ᠮᠣᠷᠢᠨ ᠰᠢᠷᠠᠯᠵᠢМорин шарилжMorin sharilj ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠷᠢᠨ ᠰᠢᠷᠠᠯᠵᠢМорин шарилжMorin sharilj

ᠮᠣᠷᠢᠨ ᠰᠢᠷᠠᠯᠵᠢМорин шарилжMorin sharilj

2025-08-10

221

ᠮᠣᠷᠢᠨ ᠰᠢᠷᠠᠯᠵᠢ

   ᠲᠤᠰ ᠡᠮ ᠪᠣᠯ ᠤᠳ᠌ᠪᠠᠯ᠎ᠠ ᠴᠡᠴᠡᠭ ᠦ᠋ᠨ ᠢᠵᠠᠭᠤᠷ ᠤ᠋ᠨ ᠤᠷᠭᠤᠮᠠᠯ ᠪᠣᠯᠬᠤ ᠮᠣᠷᠢᠨ ᠰᠢᠷᠠᠯᠵᠢ ᠶ᠋ᠢᠨ ᠬᠥᠷᠥᠰᠥᠨ ᠳᠡᠭᠡᠷᠡᠬᠢ ᠬᠡᠰᠡᠭ ᠮᠥᠨ᠃ ᠪᠠᠰᠠ ᠼᠠᠷᠪᠤᠩ ᠭᠡᠳᠡᠭ᠃
   [ ᠤᠤᠯ ᠤᠷᠭᠤᠮᠠᠯ] ᠨᠢᠭᠡ ᠨᠠᠰᠤᠲᠤ ᠡᠪᠡᠰᠦᠯᠢᠭ ᠤᠷᠭᠤᠮᠠᠯ᠃1m ᠢᠯᠡᠭᠦᠦ ᠥᠨᠳᠥᠷ᠂ ᠡᠰᠢ ᠨᠢ ᠰᠢᠯᠤᠭᠤᠨ᠂ ᠭᠤᠯᠳᠤ ᠬᠣᠪᠢᠯ ᠢᠷᠮᠡᠭ ᠲᠡᠢ᠂ ᠦᠰᠦ ᠦᠭᠡᠢ ᠪᠤᠶᠤ ᠪᠠᠷᠤᠭ ᠦᠰᠦ ᠦᠭᠡᠢ᠂ ᠣᠯᠠᠨ ᠰᠠᠯᠠᠭᠠᠯᠠᠨ᠎ᠠ᠃ ᠡᠰᠢᠨ ᠳ᠋ᠡᠬᠢ ᠳᠤᠮᠳᠠ ᠬᠡᠰᠡᠭ ᠦ᠋ᠨ ᠨᠠᠪᠴᠢ ᠨᠢ ᠥᠨᠳᠡᠭᠡᠯᠵᠢᠨ᠂4~7cm ᠤᠷᠲᠤ᠂3~5cm ᠥᠷᠭᠡᠨ᠂ ᠪᠠᠷᠢᠭᠤᠯ ᠲᠠᠢ᠂ ᠬᠣᠶᠠᠷ ᠠ᠋ᠴᠠ ᠭᠤᠷᠪᠠᠳᠠᠭᠰᠠᠨ ᠥᠳᠥᠯᠢᠭ ᠭᠦᠢᠴᠡᠳ ᠣᠨᠢ ᠲᠠᠢ᠂ ᠵᠢᠵᠢᠭ ᠰᠡᠵᠢᠭᠦᠷ ᠢᠯᠲᠠᠰᠤ ᠨᠢ ᠲᠡᠭᠰᠢ ᠲᠣᠭᠣᠷᠢᠬᠯᠢᠭ᠋ ᠪᠦᠰᠡ ᠬᠡᠯᠪᠡᠷᠢ ᠲᠡᠢ ᠪᠤᠶᠤ ᠪᠦᠰᠡ ᠬᠡᠯᠪᠡᠷᠢ ᠲᠡᠢ᠂ ᠬᠤᠷᠴᠠ ᠱᠣᠪᠣᠭᠣᠷ ᠦᠵᠦᠭᠦᠷ ᠲᠡᠢ᠂ ᠪᠦᠲᠦᠨ ᠬᠥᠪᠡᠭᠡ ᠲᠡᠢ ᠪᠤᠶᠤ1~2 ᠬᠢᠷᠥᠭᠡᠨ ᠰᠢᠳᠦ ᠲᠡᠢ᠂ ᠥᠪᠥᠷ ᠨᠢ ᠨᠣᠭᠣᠭᠠᠨ᠂ ᠠᠷᠤ ᠨᠢ ᠭᠦᠢᠬᠡᠨ ᠨᠣᠭᠣᠭᠠᠨ᠂ ᠬᠣᠶᠠᠷ ᠲᠠᠯ᠎ᠠ ᠳ᠋ᠤᠨᠢ ᠦᠰᠦ ᠦᠭᠡᠢ ᠪᠤᠶᠤ ᠶᠠᠯᠢᠮ ᠦᠭᠡᠢ ᠦᠰᠦ ᠲᠡᠢ᠂ ᠢᠬᠴᠤ ᠪᠤᠯᠴᠢᠷᠬᠠᠢ ᠳᠤᠰᠤᠯ ᠲᠠᠢ᠂ ᠳᠡᠭᠡᠷ᠎ᠡ ᠬᠡᠰᠡᠭ ᠦ᠋ᠨ ᠨᠠᠪᠴᠢ ᠨᠢ ᠵᠢᠵᠢᠭ᠂ ᠶᠡᠷᠦ ᠳ᠋ᠡᠭᠡᠨ ᠨᠢᠭᠡ ᠡᠴᠡ ᠬᠣᠶᠠᠷᠳᠠᠭᠰᠠᠨ ᠥᠳᠥᠯᠢᠭ ᠭᠦᠢᠴᠡᠳ ᠣᠨᠢ ᠲᠠᠢ᠃ ᠲᠣᠯᠣᠭᠠᠢ ᠬᠡᠯᠪᠡᠷᠢᠲᠦ ᠪᠠᠭ ᠴᠡᠴᠡᠭ ᠨᠢ ᠪᠥᠮᠪᠥᠭᠡᠯᠢᠭ᠂ ᠳ᠋ᠢᠶᠠᠮᠧᠲ᠋ᠷ ᠨᠢ1.5~2mm᠂ ᠣᠬᠣᠷ ᠪᠠᠷᠢᠭᠤᠯ ᠲᠠᠢ᠂ ᠤᠨᠵᠢᠢᠨ ᠳᠡᠯᠭᠡᠷᠡᠨ᠎ᠡ᠃ ᠶᠡᠷᠦ ᠳ᠋ᠡᠭᠡᠨ ᠪᠦᠰᠡ ᠬᠡᠯᠪᠡᠷᠢᠲᠦ ᠪᠠᠭᠯᠠᠭᠴᠢ ᠨᠠᠪᠴᠢ ᠲᠠᠢ᠂ ᠮᠠᠰᠢ ᠣᠯᠠᠨ ᠪᠠᠭ ᠴᠡᠴᠡᠭ ᠪᠠᠭᠴᠠᠷᠠᠭᠠᠳ ᠲᠣᠮᠣ ᠱᠣᠷᠣᠯᠵᠢᠨ ᠬᠡᠯᠪᠡᠷᠢᠲᠦ ᠪᠠᠭ ᠴᠡᠴᠡᠭ ᠪᠣᠯᠵᠤ ᠪᠦᠷᠢᠯᠳᠦᠨ᠎ᠡ᠃ ᠶᠡᠷᠦᠩᠬᠡᠢ ᠪᠠᠭᠯᠠᠭᠴᠢ ᠨᠢ ᠨᠣᠭᠣᠭᠠᠨ᠂ ᠦᠰᠦ ᠦᠭᠡᠢ᠂ ᠵᠢᠭᠠᠬᠠᠨ ᠭᠢᠯᠦᠭᠡᠷ᠂ ᠶᠡᠷᠦᠩᠬᠡᠢ ᠪᠠᠭᠯᠠᠭᠴᠢ ᠨᠢ2~3 ᠮᠥᠷ᠂ ᠭᠠᠳᠠᠷ ᠮᠥᠷ ᠨᠢ ᠲᠡᠭᠰᠢ ᠲᠣᠭᠣᠷᠢᠭ ᠬᠡᠯᠪᠡᠷᠢ ᠲᠡᠢ᠂ ᠠᠷᠤ ᠨᠢ ᠨᠣᠭᠣᠭᠠᠨ᠂ ᠬᠥᠪᠡᠭᠡ ᠨᠢ ᠨᠠᠷᠢᠨ᠂ ᠬᠠᠯᠢᠰᠤᠯᠢᠭ᠂᠂ ᠳᠣᠲᠣᠷ᠎ᠠ ᠮᠥᠷ ᠨᠢ ᠥᠨᠳᠡᠭᠡᠯᠵᠢᠨ ᠪᠤᠶᠤ ᠲᠣᠭᠣᠷᠢᠭ ᠰᠢᠬᠠᠭᠤ᠂ ᠬᠥᠪᠡᠭᠡ ᠨᠢ ᠥᠷᠭᠡᠨ ᠬᠠᠯᠢᠰᠤᠯᠢᠭ᠃ ᠬᠥᠪᠡᠭᠡ ᠳ᠋ᠡᠬᠢ ᠵᠢᠵᠢᠭ ᠴᠡᠴᠡᠭ ᠨᠢ ᠡᠮ᠎ᠡ ᠪᠡᠯᠭᠡ ᠲᠡᠢ᠂10~20 ᠬᠦᠢᠰ᠂ ᠴᠡᠴᠡᠭ ᠦ᠋ᠨ ᠳᠡᠯᠪᠢ ᠨᠢ ᠭᠤᠤᠷᠰᠤ ᠰᠢᠭ᠋᠂ ᠪᠠᠷᠤᠭ0.8mm ᠤᠷᠲᠤ᠂ ᠳᠤᠮᠳᠠᠬᠢ ᠵᠢᠵᠢᠭ ᠴᠡᠴᠡᠭ ᠨᠢ ᠬᠣᠣᠰ ᠪᠡᠯᠭᠡ ᠲᠡᠢ᠂12~30 ᠬᠦᠢᠰ᠂ ᠴᠡᠴᠡᠭ ᠦ᠋ᠨ ᠳᠡᠯᠪᠢ ᠨᠢ ᠬᠤᠩᠬ᠎ᠠ ᠰᠢᠭ᠋ ᠭᠤᠤᠷᠰᠤᠨ ᠬᠡᠯᠪᠡᠷᠢ ᠲᠡᠢ᠂ ᠪᠠᠷᠤᠭ1mm ᠤᠷᠲᠤ᠃ ᠴᠡᠴᠡᠭ ᠦ᠋ᠨ ᠰᠠᠭᠤᠳᠠᠯ ᠨᠢ ᠭᠦᠳᠦᠭᠦᠷ᠂ ᠨᠢᠴᠦᠭᠦᠨ᠃ ᠲᠤᠷᠠᠩᠬᠠᠢ ᠵᠢᠮᠢᠰ ᠨᠢ ᠤᠷᠲᠤᠯᠵᠢᠨ ᠪᠥᠭᠡᠷᠡᠩᠬᠡᠢ᠂ ᠪᠠᠷᠤᠭ0.7mm ᠤᠷᠲᠤ᠂ ᠤᠯᠠᠪᠢᠷ ᠬᠦᠷᠡᠩ ᠥᠩᠭᠡ ᠲᠡᠢ᠃8~9 ᠳ᠋ᠦ᠍ᠭᠡᠷ ᠰᠠᠷ᠎ᠠ ᠳ᠋ᠤ᠌ ᠴᠡᠴᠡᠭᠯᠡᠵᠦ᠂9~10 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
   [ ᠤᠷᠭᠤᠬᠤ ᠣᠷᠴᠢᠨ ᠬᠢᠭᠡᠳ ᠲᠠᠷᠬᠠᠴᠠ] ᠠᠢᠯ ᠲᠣᠰᠬᠣᠨ ᠣᠢᠷᠠᠯᠴᠠᠭ᠎ᠠ᠂ ᠭᠣᠣᠯ ᠤ᠋ᠨ ᠬᠥᠪᠡᠭᠡ᠂ ᠭᠣᠣ ᠭᠠᠩᠭ᠎ᠠ ᠵᠡᠷᠭᠡ ᠭᠠᠵᠠᠷ ᠲᠤ᠌ ᠤᠷᠭᠤᠨ᠎ᠠ᠃ ᠪᠦᠬᠦ ᠤᠯᠤᠰ ᠤ᠋ᠨ ᠡᠯ᠎ᠡ ᠭᠠᠵᠠᠷ᠎ᠲᠤ ᠨᠡᠢᠳᠡᠮ ᠲᠠᠷᠬᠠᠴᠠ ᠲᠠᠢ᠃
   [ ᠲᠡᠭᠦᠵᠦ ᠪᠣᠯᠪᠠᠰᠤᠷᠠᠭᠤᠯᠬᠤ] ᠵᠤᠨ ᠴᠡᠴᠡᠭᠯᠡᠬᠦ ᠡᠴᠡ ᠨᠢ ᠡᠮᠦᠨ᠎ᠡ ᠬᠠᠳᠤᠵᠤ ᠠᠪᠤᠭᠠᠳ ᠴᠣᠭᠣᠷ ᠡᠰᠢ ᠵᠢᠴᠢ ᠪᠤᠰᠤᠳ ᠬᠣᠯᠢᠮᠠᠭ ᠵᠦᠢᠯ ᠢ᠋ ᠨᠢ ᠠᠷᠢᠯᠭᠠᠨ ᠬᠠᠶᠠᠭᠠᠳ᠂ ᠬᠡᠷᠴᠢᠵᠦ ᠰᠡᠭᠦᠳᠡᠷ ᠲᠦ᠍ ᠬᠠᠲᠠᠭᠠᠨ᠎ᠠ᠃
   [ ᠠᠮᠲᠠ᠂ ᠴᠢᠨᠠᠷ᠂ ᠡᠷᠳᠡᠮ] ᠭᠠᠰᠢᠭᠤᠨ᠂ ᠭᠤᠱᠤᠭᠤᠨ ᠠᠮᠲᠠ ᠲᠠᠢ; ᠰᠡᠷᠢᠭᠦᠨ ᠴᠢᠨᠠᠷ ᠲᠠᠢ; ᠬᠥᠩᠭᠡᠨ᠂ ᠮᠣᠬᠣᠳᠠᠭ᠂ ᠰᠢᠷᠦᠭᠦᠨ᠂ ᠬᠠᠭᠤᠷᠠᠢ ᠡᠷᠳᠡᠮ ᠲᠡᠢ᠃
   [ ᠴᠢᠳᠠᠯ ᠪᠠ ᠭᠣᠣᠯᠳᠠᠭᠤ ᠵᠠᠰᠠᠬᠤ] ᠬᠠᠯᠠᠭᠤᠨ ᠢ᠋ ᠠᠷᠢᠯᠭᠠᠬᠤ᠂ ᠬᠣᠭᠣᠯᠠᠢ ᠳ᠋ᠤ᠌ ᠲᠤᠰᠠᠯᠠᠬᠤ᠂ ᠬᠠᠪᠤᠳᠠᠷ ᠢ᠋ ᠬᠠᠷᠢᠭᠤᠯᠬᠤ ᠴᠢᠳᠠᠯ ᠲᠠᠢ᠃ ᠭᠣᠣᠯᠳᠠᠭᠤ ᠬᠣᠭᠣᠯᠠᠢ ᠬᠠᠪᠤᠳᠴᠤ ᠡᠪᠡᠳᠬᠦ᠂ ᠰᠠᠬᠤᠤ᠂ ᠱᠦᠯᠬᠦᠭᠡ᠂ ᠠᠭᠤᠰᠬᠢᠨ ᠤ᠋ ᠬᠠᠯᠠᠭᠤᠨ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃

   ᠬᠢᠲᠠᠳ ᠨᠡᠷ᠎ᠡ᠄青蒿 (黄花蒿)
   ᠠᠩᠭ᠌ᠯᠢ ᠨᠡᠷ᠎ᠡ᠄Artemisia annua L.

   ᠦᠰᠦᠭ ᠠᠮᠢᠯᠠᠭᠤᠯᠤᠭᠴᠢ᠄ ᠲᠤᠤᠬᠣᠸᠠᠷ
   ᠬᠢᠨᠠᠭᠴᠢ᠄ ᠲᠤᠶᠠᠭ᠎ᠠ