ᠮᠠᠲᠠᠷ ᠤ᠋ᠨ ᠬᠢᠮᠤᠰᠤ ᠡᠪᠡᠰᠦМатрын хумс өвсMatryn khums övs
ᠮᠠᠲᠠᠷ ᠤ᠋ᠨ ᠬᠢᠮᠤᠰᠤ ᠡᠪᠡᠰᠦ
ᠲᠤᠰ ᠡᠮ ᠪᠣᠯ ᠮᠠᠲᠠᠷ ᠤ᠋ᠨ ᠬᠢᠮᠤᠰᠤ ᠡᠪᠡᠰᠦᠨ ᠦ᠌ ᠢᠵᠠᠭᠤᠷ ᠤ᠋ᠨ ᠤᠷᠭᠤᠮᠠᠯ ᠪᠣᠯᠬᠤ ᠮᠠᠲᠠᠷ ᠤ᠋ᠨ ᠬᠢᠮᠤᠰᠤ ᠡᠪᠡᠰᠦ ᠶ᠋ᠢᠨ ᠬᠠᠲᠠᠭᠠᠭᠰᠠᠨ ᠪᠦᠬᠦᠯᠢ ᠡᠪᠡᠰᠦ ᠮᠥᠨ᠃ ᠪᠠᠰᠠ ᠣ ᠴᠥᠰᠡᠷᠢᠨᠳ᠌ᠸᠷᠮᠦ᠂ ᠪᠠᠯᠪᠠᠯᠠᠭᠪᠠ ᠭᠡᠳᠡᠭ᠃
[ ᠤᠤᠯ ᠤᠷᠭᠤᠮᠠᠯ] ᠣᠯᠠᠨ ᠨᠠᠰᠤᠲᠤ ᠡᠪᠡᠰᠦᠯᠢᠭ ᠤᠷᠭᠤᠮᠠᠯ᠃5~15cm ᠥᠨᠳᠥᠷ᠂ ᠭᠣᠣᠯ ᠡᠰᠢ ᠨᠢ ᠣᠬᠣᠷ ᠪᠤᠶᠤ ᠤᠷᠲᠤ᠂ ᠂ ᠳᠣᠣᠷ᠎ᠠ ᠨᠢ ᠰᠠᠬᠠᠯ ᠦᠨᠳᠦᠰᠦ ᠲᠡᠢ᠃ ᠮᠥᠴᠢᠷ ᠨᠢ ᠪᠤᠲᠠᠯᠠᠵᠤ ᠬᠠᠲᠠᠭᠰᠠᠨ ᠤ᠋ ᠰᠡᠭᠦᠯᠡᠷ ᠮᠠᠲᠠᠷᠢᠯᠳᠤᠨᠠ᠃ ᠸᠠᠭᠠᠷᠯᠠᠭᠰᠠᠨ ᠮᠡᠲᠦ ᠢᠬᠴᠤ ᠨᠠᠪᠴᠢ ᠲᠠᠢ᠃ ᠰᠠᠯᠠᠭ᠎ᠠ ᠨᠤᠭᠤᠳ ᠨᠢ ᠳᠡᠪᠢᠭᠦᠷ ᠰᠢᠭ ᠰᠠᠯᠠᠭᠠᠯᠠᠭᠰᠠᠨ ᠠ᠋ᠴᠠ ᠪᠠᠨ ᠬᠣᠶᠠᠷ ᠠ᠋ᠴᠠ ᠭᠤᠷᠪᠠᠳᠠᠭᠰᠠᠨ ᠥᠳᠥᠯᠢᠭ ᠬᠡᠯᠪᠡᠷᠢ ᠲᠡᠢ ᠰᠠᠯᠠᠭᠠᠯᠠᠨ᠎ᠠ᠃ ᠨᠠᠪᠴᠢ ᠨᠢ ᠵᠢᠵᠢᠭ᠂ ᠢᠵᠢᠯ ᠪᠤᠰᠤ᠂ ᠰᠦᠯᠵᠢᠯᠳᠦᠨ ᠵᠢᠭᠳᠡᠷᠡᠨ᠎ᠡ᠃ ᠬᠠᠵᠠᠭᠤ ᠶ᠋ᠢᠨ ᠨᠠᠪᠴᠢ ᠨᠢ ᠬᠠᠪᠲᠠᠭᠠᠢ ᠲᠡᠪᠡᠨᠡᠯᠢᠭ ᠦᠷᠦᠮ ᠬᠡᠯᠪᠡᠷᠢ ᠲᠡᠢ᠂ ᠪᠠᠷᠤᠭ3mm ᠤᠷᠲᠤ᠂ ᠤᠵᠠᠭᠤᠷ ᠤ᠋ᠨ ᠬᠡᠰᠡᠭ ᠨᠢ ᠯᠤᠤ ᠶ᠋ᠢᠨ ᠶᠠᠰᠤ ᠰᠢᠭ᠋᠂ ᠦᠵᠦᠭᠦᠷ ᠲᠤᠨᠢ ᠤᠷᠲᠤ ᠰᠤᠷ ᠲᠠᠢ᠂ ᠲᠡᠩᠭᠡᠯᠢᠭ ᠣᠢᠷᠠᠬᠠᠨ ᠲᠠᠯ᠎ᠠ ᠨᠢ ᠪᠦᠲᠦᠨ ᠬᠥᠪᠡᠭᠡ ᠲᠡᠢ᠂ ᠥᠷᠭᠡᠨ ᠬᠠᠯᠢᠰᠤᠯᠢᠭ᠂ ᠲᠡᠩᠭᠡᠯᠢᠭ ᠡᠴᠡ ᠬᠣᠯᠠ ᠲᠠᠯ᠎ᠠ ᠶ᠋ᠢᠨ ᠬᠠᠯᠢᠰᠤᠯᠢᠭ ᠬᠥᠪᠡᠭᠡ ᠨᠢ ᠮᠠᠰᠢ ᠨᠠᠷᠢᠨ᠂ ᠵᠢᠭᠠᠬᠠᠨ ᠬᠢᠷᠥᠭᠡᠨ ᠰᠢᠲᠦ ᠲᠡᠢ᠂ ᠭᠣᠣᠯ ᠳ᠋ᠠᠬᠢ ᠨᠠᠪᠴᠢ ᠨᠢ ᠬᠣᠶᠠᠷ ᠮᠥᠷ᠂ ᠥᠨᠳᠡᠭᠡᠯᠵᠢᠨ ᠬᠠᠪᠲᠠᠭᠠᠢ ᠲᠡᠪᠡᠨᠡ ᠬᠡᠯᠪᠡᠷᠢ ᠲᠡᠢ᠂2mm ᠤᠷᠲᠤ᠂ ᠦᠵᠦᠭᠦᠷ ᠲᠤᠨᠢ ᠤᠷᠲᠤ ᠰᠤᠷ ᠲᠠᠢ᠂ ᠲᠠᠰᠢᠭᠤ ᠳᠡᠭᠡᠭᠰᠢᠯᠡᠵᠦ ᠬᠣᠶᠠᠷ ᠬᠠᠵᠠᠭᠤ ᠨᠢ ᠲᠡᠩᠴᠡᠭᠦᠦ ᠪᠤᠰᠤ᠂ ᠬᠥᠪᠡᠭᠡ ᠪᠡᠷ ᠨᠢ ᠵᠢᠭᠠᠬᠠᠨ ᠬᠢᠷᠥᠭᠡᠨ ᠰᠢᠲᠦ ᠲᠡᠢ᠂ ᠭᠣᠣᠯ ᠰᠤᠳᠠᠯ ᠨᠢ ᠥᠪᠥᠷ ᠲᠦ᠍ ᠬᠣᠲᠣᠢᠨ ᠣᠷᠣᠭᠰᠠᠨ ᠪᠠᠢᠳᠠᠭ᠃ ᠰᠫᠣᠷ ᠤ᠋ᠨ ᠤᠭᠤᠲᠠ ᠶ᠋ᠢᠨ ᠲᠦᠷᠦᠭᠦᠦ ᠨᠢ ᠮᠥᠴᠢᠷ ᠦ᠋ᠨ ᠣᠷᠣᠢ ᠳ᠋ᠤ᠌ ᠤᠷᠭᠤᠨ᠎ᠠ᠂ ᠳᠥᠷᠪᠡᠯᠵᠢᠨ ᠢᠷᠮᠡᠭᠲᠦ ᠬᠡᠯᠪᠡᠷᠢ ᠲᠡᠢ᠃ ᠰᠫᠣᠷᠲᠦ ᠨᠠᠪᠴᠢ ᠨᠢ ᠭᠤᠷᠪᠠᠯᠵᠢᠨ ᠬᠡᠯᠪᠡᠷᠢ ᠲᠡᠢ᠂ ᠦᠵᠦᠭᠦᠷ ᠲᠦ᠋ᠨᠢ ᠤᠷᠲᠤ ᠰᠤᠷ ᠲᠠᠢ᠂ ᠬᠥᠪᠡᠭᠡ ᠪᠡᠷ ᠢ᠋ᠶ᠋ᠡᠨ ᠥᠷᠭᠡᠨ ᠰᠠᠷᠢᠰᠤ ᠲᠠᠢ᠃ ᠰᠫᠣᠷ ᠤ᠋ᠨ ᠤᠭᠤᠲᠠ ᠨᠢ ᠪᠥᠭᠡᠷᠡᠨ ᠬᠡᠯᠪᠡᠷᠢ ᠲᠡᠢ᠂ ᠶᠡᠬᠡ ᠪᠠᠭ᠎ᠠ ᠰᠫᠣᠷ ᠤ᠋ᠨ ᠪᠠᠢᠷᠢᠯᠠᠯ ᠨᠢ ᠡᠮᠬᠢ ᠦᠭᠡᠢ᠃
[ ᠤᠷᠭᠤᠬᠤ ᠣᠷᠴᠢᠨ ᠬᠢᠭᠡᠳ ᠲᠠᠷᠬᠠᠴᠠ] ᠬᠠᠳᠠ ᠴᠢᠯᠠᠭᠤᠨ ᠳᠡᠭᠡᠷ᠎ᠡ ᠤᠷᠭᠤᠨ᠎ᠠ᠃ ᠥᠪᠥᠷ ᠮᠣᠩᠭᠣᠯ᠂ ᠾᠧᠪᠧᠢ᠂ ᠾᠧᠨᠠᠨ᠂ ᠵᠢᠶᠠᠩᠰᠢ᠂ ᠬᠤᠪᠧᠢ᠂ ᠭᠤᠸᠠᠩᠳᠦ᠋ᠩ᠋᠂ ᠭᠤᠸᠠᠩᠰᠢ᠂ ᠰᠧᠴᠤᠸᠠᠨ᠂ ᠶᠦᠨᠨᠠᠨ᠂ ᠲᠥᠪᠡᠳ ᠵᠡᠷᠭᠡ ᠮᠣᠵᠢ ᠣᠷᠣᠨ ᠳ᠋ᠤ᠌ ᠲᠠᠷᠬᠠᠴᠠ ᠲᠠᠢ᠃
[ ᠲᠡᠭᠦᠵᠦ ᠪᠣᠯᠪᠠᠰᠤᠷᠠᠭᠤᠯᠬᠤ] ᠬᠠᠪᠤᠷ᠂ ᠨᠠᠮᠤᠷ ᠪᠦᠷ ᠠᠪᠴᠤ ᠪᠣᠯᠤᠨ᠎ᠠ᠃ ᠬᠠᠪᠤᠷ ᠠᠪᠤᠭᠰᠠᠨ ᠨᠢ ᠥᠩᠭᠡ ᠨᠢ ᠨᠣᠭᠣᠭᠠᠨ᠂ ᠨᠢᠯᠵᠠᠷᠠᠢ ᠲᠤᠯᠠ ᠶᠠᠰᠤ ᠴᠢᠨᠠᠷ ᠨᠢ ᠰᠠᠢᠨ᠃ ᠲᠡᠭᠦᠵᠦ ᠠᠪᠤᠭᠰᠠᠨ ᠤ᠋ ᠰᠡᠭᠦᠯᠡᠷ ᠰᠠᠬᠠᠯ ᠦᠨᠳᠦᠰᠦ ᠶ᠋ᠢ ᠨᠢ ᠬᠠᠢᠴᠢᠯᠠᠨ ᠬᠠᠶᠠᠵᠤ᠂ ᠦᠨᠳᠦᠰᠦᠯᠢᠭ ᠡᠰᠢ ᠶ᠋ᠢ ᠨᠢ ᠪᠠᠭ᠎ᠠ ᠯᠠ ᠦᠯᠡᠳᠡᠭᠡᠭᠡᠳ᠂ ᠰᠢᠪᠡᠷ ᠰᠢᠷᠣᠢ ᠶ᠋ᠢ ᠨᠢ ᠠᠷᠢᠯᠭᠠᠵᠤ ᠨᠠᠷᠠᠨ ᠳ᠋ᠤ᠌ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠭᠤᠱᠤᠭᠤᠨ ᠠᠮᠲᠠ ᠲᠠᠢ; ᠲᠡᠭᠰᠢ ᠴᠢᠨᠠᠷ ᠲᠠᠢ᠃
[ ᠴᠢᠳᠠᠯ ᠪᠠ ᠭᠣᠣᠯᠳᠠᠭᠤ ᠵᠠᠰᠠᠬᠤ] ᠰᠢᠭᠡᠯᠭᠡᠬᠦ᠂ ᠴᠢᠰᠤ ᠶ᠋ᠢ ᠵᠣᠭᠰᠣᠭᠠᠬᠤ᠂ ᠴᠢᠰᠤᠨ ᠬᠠᠯᠠᠭᠤᠨ ᠢ᠋ ᠠᠷᠢᠯᠭᠠᠬᠤ᠂ ᠬᠣᠷᠣᠬᠠᠢ ᠶ᠋ᠢ ᠨᠢᠲᠤᠯᠬᠤ ᠴᠢᠳᠠᠯ ᠲᠠᠢ᠃ ᠭᠣᠣᠯᠳᠠᠭᠤ ᠴᠢᠰᠤᠨ ᠬᠠᠯᠠᠭᠤᠨ᠂ ᠬᠠᠭᠤᠴᠢᠷᠠᠵᠤ ᠰᠢᠨᠤᠭᠰᠠᠨ ᠬᠠᠯᠠᠭᠤᠨ᠂ ᠨᠢᠷᠠᠢ ᠬᠠᠯᠠᠭᠤᠨ᠂ ᠰᠢᠭᠡᠰᠦ ᠬᠠᠭᠠᠭᠳᠠᠭᠰᠠᠨ᠂ ᠤᠮᠠᠢ ᠶ᠋ᠢᠨ ᠬᠣᠷᠣᠬᠠᠢ ᠡᠪᠡᠳᠴᠢᠨ᠂ ᠰᠠᠷ᠎ᠠ ᠶ᠋ᠢᠨ ᠭᠬᠢᠷ ᠴᠤᠪᠤᠷᠠᠬᠤ᠂ ᠰᠢᠷᠬᠠᠨ ᠠ᠋ᠴᠠ ᠴᠢᠰᠤ ᠭᠠᠷᠬᠤ᠂ ᠬᠠᠮᠠᠷ ᠠ᠋ᠴᠠ ᠴᠢᠰᠤ ᠴᠤᠪᠤᠷᠠᠬᠤ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄卷柏
ᠠᠩᠭ᠌ᠯᠢ ᠨᠡᠷ᠎ᠡ᠄Selaginella tamariscina ( Beauv.) Spring
ᠦᠰᠦᠭ ᠠᠮᠢᠯᠠᠭᠤᠯᠤᠭᠴᠢ᠄ ᠴᠡᠪᠡᠷᠴᠡᠴᠡᠭ
ᠬᠢᠨᠠᠭᠴᠢ᠄ ᠲᠤᠶᠠᠭ᠎ᠠ
