ᠠᠵᠢᠯ ᠦᠢᠯᠡᠰ ᠪᠣᠰᠬᠠᠬᠤ ᠳ᠋ᠤ᠌ ᠶᠠᠭᠤ ᠳᠤᠲᠠᠭᠳᠠᠵᠤ ᠪᠠᠢᠭ᠎ᠠ ᠪᠣᠢ-ᠬᠣᠨᠢᠴᠢᠨ ᠦᠯᠵᠡᠢᠰᠦ᠋ᠷᠥᠩАжил үйлс босгоход юу дутагдаж байгаа бэ
ᠳ᠋ᠣᠺᠲ᠋ᠣᠷ ᠬᠣᠨᠢᠴᠢᠨ ᠦᠯᠵᠡᠢᠰᠦ᠋ᠷᠥᠩ
«ᠬᠥᠮᠦᠨ ᠥᠭᠡᠳᠡ ᠪᠡᠨ ᠂ ᠤᠰᠤ ᠤᠷᠤᠭᠤ ᠪᠠᠨ » ᠭᠡᠳᠡᠭ ᠢ᠋ᠶ᠋ᠡᠷ ᠪᠢᠳᠡ ᠪᠦᠬᠦᠨ ᠥᠪᠡᠷ ᠦ᠋ᠨ ᠭᠡᠰᠡᠨ ᠠᠵᠢᠯ ᠠᠮᠢᠳᠤᠷᠠᠯ ᠤ᠋ᠨ ᠬᠦᠰᠡᠯ ᠮᠥᠷᠥᠭᠡᠳᠦᠯ ᠲᠡᠢ ᠶᠠᠪᠤᠳᠠᠭ᠂ ᠭᠡᠲᠡᠯ᠎ᠡ ᠲᠡᠷᠡ ᠪᠣᠯᠭᠠᠨ ᠥᠪᠡᠷ ᠦ᠋ᠨ ᠬᠦᠰᠡᠭᠰᠡᠨ ᠳ᠋ᠦ᠍ ᠪᠡᠨ ᠬᠦᠷᠴᠦ ᠴᠢᠳᠠᠳᠠᠭ ᠦᠭᠡᠢ ᠪᠢᠯᠡ᠃ ᠠᠵᠤ ᠠᠬᠤᠢᠯᠠᠯ ᠡᠷᠬᠢᠯᠡᠵᠦ ᠰᠢᠨ᠎ᠡ ᠶ᠋ᠢ ᠡᠷᠢᠯᠬᠢᠯᠡᠭᠰᠡᠨ ᠨᠢᠭᠡᠨ ᠪᠠᠢᠬᠤ ᠳ᠋ᠤ᠌᠂ ᠰᠢᠨ᠎ᠡ ᠰᠢᠨ᠎ᠡ ᠮᠠᠯᠵᠢᠯ ᠤ᠋ᠨ ᠠᠷᠭ᠎ᠠ ᠪᠠᠷ ᠥᠪᠡᠷ ᠦ᠋ᠨ ᠤᠯᠠᠮᠵᠢᠯᠠᠯᠲᠤ ᠠᠵᠤ ᠠᠬᠤᠢ ᠪᠠᠨ ᠡᠷᠭᠦᠵᠦ ᠶᠠᠪᠤᠭ᠎ᠠ ᠨᠢᠭᠡᠨ ᠪᠠᠰᠠ ᠪᠣᠢ᠃ ᠡᠨᠡ ᠪᠦᠬᠦ ᠴᠢᠷᠮᠠᠢᠯᠠᠭᠠ᠂ ᠡᠷᠢᠯᠬᠢᠯᠡᠯ ᠢ᠋ᠶ᠋ᠡᠷ ᠣᠯᠵᠤ ᠠᠪᠴᠢᠷᠬᠠᠰᠠᠨ ᠠᠮᠵᠢᠯᠲᠠ ᠶ᠋ᠢᠨ ᠠᠷᠤ ᠳ᠋ᠤ᠌ ᠬᠡᠳᠦᠢᠴᠢᠨᠠᠨ ᠬᠦᠴᠢᠷᠳᠡᠯ᠂ ᠢᠯᠠᠭᠳᠠᠯ᠂ ᠨᠤᠭᠤᠷᠠᠯ ᠪᠠᠢᠬᠤ ᠶ᠋ᠢ ᠪᠡᠶ᠎ᠡ ᠪᠡᠷ ᠲᠤᠭᠤᠯᠵᠤ ᠢᠷᠡᠭᠰᠡᠨ ᠬᠥᠮᠦᠨ ᠪᠦᠬᠦᠨ ᠲᠣᠳᠣᠷᠬᠠᠢ ᠮᠡᠳᠡᠨ᠎ᠡ᠃
ᠬᠥᠮᠦᠨ ᠥᠪᠡᠷ ᠦ᠋ᠨ ᠬᠦᠰᠡᠭᠰᠡᠨ ᠳ᠋ᠡᠭᠡᠨ ᠲᠡᠳᠦᠢ ᠯᠡ ᠠᠮᠠᠷᠬᠠᠨ ᠬᠦᠷᠴᠦ ᠴᠢᠳᠠᠳᠠᠭ ᠦᠭᠡᠢ᠂ ᠲᠡᠢᠮᠦ ᠳ᠋ᠡᠭᠡᠨ ᠴᠦ᠍ ᠲᠡᠷᠡ ᠨᠢ ᠬᠦᠰᠡᠯᠡᠩ ᠪᠠᠢᠳᠠᠭ᠃ ᠭᠡᠬᠦ ᠳ᠋ᠡᠭᠡᠨ ᠬᠦᠰᠡᠯᠡᠩ ᠪᠣᠯ ᠠᠮᠵᠢᠯᠲᠠ ᠣᠯᠬᠤ ᠶ᠋ᠢᠨ ᠡᠬᠢᠨ ᠦ᠌ ᠭᠠᠷᠤᠭ᠎ᠠ᠃ ᠠᠮᠢᠳᠤᠷᠠᠯ᠂ ᠠᠵᠢᠯ ᠣᠶᠢᠯᠠᠰ ᠤ᠋ᠨ ᠬᠠᠷᠠᠯᠲᠠ ᠪᠣᠯᠳᠠᠭ᠃ ᠬᠥᠮᠦᠰ ᠦ᠋ᠨ ᠬᠦᠰᠡᠯᠡᠩ ᠶᠠᠭᠠᠬᠢᠭᠠᠳ ᠥᠭᠡᠷ᠎ᠡ ᠥᠭᠡᠷ᠎ᠡ ᠪᠠᠢᠳᠠᠭ ᠪᠣᠢ ᠭᠡᠪᠡᠯ᠂ ᠬᠦᠰᠡᠯᠡᠩ ᠪᠦᠷᠢ ᠶ᠋ᠢᠨ ᠪᠡᠶᠡᠯᠡᠭᠳᠡᠬᠦ ᠵᠠᠮ ᠨᠢ ᠥᠭᠡᠷ᠎ᠡ ᠥᠭᠡᠷ᠎ᠡ ᠪᠠᠢᠵᠤ᠂ ᠬᠥᠮᠦᠨ ᠪᠦᠷᠢ ᠶ᠋ᠢᠨ ᠰᠣᠩᠭᠣᠭᠰᠠᠨ ᠠᠮᠢᠳᠤᠷᠠᠯ᠂ ᠠᠵᠢᠯ ᠦᠢᠯᠡᠰ ᠦ᠋ᠨ ᠵᠠᠮᠨᠠᠯ ᠣᠨᠳᠣᠣ ᠪᠠᠢᠳᠠᠭ ᠲᠠᠢ ᠬᠣᠯᠪᠣᠭ᠎ᠠ ᠲᠠᠢ᠃ ᠥᠭᠡᠷ᠎ᠡ ᠪᠡᠷ ᠬᠡᠯᠡᠪᠡᠯ ᠬᠦᠰᠡᠯᠡᠩ ᠨᠢ ᠣᠢᠷ᠎ᠠ ᠪᠠᠢᠳᠠᠭ ᠬᠥᠮᠦᠨ ᠦ᠌ ᠵᠠᠮ ᠬᠢᠯᠪᠠᠷ ᠪᠠᠢᠳᠠᠭ ᠪᠣᠯ᠂ ᠬᠦᠰᠡᠯᠡᠩ ᠨᠢ ᠥᠨᠳᠥᠷ ᠪᠠᠢᠳᠠᠭ ᠬᠥᠮᠦᠨ ᠦ᠌ ᠶᠠᠪᠤᠬᠤ ᠵᠠᠮ ᠤᠷᠲᠤ ᠬᠦᠴᠢᠷ ᠪᠠᠢᠳᠠᠭ ᠠᠵᠢ᠃ ᠲᠡᠢᠮᠦ ᠳ᠋ᠡᠭᠡᠨ ᠬᠥᠮᠦᠨ ᠦ᠌ ᠠᠮᠢᠳᠤᠷᠠᠯ ᠤ᠋ᠨ ᠵᠠᠮ ᠬᠦᠴᠢᠷ᠂ ᠬᠢᠯᠪᠠᠷ ᠬᠣᠶᠠᠷ ᠵᠦᠢᠯ ᠳ᠋ᠦ᠍ ᠬᠤᠪᠢᠶᠠᠭᠳᠠᠵᠤ᠂ ᠠᠯᠢᠨ ᠢ᠋ ᠨᠢ ᠰᠣᠩᠭᠣᠬᠤ ᠨᠢ ᠲᠠᠨ ᠤ᠋ ᠠᠵᠢᠯ ᠦᠢᠯᠡᠰ ᠪᠣᠰᠬᠠᠬᠤ ᠵᠣᠷᠢᠭ ᠰᠠᠨᠠᠭᠠᠨ ᠠ᠋ᠴᠠ ᠰᠢᠢᠳᠦᠭᠳᠡᠨ᠎ᠡ᠃ ᠦᠢᠯᠡᠰ ᠪᠣᠰᠬᠠᠬᠤ ᠵᠣᠷᠢᠭ ᠰᠠᠨᠠᠭ᠎ᠠ ᠥᠨᠳᠥᠷ ᠬᠥᠮᠦᠨ ᠬᠦᠴᠢᠷ ᠵᠠᠮ ᠢ᠋ ᠰᠣᠩᠭᠣᠨ ᠢᠯᠡᠭᠦᠦ ᠶᠡᠬᠡ ᠶ᠋ᠢ ᠪᠦᠲᠦᠭᠡᠬᠦ ᠶ᠋ᠢᠨ ᠲᠥᠯᠥᠭᠡ ᠲᠡᠮᠡᠴᠡᠵᠦ ᠴᠢᠳᠠᠳᠠᠭ ᠪᠣᠯ᠂ ᠡᠨᠡᠬᠦ ᠵᠣᠷᠢᠭ ᠰᠠᠨᠠᠭ᠎ᠠ ᠳᠤᠲᠠᠮᠠᠭ ᠬᠥᠮᠦᠨ ᠬᠢᠯᠪᠠᠷ ᠵᠠᠮ ᠢ᠋ ᠰᠣᠩᠭᠣᠵᠤ ᠠᠮᠢᠳᠤᠷᠠᠯ ᠢ᠋ᠶ᠋ᠠᠨ ᠠᠷᠭᠠᠴᠠᠭᠠᠨ ᠲᠡᠳᠦᠢ ᠯᠡ ᠶᠡᠬᠡ ᠠᠮᠵᠢᠯᠲᠠ ᠣᠯᠵᠤ ᠴᠢᠳᠠᠳᠠᠭ ᠦᠭᠡᠢ ᠠᠵᠢ᠃
ᠵᠢᠯ ᠦ᠋ᠨ ᠵᠢᠯ ᠳ᠋ᠦ᠍ ᠮᠠᠯ ᠡᠳ᠋ᠯᠡᠵᠦ᠂ ᠲᠡᠭᠦᠨ ᠦ᠌ ᠪᠡᠨ ᠠᠰᠢᠭ ᠰᠢᠮ᠎ᠡ ᠪᠡᠷ ᠠᠮᠢᠳᠤᠷᠠᠯ ᠤ᠋ᠨ ᠣᠷᠣᠯᠭ᠎ᠠ ᠪᠠᠨ ᠪᠣᠯᠭᠠᠨ ᠪᠠᠢᠭ᠎ᠠ ᠮᠠᠯᠴᠢᠳ ᠶᠠᠮᠠᠷ ᠠᠢᠯ ᠤ᠋ᠨ ᠬᠢᠨᠢ ᠮᠠᠯ ᠲᠠᠷᠭᠤ ᠲᠠᠪᠠ ᠲᠠᠢ᠂ ᠥᠰᠦᠯᠲᠡ ᠲᠦᠷᠭᠡᠨ᠂ ᠠᠰᠢᠭ ᠣᠷᠣᠯᠭ᠎ᠠ ᠥᠨᠳᠥᠷ ᠪᠠᠢᠳᠠᠭ ᠢ᠋ ᠰᠠᠢᠨ ᠮᠡᠳᠡᠨ᠎ᠡ᠃ ᠠᠢᠯ ᠤ᠋ᠨ ᠮᠠᠯ ᠥᠩ ᠲᠡᠢ ᠲᠠᠷᠭᠤᠨ ᠣᠷᠣᠵᠤ ᠪᠠᠢᠨ᠎ᠠ ᠭᠡᠳᠡᠭ ᠪᠣᠯ᠂ ᠵᠥᠪᠬᠡᠨ ᠲᠡᠷᠡ ᠠᠢᠯ ᠤ᠋ᠨ ᠪᠡᠯᠴᠢᠭᠡᠷ ᠰᠠᠢᠨ ᠳ᠋ᠠᠭᠠᠨ ᠪᠢᠰᠢ᠂ ᠬᠠᠷᠢᠨ ᠡᠵᠡᠨ ᠦ᠌ ᠬᠢᠨᠢ ᠡᠷᠲᠡᠯᠡᠵᠦ ᠣᠷᠣᠢᠯᠠᠵᠤ ᠳᠣᠳᠣᠮᠳᠠᠭᠰᠠᠨ ᠳ᠋ᠤ᠌ ᠪᠠᠢᠭ᠎ᠠ ᠶᠤᠮ᠃ ᠲᠡᠢᠮᠦ ᠡᠴᠡ ᠪᠢᠳᠡ ᠥᠪᠡᠷ ᠦ᠋ᠨ ᠰᠣᠩᠭᠤᠩᠰᠠᠨ ᠠᠵᠢᠯ ᠠᠮᠢᠳᠤᠷᠠᠯ ᠤ᠋ᠨ ᠶᠠᠪᠤᠴᠠ ᠳ᠋ᠤ᠌ « ᠠᠩᠭᠠᠢᠵᠤ ᠢᠳᠡᠭᠡᠳ ᠲᠠᠩᠭᠠᠢᠵᠤ ᠬᠡᠪᠲᠡᠬᠦ » ᠪᠢᠰᠢ᠂ ᠬᠠᠷᠢᠨ ᠬᠦᠰᠡᠭᠰᠡᠨ ᠦ᠌ ᠬᠢᠷᠢ ᠪᠡᠷ ᠬᠥᠳᠡᠯᠮᠦᠷᠢᠯᠡᠵᠦ ᠪᠠᠢᠵᠤ᠂ ᠠᠮᠢᠳᠤᠷᠠᠯ ᠤ᠋ᠨ ᠦᠷ᠎ᠡ ᠰᠢᠮ᠎ᠡ ᠶ᠋ᠢ ᠣᠯᠵᠤ ᠠᠪᠳᠠᠭ ᠢ᠋ ᠰᠠᠨᠠᠵᠤ ᠶᠠᠪᠤᠬᠤ ᠨᠢ ᠮᠠᠰᠢ ᠡᠷᠬᠢᠮ᠃ ᠲᠡᠢᠮᠦ ᠤᠴᠢᠷ ᠠ᠋ᠴᠠ ᠮᠠᠨ ᠤ᠋ ᠮᠣᠩᠭᠣᠯᠴᠤᠳ « ᠠᠮᠠᠨ ᠳ᠋ᠤ᠌ ᠣᠷᠣᠲᠠᠯ᠎ᠠ ᠠᠷᠪᠠᠨ ᠳᠠᠪᠠᠭ᠎ᠠ » ᠭᠡᠳᠡᠭ᠃ ᠡᠨᠡ ᠪᠣᠯ ᠶᠠᠭᠤ ᠨᠢᠭᠡ ᠶ᠋ᠢ ᠵᠦᠭᠡᠷ ᠵᠦᠢᠷᠯᠡᠭᠰᠡᠨ ᠪᠢᠰᠢ᠂ ᠬᠠᠷᠢᠨ ᠬᠥᠳᠡᠯᠮᠦᠷᠢ ᠶ᠋ᠢᠨ ᠦᠷ᠎ᠡ ᠪᠦᠲᠦᠭᠡᠯ ᠲᠡᠢᠮᠦ ᠴᠦ᠍ ᠬᠢᠯᠪᠠᠷ ᠪᠣᠢ ᠪᠣᠯᠳᠠᠭ ᠦᠭᠡᠢ ᠶᠣᠮ ᠭᠡᠳᠡᠭ ᠢ᠋ ᠬᠡᠯᠡᠵᠦ ᠦᠯᠡᠳᠡᠭᠡᠭᠰᠡᠨ ᠰᠤᠷᠭᠠᠯ ᠪᠣᠯᠤᠨ᠎ᠠ᠃ ᠶᠠᠭ ᠡᠢᠮᠦ ᠡᠴᠡ ᠠᠵᠢᠯ ᠦᠢᠯᠡᠰ ᠪᠣᠰᠬᠠᠬᠤ ᠳ᠋ᠤ᠌ ᠡᠬᠢᠯᠡᠭᠡᠳ ᠠᠵᠢᠯ ᠦᠢᠯᠡᠰ ᠪᠣᠰᠬᠠᠬᠤ ᠵᠣᠷᠢᠭ ᠰᠠᠨᠠᠭ᠎ᠠ ᠪᠠᠢᠵᠤ᠂ ᠳᠠᠷᠠᠭ᠎ᠠ ᠨᠢ ᠡᠭᠦᠨ ᠦ᠌ ᠪᠡᠨ ᠲᠥᠯᠥᠭᠡ ᠲᠡᠮᠡᠴᠡᠬᠦ ᠬᠥᠳᠡᠯᠮᠦᠷᠢ ᠱᠠᠭᠠᠷᠳᠠᠯᠭ᠎ᠠ ᠲᠠᠢ᠃
ᠠᠵᠢᠯ ᠦᠢᠯᠡᠰ ᠪᠣᠰᠬᠠᠬᠤ ᠵᠠᠮ ᠬᠦᠴᠢᠷ ᠪᠡᠷᠬᠡ ᠲᠡᠢ ᠪᠠᠢᠳᠠᠭ ᠭᠡᠳᠡᠭ ᠢ᠋ ᠪᠢᠳᠡ ᠵᠥᠪᠬᠡᠨ ᠥᠩᠭᠡᠨ ᠲᠠᠯ᠎ᠠ ᠠ᠋ᠴᠠ ᠣᠢᠯᠠᠭᠠᠵᠤ ᠪᠠᠰᠠ ᠪᠣᠯᠬᠤ ᠦᠭᠡᠢ᠃ ᠬᠦᠴᠢᠷ ᠪᠡᠷᠬᠡ᠂ ᠳᠥᠭᠥᠮ ᠬᠢᠯᠪᠠᠷ ᠤ᠋ᠨ ᠢᠯᠭᠠᠭ᠎ᠠ ᠪᠣᠯ ᠵᠥᠪᠬᠡᠨ ᠠᠵᠢᠯ ᠤ᠋ᠨ ᠬᠦᠨᠳᠦ ᠬᠥᠩᠭᠡᠨ ᠦ᠌ ᠵᠥᠷᠢᠶ᠎ᠡ ᠪᠢᠰᠢ᠂ ᠬᠠᠷᠢᠨ ᠠᠵᠢᠯ ᠠᠮᠢᠳᠤᠷᠠᠯ ᠤ᠋ᠨ ᠢ᠋ᠶ᠋ᠠᠨ ᠬᠡᠪᠴᠢᠶᠡᠨ ᠳ᠋ᠦ᠍ ᠵᠣᠷᠢᠭᠲᠠᠢ ᠰᠡᠳᠬᠢᠨ᠂ ᠰᠢᠨ᠎ᠡ ᠠᠷᠭ᠎ᠠ ᠵᠠᠮ ᠢ᠋ ᠡᠷᠢᠯᠬᠢᠯᠡᠨ᠂ ᠲᠡᠭᠦᠨ ᠦ᠌ ᠲᠥᠯᠥᠭᠡ ᠲᠤᠤᠱᠲᠠᠢ ᠲᠡᠮᠡᠴᠡᠵᠦ᠂ ᠶᠡᠬᠡ ᠶ᠋ᠢ ᠪᠦᠲᠦᠭᠡᠬᠦ ᠵᠣᠷᠢᠭ ᠰᠠᠨᠠᠭ᠎ᠠ ᠲᠠᠢ ᠪᠠᠢᠬᠤ ᠡᠰᠡᠬᠦ ᠶ᠋ᠢᠨ ᠢᠯᠭᠠᠭ᠎ᠠ ᠮᠥᠨ᠃ ᠡᠨᠡ ᠨᠢ ᠴᠦ᠍ ᠮᠥᠨ ᠪᠢᠳᠡᠨ ᠦ᠌ ᠥᠨᠥᠳᠥᠷ ᠦ᠋ᠨ ᠶᠠᠷᠢᠬᠤ ᠭᠡᠵᠦ ᠪᠠᠢᠭ᠎ᠠ ᠦᠢᠯᠡᠰ ᠪᠣᠰᠬᠠᠬᠤ ᠵᠣᠷᠢᠭ ᠰᠠᠨᠠᠭ᠎ᠠ ᠪᠣᠯᠤᠨ᠎ᠠ᠃
ᠦᠰᠦᠭ ᠬᠥᠷᠪᠡᠭᠦᠯᠦᠭᠴᠢ ᠄ ᠤᠷᠢᠶᠠᠩᠬᠠᠢ ᠨᠠᠷᠠᠨᠮᠠᠨᠳᠠ
