᠢ ᠴᠦ᠍ ᠰᠡᠳᠬᠢᠯ ᠨᠢ ᠭᠡᠨᠡᠳᠲᠡ ᠴᠢᠬᠤᠯᠳᠠᠭᠤ ᠪᠣᠯᠵᠠᠢ᠃ ᠭᠡᠪᠡᠴᠦ ᠨᠢᠭᠡᠨᠲᠡ ᠦᠨᠡᠨ ᠵᠥᠪ ᠦᠭᠡ ᠬᠡᠯᠡᠭᠰᠡᠨ ᠲᠤᠯᠠ ᠤᠬᠤᠷᠢᠬᠤ ᠨᠢᠴᠤᠬᠤ ᠵᠦᠢᠯ ᠦᠭᠡᠢ ᠪᠡᠷ ᠲᠡᠷᠡ ᠡᠳᠦᠷ ᠢ᠋ᠶ᠋ᠡᠨ ᠰᠢᠳᠠᠷ ᠲᠣᠷᠭᠠᠨ ᠴᠡᠷᠢᠭ ᠢ᠋ᠶ᠋ᠡᠨ ᠳᠠᠭᠠᠭᠤᠯᠤᠨ ᠶᠠᠭᠠᠷᠠᠪᠴᠢᠯᠠᠨ ᠳᠣᠪᠲᠣᠯᠭᠠᠪᠠ᠃ ᠲᠡᠷᠡ ᠦᠶ᠎ᠡ ᠳ᠋ᠦ᠍ ᠴᠢᠩᠭᠢᠰ ᠬᠠᠭᠠᠨ ᠲᠤᠯᠤᠢ ᠬᠥᠪᠡᠭᠦᠨ ᠦ᠌ ᠪᠡᠨ ᠬᠠᠮᠲᠤ ᠴᠠᠭᠠᠨ ᠬᠡᠷᠡᠮ ᠦ᠋ᠨ ᠡᠮᠦᠨ᠎ᠡ ᠡᠲᠡᠭᠡᠳ ᠦ᠋ᠨ ᠰᠢᠷ᠎ᠠ ᠲᠡᠭᠡᠭ ᠦ᠋ᠨ ᠬᠥᠨᠳᠡᠢ ᠳ᠋ᠦ᠍ ᠪᠠᠭᠤᠳᠠᠯᠯᠠᠭᠠᠳ ᠪᠠᠢᠵᠠᠢ᠃ ᠬᠠᠰᠠᠷ ᠤ᠋ᠨ ᠪᠠᠭ ᠴᠡᠷᠢᠭ ᠳᠠᠪᠬᠢᠶᠠᠨ ᠳᠤᠮᠳᠠ ᠤᠮᠳᠠᠯᠠᠵᠤ ᠬᠣᠭᠣᠯᠠᠯᠠᠨ ᠬᠥᠲᠥᠯᠦᠭᠡ ᠮᠣᠷᠢ ᠪᠠᠨ ᠰᠡᠯᠭᠦᠨ ᠣᠨᠣᠭᠰᠠᠭᠠᠷ ᠵᠣᠭᠰᠣᠯᠲᠠ ᠦᠭᠡᠢ ᠳᠣᠪᠲᠣᠯᠭᠠᠨ ᠦᠳᠡᠰᠢ ᠰᠠᠷᠠ ᠬᠥᠭᠡᠷᠴᠦ ᠣᠳᠣ ᠲᠦᠭᠡᠵᠦ ᠪᠠᠢᠬᠤ ᠳ᠋ᠤ᠌ ᠴᠢᠩᠭᠢᠰ ᠬᠠᠭᠠᠨ ᠤ᠋ ᠦᠷᠭᠦᠭᠡᠨ ᠳ᠋ᠦ᠍ ᠳᠥᠭᠥᠵᠦ ᠡᠬᠢᠨ ᠦ᠌ ᠬᠡᠪᠲᠡᠭᠦᠯ ᠳ᠋ᠦ᠍ ᠢᠷᠡᠭᠰᠡᠨ ᠢ᠋ᠶ᠋ᠡᠨ ᠮᠡᠳᠡᠭᠦᠯᠵᠦ ᠪᠠᠢᠪᠠ᠃  
       ᠲᠡᠳᠡ ᠦᠨᠡᠬᠡᠷ ᠨᠢᠰᠬᠦ ᠮᠡᠲᠦ ᠶᠠᠪᠤᠭᠰᠠᠨ ᠪᠢᠯᠡ᠃ ᠴᠢᠩᠭᠢᠰ ᠬᠠᠭᠠᠨ ᠤ᠋ ᠶᠡᠬᠡ ᠥᠷᠭᠥᠭᠡ ᠶ᠋ᠢ ᠬᠡᠪᠲᠡᠭᠦᠯ᠂ ᠬᠡᠰᠢᠭᠲᠡᠨ ᠴᠡᠷᠢᠭ ᠦ᠋ᠳ ᠡᠷᠭᠢᠨ ᠲᠣᠭᠣᠷᠢᠨ ᠭᠤᠷᠪᠠᠨ ᠳᠠᠪᠬᠤᠷ ᠪᠦᠰᠡᠯᠡᠨ ᠬᠠᠮᠠᠭᠠᠯᠠᠵᠠᠢ᠃ ᠰᠢᠷ᠎ᠠ ᠲᠡᠭᠡᠭ ᠦ᠋ᠨ ᠬᠥᠨᠳᠡᠢ ᠶ᠋ᠢ ᠳᠦᠭᠦᠷᠲᠡᠯ᠎ᠡ ᠴᠡᠷᠢᠭ ᠦ᠋ᠨ ᠮᠠᠢᠬᠠᠨ ᠡᠩᠨᠡᠵᠦ ᠮᠣᠷᠢ ᠮᠠᠯ ᠪᠠᠭᠰᠢᠷᠠᠨ᠎ᠠ᠃ ᠰᠠᠭᠠᠬᠠᠯᠲᠠ ᠶᠠᠪᠤᠭᠠᠳ ᠯᠠ ᠬᠠᠷᠠᠭᠤᠯ ᠲᠠᠭᠠᠷᠠᠵᠤ ᠦᠵᠡᠵᠦ ᠪᠠᠢᠴᠠᠭᠠᠨ᠎ᠠ᠃ ᠡᠨᠡ ᠬᠦ᠌ ᠣᠯᠠᠨ ᠳᠠᠪᠬᠤᠷ ᠬᠠᠷᠠᠭᠤᠯ ᠬᠠᠮᠠᠭᠠᠯᠠᠯᠲᠠ ᠶ᠋ᠢ ᠬᠠᠰᠠᠷ ᠲᠤᠯᠠ ᠳ᠋ᠠᠭᠠᠨ ᠲᠦᠷᠭᠡᠨ ᠨᠡᠪᠲᠡᠷᠡᠭᠰᠡᠨ ᠴᠦ᠍ ᠳᠠᠢᠳᠤ ᠶ᠋ᠢᠨ ᠵᠠᠬ᠎ᠠ ᠠ᠋ᠴᠠ ᠰᠢᠷ᠎ᠠ ᠳᠡᠭᠡᠭ ᠦ᠋ᠨ ᠬᠥᠨᠳᠡᠢ ᠬᠦᠷᠲᠡᠯ᠎ᠡ ᠶᠠᠪᠤᠭᠰᠠᠨ ᠠ᠋ᠴᠠ ᠤᠳᠠᠬᠤ ᠰᠢᠭ᠋ ᠰᠠᠨᠠᠭᠳᠠᠭᠰᠠᠨ ᠨᠢ ᠲᠡᠭᠦᠨ ᠦ᠌ ᠶᠠᠭᠠᠷᠠᠭᠰᠠᠨ ᠰᠡᠳᠬᠢᠯ ᠦ᠋ᠨ ᠬᠢ ᠶᠦᠮ᠃ ᠴᠢᠩᠭᠢᠰ ᠬᠠᠭᠠᠨ ᠤ᠋ ᠶᠡᠬᠡ ᠦᠷᠭᠦᠭᠡᠨ ᠦ᠌ ᠣᠢᠷ᠎ᠠ ᠲᠡᠭᠦᠨ ᠢ᠋ ᠪᠤᠭᠤᠷᠴᠢ ᠥᠪᠡᠷ ᠦ᠋ᠨ ᠪᠡᠶ᠎ᠡ ᠪᠡᠷ ᠲᠣᠰᠣᠨ ᠠᠪᠴᠠᠢ᠃ ᠲᠡᠳᠡ ᠮᠡᠨᠳᠦ ᠶ᠋ᠢᠨ ᠴᠥᠭᠡᠨ ᠬᠡᠳᠦᠨ ᠦᠭᠡ ᠰᠣᠯᠢᠯᠴᠠᠭᠠᠳ ᠭᠡᠷ ᠲᠦ᠍ ᠣᠷᠣᠵᠠᠭᠠᠪᠠ᠃ ᠶᠡᠬᠡ ᠦᠷᠭᠦᠭᠡᠨ ᠳ᠋ᠦ᠍ ᠲᠡᠮᠦᠵᠢᠨ ᠲᠡᠮᠦᠭᠡ ᠬᠣᠶᠠᠷ ᠰᠠᠭᠤᠵᠤ ᠪᠠᠢᠯ᠎ᠠ᠃ ᠲᠡᠮᠦᠭᠡ ᠬᠠᠰᠠᠷ ᠠᠬ᠎ᠠ ᠶ᠋ᠢ ᠪᠡᠨ ᠦᠵᠡᠮᠡᠭᠴᠡ ᠵᠣᠯᠭᠠᠬᠤ ᠪᠠᠷ ᠪᠣᠰᠤᠨ ᠬᠠᠷᠠᠢᠪᠠ᠃ ᠲᠡᠳᠡ ᠠᠭᠤᠯᠵᠠᠯ ᠦᠭᠡᠢ ᠬᠣᠶᠠᠷ ᠵᠢᠯ ᠥᠩᠭᠡᠷᠡᠵᠡᠢ᠃ ᠳᠡᠭᠦᠦ ᠪᠡᠨ ᠦᠵᠡᠮᠡᠭᠴᠡ ᠬᠠᠰᠠᠷ ᠤᠶᠠᠷᠠᠨ ᠳᠣᠭᠳᠣᠯᠵᠤ ᠪᠠᠰᠠ ᠡᠬᠡ ᠶ᠋ᠢᠨ ᠢ᠋ᠶ᠋ᠡᠨ ᠲᠤᠬᠠᠢ ᠲᠦᠭᠰᠢᠨ ᠪᠣᠳᠣᠪᠠ᠃   
       — ᠡᠵᠢ ᠶᠠᠭᠠᠬᠢᠵᠤ ᠪᠠᠢᠨ᠎ᠠ ᠭᠡᠵᠦ ᠬᠠᠰᠠᠷ ᠲᠡᠮᠦᠵᠢᠨ ᠳ᠋ᠦ᠍ ᠶᠣᠰᠣᠯᠠᠭᠰᠠᠨ ᠤ᠋ ᠳᠠᠷᠠᠭ᠎ᠠ ᠰᠢᠭᠤᠳ ᠵᠠᠯᠭᠠᠨ ᠠᠰᠠᠭᠤᠭᠠᠳ ᠰᠠᠭᠤᠪᠠ᠃ ᠲᠡᠮᠦᠭᠡ ᠦᠭᠡ ᠳᠠᠭᠤ ᠦᠭᠡᠢ ᠲᠡᠮᠦᠵᠢᠨ ᠠᠬ᠎ᠠ ᠪᠠᠨ ᠬᠠᠷᠠᠵᠠᠢ᠃ ᠲᠡᠮᠦᠵᠢᠨ ᠲᠡᠮᠦᠭᠡ ᠬᠣᠶᠠᠷ ᠡᠢᠨ ᠬᠦ᠌ ᠰᠡᠵᠢᠭᠲᠡᠢ ᠪᠡᠷ ᠣᠭᠲᠣ ᠳᠤᠤᠭᠠᠷᠤᠭᠰᠠᠨ ᠦᠭᠡᠢ ᠳ᠋ᠦ᠍ ᠬᠠᠰᠠᠷ ᠤ᠋ᠨ ᠳᠣᠲᠣᠷ᠎ᠠ ᠬᠠᠷᠠᠩᠭᠤᠢᠯᠠᠨ ᠨᠢᠯᠪᠤᠰᠤ ᠨᠢ ᠠᠰᠬᠠᠷᠠᠭᠠᠳ ᠢᠷᠡᠪᠡ᠃ ᠬᠠᠬᠢᠷ ᠶᠠᠬᠢᠷ ᠵᠠᠩ ᠲᠠᠢ ᠬᠠᠳᠠ ᠴᠢᠯᠠᠭᠤ ᠰᠢᠭ᠋ ᠬᠠᠰᠠᠷ ᠢ᠋ ᠤᠬᠢᠯᠠᠨ᠎ᠠ ᠭᠡᠵᠦ ᠰᠠᠨᠠᠭ᠎ᠠ ᠦᠭᠡᠢ ᠲᠤᠯᠠ ᠠᠬ᠎ᠠ ᠳᠡᠭᠦᠦ ᠬᠣᠶᠠᠷ ᠨᠢ ᠰᠠᠨᠳᠤᠷᠪᠠ᠃ ᠲᠡᠳᠡᠨ ᠢ᠋ ᠢᠩᠭᠢᠵᠦ ᠪᠠᠯᠠᠮᠠᠭᠳᠠᠨ ᠬᠡᠯᠡᠬᠦ ᠦᠭᠡ ᠦᠭᠡᠢ ᠪᠠᠢᠬᠤ ᠶ᠋ᠢ ᠦᠵᠡᠭᠰᠡᠨ ᠬᠠᠰᠠᠷ ᠪᠦᠷ ᠡᠬᠡᠷ ᠲᠡᠳᠡᠨ ᠮᠡᠭᠰᠢᠨ ᠤᠬᠢᠯᠠᠵᠠᠢ᠃ ᠡᠨᠡ ᠨᠢ ᠦᠨᠡᠬᠡᠷ ᠭᠠᠢᠬᠠᠮᠠᠷ ᠶᠠᠪᠤᠳᠠᠯ ᠪᠣᠯᠤᠭᠰᠠᠨ ᠲᠤᠯᠠ ᠲᠡᠮᠦᠵᠢᠨ ᠲᠡᠮᠦᠭᠡ ᠬᠣᠶᠠᠷ ᠴᠤ᠌ ᠬᠠᠰᠠᠷ ᠢ᠋ ᠠᠷᠭᠠᠳᠠᠵᠤ ᠲᠠᠢᠳᠬᠤᠷᠠᠭᠤᠯᠬᠤ ᠤᠴᠢᠷ ᠢ᠋ᠶ᠋ᠠᠨ ᠣᠯᠤᠭᠰᠠᠨ ᠦᠭᠡᠢ᠃ ᠲᠡᠳᠡ ᠶᠡᠷᠦ ᠨᠢ ᠤᠬᠢᠯᠠᠵᠤ ᠪᠠᠢᠭ᠎ᠠ ᠬᠥᠮᠦᠨ ᠢ᠋ ᠠᠷᠭᠠᠳᠠᠵᠤ ᠦᠵᠡᠭᠡ ᠦᠭᠡᠢ ᠪᠠᠢᠵᠠᠢ᠃ ᠬᠠᠰᠠᠷ ᠤ᠋ᠨ ᠤᠬᠢᠯᠠᠬᠤ ᠨᠢ ᠴᠢᠨᠣ᠎ᠠ ᠠᠷᠬᠢᠷᠠᠬᠤ ᠰᠢᠭ᠋᠂ ᠴᠢᠯᠠᠭᠤ ᠬᠠᠳᠠ ᠨᠤᠷᠠᠬᠤ ᠰᠢᠭ᠋ ᠰᠦᠷᠲᠡᠢ ᠠᠭᠠᠳ ᠡᠯᠢᠭᠡ ᠡᠮᠲᠡᠷᠡᠮ᠎ᠡ ᠠᠵᠢ᠃   
       — ᠬᠠᠰᠠᠷ ᠠᠬ᠎ᠠ ᠠ᠋ ᠭᠡᠵᠦ ᠰᠠᠨᠳᠤᠷᠤᠭᠰᠠᠨ ᠲᠡᠮᠦᠭᠡ ᠳᠡᠷᠭᠡᠳᠡ ᠨᠢ ᠣᠴᠢᠵᠤ ᠲᠡᠭᠦᠨ ᠦ᠌ ᠲᠣᠬᠣᠢ ᠳᠡᠭᠡᠷ᠎ᠡ ᠡᠴᠡ ᠦᠭᠲᠡᠭᠡᠨ ᠪᠠᠢᠵᠤ ᠰᠠᠶᠢ ᠨᠢᠭᠡ ᠶᠠᠭᠤᠮ᠎ᠠ ᠦᠭᠡ ᠰᠣᠨᠣᠰᠬᠤ ᠲᠠᠢ ᠪᠣᠯᠭᠠᠪᠠ᠃ 
       — ᠲᠠ ᠰᠣᠨᠣᠰ᠃ ᠡᠵᠢ ᠭᠠᠢᠭᠤᠢ᠃ ᠭᠡᠬᠦ ᠳ᠋ᠡᠭᠡᠨ ᠪᠡᠶ᠎ᠡ ᠨᠢ ᠶᠡᠬᠡ ᠳᠣᠷᠣ ᠣᠷᠣᠭᠰᠠᠨ ᠭᠡᠵᠦ ᠲᠡᠮᠦᠭᠡ ᠬᠡᠯᠡᠬᠦ ᠶ᠋ᠢ ᠰᠣᠨᠣᠰᠤᠭᠠᠳ ᠬᠠᠰᠠᠷ ᠰᠠᠶᠢ ᠯᠠ ᠶᠠᠭᠤ ᠪᠣᠯᠪᠠ ᠭᠡᠬᠦ ᠰᠢᠭ ᠡᠷᠭᠢᠨ ᠲᠣᠭᠣᠷᠢᠨ ᠢ᠋ ᠬᠠᠷᠠᠵᠠᠢ᠃ ᠡᠬᠡ ᠶ᠋ᠢᠨ ᠢ᠋ᠶ᠋ᠡᠨ ᠦᠬᠦᠯ ᠦ᠋ᠨ ᠲᠤᠬᠠᠢ ᠴᠠᠭ ᠦᠷᠭᠦᠯᠵᠢ ᠪᠣᠳᠣᠭᠰᠠᠭᠠᠷ ᠶᠠᠪᠤᠭᠰᠠᠨ ᠮᠥᠷᠲᠡᠭᠡᠨ ᠢᠩᠭᠢᠵᠦ ᠴᠣᠴᠢᠷᠳᠠᠨ᠎ᠠ ᠭᠡᠵᠦ ᠲᠡᠷᠡ ᠶᠡᠷᠦ ᠰᠠᠨᠠᠭᠰᠠᠨ ᠦᠭᠡᠢ ᠪᠢᠯᠡ᠃ ᠬᠠᠰᠠᠷ ᠳᠡᠭᠦᠦ ᠶ᠋ᠢᠨ ᠢ᠋ᠶ᠋ᠡᠨ ᠡᠨᠡ ᠠᠷᠴᠠᠭ᠎ᠠ ᠦᠭᠡᠢ ᠡᠮᠭᠡᠨᠢᠯᠲᠡᠢ ᠲᠥᠷᠬᠦ ᠶ᠋ᠢ ᠦᠵᠡᠭᠡᠳ ᠲᠡᠮᠦᠵᠢᠨ ᠲᠡᠰᠬᠡᠯ ᠦᠭᠡᠢ ᠢᠨᠢᠶᠡᠳᠦ ᠠᠯᠳᠠᠪᠠ᠃ 
       — ᠪᠢᠳᠡᠨ ᠳ᠋ᠦ᠍ ᠬᠡᠯᠡ ᠪᠣᠯ ᠭᠡᠵᠦ ᠲᠡᠮᠦᠭᠡ ᠶ᠋ᠢ ᠪᠥᠷᠲᠡ ᠶᠠᠪᠤᠭᠤᠯᠵᠠᠢ ᠭᠡᠮᠡᠨ ᠲᠡᠮᠦᠵᠢᠨ ᠬᠡᠯᠡᠭᠡᠳ ᠪᠤᠭᠤᠷᠴᠢ ᠶ᠋ᠢ ᠬᠠᠷᠠᠪᠠ᠃ ᠠᠬ᠎ᠠ ᠳᠡᠭᠦᠦ ᠭᠤᠷᠪᠠ ᠶ᠋ᠢᠨ ᠶᠠᠷᠢᠶᠠᠨ ᠳ᠋ᠤ᠌ ᠰᠠᠭᠠᠳ ᠪᠤᠤ ᠪᠣᠯ ᠭᠡᠰᠡᠨ ᠳᠣᠬᠢᠶ᠎ᠠ ᠶ᠋ᠢ ᠲᠡᠷᠡ ᠳᠣᠣᠷ᠎ᠠ ᠨᠢ ᠣᠢᠯᠠᠭᠠᠭᠰᠠᠨ ᠪᠣᠭᠤᠷᠴᠢ ᠯᠠᠭᠰᠠ ᠨᠦᠰᠡᠷ ᠪᠡᠶ᠎ᠡ ᠲᠡᠢ ᠭᠡᠮᠡᠷ ᠦᠭᠡᠢ ᠬᠥᠩᠭᠡᠨ ᠢ᠋ᠶ᠋ᠡᠷ ᠬᠥᠳᠡᠯᠵᠦ ᠱᠠᠯᠠᠮᠠᠭᠠᠢᠯᠠᠨ ᠭᠠᠷᠤᠭᠰᠠᠨ ᠤ᠋ ᠬᠣᠢᠨ᠎ᠠ ᠲᠡᠳᠡ ᠬᠡᠰᠡᠭ ᠳᠠᠭᠤ ᠦᠭᠡᠢ ᠰᠠᠭᠤᠵᠠᠭᠠᠪᠠ᠃ ᠲᠡᠳᠡ ᠭᠤᠷᠪᠠᠭᠤᠯᠠ ᠠᠳᠠᠯᠢᠬᠠᠨ ᠡᠬᠡ ᠶ᠋ᠢᠨ ᠢ᠋ᠶ᠋ᠡᠨ ᠲᠤᠬᠠᠢ ᠪᠣᠳᠣᠵᠤ ᠪᠠᠢᠯ᠎ᠠ᠃ ᠠᠯᠲᠠᠨ ᠤᠯᠤᠰ ᠤ᠋ᠨ ᠲᠤᠬᠠᠢ ᠪᠣᠳᠣᠯ ᠠᠯᠤᠰ ᠤᠳᠤᠭᠠᠳ ᠭᠠᠭᠴᠠᠬᠠᠨ ᠬᠠᠢᠷᠠᠲᠠᠢ ᠡᠬᠡ ᠶ᠋ᠢ ᠨᠢ ᠡᠷᠢᠭᠰᠡᠭᠡᠷ ᠪᠠᠢᠬᠤ ᠪᠣᠯᠤᠭᠰᠠᠨ ᠦᠬᠦᠯ ᠪᠦᠬᠦ ᠰᠡᠳᠬᠢᠯ ᠢ᠋ ᠨᠢ ᠡᠵᠡᠮᠳᠡᠵᠡᠢ᠃ 
       — ᠡᠵᠢ ᠮᠢᠨᠢ ᠨᠠᠰᠤᠨ ᠤ᠋ ᠪᠠᠨ ᠲᠣᠭ᠎ᠠ ᠶ᠋ᠢ ᠭᠦᠢᠴᠡᠪᠡ ᠭᠡᠵᠦ ᠮᠡᠳᠡᠵᠡᠢ᠃ ᠲᠡᠭᠡᠪᠡᠴᠦ ᠬᠡᠦᠬᠡᠳ ᠦ᠋ᠳ ᠢ᠋ ᠪᠤᠤ ᠳᠠᠭᠤᠳᠠ ᠭᠡᠰᠡᠨ ᠭᠡᠨ᠎ᠡ᠃ ᠪᠦᠷ ᠲᠡᠮᠦᠵᠢᠨ ᠳ᠋ᠦ᠍ ᠴᠦ᠍ ᠪᠤᠤ ᠬᠡᠯᠡ ᠭᠡᠵᠡᠢ᠃ ᠬᠠᠷᠢᠨ ᠬᠡᠷᠬᠢᠬᠦ ᠶ᠋ᠢ ᠨᠠᠮᠠᠶ᠋ᠢ ᠮᠡᠳᠡ ᠭᠡᠵᠦ  ᠪᠥᠷᠲᠡ ᠲᠡᠮᠦᠭᠡ ᠶ᠋ᠢ ᠢᠷᠡᠭᠦᠯᠵᠡᠢ ᠭᠡᠮᠡᠨ ᠲᠡᠮᠦᠵᠢᠨ ᠪᠣᠳᠣᠯ ᠪᠣᠯᠤᠨ ᠦᠭᠡ ᠪᠡᠨ ᠵᠥᠭᠡᠭᠡᠵᠦ ᠬᠡᠯᠡᠪᠡ᠃ 
       — ᠡᠵᠢ ᠬᠡᠵᠢᠶ᠎ᠡ ᠦᠬᠦᠬᠦ ᠪᠡᠨ ᠮᠡᠳᠡᠳᠡᠭ ᠪᠣᠯᠤᠭ᠎ᠠ ᠤᠤ? ᠭᠡᠵᠦ ᠬᠠᠰᠠᠷ ᠰᠢᠵᠠᠷᠠᠭᠤᠨ ᠮᠠᠶᠢᠭᠲᠠᠢ ᠠᠰᠠᠭᠤᠪᠠ᠃  
       — ᠲᠡᠢᠮᠦ ᠠ᠋᠂ ᠡᠵᠢ ᠦᠬᠦᠬᠦ ᠡᠳᠦᠷ ᠢ᠋ᠶ᠋ᠡᠨ ᠬᠡᠯᠡᠭᠰᠡᠨ ᠭᠡᠨ᠎ᠡ᠃  ᠥᠭᠡᠯᠦᠨ ᠡᠬᠡ ᠮᠢᠨᠢ ᠶᠠᠭᠠᠬᠢᠪᠠᠴᠤ ᠡᠢᠮᠦ ᠦᠭᠡ ᠶ᠋ᠢ ᠵᠦᠭᠡᠷ ᠬᠡᠯᠡᠬᠦ ᠬᠥᠮᠦᠨ ᠪᠢᠰᠢ ᠭᠡᠵᠦ ᠲᠡᠮᠦᠵᠢᠨ ᠢᠲᠡᠭᠡᠯᠲᠡᠢ ᠬᠡᠯᠡᠪᠡ᠃  
       — ᠲᠡᠭᠡᠭᠡᠳ ᠲᠡᠷᠡ ᠨᠢ ᠬᠡᠵᠢᠶ᠎ᠡ ᠭᠡᠨ᠎ᠡ? ᠭᠡᠵᠦ ᠬᠠᠰᠠᠷ ᠤ᠋ᠨ ᠠᠰᠠᠭᠤᠬᠤ ᠳ᠋ᠤ᠌ 
       — ᠡᠨᠡ ᠨᠠᠮᠤᠷ ᠤ᠋ᠨ ᠠᠳᠠᠭ ᠰᠠᠷ᠎ᠠ ᠶ᠋ᠢᠨ ᠰᠡᠭᠦᠯᠡᠷ ᠭᠡᠵᠦ ᠲᠡᠮᠦᠭᠡ ᠠᠶᠠᠷᠬᠠᠨ ᠳᠤᠤᠭᠠᠷᠪᠠ᠃ ᠥᠭᠡᠯᠦᠨ ᠡᠬᠡ ᠨᠢ ᠬᠤᠳᠠᠯ ᠬᠡᠯᠡᠭᠡ ᠦᠭᠡᠢ ᠭᠡᠳᠡᠭ ᠢ᠋ ᠬᠠᠰᠠᠷ ᠣᠢᠯᠠᠭᠠᠪᠠ᠃  
       — ᠪᠢ ᠴᠢᠮᠠᠶ᠋ᠢ ᠭᠡᠷ ᠲᠡᠭᠡᠨ ᠪᠤᠴᠠᠭᠠᠬᠤ ᠪᠠᠷ ᠰᠢᠢᠳᠦᠯ᠎ᠡ᠃ ᠡᠵᠢ ᠮᠢᠨᠢ ᠪᠢᠳᠡ ᠭᠤᠷᠪᠠ ᠶ᠋ᠢ ᠳᠡᠷᠭᠡᠳᠡ ᠪᠡᠨ ᠪᠠᠢᠭᠠᠰᠠᠢ ᠭᠡᠵᠦ ᠬᠡᠴᠢᠨᠡᠨ ᠶᠡᠬᠡ ᠬᠦᠰᠡᠵᠦ ᠪᠠᠢᠭ᠎ᠠ ᠶ᠋ᠢ ᠪᠢ ᠮᠡᠳᠡᠵᠦ ᠪᠠᠢᠨ᠎ᠠ᠃ ᠭᠡᠪᠡᠴᠦ ᠪᠢ ᠠᠯᠲᠠᠨ ᠤᠯᠤᠰ ᠤ᠋ᠨ ᠡᠯᠴᠢ ᠶ᠋ᠢᠨ ᠪᠠᠷᠠᠯᠠᠬᠠᠬᠤ ᠶ᠋ᠢ ᠬᠦᠯᠢᠶᠡᠯ ᠦᠭᠡᠢ ᠣᠷᠬᠢᠭᠠᠳ  ᠶᠠᠭᠠᠬᠢᠵᠤ  ᠭᠡᠳᠡᠷᠭᠦ ᠪᠤᠴᠠᠨ᠎ᠠ᠃ ᠲᠡᠭᠡᠪᠡᠯ ᠲᠡᠳᠡᠨ ᠦ᠌ ᠴᠡᠷᠢᠭ ᠴᠢᠩᠭᠢᠰ ᠬᠠᠭᠠᠨ ᠠᠶᠤᠪᠠ᠂ ᠡᠪᠡᠳᠴᠢᠯᠡᠪᠡ ᠶᠡᠷᠦ ᠶᠠᠭᠤ ᠭᠡᠬᠦ ᠶ᠋ᠢ ᠬᠡᠨ ᠴᠦ᠍ ᠦᠯᠦ  ᠳᠠᠭᠠᠨ᠎ᠠ᠃  ᠪᠦᠷ ᠶᠡᠬᠡ ᠵᠣᠷᠢᠭᠵᠢᠨ ᠲᠡᠮᠡᠴᠡᠵᠦ ᠴᠦ᠍ ᠮᠡᠳᠡᠨ᠎ᠡ᠃ ᠬᠠᠷᠢᠨ ᠬᠠᠰᠠᠷ ᠴᠢ ᠳᠠᠷᠤᠢ ᠶᠠᠪᠤ᠃ ᠡᠵᠢ ᠮᠢᠨᠢ ᠬᠦᠯᠢᠶᠡᠵᠦ ᠪᠠᠢᠭ᠎ᠠ᠃ ᠨᠢᠭᠡ ᠴᠤ᠌ ᠡᠳᠦᠷ ᠢ᠋ ᠪᠦᠦ ᠠᠯᠲᠠ᠃ ᠠᠯᠲᠠᠨ ᠤᠯᠤᠰ ᠶᠡᠷᠦ ᠨᠡᠭᠦᠴᠢᠬᠡᠬᠦ ᠦᠭᠡᠢ᠃ ᠴᠢᠮᠠᠶ᠋ᠢ ᠪᠤᠴᠠᠵᠤ ᠢᠷᠡᠲᠡᠯ᠎ᠡ ᠬᠦᠯᠢᠶᠡᠬᠦ ᠪᠢᠵᠡ᠃ ᠬᠠᠷᠢᠨ ᠡᠵᠢ ᠮᠢᠨᠢ ᠴᠢᠮᠠᠶ᠋ᠢ ᠬᠦᠯᠢᠶᠡᠵᠦ ᠴᠢᠳᠠᠬᠤ ᠦᠭᠡᠢ ᠪᠠᠢᠵᠤ ᠮᠡᠳᠡᠨ᠎ᠡ᠃ ᠴᠢ ᠳᠠᠷᠤᠢ ᠶᠠᠪᠤᠵᠤ ᠦᠵᠡ᠃ ᠪᠤᠤ ᠠᠯᠭᠤᠷᠯᠠ᠃ ᠡᠭᠦᠨ ᠡᠴᠡ ᠶᠠᠭᠠᠷᠠᠤ ᠴᠢᠬᠤᠯᠠ ᠬᠡᠷᠡᠭ ᠭᠡᠵᠦ ᠶᠢᠷᠲᠢᠨᠴᠦ ᠳ᠋ᠦ᠍ ᠦᠭᠡᠢ᠃   
     ᠲᠡᠮᠦᠵᠢᠨ ᠦ᠌ ᠡᠨᠡ ᠦᠭᠡ ᠦᠨᠡᠨ ᠠᠭᠠᠳ᠂ ᠴᠢᠩ ᠰᠡᠳᠬᠢᠯ ᠦ᠋ᠨ ᠬᠢ ᠪᠠᠢᠭᠰᠠᠨ ᠲᠤᠯᠠ ᠬᠠᠰᠠᠷ ᠲᠤ ᠡᠰᠡᠷᠭᠦᠴᠡᠬᠦ ᠰᠡᠳᠬᠢᠯ ᠣᠭᠲᠣ ᠲᠥᠷᠥᠭᠰᠡᠨ ᠦᠭᠡᠢ᠃ ᠲᠡᠷᠡ ᠳᠠᠷᠤᠢ ᠪᠣᠰᠤᠨ ᠬᠠᠷᠠᠢᠵᠤ ᠬᠡᠷᠦᠯᠦᠨ ᠮᠥᠷᠡᠨ ᠦ᠌ ᠵᠦᠭ ᠳᠠᠪᠬᠢᠬᠤ ᠳ᠋ᠤ᠌ ᠪᠡᠯᠡᠨ ᠪᠠᠢᠪᠠ᠃ ᠥᠭᠡᠯᠦᠨ ᠡᠬᠡ ᠳ᠋ᠡᠭᠡᠨ ᠣᠴᠢᠨ᠎ᠠ ᠭᠡᠵᠦ ᠰᠠᠨᠠᠬᠤ ᠳ᠋ᠤ᠌ ᠶᠠᠭᠠᠷᠠᠬᠤ ᠨᠢ ᠬᠡᠮᠵᠢᠶ᠎ᠡ ᠦᠭᠡᠢ ᠪᠣᠯᠵᠠᠢ᠃ ᠪᠦᠷ ᠬᠡᠷᠦᠯᠦᠨ ᠭᠣᠣᠯ ᠤ᠋ᠨ ᠨᠠᠮᠤᠭᠤᠨ ᠤᠷᠤᠰᠬᠠᠯ᠂ ᠬᠡᠭᠡᠷ᠎ᠡ ᠶ᠋ᠢᠨ ᠰᠠᠯᠬᠢᠨ ᠳ᠋ᠤ᠌ ᠨᠠᠢᠭᠤᠬᠤ ᠡᠪᠡᠰᠦ ᠨᠢᠳᠦᠨ ᠳ᠋ᠦ᠍ ᠦᠵᠡᠭᠳᠡᠬᠦ ᠰᠢᠭ ᠪᠣᠯᠤᠭᠠᠳ ᠭᠡᠷ ᠦ᠋ᠨ ᠢ᠋ᠶ᠋ᠡᠨ ᠡᠭᠦᠳᠡᠨ ᠳ᠋ᠦ᠍ ᠰᠠᠷᠠᠪᠴᠢᠯᠠᠨ ᠵᠣᠭᠰᠣᠬᠤ ᠡᠬᠡ ᠪᠡᠨ ᠬᠠᠷᠠᠭᠰᠠᠨ ᠮᠡᠲᠦ ᠥᠨᠳᠡᠯᠵᠡᠵᠦ᠂  
       — ᠵᠠ᠂ ᠪᠢ ᠶᠠᠪᠤᠶ᠎ᠠ᠃ ᠲᠡᠮᠦᠭᠡ ᠴᠢ ᠭᠡᠲᠡᠯ᠎ᠡ ᠨᠢᠳᠦ ᠪᠡᠨ ᠠᠨᠢᠪᠴᠢᠨ ᠵᠥᠭᠡᠯᠡᠨ ᠳᠤᠤᠭᠠᠷᠴᠤ  
       — ᠲᠡᠮᠦᠵᠢᠨ ᠠᠬ᠎ᠠ ᠠ᠋᠂ ᠨᠠᠮᠠᠶ᠋ᠢ ᠡᠨᠳᠡ ᠬᠡᠳᠦ ᠬᠣᠨᠣᠭ ᠦᠯᠡᠳᠡᠬᠦ ᠶ᠋ᠢ ᠵᠥᠪᠰᠢᠶᠡᠷᠡᠵᠡᠢ᠃ ᠪᠢ ᠶᠡᠷᠦ ᠨᠢ ᠠᠯᠲᠠᠨ ᠤᠯᠤᠰ ᠲᠤ ᠢᠷᠡᠵᠦ ᠦᠵᠡᠭᠰᠡᠨ ᠦᠭᠡᠢ᠂ ᠪᠢ ᠬᠢᠲᠠᠳ ᠤ᠋ᠨ ᠰᠢᠪᠠᠷ ᠪᠠᠯᠭᠠᠰᠤ ᠳ᠋ᠤ᠌ ᠣᠷᠣᠵᠤ ᠭᠠᠭᠴᠠ ᠴᠤ᠌ ᠪᠣᠯᠪᠠ ᠬᠢᠲᠠᠳ ᠢ᠋ ᠴᠠᠪᠴᠢᠨ ᠠᠯᠠᠵᠤ ᠰᠡᠯᠡᠮ᠎ᠡ ᠶ᠋ᠢᠨ ᠢ᠋ᠶ᠋ᠡᠨ ᠢᠷ ᠢ᠋ ᠰᠢᠯᠭᠠᠮᠠᠷ ᠪᠠᠢᠨ᠎ᠠ᠃ ᠪᠢ ᠡᠮᠡᠰ ᠬᠡᠦᠬᠡᠳ ᠦ᠋ᠨ ᠳᠤᠮᠳᠠ ᠮᠣᠩᠭᠣᠯ ᠳ᠋ᠠᠭᠠᠨ ᠰᠠᠭᠤᠭᠰᠠᠭᠠᠷ ᠤᠢᠳᠴᠤ ᠭᠦᠢᠴᠡᠯ᠎ᠡ ᠭᠡᠬᠦ ᠳ᠋ᠦ᠍ ᠲᠡᠮᠦᠵᠢᠨ ᠬᠠᠰᠠᠷ ᠬᠣᠶᠠᠭᠤᠯᠠ ᠵᠤᠭ᠎ᠠ ᠲᠠᠢ ᠬᠥᠭᠡᠷᠦᠯᠳᠦᠪᠡ᠃ ᠠᠬ᠎ᠠ ᠳᠡᠭᠦᠦ ᠭᠤᠷᠪᠠ ᠶ᠋ᠢᠨ ᠬᠣᠭᠣᠷᠣᠨᠳᠣ ᠲᠡᠢᠮᠦ ᠭᠡᠬᠦ ᠶ᠋ᠢᠨ ᠠᠷᠭ᠎ᠠ ᠦᠭᠡᠢ ᠳᠣᠲᠣᠨᠣ ᠳᠤᠯᠠᠭᠠᠨ ᠠᠮᠢᠰᠬᠤᠯ ᠪᠣᠢ ᠪᠣᠯᠵᠠᠢ᠃ ᠡᠨᠡ ᠪᠣᠯ ᠲᠡᠳᠡᠨ ᠢ᠋ ᠲᠥᠷᠥᠭᠦᠯᠵᠦ ᠥᠰᠬᠡᠭᠰᠡᠨ ᠥᠭᠡᠯᠦᠨ ᠡᠬᠡ ᠶ᠋ᠢᠨ ᠭᠠᠢᠬᠠᠮᠰᠢᠭᠲᠤ ᠰᠠᠢᠬᠠᠨ ᠰᠡᠳᠬᠢᠯ ᠪᠣᠯᠬᠤ ᠶ᠋ᠢ ᠲᠡᠳᠡ ᠴᠥᠮ ᠭᠦᠨᠵᠡᠭᠡᠢ ᠮᠡᠳᠡᠷᠡᠵᠦ ᠪᠠᠢᠯ᠎ᠠ᠃ ᠬᠢᠲᠠᠳ ᠭᠠᠵᠠᠷ ᠤ᠋ᠨ ᠠᠮᠲᠠᠲᠤ ᠢᠳᠡᠭᠡ ᠤᠮᠳᠠᠭᠠᠨ ᠢ᠋ᠶ᠋ᠠᠷ ᠬᠣᠶᠠᠷ ᠳᠡᠭᠦᠦ ᠪᠡᠨ ᠳᠠᠢᠯᠠᠵᠤ ᠬᠤᠨᠳᠠᠭ᠎ᠠ ᠡᠷᠭᠦᠵᠦ ᠰᠠᠭᠤᠬᠤ ᠳ᠋ᠠᠭᠠᠨ ᠲᠡᠮᠦᠵᠢᠨ ᠠᠬ᠎ᠠ ᠬᠥᠮᠦᠨ ᠦ᠌ ᠶᠣᠰᠣᠭᠠᠷ ᠰᠡᠳᠬᠢᠯ ᠳᠦᠭᠦᠷᠡᠩ ᠪᠠᠶᠠᠷᠲᠠᠢ ᠪᠠᠢᠪᠠ᠃ ᠥᠭᠡᠯᠦᠨ ᠡᠬᠡ ᠨᠢ ᠣᠳᠣ ᠡᠨᠳᠡ᠂ ᠠᠯᠲᠠᠨ ᠤᠯᠤᠰ ᠲᠤ ᠢᠷᠡᠭᠡᠳ ᠬᠥᠪᠡᠭᠦᠳ ᠦ᠋ᠨ ᠢ᠋ᠶ᠋ᠡᠨ ᠬᠠᠮᠲᠤ ᠰᠠᠭᠤᠭᠠᠳ ᠴᠡᠢᠯᠡᠵᠦ ᠪᠠᠢᠬᠤ ᠰᠢᠭ᠋᠂ ᠦᠭᠡ ᠰᠤᠷᠭᠠᠯ ᠢ᠋ᠶ᠋ᠠᠨ ᠬᠠᠢᠷᠠᠯᠠᠵᠤ ᠪᠠᠢᠬᠤ ᠰᠢᠭ᠋ ᠰᠠᠨᠠᠭᠳᠠᠵᠠᠢ᠃ ᠠᠯᠲᠠᠨ ᠤᠯᠤᠰ ᠤ᠋ᠨ ᠬᠠᠭᠠᠨ ᠤ᠋ ᠡᠯᠴᠢ ᠸᠠᠩᠭᠢᠩ ᠴᠢᠩᠰᠠᠩ ᠤ᠋ᠨ ᠦᠭᠡ ᠶ᠋ᠢ ᠰᠣᠨᠣᠰᠤᠭᠠᠳ ᠬᠡᠯᠡᠭᠰᠡᠨ ᠦᠭᠡ ᠶ᠋ᠢᠨ ᠬᠢᠨᠢ ᠲᠥᠯᠥᠭᠡ ᠬᠠᠰᠠᠷ ᠢ᠋ ᠶᠡᠬᠡ ᠪᠡᠷ ᠵᠢᠮᠡᠯᠡᠨ ᠪᠤᠷᠤᠭᠤᠰᠢᠶᠠᠶ᠎ᠠ ᠭᠡᠵᠦ ᠤᠭ ᠨᠢ ᠲᠡᠭᠦᠨ ᠢ᠋ ᠳᠠᠭᠤᠳᠠᠭᠰᠠᠨ ᠪᠠᠢᠪᠠ᠃ ᠭᠡᠲᠡᠯ᠎ᠡ ᠳᠠᠢᠳᠤ ᠪᠠᠯᠭᠠᠰᠤ ᠶ᠋ᠢ ᠵᠣᠷᠢᠭᠰᠠᠨ ᠡᠯᠴᠢ ᠶ᠋ᠢᠨ ᠲᠣᠭᠣᠰᠣ ᠠᠷᠢᠯᠤᠭ᠎ᠠ ᠦᠭᠡᠢ ᠪᠠᠢᠬᠤ ᠳ᠋ᠤ᠌ ᠬᠡᠷᠦᠯᠦᠨ ᠡᠴᠡ ᠲᠡᠮᠦᠭᠡ ᠢᠷᠡᠭᠰᠡᠨ ᠪᠢᠯᠡ᠃ ᠴᠢᠩᠭᠢᠰ ᠬᠠᠭᠠᠨ ᠤ᠋ ᠳᠠᠭᠤᠳᠠᠭᠰᠠᠨ ᠵᠠᠷᠯᠢᠭ ᠤ᠋ᠨ ᠤᠴᠢᠷ ᠢᠩᠭᠢᠵᠦ ᠥᠭᠡᠷᠡᠴᠢᠯᠡᠭᠳᠡᠭᠰᠡᠨ ᠢ᠋ ᠬᠠᠰᠠᠷ ᠮᠡᠳᠡᠭᠰᠡᠨ ᠦᠭᠡᠢ᠃ ᠸᠠᠩᠭᠢᠩ ᠴᠢᠩᠰᠠᠩ ᠤ᠋ᠨ ᠲᠠᠯ᠎ᠠ ᠪᠠᠷ ᠲᠡᠮᠦᠵᠢᠨ ᠠᠮᠠ ᠠᠩᠭᠠᠢᠭᠰᠠᠨ ᠦᠭᠡᠢ᠃ ᠮᠠᠷᠭᠠᠰᠢ ᠡᠳᠦᠷ ᠨᠢ ᠲᠡᠮᠦᠭᠡ ᠦᠯᠡᠳᠡᠵᠦ᠂ ᠬᠠᠰᠠᠷ ᠨᠤᠲᠤᠭ ᠤ᠋ᠨ ᠵᠦᠭ ᠮᠣᠷᠳᠠᠪᠠ᠃ ᠲᠡᠷᠡ ᠡᠢᠨ ᠮᠣᠷᠳᠠᠬᠤ ᠳ᠋ᠠᠭᠠᠨ ᠡᠬᠡ ᠳ᠋ᠡᠭᠡᠨ᠂ ᠡᠮᠡᠰ ᠬᠡᠦᠬᠡᠳ ᠦ᠋ᠳ ᠲᠡᠭᠡᠨ ᠥᠭᠬᠦ ᠪᠡᠯᠡᠭ ᠰᠡᠯᠲᠡ ᠶ᠋ᠢ ᠰᠠᠢᠲᠤᠷ ᠪᠠᠵᠠᠭᠠᠬᠤ ᠪᠠᠨ ᠮᠠᠷᠲᠠᠭᠰᠠᠨ ᠦᠭᠡᠢ᠃ ᠬᠠᠰᠠᠷ ᠢ᠋ ᠮᠣᠷᠳᠠᠬᠤ ᠳ᠋ᠤ᠌ ᠲᠡᠮᠦᠵᠢᠨ ᠰᠠᠭᠠᠬᠠᠯᠲᠠ ᠶ᠋ᠢᠨ ᠭᠠᠵᠠᠷ ᠦᠳᠡᠵᠦ  
       — ᠴᠢ ᠨᠠᠮᠠᠶ᠋ᠢ ᠠᠯᠲᠠᠨ ᠤᠯᠤᠰ ᠢ᠋ ᠳᠠᠭᠠᠭᠤᠯᠤᠨ ᠠᠪᠤᠪᠠ ᠭᠡᠵᠦ ᠥᠭᠡᠯᠦᠨ ᠡᠬᠡ ᠳ᠋ᠦ᠍ ᠬᠡᠯᠡᠭᠲᠦᠨ᠃ ᠰᠡᠳᠬᠢᠯ ᠨᠢ ᠠᠮᠠᠷᠠᠭ᠃ ᠬᠠᠷᠢᠨ ᠮᠢᠨᠦ ᠣᠴᠢᠵᠤ ᠴᠢᠳᠠᠭ᠎ᠠ ᠦᠭᠡᠢ ᠤᠴᠢᠷ ᠢ᠋ ᠰᠠᠢᠲᠤᠷ ᠣᠢᠯᠠᠭᠠᠭᠤᠯᠵᠤ ᠬᠡᠯᠡᠭᠡᠷᠡᠢ᠃ ᠪᠢ ᠠᠯᠲᠠᠨ ᠤᠯᠤᠰ ᠤ᠋ᠨ ᠬᠠᠭᠠᠨ ᠤ᠋ ᠡᠯᠴᠢ ᠶ᠋ᠢ ᠪᠠᠷᠠᠯᠬᠠᠭᠤᠯᠵᠤ ᠲᠡᠭᠦᠨ ᠦ᠌ ᠨᠠᠢᠷᠠᠮᠳᠠᠶ᠎ᠠ ᠭᠡᠰᠡᠨ ᠢ᠋ ᠬᠦᠯᠢᠶᠡᠨ ᠠᠪᠬᠤ ᠪᠠᠷ ᠰᠢᠢᠳᠦᠯ᠎ᠡ ᠭᠡᠵᠦ ᠬᠡᠯᠡᠵᠡᠢ᠃ ᠨᠢᠭᠡᠨᠲᠡ ᠴᠢᠩᠭᠢᠰ ᠬᠠᠭᠠᠨ ᠢᠩᠭᠢᠵᠦ ᠰᠢᠢᠳᠦᠭᠰᠡᠨ ᠲᠤᠯᠠ ᠬᠠᠰᠠᠷ ᠶᠠᠭᠠᠬᠢᠵᠤ ᠴᠤ᠌ ᠴᠢᠳᠠᠭᠰᠠᠨ ᠥᠬᠡᠢ᠃ ᠬᠣᠷᠣ ᠰᠢᠷ᠎ᠠ ᠳᠦᠭᠦᠷᠡᠩ ᠦᠭᠡᠰ ᠵᠢᠡᠨ ᠪᠤᠴᠠᠭᠠᠨ ᠵᠠᠯᠭᠢᠵᠤ ᠪᠠᠰᠠ ᠡᠬᠡ ᠵᠢᠨ ᠵᠢᠡᠨ ᠰᠡᠳᠬᠢᠯ ᠊ᠢ ᠡᠪᠡᠳᠬᠡᠬᠦ ᠦᠭᠡᠢ ᠭᠡᠰᠡᠨ ᠳ᠋ᠡᠭᠡᠨ ᠲᠡᠮᠦᠵᠢᠨ ᠲᠡᠢ ᠰᠥᠷᠭᠥᠯᠳᠥᠨ ᠬᠡᠷᠡᠯᠳᠦᠭᠰᠡᠨ ᠦᠭᠡᠢ ᠲᠡᠪᠴᠢᠨ ᠮᠣᠷᠳᠠᠵᠠᠢ᠃ ᠬᠠᠰᠠᠷ ᠊ᠢ ᠡᠶ᠋ᠢᠨ ᠲᠥᠪ ᠤᠯᠤᠰ ᠤᠷᠤᠭᠤ ᠪᠤᠴᠠᠭᠰᠠᠨ ᠊ᠢ ᠲᠡᠳᠡᠨ ᠡᠴᠡ ᠭᠠᠳᠠᠨ᠎ᠠ ᠭᠠᠭᠴᠠ ᠪᠤᠭᠤᠷᠴᠢ ᠯᠡ ᠮᠡᠳᠡᠵᠦ ᠪᠠᠶ᠋ᠢᠪᠠ᠃ ᠲᠡᠰᠬᠦ ᠵᠢᠨ ᠠᠷᠭ᠎ᠠ ᠦᠭᠡᠢ ᠦᠮᠡᠬᠡᠢ ᠦᠨᠦᠷ ᠲᠡᠢ ᠬᠢᠲᠠᠳ ᠭᠠᠵᠠᠷ ᠡᠴᠡ ᠵᠢᠭᠤᠲᠠᠬᠤ ᠮᠡᠲᠦ ᠬᠠᠰᠠᠷ ᠮᠣᠷᠢ ᠪᠠᠨ ᠭᠤᠶᠠᠳᠠᠨ ᠳᠣᠪᠲᠣᠯᠭᠠᠵᠤ ᠶᠠᠪᠤᠯ᠎ᠠ᠃ ᠲᠡᠷᠡ ᠤᠳᠠᠯ ᠥᠬᠡᠢ ᠲᠣᠷᠭᠠᠨ ᠴᠡᠷᠢᠭ ᠵᠢᠡᠨ ᠮᠠᠩᠯᠠᠶ᠋ᠢᠯᠠᠨ ᠳᠠᠪᠬᠢᠭᠰᠠᠭᠠᠷ ᠴᠠᠭᠠᠨ ᠬᠡᠷᠡᠮ ᠊ᠦᠨ ᠳᠡᠭᠡᠷ᠎ᠡ ᠭᠠᠷᠴᠤ ᠢᠷᠡᠬᠦ ᠳ᠋ᠦ᠍ ᠨᠢᠳᠦᠨ ᠊ᠦ ᠡᠮᠦᠨ᠎ᠡ ᠮᠣᠩᠭᠣᠯ ᠊ᠤᠨ ᠬᠦᠰᠡᠯᠡᠩᠲᠦ ᠲᠠᠯ᠎ᠠ ᠨᠤᠲᠤᠭ ᠴᠡᠩᠬᠡᠷᠯᠡᠨ ᠦᠵᠡᠭᠳᠡᠪᠡ᠃ ᠴᠠᠭᠠᠨ ᠬᠡᠷᠡᠮ ᠡᠴᠡ ᠬᠣᠶ᠋ᠢᠰᠢ ᠴᠢᠩᠭᠢᠰ ᠬᠠᠭᠠᠨ ᠊ᠤ ᠤᠤᠭᠠᠯ ᠨᠤᠲᠤᠭ ᠡᠬᠢᠯᠡᠬᠦ ᠪᠥᠯᠥᠭᠡ᠃  ᠥᠭᠡᠯᠦᠨ ᠡᠬᠡ ᠵᠢᠨ ᠰᠠᠭᠤᠭ᠎ᠠ ᠬᠡᠷᠦᠯᠦᠨ ᠊ᠦ ᠬᠥᠳᠡᠭᠡ ᠠᠷᠠᠯ ᠬᠦᠷᠲᠡᠯ᠎ᠡ ᠡᠨᠳᠡ ᠡᠴᠡ ᠳᠠᠷᠤᠢ ᠵᠠᠭᠤ ᠬᠣᠯᠠ ᠢᠯᠡᠭᠦᠦ ᠥᠷᠲᠡᠭᠡ ᠭᠠᠵᠠᠷ ᠪᠣᠢ᠃ ᠡᠶ᠋ᠢᠮᠦ ᠭᠠᠵᠠᠷ ᠊ᠢ ᠲᠤᠭᠤᠯᠵᠤ ᠪᠠᠶ᠋ᠢᠵᠤ ᠮᠣᠩᠭᠣᠯ ᠊ᠤᠨ ᠤᠤᠭᠠᠯ ᠨᠤᠲᠤᠭ ᠊ᠤᠨ ᠲᠥᠪ ᠲᠦ᠍ ᠬᠦᠷᠬᠦ ᠶᠤᠮ᠃ ᠲᠡᠳᠡ ᠬᠣᠶᠠᠷ ᠵᠢᠯ ᠊ᠦᠨ ᠡᠮᠦᠨ᠎ᠡ ᠮᠣᠩᠭᠣᠯ ᠊ᠤᠨ ᠴᠡᠷᠢᠭ ᠲᠦ᠍ ᠡᠵᠡᠯᠡᠭᠳᠡᠭᠰᠡᠨ ᠴᠠᠪᠴᠢᠶᠠᠯ ᠪᠣᠭᠣᠮᠲᠠ ᠶ᠋ᠢ ᠣᠷᠬᠢᠨ ᠬᠣᠶ᠋ᠢᠲᠤ ᠵᠦᠭ ᠳᠠᠪᠬᠢᠯ᠎ᠠ᠃ ᠬᠠᠰᠠᠷ ᠊ᠤᠨ ᠴᠢᠬᠢᠨ ᠳ᠋ᠦ᠍ ᠭᠠᠵᠠᠷ ᠳᠡᠯᠡᠳᠬᠦ ᠮᠣᠷᠢᠳ ᠊ᠤᠨ ᠲᠤᠭᠤᠷᠠᠢ ᠵᠢᠨ ᠴᠢᠮᠡᠭᠡ ᠶᠠᠭ ᠳᠠᠭᠤ ᠬᠤᠭᠤᠷ ᠰᠢᠭ᠋ ᠰᠣᠨᠣᠰᠳᠠᠨ᠎ᠠ᠃

         
             ᠦᠰᠦᠭ ᠠᠮᠢᠯᠠᠭᠤᠯᠤᠭᠴᠢ᠄ ᠨᠠᠷᠠᠨᠭᠡᠷᠡᠯ᠂ ᠪᠠᠶᠠᠨᠴᠡᠴᠡᠭ᠂ ᠠᠯᠲᠠᠨᠴᠡᠴᠡᠭ᠂ ᠰᠡᠴᠡᠨᠴᠢᠮᠡᠭ᠂ 
                                   ᠬᠡᠷᠡᠢᠳ·ᠮᠥᠩᠬᠡᠨᠠᠰᠤᠨ᠂ ᠱᠠᠭᠰᠠᠯ᠂ ᠨᠠᠷᠠᠨ᠂ 
                                   ᠬᠡᠯᠡᠰᠣᠶᠣᠯ(ᠪᠤᠤ ᠸᠧᠨ ᠬᠤᠸᠠ)᠂ ᠵᠢᠩᠯᠢᠬᠤᠸᠠᠷ᠂ ᠨᠠᠷᠠᠨᠲᠤᠶᠠᠭ᠎ᠠ᠂ 
               ᠬᠢᠨᠠᠭᠴᠢ ᠪᠠᠭᠰᠢ᠄ ᠣᠳᠬᠠᠨᠰᠣ᠎ᠠ᠂ ᠮᠣᠩᠭᠣᠯ ᠰᠦᠨᠡᠰᠦ᠂ ᠰᠡᠬᠡᠭᠡᠷᠡᠯ᠂ ᠠᠷᠢᠭᠤᠨ᠂  
                                 ᠬᠡᠷᠡᠢᠳ· ᠮᠥᠩᠬᠡᠨᠠᠰᠤᠨ᠂ ᠲ· ᠬᠦᠮᠦᠵᠢᠯᠲᠦ᠂ ᠪᠠᠶᠠᠨᠴᠡᠴᠡᠭ