ᠰᠠᠨᠠᠵᠤ ᠶᠠᠳᠠᠭᠰᠠᠨ ᠰᠢᠯᠦᠭ – ᠪᠠᠪᠤᠤ ᠶ᠋ᠢᠨ ᡀᠬᠠᠪᠠᠰᠥ᠋ᠷᠦᠩ Санаж ядсан шүлэг – Бавуугийн Лхагвасүрэн ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠨᠠᠵᠤ ᠶᠠᠳᠠᠭᠰᠠᠨ ᠰᠢᠯᠦᠭ – ᠪᠠᠪᠤᠤ ᠶ᠋ᠢᠨ ᡀᠬᠠᠪᠠᠰᠥ᠋ᠷᠦᠩ Санаж ядсан шүлэг – Бавуугийн Лхагвасүрэн

ᠰᠠᠨᠠᠵᠤ ᠶᠠᠳᠠᠭᠰᠠᠨ ᠰᠢᠯᠦᠭ – ᠪᠠᠪᠤᠤ ᠶ᠋ᠢᠨ ᡀᠬᠠᠪᠠᠰᠥ᠋ᠷᠦᠩ Санаж ядсан шүлэг – Бавуугийн Лхагвасүрэн

2025-08-05

688

ᠰᠠᠨᠠᠵᠤ ᠶᠠᠳᠠᠭᠰᠠᠨ ᠰᠢᠯᠦᠭ


              ᠪᠠᠪᠤᠤ ᠶ᠋ᠢᠨ ᡀᠬᠠᠪᠠᠰᠥ᠋ᠷᠦᠩ  

 ᠡᠭᠳᠡᠭᠦᠴᠡᠭᠰᠡᠨ ᠡᠭᠦᠯᠡ ᠣᠷᠴᠢᠵᠤ᠂ ᠴᠠᠰᠤ ᠪᠠᠷ ᠴᠡᠯᠮᠡᠵᠦ ᠵᠤᠳᠯᠠᠬᠤ ᠳ᠋ᠤ᠌ 
 ᠡᠨᠳᠡ ᠮᠢᠨᠦ ᠡᠯᠢᠭᠡ ᠵᠢᠩᠳᠡᠳᠡᠭ᠁  
 ᠲᠠᠯ᠎ᠠ ᠮᠢᠨᠢ᠁ 
 ᠲᠠᠯ᠎ᠠ ᠮᠢᠨᠢ᠁ 
 ᠲᠦᠷᠢᠮᠡᠬᠡᠢ ᠴᠤᠤᠷᠢᠶ᠎ᠠ ᠡᠷᠭᠢᠵᠦ ᠢᠷᠡᠬᠦ ᠦᠭᠡᠢ ᠵᠠᠯᠢᠷᠠᠵᠤ 
 ᠲᠩᠷᠢ ᠶ᠋ᠢᠨ ᠵᠠᠭᠠᠳᠠᠰᠤ ᠪᠦᠲᠦᠨ ᠢ᠋ᠶ᠋ᠡᠷ ᠢ᠋ᠶ᠋ᠡᠨ ᠪᠠᠭᠲᠠᠳᠠᠭ ᠠᠭᠤᠳᠠᠮ ᠮᠢᠨᠢ   
    ᠠᠰᠢᠭᠦᠢ ᠮᠢᠨᠢ ᠳᠡ!  
    ᠬᠠᠶᠠ ᠲᠤᠤᠯᠠ ᠶ᠋ᠢᠨ ᠪᠤᠷᠭᠠᠰᠤ ᠴᠠᠰ ᠴᠠᠰᠬᠢᠨ ᠭᠥᠯᠥᠭᠡᠯᠡᠵᠦ 
    ᠬᠠᠭᠠᠨ ᠤ᠋ ᠲᠢᠲᠢᠮ ᠰᠢᠭ ᠢᠷᠭᠤᠢ ᠴᠠᠰᠤᠨ ᠤ᠋ ᠥᠮᠥᠷᠬᠡᠢ ᠳ᠋ᠦ᠍ ᠴᠤᠬᠤᠢᠯ᠎ᠠ᠃  
    ᠳᠠᠭᠠᠭᠠᠴᠠ᠂ ᠲᠠᠯ᠎ᠠ ᠶ᠋ᠢᠨ ᠪᠣᠷᠣ᠂ ᠲᠠᠪᠢᠨ ᠵᠢᠰᠠ ᠶ᠋ᠢᠨ ᠮᠢᠨᠢ  
    ᠳᠠᠷᠤᠭᠳᠠᠭᠰᠠᠨ ᠡᠪᠡᠰᠦ ᠴᠤᠬᠤᠢᠵᠤ᠂ 
       ᠮᠠᠯ ᠤ᠋ᠨ ᠬᠠᠮᠠᠷ ᠬᠠᠳᠬᠤᠭ᠎ᠠ ᠪᠣᠯ ᠤᠤ?᠁  

 ᠡᠷᠭᠢ ᠶ᠋ᠢᠨ ᠴᠢᠨᠢ ᠮᠠᠷᠢᠶ᠎ᠠ ᠬᠥᠯᠥᠷᠡᠵᠦ᠂ ᠴᠠᠷᠠᠭ᠎ᠠ ᠪᠠᠨ ᠬᠤᠮᠢᠬᠤ ᠳ᠋ᠤ᠌ 
 ᠡᠨᠳᠡ ᠮᠢᠨᠦ ᠰᠤᠳᠠᠰᠤ ᠵᠢᠪᠳᠡᠭ᠁ 
 ᠤᠰᠤ ᠮᠢᠨᠢ᠁ 
 ᠤᠰᠤ ᠮᠢᠨᠢ᠁ 
 ᠤᠬᠢᠯᠠᠵᠤ᠂ ᠤᠬᠢᠯᠠᠵᠤ ᠲᠩᠷᠢ ᠳ᠋ᠦ᠍ ᠠᠷᠭᠠᠳᠠᠭᠤᠯᠵᠤ ᠲᠠᠯᠢᠮᠠᠭᠰᠠᠨ 
 ᠯᠤᠤᠰ ᠤ᠋ᠨ ᠭᠦᠩᠵᠦ ᠶ᠋ᠢᠨ ᠨᠢᠳᠦ ᠮᠢᠨᠢ᠁  
    ᠠᠰᠢᠭᠦᠢ ᠮᠢᠨᠢ ᠳᠡ!  
    ᠬᠠᠨ ᠠᠭᠤᠯᠠ ᠶ᠋ᠢᠨ ᠬᠢᠩᠭ᠎ᠠ ᠲᠠᠰᠢᠯᠠᠨ  
    ᠬᠠᠪᠤᠷ ᠤ᠋ᠨ ᠰᠢᠪᠠᠭᠤᠳ ᠨᠠᠮᠢᠷᠠᠭᠠᠳ ᠢᠷᠡᠯ᠎ᠡ᠁  
    ᠬᠠᠢᠷ᠎ᠠ ᠶ᠋ᠢᠨ ᠨᠠᠭᠤᠷ ᠤ᠋ᠨ ᠮᠢᠨᠢ ᠡᠮᠲᠦ ᠤᠰᠤᠨ ᠳ᠋ᠤ᠌ ᠦᠳᠡᠯᠡᠵᠦ  
    ᠾᠢᠮᠠᠯᠠᠶ᠎ᠠ ᠶ᠋ᠢ ᠳᠠᠪᠠᠬᠤ ᠳ᠋ᠠᠭᠠᠨ 
       ᠬᠤᠯᠠᠭᠤᠭᠰᠠᠨ ᠳᠠᠯᠠᠪᠴᠢ ᠪᠠᠨ ᠱᠠᠪᠰᠢᠭ᠎ᠠ ᠪᠣᠯ ᠤᠤ?᠁  

 ᠡᠩᠭᠡᠷ ᠦ᠋ᠨ ᠴᠢᠨᠢ ᠬᠠᠢᠯᠠᠰᠤ ᠨᠠᠷᠠᠨ ᠳ᠋ᠤ᠌ ᠬᠠᠭᠰᠠᠬᠤ ᠳ᠋ᠤ᠌ 
 ᠡᠨᠳᠡ ᠮᠢᠨᠦ ᠤᠷᠤᠭᠤᠯ ᠣᠮᠣᠭᠣᠯᠲᠤᠳᠠᠭ 
 ᠠᠭᠤᠯᠠ ᠮᠢᠨᠢ᠁ 
 ᠠᠭᠤᠯᠠ ᠮᠢᠨᠢ᠁ 
 ᠤᠨᠲᠠᠵᠤ ᠬᠣᠴᠣᠷᠤᠭᠠᠳ ᠲᠡᠨᠳᠡ ᠪᠡᠨ ᠴᠢᠯᠠᠭᠤᠵᠢᠭᠰᠠᠨ 
 ᠲᠩᠷᠢ ᠶ᠋ᠢᠨ ᠭᠥᠷᠦᠭᠡᠰᠦᠨ ᠦ᠌ ᠢᠨᠵᠠᠭ᠎ᠠ ᠮᠢᠨᠢ᠁   
    ᠠᠰᠢᠭᠦᠢ ᠮᠢᠨᠢ ᠳᠡ! 
    ᠵᠣᠭᠳᠣᠷ ᠴᠠᠭᠠᠨ ᠡᠭᠦᠯᠡᠨ ᠭᠠᠷᠤᠯ᠎ᠠ  
    ᠵᠣᠷᠭᠣᠯ ᠤ᠋ᠨ ᠮᠢᠨᠢ ᠣᠷᠣᠢ ᠶ᠋ᠢ ᠱᠦᠷᠭᠦᠭᠡ ᠪᠠᠢᠯᠭᠦᠢ  
    ᠴᠠᠩᠭᠠᠭᠰᠠᠨ ᠴᠡᠴᠡᠭ ᠦ᠋ᠨ ᠬᠢᠨᠢ ᠡᠭᠰᠢᠭᠰᠡᠨ ᠳᠡᠯᠪᠢ ᠶ᠋ᠢ 
    ᠴᠠᠪᠯᠠᠵᠤ ᠱᠠᠭᠢᠭᠰᠠᠨ ᠪᠣᠷᠣᠭ᠎ᠠ ᠲᠣᠰᠤᠭ᠎ᠠ ᠪᠣᠯ ᠤᠤ?  

       ᠦᠰᠦᠭ ᠠᠮᠢᠯᠠᠭᠤᠯᠤᠭᠴᠢ᠄ ᠡᠩᠬᠡᠪᠠᠲᠤ 
         ᠦᠰᠦᠭ ᠬᠢᠨᠠᠭᠴᠢ᠄ ᠪᠠᠶᠠᠷᠴᠡᠴᠡᠭ