ᠠᠬ᠎ᠠ ᠳᠡᠭᠦᠦ ᠭᠤᠷᠪᠠ -ᠯ ∙ ᠮᠢᠰᠢᠶᠡᠯ-ᠦᠯᠢᠭᠡᠷ ᠦ᠋ᠨ ᠴᠠᠭAkh düü gurav L.MisheelҮлгэрийн цаг - Ах дүү гурав Л.Мишээл
ᠠᠬ᠎ᠠ ᠳᠡᠭᠦᠦ ᠭᠤᠷᠪᠠ
ᠮᠣᠩᠭᠣᠯ ᠠᠷᠠᠳ ᠤ᠋ᠨ ᠦᠯᠢᠭᠡᠷ
ᠡᠷᠲᠡ ᠤᠷᠢᠳᠤ ᠴᠠᠭ ᠲᠤ᠌ ᠨᠢᠭᠡᠨ ᠠᠢᠯ ᠭᠤᠷᠪᠠᠨ ᠬᠦᠦ ᠲᠡᠢ᠂ ᠲᠠᠪᠤᠨ ᠠᠮᠠ ᠪᠦᠯᠢ ᠠᠮᠢᠳᠤᠷᠠᠵᠤ ᠪᠠᠢᠵᠠᠢ᠃ ᠭᠡᠲᠡᠯ᠎ᠡ ᠭᠤᠷᠪᠠᠨ ᠬᠦᠦ ᠨᠢ ᠲᠣᠮᠣ ᠪᠣᠯᠵᠤ ᠡᠷ᠎ᠡ ᠶ᠋ᠢᠨ ᠴᠡᠭᠡᠯ ᠳ᠋ᠦ᠍ ᠬᠦᠷᠪᠡ ᠭᠡᠨ᠎ᠡ᠃
ᠡᠴᠢᠭᠡ ᠡᠬᠡ ᠨᠢ᠄《ᠭᠤᠷᠪᠠᠨ ᠬᠦᠦ ᠪᠡᠨ ᠶᠠᠮᠠᠷ ᠬᠤᠪᠢ ᠵᠠᠶᠠᠭ᠎ᠠ ᠲᠠᠢ ᠬᠥᠮᠦᠰ ᠪᠣᠯᠬᠤ ᠶ᠋ᠢ ᠥᠪᠡᠷᠰᠡᠳ ᠢ᠋ᠶ᠋ᠡᠨ ᠰᠢᠢᠳᠪᠦᠷᠢᠯᠡ ᠭᠡᠳ ᠠᠳᠠᠯᠢ ᠲᠡᠭᠰᠢ ᠬᠡᠮᠵᠢᠶᠡᠨ ᠦ᠌ ᠨᠡᠯᠢᠶᠡᠳ ᠶᠡᠬᠡ ᠮᠥᠩᠭᠥ ᠶ᠋ᠢ ᠬᠤᠪᠢᠶᠠᠨ ᠥᠭᠭᠦᠭᠡᠳ᠂ ᠡᠨᠡ ᠮᠥᠩᠭᠥ ᠪᠡᠨ ᠠᠪᠤᠭᠠᠳ ᠭᠤᠷᠪᠠᠨ ᠵᠢᠯ ᠦ᠋ᠨ ᠬᠤᠭᠤᠴᠠᠭ᠎ᠠ ᠪᠠᠷ ᠶᠠᠪᠤᠵᠤ᠂ ᠬᠥᠮᠦᠨ ᠲᠡᠢ ᠲᠠᠨᠢᠯᠴᠠᠵᠤ᠂ ᠭᠠᠵᠠᠷ ᠦᠵᠡᠭᠡᠳ᠂ ᠳᠤᠷᠠᠲᠠᠢ ᠶᠠᠭᠤᠮᠠᠰ ᠢ᠋ᠶ᠋ᠠᠨ ᠠᠪᠤᠭᠠᠳ ᠢᠷ᠎ᠡ! ᠲᠠ ᠭᠤᠷᠪᠠ ᠶ᠋ᠢ ᠶᠠᠮᠠᠷ ᠠᠵᠠ ᠲᠠᠪᠢᠯᠠᠩ ᠲᠠᠢ ᠤᠯᠤᠰ ᠪᠣᠯᠬᠤ ᠶ᠋ᠢ ᠦᠵᠡᠶ᠎ᠡ 》ᠭᠡᠵᠡᠢ᠃
ᠢᠩᠭᠢᠭᠡᠳ ᠭᠤᠷᠪᠠᠨ ᠬᠦᠦ ᠨᠢ ᠶᠠᠪᠤᠭᠰᠠᠭᠠᠷ ᠭᠤᠷᠪᠠᠨ ᠵᠢᠯ ᠦ᠋ᠨ ᠳᠠᠷᠠᠭ᠎ᠠ᠂ ᠡᠨᠡ ᠭᠠᠵᠠᠷ ᠠ᠋ᠴᠠ ᠰᠠᠯᠤᠭᠠᠳ ᠬᠠᠷᠢᠨ᠎ᠠ ᠭᠡᠵᠦ ᠣᠪᠣᠭ᠎ᠠ ᠪᠣᠰᠬᠠᠭᠠᠳ ᠭᠤᠷᠪᠠᠨ ᠵᠦᠭ ᠲᠦ᠍ ᠲᠠᠷᠠᠬᠤ ᠪᠣᠯᠪᠠ᠃
ᠬᠣᠶᠠᠷ ᠳᠡᠭᠦᠦ ᠨᠢ ᠠᠬ᠎ᠠ ᠠ᠋ᠴᠠ ᠪᠠᠨ ᠨᠢᠭᠤᠵᠤ᠂ ᠮᠠᠨ ᠤ᠋ ᠮᠠᠭᠤ ᠲᠡᠨᠡᠭ ᠠᠬ᠎ᠠ ᠴᠤ᠌ ᠠᠪᠤ ᠶ᠋ᠢᠨ ᠪᠠᠭᠠᠬᠠᠨ ᠮᠥᠩᠭᠥ ᠶ᠋ᠢ ᠡᠭᠦᠷᠦᠭᠡᠳ ᠶᠠᠭᠤ ᠴᠤ᠌ ᠣᠯᠵᠤ ᠢᠷᠡᠵᠦ ᠴᠢᠳᠠᠬᠤ ᠦᠭᠡᠢ ᠭᠡᠵᠦ ᠱᠣᠣᠯᠠᠵᠤ᠂ ᠠᠬ᠎ᠠ ᠨᠢ ᠶᠠᠪᠤᠭᠰᠠᠭᠠᠷ ᠬᠥᠮᠦᠨ ᠠᠮᠢᠲᠠᠨ ᠭᠠᠷᠴᠤ ᠴᠢᠳᠠᠮ᠎ᠠ ᠦᠭᠡᠢ ᠲᠣᠮᠣ ᠭᠣᠣᠯ ᠲᠠᠢ ᠲᠠᠭᠠᠷᠠᠯᠳᠤᠵᠠᠢ ᠃ ᠲᠡᠷᠡ ᠭᠣᠣᠯ ᠢ᠋ᠶ᠋ᠠᠷ ᠬᠥᠮᠦᠨ ᠠᠮᠢᠲᠠᠨ ᠭᠠᠷᠭᠠᠳᠠᠭ ᠪᠣᠯᠭᠠᠶ᠎ᠠ ᠭᠡᠵᠦ ᠰᠢᠢᠳᠴᠦ᠂ ᠭᠦᠦᠷ ᠲᠠᠯᠪᠢᠵᠤ ᠡᠬᠢᠯᠡᠪᠡ᠂ ᠭᠣᠣᠯ ᠳ᠋ᠤ᠌ ᠭᠦᠦᠷ ᠲᠠᠯᠪᠢᠭᠠᠳ ᠳᠠᠭᠤᠰᠴᠠᠢ᠃ ᠬᠥᠮᠦᠨ ᠠᠮᠢᠲᠠᠨ ᠨᠠᠭᠠᠰᠢ ᠴᠠᠭᠠᠰᠢ ᠭᠠᠷᠳᠠᠭ ᠪᠣᠯᠵᠠᠢ ᠭᠡᠨ᠎ᠡ᠃ ᠮᠥᠩᠭᠥ ᠪᠡᠨ ᠶᠠᠭ ᠳᠠᠭᠤᠰᠬᠠᠵᠤ᠂ ᠭᠤᠷᠪᠠᠨ ᠵᠢᠯ ᠦ᠋ᠨ ᠬᠤᠭᠤᠴᠠᠭ᠎ᠠ ᠴᠤ᠌ ᠳᠠᠭᠤᠰᠴᠤ ᠭᠡᠨ᠎ᠡ᠃ ᠵᠠ᠂ ᠲᠡᠭᠡᠭᠡᠳ ᠭᠦᠦᠷ ᠦ᠋ᠨ ᠳᠡᠷᠭᠡᠳᠡ ᠡᠴᠦᠰ ᠦ᠋ᠨ ᠰᠥᠨᠢ ᠬᠣᠨᠣᠬᠤ ᠪᠠᠷ ᠰᠢᠢᠳᠴᠦ ᠰᠥᠨᠢ ᠵᠡᠭᠦᠳᠦᠯᠡᠵᠡᠢ᠃
ᠵᠡᠭᠦᠳᠦᠨ ᠳ᠋ᠦ᠍ ᠨᠢ ᠨᠢᠭᠡ ᠲᠣᠮᠣ ᠬᠠᠷ᠎ᠠ ᠬᠥᠮᠦᠨ ᠢᠷᠡᠭᠡᠳ᠂
ᠮᠠᠢ! ᠡᠨᠡ ᠮᠥᠩᠭᠥᠨ ᠦ᠌ ᠰᠠᠪᠠ᠂ ᠡᠷᠳᠡᠨᠢ ᠶ᠋ᠢᠨ ᠰᠠᠪᠠ ᠶᠤᠮ ᠰᠢᠦ! ᠲᠣᠩᠭᠣᠢᠯᠭᠠᠬᠤ ᠪᠦᠷᠢ ᠠᠯᠲᠠᠨ ᠵᠣᠭᠣᠰ ᠭᠠᠷᠳᠠᠭ ᠶᠤᠮ᠃
ᠮᠠᠢ! ᠡᠨᠡ ᠪᠢᠴᠢᠬᠠᠨ ᠳᠣᠩᠪᠣ᠂ ᠡᠨᠡ ᠡᠷᠳᠡᠨᠢ ᠶ᠋ᠢᠨ ᠳᠣᠩᠪᠣ ᠶ᠋ᠢ ᠲᠣᠩᠭᠣᠢᠯᠭᠠᠬᠤ ᠪᠦᠷᠢ ᠳᠠᠷᠠᠰᠤ ᠭᠣᠭᠣᠵᠢᠳᠠᠭ᠃
ᠮᠠᠢ! ᠡᠨᠡ ᠱᠦᠭᠦᠷ ᠢ᠋ᠶ᠋ᠡᠷ ᠬᠥᠮᠦᠨ ᠦ᠌ ᠨᠢᠷᠤᠭᠤᠨ ᠳᠤᠮᠳᠠ ᠨᠢ ᠴᠣᠬᠢᠭᠠᠳ ᠲᠡᠷᠡ ᠬᠥᠮᠦᠨ ᠦ᠌ ᠪᠡᠶ᠎ᠡ᠂ ᠨᠠᠰᠤᠨ ᠤ᠋ ᠪᠠᠨ ᠲᠠᠯ᠎ᠠ ᠬᠤᠪᠢ ᠪᠠᠢᠭᠰᠠᠨ ᠰᠢᠭ᠋ ᠵᠠᠯᠠᠭᠤ ᠪᠣᠯᠤᠨ᠎ᠠ᠃ ᠭᠡᠬᠦ ᠳ᠋ᠡᠭᠡᠨ ᠨᠢᠭᠡ ᠬᠥᠮᠦᠨ ᠢ᠋ ᠭᠤᠷᠪᠠ ᠠ᠋ᠴᠠ ᠢᠯᠡᠭᠦᠦ ᠴᠣᠬᠢᠵᠤ ᠪᠣᠯᠬᠤ ᠦᠭᠡᠢ ᠰᠢᠦ ᠭᠡᠵᠦ ᠬᠡᠯᠡᠭᠡᠳ᠂ ᠥᠭᠴᠦ ᠪᠠᠢᠭ᠎ᠠ ᠪᠠᠷ ᠢ᠋ᠶ᠋ᠠᠨ ᠵᠡᠭᠦᠳᠦᠯᠡᠵᠡᠢ᠃
ᠥᠷᠯᠥᠭᠡ ᠰᠡᠷᠡᠬᠦ ᠳ᠋ᠦ᠍ ᠳᠡᠷᠭᠡᠳᠡ ᠨᠢ᠂ ᠮᠥᠩᠭᠥᠨ ᠦ᠌ ᠴᠥᠬᠥ᠂ ᠪᠢᠴᠢᠬᠠᠨ ᠳᠣᠩᠪᠣ᠂ᠪᠤᠷᠭᠠᠰᠤᠨ ᠱᠦᠭᠦᠷ ᠪᠠᠢᠪᠠ᠃
ᠮᠥᠩᠭᠥᠨ ᠦ᠌ ᠰᠠᠪᠠ ᠶ᠋ᠢ ᠲᠣᠩᠭᠣᠢᠯᠭᠠᠭᠰᠠᠨ ᠴᠢᠨᠢ ᠠᠯᠲᠠᠨ ᠵᠣᠭᠣᠰ ᠭᠠᠷᠴᠤ ᠢᠷᠡᠪᠡ᠃ ᠪᠢᠴᠢᠬᠠᠨ ᠳᠣᠩᠪᠣ ᠶ᠋ᠢ ᠲᠣᠩᠭᠣᠢᠯᠭᠠᠭᠰᠠᠨ ᠴᠢᠨᠢ ᠬᠠᠴᠢᠨ ᠰᠠᠢᠬᠠᠨ ᠳᠠᠷᠠᠰᠤ ᠭᠤᠤᠵᠢᠵᠤ ᠪᠠᠢᠨ᠎ᠠ ᠭᠡᠨ᠎ᠡ᠂ ᠲᠡᠭᠡᠭᠡᠳ ᠴᠥᠬᠥ᠂ ᠳᠣᠩᠪᠣ ᠬᠣᠶᠠᠷ ᠢ᠋ᠶ᠋ᠠᠨ ᠡᠪᠦᠷᠯᠡᠭᠡᠳ᠂ ᠱᠦᠭᠦᠷ ᠢ᠋ᠶ᠋ᠡᠨ ᠡᠭᠦᠷᠦᠭᠡᠳ ᠭᠡᠷ ᠯᠦ᠍ᠭᠡ ᠪᠡᠨ ᠪᠤᠴᠠᠵᠠᠢ᠃
ᠬᠣᠶᠠᠷ ᠳᠡᠭᠦᠦ ᠲᠡᠢ ᠪᠡᠨ ᠪᠣᠯᠵᠣᠭᠰᠠᠨ ᠭᠠᠵᠠᠷ ᠢᠷᠡᠭᠰᠡᠨ ᠴᠢᠨᠢ ᠬᠣᠶᠠᠷ ᠳᠡᠭᠦᠦ ᠨᠢ ᠬᠡᠳᠦ ᠬᠡᠳᠦᠨ ᠦᠬᠡᠷ᠂ ᠲᠡᠷᠭᠡ᠂ ᠠᠴᠢᠶ᠎ᠠ ᠲᠠᠢ ᠢᠷᠡᠭᠰᠡᠨ ᠪᠠᠢᠨ᠎ᠠ᠃
ᠠᠮᠤᠷ ᠮᠡᠨᠳᠦ ᠠ᠋! ᠮᠡᠨᠳᠦᠴᠢᠯᠡᠭᠡᠳ᠂ ᠬᠣᠶᠠᠷ ᠳᠡᠭᠦᠦ ᠨᠢ ᠮᠠᠨ ᠤ᠋ ᠲᠡᠨᠡᠭ ᠠᠬ᠎ᠠ᠂ ᠲᠡᠭᠡᠨ᠎ᠡ ᠠ᠋! ᠲᠡᠷᠡ ! ᠪᠠᠭᠠᠬᠠᠨ ᠮᠥᠩᠭᠥ ᠡᠪᠦᠷᠯᠡᠭᠡᠳ᠂ ᠨᠢᠭᠡ ᠮᠠᠭᠤ ᠬᠣᠭ ᠤ᠋ᠨ ᠱᠦᠭᠦᠷ ᠡᠭᠦᠷᠦᠭᠡᠳ ᠢᠷᠡᠴᠢᠬᠡᠯ᠎ᠡ ᠭᠡᠵᠦ ᠬᠣᠭᠣᠷᠣᠨᠳᠣ ᠪᠠᠨ ᠠᠶᠠᠷᠬᠠᠨ ᠶᠠᠷᠢᠯᠴᠠᠪᠠ᠃
ᠭᠤᠷᠪᠠᠭᠤᠯᠠ ᠭᠡᠷ ᠲᠡᠭᠡᠨ ᠢᠷᠡᠵᠡᠢ᠃ ᠠᠪᠤ ᠨᠢ ᠭᠤᠷᠪᠠᠨ ᠢᠵᠢᠯᠢ ᠪᠠᠢᠰᠢᠩ ᠪᠠᠷᠢᠵᠤ᠂ ᠠᠬ᠎ᠠ ᠳᠡᠭᠦᠦ ᠪᠡᠨ ᠴᠤᠭᠯᠠᠭᠤᠯᠤᠭᠰᠠᠨ ᠪᠠᠢᠨ᠎ᠠ᠃ ᠢᠩᠭᠢᠭᠡᠳ ᠪᠠᠭ᠎ᠠ ᠬᠦᠦ ᠶ᠋ᠢᠨ ᠠᠴᠢᠶ᠎ᠠ ᠶ᠋ᠢ ᠪᠠᠭᠤᠯᠭᠠᠨ᠂ ᠡᠬᠢᠨ ᠦ᠌ ᠪᠠᠢᠰᠢᠩ ᠳ᠋ᠤ᠌ ᠣᠷᠣᠭᠤᠯᠬᠤ ᠳ᠋ᠤ᠌ ᠳᠠᠩ ᠴᠠᠭᠠᠨ ᠪᠤᠳᠠᠭ᠎ᠠ ᠪᠠᠢᠨ᠎ᠠ᠃ ᠳᠤᠮᠳᠠ ᠬᠦᠦ ᠪᠡᠨ ᠬᠣᠶᠠᠳᠠᠬᠢ ᠪᠠᠢᠰᠢᠩ ᠳ᠋ᠤ᠌ ᠶᠠᠭᠤᠮ᠎ᠠ ᠪᠠᠨ ᠤᠷᠤᠭᠤᠯ ᠭᠡᠪᠡ᠃ ᠳᠤᠮᠳᠠ ᠬᠦᠦ ᠨᠢ ᠲᠣᠷᠭ᠎ᠠ ᠳᠤᠷᠳᠤᠩ ᠪᠠᠭᠤᠯᠭᠠᠵᠤ ᠭᠡᠨ᠎ᠡ᠃ ᠦᠨᠡᠲᠡᠢ ᠰᠠᠢᠬᠠᠨ ᠡᠳ᠋ ᠠᠪᠴᠢᠷᠠᠴᠢᠬᠠᠭᠠᠳ ᠭᠡᠷ ᠲᠡᠭᠡᠨ ᠣᠷᠣᠭᠤᠯᠵᠤ ᠭᠡᠨ᠎ᠡ᠃ ᠲᠣᠮᠣ ᠬᠦᠦ ᠨᠢ᠄ ᠵᠠ! ᠲᠠ ᠨᠠᠳᠠ ᠳ᠋ᠤ᠌ ᠶᠠᠭᠤᠨ ᠳ᠋ᠤ᠌ ᠪᠠᠢᠰᠢᠩ ᠣᠩᠭᠣᠢᠯᠭᠠᠭᠰᠠᠨ ᠦᠭᠡᠢ ᠪᠣᠢ ᠭᠡᠬᠦ ᠳ᠋ᠦ᠍᠂ ᠬᠣᠭ ᠤ᠋ᠨ ᠱᠦᠭᠦᠷ ᠡᠴᠡ ᠥᠭᠡᠷ᠎ᠡ ᠶᠠᠭᠤ ᠴᠤ᠌ ᠦᠭᠡᠢ ᠪᠠᠢᠵᠤ᠂ᠶᠠᠭᠠᠬᠢᠬᠤ ᠶᠤᠮ! ᠳᠠᠭᠤ ᠦᠭᠡᠢ ᠭᠡᠷ ᠲᠡᠭᠡᠨ ᠣᠷᠣ! ᠲᠠ ᠣᠩᠭᠣᠢᠯᠭᠠ ᠭᠡᠬᠦ ᠳ᠋ᠦ᠍ᠨᠢ᠂ ᠠᠪᠤ ᠨᠢ ᠳᠤᠷᠠᠲᠠᠢ ᠳᠤᠷ᠎ᠠ ᠦᠭᠡᠢ ᠣᠩᠭᠣᠢᠯᠭᠠᠵᠤ ᠭᠡᠨ᠎ᠡ᠂ ᠲᠣᠮᠣ ᠬᠦᠦ ᠮᠥᠩᠭᠥᠨ ᠦ᠌ ᠪᠡᠨ ᠰᠠᠪᠠ ᠶ᠋ᠢ ᠣᠩᠭᠣᠢᠯᠭᠠᠵᠤ ᠠᠯᠲᠠᠨ ᠵᠣᠭᠣᠰ ᠭᠠᠷᠭᠠᠭᠰᠠᠨ ᠳ᠋ᠤ᠌᠂ ᠨᠥᠭᠦᠭᠡ ᠴᠤᠭᠯᠠᠷᠠᠭᠰᠠᠨ ᠤᠯᠤᠰ ᠨᠢ ᠨᠢᠳᠦ ᠭᠢᠯᠪᠠᠵᠤ ᠭᠡᠨ᠎ᠡ᠂ ᠲᠣᠮᠣ ᠬᠦᠦ᠄ ᠲᠠ ᠨᠠᠷ ᠡᠨᠡ ᠠᠯᠲᠠᠨ ᠠ᠋ᠴᠠ ᠴᠥᠮ ᠠᠳᠬᠤᠵᠤ ᠠᠪᠴᠠᠭ᠎ᠠ ᠭᠡᠵᠦ ᠥᠭᠭᠦᠭᠡᠳ᠂ᠪᠠᠢᠰᠢᠩ ᠳᠦᠭᠦᠷᠭᠡᠵᠦ ᠬᠠᠭᠠᠯᠭ᠎ᠠ ᠶ᠋ᠢ ᠬᠠᠭᠠᠯᠭᠠᠭᠠᠳ ᠭᠡᠷ ᠲᠦ᠍ ᠣᠷᠣᠵᠤ ᠢᠷᠡᠵᠡᠢ᠃
ᠭᠡᠷ ᠲᠦ᠍ ᠪᠠᠢᠬᠤ ᠬᠥᠮᠦᠰ ᠲᠦ᠍ ᠴᠠᠢ ᠬᠣᠭᠣᠯᠠ ᠥᠭᠭᠦᠭᠰᠡᠨ ᠦ᠌ ᠳᠠᠷᠠᠭ᠎ᠠ᠂ ᠪᠢᠴᠢᠬᠠᠨ ᠳᠣᠩᠪᠣ ᠪᠠᠨ ᠭᠠᠷᠭᠠᠵᠤ ᠳᠠᠷᠠᠰᠤ ᠬᠢᠵᠦ ᠪᠠᠷᠢᠭᠰᠠᠨ ᠳ᠋ᠤ᠌ ᠪᠦᠬᠦ ᠬᠥᠮᠦᠰ ᠰᠣᠭᠲᠣᠵᠠᠢ᠃
ᠲᠡᠭᠡᠭᠰᠡᠨ ᠴᠢᠨᠢ ᠠᠪᠤ ᠨᠢ ᠡᠭᠦᠨ ᠡᠴᠡ ᠨᠢ ᠵᠢᠭᠠᠬᠠᠨ ᠵᠠᠯᠠᠭᠤ ᠪᠣᠯ ᠳᠠᠭᠤᠤ ᠠᠶᠠᠯᠠᠵᠤ ᠭᠠᠷᠤᠮᠠᠷ ᠪᠠᠢᠨ᠎ᠠ ᠳᠠ ᠭᠡᠵᠡᠢ᠂ ᠲᠡᠷᠡ ᠦᠭᠡ ᠶ᠋ᠢ ᠰᠣᠨᠣᠰᠤᠭᠠᠳ ᠲᠣᠮᠣ ᠬᠦᠦ ᠨᠥᠭᠦᠭᠡ ᠱᠦᠭᠦᠷ ᠢ᠋ᠶ᠋ᠡᠷ ᠢ᠋ᠶ᠋ᠡᠨ ᠠᠪᠤ ᠶ᠋ᠢᠨ ᠢ᠋ᠶ᠋ᠡᠨ ᠨᠢᠷᠤᠭᠤᠨ ᠳᠤᠮᠳᠠᠭᠤᠷ ᠨᠢᠭᠡ ᠤᠳᠠᠭ᠎ᠠ ᠴᠣᠬᠢᠭᠰᠠᠨ ᠳ᠋ᠤ᠌ ᠠᠪᠤ ᠨᠢ ᠢᠳᠡ ᠵᠠᠯᠠᠭᠤ ᠪᠣᠯᠵᠤ᠂ ᠪᠤᠰᠤᠳ ᠬᠥᠭᠰᠢᠨ ᠬᠥᠮᠦᠰ ᠨᠠᠮ᠎ᠠ ᠶ᠋ᠢ᠂ ᠨᠠᠮ᠎ᠠ ᠶ᠋ᠢ ᠭᠡᠬᠦ ᠪᠡᠷ᠂ ᠨᠢᠭᠡ᠂ ᠨᠢᠭᠡ ᠤᠳᠠᠭ᠎ᠠ ᠴᠣᠬᠢᠵᠤ ᠵᠠᠯᠠᠭᠤ ᠪᠣᠯᠭᠠᠵᠠᠢ᠃ ᠴᠤᠭᠯᠠᠷᠠᠭᠰᠠᠨ ᠬᠥᠮᠦᠰ ᠳᠠᠷᠠᠰᠤ ᠤᠤᠭᠤᠵᠤ ᠴᠥᠮ ᠰᠣᠭᠲᠣᠭᠰᠠᠨ ᠳ᠋ᠤ᠌᠂ ᠬᠣᠶᠠᠷ ᠮᠠᠭᠤ ᠰᠠᠨᠠᠭᠠᠲᠤ ᠪᠠᠢᠬᠤ ᠦᠭᠡᠢ ᠪᠣᠯᠤᠭᠰᠠᠨ ᠭᠡᠨ᠎ᠡ᠃ ᠭᠠᠳᠠᠭᠤᠷ ᠲᠡᠳᠡᠨ ᠢ᠋ ᠬᠠᠢᠬᠤ ᠳ᠋ᠤ᠌᠂ ᠬᠣᠶᠠᠷ ᠳᠡᠭᠦᠦ ᠨᠢ ᠨᠥᠭᠦᠭᠡ ᠱᠦᠭᠦᠷ ᠢ᠋ ᠨᠢ ᠠᠪᠴᠤ᠂ ᠥᠪᠡᠷᠰᠡᠳ ᠢ᠋ᠶ᠋ᠡᠨ ᠬᠡᠳᠦ ᠬᠡᠳᠦ ᠳᠠᠬᠢᠨ ᠴᠣᠬᠢᠵᠤ᠂ ᠳᠡᠪᠡᠯ ᠲᠡᠢ ᠨᠢᠷᠠᠢ ᠬᠡᠦᠬᠡᠳ ᠪᠣᠯᠴᠢᠬᠠᠭᠰᠠᠨ ᠤᠬᠢᠯᠠᠭᠠᠳ ᠬᠡᠪᠲᠡᠵᠦ ᠪᠠᠢᠭᠰᠠᠨ ᠭᠡᠳᠡᠭ᠃
ᠦᠰᠦᠭ ᠬᠠᠳᠠᠭᠴᠢ᠄ ᠵᠢᠷᠠᠨᠲᠠᠢ
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠨᠠᠷᠠᠨᠲᠣᠭᠣᠰ᠂ ᠳᠠᠯᠠᠨᠲᠠᠢ
