ᠰᠢᠷ᠎ᠠ ᠲᠦᠷᠦᠭᠦᠦШар дөрүүShar dörüü ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠷ᠎ᠠ ᠲᠦᠷᠦᠭᠦᠦШар дөрүүShar dörüü

ᠰᠢᠷ᠎ᠠ ᠲᠦᠷᠦᠭᠦᠦШар дөрүүShar dörüü

2025-08-11

143

ᠰᠢᠷ᠎ᠠ ᠲᠦᠷᠦᠭᠦᠦ

   ᠲᠤᠰ ᠡᠮ ᠪᠣᠯ ᠤᠳ᠌ᠪᠠᠯ᠎ᠠ ᠴᠡᠴᠡᠭ ᠦ᠋ᠨ  ᠢᠵᠠᠭᠤᠷ ᠤ᠋ᠨ ᠤᠷᠭᠤᠮᠠᠯ ᠪᠣᠯᠬᠤ ᠬᠢᠩᠭᠠᠨ ᠤ᠋ ᠴᠠᠰᠢᠪ ᠴᠡᠴᠡᠭ ᠦ᠋ᠨ ᠬᠠᠲᠠᠭᠠᠭᠰᠠᠨ ᠬᠥᠷᠥᠰᠥᠨ ᠳᠡᠭᠡᠷᠡᠬᠢ ᠬᠡᠰᠡᠭ ᠮᠥᠨ᠃ ᠪᠠᠰᠠ ᠰᠢᠷ᠎ᠠ ᠮᠢᠩᠵᠡᠨ ᠭᠡᠳᠡᠭ᠃
   [ ᠤᠤᠯ ᠤᠷᠭᠤᠮᠠᠯ] ᠬᠣᠶᠠᠷ ᠨᠠᠰᠤᠲᠤ ᠡᠪᠡᠰᠦᠯᠢᠭ ᠤᠷᠭᠤᠮᠠᠯ᠃30~80cm ᠥᠨᠳᠥᠷ᠂ ᠡᠰᠢ ᠨᠢ ᠰᠢᠯᠤᠭᠤᠨ᠂ ᠭᠤᠯᠳᠤ ᠬᠣᠪᠢᠯ ᠢᠷᠮᠡᠭ ᠲᠡᠢ᠂ ᠭᠣᠬ᠎ᠠ ᠰᠢᠭ᠋ ᠰᠠᠯᠠᠭ᠎ᠠ ᠪᠦᠬᠦᠢ ᠬᠠᠲᠠᠭᠤ ᠦᠰᠦ ᠲᠡᠢ᠂ ᠤᠭ ᠤ᠋ᠨ ᠬᠡᠰᠡᠭ ᠨᠢ ᠵᠢᠭᠠᠬᠠᠨ ᠪᠣᠷᠣᠪᠲᠤᠷ ᠤᠯᠠᠭᠠᠨ᠂ ᠳᠡᠭᠡᠷ᠎ᠡ ᠬᠡᠰᠡᠭ ᠲᠡᠭᠡᠨ ᠰᠠᠯᠠᠭᠠᠯᠠᠨ᠎ᠠ᠃ ᠤᠵᠠᠭᠤᠷ ᠤ᠋ᠨ ᠨᠠᠪᠴᠢ ᠨᠢ ᠴᠡᠴᠡᠭᠯᠡᠬᠦ ᠦᠶᠡᠰ᠎ᠲᠤ ᠬᠤᠪᠠᠬᠠᠢᠷᠠᠨ᠎ᠠ᠃ ᠳᠣᠣᠷ᠎ᠠ ᠬᠡᠰᠡᠭ ᠦ᠋ᠨ ᠨᠠᠪᠴᠢ ᠨᠢ ᠲᠡᠭᠰᠢ ᠲᠣᠭᠣᠷᠢᠬᠯᠢᠭ᠋ ᠰᠢᠭ᠋ ᠬᠠᠪᠲᠠᠭᠠᠢ ᠲᠡᠪᠡᠨᠡ ᠪᠤᠶᠤ ᠲᠡᠭᠰᠢ ᠲᠣᠭᠣᠷᠢᠬᠯᠢᠭ᠋ ᠲᠣᠩᠭᠣᠷᠤᠤ ᠬᠠᠪᠲᠠᠭᠠᠢ ᠲᠡᠪᠡᠨᠡ ᠬᠡᠯᠪᠡᠷᠢ ᠲᠡᠢ᠂6~20cm ᠤᠷᠲᠤ᠂1~3cm ᠥᠷᠭᠡᠨ᠂ ᠮᠣᠬᠣᠭᠣ ᠱᠣᠪᠣᠭᠣᠷ ᠦᠵᠦᠭᠦᠷ ᠲᠡᠢ᠂ ᠤᠭ ᠤ᠋ᠨ ᠬᠡᠰᠡᠭ ᠨᠢ ᠱᠤᠪᠲᠤᠢᠭᠠᠳ ᠨᠠᠷᠢᠨ ᠳᠠᠯᠠᠪᠴᠢ ᠪᠦᠬᠦᠢ ᠨᠠᠪᠴᠢᠨ ᠪᠠᠷᠢᠭᠤᠯ ᠪᠣᠯᠳᠠᠭ᠃ ᠬᠥᠪᠡᠭᠡ ᠪᠡᠷ ᠨᠢ ᠶᠠᠯᠢᠮ ᠦᠭᠡᠢ ᠬᠡᠷᠴᠢᠶᠡᠰᠦ ᠲᠡᠢ᠂ ᠬᠣᠶᠠᠷ ᠲᠠᠯ᠎ᠠ ᠳ᠋ᠤᠨᠢ ᠭᠣᠬ᠎ᠠ ᠰᠢᠭ᠋ ᠰᠠᠯᠠᠭ᠎ᠠ ᠲᠠᠢ᠂ ᠰᠢᠷᠦᠭᠦᠨ ᠦᠰᠦ ᠲᠡᠢ᠂ ᠳᠤᠮᠳᠠ ᠬᠡᠰᠡᠭ ᠦ᠋ᠨ ᠨᠠᠪᠴᠢ ᠨᠢ ᠬᠠᠪᠲᠠᠭᠠᠢ ᠲᠡᠪᠡᠨᠡ ᠬᠡᠯᠪᠡᠷᠢ ᠲᠡᠢ᠂ ᠪᠠᠷᠢᠭᠤᠯ ᠦᠭᠡᠢ᠂ ᠵᠢᠭᠠᠬᠠᠨ ᠡᠰᠢ ᠪᠡᠨ ᠪᠠᠭᠯᠠᠨ᠎ᠠ᠃ ᠳᠡᠭᠡᠷ᠎ᠡ ᠬᠡᠰᠡᠭ ᠦ᠋ᠨ ᠨᠠᠪᠴᠢ ᠨᠢ ᠵᠢᠵᠢᠭ᠂ ᠪᠦᠰᠡᠯᠢᠭ ᠬᠠᠪᠲᠠᠭᠠᠢ ᠲᠡᠪᠡᠨᠡ ᠬᠡᠯᠪᠡᠷᠢ ᠲᠡᠢ᠃ ᠲᠣᠯᠣᠭᠠᠢ ᠬᠡᠯᠪᠡᠷᠢᠲᠦ ᠪᠠᠭ ᠴᠡᠴᠡᠭ ᠨᠢ ᠡᠰᠢ ᠰᠠᠯᠠᠭ᠎ᠠ ᠶ᠋ᠢᠨ ᠦᠵᠦᠭᠦᠷ ᠲᠦ᠍ ᠲᠡᠭᠰᠢ ᠣᠷᠣᠢᠲᠤ ᠰᠢᠭ᠋ ᠱᠣᠷᠣᠯᠵᠢᠨ ᠬᠡᠯᠪᠡᠷᠢᠲᠦ ᠪᠠᠭ ᠴᠡᠴᠡᠭ ᠪᠣᠯᠵᠤ ᠳᠡᠯᠭᠡᠷᠡᠨ᠎ᠡ᠃ ᠪᠠᠭ ᠴᠡᠴᠡᠭ ᠦ᠋ᠨ ᠪᠠᠷᠢᠭᠤᠯ ᠨᠢ ᠨᠡᠯᠢᠶᠡᠳ ᠤᠷᠲᠤ᠂ ᠤᠭ ᠲᠤᠨᠢ ᠪᠦᠰᠡᠯᠢᠭ ᠪᠠᠭᠯᠠᠭᠴᠢ ᠨᠠᠪᠴᠢ ᠲᠠᠢ᠂ ᠶᠡᠷᠦᠩᠬᠡᠢ ᠪᠠᠭᠯᠠᠭᠴᠢ ᠨᠢ ᠬᠣᠭᠣᠯᠠᠢ ᠰᠢᠭ᠋ ᠬᠤᠩᠬ᠎ᠠ ᠬᠡᠯᠪᠡᠷᠢ ᠲᠡᠢ᠂8~12mm ᠤᠷᠲᠤ᠂10mm ᠣᠷᠴᠢᠮ ᠥᠷᠭᠡᠨ᠂ ᠶᠡᠷᠦᠩᠬᠡᠢ ᠪᠠᠭᠯᠠᠭᠴᠢ ᠨᠢ3 ᠳᠠᠪᠬᠤᠷ᠂ ᠪᠦᠰᠡᠯᠢᠭ ᠪᠤᠶᠤ ᠪᠦᠰᠡᠯᠢᠭ ᠬᠠᠪᠲᠠᠭᠠᠢ ᠲᠡᠪᠡᠨᠡ ᠬᠡᠯᠪᠡᠷᠢ ᠲᠡᠢ᠂ ᠠᠷᠤ ᠳ᠋ᠤᠨᠢ ᠰᠢᠷᠦᠭᠦᠨ ᠦᠰᠦ ᠲᠡᠢ᠂ ᠭᠠᠳᠠᠷ ᠳᠠᠪᠬᠤᠷ ᠨᠢ ᠨᠡᠯᠢᠶᠡᠳ ᠣᠬᠣᠷ᠂ ᠳᠣᠲᠣᠷ᠎ᠠ ᠳᠠᠪᠬᠤᠷ ᠨᠢ ᠨᠡᠯᠢᠶᠡᠳ ᠤᠷᠲᠤ᠂ ᠴᠡᠴᠡᠭ ᠨᠢ ᠪᠦᠷ ᠬᠡᠯᠡ ᠬᠡᠯᠪᠡᠷᠢ ᠲᠡᠢ᠂ ᠰᠢᠷ᠎ᠠ ᠥᠩᠭᠡ ᠲᠡᠢ᠃ ᠲᠤᠷᠠᠩᠬᠠᠢ ᠵᠢᠮᠢᠰ ᠨᠢ ᠪᠥᠭᠡᠷᠡᠩᠬᠡᠢ ᠪᠠᠭᠠᠨ᠎ᠠ ᠬᠡᠯᠪᠡᠷᠢ ᠲᠡᠢ᠂ ᠵᠢᠭᠠᠬᠠᠨ ᠮᠤᠷᠤᠢ᠂ ᠤᠯᠠᠪᠢᠷ ᠬᠦᠷᠡᠩ ᠥᠩᠭᠡ ᠲᠡᠢ᠃ ᠬᠥᠨᠳᠡᠯᠡᠨ ᠠᠷᠲᠠᠢ᠂ ᠬᠣᠰᠢᠭᠤ ᠦᠭᠡᠢ᠃2 ᠮᠥᠷ ᠲᠢᠲᠢᠮ ᠦᠰᠦ ᠲᠡᠢ᠂ ᠴᠠᠭᠠᠨ ᠥᠩᠭᠡ ᠲᠡᠢ᠂ ᠤᠷᠲᠤ ᠨᠢ2mm ᠬᠦᠷᠳᠡᠭ᠃7~8 ᠳ᠋ᠤᠭᠠᠷ ᠰᠠᠷ᠎ᠠ ᠳ᠋ᠤ᠌ ᠴᠡᠴᠡᠭᠯᠡᠵᠦ ᠵᠢᠮᠢᠰᠯᠡᠨ᠎ᠡ᠃
   [ ᠤᠷᠭᠤᠬᠤ ᠣᠷᠴᠢᠨ ᠬᠢᠭᠡᠳ ᠲᠠᠷᠬᠠᠴᠠ] ᠬᠡᠭᠡᠷ᠎ᠡ ᠲᠠᠯ᠎ᠠ᠂ ᠭᠣᠣ ᠭᠠᠩᠭ᠎ᠠ᠂ ᠣᠢ ᠶ᠋ᠢᠨ ᠬᠥᠪᠡᠭᠡ ᠪᠣᠯᠤᠨ ᠭᠣᠣᠯ ᠤ᠋ᠨ ᠳᠠᠩ ᠤ᠋ᠨ ᠡᠪᠡᠰᠦᠨ ᠳᠤᠮᠳᠠ ᠤᠷᠭᠤᠨ᠎ᠠ᠃ ᠤᠮᠠᠷᠠᠲᠤ ᠣᠷᠣᠨ᠂ ᠪᠠᠷᠠᠭᠤᠨ ᠬᠣᠢᠲᠤ ᠣᠷᠣᠨ᠂ ᠵᠡᠭᠦᠨ ᠡᠮᠦᠨᠡᠲᠦ ᠣᠷᠣᠨ᠂ ᠳᠤᠮᠳᠠᠳᠤ ᠣᠷᠣᠨ ᠳ᠋ᠤ᠌ ᠲᠠᠷᠬᠠᠴᠠ ᠲᠠᠢ᠃
   [ ᠲᠡᠭᠦᠵᠦ ᠪᠣᠯᠪᠠᠰᠤᠷᠠᠭᠤᠯᠬᠤ] ᠵᠤᠨ᠂ ᠨᠠᠮᠤᠷ ᠴᠡᠴᠡᠭᠯᠡᠬᠦ ᠦᠶᠡᠰ ᠲᠤᠨᠢ ᠬᠠᠳᠤᠵᠤ ᠠᠪᠤᠭᠠᠳ᠂ ᠬᠤᠪᠠᠬᠠᠢᠷᠠᠭᠰᠠᠨ ᠨᠠᠪᠴᠢ ᠪᠠ ᠬᠣᠯᠢᠮᠠᠭ ᠵᠦᠢᠯ ᠢ᠋ ᠨᠢ ᠠᠷᠢᠯᠭᠠᠨ ᠴᠡᠪᠡᠷᠯᠡᠭᠡᠳ᠂ ᠬᠡᠷᠴᠢᠵᠦ ᠰᠡᠭᠦᠳᠡᠷ ᠲᠦ᠍ ᠬᠠᠲᠠᠭᠠᠨ᠎ᠠ᠃
   [ ᠠᠮᠲᠠ᠂ ᠴᠢᠨᠠᠷ᠂ ᠡᠷᠳᠡᠮ] ᠭᠠᠰᠢᠭᠤᠨ ᠠᠮᠲᠠ ᠲᠠᠢ; ᠰᠡᠷᠢᠭᠦᠨ ᠴᠢᠨᠠᠷ ᠲᠠᠢ; ᠰᠢᠷᠦᠭᠦᠨ ᠡᠷᠳᠡᠮ ᠲᠡᠢ᠃
   [ ᠴᠢᠳᠠᠯ ᠪᠠ ᠭᠣᠣᠯᠳᠠᠭᠤ ᠵᠠᠰᠠᠬᠤ] ᠬᠠᠳᠬᠤᠯᠭ᠎ᠠ ᠶ᠋ᠢ ᠳᠠᠷᠤᠬᠤ᠂ ᠨᠢᠶᠠᠨ ᠢ᠋ ᠨᠢᠲᠤᠯᠬᠤ᠂ ᠬᠠᠯᠠᠭᠤᠨ ᠢ᠋ ᠠᠷᠢᠯᠭᠠᠬᠤ᠂ ᠬᠠᠪᠤᠳᠠᠷ ᠢ᠋ ᠬᠠᠷᠢᠭᠤᠯᠬᠤ᠂ ᠬᠣᠣᠷ ᠢ᠋ ᠬᠤᠷᠢᠶᠠᠬᠤ ᠴᠢᠳᠠᠯ ᠲᠠᠢ᠃ ᠭᠣᠣᠯᠳᠠᠭᠤ ᠨᠢᠶᠠᠨ ᠬᠢᠵᠢᠭ᠂ ᠰᠠᠬᠤᠤ᠂ ᠬᠥᠬᠥᠨ ᠬᠠᠪᠤᠳᠠᠷ᠂ ᠳᠥᠭᠥᠰᠢ ᠶ᠋ᠢᠨ ᠬᠠᠪᠤᠳᠠᠷ᠂ ᠲᠠᠷᠢᠬᠢᠨ ᠤ᠋ ᠬᠠᠳᠬᠤᠯᠭ᠎ᠠ᠂ ᠣᠬᠣᠷ ᠬᠠᠳᠬᠤᠯᠭ᠎ᠠ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃

   ᠬᠢᠲᠠᠳ ᠨᠡᠷ᠎ᠡ᠄毛莲菜
   ᠠᠩᠭ᠌ᠯᠢ ᠨᠡᠷ᠎ᠡ᠄Picris japonica Thunb.

   ᠦᠰᠦᠭ ᠠᠮᠢᠯᠠᠭᠤᠯᠤᠭᠴᠢ᠄ ᠴᠡᠪᠡᠷᠴᠡᠴᠡᠭ
   ᠬᠢᠨᠠᠭᠴᠢ᠄ ᠤᠷᠠᠨᠴᠢᠮᠡᠭ