ᠮᠣᠭᠵᠤᠭᠤᠬᠠᠨ ᠳᠠᠭ᠎ᠠ ᠲᠠᠢ ᠵᠣᠭᠵᠤᠭᠤᠬᠠᠨ ᠬᠦᠦ -ᠳᠣᠮᠣᠭ ᠦᠯᠢᠭᠡᠷМогжоохон даагатай Жогжоохон хүү ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠭᠵᠤᠭᠤᠬᠠᠨ ᠳᠠᠭ᠎ᠠ ᠲᠠᠢ ᠵᠣᠭᠵᠤᠭᠤᠬᠠᠨ ᠬᠦᠦ -ᠳᠣᠮᠣᠭ ᠦᠯᠢᠭᠡᠷМогжоохон даагатай Жогжоохон хүү

ᠮᠣᠭᠵᠤᠭᠤᠬᠠᠨ ᠳᠠᠭ᠎ᠠ ᠲᠠᠢ ᠵᠣᠭᠵᠤᠭᠤᠬᠠᠨ ᠬᠦᠦ -ᠳᠣᠮᠣᠭ ᠦᠯᠢᠭᠡᠷМогжоохон даагатай Жогжоохон хүү

ᠠᠩᠭᠢᠯᠠᠯ:ᠳᠣᠮᠣᠭ ᠦᠯᠢᠭᠡᠷ
2025-08-10

2565

ᠮᠣᠭᠵᠤᠭᠤᠬᠠᠨ ᠳᠠᠭ᠎ᠠ ᠲᠠᠢ ᠵᠣᠭᠵᠤᠭᠤᠬᠠᠨ ᠬᠦᠦ

    ᠡᠷᠲᠡ ᠤᠷᠢᠳᠤ ᠶ᠋ᠢᠨ ᠴᠠᠭ ᠲᠤ᠌ ᠶᠤᠮ ᠭᠡᠨ᠎ᠡ᠃ ᠮᠠᠨ ᠤ᠋ ᠡᠷᠢᠨ ᠡᠴᠡ ᠡᠮᠦᠨ᠎ᠡ ᠮᠠᠰᠢ ᠡᠷᠲᠡ ᠶ᠋ᠢᠨ ᠴᠠᠭ ᠲᠤ᠌ ᠶᠤᠮ ᠭᠡᠨ᠎ᠡ᠃

ᠠᠯᠢ ᠨᠢᠭᠡᠨ ᠭᠦᠷᠦᠨ ᠳ᠋ᠦ᠍ ᠥᠪᠡᠷᠰᠡᠳ ᠢ᠋ ᠪᠡᠨ ᠰᠡᠴᠡᠨ ᠮᠡᠷᠭᠡᠨ ᠳ᠋ᠦ᠍ ᠲᠣᠭᠠᠴᠠᠳᠠᠭ ᠬᠠᠭᠠᠨ ᠤ᠋ ᠬᠡᠰᠡᠭ ᠰᠢᠳᠠᠷ ᠬᠥᠮᠦᠰ ᠪᠠᠢᠳᠠᠭ ᠪᠠᠢᠵᠠᠢ᠃ ᠲᠡᠳᠡ ᠨᠤᠲᠤᠭ ᠤ᠋ᠨ ᠢ᠋ᠶ᠋ᠠᠨ ᠠᠷᠠᠳ ᠣᠯᠠᠨ᠂ ᠠᠯᠪᠠᠲᠤ ᠢᠷᠭᠡᠳ ᠢ᠋ ᠠᠮᠠ ᠬᠡᠯᠡ ᠪᠡᠷ ᠳᠣᠷᠣᠮᠵᠢᠯᠠᠵᠤ ᠠᠮᠤᠷ ᠵᠠᠶᠠᠭ᠎ᠠ ᠦᠵᠡᠭᠦᠯᠳᠡᠭ ᠦᠭᠡᠢ ᠪᠠᠢᠵᠠᠢ᠃

ᠬᠠᠷᠢᠨ ᠲᠡᠷᠡ ᠨᠤᠲᠤᠭ ᠲᠤ᠌ ᠮᠣᠭᠵᠥᠭᠤᠬᠠᠨ ᠳᠠᠭ᠎ᠠ ᠲᠠᠢ ᠵᠣᠭᠵᠤᠭᠤᠬᠠᠨ ᠬᠦᠦ ᠭᠡᠵᠦ ᠥᠨᠥᠴᠢᠨ ᠪᠣᠯᠪᠠᠴᠤ ᠤᠬᠠᠭᠠᠯᠢᠭ ᠬᠦᠦ ᠪᠠᠢᠵᠠᠢ᠃ ᠵᠣᠭᠵᠤᠭᠤᠬᠠᠨ ᠬᠦᠦ ᠮᠣᠭᠵᠤᠭᠤᠬᠠᠨ ᠳᠠᠭ᠎ᠠ ᠪᠠᠨ ᠤᠨᠤᠭᠠᠳ ᠨᠢᠭᠡ ᠡᠳᠦᠷ ᠲᠠᠷᠳᠠᠩᠬᠠᠨ ᠵᠠᠮ ᠢ᠋ᠶ᠋ᠠᠷ ᠲᠠᠰᠢᠭᠤᠷᠳᠠᠩᠬᠠᠨ ᠳᠠᠪᠬᠢᠩᠬᠠᠨ ᠶᠠᠪᠤᠵᠤ ᠪᠠᠢᠲᠠᠯ᠎ᠠ ᠨᠢ ᠰᠢᠯᠤᠭᠤᠬᠠᠨ ᠨᠦᠬᠡ ᠤᠷᠤᠭᠤ ᠱᠣᠯᠲᠤᠩᠬᠠᠨ ᠵᠤᠷᠠᠮ᠎ᠠ ᠭᠤᠯᠳᠤᠩᠬᠠᠨ ᠬᠢᠭᠡᠳ ᠣᠷᠣᠴᠢᠬᠠᠵᠠᠢ᠃ ᠲᠡᠭᠡᠬᠦ ᠪᠡᠷ ᠨᠢ ᠮᠣᠭᠵᠤᠭᠤᠬᠠᠨ ᠳᠠᠭ᠎ᠠ ᠲᠠᠢ ᠵᠤᠭᠵᠤᠭᠤᠬᠠᠨ ᠬᠦᠦ ᠱᠣᠯᠳᠤᠩᠬᠠᠨ ᠵᠤᠷᠠᠮᠠᠨ ᠤ᠋ ᠰᠢᠯᠤᠭᠤᠬᠠᠨ ᠨᠦᠬᠡ ᠶ᠋ᠢ ᠤᠳᠤᠩᠬᠠᠨ ᠰᠠᠭᠤᠵᠤ ᠪᠠᠢᠵᠠᠢ ᠭᠡᠨ᠎ᠡ᠃

ᠲᠡᠭᠡᠲᠡᠯ᠎ᠡ ᠬᠠᠷ᠎ᠠ ᠠᠵᠢᠷᠭ᠎ᠠ ᠤᠨᠤᠭᠰᠠᠨ᠂ ᠬᠠᠷ᠎ᠠ ᠳᠠᠬᠤ ᠨᠥᠮᠥᠷᠦᠭᠰᠡᠨ ᠬᠠᠭᠠᠨ ᠤ᠋ ᠠᠳᠤᠭᠤᠴᠢᠨ ᠬᠦᠷᠴᠦ ᠢᠷᠡᠭᠡᠳ᠂
— ᠴᠢ ᠶᠡᠷᠦ ᠨᠢ ᠵᠠᠮ ᠳᠡᠭᠡᠷ᠎ᠡ ᠶᠠᠭᠤ ᠬᠢᠵᠦ ᠰᠠᠭᠤᠭ᠎ᠠ ᠨᠣᠪᠰᠢ ᠪᠣᠢ? ᠭᠡᠵᠡᠢ᠃ ᠵᠤᠭᠵᠤᠭᠤᠬᠠᠨ ᠬᠦᠦ᠂
— ᠪᠢ ᠰᠢᠯᠤᠭᠤᠬᠠᠨ ᠨᠦᠬᠡ ᠤᠷᠤᠭᠤ ᠱᠣᠯᠳᠣᠩᠬᠠᠨ ᠵᠤᠷᠠᠮ᠎ᠠ ᠭᠤᠯᠳᠤᠩᠬᠠᠨ ᠬᠢᠭᠡᠳ ᠣᠷᠣᠴᠢᠬᠠᠬᠤ ᠪᠠᠷ ᠨᠢ ᠤᠳᠤᠩᠬᠠᠨ ᠰᠠᠭᠤᠵᠤ ᠪᠠᠢᠨ᠎ᠠ᠂ ᠠᠬ᠎ᠠ ᠠ᠋! ᠭᠡᠵᠦ ᠬᠡᠯᠡᠵᠡᠢ᠃ ᠭᠡᠲᠡᠯ᠎ᠡ ᠨᠥᠭᠦᠭᠡ ᠬᠠᠷ᠎ᠠ ᠠᠵᠢᠷᠭ᠎ᠠ ᠤᠨᠤᠭᠰᠠᠨ᠂ ᠬᠠᠷ᠎ᠠ ᠳᠠᠬᠤ ᠨᠥᠮᠥᠷᠦᠭᠰᠡᠨ ᠬᠠᠭᠠᠨ ᠤ᠋ ᠠᠳᠤᠭᠤᠴᠢᠨ ᠲᠣᠬᠣᠭᠤᠷᠬᠠᠭᠰᠠᠨ ᠪᠠᠢᠳᠠᠯ ᠲᠠᠢ᠂
— ᠵᠠᠮ ᠵᠠᠢᠯᠠ! ᠬᠦ ᠭᠡᠵᠦ ᠭᠡᠨ᠎ᠡ᠃ ᠵᠣᠭᠵᠤᠭᠤᠬᠠᠨ ᠬᠦᠦ ᠲᠡᠭᠡᠬᠦ ᠪᠡᠷ ᠨᠢ ᠳᠤᠷ᠎ᠠ ᠦᠭᠡᠢ ᠨᠢ ᠬᠦᠷᠦᠭᠡᠳ᠂
— ᠵᠠᠮ ᠴᠢᠮ᠎ᠠ ᠶ᠋ᠢ ᠵᠠᠢᠯᠠ ᠭᠡᠵᠦ ᠪᠠᠢᠨ᠎ᠠ ᠳ᠋ᠠ ᠭᠡᠳ ᠲᠠᠯ᠎ᠠ ᠶ᠋ᠢᠨ ᠳᠡᠭᠡᠭᠦᠷ ᠰᠤᠨᠠᠢᠭᠰᠠᠨ ᠳᠠᠷᠳᠠᠩ ᠵᠠᠮ ᠢ᠋ ᠲᠠᠰᠢᠭᠤᠷ ᠢ᠋ᠶ᠋ᠠᠷ ᠢ᠋ᠶ᠋ᠠᠨ ᠣᠷᠢᠶᠠᠯᠭᠠᠵᠤ ᠳᠦᠷᠢ ᠦᠵᠡᠭᠦᠯᠵᠡᠢ᠃ ᠲᠡᠭᠡᠲᠡᠯ᠎ᠡ ᠬᠠᠭᠠᠨ ᠤ᠋ ᠠᠳᠤᠭᠤᠴᠢᠨ ᠡᠨᠡ ᠶᠡᠷᠦ ᠨᠢ ᠰᠡᠴᠡᠨ ᠰᠡᠷᠭᠦᠯᠡᠩ ᠬᠦᠦ ᠪᠠᠢᠬᠤ ᠨᠢ᠂ ᠬᠡᠳᠦᠨ ᠦᠭᠡ ᠰᠣᠯᠢᠶ᠎ᠠ ᠭᠡᠵᠦ ᠪᠣᠳᠣᠭᠠᠳ᠂
— ᠴᠢ ᠰᠢᠯᠤᠭᠤᠬᠠᠨ ᠨᠦᠬᠡ ᠤᠷᠤᠭᠤ ᠭᠤᠯᠳᠤᠩᠬᠠᠨ ᠬᠢᠭᠡᠳ ᠣᠷᠣᠭᠰᠠᠨ ᠱᠤᠯᠳᠤᠩᠬᠠᠨ ᠵᠤᠷᠠᠮᠠᠨ ᠤ᠋ ᠨᠦᠬᠡ ᠶ᠋ᠢ ᠤᠳᠤᠩᠬᠠᠨ ᠰᠠᠭᠤᠬᠤ ᠴᠢᠨᠢ ᠶᠠᠭᠠᠬᠢᠬᠤ ᠭᠡᠵᠦ ᠪᠠᠢᠭ᠎ᠠ ᠶᠤᠮ ᠪᠣᠢ? ᠵᠤᠷᠠᠮᠠᠨ ᠤ᠋ ᠵᠠᠬᠢᠭᠰᠠᠨ ᠵᠠᠬᠢᠶᠠᠰᠤ ᠶ᠋ᠢ ᠪᠡᠶᠡᠯᠡᠭᠦᠯᠦᠭᠰᠡᠨ ᠢ᠋ᠶ᠋ᠡᠨ ᠲᠡᠭᠦᠨ ᠳ᠋ᠦ᠍ ᠥᠭᠬᠦ ᠪᠡᠷ ᠤᠳᠤᠩᠬᠠᠨ ᠪᠠᠢᠭ᠎ᠠ ᠶᠤᠮ ᠠ᠋! ᠭᠡᠵᠡᠢ᠃ ᠲᠡᠭᠡᠬᠦ ᠪᠡᠷ ᠬᠠᠭᠠᠨ ᠤ᠋ ᠠᠳᠤᠭᠤᠴᠢᠨ᠂
— ᠵᠤᠷᠠᠮ᠎ᠠ ᠴᠢᠮ᠎ᠠ ᠳ᠋ᠤ᠌ ᠶᠠᠭᠤ ᠭᠡᠵᠦ ᠵᠠᠬᠢᠭᠰᠠᠨ ᠶᠤᠮ ᠪᠣᠢ? ᠭᠡᠵᠦ ᠠᠰᠠᠭᠤᠵᠠᠢ᠃
— ᠰᠢᠯᠤᠭᠤᠬᠠᠨ ᠨᠦᠬᠡ ᠤᠷᠤᠭᠤ ᠱᠤᠯᠳᠤᠩᠬᠠᠨ ᠵᠤᠷᠠᠮ᠎ᠠ ᠭᠤᠯᠳᠤᠩᠬᠠᠨ ᠬᠢᠭᠡᠳ ᠣᠷᠣᠬᠤ ᠳ᠋ᠤ᠌ ᠪᠠᠨ ᠡᠭᠦᠪᠡᠷ ᠬᠠᠷ᠎ᠠ ᠠᠵᠢᠷᠭ᠎ᠠ ᠤᠨᠤᠭᠰᠠᠨ᠂ ᠬᠠᠷ᠎ᠠ ᠳᠠᠬᠤ ᠨᠥᠮᠥᠷᠦᠭᠰᠡᠨ ᠬᠠᠭᠠᠨ ᠤ᠋ ᠠᠳᠤᠭᠤᠴᠢᠨ ᠢᠷᠡᠪᠡᠯ᠂ ᠥᠪᠡᠷ ᠢ᠋ᠶ᠋ᠡᠨ ᠪᠤᠤ ᠪᠦᠳᠦᠷᠢᠴᠢᠬᠡ᠂ ᠥᠷᠭᠥᠭᠡ ᠶ᠋ᠢ ᠪᠤᠤ ᠡᠪᠳᠡᠴᠢᠬᠡ᠂ ᠥᠨᠥᠴᠢᠨ ᠬᠦᠦ ᠶ᠋ᠢ ᠪᠤᠤ ᠪᠠᠰᠤᠭᠠᠷᠠᠢ! ᠭᠡᠵᠦ ᠵᠠᠬᠢᠭᠠᠷᠠᠢ ᠭᠡᠰᠡᠨ ᠶᠤᠮ ᠠ᠋ ᠭᠡᠵᠡᠢ᠃ ᠠᠳᠤᠭᠤᠴᠢᠨ ᠡᠨᠡ ᠦᠭᠡ ᠶ᠋ᠢ ᠰᠣᠨᠣᠰᠤᠭᠠᠳ᠂
— ᠶᠠᠭᠠᠬᠢᠭᠰᠠᠨ ᠰᠦᠷᠡᠬᠡᠢ ᠰᠡᠴᠡᠨ ᠦᠭᠡ ᠲᠡᠢ ᠭᠠᠢᠬᠠᠯ ᠪᠣᠢ? ᠲᠡᠭᠷᠢ ᠴᠢᠮ᠎ᠠ ᠶ᠋ᠢ ᠨᠢᠷᠭᠡᠭ! ᠭᠡᠵᠦ ᠭᠡᠨ᠎ᠡ᠃ ᠲᠡᠭᠡᠬᠦ ᠪᠡᠷ ᠨᠢ ᠵᠣᠭᠵᠤᠭᠤᠬᠠᠨ ᠬᠦᠦ᠂
— ᠴᠡᠴᠡᠨ ᠦᠭᠡ ᠴᠡᠭᠡᠵᠢᠨ ᠳ᠋ᠦ᠍ ᠪᠡᠨ᠂ ᠴᠡᠴᠡᠭ ᠨᠠᠪᠴᠢ ᠠᠭᠤᠯᠠᠨ ᠳ᠋ᠤ᠌ ᠪᠠᠨ᠂ ᠬᠣᠱᠣᠩ ᠦᠭᠡ ᠬᠣᠭᠣᠯᠠᠢ ᠳ᠋ᠤ᠌ ᠪᠠᠨ᠂ ᠬᠣᠩᠬᠣ ᠳᠠᠮᠠᠷᠤ ᠯᠠᠮᠠ ᠳ᠋ᠤ᠌ ᠪᠠᠨ ᠪᠠᠢᠳᠠᠭ ᠰᠢᠦ ᠳ᠋ᠠ᠃ ᠳᠠᠬᠤ ᠲᠠᠢ ᠪᠠᠷ ᠨᠢ ᠲᠠᠨ ᠊ᠢ ᠨᠢᠷᠭᠡᠭ᠂ ᠳᠠᠯᠠᠩ ᠲᠠᠢ ᠪᠠᠷ ᠨᠢ ᠠᠵᠢᠷᠭ᠎ᠠ ᠶ᠋ᠢ ᠴᠢᠨᠢ ᠨᠢᠷᠭᠡᠭ! ᠳᠠᠭᠠᠬᠢ ᠲᠠᠢ ᠪᠠᠷ ᠨᠢ ᠳᠠᠭ᠎ᠠ ᠶ᠋ᠢ ᠮᠢᠨᠢ ᠥᠷᠥᠰᠢᠶᠡᠭ! ᠭᠡᠵᠡᠢ᠃

ᠡᠭᠦᠨ ᠳ᠋ᠦ᠍ ᠬᠠᠷ᠎ᠠ ᠠᠵᠢᠷᠭ᠎ᠠ ᠤᠨᠤᠭᠰᠠᠨ ᠬᠠᠷ᠎ᠠ ᠳᠠᠬᠤ ᠨᠥᠮᠥᠷᠦᠭᠰᠡᠨ ᠬᠠᠭᠠᠨ ᠤ᠋ ᠠᠳᠤᠭᠤᠴᠢᠨ ᠠᠭᠤᠷᠯᠠᠭᠠᠳ ᠬᠠᠭᠠᠨ ᠳ᠋ᠤ᠌ ᠪᠠᠨ ᠮᠡᠳᠡᠭᠦᠯᠵᠦ ᠵᠠᠯᠬᠠᠭᠠᠬᠤ ᠪᠠᠷ ᠬᠦᠦ ᠶ᠋ᠢ ᠠᠪᠤᠭᠠᠳ ᠶᠠᠪᠤᠵᠠᠢ ᠭᠡᠨ᠎ᠡ᠃ ᠬᠠᠭᠠᠨ ᠤ᠋ ᠳ᠋ᠤ᠌ ᠬᠦᠷᠴᠦ ᠣᠴᠢᠲᠠᠯ᠎ᠠ ᠬᠠᠭᠠᠨ ᠦᠷᠭᠦᠭᠡᠨ ᠳ᠋ᠦ᠍ ᠪᠡᠨ ᠪᠠᠢᠬᠤ ᠦᠭᠡᠢ ᠪᠠᠢᠵᠠᠢ ᠭᠡᠨ᠎ᠡ᠃ ᠲᠡᠢᠮᠦ ᠡᠴᠡ ᠪᠡᠨ ᠬᠠᠭᠠᠨ ᠤ᠋ ᠠᠳᠤᠭᠤᠴᠢᠨ ᠬᠠᠲᠤᠨ ᠳ᠋ᠤ᠌ ᠨᠢ ᠥᠴᠢᠭ ᠮᠡᠳᠡᠭᠦᠯᠵᠡᠢ᠃ ᠬᠠᠭᠠᠨ ᠤ᠋ ᠬᠠᠲᠤᠨ ᠬᠦᠦ ᠶ᠋ᠢ ᠳᠠᠭᠤᠳᠠᠵᠤ ᠣᠷᠣᠭᠤᠯᠤᠭᠠᠳ ᠪᠠᠢᠴᠠᠭᠠᠬᠤ ᠭᠡᠲᠡᠯ᠎ᠡ ᠮᠣᠭᠵᠤᠭᠤᠬᠠᠨ ᠳᠠᠭ᠎ᠠ ᠲᠠᠢ ᠵᠣᠭᠵᠤᠭᠤᠬᠠᠨ ᠬᠦᠦ᠂
— ᠢᠮᠠᠭᠠᠨ ᠲᠣᠯᠣᠭᠠᠢ ᠶᠠᠮᠪᠠᠨ ᠳ᠋ᠤ᠌ ᠣᠷᠣᠳᠠᠭ ᠦᠭᠡᠢ᠂ ᠶᠠᠨᠲᠠᠭᠠᠷ ᠬᠠᠲᠤᠨ ᠵᠠᠷᠭᠤ ᠰᠢᠭᠦᠳᠡᠭ ᠦᠭᠡᠢ᠂ ᠲᠡᠮᠡᠭᠡᠨ ᠲᠣᠯᠣᠭᠠᠢ ᠳᠠᠪᠰᠢᠨ ᠳ᠋ᠤ᠌ ᠪᠠᠭᠲᠠᠳᠠᠭ ᠦᠭᠡᠢ᠂ ᠲᠡᠨᠲᠡᠭᠡᠷ ᠬᠠᠲᠤᠨ ᠵᠠᠷᠭᠤ ᠰᠢᠭᠦᠳᠡᠭ ᠦᠭᠡᠢ᠂ ᠬᠣᠨᠢᠨ ᠲᠣᠯᠣᠭᠠᠢ ᠶ᠋ᠢ ᠬᠣᠢᠮᠣᠷ ᠲᠤ᠌ ᠳᠡᠭᠡᠵᠢᠯᠡᠳᠡᠭ᠂ ᠬᠣᠲᠠᠯᠠ ᠳ᠋ᠤ᠌ ᠨᠡᠷᠡᠲᠡᠢ ᠬᠠᠭᠠᠨ ᠢ᠋ᠶ᠋ᠠᠷ ᠢ᠋ᠶ᠋ᠠᠨ ᠵᠠᠷᠭᠤ ᠰᠢᠭᠦᠯᠭᠡᠨ᠎ᠡ! ᠭᠡᠵᠡᠢ᠃ ᠲᠡᠭᠡᠬᠦ ᠪᠡᠷ ᠨᠢ ᠬᠠᠲᠤᠨ ᠤᠴᠢᠷ ᠦᠭᠡᠢ ᠠᠭᠤᠷᠯᠠᠵᠤ ᠬᠦᠦ ᠶ᠋ᠢ ᠭᠠᠷᠭᠠᠭᠠᠳ ᠮᠣᠷᠢᠨ ᠤ᠋ ᠪᠠᠨ ᠤᠶᠠᠭᠠᠨ ᠳᠡᠭᠡᠷ᠎ᠡ ᠤᠶᠠᠴᠢᠬᠠᠪᠠ ᠭᠡᠨ᠎ᠡ᠃ ᠬᠦᠦ ᠤᠢᠳᠬᠤ ᠳ᠋ᠤ᠌ ᠪᠠᠨ ᠬᠤᠷᠤᠭᠤ ᠪᠠᠷ ᠢ᠋ᠶ᠋ᠠᠨ ᠭᠠᠵᠠᠷ ᠵᠢᠷᠤᠭᠠᠳ ᠰᠠᠭᠤᠵᠤ ᠪᠠᠢᠵᠠᠢ᠃ ᠲᠡᠭᠡᠲᠡᠯ᠎ᠡ ᠬᠠᠭᠠᠨ ᠤ᠋ ᠣᠲᠠᠴᠢ ᠯᠠᠮᠠ ᠭᠠᠷᠴᠤ ᠢᠷᠡᠭᠡᠳ᠂
— ᠴᠢ ᠶᠠᠭᠤ ᠭᠡᠵᠦ ᠭᠠᠵᠠᠷ ᠤᠬᠤᠭᠠᠳ ᠪᠠᠢᠭ᠎ᠠ ᠶᠤᠮ ᠪᠣᠢ? ᠭᠡᠬᠦ ᠳ᠋ᠦ᠍ ᠵᠣᠭᠵᠤᠭᠤᠬᠠᠨ ᠬᠦᠦ
— ᠡᠮᠴᠢ ᠬᠥᠮᠦᠨ ᠦ᠌ ᠡᠷᠡᠬᠡᠢ ᠬᠤᠷᠤᠭᠤ ᠪᠠᠷ᠂ ᠳᠣᠮᠴᠢ ᠬᠥᠮᠦᠨ ᠦ᠌ ᠳᠣᠯᠢᠶᠠᠪᠤᠷ ᠬᠤᠷᠤᠭᠤ ᠪᠠᠷ ᠭᠠᠵᠠᠷ ᠤᠬᠤᠭ᠎ᠠ ᠦᠭᠡᠢ ᠠ᠋᠃ ᠥᠨᠥᠴᠢᠨ ᠬᠦᠦ ᠡᠳᠦᠷ ᠢ᠋ ᠪᠠᠷᠠᠵᠤ ᠴᠥᠬᠥᠨ᠂ ᠥᠭᠡᠳᠡᠰᠦᠨ ᠪᠡᠶ᠎ᠡ ᠪᠡᠨ ᠰᠠᠭᠠᠲᠠᠭᠤᠯᠵᠤ ᠶᠠᠳᠠᠬᠤ ᠳ᠋ᠤ᠌ ᠪᠠᠨ ᠯᠠ ᠥᠪᠡᠷ ᠦ᠋ᠨ ᠢ᠋ᠶ᠋ᠡᠨ ᠮᠠᠭᠤ ᠳᠣᠯᠢᠶᠠᠪᠤᠷ ᠬᠤᠷᠤᠭᠤ ᠪᠠᠷ ᠭᠠᠵᠠᠷ ᠵᠢᠷᠤᠭᠰᠠᠨ ᠶᠤᠮ ᠭᠡᠵᠦ ᠭᠡᠨ᠎ᠡ᠃ ᠬᠠᠭᠠᠨ ᠤ᠋ ᠣᠲᠠᠴᠢ ᠯᠠᠮᠠ ᠶᠠᠭᠤ ᠴᠤ᠌ ᠳᠤᠤᠭᠠᠷᠴᠤ ᠴᠢᠳᠠᠯ ᠦᠭᠡᠢ ᠪᠤᠴᠠᠭᠠᠳ ᠣᠷᠣᠴᠢᠬᠠᠵᠠᠢ᠃ ᠢᠩᠭᠢᠲᠡᠯ᠎ᠡ ᠬᠠᠭᠠᠨ ᠢᠷᠡᠪᠡ ᠭᠡᠨ᠎ᠡ᠃ ᠲᠡᠭᠡᠭᠡᠳ ᠬᠠᠭᠠᠨ ᠮᠣᠭᠵᠤᠭᠤᠬᠠᠨ ᠳᠠᠭ᠎ᠠ ᠲᠠᠢ ᠵᠣᠭᠵᠤᠭᠤᠬᠠᠨ ᠬᠦᠦ ᠡᠴᠡ᠂
— ᠶᠠᠭᠠᠬᠢᠭᠠᠳ ᠴᠢᠮ᠎ᠠ ᠶ᠋ᠢ ᠡᠨᠳᠡ ᠤᠶᠠᠴᠢᠬᠠᠭᠰᠠᠨ ᠪᠠᠢᠭ᠎ᠠ ᠶᠤᠮ ᠪᠣᠢ? ᠭᠡᠵᠦ ᠠᠰᠠᠭᠤᠵᠠᠢ ᠭᠡᠨ᠎ᠡ᠃ ᠬᠦᠦ ᠴᠦ᠍ ᠬᠠᠮᠤᠭ ᠪᠣᠯᠤᠭᠰᠠᠨ ᠶᠠᠪᠤᠳᠠᠯ ᠢ᠋ᠶ᠋ᠠᠨ ᠶᠠᠷᠢᠭᠰᠠᠨ ᠭᠡᠨ᠎ᠡ᠃ ᠲᠡᠭᠡᠲᠡᠯ᠎ᠡ ᠬᠠᠲᠤᠨ ᠬᠠᠵᠠᠭᠤ ᠠ᠋ᠴᠠ ᠨᠢ᠂
— ᠨᠠᠭᠠᠳᠤ ᠮᠠᠭᠤ ᠨᠣᠪᠰᠢ ᠴᠢᠨᠢ ᠨᠠᠮ᠎ᠠ ᠶ᠋ᠢ ᠬᠠᠴᠢᠨ ᠶᠡᠬᠡ ᠪᠡᠷ ᠳᠣᠷᠣᠮᠵᠢᠯᠠᠭᠰᠠᠨ ᠭᠡᠵᠦ ᠭᠣᠮᠣᠳᠠᠯ ᠢ᠋ᠶ᠋ᠠᠨ ᠬᠡᠯᠡᠵᠡᠢ᠃ ᠲᠡᠭᠡᠬᠦ ᠪᠡᠷ ᠨᠢ ᠬᠦᠦ᠂
— ᠨᠣᠪᠰᠢ ᠶ᠋ᠢᠨ ᠮᠠᠭᠤ ᠬᠦᠦ ᠪᠢ ᠶᠠᠭᠤ ᠳᠣᠷᠣᠮᠵᠢᠯᠠᠵᠤ ᠴᠢᠳᠠᠬᠤ ᠪᠣᠢ ᠳ᠋ᠠ᠃ ᠬᠠᠷᠢᠨ ᠭᠤᠸ᠎ᠠ ᠰᠠᠢᠬᠠᠨ ᠬᠠᠲᠤᠨ ᠭᠤᠸᠠᠢ ᠯᠠ ᠮᠣᠷᠢ ᠮᠠᠯ ᠤ᠋ᠨ ᠢ᠋ᠶ᠋ᠠᠨ ᠤᠶᠠᠭᠠᠨ ᠳᠡᠭᠡᠷ᠎ᠡ ᠡᠷ᠎ᠡ ᠨᠠᠮ᠎ᠠ ᠶ᠋ᠢ ᠠᠳᠤᠭᠤᠰᠤ ᠮᠡᠲᠦ ᠤᠶᠠᠭᠠᠳ ᠠᠢᠬᠤᠪᠲᠤᠷ ᠳᠣᠷᠣᠮᠵᠢᠯᠠᠵᠤ ᠪᠠᠢᠨ᠎ᠠ ᠰᠢᠦ ᠳ᠋ᠠ᠂ ᠪᠢ ᠤᠭ ᠨᠢ ᠬᠠᠲᠤᠨ ᠠᠪᠠᠬᠠᠢ ᠶ᠋ᠢ ᠬᠠᠭᠠᠨ ᠤ᠋ ᠡᠷᠬᠡ ᠶᠠᠮᠪᠠ ᠶ᠋ᠢ ᠪᠤᠯᠢᠶᠠᠯᠳᠤᠭᠠᠳ ᠬᠡᠷᠡᠭ ᠰᠢᠭᠦᠨ᠎ᠡ ᠭᠡᠬᠦ ᠪᠡᠷ ᠨᠢ ᠥᠨᠳᠥᠷ ᠲᠢᠳᠢᠮᠲᠤ ᠬᠠᠭᠠᠨ ᠢ᠋  ᠪᠡᠨ ᠬᠠᠮᠠᠭᠠᠯᠠᠵᠤ᠂
— ᠢᠮᠠᠭᠠᠨ ᠲᠣᠯᠣᠭᠠᠢ ᠶᠠᠮᠪᠠᠨ ᠳ᠋ᠤ᠌ ᠣᠷᠣᠳᠠᠭ ᠦᠭᠡᠢ᠂ ᠶᠠᠨᠳᠠᠭᠠᠷ ᠬᠠᠲᠤᠨ ᠵᠠᠷᠭᠤ ᠰᠢᠭᠦᠳᠡᠭ ᠦᠭᠡᠢ᠂ ᠬᠣᠨᠢᠨ ᠲᠣᠯᠣᠭᠠᠢ ᠶ᠋ᠢ ᠬᠣᠢᠮᠣᠷ ᠲᠤ᠌ ᠳᠡᠭᠡᠵᠢᠯᠡᠳᠡᠭ᠂ ᠬᠣᠲᠠᠯᠠ ᠳ᠋ᠤ᠌ ᠨᠡᠷᠡᠲᠡᠢ ᠬᠠᠭᠠᠨ ᠢ᠋ᠶ᠋ᠠᠷ ᠢ᠋ᠶ᠋ᠠᠨ ᠵᠠᠷᠭᠤ ᠰᠢᠭᠦᠯᠭᠡᠨ᠎ᠡ! ᠭᠡᠵᠦ ᠯᠡ ᠬᠡᠯᠡᠭᠰᠡᠨ ᠶᠤᠮ ᠳ᠋ᠠ᠃ ᠲᠡᠭᠡᠭᠡᠳ ᠪᠢ ᠤᠶᠠᠭᠠᠲᠠᠢ ᠴᠤ᠌ ᠪᠣᠯᠪᠠ᠃ ᠤᠬᠠᠭᠠᠨ ᠲᠠᠢ ᠨᠣᠶᠠᠨ ᠢ᠋ᠶ᠋ᠠᠨ ᠬᠦᠯᠢᠶᠡᠭᠡᠳ ᠤᠢᠳᠬᠤ ᠳ᠋ᠤ᠌ ᠪᠠᠨ ᠬᠤᠷᠤᠭᠤ ᠪᠠᠷ ᠢ᠋ᠶ᠋ᠠᠨ ᠭᠠᠵᠠᠷ ᠢ᠋ ᠵᠢᠷᠤᠭᠠᠳ ᠭᠠᠢ ᠪᠣᠯᠵᠤ ᠲᠠᠨ ᠤ᠋ ᠯᠠᠮᠠ ᠳ᠋ᠤ᠌ ᠵᠠᠩᠨᠠᠭᠤᠯᠤᠭᠠᠳ ᠰᠠᠭᠤᠵᠤ ᠪᠠᠢᠨ᠎ᠠ ᠰᠢᠣ ᠳ᠋ᠠ᠂ ᠬᠠᠭᠠᠨ ᠡᠵᠡᠨ ᠮᠢᠨᠢ! ᠭᠡᠵᠦ ᠭᠡᠨ᠎ᠡ᠃ ᠬᠠᠭᠠᠨ ᠪᠣᠳᠣᠵᠤ ᠪᠣᠳᠣᠭᠠᠳ᠂
— ᠪᠦᠬᠦ ᠬᠡᠷᠡᠭ ᠬᠦᠦ ᠶ᠋ᠢᠨ ᠬᠢ ᠵᠥᠪ ᠪᠠᠢᠨ᠎ᠠ ᠭᠡᠵᠦ ᠰᠢᠢᠳᠬᠡᠵᠡᠢ ᠭᠡᠨ᠎ᠡ᠃ ᠲᠡᠭᠡᠬᠦ ᠳ᠋ᠦ᠍ ᠵᠣᠭᠵᠤᠭᠤᠬᠠᠨ ᠬᠦᠦ ᠮᠣᠭᠵᠤᠭᠤᠬᠠᠨ ᠳᠠᠭ᠎ᠠ ᠪᠠᠨ ᠤᠨᠤᠭᠠᠳ ᠪᠠᠶᠠᠷ ᠲᠠᠢ ᠨᠢ ᠠᠷᠭ᠎ᠠ ᠦᠭᠡᠢ ᠱᠣᠭᠰᠢᠭᠤᠯᠤᠩᠬᠠᠨ ᠬᠠᠷᠢᠵᠠᠢ ᠭᠡᠨ᠎ᠡ᠃

ᠡᠨᠡ ᠦᠶ᠎ᠡ ᠡᠴᠡ ᠬᠣᠢᠰᠢ ᠲᠡᠷᠡ ᠬᠠᠭᠠᠨ ᠤ᠋ ᠰᠢᠳᠠᠷ ᠬᠥᠮᠦᠰ᠂ ᠬᠡᠷᠬᠡᠮ ᠳᠤᠰᠢᠶᠠᠯᠲᠠᠳ ᠬᠡᠯᠡ ᠠᠮᠠ ᠲᠠᠢ ᠭᠡᠭᠳᠡᠳᠡᠭ ᠪᠦᠬᠦᠨ ᠨᠢ ᠬᠠᠷᠠᠴᠤ ᠠᠷᠠᠳ᠂ ᠠᠯᠪᠠᠲᠤ ᠢᠷᠭᠡᠳ ᠢ᠋ ᠬᠠᠮᠢᠶ᠎ᠠ ᠪᠤᠰᠤ ᠪᠠᠷ ᠳᠣᠷᠣᠮᠵᠢᠯᠠᠬᠤ ᠪᠠᠨ ᠪᠣᠯᠢᠭᠰᠠᠨ ᠶᠤᠮ ᠭᠡᠨ᠎ᠡ᠃
     
     ᠦᠰᠦᠭ ᠬᠠᠳᠠᠭᠴᠢ᠄ ᠠᠯᠲᠠᠨᠴᠢᠮᠡᠭ
     ᠦᠰᠦᠭ ᠠᠮᠢᠯᠠᠭᠤᠯᠤᠭᠴᠢ᠄ ᠠᠯᠲᠠᠨᠴᠢᠮᠡᠭ
     ᠬᠢᠨᠠᠭᠴᠢ᠄ ᠭᠦᠩᠭᠠᠷ