ᠶᠠᠮᠠᠷ ᠬᠥᠮᠦᠨ ᠲᠡᠢ ᠬᠣᠷᠰᠢᠬᠤ ᠪᠣᠢ-ᠬᠣᠨᠢᠴᠢᠨ ᠦᠯᠵᠡᠢᠰᠦ᠋ᠷᠥᠩЯмар хүмүүнтэй хорших бэ ᠠᠵᠤ ᠠᠬᠤᠢ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠠᠮᠠᠷ ᠬᠥᠮᠦᠨ ᠲᠡᠢ ᠬᠣᠷᠰᠢᠬᠤ ᠪᠣᠢ-ᠬᠣᠨᠢᠴᠢᠨ ᠦᠯᠵᠡᠢᠰᠦ᠋ᠷᠥᠩЯмар хүмүүнтэй хорших бэ

ᠶᠠᠮᠠᠷ ᠬᠥᠮᠦᠨ ᠲᠡᠢ ᠬᠣᠷᠰᠢᠬᠤ ᠪᠣᠢ-ᠬᠣᠨᠢᠴᠢᠨ ᠦᠯᠵᠡᠢᠰᠦ᠋ᠷᠥᠩЯмар хүмүүнтэй хорших бэ

ᠠᠩᠭᠢᠯᠠᠯ:ᠠᠵᠤ ᠠᠬᠤᠢ
2025-08-10

291

   ᠬᠣᠨᠢᠴᠢᠨ ᠦᠯᠵᠡᠢᠰᠦ᠋ᠷᠥᠩ 
 ᠪᠢᠳᠡ ᠥᠩᠭᠡᠷᠡᠭᠰᠡᠨ ᠬᠢᠴᠢᠶᠡᠯ ᠦ᠋ᠳ ᠢ᠋ᠶ᠋ᠡᠷ ᠳᠠᠮᠵᠢᠨ ᠬᠣᠷᠰᠢᠶᠠᠵᠢᠯ ᠪᠠᠢᠭᠤᠯᠬᠤ ᠶ᠋ᠢᠨ ᠠᠴᠢ ᠬᠣᠯᠪᠣᠭᠨᠳᠠᠯ ᠠ᠋ᠴᠠ ᠡᠬᠢᠯᠡᠭᠡᠳ ᠬᠣᠷᠰᠢᠶᠠᠵᠢᠯ ᠪᠠᠢᠭᠤᠯᠬᠤ ᠦᠨᠳᠦᠰᠦ ᠨᠦᠭᠦᠴᠡᠯ ᠦ᠋ᠳ ᠵᠢᠴᠢ ᠠᠩᠬᠠᠷᠬᠤ ᠲᠠᠯ᠎ᠠ ᠤ᠋ᠳ ᠤ᠋ᠨ ᠲᠠᠯ᠎ᠠ ᠪᠠᠷ ᠪᠠᠭ᠎ᠠ ᠪᠤᠰᠤ ᠵᠦᠢᠯ ᠢ᠋ ᠮᠡᠳᠡᠵᠦ ᠠᠪᠤᠭᠰᠠᠨ ᠪᠢᠯᠡ᠃ ᠭᠡᠲᠡᠯ᠎ᠡ ᠬᠣᠷᠰᠢᠶᠠᠵᠢᠯ ᠪᠠᠢᠭᠤᠯᠬᠤ ᠳ᠋ᠤ᠌ ᠪᠢᠳᠡ ᠬᠦᠰᠡᠭᠰᠡᠨ ᠬᠥᠮᠦᠨ ᠲᠡᠢ ᠪᠡᠨ ᠬᠤᠷᠰᠢᠬᠤ ᠭᠡᠳᠡᠭ ᠬᠡᠴᠡᠭᠦᠦ ᠪᠠᠢᠳᠠᠭ ᠨᠢ ᠯᠠᠪᠲᠠᠢ᠃ ᠨᠢᠭᠡ ᠵᠢᠩᠬᠢᠨᠢ ᠬᠣᠷᠰᠢᠶᠠᠵᠢᠯ ᠪᠠᠢᠭᠤᠯᠵᠤ᠂ ᠤᠷᠲᠤ ᠬᠤᠭᠤᠴᠠᠭ᠎ᠠ ᠬᠠᠮᠲᠤᠷᠠᠵᠤ ᠬᠥᠭᠵᠢᠬᠦ ᠳ᠋ᠦ᠍ ᠪᠠᠰᠠ ᠨᠢᠭᠡ ᠵᠦᠢᠯ ᠢ᠋ ᠣᠢᠯᠭᠠᠵᠤ ᠮᠡᠳᠡᠬᠦ ᠤᠴᠢᠷ ᠲᠠᠢ ᠃ ᠡᠨᠡ ᠪᠣᠯ ᠳᠠᠷᠤᠢ ᠬᠡᠨ ᠲᠡᠢ ᠬᠣᠷᠰᠢᠶᠠᠪᠠᠯ ᠮᠠᠨ ᠤ᠋ ᠬᠣᠷᠰᠢᠶᠠᠵᠢᠯ ᠬᠠᠮᠤᠭ ᠤ᠋ᠨ ᠦᠷ᠎ᠡ ᠪᠦᠲᠦᠮᠵᠢ ᠲᠡᠢ ᠠᠵᠢᠯᠯᠠᠵᠤ ᠴᠢᠳᠠᠬᠤ ᠪᠣᠢ ᠭᠡᠳᠡᠭ ᠠᠰᠠᠭᠤᠳᠠᠯ ᠪᠣᠯᠤᠨ᠎ᠠ ᠃ ᠡᠭᠦᠨ  ᠳ᠋ᠦ᠍ ᠬᠠᠮᠤᠭ ᠴᠢᠬᠤᠯᠠ ᠬᠣᠶᠠᠷ ᠦᠨᠳᠦᠰᠦᠨ ᠨᠥᠬᠥᠴᠡᠯ ᠪᠣᠢ ᠃ 
ᠨᠢᠭᠡ ᠂ ᠬᠡᠨ ᠬᠡᠨ ᠦ᠌ ᠪᠡᠨ ᠳᠠᠪᠠᠭᠤᠯᠢᠭ ᠢ᠋ ᠪᠠᠳᠠᠷᠠᠭᠤᠯᠵᠤ ᠴᠢᠳᠠᠬᠤ ᠬᠡᠷᠡᠭᠲᠡᠢ 
ᠬᠣᠷᠰᠢᠶᠠᠵᠢᠯ  ᠪᠠᠢᠭᠤᠯᠬᠤ ᠶ᠋ᠢᠨ ᠦᠨᠳᠦᠰᠦᠨ  ᠵᠣᠷᠢᠯᠭ᠎ᠠ ᠨᠢ ᠬᠠᠮᠲᠤᠷᠠᠵᠤ ᠬᠣᠷᠰᠢᠬᠤ ᠪᠠᠷ ᠳᠡᠮᠵᠢᠵᠦ᠂ ᠠᠵᠢᠯ ᠤ᠋ᠨ ᠦᠷ᠎ᠡ ᠪᠦᠲᠦᠮᠵᠢ ᠶ᠋ᠢ ᠳᠡᠭᠡᠭᠰᠢᠯᠡᠭᠦᠯᠬᠦ ᠶᠠᠪᠤᠳᠠᠯ ᠪᠣᠯᠤᠨ᠎ᠠ᠃ ᠠᠳᠠᠯᠢ ᠪᠤᠰᠤ ᠬᠥᠮᠦᠰ ᠠᠳᠠᠯᠢ ᠪᠤᠰᠤ ᠨᠥᠬᠥᠴᠡᠯ ᠲᠡᠢ ᠪᠡᠷ ᠢᠷᠡᠵᠦ ᠬᠣᠷᠰᠢᠶᠠᠵᠢᠯ ᠳ᠋ᠤ᠌ ᠣᠷᠣᠯᠴᠠᠠᠬᠤ ᠳ᠋ᠤ᠌ ᠪᠦᠭᠦᠳᠡ ᠥᠪᠡᠷ ᠥᠪᠡᠷ ᠦ᠋ᠨ ᠬᠢᠵᠦ ᠪᠠᠢᠭ᠎ᠠ ᠵᠦᠢᠯ ᠳᠡᠭᠡᠷ᠎ᠡ ᠪᠡᠨ ᠠᠮᠵᠢᠬᠤ ᠦᠭᠡᠢ ᠪᠤᠶᠤ ᠴᠢᠳᠠᠬᠤ ᠦᠭᠡᠢ ᠬᠦᠴᠢᠷᠡᠯ ᠲᠤᠯᠭᠠᠷᠠᠭᠰᠠᠨ ᠪᠠᠢᠳᠠᠭ᠃ ᠲᠡᠢᠮᠦ ᠡᠴᠡ ᠬᠣᠷᠰᠢᠶᠠᠵᠢᠯ ᠪᠣᠯ ᠶᠠᠭᠤᠨ ᠤ᠋ ᠲᠡᠷᠢᠭᠦᠨ ᠳ᠋ᠦ᠍ ᠬᠠᠷᠢᠯᠴᠠᠨ ᠠᠰᠢᠭ ᠲᠠᠢ ᠪᠠᠢᠬᠤ ᠶᠠᠪᠤᠴᠠ ᠪᠣᠯᠤᠨ᠎ᠠ᠃ ᠡᠨᠳᠡ ᠶᠠᠷᠢᠵᠤ ᠪᠠᠢᠭ᠎ᠠ ᠬᠠᠷᠢᠯᠴᠠᠨ ᠠᠰᠢᠭ ᠲᠠᠢ ᠪᠠᠢᠬᠤ ᠭᠡᠳᠡᠭ ᠪᠣᠯ ᠶᠡᠷᠦᠳᠡ ᠶ᠋ᠢᠨ ᠶᠠᠷᠢᠶᠠᠨ ᠳ᠋ᠤ᠌ ᠭᠠᠷᠳᠠᠭ ᠪᠤᠰᠤᠳ ᠢ᠋ ᠵᠥᠪᠬᠡᠨ ᠥᠪᠡᠷ ᠲᠦ᠍ ᠠᠰᠢᠭ ᠲᠠᠢ ᠪᠠᠢᠳᠠᠯ ᠢ᠋ᠶ᠋ᠠᠷ ᠠᠰᠢᠭᠯᠠᠬᠤ ᠶ᠋ᠢ ᠵᠢᠭᠠᠵᠤ ᠪᠠᠢᠭ᠎ᠠ ᠪᠢᠰᠢ᠂ ᠬᠠᠷᠢᠨ ᠬᠤᠷᠰᠢᠵᠤ ᠪᠠᠢᠭ᠎ᠠ ᠬᠥᠮᠦᠰ ᠬᠣᠭᠣᠷᠣᠨᠳᠣ ᠪᠠᠨ ᠥᠪᠡᠷ ᠦ᠋ᠨ ᠴᠢᠳᠠᠬᠤ ᠦᠭᠡᠢ ᠬᠦᠷᠦᠯᠴᠡᠬᠦ ᠦᠭᠡᠢ ᠵᠦᠢᠯ ᠳᠡᠭᠡᠷ᠎ᠡ ᠪᠡᠨ ᠪᠤᠰᠤᠳ ᠤ᠋ᠨ ᠬᠦᠴᠦᠨ᠂ ᠴᠢᠳᠠᠪᠤᠷᠢ ᠶ᠋ᠢ ᠪᠠᠳᠠᠷᠠᠭᠤᠯᠬᠤ ᠪᠠᠷ ᠳᠠᠮᠵᠢᠨ ᠬᠠᠮᠲᠤᠷᠠᠭᠰᠠᠨ ᠬᠣᠷᠰᠢᠶᠠᠵᠢᠯ ᠢ᠋ᠶ᠋ᠠᠨ ᠬᠥᠭᠵᠢᠭᠦᠯᠵᠦ᠂ ᠲᠡᠭᠦᠨ ᠢ᠋ᠶ᠋ᠡᠷ ᠳᠠᠮᠵᠢᠨ ᠲᠤᠰ ᠲᠤᠰ ᠠᠰᠢᠭ ᠬᠦᠷᠲᠡᠬᠦ ᠶ᠋ᠢ ᠬᠡᠯᠡᠵᠦ ᠪᠣᠢ᠃ ᠬᠣᠷᠰᠢᠶᠠᠵᠢᠯ ᠪᠠᠢᠭᠤᠯᠵᠤ ᠬᠤᠷᠰᠢᠬᠤ ᠳ᠋ᠤ᠌᠂ ᠳᠠᠪᠠᠭᠤᠯᠢᠭ  ᠢ᠋ᠶ᠋ᠠᠨ ᠪᠠᠳᠠᠷᠠᠭᠤᠯᠬᠤ ᠪᠣᠯ ᠬᠤᠷᠰᠢᠬᠤ ᠡᠲᠡᠭᠡᠳ ᠢ᠋ᠶ᠋ᠡᠨ ᠰᠣᠩᠭᠣᠬᠤ ᠨᠢᠭᠡᠨ ᠦᠨᠳᠦᠰᠦᠨ ᠰᠢᠯᠭᠠᠭᠤᠷ ᠪᠣᠯᠤᠨ᠎ᠠ᠃ ᠪᠣᠳᠠᠲᠤ ᠪᠠᠢᠳᠠᠯ ᠳᠡᠭᠡᠷ᠎ᠡ ᠠᠳᠠᠯᠢᠬᠠᠨ ᠨᠥᠬᠥᠴᠡᠯ ᠲᠡᠢ ᠬᠥᠮᠦᠰ ᠬᠣᠷᠰᠢᠬᠤ ᠳ᠋ᠤ᠌ ᠬᠡᠴᠡᠭᠦᠦ ᠪᠠᠢᠳᠠᠭ᠃ ᠤᠴᠢᠷ ᠨᠢ ᠡᠢᠮᠦᠷᠬᠦ ᠠᠳᠠᠯᠢᠬᠠᠨ ᠨᠥᠬᠥᠴᠡᠯ ᠪᠣᠯᠤᠮᠵᠢ ᠲᠠᠢ ᠬᠥᠮᠦᠰ ᠬᠠᠷᠢᠯᠴᠠᠨ ᠬᠣᠷᠰᠢᠭᠠᠳ ᠬᠡᠨ ᠨᠢᠭᠡᠨ ᠦ᠌ ᠪᠡᠨ ᠶᠠᠮᠠᠷ ᠨᠢᠭᠡᠨ ᠪᠣᠳᠠᠲᠤ ᠬᠦᠴᠢᠷᠳᠡᠯ ᠢ᠋ ᠰᠡᠢᠳᠪᠦᠷᠢᠯᠡᠵᠣ᠂ ᠴᠢᠳᠠᠬᠤ ᠦᠭᠡᠢ᠃ ᠬᠠᠷᠢᠨ ᠠᠳᠠᠯᠢ ᠪᠤᠰᠤ ᠶ᠋ᠢᠨ ᠨᠥᠬᠥᠴᠡᠯ ᠲᠡᠢ ᠬᠥᠮᠦᠰ ᠬᠣᠷᠰᠢᠬᠤ ᠪᠣᠯᠤᠮᠵᠢ ᠨᠢ ᠥᠨᠳᠥᠷ ᠪᠠᠢᠳᠠᠭ᠃ ᠡᠢᠮᠦ ᠪᠠᠢᠳᠠᠯ ᠳ᠋ᠤ᠌ ᠪᠢᠳᠡ ᠬᠤᠷᠰᠢᠬᠤ ᠡᠲᠡᠭᠡᠳ ᠢ᠋ᠶ᠋ᠡᠨ ᠰᠣᠩᠭᠣᠬᠤ ᠳ᠋ᠤ᠌ ᠵᠠᠪᠠᠯ ᠥᠪᠡᠷ ᠥᠪᠡᠷ ᠦ᠋ᠨ ᠢ᠋ᠶ᠋ᠡᠨ ᠳᠠᠪᠠᠭᠤᠯᠢᠭ ᠢ᠋ ᠪᠠᠳᠠᠷᠠᠭᠤᠯᠵᠤ ᠴᠢᠳᠠᠬᠤ ᠬᠥᠮᠦᠰ ᠢ᠋ ᠲᠡᠷᠢᠭᠦᠨ ᠰᠣᠩᠭᠣᠯᠲᠠ ᠪᠣᠯᠭᠠᠪᠠᠯ ᠵᠣᠬᠢᠨ᠎ᠠ᠃ ᠢᠩᠭᠢᠵᠦ ᠪᠠᠢᠵᠤ ᠠᠳᠠᠯᠢ ᠪᠤᠰᠤ ᠶ᠋ᠢᠨ ᠨᠥᠬᠥᠴᠡᠯ ᠪᠣᠯᠤᠮᠵᠢ ᠲᠠᠢ ᠬᠥᠮᠦᠰ ᠥᠪᠡᠷ ᠥᠪᠡᠷ ᠦ᠋ᠨ ᠢ᠋ᠶ᠋ᠡᠨ ᠳᠠᠪᠠᠭᠤᠯᠢᠭ ᠢ᠋ᠶ᠋ᠠᠨ ᠪᠠᠳᠠᠷᠠᠭᠤᠯᠬᠤ ᠣᠷᠴᠢᠨ ᠲᠠᠢ ᠪᠣᠯᠵᠤ᠂ ᠬᠣᠷᠰᠢᠶᠠᠵᠢᠯ ᠳ᠋ᠤ᠌ ᠥᠪᠡᠷ ᠦ᠋ᠨ ᠬᠦᠴᠦᠨ ᠵᠢᠳᠬᠦᠯ ᠲᠡᠢ ᠪᠣᠯᠵᠤ ᠴᠢᠳᠠᠨ᠎ᠠ᠃ 
ᠬᠣᠶᠠᠷ ᠂ ᠬᠡᠨ ᠬᠡᠨ ᠦ᠌ ᠪᠡᠨ ᠳᠤᠲᠠᠭᠳᠠᠯ ᠢ᠋ ᠨᠥᠬᠥᠵᠦ ᠴᠢᠳᠠᠬᠤ ᠬᠡᠷᠡᠭᠲᠡᠢ 
ᠬᠣᠷᠰᠢᠬᠤ ᠪᠣᠯ ᠵᠥᠪᠬᠡᠨ ᠴᠢᠨᠦ ᠥᠪᠡᠷ ᠦ᠋ᠨ ᠴᠢᠨᠢ ᠳᠠᠪᠠᠭᠤᠯᠢᠭ ᠪᠠᠳᠠᠷᠠᠭᠠᠳ ᠯᠠ ᠪᠣᠯᠴᠢᠭᠠᠬᠤ ᠪᠢᠰᠢ᠂ ᠬᠤᠷᠰᠢᠵᠤ ᠪᠠᠢᠭ᠎ᠠ ᠶ᠋ᠢᠨ ᠤᠭ ᠰᠠᠨᠠᠭ᠎ᠠ ᠪᠣᠯ ᠬᠠᠷᠢᠨ ᠥᠪᠡᠷ ᠥᠪᠡᠷ ᠦ᠋ᠨ ᠳᠠᠪᠠᠭᠤᠯᠢᠭ ᠢ᠋ᠶ᠋ᠠᠨ ᠪᠠᠳᠠᠷᠠᠭᠤᠯᠬᠤ ᠶ᠋ᠢᠨ ᠴᠠᠭᠠᠭᠤᠷ ᠪᠤᠰᠤᠳ  ᠤ᠋ᠨ ᠳᠠᠪᠠᠭᠤᠯᠢᠭ ᠢ᠋ᠶ᠋ᠠᠷ ᠥᠪᠡᠷ ᠦ᠋ᠨ ᠳᠤᠲᠠᠭᠳᠠᠯ ᠢ᠋ᠶ᠋ᠠᠨ ᠨᠥᠬᠥᠪᠥᠷᠢᠯᠡᠬᠦ ᠳ᠋ᠦ᠍ ᠪᠣᠢ ᠶᠤᠮ᠃ ᠥᠭᠡᠷ᠎ᠡ ᠪᠡᠷ ᠬᠡᠯᠡᠪᠡᠯ ᠮᠢᠨᠦ ᠳᠠᠪᠠᠭᠤᠯᠢᠭ ᠢ᠋ᠶ᠋ᠠᠷ ᠴᠢᠨᠦ ᠳᠤᠲᠠᠭᠳᠠᠯ ᠢ᠋ ᠨᠥᠬᠥᠪᠥᠷᠢᠯᠡᠵᠦ᠂ ᠴᠢᠨᠦ ᠳᠠᠪᠠᠭᠤᠯᠢᠭ ᠢ᠋ᠶ᠋ᠠᠷ ᠮᠢᠨᠦ ᠳᠤᠲᠠᠭᠳᠠᠯ ᠢ᠋ᠶ᠋ᠠᠨ ᠨᠥᠬᠥᠪᠥᠷᠢᠯᠡᠬᠦ ᠶᠠᠪᠤᠳᠠᠯ ᠪᠣᠯᠤᠨ᠎ᠠ᠃ ᠡᠢᠮᠦ ᠡᠴᠡ ᠪᠢᠳᠡ ᠬᠣᠷᠰᠢᠬᠤ ᠬᠥᠮᠦᠨ ᠢ᠋ᠶ᠋ᠡᠨ ᠵᠥᠪ ᠰᠣᠩᠭᠣᠬᠤ ᠳ᠋ᠤ᠌ ᠥᠪᠡᠷ ᠦ᠋ᠨ  ᠳᠠᠪᠠᠭᠤᠯᠢᠭ ᠢ᠋ᠶ᠋ᠠᠨ ᠣᠯᠵᠤ ᠲᠠᠨᠢᠭᠰᠠᠨ ᠰᠢᠭ᠋ ᠳᠤᠲᠠᠭᠳᠠᠯ ᠢ᠋ᠶ᠋ᠠᠨ ᠣᠯᠵᠤ ᠮᠡᠳᠡᠨ᠂  ᠲᠡᠭᠦᠨ ᠢ᠋ ᠴᠢᠨᠢ ᠨᠥᠬᠥᠪᠥᠷᠢᠯᠡᠵᠦ ᠴᠢᠳᠠᠬᠤ ᠬᠥᠮᠦᠨ ᠲᠡᠢ ᠬᠤᠷᠰᠢᠵᠤ ᠴᠢᠳᠠᠬᠤ ᠶᠤᠮ ᠪᠣᠯ ᠬᠣᠷᠰᠢᠶᠠᠵᠢᠯ ᠤ᠋ᠨ ᠭᠡᠰᠢᠭᠦᠳ ᠦ᠋ᠳ ᠴᠢᠳᠠᠪᠤᠷᠢ ᠲᠡᠭᠦᠰ ᠪᠣᠯᠵᠤ᠂ ᠠᠵᠢᠯ ᠢ᠋ ᠬᠦᠰᠡᠭᠰᠡᠨ ᠰᠢᠭ ᠢ᠋ᠶ᠋ᠡᠨ ᠬᠢᠵᠦ ᠴᠢᠳᠠᠨ᠎ᠠ᠃ 
ᠬᠣᠷᠰᠢᠶᠠᠵᠢᠯ ᠪᠠᠢᠭᠤᠯᠬᠤ ᠳ᠋ᠤ᠌ ᠥᠪᠡᠷ ᠦ᠋ᠨ ᠳᠠᠪᠠᠭᠤᠯᠢᠭ᠂ ᠳᠤᠲᠠᠭᠳᠠᠯ ᠢ᠋ᠶ᠋ᠠᠨ ᠭᠦᠢᠴᠡᠳ ᠲᠠᠨᠢᠭᠰᠠᠨ ᠤ᠋ ᠰᠠᠭᠤᠷᠢᠨ ᠳᠡᠭᠡᠷ᠎ᠡ ᠬᠣᠷᠰᠢᠬᠤ ᠡᠲᠡᠭᠡᠳ ᠦ᠋ᠨ ᠢ᠋ᠶ᠋ᠡᠨ ᠳᠠᠪᠠᠭᠤᠯᠢᠭ ᠪᠠ ᠳᠤᠲᠠᠭᠳᠠᠯ ᠢ᠋ ᠴᠦ᠍ ᠵᠣᠬᠢᠬᠤ ᠬᠡᠮᠵᠢᠶᠡᠨ ᠳ᠋ᠦ᠍ ᠣᠢᠯᠭᠠᠵᠤ᠂ ᠳᠠᠪᠠᠭᠤᠯᠢᠭ ᠢ᠋ᠶ᠋ᠠᠨ ᠪᠠᠳᠠᠷᠠᠭᠤᠯᠵᠤ᠂ ᠳᠤᠲᠠᠭᠳᠠᠯ ᠢ᠋ᠶ᠋ᠠᠨ ᠨᠥᠬᠥᠪᠥᠷᠢᠯᠡᠬᠦ ᠶ᠋ᠢ ᠵᠢᠩᠬᠢᠨᠢ ᠬᠡᠷᠡᠭᠵᠢᠭᠦᠯᠪᠡᠯ᠂ ᠪᠠᠢᠭᠤᠯᠤᠭᠰᠠᠨ ᠬᠣᠷᠰᠢᠶᠠᠵᠢᠯ ᠬᠥᠭᠵᠢᠵᠦ᠂ ᠭᠡᠰᠢᠭᠦᠳ ᠬᠠᠮᠲᠤ ᠪᠠᠷ ᠠᠰᠢᠭ ᠬᠦᠷᠲᠡᠵᠦ ᠴᠢᠳᠠᠨ᠎ᠠ᠃ ᠬᠠᠷᠢᠨ ᠣᠳᠣ ᠮᠠᠯᠴᠢᠳ ᠤ᠋ᠨ ᠬᠣᠷᠰᠢᠶᠠᠵᠢᠯ ᠦᠢᠯᠡᠳᠪᠦᠷᠢᠯᠡᠯ ᠦ᠋ᠨ ᠬᠣᠷᠰᠢᠶᠠᠵᠢᠯ ᠢ᠋ᠶ᠋ᠠᠷ ᠭᠣᠣᠯᠳᠠᠵᠤ᠂ ᠡᠳ᠋ᠰᠢᠭᠦᠯᠦᠨ ᠪᠣᠯᠪᠠᠰᠤᠷᠠᠭᠤᠯᠬᠤ ᠪᠣᠯᠤᠨ ᠪᠣᠷᠣᠯᠠᠭᠤᠯᠬᠤ ᠬᠣᠷᠰᠢᠶᠠᠵᠢᠯ ᠤ᠋ᠨ ᠲᠠᠯ᠎ᠠ ᠳᠡᠭᠡᠷ᠎ᠡ ᠴᠥᠭᠡᠨ ᠪᠠᠢᠭ᠎ᠠ ᠨᠢ ᠳᠠᠷᠠᠭᠠᠴᠢ  ᠪᠠᠷ ᠬᠣᠷᠰᠢᠶᠠᠵᠢᠯ ᠵᠠᠬ᠎ᠠ ᠳᠡᠯᠭᠡᠭᠦᠷ ᠲᠦ᠍ ᠬᠠᠨᠳᠤᠭᠤᠯᠤᠨ ᠦᠢᠯᠡᠳᠪᠦᠷᠢᠯᠡᠯ ᠶᠠᠪᠤᠭᠤᠯᠬᠤ ᠳ᠋ᠤ᠌ ᠡᠷᠬᠡᠪᠰᠢ ᠬᠠᠷᠠᠵᠤ  ᠦᠵᠡᠬᠦ ᠴᠢᠬᠤᠯᠠ ᠲᠠᠢ ᠠᠰᠠᠭᠤᠳᠠᠯ ᠪᠣᠯᠤᠭᠠᠳ ᠪᠠᠢᠨ᠎ᠠ᠃ ᠡᠭᠦᠨ ᠳᠡᠭᠡᠷ᠎ᠡ ᠴᠦ᠍ ᠮᠠᠯᠴᠢᠳ ᠳᠡᠭᠡᠷ᠎ᠡ ᠶᠠᠷᠢᠭᠰᠠᠨ ᠳᠠᠪᠠᠭᠤᠯᠢᠭ  ᠢ᠋ᠶ᠋ᠠᠨ ᠪᠠᠳᠠᠷᠠᠭᠤᠯᠵᠤ᠂ ᠳᠤᠲᠠᠭᠳᠠᠯ ᠢ᠋ᠶ᠋ᠠᠨ ᠨᠥᠬᠥᠪᠥᠷᠢᠯᠡᠬᠦ ᠵᠠᠷᠴᠢᠮ  ᠢ᠋ᠶ᠋ᠠᠷ ᠬᠣᠭᠣᠷᠣᠨᠳᠣ ᠪᠠᠨ ᠬᠠᠮᠲᠤᠷᠠᠵᠤ ᠠᠵᠢᠯᠯᠠᠬᠤ ᠶᠤᠮ ᠪᠣᠯ ᠪᠢᠳᠡ ᠭᠠᠭᠴᠠ ᠥᠪᠡᠷ ᠦ᠋ᠨ ᠬᠣᠷᠰᠢᠶᠠᠵᠢᠯ ᠢ᠋ᠶ᠋ᠠᠨ ᠬᠥᠭᠵᠢᠭᠦᠯᠦᠭᠡᠳ ᠵᠣᠭᠰᠣᠬᠤ ᠦᠭᠡᠢ᠂ ᠪᠦᠬᠦ ᠬᠣᠷᠰᠢᠶᠠᠵᠢᠯ ᠤ᠋ᠳ ᠴᠤ᠌ ᠳᠠᠪᠠᠭᠤᠯᠢᠭ  ᠢ᠋ᠶ᠋ᠠᠨ ᠪᠠᠳᠠᠷᠠᠭᠤᠯᠵᠤ᠂ ᠳᠤᠲᠠᠭᠳᠠᠯ ᠢ᠋ᠶ᠋ᠠᠨ ᠨᠥᠬᠥᠪᠥᠷᠢᠯᠡᠨ ᠤᠷᠲᠤ ᠤᠳᠠᠭᠠᠨ ᠬᠤᠭᠤᠴᠠᠭᠠᠨ ᠳ᠋ᠤ᠌ ᠬᠠᠮᠲᠤ ᠪᠠᠷ ᠬᠥᠭᠵᠢᠵᠦ ᠴᠢᠳᠠᠨ᠎ᠠ᠃

    ᠦᠰᠦᠭ ᠬᠥᠷᠪᠡᠭᠦᠯᠦᠭᠴᠢ ᠄ ᠤᠷᠢᠶᠠᠩᠬᠠᠢ ᠨᠠᠷᠠᠨᠮᠠᠨᠳᠠ