ᠥᠭᠡᠯᠦᠨ – ᠠᠷᠭ᠎ᠠ ᠦᠭᠡᠢ ᠶ᠋ᠢᠨ ᠡᠷᠬᠡᠨ ᠳ᠋ᠦ᠍ ᠠᠯᠠᠭᠤᠷᠴᠢ - ᠴᠢᠩᠭᠢᠰ ᠬᠠᠭᠠᠨ ᠊ᠤ᠌ ᠨᠢᠭᠤᠴᠠ ᠲᠡᠦᠬᠡ 11 Өөлөн – Аргагүйн эрхэнд алуурч - Чингис хаан оо нууц түүх 11 ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠭᠡᠯᠦᠨ – ᠠᠷᠭ᠎ᠠ ᠦᠭᠡᠢ ᠶ᠋ᠢᠨ ᠡᠷᠬᠡᠨ ᠳ᠋ᠦ᠍ ᠠᠯᠠᠭᠤᠷᠴᠢ - ᠴᠢᠩᠭᠢᠰ ᠬᠠᠭᠠᠨ ᠊ᠤ᠌ ᠨᠢᠭᠤᠴᠠ ᠲᠡᠦᠬᠡ 11 Өөлөн – Аргагүйн эрхэнд алуурч - Чингис хаан оо нууц түүх 11

ᠥᠭᠡᠯᠦᠨ – ᠠᠷᠭ᠎ᠠ ᠦᠭᠡᠢ ᠶ᠋ᠢᠨ ᠡᠷᠬᠡᠨ ᠳ᠋ᠦ᠍ ᠠᠯᠠᠭᠤᠷᠴᠢ - ᠴᠢᠩᠭᠢᠰ ᠬᠠᠭᠠᠨ ᠊ᠤ᠌ ᠨᠢᠭᠤᠴᠠ ᠲᠡᠦᠬᠡ 11 Өөлөн – Аргагүйн эрхэнд алуурч - Чингис хаан оо нууц түүх 11

ᠠᠩᠭᠢᠯᠠᠯ:ᠲᠡᠦᠬᠡ ᠰᠣᠶᠣᠯ
2025-08-03

217

ᠥᠭᠡᠯᠦᠨ ——

ᠠᠷᠭ᠎ᠠ ᠦᠭᠡᠢ ᠶ᠋ᠢᠨ ᠡᠷᠬᠡᠨ  ᠳ᠋ᠦ᠍ ᠠᠯᠠᠭᠤᠷᠴᠢ


       ᠠᠶᠠᠨᠰᠢᠵᠤ ᠲᠤᠢᠯᠳᠠᠭᠰᠠᠨ ᠮᠣᠷᠢᠲᠠᠢ᠂ ᠠᠩᠭᠠᠵᠤ ᠤᠮᠳᠠᠭᠠᠰᠤᠭᠰᠠᠨ ᠴᠢᠷᠠᠢ ᠲᠠᠢ ᠨᠢᠭᠡᠨ ᠡᠷ᠎ᠡ ᠭᠥᠷᠦᠭᠡᠰᠦᠨ ᠦ᠌ ᠵᠢᠮ ᠳ᠋ᠡᠭᠡᠨ ᠪᠠᠯᠠᠷ ᠣᠢ ᠶ᠋ᠢᠨ ᠳᠤᠮᠳᠠᠭᠤᠷ ᠬᠡᠯᠲᠦᠷᠢᠭᠦᠯᠵᠦ ᠶᠠᠪᠤᠯ᠎ᠠ᠃ ᠲᠡᠷᠡ ᠡᠷ᠎ᠡ ᠲᠣᠯᠣᠭᠠᠢ ᠤᠨᠵᠢᠭᠤᠯᠤᠨ ᠡᠨᠡ ᠣᠷᠴᠢᠯᠠᠩ ᠤ᠋ᠨ ᠡᠷᠢᠶᠡᠨ ᠪᠠᠷᠠᠭᠠᠨ ᠠᠮᠢᠳᠤᠷᠠᠯ ᠥᠪᠡᠷ ᠲᠦ᠋ᠨᠢ ᠣᠭᠲᠣ ᠬᠠᠮᠢᠶ᠎ᠠ ᠦᠭᠡᠢ ᠮᠡᠲᠦ᠂ ᠪᠠᠰᠠ ᠮᠣᠷᠢᠨ ᠤ᠋ ᠶᠠᠪᠤᠳᠠᠯ ᠳ᠋ᠤ᠌ ᠲᠠᠭ ᠤᠨᠲᠠᠭᠰᠠᠨ ᠮᠡᠲᠦ ᠶᠠᠪᠤᠭᠰᠠᠨ ᠢ᠋ᠶ᠋ᠠᠨ ᠭᠡᠨᠡᠳᠲᠡ ᠰᠣᠴᠢᠨ ᠥᠨᠳᠡᠢᠵᠦ᠂ ᠮᠣᠷᠢᠨ ᠤ᠋ ᠠᠮᠠ ᠶ᠋ᠢ ᠲᠡᠳᠡᠨ ᠵᠣᠭᠰᠣᠯ᠎ᠠ᠃ ᠡᠴᠡᠭᠰᠡᠨ ᠮᠣᠷᠢᠨ ᠤ᠋ ᠪᠠᠭᠤᠭᠰᠠᠨ ᠴᠢᠬᠢ ᠰᠣᠯᠪᠢᠨ ᠬᠠᠢᠴᠢᠯᠠᠵᠤ ᠡᠵᠡᠨ ᠦ᠌ ᠠᠳᠠᠯᠢ ᠴᠢᠮᠡᠭᠡᠷᠭᠡᠨ ᠴᠢᠩᠨᠠᠨ᠎ᠠ᠃ ᠦᠨᠡᠬᠡᠷ ᠮᠣᠳᠣᠨ ᠳᠣᠲᠣᠷ᠎ᠠ ᠬᠥᠮᠦᠨ ᠬᠠᠰᠬᠢᠷᠬᠤ ᠰᠣᠨᠣᠰᠤᠭᠳᠠᠭᠰᠠᠨ ᠠᠵᠢ᠃ ᠭᠡᠪᠡᠴᠦ ᠡᠨᠡ ᠶᠡᠬᠡ ᠪᠠᠯᠠᠷ ᠶᠡᠬᠡ ᠬᠥᠪᠴᠢ ᠶ᠋ᠢᠨ ᠶᠠᠭ ᠬᠠᠮᠢᠭ᠎ᠠ ᠨᠢ ᠬᠠᠰᠬᠢᠷᠴᠤ ᠪᠠᠢᠭ᠎ᠠ ᠶ᠋ᠢ ᠢᠯᠭᠠᠨ ᠮᠡᠳᠡᠬᠦ ᠠᠷᠭ᠎ᠠ ᠦᠭᠡᠢ᠃ ᠶᠠᠭᠤᠲᠠᠢ ᠴᠤ᠌ ᠬᠥᠮᠦᠨ ᠦ᠌ ᠳᠠᠭᠤ ᠰᠣᠨᠣᠰᠤᠭᠰᠠᠨ ᠳ᠋ᠠᠭᠠᠨ ᠲᠡᠷᠡ ᠪᠡᠶᠡᠰᠦᠨ ᠰᠡᠷᠭᠦᠵᠡᠢ᠃ ᠮᠣᠷᠢ ᠨᠢ ᠴᠦ᠍ ᠤᠷᠮ᠎ᠠ ᠲᠠᠢ ᠪᠣᠯᠵᠤ ᠬᠦᠴᠦ ᠪᠢᠷ᠎ᠠ ᠨᠡᠮᠡᠭᠰᠡᠨ ᠮᠡᠲᠦ ᠤᠬᠤᠰᠬᠢᠨ ᠱᠣᠭᠰᠢᠯ᠎ᠠ᠃ ᠡᠭᠦᠨ ᠢ ᠦᠵᠡᠬᠦ ᠳ᠋ᠦ᠍ ᠬᠥᠮᠦᠨ ᠮᠣᠷᠢ ᠬᠣᠶᠠᠷ ᠶᠠᠮᠠᠷ ᠴᠤ᠌ ᠪᠣᠯᠪᠠ ᠦᠬᠦᠬᠦ ᠬᠡ ᠥᠬᠡᠢ᠂ ᠠᠮᠢᠳᠤᠷᠠᠬᠤ ᠭᠡᠵᠦ ᠵᠣᠷᠢᠵᠤ ᠲᠡᠮᠡᠴᠡᠵᠦ ᠶᠠᠪᠤᠭ᠎ᠠ ᠨᠢ ᠢᠯᠡᠳᠲᠡ ᠠᠵᠢ᠃ ᠤᠳᠠᠯ ᠦᠭᠡᠢ ᠤᠲᠤᠭ᠎ᠠ ᠦᠨᠦᠷᠲᠦᠵᠦ᠂ ᠨᠣᠬᠠᠢ ᠬᠤᠴᠠᠬᠤ ᠰᠢᠭ᠋ ᠰᠣᠨᠣᠰᠲᠠᠯ᠎ᠠ᠃ ᠭᠣᠣᠯ ᠤ᠋ᠨ ᠨᠠᠮᠤᠭ ᠤᠷᠤᠭᠤ ᠲᠦᠷᠢᠵᠦ ᠣᠷᠣᠭᠰᠠᠨ ᠬᠣᠰᠢᠭᠤ ᠮᠣᠳᠣ ᠶ᠋ᠢ ᠨᠡᠪᠲᠡᠯᠦᠨ ᠭᠠᠷᠬᠤ ᠳ᠋ᠤ᠌ ᠬᠣᠯᠠ ᠦᠭᠡᠢ ᠣᠢ ᠶ᠋ᠢᠨ ᠴᠤᠭᠤᠷᠬᠠᠢ ᠳ᠋ᠤ᠌ ᠬᠥᠮᠦᠨ ᠦ᠌ ᠨᠢᠳᠦᠨ ᠡᠴᠡ ᠨᠢᠭᠤᠭᠳᠠᠭᠤᠯᠦᠨ ᠪᠠᠷᠢᠭᠰᠠᠨ ᠬᠡᠳᠦᠨ ᠭᠡᠷ ᠦᠵᠡᠭᠳᠡᠯ᠎ᠡ᠃ ᠡᠨᠡ ᠪᠣᠯ ᠲᠡᠮᠦᠵᠢᠨ ᠢ ᠲᠠᠢᠴᠢᠭᠤᠳ ᠪᠠᠷᠢᠵᠤ ᠶᠠᠪᠤᠭᠰᠠᠨ ᠠ᠋ᠴᠠ ᠬᠣᠢᠰᠢ ᠲᠡᠳᠡᠨ ᠦ᠌ ᠳᠠᠬᠢᠨ ᠳᠣᠪᠲᠣᠯᠤᠨ ᠢᠷᠡᠬᠦ ᠡᠴᠡ ᠰᠡᠷᠭᠡᠢᠯᠡᠨ ᠨᠡᠭᠦᠵᠦ ᠢᠷᠡᠭᠡᠳ ᠪᠠᠢᠭᠰᠠᠨ ᠥᠭᠡᠯᠦᠨ ᠦ᠌ ᠬᠢ ᠪᠠᠢᠪᠠ᠃ ᠬᠥᠪᠡᠭᠦᠳ ᠠᠩ ᠬᠢᠬᠦ ᠪᠡᠷ ᠶᠠᠪᠤᠭᠠᠳ ᠭᠡᠷ ᠲᠦ᠍ ᠭᠠᠭᠴᠠᠬᠠᠨ ᠥᠭᠡᠯᠦᠨ᠂ ᠲᠡᠮᠦᠯᠦᠨ ᠥᠬᠢᠨ ᠦ᠌ ᠬᠠᠮᠲᠤ ᠦᠯᠡᠳᠡᠵᠡᠢ᠃ ᠬᠠᠷᠢᠨ ᠰᠣᠴᠢᠭᠠᠯ ᠭᠣᠭᠣᠳ ᠲᠡᠭᠦᠬᠦ ᠪᠡᠷ ᠣᠳᠴᠠᠢ᠃ ᠣᠢ ᠶ᠋ᠢᠨ ᠵᠠᠬ᠎ᠠ ᠠ᠋ᠴᠠ ᠭᠡᠨᠡᠳᠲᠡ ᠭᠠᠷᠴᠤ ᠢᠷᠡᠭᠰᠡᠨ ᠦᠯᠦ ᠲᠠᠨᠢᠬᠤ ᠬᠥᠮᠦᠨ ᠢ ᠦᠵᠡᠮᠡᠭᠴᠡ ᠨᠣᠬᠠᠳ ᠬᠤᠴᠠᠨ ᠳᠠᠪᠬᠢᠵᠤ ᠣᠳᠬᠤ ᠳ᠋ᠤ᠌ ᠥᠭᠡᠯᠦᠨ ᠭᠠᠷᠴᠤ ᠢᠷᠡᠪᠡ᠃ ᠡᠨᠡ ᠡᠵᠡᠭᠦᠢ ᠪᠣᠢᠳᠠ ᠭᠠᠵᠠᠷ ᠲᠤ᠌ ᠭᠡᠨᠡᠳᠲᠡ ᠬᠥᠮᠦᠨ ᠢᠷᠡᠭᠰᠡᠨ ᠨᠢ ᠥᠭᠡᠯᠦᠨ ᠢ ᠠᠶᠤᠯᠭᠠᠵᠤ ᠰᠣᠴᠢᠭᠠᠪᠠ᠃ ᠶᠠᠳᠠᠵᠤ ᠬᠠᠰᠠᠷ ᠪᠡᠯᠭᠦᠳᠡᠢ ᠬᠣᠶᠠᠷ ᠪᠠᠢᠬᠤ ᠦᠭᠡᠢ ᠨᠢ ᠪᠦᠷ ᠴᠦ᠍ ᠳᠦᠭᠰᠢᠭᠡᠯ᠎ᠡ᠃ ᠲᠡᠮᠦᠵᠢᠨ ᠬᠥᠪᠡᠭᠦᠨ ᠢ ᠨᠢ ᠲᠠᠢᠴᠢᠭᠤᠳ ᠳᠣᠪᠲᠣᠯᠤᠨ ᠪᠠᠷᠢᠵᠤ ᠣᠳᠤᠭᠰᠠᠨ ᠠ᠋ᠴᠠ ᠬᠣᠢᠰᠢ ᠥᠨᠥᠴᠢᠨ ᠬᠥᠪᠡᠭᠦᠨ ᠨᠢ ᠠᠮᠢ ᠠᠯᠳᠠᠬᠤ ᠠᠶᠤᠯ ᠨᠢᠭᠤᠷ ᠲᠤᠯᠤᠭᠰᠠᠨ ᠢ ᠭᠦᠨᠵᠡᠭᠡᠢ ᠣᠢᠯᠠᠭᠠᠭᠰᠠᠨ ᠥᠭᠡᠯᠦᠨ ᠢᠩᠭᠢᠵᠦ ᠰᠡᠵᠢᠭᠯᠡᠨ ᠠᠶᠤᠯ᠎ᠠ᠃ ᠮᠣᠷᠢ ᠬᠥᠮᠦᠨ ᠬᠣᠶᠠᠷ ᠡᠪᠦᠳᠦᠭ ᠢ ᠨᠢ ᠡᠮᠬᠦᠬᠦ ᠰᠢᠬᠠᠮ ᠦᠰᠦᠴᠢᠨ ᠪᠣᠷᠭᠣᠬᠤ ᠨᠣᠬᠠᠳ ᠠ᠋ᠴᠠ ᠶᠡᠷᠦ ᠰᠣᠴᠢᠭᠰᠠᠨ ᠶᠠᠩᠵᠤ ᠦᠭᠡᠢ ᠬᠡᠯᠲᠦᠷᠢᠬᠦ ᠨᠢ ᠲᠤᠢᠯᠳᠠᠵᠤ ᠶᠠᠳᠠᠷᠠᠭᠰᠠᠨ ᠤ᠋ ᠬᠢ ᠭᠡᠳᠡᠭ ᠢ ᠥᠭᠡᠯᠦᠨ ᠮᠡᠳᠡᠭᠡᠳ ᠠᠰᠢᠭᠦᠢ ᠪᠠᠭ᠎ᠠ ᠪᠣᠯᠪᠠᠴᠤ ᠲᠠᠢᠪᠤᠰᠢᠷᠠᠪᠠ᠃ ᠭᠡᠪᠡᠴᠦ ᠬᠠᠨᠴᠤᠢ ᠳ᠋ᠤ᠌ ᠨᠢᠭᠤᠭᠰᠠᠨ ᠬᠢᠲᠤᠭ᠎ᠠ ᠪᠠᠨ ᠠᠪᠤᠭᠰᠠᠨ ᠦᠭᠡᠢ ᠤᠶᠠᠭᠠᠨ ᠤ᠋ ᠳᠡᠷᠭᠡᠳᠡ ᠬᠦᠯᠢᠶᠡᠯ᠎ᠡ᠃ ᠤᠶᠠᠭᠠᠨ ᠤ᠋ ᠱᠣᠩ ᠲᠦᠰᠢᠭᠦᠯᠦᠨ ᠲᠠᠯᠪᠢᠭᠰᠠᠨ ᠮᠤᠨᠠ ᠴᠤ᠌ ᠣᠢᠷᠠᠬᠠᠨ ᠦᠵᠡᠭᠳᠡᠪᠡ᠃ ᠥᠨᠥᠬᠢ ᠮᠣᠷᠢᠲᠠᠨ ᠬᠡᠯᠲᠦᠷᠢᠭᠦᠯᠦᠨ ᠳᠥᠭᠥᠵᠦ ᠢᠷᠡᠭᠡᠳ ᠲᠣᠯᠣᠭᠠᠢ ᠡᠷᠭᠦᠨ ᠲᠡᠭᠦᠨ ᠢ ᠬᠠᠷᠠᠭᠰᠠᠨ ᠢ᠋ᠶ᠋ᠠᠨ ᠭᠡᠨᠡᠳᠲᠡ ᠰᠢᠲᠦ ᠭᠡᠷᠡᠯᠲᠦᠭᠦᠯᠦᠨ ᠢᠨᠢᠶᠡᠮᠰᠦᠭᠯᠡᠬᠦ ᠳ᠋ᠦ᠍ᠨᠢ ᠥᠭᠡᠯᠦᠨ ᠦ᠌ ᠨᠢᠷᠤᠭᠤ ᠬᠣᠲᠤᠰᠬᠢᠨ ᠰᠣᠴᠢᠵᠤ ᠥᠪᠡᠷ ᠦ᠋ᠨ ᠡᠷᠬᠡ ᠦᠭᠡᠢ ᠳᠠᠭᠤ ᠠᠯᠳᠠᠯ᠎ᠠ᠃ ᠲᠡᠷᠡ ᠠᠨᠳᠠᠭᠤᠷᠠᠭᠰᠠᠨ ᠦᠭᠡᠢ᠂ ᠡᠨᠡ ᠠᠶᠠᠨᠰᠢᠵᠤ ᠬᠠᠷᠠᠯᠠᠭᠰᠠᠨ ᠴᠢᠷᠠᠢ ᠲᠠᠢ ᠥᠭᠡᠷᠡᠰᠢᠵᠦ ᠭᠠᠩᠳᠠᠭᠰᠠᠨ ᠳᠡᠪᠡᠯ ᠲᠡᠢ ᠬᠥᠮᠦᠨ ᠪᠣᠯ ᠥᠭᠡᠷ᠎ᠡ ᠬᠡᠨ ᠴᠦ᠍ ᠪᠢᠰᠢ᠂ ᠠᠷᠪᠠᠨ ᠬᠡᠳᠦᠨ ᠵᠢᠯ ᠦ᠋ᠨ ᠡᠮᠦᠨ᠎ᠡ ᠶᠢᠰᠦᠭᠡᠢ ᠡᠴᠡ ᠠᠶᠤᠨ ᠵᠢᠭᠤᠲᠠᠵᠤ ᠣᠳᠤᠭᠰᠠᠨ ᠡᠷ᠎ᠡ ᠴᠢᠯᠡᠳᠦ ᠨᠢ ᠳᠦᠷᠢ ᠪᠡᠷ ᠮᠥᠨ ᠪᠠᠢᠪᠠ᠃  
       — ᠴᠢᠯᠡᠳᠦ᠁ ᠴᠢ ᠮᠥᠨ ᠤᠤ ᠭᠡᠵᠦ ᠥᠭᠡᠯᠦᠨ ᠥᠪᠡᠷ ᠦ᠋ᠨ ᠡᠷᠬᠡ ᠦᠭᠡᠢ ᠰᠢᠪᠡᠨᠡᠭᠡᠳ ᠠᠶᠤᠭᠰᠠᠨ ᠮᠡᠲᠦ ᠬᠣᠢᠰᠢ ᠤᠬᠤᠷᠢᠪᠠ᠃ 
       — ᠲᠡᠢᠮᠦ ᠠ᠋᠂ ᠥᠭᠡᠯᠦᠨ᠂ ᠪᠢ ᠴᠢᠯᠡᠳᠦ ᠪᠠᠢᠨ᠎ᠠ᠃ ᠪᠢ ᠴᠢᠮᠠᠶ᠋ᠢ ᠣᠯᠬᠤ ᠭᠡᠵᠦ ᠡᠨᠡ ᠶᠡᠬᠡ ᠠᠭᠤᠯᠠ ᠶ᠋ᠢᠨ ᠰᠤᠭᠤ ᠵᠢᠯᠠᠭ᠎ᠠ ᠪᠣᠯᠭᠠᠨ ᠢ᠋ ᠨᠡᠩᠵᠢᠵᠦ ᠢᠷᠡᠯ᠎ᠡ᠃  
       ᠴᠢᠯᠡᠳᠦ ᠮᠣᠷᠢᠨ ᠠ᠋ᠴᠠ ᠪᠠᠭᠤᠬᠤ ᠭᠡᠳ ᠵᠦᠭᠡᠷ ᠯᠡ ᠤᠭᠤᠲᠠ ᠲᠠᠢ ᠤᠩᠭᠠᠰᠤ ᠰᠢᠭ᠋ ᠭᠠᠵᠠᠷ ᠬᠥᠯᠪᠡᠷᠢᠨ ᠤᠨᠠᠪᠠ᠃ ᠲᠡᠭᠦᠨ ᠳ᠋ᠦ᠍ ᠬᠥᠯ ᠳᠡᠭᠡᠷ᠎ᠡ ᠪᠡᠨ ᠵᠣᠭᠰᠣᠬᠤ ᠲᠡᠩᠬᠡᠭᠡ ᠦᠯᠡᠳᠡᠭᠰᠡᠨ ᠦᠭᠡᠢ᠃ ᠥᠭᠡᠯᠦᠨ ᠲᠡᠭᠦᠨ ᠢ᠋ ᠭᠥᠯᠢᠷᠡᠨ ᠰᠢᠷᠳᠡᠭᠰᠡᠭᠡᠷ ᠳᠡᠷᠭᠡᠳᠡ ᠨᠢ ᠰᠥᠬᠥᠷᠡᠨ ᠰᠠᠭᠤᠪᠠ᠃ ᠲᠡᠷᠡ ᠶᠠᠭᠠᠬᠢᠬᠤ ᠭᠡᠵᠦ ᠢᠷᠡᠪᠡ ᠭᠡᠵᠦ ᠬᠠᠮᠤᠭ ᠤ᠋ᠨ ᠲᠦᠷᠦᠭᠦᠨ ᠳ᠋ᠦ᠍ ᠪᠣᠳᠣᠵᠠᠢ᠃ ᠬᠠᠷᠢᠨ ᠴᠢᠯᠡᠳᠦ ᠥᠲᠡᠯᠬᠦ ᠶᠠᠩᠵᠤ ᠣᠷᠣᠵᠤ ᠤᠯᠠᠮ ᠴᠦ᠍ ᠰᠦᠷᠯᠢᠭ ᠬᠠᠩᠬᠠᠷ ᠪᠣᠯᠵᠠᠢ᠃ ᠭᠠᠭᠴᠠᠬᠠᠨ ᠵᠥᠭᠡᠯᠡᠨ ᠤᠷᠢᠨ ᠬᠠᠷᠠᠴᠠ ᠨᠢ ᠯᠡ ᠥᠭᠡᠷᠡᠴᠢᠯᠡᠭᠳᠡᠭᠰᠡᠨ ᠦᠭᠡᠢ᠃ ᠦᠳᠡᠰᠢ ᠪᠣᠯᠵᠤ ᠠᠩ ᠠ᠋ᠴᠠ ᠢᠷᠡᠭᠰᠡᠨ ᠬᠠᠰᠠᠷ ᠪᠡᠯᠭᠦᠳᠡᠢ ᠬᠣᠶᠠᠷ ᠲᠠᠨᠢᠬᠤ ᠦᠭᠡᠢ ᠬᠥᠮᠦᠨ ᠢ᠋ ᠭᠢᠯᠠᠯᠵᠠᠨ ᠰᠡᠵᠢᠭᠲᠡᠢ ᠪᠡᠷ ᠣᠷᠣᠵᠤ ᠭᠠᠷᠬᠤ ᠨᠢ ᠲᠡᠳᠡᠨ ᠢ᠋ ᠲᠤᠬᠠᠲᠠᠢ ᠶᠠᠷᠢᠭᠤᠯᠬᠤ ᠦᠭᠡᠢ ᠪᠠᠢᠯ᠎ᠠ᠃ ᠴᠢᠯᠡᠳᠦ ᠶᠠᠷᠢᠬᠤ ᠶᠠᠭᠤᠮ᠎ᠠ ᠶᠡᠬᠡ ᠯᠡ ᠪᠠᠢᠭ᠎ᠠ ᠪᠣᠯᠤᠯᠲᠠᠢ ᠲᠦᠭ ᠶᠠᠭ ᠬᠢᠵᠦ ᠬᠡᠦᠬᠡᠳ ᠦ᠋ᠳ ᠢ᠋ ᠬᠠᠷᠠᠵᠤ ᠰᠠᠭᠤᠨ᠎ᠠ᠃ ᠡᠭᠦᠨ ᠢ᠋ ᠴᠦ᠍ ᠥᠭᠡᠯᠦᠨ ᠣᠢᠯᠠᠭᠠᠵᠤ ᠬᠥᠪᠡᠭᠦᠳ ᠢ᠋《ᠬᠣᠢᠲᠤ ᠭᠡᠷ ᠲᠦ᠍ ᠣᠷᠣ》 ᠭᠡᠵᠦ ᠭᠠᠷᠭᠠᠭᠰᠠᠨ ᠤ᠋ ᠳᠠᠷᠠᠭ᠎ᠠ ᠲᠡᠳᠡ ᠭᠠᠯ ᠤ᠋ᠨ ᠬᠣᠶᠠᠷ ᠲᠠᠯ᠎ᠠ ᠳ᠋ᠤ᠌ ᠪᠡᠶ᠎ᠡ ᠪᠡᠶ᠎ᠡ ᠶ᠋ᠢ ᠰᠢᠷᠲᠡᠨ ᠬᠣᠴᠣᠷᠪᠠ᠃  
       — ᠴᠢ ᠶᠠᠭᠠᠬᠢᠬᠤ ᠭᠡᠵᠦ ᠢᠷᠡᠪᠡ?   
       ᠴᠢᠯᠡᠳᠦ ᠶ᠋ᠢ ᠠᠩᠬ᠎ᠠ ᠲᠠᠨᠢᠮᠠᠭᠴᠠ ᠲᠦᠭᠰᠢᠨ ᠪᠣᠳᠣᠭᠰᠠᠨ ᠵᠦᠢᠯ ᠢ᠋ᠶ᠋ᠡᠨ ᠰᠠᠶᠢ ᠯᠠ ᠠᠰᠠᠭᠤᠵᠤ ᠥᠭᠡᠯᠦᠨ ᠦ᠌ ᠰᠠᠨᠠᠭ᠎ᠠ ᠠᠮᠠᠷᠠᠵᠠᠢ᠃ ᠴᠢᠯᠡᠳᠦ ᠴᠦ᠍ ᠡᠢᠮᠦ ᠠᠰᠠᠭᠤᠯᠲᠠ ᠬᠦᠯᠢᠶᠡᠵᠦ ᠪᠠᠢᠭᠰᠠᠨ ᠲᠤᠯᠠ ᠬᠠᠷᠢᠭᠤᠯᠬᠤ ᠭᠡᠵᠦ ᠶᠠᠭᠠᠷᠠᠭᠰᠠᠨ ᠦᠭᠡᠢ᠃ ᠰᠢᠷ᠎ᠠ ᠲᠣᠰᠣ ᠰᠠᠮᠤᠷᠤᠨ ᠬᠠᠯᠠᠭᠠᠵᠤ ᠥᠭᠭᠦᠭᠰᠡᠨ ᠠᠷᠢᠬᠢᠨ ᠳ᠋ᠤ᠌ ᠲᠣᠯᠣᠭᠠᠢ ᠨᠢ ᠡᠷᠭᠢᠵᠦ ᠨᠣᠢᠷ ᠨᠢ ᠬᠦᠷᠴᠦ ᠰᠠᠭᠤᠵᠠᠢ᠃ ᠭᠡᠪᠡᠴᠦ ᠥᠭᠡᠯᠦᠨ ᠦ᠌ ᠰᠣᠴᠢᠮᠠᠭ ᠠᠰᠠᠭᠤᠯᠲᠠ ᠴᠢᠯᠡᠳᠦ ᠶ᠋ᠢ ᠰᠡᠷᠡᠭᠡᠪᠡ᠃ ᠠᠮᠠᠷᠠᠭ ᠵᠠᠯᠠᠭᠤ ᠨᠠᠰᠤᠨ ᠤ᠋ ᠡᠳᠦᠷ ᠦ᠋ᠳ ᠥᠪᠡᠷ ᠦ᠋ᠨ ᠡᠷᠬᠡ ᠦᠭᠡᠢ ᠳᠤᠷᠠᠰᠤᠭᠳᠠᠨ ᠨᠢᠳᠦᠨ᠎ᠡ ᠦᠵᠡᠭᠳᠡᠬᠦ ᠠᠵᠢ᠃ ᠠᠩᠭᠢᠷ ᠬᠣᠩᠭᠣᠷ ᠵᠢᠰᠦ ᠲᠡᠢ ᠥᠭᠡᠯᠦᠨ ᠢ᠋ ᠭᠡᠷᠭᠡᠢ ᠪᠣᠯᠭᠠᠨ ᠠᠪᠤᠭᠠᠳ ᠬᠡᠨ ᠢ᠋ ᠴᠦ᠍ ᠦᠯᠦ ᠳᠠᠭᠠᠭᠤᠯᠤᠨ ᠭᠡᠷ ᠬᠦᠷᠢᠶ᠎ᠡ ᠪᠡᠨ ᠵᠣᠷᠢᠭᠰᠠᠨ ᠵᠤᠨ ᠤ᠋ ᠨᠠᠢᠷᠲᠠᠢ ᠡᠳᠦᠷ ᠰᠠᠨᠠᠭᠳᠠᠨ᠎ᠠ᠃ ᠶᠠᠭᠤ ᠨᠢ ᠴᠦ᠍ ᠭᠡᠨᠡᠨ ᠲᠣᠮᠣᠭ᠎ᠠ ᠦᠭᠡᠢ ᠶᠠᠪᠤᠳᠠᠯ ᠪᠠᠢᠪᠠ᠃ ᠶᠠᠳᠠᠵᠤ ᠠᠬ᠎ᠠ ᠳᠡᠭᠦᠦ ᠪᠡᠨ ᠳᠠᠭᠤᠳᠠᠨ ᠳᠠᠭᠠᠭᠤᠯᠤᠭᠰᠠᠨ ᠪᠣᠯ ᠶᠢᠰᠦᠭᠡᠢ ᠳ᠋ᠦ᠍ ᠲᠡᠢᠮᠦ ᠴᠦ᠍ ᠠᠮᠠᠷ ᠪᠤᠯᠢᠶᠠᠭᠳᠠᠬᠤ ᠦᠭᠡᠢ ᠪᠠᠢᠭᠰᠠᠨ ᠳᠠ ᠭᠡᠵᠦ ᠴᠢᠯᠡᠳᠦ ᠣᠳᠣ ᠬᠦᠷᠲᠡᠯ᠎ᠡ ᠭᠣᠣᠯ ᠢ᠋ᠶ᠋ᠠᠨ ᠲᠠᠰᠤᠷᠠᠲᠠᠯ᠎ᠠ ᠬᠠᠷᠠᠮᠰᠠᠨ ᠪᠣᠳᠣᠳᠠᠭ ᠪᠥᠯᠥᠭᠡ᠃ ᠥᠭᠡᠯᠦᠨ ᠨᠠᠰᠤ ᠪᠡᠶ᠎ᠡ ᠭᠦᠢᠴᠡᠵᠦ ᠨᠠᠮᠪᠠ ᠲᠥᠷᠬᠦ ᠨᠡᠮᠡᠭᠡᠳ ᠤᠯᠠᠮ ᠴᠦ᠍ ᠬᠦᠰᠡᠯᠡᠩᠲᠡᠢ ᠦᠵᠡᠰᠬᠦᠯᠡᠩᠲᠡᠢ ᠦᠵᠡᠭᠳᠡᠬᠦ ᠳ᠋ᠦ᠍ ᠡᠨᠡ ᠬᠠᠷᠠᠭᠤᠰᠤᠯ ᠤᠯᠠᠮ ᠭᠦᠨᠵᠡᠭᠡᠢᠷᠡᠨ᠎ᠡ᠃ 
       — ᠪᠢ ᠴᠢᠮᠠᠶ᠋ᠢ ᠦᠵᠡᠬᠦ ᠪᠡᠷ ᠢᠷᠡᠪᠡ᠃   
       ᠴᠢᠯᠡᠳᠦ ᠶ᠋ᠢ ᠡᠢᠨ ᠵᠥᠭᠡᠯᠡᠨ ᠬᠡᠯᠡᠬᠦ ᠳ᠋ᠦ᠍ ᠥᠭᠡᠯᠦᠨ ᠲᠡᠭᠦᠨ ᠢ᠋ ᠰᠡᠳᠬᠢᠯ ᠦ᠋ᠨ ᠤᠭ ᠲᠤ ᠮᠠᠷᠲᠠᠭ᠎ᠠ ᠦᠭᠡᠢ ᠥᠨᠥ ᠶ᠋ᠢ ᠬᠦᠷᠲᠡᠯ᠎ᠡ ᠦᠭᠡᠢᠯᠡᠨ ᠰᠠᠨᠠᠭᠰᠠᠭᠠᠷ ᠶᠠᠪᠤᠭᠰᠠᠨ ᠢ᠋ᠶ᠋ᠠᠨ ᠮᠡᠳᠡᠷᠡᠯ᠎ᠡ᠃ ᠴᠢᠯᠡᠳᠦ ᠶ᠋ᠢᠨ ᠡᠨᠡ ᠦᠭᠡᠨ ᠳ᠋ᠦ᠍ ᠰᠡᠳᠬᠢᠯ ᠨᠢ ᠤᠴᠢᠷ ᠦᠭᠡᠢ ᠳᠣᠭᠳᠣᠯᠤᠨ ᠴᠡᠴᠡᠷᠡᠵᠦ ᠨᠢᠯᠪᠤᠰᠤ ᠠᠰᠬᠠᠷᠠᠵᠠᠢ᠃ ᠴᠢᠯᠡᠳᠦ ᠲᠡᠭᠦᠨ ᠦ᠌ ᠨᠢᠯᠪᠤᠰᠤ ᠶ᠋ᠢ ᠦᠵᠡᠮᠡᠭᠴᠡ ᠳᠠᠷᠤᠢ ᠪᠣᠰᠤᠨ ᠢᠷᠡᠵᠦ ᠳᠡᠷᠭᠡᠳᠡ ᠨᠢ ᠰᠠᠭᠤᠵᠤ ᠲᠡᠪᠡᠷᠢᠨ ᠠᠪᠤᠪᠠ᠃ ᠥᠭᠡᠯᠦᠨ ᠬᠥᠳᠡᠯᠵᠦ ᠪᠣᠰᠴᠤ ᠴᠢᠳᠠᠭᠰᠠᠨ ᠦᠭᠡᠢ᠃ ᠥᠭᠡᠯᠦᠨ ᠬᠣᠷᠣᠮ ᠤ᠋ᠨ ᠵᠠᠭᠤᠷ᠎ᠠ ᠤᠬᠠᠭᠠᠨ ᠮᠡᠳᠡᠷᠡᠯ ᠢ᠋ᠶ᠋ᠡᠨ ᠠᠯᠳᠠᠵᠤ ᠨᠢᠭᠡ ᠮᠡᠳᠡᠬᠦ ᠳ᠋ᠦ᠍ ᠯᠡ ᠴᠢᠯᠡᠳᠦ ᠶ᠋ᠢᠨ ᠴᠠᠬᠢᠷᠠᠭ ᠭᠠᠷ ᠤ᠋ᠨ ᠠᠶ᠎ᠠ ᠶ᠋ᠢ ᠳᠠᠭᠠᠭᠰᠠᠨ ᠪᠠᠢᠯ᠎ᠠ᠃ ᠡᠰᠡᠷᠭᠦᠴᠡᠨ ᠥᠨᠳᠡᠢᠬᠦ ᠭᠡᠪᠡᠴᠦ ᠣᠷᠣᠢᠲᠠᠵᠠᠢ᠃ ᠴᠢᠯᠡᠳᠦ ᠳᠡᠪᠡᠯ ᠦ᠋ᠨ ᠲᠣᠪᠴᠢ ᠪᠦᠰᠡ ᠶᠢ ᠬᠤᠷᠳᠤᠨ ᠢ᠋ᠶ᠋ᠠᠷ ᠲᠠᠢᠯᠤᠨ ᠨᠢᠴᠦᠭᠦᠯᠡᠵᠦ ᠳᠠᠷᠤᠨ ᠤᠨᠠᠬᠤ ᠳ᠋ᠤ᠌ ᠥᠭᠡᠯᠦᠨ ᠥᠪᠡᠷ ᠦ᠋ᠨ ᠳᠤᠷ᠎ᠠ ᠬᠦᠰᠡᠯ ᠳ᠋ᠦ᠍ ᠳᠤᠭᠤᠯᠭᠠᠪᠤᠷᠢ ᠲᠠᠢ ᠪᠠᠷ ᠪᠠᠭᠤᠨ ᠥᠭᠴᠦ᠂ ᠪᠡᠶ᠎ᠡ ᠪᠡᠶ᠎ᠡ ᠶ᠋ᠢ ᠬᠦᠰᠡᠭᠰᠡᠨ ᠰᠢᠨᠤᠭ ᠲᠠᠴᠢᠶᠠᠯ ᠤ᠋ᠨ ᠭᠠᠯ ᠳ᠋ᠤ᠌ ᠠᠪᠲᠠᠪᠠ᠃ ᠪᠦᠬᠦ ᠶᠠᠭᠤᠮ᠎ᠠ ᠠᠶᠤᠩᠭ᠎ᠠ ᠴᠠᠬᠢᠯᠭᠠᠨ ᠴᠠᠬᠢᠯᠬᠤ ᠶ᠋ᠢᠨ ᠠᠳᠠᠯᠢ ᠭᠠᠢᠬᠠᠯᠲᠠᠢ ᠬᠤᠷᠳᠤᠨ ᠪᠣᠯᠵᠤ ᠥᠩᠭᠡᠷᠡᠪᠡ᠃ ᠭᠠᠳᠠᠭ᠎ᠠ ᠬᠠᠰᠠᠷ ᠤ᠋ᠨ ᠬᠠᠰᠬᠢᠷᠬᠤ ᠰᠣᠨᠣᠰᠳᠠᠬᠤ ᠳ᠋ᠤ᠌ ᠡᠢᠨ ᠬᠡᠪᠲᠡᠬᠦ ᠨᠢ ᠵᠣᠬᠢᠰ ᠦᠭᠡᠢ ᠲᠤᠯᠠ ᠲᠡᠳᠡ ᠥᠨᠳᠡᠢᠵᠦ ᠬᠠᠭᠤᠴᠢᠨ ᠶᠠᠩᠵᠤ ᠪᠠᠷ ᠭᠠᠯ ᠤ᠋ᠨ ᠬᠣᠶᠠᠷ ᠲᠠᠯ᠎ᠠ ᠳ᠋ᠤ᠌ ᠰᠠᠭᠤᠵᠠᠭᠠᠪᠠ᠃  
       一 ᠴᠢ ᠶᠠᠭᠠᠬᠢᠬᠤ ᠭᠡᠵᠦ ᠢᠷᠡᠪᠡ?  
       ᠥᠭᠡᠯᠦᠨ ᠦ᠌ ᠡᠢᠨ ᠳᠠᠬᠢᠨ ᠠᠰᠠᠭᠤᠬᠤ ᠳ᠋ᠤ᠌ ᠴᠢᠯᠡᠳᠦ ᠡᠨᠡ ᠤᠳᠠᠭ᠎ᠠ ᠰᠤᠷᠤᠭᠰᠠᠨ ᠵᠠᠩ ᠢ᠋ᠶ᠋ᠠᠷ ᠵᠥᠭᠡᠯᠡᠨ ᠰᠠᠢᠬᠠᠨ ᠢᠨᠢᠶᠡᠮᠰᠦᠭᠯᠡᠵᠦ 
       一 ᠪᠢ ᠴᠢᠮᠠᠶ᠋ᠢ ᠠᠪᠬᠤ ᠪᠠᠷ ᠢᠷᠡᠯ᠎ᠡ ᠭᠡᠵᠡᠢ᠃ ᠲᠡᠭᠦᠨ ᠦ᠌ ᠳᠠᠭᠤᠨ ᠤ᠋ ᠥᠩᠭᠡ ᠣᠭᠲᠣ ᠨᠠᠷᠭᠢᠭᠰᠠᠨ ᠶᠠᠩᠵᠤ ᠦᠭᠡᠢ ᠪᠠᠢᠯ᠎ᠠ᠃ ᠥᠭᠡᠯᠦᠨ ᠲᠡᠷᠡ ᠳᠠᠷᠤᠢ ᠬᠠᠷᠢᠭᠤ ᠬᠡᠯᠡᠭᠰᠡᠨ ᠦᠭᠡᠢ᠃  
       一 ᠪᠢ᠂ ᠲᠡᠮᠦᠵᠢᠨ ᠬᠥᠪᠡᠭᠦᠨ ᠴᠢᠨᠢ ᠲᠠᠢᠴᠢᠭᠤᠳ ᠲᠤ᠌ ᠪᠤᠯᠢᠶᠠᠭᠳᠠᠭᠰᠠᠨ ᠢ ᠰᠣᠨᠣᠰᠤᠭᠠᠳ ᠴᠢᠮᠠᠶ᠋ᠢ ᠠᠪᠬᠤ ᠪᠠᠷ ᠢᠷᠡᠯ᠎ᠡ᠃ ᠶᠢᠰᠦᠭᠡᠢ ᠨᠢᠭᠡᠨᠲᠡ ᠲᠡᠭᠷᠢ ᠳ᠋ᠦ᠍ ᠬᠠᠯᠢᠵᠤ᠂ ᠠᠢᠮᠠᠭ ᠤᠯᠤᠰ ᠨᠢ ᠲᠠᠷᠠᠵᠤ ᠣᠳᠤᠯ᠎ᠠ᠃ ᠣᠳᠣ ᠴᠢ ᠥᠨᠥᠴᠢᠨ ᠨᠢᠯᠬ᠎ᠠ ᠬᠥᠪᠡᠭᠦᠳ ᠲᠡᠢ ᠪᠡᠨ ᠦᠨᠡᠰᠦᠨ ᠳ᠋ᠦ᠍ ᠬᠠᠶᠠᠭᠳᠠᠭᠰᠠᠨ ᠱᠠᠯᠵᠠ ᠰᠢᠭ᠋ ᠬᠣᠴᠣᠷᠤᠯ᠎ᠠ᠃ ᠴᠢ ᠨᠠᠰᠤ ᠵᠠᠯᠠᠭᠤ᠂ ᠵᠢᠰᠦ ᠭᠤᠩᠲᠠᠭ᠎ᠠ ᠦᠭᠡᠢ ᠪᠠᠢᠨ᠎ᠠ᠃ ᠴᠢ ᠮᠠᠨ ᠤ᠋ ᠠᠢᠮᠠᠭ ᠲᠤ᠌ ᠣᠴᠢᠵᠤ ᠰᠠᠭᠤ᠃ ᠪᠢ ᠴᠢᠮᠠᠶ᠋ᠢ᠂ ᠴᠢᠨᠦ ᠬᠥᠪᠡᠭᠦᠳ ᠢ ᠬᠡᠨ ᠳ᠋ᠦ᠍ ᠴᠦ᠍ ᠮᠠᠭᠤ ᠦᠵᠡᠭᠦᠯᠬᠦ ᠦᠭᠡᠢ᠃ ᠪᠢ ᠴᠢᠮᠠᠶ᠋ᠢ ᠵᠣᠯ ᠦᠭᠡᠢ ᠠᠮᠢᠳᠤᠷᠠᠵᠤ᠂ ᠰᠤᠷᠠᠭ ᠦᠭᠡᠢ ᠦᠬᠦᠭᠡᠰᠡᠢ ᠭᠡᠵᠦ ᠦᠯᠦ ᠬᠦᠰᠡᠬᠦ ᠲᠤᠯᠠ ᠡᠨᠡ ᠬᠣᠯᠠ ᠭᠠᠵᠠᠷ ᠪᠡᠶ᠎ᠡ ᠪᠡᠨ ᠵᠣᠪᠠᠭᠠᠵᠤ᠂ ᠮᠣᠷᠢ ᠪᠠᠨ ᠡᠴᠡᠭᠡᠵᠦ᠂ ᠠᠬ᠎ᠠ ᠳᠡᠭᠦᠦ ᠳ᠋ᠡᠭᠡᠨ ᠴᠦ᠍ ᠬᠡᠯᠡᠯ ᠦᠭᠡᠢ᠂ ᠠᠮᠢ ᠪᠠᠨ ᠠᠯᠳᠠᠬᠤ ᠠ᠋ᠴᠠ ᠴᠤ᠌ ᠠᠶᠤᠯ ᠦᠭᠡᠢ ᠵᠣᠷᠢᠵᠤ ᠢᠷᠡᠪᠡ᠃ ᠴᠢ ᠪᠢᠳᠡ ᠨᠢᠭᠡᠨ ᠴᠠᠭ ᠲᠤ᠌ ᠶᠣᠰᠣᠯᠠᠵᠤ ᠰᠦᠢ ᠲᠠᠯᠪᠢᠭᠰᠠᠨ ᠡᠷ᠎ᠡ ᠡᠮ᠎ᠡ ᠶᠠᠪᠤᠯ᠎ᠠ᠃ ᠪᠢ ᠴᠢᠮᠠᠶ᠋ᠢ ᠥᠪᠡᠷ ᠦ᠋ᠨ ᠡᠮᠡᠰ ᠡᠴᠡ᠂ ᠬᠥᠪᠡᠭᠦᠳ ᠢ ᠴᠢᠨᠢ ᠥᠪᠡᠷ ᠦ᠋ᠨ ᠬᠡᠦᠬᠡᠳ ᠡᠴᠡ ᠶᠡᠷᠦ ᠳᠤᠲᠠᠭᠤ ᠦᠵᠡᠬᠦ ᠦᠭᠡᠢ᠃ ᠪᠢ ᠮᠣᠷᠢ ᠮᠠᠯ ᠪᠠᠭ᠎ᠠ ᠦᠭᠡᠢ᠃ ᠯᠠᠪᠲᠠᠢ ᠴᠢᠮᠠᠶ᠋ᠢ᠂ ᠬᠥᠪᠡᠭᠦᠳ ᠦ᠋ᠨ ᠴᠢᠨᠢ ᠬᠠᠮᠲᠤ ᠲᠡᠵᠢᠭᠡᠵᠦ ᠴᠢᠳᠠᠨ᠎ᠠ᠃ ᠪᠢ ᠲᠡᠷᠡ ᠴᠠᠭ ᠲᠤ᠌ ᠬᠦᠴᠦᠲᠡᠢ ᠪᠠᠢᠭᠰᠠᠨ ᠪᠣᠯ ᠶᠠᠭᠤᠨ ᠳ᠋ᠤ᠌ ᠴᠢᠮᠠᠶ᠋ᠢ ᠶᠢᠰᠦᠭᠡᠢ ᠳ᠋ᠦ᠍ ᠠᠯᠳᠠᠬᠤ ᠪᠢᠯᠡ᠃ ᠳᠠᠩᠴᠤ ᠶᠠᠳᠠᠷᠠᠭᠤ ᠨᠠᠮᠠᠶ᠋ᠢ ᠮᠡᠷᠭᠢᠳ ᠠᠢᠮᠠᠭ ᠤ᠋ᠨ ᠶᠡᠬᠡᠰ ᠳᠡᠮᠵᠢᠭᠰᠡᠨ ᠦᠭᠡᠢ᠃ ᠶᠢᠰᠦᠭᠡᠢ ᠶ᠋ᠢᠨ ᠥᠭᠡᠳᠡ ᠡᠴᠡ ᠵᠣᠷᠢᠭᠯᠠᠨ ᠳᠣᠪᠲᠣᠯᠬᠤ ᠬᠥᠮᠦᠨ ᠣᠯᠳᠠᠭᠰᠠᠨ ᠦᠭᠡᠢ ᠲᠤᠯᠠ ᠴᠢ ᠪᠢᠳᠡ ᠲᠡᠭᠷᠢ ᠶ᠋ᠢᠨ ᠢᠪᠡᠭᠡᠯ ᠳ᠋ᠦ᠍ ᠪᠠᠭᠲᠠᠭᠰᠠᠨ ᠦᠭᠡᠢ᠃ ᠣᠳᠣ ᠴᠢ ᠪᠢᠳᠡ ᠬᠣᠶᠠᠷ ᠢ ᠬᠡᠨ ᠪᠤᠷᠤᠭᠤᠰᠢᠶᠠᠨ᠎ᠠ᠃ ᠪᠢ ᠣᠳᠣ ᠴᠤ᠌ ᠴᠢᠮ᠎ᠠ ᠳ᠋ᠤ᠌ ᠰᠡᠳᠬᠢᠯ ᠲᠠᠲᠠᠭᠳᠠᠭᠰᠠᠨ ᠬᠡᠪ ᠢ᠋ᠶ᠋ᠡᠷ᠃ ᠴᠢ ᠴᠦ᠍ ᠮᠥᠨ ᠠᠳᠠᠯᠢ ᠪᠣᠯᠬᠤ ᠶ᠋ᠢ ᠪᠢ ᠰᠠᠶᠢ ᠦᠵᠡᠵᠦ ᠮᠡᠳᠡᠯ᠎ᠡ᠃ ᠴᠢ ᠪᠢᠳᠡ ᠬᠣᠶᠠᠷ ᠲᠤ᠌ ᠳᠠᠬᠢᠭᠠᠳ ᠦᠷ᠎ᠡ ᠬᠡᠦᠬᠡᠳ ᠲᠡᠢ ᠪᠣᠯᠬᠤ ᠨᠠᠰᠤ ᠴᠠᠭ ᠪᠠᠢᠨ᠎ᠠ᠃ ᠪᠢ ᠴᠢᠮᠠᠶ᠋ᠢ ᠥᠪᠡᠷ ᠦ᠋ᠨ ᠠᠪᠤᠭᠰᠠᠨ ᠡᠮᠡᠰ ᠦ᠋ᠨ ᠢ᠋ᠶ᠋ᠡᠨ ᠳᠡᠭᠡᠷ᠎ᠡ ᠰᠠᠭᠤᠯᠭᠠᠵᠤ ᠶᠡᠬᠡ ᠡᠬᠡᠨᠡᠷ ᠢ᠋ᠶ᠋ᠡᠨ ᠪᠣᠯᠭᠠᠨ᠎ᠠ ᠭᠡᠵᠦ ᠶᠡᠬᠡ ᠴᠢᠯᠡᠳᠦ ᠡᠷᠡᠰ ᠰᠢᠢᠳᠮᠡᠭ᠌ ᠬᠡᠯᠡᠭᠰᠡᠨ ᠢ ᠥᠭᠡᠯᠦᠨ᠂ ᠭᠡᠷ ᠦ᠋ᠨ ᠭᠠᠳᠠᠨ᠎ᠠ ᠰᠠᠮ ᠴᠢᠩᠨᠠᠵᠤ ᠵᠣᠭᠰᠣᠭᠰᠠᠨ ᠬᠠᠰᠠᠷ ᠴᠤ᠌ ᠰᠣᠨᠣᠰᠪᠠ᠃ ᠰᠡᠳᠬᠢᠯ ᠦ᠋ᠨ ᠳᠣᠲᠣᠷ᠎ᠠ ᠠ᠋ᠴᠠ ᠬᠠᠢᠷᠠᠲᠠᠢ ᠡᠬᠡ ᠨᠢ ᠶᠠᠮᠠᠷᠬᠠᠨ ᠨᠢᠭᠤᠴᠠ ᠠᠭᠤᠯᠵᠤ ᠶᠠᠪᠤᠭᠰᠠᠨ ᠢ ᠰᠣᠨᠣᠰᠤᠭᠰᠠᠨ ᠬᠠᠰᠠᠷ ᠮᠤᠨᠠ ᠪᠠᠷ ᠳᠡᠯᠡᠰᠦᠭᠦᠯᠦᠭᠰᠡᠨ ᠮᠡᠲᠦ ᠰᠣᠴᠢᠵᠤ᠂ ᠦᠯᠦ ᠲᠠᠨᠢᠬᠤ ᠲᠡᠷᠡ ᠪᠦᠷᠭᠦᠳ ᠬᠠᠮᠠᠷᠲᠤ᠂ ᠬᠠᠷ᠎ᠠ ᠴᠢᠷᠠᠢᠲᠤ ᠡᠷ᠎ᠡ ᠶ᠋ᠢ ᠤᠴᠢᠷ ᠵᠦᠭ ᠦᠭᠡᠢ ᠦᠵᠡᠨ ᠶᠠᠳᠠᠵᠤ᠂ ᠦᠶ᠎ᠡ ᠪᠡᠨ ᠮᠤᠯᠲᠤᠷᠠᠲᠠᠯ᠎ᠠ᠂ ᠰᠢᠲᠦ ᠪᠡᠨ ᠡᠮᠲᠡᠷᠡᠲᠡᠯ᠎ᠡ ᠠᠭᠤᠷᠰᠠᠵᠠᠢ᠃ ᠬᠠᠷᠢᠨ ᠥᠭᠡᠯᠦᠨ ᠡᠢᠮᠦ ᠦᠭᠡ ᠶ᠋ᠢ ᠰᠣᠨᠣᠰᠤᠨ᠎ᠠ ᠭᠡᠵᠦ ᠬᠦᠯᠢᠶᠡᠵᠦ ᠪᠠᠢᠭᠰᠠᠨ ᠮᠡᠲᠦ ᠣᠭᠲᠣᠬᠠᠨ ᠴᠤ᠌ ᠭᠠᠢᠬᠠᠵᠤ ᠴᠣᠴᠢᠷᠳᠠᠭᠰᠠᠨ ᠦᠭᠡᠢ᠃ ᠦᠵᠡᠵᠦ ᠥᠩᠭᠡᠷᠡᠭᠦᠯᠦᠭᠰᠡᠨ ᠵᠣᠪᠠᠯᠠᠩ ᠵᠦᠳᠡᠭᠦᠷᠢ ᠨᠢ ᠲᠡᠭᠦᠨ ᠢ ᠤᠬᠠᠭᠠᠨᠲᠠᠢ᠂ ᠠᠭᠤᠵᠢᠭᠤ ᠲᠠᠢᠪᠤᠩ ᠰᠡᠳᠬᠢᠬᠦ ᠶ᠋ᠢ ᠱᠠᠭᠠᠷᠳᠠᠭᠰᠠᠭᠠᠷ ᠲᠤᠯᠠ ᠠᠯᠢᠪᠠ ᠳ᠋ᠤ᠌ ᠬᠥᠩᠭᠡᠳᠡᠵᠦ ᠲᠦᠷᠭᠡᠳᠬᠦ ᠨᠢ ᠬᠣᠪᠣᠷ ᠪᠣᠯᠵᠠᠢ᠃ ᠴᠢᠯᠡᠳᠦ ᠪᠣᠯ ᠶᠠᠭᠠᠬᠢᠬᠤ ᠠᠷᠭ᠎ᠠ ᠦᠭᠡᠢ ᠲᠡᠭᠦᠨ ᠦ᠌ ᠰᠡᠳᠬᠢᠯ ᠲᠡᠢ᠂ ᠠᠩᠬᠠᠨ ᠤ᠋ ᠡᠷ᠎ᠡ ᠨᠥᠬᠥᠷ ᠨᠢ ᠮᠥᠨ᠃ ᠭᠡᠪᠡᠴᠦ ᠲᠡᠳᠡ ᠣᠳᠣ ᠨᠢᠭᠡᠨᠲᠡ ᠬᠤᠪᠢ ᠵᠣᠬᠢᠶᠠᠯ ᠲᠥᠭᠡᠷᠢᠵᠡᠢ᠃   
       — ᠴᠢᠯᠡᠳᠦ ᠮᠢᠨᠢ᠃ ᠪᠢ ᠣᠳᠣ ᠨᠢᠭᠡᠨᠲᠡ ᠪᠣᠷᠵᠢᠭᠢᠨ ᠠᠢᠮᠠᠭ ᠤ᠋ᠨ ᠬᠥᠮᠦᠨ ᠪᠣᠯᠵᠠᠢ᠃ ᠶᠢᠰᠦᠭᠡᠢ ᠪᠠᠭᠠᠲᠤᠷ ᠤ᠋ᠨ ᠤᠤᠭᠠᠨ ᠬᠥᠪᠡᠭᠦᠨ ᠨᠢᠭᠡᠨᠲᠡ ᠠᠷᠪᠠᠨ ᠳᠥᠷᠪᠡ ᠬᠦᠷᠴᠡᠢ᠃ ᠣᠳᠣ ᠲᠡᠮᠦᠵᠢᠨ ᠬᠥᠪᠡᠭᠦᠨ ᠮᠢᠨᠢ ᠡᠴᠢᠭᠡ ᠶ᠋ᠢᠨ ᠢ᠋ᠶ᠋ᠡᠨ ᠣᠷᠣ ᠶ᠋ᠢ ᠠᠪᠤᠭᠰᠠᠨ ᠲᠤᠯᠠ ᠪᠢ ᠶᠠᠭᠤ ᠴᠦ᠍ ᠮᠡᠳᠡᠵᠦ ᠰᠢᠢᠳᠴᠦ ᠦᠯᠦ ᠪᠣᠯᠤᠨ᠎ᠠ᠃ ᠬᠠᠷᠢᠨ ᠡᠨᠳᠡ ᠢᠩᠭᠢᠵᠦ ᠵᠢᠷᠦᠬᠡ ᠵᠣᠷᠢᠭ ᠭᠠᠷᠭᠠᠵᠤ ᠢᠷᠡᠭᠰᠡᠨ ᠴᠢᠨᠢ ᠠᠮᠢ ᠪᠠᠨ ᠠᠯᠳᠠᠵᠤ ᠴᠦ᠍ ᠪᠣᠯᠬᠤ ᠶᠠᠪᠤᠳᠠᠯ ᠰᠢᠦ᠃  ᠴᠢ ᠨᠠᠮᠠᠶ᠋ᠢ ᠣᠳᠣ ᠣᠷᠣ ᠲᠠᠰᠤ ᠮᠠᠷᠲᠠᠭᠲᠤᠨ᠃ ᠮᠢᠨᠦ ᠬᠤᠪᠢ ᠳ᠋ᠤ᠌ ᠴᠢᠯᠡᠳᠦ ᠴᠢ᠂ ᠴᠢᠨᠦ ᠬᠤᠪᠢ ᠳ᠋ᠤ᠌ ᠥᠭᠡᠯᠦᠨ ᠪᠢ ᠨᠢᠭᠡᠨᠲᠡ ᠦᠭᠡᠢ ᠪᠣᠯᠵᠠᠢ᠃ ᠵᠠᠯᠠᠭᠤ ᠴᠠᠭ ᠤ᠋ᠨ ᠰᠦᠢ ᠲᠠᠯᠪᠢᠭᠰᠠᠨ ᠶᠠᠪᠤᠳᠠᠯ ᠢ᠋ ᠵᠡᠭᠦᠳᠦ ᠪᠠᠢᠭᠰᠠᠨ ᠭᠡᠵᠦ ᠪᠣᠳᠣ᠃ ᠵᠡᠭᠦᠳᠦ ᠮᠠᠷᠲᠠᠭᠳᠠᠳᠠᠭ ᠪᠢᠵᠡ᠃ ᠲᠡᠭᠦᠨ ᠰᠢᠭ ᠰᠠᠨᠠ᠃ ᠴᠢ ᠡᠨᠳᠡ ᠪᠦᠦ ᠤᠳᠠ᠃ ᠮᠠᠷᠭᠠᠰᠢ ᠬᠥᠪᠡᠭᠦᠨ ᠢ᠋ ᠰᠡᠷᠡᠵᠦ ᠪᠣᠰᠬᠤ ᠠ᠋ᠴᠠ ᠡᠮᠦᠨ᠎ᠡ ᠰᠥᠨᠢ ᠶᠠᠪᠤᠵᠤ ᠦᠵᠡ᠃ ᠮᠣᠷᠢ ᠴᠢᠨᠢ ᠠᠮᠠᠷᠠᠭᠰᠠᠨ ᠪᠢᠵᠡ ᠭᠡᠵᠦ ᠥᠭᠡᠯᠦᠨ ᠡᠷᠡᠰ ᠬᠡᠯᠡᠵᠡᠢ᠃ ᠬᠥᠪᠡᠭᠦᠨ ᠢ᠋ ᠨᠢ ᠪᠤᠯᠢᠶᠠᠨ ᠠᠪᠬᠤ ᠶ᠋ᠢ ᠬᠦᠰᠡᠭᠰᠡᠨ ᠬᠡᠨ ᠲᠡᠢ ᠴᠦ᠍ ᠪᠣᠯᠪᠠ ᠥᠭᠡᠯᠦᠨ ᠥᠰᠢᠷᠬᠡᠨ ᠲᠡᠮᠡᠴᠡᠬᠦ ᠳ᠋ᠦ᠍ ᠪᠡᠯᠡᠨ ᠪᠠᠢᠯ᠎ᠠ᠃  
      — ᠴᠢ ᠦᠬᠦᠬᠦ ᠶ᠋ᠢ ᠬᠦᠰᠡᠵᠡᠢ᠃ ᠥᠭᠡᠯᠦᠨ ᠪᠢ ᠴᠢᠮ᠎ᠠ ᠳ᠋ᠤ᠌ ᠬᠠᠢᠷᠠᠲᠠᠢ ᠰᠠᠢᠨ ᠤᠴᠢᠷ ᠠ᠋ᠴᠠ ᠲᠤᠰᠠᠯᠠᠶ᠎ᠠ ᠭᠡᠵᠦ ᠯᠡ ᠢᠷᠡᠭᠰᠡᠨ᠃ ᠪᠢ ᠢᠩᠭᠢᠵᠦ ᠴᠢᠮᠠᠶ᠋ᠢ ᠭᠠᠭᠴᠠᠭᠠᠷ ᠬᠠᠶᠠᠬᠤ ᠦᠭᠡᠢ᠃ ᠪᠢ ᠴᠢᠮᠠᠶ᠋ᠢ ᠳᠤᠷ᠎ᠠ ᠦᠭᠡᠢᠴᠡᠯ᠎ᠡ ᠴᠦ᠍ ᠬᠦᠴᠦ ᠪᠡᠷ ᠠᠪᠠᠴᠢᠨ᠎ᠠ᠃ ᠴᠢ ᠡᠴᠦᠰ ᠲᠦ᠋ᠨᠢ ᠨᠠᠳᠠᠳᠤ ᠪᠠᠶᠠᠷᠯᠠᠬᠤ ᠪᠣᠯᠤᠨ᠎ᠠ᠃ ᠨᠠᠳᠠᠳᠤ ᠣᠳᠣ ᠴᠢᠮᠠᠶ᠋ᠢ ᠠᠪᠬᠤ ᠳ᠋ᠤ᠌ ᠣᠯᠠᠨ ᠴᠡᠷᠢᠭ ᠬᠡᠷᠡᠭ ᠦᠭᠡᠢ᠃ ᠪᠢ ᠴᠥᠭᠡᠨ ᠨᠥᠬᠥᠳ ᠦ᠋ᠨ ᠬᠠᠮᠲᠤ ᠡᠷᠭᠢᠵᠦ ᠢᠷᠡᠨ᠎ᠡ᠃ ᠪᠢ ᠴᠢᠮᠠᠶ᠋ᠢ ᠡᠪᠡᠰᠦᠨ ᠦ᠌ ᠨᠠᠯᠠᠰᠤᠨ ᠢ᠋ᠶ᠋ᠠᠷ ᠶᠠᠪᠤᠵᠤ ᠬᠠᠮᠢᠭ᠎ᠠ ᠴᠦ᠍ ᠣᠴᠢᠭᠰᠠᠨ ᠣᠯᠤᠨ᠎ᠠ᠃ ᠪᠢ ᠴᠢᠮᠠᠶ᠋ᠢ ᠥᠩᠭᠡ ᠦᠵᠡᠮᠵᠢ ᠲᠡᠭᠦᠰ ᠬᠡᠪ ᠢ᠋ᠶ᠋ᠡᠷ ᠢ᠋ ᠴᠢᠨᠢ ᠦᠵᠡᠵᠦ ᠡᠳ᠋ᠯᠡᠵᠦ ᠮᠡᠳᠡᠯ᠎ᠡ᠃ ᠥᠨᠥ ᠰᠥᠨᠢ ᠬᠣᠶᠠᠭᠤᠯᠠ ᠶᠣᠰᠣᠯᠠᠭᠰᠠᠨ ᠡᠷ᠎ᠡ ᠡᠮ᠎ᠡ ᠶ᠋ᠢᠨ ᠠᠳᠠᠯᠢ ᠢᠨᠠᠭᠯᠠᠵᠤ ᠴᠡᠩᠭᠡᠵᠦ ᠬᠣᠨᠣᠶ᠎ᠠ᠃ ᠬᠠᠷᠢᠨ ᠪᠢ ᠦᠷ ᠢ᠋ᠶ᠋ᠡᠷ ᠮᠣᠷᠳᠠᠨ᠎ᠠ᠃ ᠲᠡᠭᠡᠭᠡᠳ ᠡᠷᠭᠢᠨ ᠢᠷᠡᠵᠦ ᠴᠢᠮᠠᠶ᠋ᠢ ᠬᠥᠪᠡᠭᠦᠳ ᠦ᠋ᠨ ᠴᠢᠨᠢ ᠬᠠᠮᠲᠤ ᠳᠡᠷᠭᠡᠳᠡ ᠪᠡᠨ ᠠᠪᠠᠴᠢᠨ᠎ᠠ᠃ ᠬᠦᠴᠦ ᠪᠡᠷ ᠠᠪᠠᠴᠢᠨ᠎ᠠ᠃ ᠪᠢ ᠶᠢᠰᠦᠭᠡᠢ ᠳ᠋ᠦ᠍ ᠴᠢᠮᠠᠶ᠋ᠢ ᠨᠢᠭᠡ ᠠᠯᠳᠠᠭᠰᠠᠨ᠃ ᠣᠳᠣ ᠪᠣᠯ ᠠᠯᠳᠠᠬᠤ ᠦᠭᠡᠢ᠃ ᠪᠢ ᠬᠣᠶᠠᠷ ᠡᠬᠡᠨᠡᠷ ᠲᠡᠢ᠃ ᠲᠡᠳᠡ ᠴᠢᠮ᠎ᠠ ᠰᠢᠭ᠋ ᠡᠢᠮᠦ ᠤᠷᠢᠨ ᠲᠠᠴᠢᠶᠠᠩᠭᠤᠢ ᠪᠢᠰᠢ᠃ ᠪᠢ ᠬᠡᠵᠢᠶ᠎ᠡ ᠴᠦ᠍ ᠴᠢᠮ᠎ᠠ ᠰᠢᠭ᠋ ᠡᠢᠮᠦ ᠲᠠᠴᠢᠶᠠᠩᠭᠤᠢ ᠳᠠᠭᠤ ᠶᠡᠬᠡᠲᠡᠢ ᠡᠮ᠎ᠡ ᠡᠳ᠋ᠯᠡᠵᠦ ᠦᠵᠡᠭᠡ ᠦᠭᠡᠢ ᠶᠦᠮ᠃ ᠲᠡᠢᠮᠦ ᠪᠣᠯᠬᠣᠷ ᠴᠢ ᠮᠢᠨᠦᠬᠢ᠃ ᠴᠢ ᠪᠢᠳᠡ ᠬᠣᠶᠠᠷ ᠬᠠᠭᠠᠴᠠᠭᠰᠠᠨ ᠤ᠋ ᠳᠠᠷᠠᠭ᠎ᠠ ᠤᠴᠠᠷᠠᠵᠤ ᠢᠩᠭᠢᠵᠦ ᠵᠢᠷᠭᠠᠬᠤ ᠪᠠᠢᠭᠰᠠᠨ ᠶᠤᠮ ᠪᠢᠵᠡ᠃ ᠥᠭᠡᠯᠦᠨ᠂ ᠪᠢ ᠴᠢᠨᠦ ᠰᠡᠳᠬᠢᠯ ᠢ᠋ ᠣᠢᠯᠠᠭᠠᠨ᠎ᠠ᠃ ᠲᠡᠮᠦᠵᠢᠨ ᠬᠥᠪᠡᠭᠦᠨ ᠳ᠋ᠡᠭᠡᠨ ᠪᠦᠦ ᠰᠠᠨᠠᠭ᠎ᠠ ᠵᠣᠪᠠ᠃ ᠪᠢ ᠲᠡᠭᠦᠨ ᠢ᠋ ᠠᠳᠠ ᠦᠵᠡᠬᠦ ᠦᠭᠡᠢ᠃ ᠬᠦᠰᠡᠪᠡᠯ ᠪᠢ ᠲᠡᠭᠦᠨ ᠢ᠋ ᠥᠪᠡᠷ ᠦ᠋ᠨ ᠤᠤᠭᠠᠨ ᠬᠥᠪᠡᠭᠦᠨ ᠭᠡᠵᠦ ᠲᠣᠭᠠᠴᠠᠶ᠎ᠠ᠃ ᠴᠢ ᠶᠠᠭᠤ ᠭᠡᠨ᠎ᠡ᠃ ᠴᠢᠨᠦ ᠬᠥᠪᠡᠭᠦᠨ ᠲᠡᠮᠦᠵᠢᠨ ᠨᠠᠮᠠᠶ᠋ᠢ ᠵᠠᠯᠭᠠᠮᠵᠢᠯᠠᠬᠤ ᠳ᠋ᠤ᠌ ᠪᠢ ᠶᠡᠷᠦ ᠲᠠᠲᠠᠭᠠᠯᠵᠠᠬᠤ ᠦᠭᠡᠢ᠃ ᠴᠢᠮᠠᠶ᠋ᠢ ᠪᠤᠴᠠᠭᠠᠵᠤ ᠠᠪᠬᠤ ᠶ᠋ᠢ ᠮᠠᠨ ᠤ᠋ ᠠᠢᠮᠠᠭ ᠤ᠋ᠨ ᠠᠬ᠎ᠠ ᠳᠡᠭᠦᠦᠰ ᠮᠢᠨᠢ ᠴᠦ᠍ ᠱᠠᠭᠠᠷᠳᠠᠬᠤ ᠪᠣᠯᠤᠯ᠎ᠠ᠃ ᠴᠢᠮᠠᠶ᠋ᠢ ᠠᠪᠠᠴᠢᠬᠤ ᠨᠢ ᠨᠢᠭᠡᠨ ᠴᠠᠭ ᠲᠤ ᠠᠯᠳᠠᠭᠰᠠᠨ ᠨᠡᠷ᠎ᠡ ᠲᠥᠷᠥ ᠪᠡᠨ ᠰᠡᠷᠭᠦᠭᠡᠵᠦ ᠪᠣᠢ ᠬᠡᠷᠡᠭ ᠪᠣᠯᠤᠨ᠎ᠠ ᠭᠡᠵᠦ ᠴᠢᠯᠡᠳᠦ ᠬᠠᠯᠠᠮᠴᠠᠭᠤᠬᠠᠨ ᠬᠠᠰᠬᠢᠷᠴᠠᠢ᠃ ᠥᠭᠡᠯᠦᠨ ᠳᠤᠤᠭᠠᠷᠤᠭᠰᠠᠨ ᠦᠭᠡᠢ ᠤᠳᠠᠭᠠᠨ ᠪᠣᠳᠣᠯ ᠪᠣᠯᠪᠠ᠃ ᠡᠬᠡ ᠶ᠋ᠢᠨ ᠶᠠᠭᠤ ᠭᠡᠵᠦ ᠬᠡᠯᠡᠬᠦ ᠶ᠋ᠢ ᠬᠠᠰᠠᠷ ᠭᠡᠷ ᠦ᠋ᠨ ᠭᠠᠳᠠᠨ᠎ᠠ ᠵᠢᠷᠦᠬᠡ ᠲᠦᠭᠰᠢᠨ ᠬᠦᠯᠢᠶᠡᠵᠦ ᠰᠠᠭᠤᠪᠠ᠃ ᠤᠴᠢᠷ ᠨᠢ ᠦᠯᠦ ᠣᠯᠳᠠᠬᠤ ᠲᠦᠭᠰᠢᠭᠦᠷᠢ ᠠᠪᠴᠢᠷᠠᠭᠰᠠᠨ ᠲᠡᠷᠡ ᠬᠠᠷ᠎ᠠ ᠴᠢᠷᠠᠢᠲᠤ ᠶ᠋ᠢ ᠦᠵᠡᠨ ᠶᠠᠳᠠᠬᠤ ᠨᠢ ᠤᠯᠠᠮ ᠨᠡᠮᠡᠭᠳᠡᠵᠦ ᠪᠡᠶ᠎ᠡ ᠪᠡᠨ ᠪᠠᠷᠢᠵᠤ ᠳᠡᠢᠯᠬᠦ ᠦᠭᠡᠢ ᠳ᠋ᠦ᠍ ᠬᠦᠷᠴᠡᠢ᠃ ᠭᠡᠪᠡᠴᠦ ᠬᠠᠰᠠᠷ ᠪᠣᠰᠤᠭᠰᠠᠨ ᠦᠭᠡᠢ ᠭᠡᠷ ᠢ᠋ᠶ᠋ᠡᠨ ᠨᠠᠯᠠᠭᠰᠠᠨ ᠴᠢᠭ ᠢ᠋ᠶ᠋ᠡᠷ ᠰᠠᠭᠤᠭᠰᠠᠭᠠᠷ ᠪᠠᠢᠪᠠ᠃   
       — ᠴᠢᠯᠡᠳᠦ᠃ 
       ᠡᠬᠡ ᠶ᠋ᠢᠨ ᠢ᠋ᠶ᠋ᠡᠨ ᠳᠠᠭᠤ ᠶ᠋ᠢ ᠰᠣᠨᠣᠰᠤᠭᠠᠳ ᠬᠠᠰᠠᠷ ᠤᠬᠠᠭᠠᠨ ᠣᠷᠣᠯ᠎ᠠ᠃ 
       — ᠴᠢᠯᠡᠳᠦ᠃ ᠴᠢ ᠮᠢᠨᠢ ᠬᠡᠯᠡᠬᠦ ᠶ᠋ᠢ ᠰᠣᠨᠣᠰ᠃ ᠬᠡᠨ ᠴᠦ᠍ ᠪᠠᠢᠭᠰᠠᠨ ᠨᠠᠳᠠ ᠠ᠋ᠴᠠ ᠬᠥᠪᠡᠭᠦᠳ ᠢ᠋ ᠮᠢᠨᠢ ᠪᠤᠯᠢᠶᠠᠨ ᠠᠪᠴᠤ ᠴᠢᠳᠠᠬᠤ ᠦᠭᠡᠢ᠃ ᠮᠢᠨᠦ ᠨᠢᠳᠦ ᠬᠠᠷᠠᠵᠤ᠂ ᠵᠢᠷᠦᠬᠡ ᠴᠣᠬᠢᠯᠠᠵᠤ ᠪᠠᠢᠭ᠎ᠠ ᠴᠠᠭ ᠲᠠᠭᠠᠨ ᠲᠡᠳᠡᠨ ᠢ᠋ ᠪᠡᠨ ᠬᠡᠨ ᠳ᠋ᠦ᠍ ᠴᠦ᠍ ᠥᠭᠬᠦ ᠦᠭᠡᠢ᠃ ᠴᠢᠯᠡᠳᠦ᠃ ᠮᠡᠷᠭᠢᠳ ᠠᠢᠮᠠᠭ ᠤ᠋ᠨ ᠴᠢᠮ᠎ᠠ ᠳ᠋ᠤ᠌ ᠬᠥᠪᠡᠭᠦᠨ ᠢ᠋ᠶ᠋ᠡᠨ ᠥᠭᠭᠦᠨ᠎ᠡ ᠭᠡᠵᠦ ᠶᠠᠭᠠᠬᠢᠵᠤ ᠰᠠᠨᠠᠪᠠ᠃ ᠴᠢ ᠡᠨᠳᠡ ᠡᠴᠡ ᠳᠠᠷᠤᠢ ᠳᠠᠯᠳᠠ ᠣᠷᠣ᠃ ᠬᠥᠪᠡᠭᠦᠳ ᠴᠢᠨᠦ ᠦᠭᠡ ᠶ᠋ᠢ ᠰᠣᠨᠣᠰᠪᠠᠯ ᠴᠢᠮᠠᠶ᠋ᠢ ᠠᠮᠢᠳᠤ ᠦᠯᠡᠳᠡᠭᠡᠬᠦ ᠦᠭᠡᠢ ᠨᠢ ᠯᠠᠪ᠃ ᠪᠢ ᠴᠢᠮᠠᠶ᠋ᠢ ᠦᠬᠦᠭᠦᠯᠬᠦ ᠶ᠋ᠢ ᠬᠦᠰᠡᠬᠦ ᠦᠭᠡᠢ ᠪᠠᠢᠨ᠎ᠠ᠃ ᠶᠠᠪᠤᠵᠤ ᠦᠵᠡ᠃ 
       ᠡᠬᠡ ᠶ᠋ᠢᠨ ᠤᠬᠠᠭᠠᠨᠲᠤ᠂ ᠵᠣᠷᠢᠭ ᠲᠡᠭᠦᠰ ᠦᠭᠡ ᠶ᠋ᠢ ᠰᠣᠨᠣᠰᠤᠭᠠᠳ ᠬᠠᠰᠠᠷ ᠤ᠋ᠨ ᠬᠠᠯᠠᠭᠤᠨ ᠨᠢᠯᠪᠤᠰᠤ ᠠᠰᠬᠠᠷᠠᠨ ᠭᠠᠷᠤᠯ᠎ᠠ᠃ ᠡᠨᠡ ᠦᠭᠡᠰ ᠢ᠋ ᠡᠬᠡ ᠨᠢ ᠬᠠᠰᠠᠷ ᠥᠪᠡᠷ ᠲᠦ᠋ᠨᠢ ᠬᠡᠯᠡᠭᠰᠡᠨ ᠮᠡᠲᠦ ᠬᠦᠯᠢᠶᠡᠨ ᠠᠪᠴᠤ ᠵᠢᠷᠦᠬᠡ ᠨᠢ ᠣᠮᠣᠭ ᠵᠣᠷᠢᠭ ᠢ᠋ᠶ᠋ᠠᠷ ᠳᠦᠭᠦᠷᠡᠩ ᠴᠣᠬᠢᠯᠠᠵᠠᠢ᠃ 
       — ᠥᠭᠡᠯᠦᠨ ᠪᠢ ᠴᠢᠨᠦ ᠦᠭᠡ ᠶ᠋ᠢ ᠲᠣᠭᠣᠵᠤ ᠰᠣᠨᠣᠰᠬᠤ ᠦᠭᠡᠢ᠃ ᠪᠡᠯᠪᠡᠰᠦᠷᠡᠵᠦ᠂ ᠠᠢᠮᠠᠭ ᠠ᠋ᠴᠠ ᠪᠠᠨ ᠬᠠᠶᠠᠭᠳᠠᠭᠰᠠᠨ ᠴᠢᠨᠦ ᠦᠭᠡ ᠶ᠋ᠢ ᠣᠳᠣ ᠬᠡᠨ ᠴᠦ᠍ ᠨᠣᠬᠠᠢ ᠬᠤᠴᠠᠭᠰᠠᠨ ᠤ᠋ ᠲᠡᠢᠳᠡᠢ ᠲᠣᠭᠣᠵᠤ ᠰᠣᠨᠣᠰᠬᠤ ᠦᠭᠡᠢ᠃ ᠪᠢ ᠴᠢᠮᠠᠶ᠋ᠢ ᠠᠪᠬᠤ ᠳ᠋ᠠᠭᠠᠨ ᠯᠠ ᠠᠪᠤᠨ᠎ᠠ᠃ ᠡᠷ᠎ᠡ ᠦᠭᠡᠢ ᠡᠮ᠎ᠡ ᠡᠵᠡᠨ ᠦᠭᠡᠢ ᠭᠡᠷ ᠬᠣᠶᠠᠷ ᠠᠳᠠᠯᠢ ᠪᠢᠰᠢ ᠤᠤ? ᠲᠡᠨᠳᠡ ᠬᠡᠨ ᠳᠤᠷᠠᠲᠠᠢ ᠨᠢ ᠣᠷᠣᠵᠤ ᠤᠨᠲᠠᠳᠠᠭ ᠪᠢᠵᠡ᠃ ᠴᠢ ᠲᠡᠢᠮᠦ ᠠᠮᠢᠳᠤᠷᠠᠯ ᠢ᠋ ᠬᠦᠰᠡᠪᠡ ᠤᠤ? ᠬᠠᠷᠢᠨ ᠴᠢᠯᠡᠳᠦ ᠪᠢ ᠬᠦᠰᠡᠬᠦ ᠦᠭᠡᠢ ᠪᠠᠢᠨ᠎ᠠ᠃ ᠮᠢᠨᠦ ᠬᠦᠰᠡᠯ ᠡᠴᠡ ᠥᠭᠡᠷ᠎ᠡ ᠡᠷᠬᠢᠮ ᠶᠠᠭᠤᠮ᠎ᠠ ᠴᠢᠮ᠎ᠠ ᠳ᠋ᠤ᠌ ᠣᠳᠣ ᠪᠠᠢᠬᠤ ᠦᠭᠡᠢ ᠭᠡᠵᠦ ᠴᠢᠯᠡᠳᠦ ᠬᠥᠬᠥᠷᠡᠵᠦ ᠠᠷᠢᠬᠢ ᠭᠦᠳ ᠭᠦᠳ ᠵᠠᠯᠭᠢᠯᠠᠬᠤ ᠰᠣᠨᠣᠰᠳᠠᠪᠠ᠃  
       — ᠴᠢᠯᠡᠳᠦ ᠴᠢ ᠰᠣᠭᠲᠣᠵᠠᠢ᠃ 
       — ᠲᠡᠢᠮᠦ ᠠ᠋᠃ ᠪᠢ ᠡᠷᠲᠡ ᠪᠠᠭ᠎ᠠ ᠶ᠋ᠢᠨ ᠢᠨᠠᠭ ᠴᠢᠮᠠᠶ᠋ᠢ ᠦᠵᠡᠭᠡᠳ ᠰᠣᠭᠲᠣᠵᠠᠢ᠃ ᠴᠢᠮᠠᠶ᠋ᠢ ᠰᠥᠨᠢᠵᠢᠨ ᠡᠴᠡᠵᠦ ᠴᠤᠴᠠᠲᠠᠯ᠎ᠠ ᠪᠠᠨ ᠡᠳ᠋ᠯᠡᠬᠦ ᠬᠦᠰᠡᠯ ᠮᠢᠨᠢ ᠰᠢᠲᠠᠵᠤ ᠪᠠᠢᠨ᠎ᠠ᠃ ᠴᠢ ᠮᠢᠨᠦ ᠬᠥᠪᠡᠭᠦᠨ ᠢ᠋ ᠲᠥᠷᠥᠭᠦᠯᠬᠦ ᠶᠣᠰᠣᠲᠠᠢ᠃ ᠴᠢ ᠡᠮ᠎ᠡ ᠶ᠋ᠢᠨ ᠢ᠋ᠶ᠋ᠡᠨ ᠵᠢᠮ᠎ᠡ ᠳᠠᠭᠠᠵᠤ ᠮᠢᠨᠦ ᠳᠣᠣᠷ᠎ᠠ ᠢᠨᠴᠠᠭᠯᠠᠬᠤ ᠪᠣᠯᠤᠨ᠎ᠠ ᠭᠡᠵᠦ ᠴᠢᠯᠡᠳᠦ ᠠᠭᠰᠤᠮᠨᠠᠵᠤ ᠬᠠᠰᠬᠢᠷᠪᠠ᠃ ᠨᠡᠭᠡᠷᠡᠨ ᠶᠡᠬᠡ ᠪᠡᠶᠡᠲᠦ ᠴᠢᠯᠡᠳᠦ ᠠᠷᠢᠬᠢ ᠳᠠᠭᠠᠭᠠᠳᠠᠭ ᠦᠭᠡᠢ ᠪᠠᠰᠠ ᠶᠡᠬᠡ ᠠᠭᠰᠤᠮ ᠠᠵᠢ᠃ 
       — ᠪᠢ ᠮᠣᠷᠢ ᠬᠠᠷᠠᠵᠤ ᠢᠷᠡᠨ᠎ᠡ᠃ ᠴᠢ ᠬᠤᠪᠴᠠᠰᠤ ᠪᠠᠨ ᠲᠠᠢᠯᠵᠤ ᠨᠠᠮᠠᠶ᠋ᠢ ᠬᠦᠯᠢᠶᠡ᠃ ᠪᠢ ᠴᠢᠮᠠᠶ᠋ᠢ ᠬᠡᠴᠢᠨᠡᠨ ᠰᠥᠨᠢ ᠡᠳ᠋ᠯᠡᠭᠰᠡᠨ ᠴᠦ᠍ ᠦᠯᠦ ᠬᠠᠨᠤᠨ᠎ᠠ᠁ ᠴᠢᠯᠡᠳᠦ ᠭᠡᠵᠦ ᠶᠠᠮᠠᠷ ᠠᠵᠢᠷᠭ᠎ᠠ ᠪᠣᠯᠬᠤ ᠶ᠋ᠢ ᠪᠢ ᠴᠢᠮ᠎ᠠ ᠳ᠋ᠤ᠌ ᠦᠵᠡᠭᠦᠯᠦᠨ᠎ᠡ᠃ ᠴᠢᠮᠠᠶ᠋ᠢ ᠪᠢ ᠪᠠᠢᠳᠠᠰᠤᠨ ᠭᠡᠭᠦᠦ ᠰᠢᠭ ᠴᠢᠷᠯᠠᠭᠤᠯᠬᠤ ᠪᠣᠯᠤᠨ᠎ᠠ ᠭᠡᠵᠦ ᠦᠭᠡᠯᠡᠭᠡᠳ ᠭᠠᠷᠴᠤ ᠶᠠᠪᠤᠭ᠎ᠠ ᠪᠣᠯᠤᠯᠲᠠᠢ ᠡᠭᠦᠳᠡ ᠰᠠᠮᠠᠷᠳᠠᠬᠤ ᠰᠣᠨᠣᠰᠳᠠᠪᠠ᠃  
       — ᠴᠢᠯᠡᠳᠦ ᠴᠢ ᠱᠠᠯᠢᠭ ᠶᠠᠭᠤᠮ᠎ᠠ ᠪᠦᠦ ᠶᠠᠷᠢ᠃ ᠲᠩᠷᠢ ᠰᠣᠨᠣᠰᠴᠤ ᠪᠠᠢᠨ᠎ᠠ᠃ ᠶᠢᠰᠦᠭᠡᠢ ᠶ᠋ᠢᠨ ᠰᠦᠨᠡᠰᠦ ᠴᠢᠮᠠᠶ᠋ᠢ ᠬᠠᠷᠠᠵᠤ ᠪᠠᠢᠨ᠎ᠠ᠃  
       — ᠬᠡ᠂ ᠪᠢ ᠦᠬᠦᠭᠰᠡᠨ ᠶᠢᠰᠦᠭᠡᠢ ᠶ᠋ᠢᠨ ᠰᠦᠨᠡᠰᠦᠨ ᠡᠴᠡ ᠠᠶᠤᠨ᠎ᠠ ᠤᠤ? ᠶᠣᠰᠣᠲᠠᠢ ᠨᠣᠬᠠᠢ ᠶ᠋ᠢᠨ ᠴᠡᠯ᠃ ᠴᠢ ᠨᠠᠮᠠᠶ᠋ᠢ ᠬᠦᠰᠡᠵᠦ ᠪᠠᠢᠭ᠎ᠠ ᠪᠢᠵᠡ᠃ ᠲᠦᠷᠦᠭᠦᠬᠡᠨ ᠴᠢ ᠥᠪᠡᠷ ᠢ᠋ᠶ᠋ᠡᠨ ᠯᠡ ᠳᠤᠷᠠᠯᠠᠵᠤ ᠭᠢᠩᠰᠢᠭᠡᠳ ᠪᠠᠢᠭᠰᠠᠨ ᠣᠳᠣ ᠶᠠᠭᠤ ᠪᠣᠯᠤᠭᠠᠳ ᠣᠯᠠᠨ ᠦᠭᠡ ᠬᠡᠯᠡᠪᠡ? ᠡᠮᠡᠰ ᠲᠠ ᠨᠠᠷ ᠤ᠋ᠨ ᠠᠭᠠᠰᠢ ᠶᠠᠭ ᠠᠳᠠᠯᠢᠬᠠᠨ ᠶᠤᠮ᠃ ᠳᠠᠷᠠᠭ᠎ᠠ ᠪᠣᠯ ᠭᠡᠵᠦ ᠲᠦᠯᠬᠢᠬᠦ ᠮᠥᠷ ᠲᠦ᠍ ᠳᠠᠷᠤᠭᠠᠳ ᠠᠪᠬᠤ ᠪᠠᠷ ᠲᠡᠪᠡᠷᠢᠭᠡᠳ ᠯᠡ ᠤᠭᠲᠤᠳᠠᠭ ᠰᠢᠦ ᠲᠠ ᠨᠠᠷ ᠭᠡᠵᠦ ᠴᠢᠯᠡᠳᠦ ᠢᠨᠢᠶᠡᠵᠦ ᠭᠡᠷ ᠡᠴᠡ ᠭᠠᠷᠪᠠ᠃ 
       ᠬᠠᠰᠠᠷ ᠰᠠᠮ ᠭᠦᠶᠦᠵᠦ ᠤᠭᠰᠠᠷᠠᠭ᠎ᠠ ᠲᠠᠢ ᠲᠡᠷᠭᠡᠨ ᠳᠡᠭᠡᠷ᠎ᠡ ᠲᠠᠯᠪᠢᠭᠰᠠᠨ᠂ ᠲᠡᠮᠦᠵᠢᠨ ᠦ᠌ ᠪᠠᠭ᠎ᠠ ᠠᠯᠲᠠ ᠶ᠋ᠢᠨ ᠨᠤᠮᠤ ᠶ᠋ᠢ ᠠᠪᠴᠤ ᠡᠷᠭᠢᠪᠡ᠃ ᠴᠢᠯᠡᠳᠦ ᠠᠷᠭᠠᠮᠵᠢᠶ᠎ᠠ ᠲᠠᠢ ᠠᠭᠲᠠ ᠶ᠋ᠢᠨ ᠵᠦᠭ ᠮᠣᠷᠢ ᠬᠠᠷᠠᠬᠤ ᠰᠠᠨᠠᠭᠠᠲᠠᠢ ᠲᠡᠨᠲᠦᠷ ᠲᠤᠨᠲᠠᠷ ᠠᠯᠬᠤᠬᠤ ᠨᠢ ᠬᠠᠷᠠᠩᠭᠤᠢ ᠳ᠋ᠤ᠌ ᠪᠥᠷᠲᠥᠯᠵᠡᠨ᠎ᠡ᠃ ᠬᠠᠰᠠᠷ ᠲᠤ ᠣᠯᠠᠨ ᠶᠠᠭᠤᠮ᠎ᠠ ᠪᠣᠳᠣᠬᠤ ᠴᠠᠭ ᠪᠠᠢᠭᠰᠠᠨ ᠦᠭᠡᠢ᠃ ᠭᠣᠣᠯ ᠨᠢ ᠠᠯᠳᠠᠵᠤ ᠬᠠᠷᠪᠤᠬᠤ ᠦᠭᠡᠢ ᠯᠡ ᠶᠦᠮ ᠰᠠᠨ ᠭᠡᠵᠦ ᠰᠢᠨᠠᠯᠤᠨ ᠲᠠᠷᠢᠬᠢ ᠨᠢ ᠯᠤᠭᠰᠢᠨ᠎ᠠ᠃ ᠴᠢᠯᠡᠳᠦ ᠮᠣᠷᠢ ᠬᠠᠷᠠᠴᠢᠬᠠᠭᠠᠳ ᠪᠣᠰᠴᠤ ᠡᠷᠭᠢᠬᠦ ᠳ᠋ᠦ᠍ᠨᠢ ᠶᠡᠷᠦ ᠳ᠋ᠡᠭᠡᠨ ᠲᠠᠪᠤᠨ ᠠᠯᠬᠤᠮ ᠤ᠋ᠨ ᠴᠠᠭᠠᠨ᠎ᠠ ᠵᠣᠭᠰᠣᠭᠰᠠᠨ ᠬᠠᠰᠠᠷ ᠰᠤᠮᠤ ᠪᠠᠨ ᠲᠠᠯᠪᠢᠵᠤ ᠣᠷᠬᠢᠪᠠ᠃ ᠬᠠᠰᠠᠷ ᠶᠠᠭᠤ ᠴᠦ᠍ ᠰᠣᠨᠣᠰᠤᠭᠰᠠᠨ ᠦᠭᠡᠢ᠃ ᠶᠡᠬᠡ ᠪᠡᠶᠡᠲᠦ ᠴᠢᠯᠡᠳᠦ ᠲᠡᠭᠦᠨ ᠦ᠌ ᠥᠭᠡᠳᠡ ᠡᠴᠡ ᠭᠤᠢᠪᠢᠨ ᠠᠯᠬᠤᠬᠤ ᠨᠢ ᠤᠨᠤᠭ᠎ᠠ ᠦᠭᠡᠢ ᠪᠣᠯᠤᠯᠲᠠᠢ᠃ ᠳᠠᠬᠢᠨ ᠰᠤᠮᠤ ᠣᠨᠢᠯᠠᠬᠤ ᠭᠡᠲᠡᠯ᠎ᠡ ᠭᠠᠷ ᠲᠤᠨᠢ ᠶᠠᠭᠤ ᠴᠦ᠍ ᠦᠯᠦ ᠪᠠᠷᠢᠭᠳᠠᠪᠠ᠃ ᠣᠳᠣ ᠡᠨᠡ ᠴᠢᠯᠡᠳᠦ ᠪᠠᠭᠠᠯᠵᠠᠭᠤᠷᠳᠠᠨ ᠠᠯᠠᠬᠤ ᠪᠠᠢᠬᠤ ᠭᠡᠵᠦ ᠪᠣᠳᠣᠭᠰᠠᠨ ᠴᠦ᠍ ᠬᠥᠳᠡᠯᠵᠦ ᠵᠢᠭᠤᠲᠠᠵᠤ ᠴᠢᠳᠠᠭᠰᠠᠨ ᠦᠭᠡᠢ᠃ ᠴᠢᠯᠡᠳᠦ ᠲᠡᠭᠦᠨ ᠳ᠋ᠦ᠍ ᠶᠠᠭ ᠲᠤᠯᠵᠤ ᠢᠷᠡᠭᠡᠳ ᠭᠠᠷ ᠢ᠋ᠶ᠋ᠠᠨ ᠰᠤᠩᠭᠠᠨ ᠨᠢᠭᠤᠷ ᠲᠤ ᠬᠤᠷᠤᠭᠤ ᠨᠢ ᠬᠦᠷᠦᠭᠰᠡᠨ ᠢ᠋ᠶ᠋ᠡᠨ ᠭᠡᠨᠡᠳᠲᠡ ᠲᠠᠰᠤ ᠭᠡᠳᠡᠷᠭᠦ ᠪᠡᠨ ᠰᠠᠪᠠᠨ ᠫᠡᠰᠬᠢᠨ ᠤᠨᠠᠪᠠ᠃ ᠬᠠᠰᠠᠷ ᠤ᠋ᠨ ᠰᠤᠮᠤ ᠴᠢᠯᠡᠳᠦ ᠶ᠋ᠢᠨ ᠵᠢᠷᠦᠬᠡᠨ ᠳ᠋ᠦ᠍ ᠭᠦᠨ ᠵᠣᠭᠣᠭᠳᠠᠵᠤ ᠲᠡᠷᠡ ᠡᠢᠨ ᠬᠦ᠌ ᠬᠣᠷᠣᠮ ᠤ᠋ᠨ ᠳᠣᠲᠣᠷ᠎ᠠ ᠦᠬᠦᠵᠡᠢ᠃ ᠴᠢᠯᠡᠳᠦ ᠶ᠋ᠢᠨ ᠱᠠᠭᠠᠷᠳᠠᠯᠭ᠎ᠠ᠂ ᠰᠣᠭᠲᠣᠭᠤ ᠬᠥᠯᠴᠥᠭᠦᠦ ᠦᠭᠡᠨ ᠳ᠋ᠦ᠍ ᠠᠪᠲᠠᠨ ᠤᠴᠢᠷ ᠢ᠋ᠶ᠋ᠠᠨ ᠣᠯᠬᠤ ᠦᠭᠡᠢ ᠬᠣᠴᠣᠷᠤᠭᠰᠠᠨ ᠥᠭᠡᠯᠦᠨ ᠪᠢᠲᠡᠭᠦᠦ ᠬᠠᠴᠢᠨ ᠴᠢᠮᠡᠭᠡ ᠭᠠᠷᠬᠤ ᠶ᠋ᠢ ᠰᠣᠨᠣᠰᠤᠭᠠᠳ ᠭᠦᠶᠦᠨ ᠭᠠᠷᠪᠠ᠃ ᠬᠣᠯᠠ ᠦᠭᠡᠢ ᠨᠢᠭᠡ ᠬᠥᠮᠦᠨ ᠵᠣᠭᠰᠣᠨ᠎ᠠ᠃ ᠲᠡᠭᠦᠨ ᠢ᠋ ᠲᠥᠷᠬᠦ ᠪᠡᠷ ᠨᠢ ᠬᠠᠰᠠᠷ ᠢ᠋ ᠭᠡᠵᠦ ᠬᠠᠷᠠᠮᠠᠭᠴᠠ ᠲᠠᠨᠢᠭᠠᠳ   
       — ᠬᠠᠰᠠᠷ᠁ ᠭᠡᠵᠦ ᠳᠠᠭᠤᠳᠠᠪᠠᠯ ᠣᠭᠲᠣ ᠬᠥᠳᠡᠯᠬᠦ ᠦᠭᠡᠢ ᠳ᠋ᠦ᠍ ᠬᠥᠪᠡᠭᠦᠨ ᠳ᠋ᠡᠭᠡᠨ ᠭᠡᠨᠡᠳᠲᠡ ᠰᠠᠨᠠᠭ᠎ᠠ ᠵᠣᠪᠠᠨᠢᠨ ᠭᠦᠶᠦᠨ ᠣᠴᠢᠵᠠᠢ᠃
       ᠵᠢᠷᠦᠬᠡᠨ ᠳ᠋ᠡᠭᠡᠨ ᠵᠡᠪᠡ ᠵᠣᠭᠣᠯᠭᠠᠭᠰᠠᠨ ᠴᠢᠯᠡᠳᠦ ᠳᠥᠷᠪᠡᠨ ᠮᠥᠴᠢ ᠪᠡᠨ ᠠᠯᠳᠠᠯᠠᠨ ᠬᠣᠷᠣᠮ ᠤ᠋ᠨ ᠳᠣᠲᠣᠷ᠎ᠠ ᠦᠬᠦᠵᠡᠢ᠃ ᠬᠠᠷᠢᠨ ᠬᠠᠰᠠᠷ ᠨᠢᠯᠪᠤᠰᠤ ᠨᠢ ᠤᠷᠤᠰᠤᠨ ᠬᠠᠯᠠᠭᠤᠷᠠᠭᠰᠠᠨ ᠮᠡᠲᠦ ᠴᠡᠴᠡᠷᠡᠵᠦ ᠵᠣᠭᠰᠣᠵᠠᠢ᠃ 
       — ᠬᠥᠪᠡᠭᠦᠨ ᠮᠢᠨᠢ᠂ ᠬᠠᠰᠠᠷ ᠮᠢᠨᠢ! 
       ᠬᠠᠰᠠᠷ ᠨᠢᠭᠡᠨᠲᠡ ᠡᠬᠡ ᠡᠴᠡ ᠪᠡᠨ ᠥᠨᠳᠥᠷ ᠪᠣᠯᠵᠠᠢ᠃ 
       —  ᠨᠠᠭᠠᠰᠢ ᠢᠷ᠎ᠡ᠃ ᠪᠢᠲᠡᠭᠡᠢ ᠠᠶᠤ᠃  
       — ᠡᠵᠢ ᠠ᠋ ᠭᠡᠵᠦ ᠬᠠᠰᠠᠷ ᠰᠢᠪᠡᠨᠡᠭᠡᠳ ᠰᠥᠬᠥᠷᠡᠨ ᠰᠠᠭᠤᠵᠤ ᠡᠩᠭᠡᠷ ᠲᠤᠨᠢ ᠨᠢᠭᠤᠷ ᠢ᠋ᠶ᠋ᠠᠨ ᠨᠠᠭᠠᠨ ᠠᠶᠤᠭᠰᠠᠨ ᠳ᠋ᠠᠭᠠᠨ ᠭᠠᠰᠢᠭᠤᠨ ᠢ᠋ᠶ᠋ᠠᠷ ᠮᠡᠭᠰᠢᠨ ᠤᠬᠢᠯᠠᠪᠠ᠃ ᠡᠨᠡ ᠪᠣᠯ ᠨᠢᠯᠬ᠎ᠠ ᠬᠥᠪᠡᠭᠦᠨ ᠳ᠋ᠦ᠍ᠨᠢ ᠳᠡᠩᠳᠡᠭᠦᠦ ᠠᠬᠠᠳᠠᠭᠰᠠᠨ ᠬᠡᠷᠡᠭ ᠪᠣᠯᠬᠤ ᠶ᠋ᠢ ᠥᠭᠡᠯᠦᠨ ᠣᠢᠯᠠᠭᠠᠵᠤ ᠬᠠᠰᠠᠷ ᠢ᠋ ᠲᠠᠢᠪᠤᠰᠢᠷᠠᠭᠤᠯᠤᠨ ᠬᠥᠯᠥᠰᠥ ᠲᠡᠢ ᠳᠤᠬᠤ ᠶ᠋ᠢ ᠨᠢ ᠣᠯᠠᠨᠲᠠ ᠦᠨᠦᠰᠦᠨ ᠠᠷᠭᠠᠳᠠᠪᠠ᠃ ᠬᠠᠰᠠᠷ ᠴᠦ᠍ ᠤᠳᠠᠯ ᠦᠭᠡᠢ ᠲᠠᠢᠪᠤᠰᠢᠷᠠᠵᠤ ᠡᠬᠡ ᠬᠦᠦ ᠬᠣᠶᠠᠷ ᠴᠢᠯᠡᠳᠦ ᠶ᠋ᠢᠨ ᠬᠡᠭᠦᠷ ᠢ᠋ ᠵᠢᠯᠠᠭᠠᠨ ᠳ᠋ᠤ᠌ ᠠᠪᠠᠴᠢᠵᠤ ᠬᠠᠶᠠᠭᠠᠳ᠂ ᠮᠠᠷᠭᠠᠰᠢ ᠥᠷᠯᠥᠭᠡ ᠨᠢ ᠪᠠᠭᠤᠷᠢ ᠰᠡᠯᠭᠦᠨ ᠨᠡᠭᠦᠪᠡ᠃ ᠠᠩᠬ᠎ᠠ ᠬᠠᠢᠷ᠎ᠠ ᠰᠡᠳᠬᠢᠯ ᠢ᠋ᠶ᠋ᠡᠨ ᠥᠭᠭᠦᠭᠰᠡᠨ ᠬᠥᠮᠦᠨ ᠢ᠋ᠶ᠋ᠡᠨ ᠥᠭᠡᠯᠦᠨ ᠡᠢᠨ ᠬᠦ᠌ ᠦᠬᠦᠭᠦᠯᠵᠦ ᠡᠵᠡᠭᠦᠢ ᠵᠢᠯᠠᠭᠠᠨ ᠳ᠋ᠤ᠌ ᠬᠡᠭᠦᠷ ᠢ᠋ ᠨᠢ ᠪᠤᠯᠠᠬᠤ ᠶᠣᠰᠣᠲᠠᠢ ᠪᠠᠢᠵᠠᠢ᠃ ᠡᠨᠡ ᠪᠣᠯ ᠬᠡᠨ ᠦ᠌ ᠴᠦ᠍ ᠵᠡᠭᠦᠳᠦᠨ ᠳ᠋ᠦ᠍ ᠣᠷᠣᠵᠤ ᠵᠢᠷᠦᠬᠡᠨ ᠳ᠋ᠦ᠍ ᠲᠠᠭᠠᠭᠳᠠᠬᠤ ᠦᠭᠡᠢ ᠬᠡᠷᠡᠭ ᠪᠢᠯᠡ᠃ ᠭᠠᠭᠴᠠ ᠥᠭᠡᠯᠦᠨ ᠪᠡᠷᠬᠡ ᠬᠠᠲᠠᠭᠤ ᠰᠡᠳᠬᠢᠯ ᠲᠡᠢ ᠪᠠᠷᠳᠠᠮ ᠴᠢᠨᠠᠳᠤ ᠵᠣᠷᠢᠯᠭ᠎ᠠ ᠲᠠᠢ ᠳ᠋ᠠᠭᠠᠨ ᠡᠢᠮᠦ ᠵᠣᠪᠠᠯᠠᠩ ᠢ᠋ ᠳᠠᠭᠠᠭᠠᠵᠤ ᠥᠩᠭᠡᠷᠡᠭᠡᠭᠰᠡᠨ ᠪᠢᠵᠡ ᠠ᠋᠃ ᠡᠬᠡ ᠬᠦᠦ ᠬᠣᠶᠠᠷ ᠪᠣᠯᠵᠤ ᠥᠩᠭᠡᠷᠡᠭᠰᠡᠨ ᠶᠠᠪᠤᠳᠠᠯ ᠤ᠋ᠨ ᠲᠤᠬᠠᠢ ᠬᠡᠨ ᠨᠢ ᠴᠦ᠍ ᠠᠮᠠ ᠨᠡᠭᠡᠭᠡᠭᠰᠡᠨ ᠦᠭᠡᠢ᠃  ᠬᠥᠪᠡᠭᠦᠨ ᠢ᠋ᠶ᠋ᠡᠨ ᠵᠥᠪ ᠵᠦᠢᠯ ᠬᠢᠭᠰᠡᠨ ᠭᠡᠵᠦ ᠰᠠᠢᠰᠢᠶᠠᠭᠰᠠᠨ ᠴᠤ᠌ ᠦᠭᠡᠢ ᠪᠠᠰᠠ ᠵᠢᠮᠡᠯᠡᠭᠰᠡᠨ ᠴᠦ᠍ ᠦᠭᠡᠢ᠃ ᠬᠠᠰᠠᠷ ᠢᠩᠭᠢᠵᠦ ᠠᠩᠬ᠎ᠠ ᠤᠳᠠᠭ᠎ᠠ ᠪᠡᠶ᠎ᠡ ᠳᠠᠭᠠᠭᠠᠨ ᠬᠥᠮᠦᠨ ᠠᠯᠠᠵᠤ᠂ ᠲᠡᠮᠦᠵᠢᠨ ᠠᠬ᠎ᠠ ᠶ᠋ᠢᠨ ᠢ᠋ᠶ᠋ᠡᠨ ᠡᠵᠡᠭᠦᠢ ᠳ᠋ᠦ᠍ ᠡᠬᠡ ᠶ᠋ᠢ ᠪᠡᠨ ᠬᠠᠮᠠᠭᠠᠯᠠᠬᠤ ᠴᠢᠳᠠᠯ ᠲᠠᠢ ᠪᠠᠨ ᠦᠵᠡᠭᠦᠯᠦᠭᠰᠡᠨ ᠳ᠋ᠡᠭᠡᠨ ᠲᠤᠢᠯ ᠤ᠋ᠨ ᠪᠠᠶᠠᠷᠲᠠᠢ ᠢᠲᠡᠭᠡᠯ ᠵᠣᠷᠢᠭᠲᠠᠢ ᠪᠣᠯᠵᠠᠢ᠃ ᠲᠦᠷᠦᠭᠦᠯᠡᠵᠦ ᠬᠠᠷᠪᠤᠵᠤ᠂ ᠥᠷᠢᠰᠴᠦ ᠠᠯᠠᠬᠤ ᠨᠢ ᠠᠮᠢ ᠪᠠᠨ ᠬᠠᠮᠠᠭᠠᠯᠠᠬᠤ ᠭᠠᠭᠴᠠ ᠠᠷᠭ᠎ᠠ ᠭᠡᠳᠡᠭ ᠢ᠋ ᠴᠦ᠍ ᠣᠢᠯᠠᠭᠠᠪᠠ᠃ ᠴᠢᠯᠡᠳᠦ ᠶ᠋ᠢ ᠬᠠᠰᠠᠷ ᠬᠠᠷᠪᠤᠵᠤ ᠠᠯᠠᠭᠰᠠᠨ ᠨᠢ ᠨᠢᠭᠤᠴᠠ ᠦᠯᠡᠳᠡᠭᠰᠡᠨ ᠴᠤ᠌ ᠥᠭᠡᠯᠦᠨ ᠦ᠌ ᠰᠡᠳᠬᠢᠯ ᠲᠠᠢᠪᠤᠰᠢᠷᠠᠭᠰᠠᠨ ᠦᠭᠡᠢ᠃ ᠴᠢᠯᠡᠳᠦ ᠶ᠋ᠢ ᠦᠬᠦᠭᠰᠡᠨ ᠳ᠋ᠦ᠍ ᠬᠠᠷᠠᠮᠰᠠᠮᠠᠷ ᠴᠤ᠌ ᠳᠠᠬᠢᠭᠠᠳ ᠬᠡᠨ ᠨᠢᠭᠡᠨ ᠥᠪᠡᠷ ᠲᠦ᠋ᠨᠢ ᠲᠠᠴᠢᠶᠠᠳᠠᠨ ᠰᠢᠨᠤᠵᠤ ᠪᠣᠯᠬᠤ ᠶ᠋ᠢ᠂ ᠢᠩᠭᠢᠪᠡᠯ ᠬᠥᠪᠡᠭᠦᠳ ᠨᠢ ᠵᠣᠯᠢᠶᠠᠰᠤ ᠪᠣᠯᠤᠨ ᠦᠷᠡᠭᠳᠡᠵᠦ ᠪᠣᠯᠬᠤ ᠠᠶᠤᠯ ᠪᠣᠢ ᠶ᠋ᠢ ᠲᠣᠳᠣ ᠮᠡᠳᠡᠪᠡ᠃ ᠡᠮ᠎ᠡ ᠬᠥᠮᠦᠨ ᠪᠣᠯᠵᠤ ᠲᠥᠷᠥᠨ᠎ᠡ ᠭᠡᠳᠡᠭ ᠶᠠᠭᠠᠬᠢᠭᠰᠠᠨ ᠶᠡᠬᠡ ᠭᠠᠰᠠᠯᠠᠩᠲᠤ ᠬᠤᠪᠢ ᠵᠣᠬᠢᠶᠠᠯ ᠪᠣᠯᠬᠤ ᠶ᠋ᠢ ᠥᠭᠡᠯᠦᠨ ᠪᠦᠷᠢᠨ ᠠᠮᠰᠠᠵᠤ ᠪᠠᠢᠯ᠎ᠠ᠃ ᠲᠡᠭᠦᠨ ᠦ᠌ ᠠᠮᠢ ᠠᠮᠢᠳᠤᠷᠠᠯ ᠨᠢ ᠥᠨᠥᠴᠢᠨ ᠪᠠᠯᠴᠢᠷ ᠬᠥᠪᠡᠭᠦᠳ ᠨᠢ ᠪᠥᠭᠡᠳ ᠲᠡᠳᠡ ᠡᠬᠡ ᠶ᠋ᠢ ᠪᠡᠨ ᠬᠡᠨ ᠦ᠌ ᠴᠤ᠌ ᠳᠣᠷᠣᠮᠵᠢᠯᠠᠯ ᠳ᠋ᠤ᠌ ᠥᠷᠲᠦᠭᠦᠯᠬᠦ ᠦᠭᠡᠢ ᠬᠠᠮᠠᠭᠠᠯᠠᠵᠤ ᠴᠢᠳᠠᠬᠤ ᠶ᠋ᠢ ᠰᠠᠶᠢ ᠦᠵᠡᠵᠦ ᠬᠠᠰᠠᠷ ᠬᠥᠪᠡᠭᠦᠨ ᠦ᠌ ᠪᠡᠨ ᠴᠢᠩᠭ᠎ᠠ ᠬᠠᠲᠠᠭᠤ ᠵᠣᠷᠢᠭ ᠰᠥᠰᠥ ᠶ᠋ᠢ ᠪᠢᠰᠢᠷᠡᠵᠡᠢ᠃ ᠬᠠᠰᠠᠷ ᠭᠡᠷ ᠦ᠋ᠨ ᠭᠠᠳᠠᠨ᠎ᠠ ᠴᠢᠩᠨᠠᠵᠤ ᠰᠠᠭᠤᠭᠰᠠᠨ ᠢ᠋ ᠴᠤ᠌ ᠭᠠᠳᠠᠷᠯᠠᠪᠠ᠃ ᠬᠠᠰᠠᠷ ᠤ᠋ᠨ ᠬᠠᠷᠠᠴᠠ ᠠᠵᠢᠬᠤ ᠳ᠋ᠤ᠌ ᠡᠬᠡ ᠶ᠋ᠢ ᠪᠡᠨ ᠦᠷᠦ ᠡᠪᠡᠳᠴᠦ ᠳᠡᠮᠵᠢᠭᠰᠡᠨ ᠰᠡᠳᠬᠢᠯ ᠶᠡᠬᠡ ᠪᠠᠢᠬᠤ ᠨᠢ ᠥᠭᠡᠯᠦᠨ ᠳ᠋ᠦ᠍ ᠰᠠᠢᠬᠠᠨ ᠰᠠᠨᠠᠭᠳᠠᠨ᠎ᠠ᠃ ᠴᠢᠯᠡᠳᠦ ᠶ᠋ᠢ ᠠᠯᠠᠭᠰᠠᠨ ᠤ᠋ ᠬᠣᠢᠨ᠎ᠠ ᠬᠠᠰᠠᠷ ᠲᠤᠩ ᠶᠡᠬᠡ ᠥᠭᠡᠷᠡᠴᠢᠯᠡᠭᠳᠡᠵᠡᠢ᠃ ᠡᠬᠡ ᠶ᠋ᠢ ᠪᠡᠨ ᠡᠭᠦᠷᠢᠳᠡ ᠬᠠᠢᠷᠠᠯᠠᠨ ᠬᠠᠮᠠᠭᠠᠯᠠᠬᠤ ᠲᠠᠩᠭᠠᠷᠢᠭ ᠥᠪᠡᠷ ᠲᠡᠭᠡᠨ ᠲᠠᠯᠪᠢᠭᠰᠠᠨ ᠢ᠋ ᠬᠠᠷᠢᠨ ᠥᠭᠡᠯᠦᠨ ᠮᠡᠳᠡᠭᠰᠡᠨ ᠦᠭᠡᠢ ᠪᠢᠯᠡ᠃ ᠭᠡᠪᠡᠴᠦ ᠬᠠᠰᠠᠷ ᠡᠬᠡ ᠳ᠋ᠡᠭᠡᠨ ᠤᠷᠢᠳ ᠤ᠋ᠨ ᠬᠢ ᠡᠴᠡ ᠪᠡᠨ ᠢᠯᠡᠭᠦᠦ ᠣᠨᠴᠠᠭᠠᠢ ᠳᠣᠲᠣᠨᠣ ᠬᠠᠨᠳᠤᠬᠤ ᠪᠣᠯᠤᠭᠰᠠᠨ ᠢ᠋ ᠦᠵᠡᠬᠦ ᠳ᠋ᠦ᠍ ᠥᠨᠥᠬᠢ ᠣᠮᠣᠭᠲᠠᠢ᠂ ᠠᠭᠤᠷ ᠤᠴᠠᠭᠠᠷ ᠲᠠᠢ ᠬᠥᠪᠡᠭᠦᠨ ᠮᠥᠨ ᠤᠤ ᠭᠡᠮᠡᠷ᠃ ᠬᠡᠳᠦᠢ ᠪᠤᠯᠢᠶᠠᠨ ᠠᠪᠠᠴᠢᠬᠤ ᠭᠡᠰᠡᠨ ᠳᠠᠢᠰᠤᠨ ᠢ᠋ ᠬᠥᠨᠥᠭᠡᠭᠰᠡᠨ ᠰᠠᠨᠠᠭᠳᠠᠪᠠᠴᠤ ᠡᠬᠡ ᠶ᠋ᠢ ᠪᠡᠨ ᠦᠭᠡ ᠳᠤᠤᠭᠠᠷᠬᠤ ᠦᠭᠡᠢ᠂ ᠲᠡᠷᠡ ᠶᠠᠪᠤᠳᠠᠯ ᠢ᠋ ᠮᠠᠷᠲᠠᠭᠰᠠᠨ ᠮᠡᠲᠦ ᠪᠠᠢᠬᠤ ᠳ᠋ᠤᠨᠢ ᠲᠠᠢᠳᠬᠤᠷᠠᠪᠠᠴᠤ ᠠᠯᠤᠰ ᠢ᠋ ᠰᠢᠷᠲᠡᠨ ᠰᠠᠨᠠᠭ᠎ᠠ ᠠᠯᠳᠠᠬᠤ᠂ ᠦᠳᠡᠰᠢ ᠭᠠᠯ ᠰᠢᠷᠲᠡᠨ ᠪᠣᠳᠣᠯ ᠳ᠋ᠤ᠌ ᠳᠠᠷᠤᠭᠳᠠᠨ ᠰᠠᠭᠤᠬᠤ ᠶ᠋ᠢ ᠨᠢ ᠦᠵᠡᠭᠡᠳ ᠬᠠᠰᠠᠷ ᠬᠠᠷᠠᠮᠰᠠᠨ᠂ ᠳᠡᠮᠡᠢ ᠶᠠᠭᠤᠮ᠎ᠠ ᠬᠢᠪᠡ ᠭᠡᠵᠦ ᠬᠠᠯᠠᠭᠯᠠᠨ ᠪᠣᠳᠣᠬᠤ ᠪᠣᠯᠪᠠᠴᠤ ᠮᠡᠷᠭᠢᠳ ᠠᠢᠮᠠᠭ ᠲᠤ ᠬᠦᠴᠦ ᠪᠡᠷ ᠠᠪᠠᠴᠢᠨ᠎ᠠ ᠭᠡᠰᠡᠨ ᠢ᠋ ᠰᠠᠨᠠᠭᠠᠳ ᠲᠠᠢᠪᠤᠰᠢᠷᠠᠨ᠎ᠠ᠃ ᠪᠠᠰᠠ ᠡᠬᠡ ᠨᠢ ᠲᠠᠭ ᠳᠠᠭᠤ ᠦᠭᠡᠢ ᠪᠣᠯᠪᠠᠴᠤ ᠴᠠᠭᠠᠨ᠎ᠠ ᠪᠠᠨ ᠳᠠᠮᠵᠢᠨ ᠰᠠᠢᠰᠢᠶᠠᠵᠤ ᠪᠠᠢᠭ᠎ᠠ ᠶ᠋ᠢ ᠮᠡᠳᠡᠷᠡᠬᠦ ᠪᠥᠯᠥᠭᠡ᠃ ᠡᠨᠡ ᠶᠠᠪᠤᠳᠠᠯ ᠠ᠋ᠴᠠ ᠬᠣᠢᠰᠢ ᠬᠠᠰᠠᠷ ᠥᠭᠡᠯᠦᠨ ᠬᠣᠶᠠᠷ ᠪᠦᠷ ᠴᠦ᠍ ᠣᠨᠴᠠᠭᠠᠢ ᠳᠣᠲᠣᠨᠣ ᠪᠣᠯᠤᠭᠰᠠᠨ ᠶᠤᠮ᠃ ᠪᠣᠯᠤᠭᠰᠠᠨ ᠬᠡᠷᠡᠭ ᠬᠢᠭᠰᠡᠨ ᠦᠢᠯᠡ ᠪᠡᠨ ᠬᠠᠰᠠᠷ ᠲᠡᠮᠦᠵᠢᠨ ᠢ᠋ ᠲᠠᠢᠴᠢᠭᠤᠳ ᠤ᠋ᠨ ᠣᠯᠵᠠᠨ ᠠ᠋ᠴᠠ ᠵᠢᠭᠤᠲᠠᠵᠤ ᠢᠷᠡᠭᠰᠡᠨ ᠬᠣᠢᠨ᠎ᠠ ᠴᠤ᠌ ᠨᠡᠭᠡᠭᠡᠵᠦ ᠬᠡᠯᠡᠭᠰᠡᠨ ᠦᠭᠡᠢ᠃ ᠡᠭᠦᠨ ᠳ᠋ᠦ᠍ ᠡᠬᠡ ᠨᠢ ᠶᠡᠬᠡᠳᠡ ᠲᠠᠯᠠᠷᠬᠠᠯᠲᠠᠢ ᠪᠠᠢᠭ᠎ᠠ ᠶ᠋ᠢ ᠮᠡᠳᠡᠭᠡᠳ ᠬᠠᠰᠠᠷ ᠬᠡᠯᠡᠬᠦ ᠪᠡᠨ ᠨᠢᠭᠡᠨᠲᠡ ᠪᠣᠯᠢᠵᠠᠢ᠃ ᠤᠭ ᠨᠢ ᠲᠡᠷᠡ ᠮᠡᠷᠭᠢᠳ ᠦ᠋ᠨ ᠶᠡᠬᠡ ᠴᠢᠯᠡᠳᠦ ᠶ᠋ᠢ ᠬᠡᠷᠬᠢᠨ ᠣᠨᠣᠪᠴᠢᠲᠠᠢ ᠬᠠᠷᠪᠤᠵᠤ ᠦᠬᠦᠭᠦᠯᠦᠭᠰᠡᠨ ᠢ᠋ᠶ᠋ᠡᠨ ᠲᠡᠮᠦᠵᠢᠨ ᠪᠣᠯᠤᠭᠠᠳ ᠪᠡᠯᠭᠦᠳᠡᠢ ᠳ᠋ᠦ᠍ ᠬᠡᠯᠡᠮᠡᠷ ᠰᠠᠨᠠᠭᠳᠠᠭᠠᠳ ᠪᠦᠷ ᠲᠡᠰᠬᠡᠯ ᠦᠭᠡᠢ ᠬᠡᠯᠡ ᠨᠢ ᠵᠠᠭᠠᠲᠤᠨᠠᠵᠤ ᠪᠠᠢᠭᠰᠠᠨ ᠴᠤ᠌ ᠡᠬᠡ ᠶ᠋ᠢᠨ ᠢ᠋ᠶ᠋ᠡᠨ ᠨᠢᠭᠤᠴᠠ ᠶ᠋ᠢ ᠡᠭᠦᠷᠢᠳᠡ ᠴᠢᠩᠳᠠ ᠬᠠᠳᠠᠭᠠᠯᠠᠬᠤ ᠪᠠᠷ ᠰᠢᠢᠳᠴᠡᠢ᠃  
       ᠥᠭᠡᠯᠦᠨ ᠢ᠋ ᠳᠡᠮᠡᠢ ᠯᠡ ᠤᠬᠢᠯᠠᠵᠤ ᠰᠠᠭᠤᠬᠤ ᠠ᠋ᠴᠠ ᠴᠠᠭᠠᠰᠢ ᠦᠭᠡᠢ ᠬᠡᠳᠦᠨ ᠰᠠᠷ᠎ᠠ ᠥᠩᠭᠡᠷᠡᠭᠡᠵᠦ ᠪᠠᠢᠲᠠᠯ᠎ᠠ ᠲᠤᠷᠠᠵᠤ ᠡᠴᠡᠭᠰᠡᠨ ᠳ᠋ᠡᠭᠡᠨ ᠥᠨᠳᠥᠷ ᠴᠦ᠍ ᠪᠣᠯᠤᠭᠰᠠᠨ ᠴᠦ᠍ ᠶᠤᠮ ᠰᠢᠭ᠋ ᠲᠡᠮᠦᠵᠢᠨ ᠡᠴᠡᠭᠰᠡᠨ ᠮᠣᠷᠢ ᠪᠠᠨ ᠬᠥᠲᠥᠯᠦᠭᠰᠡᠭᠡᠷ ᠮᠥᠯᠬᠥᠬᠦ ᠰᠢᠬᠠᠮ ᠢᠷᠡᠭᠰᠡᠨ ᠨᠢ ᠲᠡᠳᠡᠨ ᠢ᠋ ᠤᠨᠤᠨ ᠮᠥᠷᠡᠨ ᠦ᠌ ᠡᠬᠢ ᠬᠢᠮᠤᠷᠠᠭ᠎ᠠ ᠭᠣᠷᠣᠬᠠᠨ ᠤ᠋ ᠳᠡᠷᠭᠡᠳᠡ ᠪᠡᠲᠡᠷ ᠬᠤᠰᠢᠭᠤᠨ ᠤ᠋ ᠬᠣᠷᠴᠢᠬᠤᠢ ᠪᠤᠯᠠᠭ ᠲᠤ ᠪᠠᠢᠬᠤ ᠳ᠋ᠤ᠌ ᠪᠣᠯᠵᠠᠢ᠃ ᠲᠡᠮᠦᠵᠢᠨ ᠦ᠌ ᠬᠣᠶᠠᠷ ᠬᠥᠮᠥᠰᠬᠡ ᠶ᠋ᠢᠨ ᠬᠣᠭᠣᠷᠣᠨᠳᠣ ᠪᠣᠰᠤᠭ᠎ᠠ ᠭᠦᠨᠵᠡᠭᠡᠢ ᠦᠷᠴᠢᠯᠡᠭᠡ ᠨᠡᠮᠡᠭᠳᠡᠵᠡᠢ᠃ ᠡᠨᠡ ᠪᠣᠯ ᠲᠠᠷᠭᠤᠲᠠᠢ ᠶ᠋ᠢᠨ ᠬᠦᠷᠢᠶᠡᠨ ᠳ᠋ᠦ᠍ ᠲᠡᠮᠦᠵᠢᠨ ᠦ᠌ ᠦᠵᠡᠭᠰᠡᠨ ᠵᠣᠪᠠᠯᠠᠩ ᠤ᠋ᠨ ᠬᠡᠵᠢᠶ᠎ᠡ ᠴᠦ᠍ ᠦᠯᠦ ᠠᠷᠢᠯᠬᠤ ᠭᠦᠨ ᠲᠠᠮᠠᠭ᠎ᠠ ᠶᠤᠮ᠃ ᠲᠠᠷᠭᠤᠲᠠᠢ ᠬᠥᠭᠡᠴᠦ ᠶ᠋ᠢᠨ ᠬᠡᠯᠡᠭᠰᠡᠨᠴᠢᠯᠡᠨ ᠲᠡᠮᠦᠵᠢᠨ ᠢ᠋ ᠠᠯᠠᠭᠰᠠᠨ ᠦᠭᠡᠢ᠃ ᠲᠠᠢᠴᠢᠭᠤᠳ ᠤ᠋ᠨ ᠨᠡᠷᠡᠲᠡᠢ ᠵᠢᠰᠦᠲᠡᠢ ᠲᠣᠯᠣᠭᠠᠢᠯᠠᠭᠴᠢ ᠬᠥᠮᠦᠨ ᠨᠠᠰᠤ ᠭᠦᠢᠴᠡᠵᠦ ᠶᠠᠰᠤ ᠪᠡᠬᠢᠵᠢᠭᠡ ᠦᠭᠡᠢ ᠬᠥᠪᠡᠭᠦᠨ ᠢ᠋ ᠦᠰ ᠰᠠᠨᠠᠵᠤ ᠬᠣᠷᠣᠭᠠᠬᠤ ᠨᠢ ᠵᠥᠭᠡᠯᠡᠨ ᠰᠡᠳᠬᠢᠯᠲᠡᠢ ᠣᠯᠠᠨ ᠤ᠋ ᠰᠡᠳᠬᠢᠯ ᠳ᠋ᠦ᠍ ᠰᠡᠪ ᠰᠠᠭᠤᠯᠭᠠᠬᠤ ᠠ᠋ᠴᠠ ᠴᠠᠭᠠᠰᠢ ᠦᠭᠡᠢ ᠭᠡᠵᠦ ᠲᠠᠷᠭᠤᠲᠠᠢ ᠪᠣᠳᠣᠵᠠᠢ᠃ ᠡᠨᠡ ᠪᠠᠯᠴᠢᠷ ᠬᠥᠪᠡᠭᠦᠨ ᠥᠰᠴᠦ ᠥᠨᠳᠡᠢᠵᠦ ᠥᠪᠡᠷ ᠲᠦ᠋ᠨᠢ ᠳᠠᠢᠰᠤᠩᠨᠠᠲᠠᠯ᠎ᠠ ᠬᠠᠮᠢᠭ᠎ᠠ ᠴᠦ᠍ ᠶᠤᠮ ᠪᠣᠢ? ᠲᠠᠷᠭᠤᠲᠠᠢ ᠶ᠋ᠢᠨ ᠭᠣᠣᠯ ᠬᠦᠰᠡᠭᠰᠡᠨ ᠨᠢ ᠲᠡᠮᠦᠵᠢᠨ ᠢ᠋ ᠵᠠᠰᠠᠵᠤ ᠬᠥᠮᠦᠵᠢᠭᠦᠯᠦᠨ ᠥᠪᠡᠷ ᠦ᠋ᠨ ᠭᠠᠷ ᠤ᠋ᠨ ᠳᠣᠣᠷ᠎ᠠ ᠢᠲᠡᠭᠡᠯᠲᠡᠢ ᠬᠥᠮᠦᠨ ᠪᠣᠯᠭᠠᠬᠤ ᠶᠠᠪᠤᠳᠠᠯ ᠪᠠᠢᠪᠠ᠃ ᠢᠩᠭᠢᠵᠦ ᠬᠢᠮᠠᠨ ᠣᠳᠣ ᠵᠠᠮᠤᠬ᠎ᠠ ᠶ᠋ᠢᠨ ᠳᠡᠷᠭᠡᠳᠡ ᠣᠴᠢᠭᠰᠠᠨ ᠶᠢᠰᠦᠭᠡᠢ ᠶ᠋ᠢᠨ ᠬᠠᠭᠤᠴᠢᠨ ᠠᠯᠪᠠᠲᠤ ᠢᠷᠭᠡᠳ ᠢ᠋ ᠥᠪᠡᠷ ᠲᠡᠭᠡᠨ ᠨᠢᠭᠡᠳᠬᠡᠬᠦ ᠳ᠋ᠦ᠍ ᠠᠯᠤᠰ ᠲᠠᠭᠠᠨ ᠬᠡᠷᠡᠭ ᠪᠣᠯᠤᠨ᠎ᠠ᠃ ᠠᠯᠤᠰ ᠬᠣᠵᠢᠮ ᠲᠠᠢᠴᠢᠭᠤᠳ ᠪᠣᠷᠵᠢᠭᠢᠨ ᠬᠣᠶᠠᠷ ᠢ᠋ ᠨᠢᠭᠡᠳᠬᠡᠨ ᠠᠢᠮᠠᠭ ᠤ᠋ᠨ ᠬᠠᠨ ᠪᠣᠯᠬᠤ ᠬᠦᠰᠡᠯ ᠲᠠᠷᠭᠤᠲᠠᠢ ᠳ᠋ᠤ᠌ ᠪᠠᠢᠯ᠎ᠠ᠃ ᠡᠨᠡ ᠵᠣᠷᠢᠯᠭ᠎ᠠ ᠪᠠᠨ ᠬᠡᠷᠡᠭᠵᠢᠭᠦᠯᠬᠦ ᠳ᠋ᠦ᠍ ᠲᠡᠮᠦᠵᠢᠨ ᠢ᠋ᠶ᠋ᠡᠷ ᠳᠠᠮᠵᠢᠭᠤᠯᠤᠨ ᠶᠢᠰᠦᠭᠡᠢ ᠶ᠋ᠢᠨ ᠨᠡᠷ᠎ᠡ ᠬᠦᠨᠳᠦ ᠶ᠋ᠢ ᠥᠪᠡᠷ ᠲᠡᠭᠡᠨ ᠠᠰᠢᠭᠯᠠᠬᠤ ᠪᠣᠳᠣᠯ ᠲᠠᠢ ᠲᠤᠯᠠ ᠲᠡᠮᠦᠵᠢᠨ ᠢ᠋ ᠥᠪᠡᠷ ᠦ᠋ᠨ ᠳᠡᠷᠭᠡᠳᠡ ᠬᠦᠴᠦ ᠪᠡᠷ ᠠᠪᠴᠢᠷᠠᠭᠰᠠᠨ ᠪᠢᠯᠡ᠃ ᠲᠡᠮᠦᠵᠢᠨ ᠬᠥᠪᠡᠭᠦᠨ ᠢ᠋ ᠳᠥᠩᠭᠡᠯᠡᠨ ᠥᠪᠡᠷ ᠦ᠋ᠨ ᠬᠦᠷᠢᠶᠡᠨ ᠦ᠌ ᠠᠢᠯ ᠪᠣᠯᠭᠠᠨ ᠳ᠋ᠤ᠌ ᠨᠢᠭᠡ ᠨᠢᠭᠡ ᠬᠣᠨᠣᠭᠤᠯᠵᠤ ᠵᠠᠯᠬᠠᠭᠠᠭᠰᠠᠨ ᠨᠢ ᠲᠡᠭᠦᠨ ᠦ᠌ ᠵᠢᠷᠦᠬᠡ ᠶ᠋ᠢ ᠦᠬᠦᠭᠦᠯᠬᠦ ᠪᠠᠰᠠ ᠶᠢᠰᠦᠭᠡᠢ ᠶ᠋ᠢᠨ ᠬᠠᠭᠤᠴᠢᠨ ᠥᠨᠳᠥᠷ ᠨᠡᠷ᠎ᠡ ᠬᠦᠨᠳᠦ ᠶ᠋ᠢ ᠮᠠᠷᠲᠠᠭᠤᠯᠬᠤ᠂ ᠲᠠᠢᠴᠢᠭᠤᠳ ᠢ᠋ ᠪᠣᠷᠵᠢᠭᠢᠨ ᠠᠢᠮᠠᠭ ᠤ᠋ᠨ ᠬᠢᠨ ᠡᠴᠡ ᠳᠡᠭᠡᠷ᠎ᠡ ᠳ᠋ᠦ᠍ ᠦᠵᠡᠭᠦᠯᠬᠦ ᠭᠡᠰᠡᠨ ᠰᠠᠨᠠᠭ᠎ᠠ ᠪᠠᠢᠪᠠ᠃ ᠭᠡᠲᠡᠯ᠎ᠡ ᠲᠡᠮᠦᠵᠢᠨ ᠲᠠᠷᠭᠤᠲᠠᠢ ᠶ᠋ᠢᠨ ᠪᠣᠳᠣᠭᠰᠠᠨ ᠰᠢᠭ᠋ ᠬᠢᠯᠪᠠᠷ ᠳᠣᠷᠣᠢ ᠬᠥᠮᠦᠨ ᠪᠢᠰᠢ ᠠᠵᠢ᠃ ᠲᠡᠭᠦᠨ ᠦ᠌ ᠰᠠᠨᠠᠭᠰᠠᠨ ᠰᠢᠭ᠋ ᠤᠬᠢᠯᠠᠵᠤ ᠤᠨᠵᠢᠨ᠂ ᠠᠪᠤᠷᠠᠯ ᠥᠷᠥᠰᠢᠶᠡᠯ ᠡᠷᠢᠭᠰᠡᠨ ᠦᠭᠡᠢ᠂ ᠪᠦᠷ ᠴᠢᠷᠠᠮ᠎ᠠ ᠨᠢᠴᠦᠭᠦᠯᠡᠵᠦ ᠲᠡᠷᠭᠡᠨ ᠳᠡᠭᠡᠷ᠎ᠡ ᠲᠡᠯᠡᠵᠦ ᠵᠠᠯᠬᠠᠭᠠᠭᠰᠠᠨ ᠴᠦ᠍ ᠳᠣᠣᠷ᠎ᠠ ᠦᠭᠡ ᠬᠡᠯᠡᠭᠰᠡᠨ ᠦᠭᠡᠢ ᠨᠢ ᠲᠠᠷᠭᠤᠲᠠᠢ ᠶ᠋ᠢᠨ ᠠᠭᠤᠷ ᠴᠢᠬᠤᠯ ᠢ᠋ ᠪᠠᠷᠠᠵᠠᠢ᠃ ᠭᠡᠲᠡᠯ᠎ᠡ ᠡᠳᠦᠷ ᠪᠦᠷᠢ ᠪᠠᠯᠴᠢᠷ ᠬᠥᠪᠡᠭᠦᠨ ᠲᠡᠢ ᠵᠢᠭᠤᠷᠠᠯᠳᠤᠬᠤ ᠨᠢ ᠵᠣᠬᠢᠰ ᠦᠭᠡᠢ ᠲᠤᠯᠠ ᠲᠡᠭᠦᠨ ᠢ᠋ ᠠᠢᠯ ᠠᠢᠯ ᠳ᠋ᠤ᠌ ᠬᠣᠨᠣᠭᠤᠯᠵᠤ ᠲᠡᠳᠡᠨ ᠳ᠋ᠦ᠍ ᠬᠠᠷᠠᠭᠠᠯᠵᠠᠬᠤ ᠶ᠋ᠢ ᠳᠠᠭᠠᠭᠠᠯᠭᠠᠭᠰᠠᠨ ᠨᠢ ᠲᠡᠮᠦᠵᠢᠨ ᠳ᠋ᠦ᠍ ᠵᠢᠭᠤᠲᠠᠬᠤ ᠪᠣᠯᠤᠮᠵᠢ ᠣᠯᠭᠤᠵᠠᠢ᠃ ᠣᠯᠠᠨ ᠤ᠋ ᠨᠠᠢᠷ ᠵᠠᠳᠠᠭᠠᠢᠷᠠᠬᠤ ᠶ᠋ᠢᠨ ᠴᠠᠭ ᠲᠤ ᠮᠠᠨᠠᠵᠤ ᠪᠠᠢᠭᠰᠠᠨ ᠬᠢᠯᠪᠠᠷ ᠬᠥᠪᠡᠭᠦᠨ ᠢ᠋ ᠴᠣᠬᠢᠵᠤ ᠤᠨᠠᠭᠠᠭᠠᠳ ᠤᠨᠤᠨ ᠤ᠋ ᠤᠰᠤᠨ ᠳ᠋ᠤ᠌ ᠬᠡᠪᠲᠡᠨ ᠨᠢᠭᠤᠭᠳᠠᠭᠰᠠᠨ ᠲᠡᠮᠦᠵᠢᠨ ᠢ᠋ ᠦᠵᠡᠭᠰᠡᠨ ᠰᠤᠷᠬᠠᠨ ᠰᠢᠷ᠎ᠠ ᠭᠡᠭᠴᠢ ᠬᠡᠯᠡᠭᠰᠡᠨ ᠦᠭᠡᠢ᠂ ᠬᠠᠷᠢᠨ ᠴᠦ᠍ ᠳᠠᠷᠠᠭ᠎ᠠ ᠨᠢ ᠤᠨᠤᠭ᠎ᠠ᠂ ᠬᠦᠨᠡᠰᠦ ᠥᠭᠴᠦ ᠶᠠᠪᠤᠭᠤᠯᠵᠠᠢ᠃ ᠲᠡᠷᠡ ᠰᠤᠷᠬᠠᠨ ᠰᠢᠷ᠎ᠠ ᠭᠡᠭᠴᠢ ᠨᠢ ᠲᠠᠢᠴᠢᠭᠤᠳ ᠢ᠋ ᠳᠠᠭᠠᠵᠤ ᠶᠠᠪᠤᠭᠰᠠᠨ ᠰᠦᠯᠳᠡᠰᠦᠨ ᠣᠪᠣᠭ ᠤ᠋ᠨ ᠪᠣᠭᠣᠯ ᠬᠥᠮᠦᠨ ᠲᠤᠯᠠ ᠳᠣᠲᠣᠷ᠎ᠠ ᠪᠠᠨ ᠲᠡᠮᠦᠵᠢᠨ ᠢ᠋ ᠲᠡᠭᠡᠵᠦ ᠳᠠᠷᠤᠯᠠᠭᠳᠠᠬᠤ ᠳ᠋ᠤ᠌ ᠳᠤᠷ᠎ᠠ ᠦᠭᠡᠢ ᠪᠠᠢᠵᠠᠢ᠃  
       ᠡᠢᠨ ᠲᠡᠮᠦᠵᠢᠨ ᠦ᠌ ᠭᠠᠪᠰᠢᠭᠠᠢ᠂ ᠵᠣᠷᠢᠮᠠᠭ ᠤ᠋ᠨ ᠠᠴᠢ ᠪᠠᠷ ᠠᠮᠢ ᠪᠠᠨ ᠠᠪᠤᠷᠠᠨ ᠢᠷᠡᠭᠰᠡᠨ ᠨᠢ ᠲᠡᠳᠡᠨ ᠦ᠌ ᠭᠡᠷ ᠪᠦᠯᠢ ᠳ᠋ᠦ᠍ ᠳᠡᠪᠵᠢᠨ ᠳᠡᠭᠡᠭᠰᠢᠯᠡᠬᠦ ᠶ᠋ᠢᠨ ᠳᠣᠬᠢᠶ᠎ᠠ ᠪᠣᠯᠤᠭᠰᠠᠨ ᠮᠡᠲᠦ ᠥᠭᠡᠯᠦᠨ ᠳ᠋ᠦ᠍ ᠰᠠᠨᠠᠭᠳᠠᠵᠠᠢ᠃  ᠬᠥᠪᠡᠭᠦᠨ ᠨᠢ ᠢᠷᠡᠮᠡᠭᠴᠡ ᠡᠷᠦᠬᠡ ᠭᠡᠷ ᠦ᠋ᠨ ᠠᠮᠢᠳᠤᠷᠠᠯ  ᠲᠡᠭᠰᠢᠷᠡᠨ ᠳᠦᠭᠦᠷᠬᠦ ᠰᠢᠭ ᠪᠣᠯᠵᠤ ᠶᠠᠷᠢᠯᠴᠠᠵᠤ ᠵᠥᠪᠯᠡᠭᠡᠳ ᠲᠡᠮᠦᠵᠢᠨ ᠦ᠌ ᠬᠡᠯᠡᠭᠰᠡᠨ ᠢ᠋ᠶ᠋ᠡᠷ ᠳᠠᠷᠤᠢ ᠨᠡᠭᠦᠵᠦ ᠲᠠᠢᠴᠢᠭᠤᠳ ᠤ᠋ᠨ ᠳᠠᠬᠢᠨ ᠣᠯᠬᠤ ᠦᠭᠡᠢ ᠭᠠᠵᠠᠷ ᠨᠢᠭᠤᠭᠳᠠᠬᠤ ᠨᠢ ᠵᠥᠪ ᠭᠡᠵᠦ ᠰᠢᠢᠳᠴᠡᠢ᠃ ᠡᠨᠡ ᠪᠣᠯ ᠥᠭᠡᠯᠦᠨ ᠦ᠌ ᠬᠤᠪᠢ ᠳ᠋ᠤ᠌ ᠠᠩᠬ᠎ᠠ ᠤᠳᠠᠭ᠎ᠠ ᠲᠡᠮᠦᠵᠢᠨ ᠳ᠋ᠡᠭᠡᠨ ᠡᠷᠦᠬᠡ ᠶ᠋ᠢᠨ ᠳᠣᠲᠣᠷᠠᠬᠢ ᠡᠷᠬᠡ ᠶ᠋ᠢ ᠪᠦᠷᠢᠨ ᠰᠢᠯᠵᠢᠭᠦᠯᠦᠨ ᠥᠭᠭᠦᠭᠰᠡᠨ ᠢ᠋ᠶ᠋ᠡᠨ ᠢᠯᠡᠷᠬᠡᠢᠯᠡᠭᠰᠡᠨ ᠶᠠᠪᠤᠳᠠᠯ ᠪᠣᠯᠵᠠᠢ᠃ ᠡᠭᠦᠨ ᠡᠴᠡ ᠬᠣᠢᠰᠢ ᠥᠭᠡᠯᠦᠨ ᠵᠥᠪᠬᠡᠨ ᠲᠡᠮᠦᠵᠢᠨ ᠳ᠋ᠦ᠍ ᠵᠥᠪᠯᠡᠬᠦ ᠡᠷᠬᠡ ᠲᠡᠢ ᠬᠣᠴᠣᠷᠴᠠᠢ᠃ ᠲᠡᠮᠦᠵᠢᠨ ᠦ᠌ ᠭᠠᠷᠭᠠᠭᠰᠠᠨ ᠰᠢᠢᠳᠪᠦᠷᠢ ᠶᠣᠰᠣᠭᠠᠷ ᠨᠡᠭᠦᠵᠦ ᠬᠠᠰᠠᠷ᠂ ᠪᠡᠯᠭᠦᠳᠡᠢ ᠪᠦᠷ ᠬᠠᠴᠢᠭᠤᠨ᠂ ᠲᠡᠮᠦᠭᠡ ᠴᠦ᠍ ᠪᠠᠯᠴᠢᠷ ᠭᠡᠯ ᠦᠭᠡᠢ ᠬᠠᠷᠪᠤᠬᠤ ᠴᠠᠪᠴᠢᠬᠤ ᠰᠤᠷᠭᠠᠭᠤᠯᠢ ᠶ᠋ᠢ ᠡᠳᠦᠷ ᠪᠦᠷᠢ ᠬᠢᠬᠦ ᠪᠣᠯᠵᠠᠢ᠃ ᠲᠡᠮᠦᠵᠢᠨ ᠦ᠌ ᠤᠳᠤᠷᠢᠳᠤᠯᠭ᠎ᠠ ᠶ᠋ᠢᠨ ᠳᠣᠣᠷ᠎ᠠ ᠢᠩᠭᠢᠵᠦ ᠬᠡᠳᠦᠨ ᠵᠢᠯ ᠠᠮᠤᠷ ᠰᠠᠭᠤᠪᠠ᠃ ᠲᠠᠢᠪᠤᠩ ᠠᠮᠤᠭᠤᠯᠠᠩ᠂ ᠨᠢᠭᠤᠴᠠᠭᠠᠢ ᠠᠮᠢᠳᠤᠷᠠᠯ ᠳ᠋ᠠᠭᠠᠨ ᠲᠡᠰᠴᠦ ᠣᠳᠣ ᠲᠡᠭᠦᠨ ᠡᠴᠡ ᠬᠡᠨ ᠴᠦ᠍ ᠬᠥᠪᠡᠭᠦᠳ ᠢ᠋ ᠨᠢ ᠪᠤᠯᠢᠶᠠᠨ ᠠᠪᠬᠤ ᠦᠭᠡᠢ ᠶᠦᠮ ᠰᠢᠭ᠂ ᠪᠠᠰᠠ ᠥᠰᠴᠦ ᠪᠤᠯᠴᠢᠩ ᠰᠢᠷᠪᠥᠰᠥ ᠴᠢᠩᠭᠠᠷᠠᠵᠤ ᠬᠠᠷᠪᠤᠵᠤ ᠴᠠᠪᠴᠢᠬᠤ ᠨᠢ ᠮᠡᠷᠭᠡᠨ ᠱᠠᠯᠠᠮᠠᠭᠠᠢ ᠪᠣᠯᠤᠭᠰᠠᠨ ᠬᠥᠪᠡᠭᠦᠳ ᠨᠢ ᠬᠡᠨ ᠳ᠋ᠦ᠍ ᠴᠦ᠍ ᠳᠡᠢᠯᠳᠡᠬᠦ ᠦᠭᠡᠢ ᠶᠦᠮ ᠰᠢᠭ ᠥᠭᠡᠯᠦᠨ ᠳ᠋ᠦ᠍ ᠰᠠᠨᠠᠭᠳᠠᠬᠤ ᠪᠣᠯᠵᠠᠢ᠃ ᠡᠨᠡ ᠪᠣᠯ ᠵᠥᠪᠬᠡᠨ ᠡᠬᠡ ᠬᠥᠮᠦᠨ ᠦ᠌ ᠦᠷ᠎ᠡ ᠪᠡᠷ ᠢ᠋ᠶ᠋ᠡᠨ ᠪᠠᠬᠠᠷᠬᠠᠬᠤ ᠰᠡᠳᠬᠢᠯ ᠡᠴᠡ ᠥᠭᠡᠷ᠎ᠡ ᠶᠠᠭᠤ ᠴᠦ᠍ ᠪᠢᠰᠢ ᠪᠠᠢᠯ᠎ᠠ᠃  
       ᠬᠠᠷᠢᠨ ᠥᠭᠡᠯᠦᠨ ᠲᠡᠮᠦᠵᠢᠨ ᠬᠥᠪᠡᠭᠦᠨ ᠢ᠋ᠶ᠋ᠡᠨ ᠡᠭᠦᠷᠢᠳᠡ ᠠᠯᠳᠠᠨ᠎ᠠ ᠭᠡᠵᠦ ᠰᠠᠨᠠᠭᠰᠠᠨ ᠦᠭᠡᠢ᠃ ᠳ᠋ᠠᠢ ᠰᠡᠴᠡᠨ ᠦ᠌ ᠥᠬᠢᠨ ᠪᠥᠷᠲᠡ ᠲᠡᠮᠦᠵᠢᠨ ᠳ᠋ᠦ᠍ ᠢᠷᠡᠭᠰᠡᠨ ᠢ᠋ᠶ᠋ᠡᠷ ᠠᠮᠢᠳᠤᠷᠠᠯ ᠨᠢ  ᠲᠡᠢᠮᠦ ᠶᠡᠬᠡ ᠥᠭᠡᠷᠡᠴᠢᠯᠡᠭᠳᠡᠨ᠎ᠡ ᠭᠡᠵᠦ ᠥᠭᠡᠯᠦᠨ ᠳᠠᠭᠠᠭᠰᠠᠨ ᠦᠭᠡᠢ᠃ ᠲᠡᠮᠦᠵᠢᠨ ᠬᠥᠪᠡᠭᠦᠨ ᠢ᠋ ᠨᠢ ᠬᠡᠷᠡᠢᠳ ᠠᠢᠮᠠᠭ ᠤ᠋ᠨ ᠲᠣᠭᠣᠷᠢᠯ ᠬᠠᠨ ᠥᠪᠡᠷ ᠦ᠋ᠨ ᠭᠡᠷ ᠲᠦ᠍ ᠵᠢᠯ ᠭᠠᠷᠤᠢ ᠰᠠᠭᠤᠯᠭᠠᠬᠤ ᠳ᠋ᠤ᠌ ᠴᠤ᠌ ᠥᠭᠡᠯᠦᠨ ᠦ᠌ ᠰᠡᠳᠬᠢᠯ ᠰᠠᠨᠠᠭ᠎ᠠ ᠢᠩᠭᠢᠵᠦ ᠬᠤᠪᠢᠷᠠᠭ᠎ᠠ ᠦᠭᠡᠢ ᠪᠢᠯᠡ᠃ ᠣᠳᠣ ᠲᠡᠮᠦᠵᠢᠨ ᠥᠭᠡᠯᠦᠨ ᠦ᠌ ᠬᠦᠦ ᠪᠢᠰᠢ᠂ ᠪᠥᠷᠲᠡ ᠭᠡᠭᠴᠢ ᠬᠠᠷᠢ ᠴᠢᠰᠤᠨ ᠤ᠋ ᠪᠦᠰᠡᠭᠦᠢ ᠶ᠋ᠢᠨ ᠡᠷ᠎ᠡ ᠨᠥᠬᠥᠷ ᠪᠣᠯᠪᠠ᠃ ᠡᠬᠡ ᠲᠡᠢ ᠪᠡᠨ ᠶᠠᠷᠢᠵᠤ ᠠᠭᠤᠯᠵᠠᠬᠤ ᠨᠢ ᠴᠥᠭᠡᠷᠡᠵᠦ ᠥᠭᠡᠯᠦᠨ ᠲᠡᠮᠦᠵᠢᠨ ᠦ᠌ ᠬᠤᠪᠢ ᠳ᠋ᠤ᠌ ᠪᠥᠷᠲᠡ ᠶ᠋ᠢᠨ ᠳᠠᠷᠠᠭ᠎ᠠ ᠶ᠋ᠢᠨ ᠵᠢᠩᠳᠠᠭᠠᠨ ᠤ᠋ ᠬᠥᠮᠦᠨ ᠪᠣᠯᠤᠨ ᠬᠤᠪᠢᠷᠠᠭᠰᠠᠨ ᠨᠢ ᠭᠣᠮᠣᠳᠠᠯᠲᠠᠢ ᠴᠤ᠌ ᠡᠨᠡ ᠨᠢ ᠭᠠᠭᠴᠠ ᠲᠡᠮᠦᠵᠢᠨ ᠡᠴᠡ ᠪᠣᠯᠤᠭᠰᠠᠨ ᠦᠭᠡᠢ᠃ ᠬᠥᠪᠡᠭᠦᠳ ᠨᠢ ᠪᠦᠭᠦᠳᠡ ᠬᠥᠮᠦᠨ ᠦ᠌ ᠬᠥᠮᠦᠨ ᠪᠣᠯᠤᠨ ᠡᠬᠡ ᠶ᠋ᠢ ᠪᠡᠨ ᠮᠠᠷᠲᠠᠨ᠎ᠠ ᠭᠡᠳᠡᠭ ᠢ᠋ ᠮᠡᠳᠡᠵᠦ ᠪᠠᠢᠯ᠎ᠠ᠃ ᠳᠠᠭᠠᠬᠤ ᠠ᠋ᠴᠠ ᠥᠭᠡᠷ᠎ᠡ ᠠᠷᠭ᠎ᠠ ᠦᠭᠡᠢ ᠠᠮᠢᠳᠤᠷᠠᠯ ᠤ᠋ᠨ ᠵᠢᠮ᠎ᠡ ᠪᠣᠯᠪᠠᠴᠤ ᠥᠷᠢᠰᠦᠯᠳᠦᠨ ᠲᠡᠮᠡᠴᠡᠮᠡᠷ᠂ ᠥᠮᠴᠢᠷᠬᠡᠨ ᠪᠤᠯᠢᠶᠠᠴᠠᠯᠳᠤᠮᠠᠷ ᠭᠣᠮᠣᠳᠠᠯ᠂ ᠬᠠᠷᠠᠭᠤᠰᠤᠯ ᠭᠡᠨᠡ ᠭᠡᠨᠡ ᠲᠥᠷᠥᠳᠡᠭ ᠪᠠᠢᠪᠠ᠃ ᠬᠥᠮᠦᠨ ᠦ᠌ ᠬᠡᠦᠬᠡᠨ ᠳ᠋ᠦ᠍ ᠡᠷ᠎ᠡ ᠪᠡᠯᠡᠳᠴᠦ ᠥᠭᠬᠦ ᠭᠡᠵᠦ ᠰᠥᠨᠢᠵᠢᠨ ᠨᠣᠢᠷ ᠦᠭᠡᠢ᠂ ᠡᠳᠦᠷᠵᠢᠨ ᠵᠠᠪ ᠦᠭᠡᠢ ᠠᠮᠢᠳᠤᠷᠠᠭᠰᠠᠨ ᠮᠡᠲᠦ ᠰᠠᠨᠠᠭᠳᠠᠭᠰᠠᠨ ᠨᠢ ᠨᠢᠭᠡ ᠪᠢᠰᠢ᠃ ᠭᠡᠪᠡᠴᠦ ᠠᠵᠠ ᠵᠢᠷᠭᠠᠯ ᠲᠠᠢ ᠶᠠᠪᠤᠭ᠎ᠠ ᠲᠡᠮᠦᠵᠢᠨ ᠢ᠋ ᠬᠠᠷᠠᠬᠤ ᠳ᠋ᠤ᠌ ᠶᠠᠭᠤ ᠴᠦ᠍ ᠬᠡᠯᠡᠵᠦ ᠡᠰᠡ ᠴᠢᠳᠠᠨ᠎ᠠ᠃ ᠲᠡᠢᠮᠦ ᠡᠷᠬᠡ ᠡᠬᠡ ᠬᠥᠮᠦᠨ ᠳ᠋ᠦ᠍ ᠦᠭᠡᠢ ᠶᠦᠮ᠃ ᠲᠥᠷᠥᠭᠦᠯᠦᠭᠰᠡᠨ ᠦᠷ᠎ᠡ ᠲᠡᠢ ᠪᠡᠨ ᠠᠵᠠ ᠵᠢᠷᠭᠠᠯ᠂ ᠠᠮᠢᠳᠤᠷᠠᠯ ᠪᠤᠯᠢᠶᠠᠴᠠᠯᠳᠤᠨ ᠮᠥᠴᠡᠭᠡᠷᠬᠡᠬᠦ ᠡᠬᠡ ᠭᠡᠵᠦ ᠬᠠᠮᠢᠭ᠎ᠠ ᠪᠠᠢᠳᠠᠭ ᠪᠢᠯᠡ᠃ ᠬᠦᠦ ᠪᠡᠨ ᠭᠡᠷᠯᠡᠭᠦᠯᠦᠭᠰᠡᠨ ᠡᠬᠡ ᠬᠥᠮᠦᠨ ᠪᠦᠷᠢ ᠳ᠋ᠦ᠍ ᠪᠠᠶᠠᠷ ᠪᠠᠬᠠᠳᠤᠯ ᠲᠠᠢ ᠬᠠᠮᠲᠤ ᠡᠢᠮᠦ ᠨᠢᠭᠡᠨ ᠭᠤᠨᠢᠭ ᠨᠢᠭᠤᠴᠠᠬᠠᠨ ᠲᠥᠷᠥᠳᠡᠭ ᠦ᠋ᠨ ᠤᠴᠢᠷ ᠢ᠋ ᠥᠭᠡᠯᠦᠨ ᠴᠦ᠍ ᠦᠵᠡᠵᠦ ᠮᠡᠳᠡᠷᠡᠵᠡᠢ᠃  
       ᠲᠡᠮᠦᠵᠢᠨ ᠡᠳᠦᠷ ᠡᠳᠦᠷ ᠢ᠋ᠶ᠋ᠡᠷ ᠡᠬᠡ ᠡᠴᠡ ᠪᠡᠨ ᠬᠣᠯᠠᠳᠤᠭᠰᠠᠭᠠᠷ ᠪᠠᠢᠯ᠎ᠠ᠃ ᠪᠥᠷᠲᠡ ᠶ᠋ᠢ ᠮᠡᠷᠭᠢᠳ ᠡᠴᠡ ᠪᠤᠴᠠᠭᠠᠵᠤ ᠪᠤᠯᠢᠶᠠᠨ ᠠᠪᠴᠤ᠂ ᠪᠤᠭᠤᠷᠴᠢ ᠳᠠᠭᠠᠭᠤᠯᠤᠨ ᠢᠷᠡᠬᠦ ᠶ᠋ᠢ ᠦᠵᠡᠭᠡᠳ ᠲᠡᠮᠦᠵᠢᠨ ᠬᠥᠪᠡᠭᠦᠨ ᠳ᠋ᠡᠭᠡᠨ ᠭᠣᠮᠣᠳᠠᠬᠤ ᠰᠡᠳᠬᠢᠯ ᠢ᠋ᠶ᠋ᠡᠨ ᠬᠦᠴᠦ ᠪᠡᠷ ᠮᠠᠷᠲᠠᠬᠤ ᠳ᠋ᠤ᠌ ᠬᠦᠷᠪᠡ᠃ ᠨᠠᠭᠠᠰᠢ ᠢᠷᠡᠬᠦ ᠵᠠᠮ ᠳ᠋ᠤ᠌ ᠲᠥᠷᠥᠭᠰᠡᠨ ᠤᠯᠠᠭᠠᠨ ᠨᠢᠯᠵᠠᠷᠠᠢ ᠬᠦᠦ ᠪᠡᠨ ᠲᠡᠪᠡᠷᠢᠭᠰᠡᠨ ᠪᠥᠷᠲᠡ ᠶ᠋ᠢ ᠴᠤᠷᠬᠢᠷᠠᠨ ᠤᠬᠢᠯᠠᠵᠤ ᠰᠥᠬᠥᠷᠡᠨ ᠰᠠᠭᠤᠬᠤ ᠳ᠋ᠤᠨᠢ ᠡᠨᠡ ᠬᠥᠭᠡᠷᠦᠬᠦᠢ ᠡᠬᠡ ᠬᠦᠦ ᠬᠣᠶᠠᠷ ᠢ᠋ ᠣᠳᠣ ᠮᠡᠷᠭᠢᠳ ᠡᠴᠡ ᠪᠢᠰᠢ ᠲᠡᠮᠦᠵᠢᠨ ᠡᠴᠡ ᠬᠠᠮᠠᠭᠠᠯᠠᠬᠤ ᠬᠥᠮᠦᠨ ᠨᠢ ᠭᠠᠭᠴᠠᠬᠠᠨ ᠥᠪᠡᠷ ᠢ᠋ ᠪᠡᠨ ᠭᠡᠳᠡᠭ ᠢ᠋ ᠥᠭᠡᠯᠦᠨ ᠣᠢᠯᠠᠭᠠᠪᠠ᠃ ᠵᠠᠯᠠᠭᠤ ᠬᠥᠮᠦᠨ ᠦ᠌ ᠬᠠᠷ᠎ᠠ ᠬᠣᠷᠣ᠂ ᠭᠤᠨᠢᠭ ᠰᠢᠨᠠᠯᠤᠯ ᠢ᠋ᠶ᠋ᠠᠷ ᠥᠪᠴᠢᠯᠡᠭᠰᠡᠨ ᠲᠡᠮᠦᠵᠢᠨ ᠡᠴᠡ ᠵᠥᠴᠢ ᠪᠥᠷᠲᠡ ᠬᠣᠶᠠᠷ ᠢ᠋ ᠬᠠᠮᠠᠭᠠᠯᠠᠨ ᠡᠷᠡᠰ ᠲᠡᠮᠡᠴᠡᠭᠰᠡᠨ ᠬᠥᠮᠦᠨ ᠨᠢ ᠥᠭᠡᠯᠦᠨ ᠪᠠᠢᠪᠠ᠃ ᠥᠭᠡᠯᠦᠨ ᠦ᠌ ᠡᠨᠡ ᠭᠠᠢᠬᠠᠯᠲᠠᠢ ᠬᠠᠲᠠᠭᠤ ᠴᠢᠩᠳᠠ ᠡᠰᠡᠷᠭᠦᠴᠡᠯ ᠦ᠋ᠨ ᠦᠷ᠎ᠡ ᠪᠡᠷ ᠪᠥᠷᠲᠡ ᠶ᠋ᠢ ᠪᠠᠰᠠ ᠮᠡᠷᠭᠢᠳ ᠦ᠋ᠨ ᠴᠢᠰᠤ ᠲᠠᠢ ᠵᠥᠴᠢ ᠬᠥᠪᠡᠭᠦᠨ ᠢ᠋ᠶ᠋ᠡᠨ ᠲᠡᠮᠦᠵᠢᠨ ᠠᠭᠤᠴᠢᠯᠠᠭᠰᠠᠨ ᠶᠤᠮ᠃ ᠥᠭᠡᠯᠦᠨ ᠵᠥᠴᠢ ᠶ᠋ᠢ ᠶᠠᠭ ᠯᠠ ᠥᠪᠡᠷ ᠦ᠋ᠨ ᠲᠥᠷᠥᠭᠦᠯᠦᠭᠰᠡᠨ ᠦᠷ᠎ᠡ ᠰᠢᠭ ᠥᠰᠬᠡᠭᠰᠡᠨ ᠪᠢᠯᠡ᠃ ᠲᠡᠮᠦᠵᠢᠨ ᠢ᠋ ᠤᠶᠠᠷᠠᠭᠠᠵᠤ ᠵᠥᠭᠡᠯᠡᠯᠡᠬᠦ ᠶ᠋ᠢᠨ ᠲᠤᠯᠠᠳᠠ ᠥᠭᠡᠯᠦᠨ ᠲᠡᠭᠦᠨ ᠡᠴᠡ ᠶᠠᠭᠤ ᠪᠠᠨ ᠴᠦ᠍ ᠨᠢᠭᠤᠭᠰᠠᠨ ᠦᠭᠡᠢ᠃ ᠪᠦᠷ ᠪᠦᠬᠦ ᠬᠥᠪᠡᠭᠦᠳ ᠢ᠋ᠶ᠋ᠡᠨ ᠰᠠᠭᠤᠯᠭᠠᠵᠤ ᠪᠠᠢᠭᠠᠳ ᠥᠨᠥ ᠬᠦᠷᠲᠡᠯ᠎ᠡ ᠨᠢᠭᠤᠴᠠ ᠶᠠᠪᠤᠭᠰᠠᠨ ᠥᠪᠡᠷ ᠦ᠋ᠨ ᠲᠡᠦᠬᠡ ᠶ᠋ᠢ ᠥᠭᠦᠯᠡᠪᠡ᠃ ᠪᠦᠷ ᠮᠡᠷᠭᠢᠳ ᠦ᠋ᠨ ᠶᠡᠬᠡ ᠴᠢᠯᠡᠳᠦ ᠢᠷᠡᠭᠰᠡᠨ ᠢ᠋ ᠲᠡᠭᠦᠨ ᠢ᠋ ᠬᠠᠰᠠᠷ ᠬᠠᠷᠪᠤᠨ ᠠᠯᠠᠭᠰᠠᠨ ᠢ᠋ ᠴᠦ᠍ ᠨᠢᠭᠤᠯ ᠦᠭᠡᠢ ᠬᠡᠯᠡᠪᠡ᠃  
       — ᠪᠥᠷᠲᠡ ᠶ᠋ᠢᠨ ᠦᠵᠡᠭᠰᠡᠨ ᠵᠣᠪᠠᠯᠠᠩ ᠰᠢᠨᠠᠯᠤᠯ ᠳ᠋ᠤ᠌ ᠭᠠᠭᠴᠠ ᠪᠢ ᠯᠡ ᠪᠤᠷᠤᠭᠤ ᠲᠠᠢ᠃ ᠶᠢᠰᠦᠭᠡᠢ ᠡᠴᠢᠭᠡ ᠴᠢᠨᠢ ᠨᠠᠮᠠᠶ᠋ᠢ ᠪᠤᠯᠢᠶᠠᠨ ᠠᠪᠤᠭᠰᠠᠨ ᠠ᠋ᠴᠠ ᠪᠦᠬᠦ ᠬᠡᠷᠡᠭ ᠡᠭᠦᠰᠪᠡ᠃ ᠲᠡᠢᠮᠦ ᠪᠣᠯᠬᠣᠷ ᠲᠡᠮᠦᠵᠢᠨ ᠴᠢ ᠭᠠᠭᠴᠠ ᠨᠠᠮᠠᠶ᠋ᠢ ᠵᠢᠮᠡᠯᠡ ᠭᠡᠵᠦ ᠡᠬᠡ ᠶ᠋ᠢᠨ ᠢ᠋ᠶ᠋ᠡᠨ ᠬᠠᠲᠠᠭᠤ ᠬᠡᠯᠡᠭᠰᠡᠨ ᠳ᠋ᠦ᠍ ᠲᠡᠮᠦᠵᠢᠨ ᠲᠤᠢᠯ ᠦᠭᠡᠢ ᠰᠣᠴᠢᠵᠤ ᠭᠡᠮᠰᠢᠭᠰᠡᠨ ᠪᠢᠯᠡ᠃ ᠪᠥᠷᠲᠡ ᠵᠥᠴᠢ ᠬᠣᠶᠠᠷ ᠢ᠋ ᠬᠠᠮᠠᠭᠠᠯᠠᠬᠤ ᠶ᠋ᠢᠨ ᠲᠤᠯᠠᠳᠠ ᠥᠭᠡᠯᠦᠨ ᠥᠪᠡᠷ ᠦ᠋ᠨ ᠪᠣᠯᠤᠭᠠᠳ ᠶᠢᠰᠦᠭᠡᠢ ᠶ᠋ᠢᠨ ᠨᠡᠷ᠎ᠡ ᠲᠥᠷᠥ ᠶ᠋ᠢ ᠬᠠᠢᠷᠠᠯᠠᠭᠰᠠᠨ ᠦᠭᠡᠢ᠃ ᠡᠨᠡ ᠶᠠᠪᠤᠳᠠᠯ ᠪᠥᠷᠲᠡ ᠵᠥᠴᠢ ᠬᠣᠶᠠᠷ ᠤ᠋ᠨ ᠬᠤᠪᠢ ᠳ᠋ᠤ᠌ ᠠᠪᠤᠷᠠᠯ ᠪᠣᠯᠵᠠᠢ᠃    
       — ᠡᠴᠢᠭᠡ ᠡᠬᠡ ᠪᠡᠶ᠎ᠡ ᠶ᠋ᠢ ᠲᠥᠷᠥᠭᠦᠯᠬᠦ ᠡᠴᠡ ᠰᠡᠳᠬᠢᠯ ᠢ᠋ ᠦᠯᠦ ᠲᠥᠷᠥᠭᠦᠯᠦᠨ᠎ᠡ᠃ ᠴᠢ ᠯᠡ ᠡᠨᠡ ᠵᠥᠴᠢ ᠬᠥᠪᠡᠭᠦᠨ ᠳ᠋ᠦ᠍ ᠶᠠᠮᠠᠷ ᠰᠡᠳᠬᠢᠯ ᠲᠥᠷᠥᠭᠦᠯᠵᠦ ᠴᠢᠳᠠᠨ᠎ᠠ᠂ ᠲᠡᠷᠡ ᠶᠠᠭ ᠲᠡᠢᠮᠦ ᠬᠥᠮᠦᠨ ᠪᠣᠯᠤᠨ᠎ᠠ ᠭᠡᠵᠦ ᠥᠭᠡᠯᠦᠨ ᠪᠦᠭᠦᠳᠡ ᠶ᠋ᠢᠨ ᠡᠮᠦᠨ᠎ᠡ ᠵᠥᠴᠢ ᠶ᠋ᠢ ᠲᠡᠪᠡᠷᠢᠵᠦ ᠰᠠᠭᠤᠭᠠᠳ ᠬᠡᠯᠡᠬᠦ ᠳ᠋ᠦ᠍ ᠬᠡᠨ ᠨᠢ ᠴᠦ᠍ ᠬᠠᠷᠢᠭᠤ ᠦᠭᠡ ᠬᠡᠯᠡᠵᠦ ᠴᠢᠳᠠᠭᠰᠠᠨ ᠦᠭᠡᠢ᠃ ᠵᠥᠪᠬᠡᠨ ᠪᠥᠷᠲᠡ ᠯᠡ ᠤᠶᠠᠷᠠᠵᠤ ᠪᠠᠶᠠᠷᠯᠠᠬᠤ ᠳ᠋ᠠᠭᠠᠨ ᠮᠡᠭᠰᠢᠨ ᠤᠬᠢᠯᠠᠵᠤ ᠰᠠᠭᠤᠪᠠ᠃ 
       — ᠲᠠ ᠨᠠᠷ ᠲᠤ ᠣᠳᠣ ᠥᠪᠡᠷ ᠦ᠋ᠨ ᠦᠨᠡᠨᠴᠢ ᠨᠥᠬᠥᠳ ᠬᠡᠷᠡᠭᠲᠡᠢ᠃ ᠭᠠᠭᠴᠠ ᠬᠥᠮᠦᠨ ᠴᠦ᠍ ᠭᠠᠭᠴᠠᠳᠠᠬᠤ ᠦᠭᠡᠢ᠃ ᠲᠡᠮᠦᠵᠢᠨ ᠴᠢ ᠤᠳᠠᠬᠤ ᠦᠭᠡᠢ ᠥᠪᠡᠷ ᠦ᠋ᠨ ᠦᠷ᠎ᠡ ᠲᠡᠢ ᠪᠣᠯᠤᠨ᠎ᠠ᠃ ᠲᠡᠷᠡ ᠴᠠᠭ ᠲᠤ ᠵᠥᠴᠢ ᠴᠢᠨᠦ ᠤᠤᠭᠠᠨ ᠬᠥᠪᠡᠭᠦᠨ ᠪᠣᠯᠤᠨ᠎ᠠ᠃ ᠡᠭᠦᠨ ᠢ᠋ ᠪᠤᠤ ᠮᠠᠷᠲᠠ ᠭᠡᠰᠡᠨ ᠥᠭᠡᠯᠦᠨ ᠦ᠌ ᠦᠭᠡ ᠶ᠋ᠢ ᠬᠡᠨ ᠴᠦ᠍ ᠪᠤᠷᠤᠭᠤᠳᠬᠠᠵᠤ ᠡᠰᠡᠷᠭᠦᠴᠡᠬᠦ ᠶ᠋ᠢᠨ ᠠᠷᠭ᠎ᠠ ᠪᠠᠢᠭᠰᠠᠨ ᠦᠭᠡᠢ᠃ ᠲᠡᠷᠡ ᠲᠣᠰᠤᠮ ᠢ᠋ᠶ᠋ᠠᠨ ᠲᠡᠮᠦᠵᠢᠨ ᠳ᠋ᠦ᠍ ᠪᠦᠷ ᠴᠦ᠍ ᠬᠡᠯᠡᠬᠦ ᠦᠭᠡ ᠣᠯᠳᠠᠭᠰᠠᠨ ᠦᠭᠡᠢ ᠪᠢᠯᠡ᠃ ᠲᠡᠮᠦᠵᠢᠨ ᠡᠬᠡ ᠶ᠋ᠢᠨ ᠢ᠋ᠶ᠋ᠡᠨ ᠬᠡᠯᠡᠭᠰᠡᠨ ᠢ᠋ ᠬᠦᠯᠢᠶᠡᠨ ᠵᠥᠪᠰᠢᠶᠡᠷᠡᠪᠡ᠃ ᠢᠩᠭᠢᠵᠦ ᠥᠭᠡᠯᠦᠨ ᠡᠷᠦᠬᠡ ᠪᠦᠯᠢ ᠶ᠋ᠢᠨ ᠢ᠋ᠶ᠋ᠡᠨ ᠳᠣᠲᠣᠷ᠎ᠠ ᠠᠯᠳᠠᠭᠰᠠᠨ ᠡᠷᠬᠡ ᠪᠡᠨ ᠪᠠᠭ᠎ᠠ ᠪᠣᠯᠪᠠᠴᠤ ᠡᠷᠭᠢᠭᠦᠯᠦᠨ ᠣᠯᠪᠠ᠃ ᠬᠠᠮᠤᠭ ᠤ᠋ᠨ ᠭᠣᠣᠯ ᠨᠢ ᠶᠢᠰᠦᠭᠡᠢ ᠶ᠋ᠢᠨ ᠤᠳᠤᠮ ᠳ᠋ᠤ᠌ ᠪᠥᠷᠲᠡ ᠡᠭᠦᠷᠢᠳᠡ ᠦᠯᠡᠳᠡᠵᠦ᠂ ᠲᠡᠮᠦᠵᠢᠨ ᠲᠡᠭᠦᠨ ᠢ᠋ ᠨᠢᠭᠡ ᠦᠵᠦᠭᠦᠷᠲᠦ ᠰᠡᠳᠬᠢᠯ ᠢ᠋ᠶ᠋ᠡᠷ ᠬᠠᠢᠷᠠᠯᠠᠬᠤ ᠪᠣᠯᠤᠭᠰᠠᠨ ᠳ᠋ᠤ᠌ ᠥᠭᠡᠯᠦᠨ ᠶᠡᠬᠡ ᠪᠠᠶᠠᠷᠲᠠᠢ ᠪᠣᠯᠵᠠᠢ᠃ ᠪᠥᠷᠲᠡ ᠶ᠋ᠢ ᠨᠢᠭᠡᠨᠲᠡ ᠲᠩᠷᠢ ᠶ᠋ᠢᠨ ᠵᠠᠷᠤᠭᠠᠯ ᠢ᠋ᠶ᠋ᠠᠷ ᠶᠢᠰᠦᠭᠡᠢ ᠶ᠋ᠢᠨ ᠳ᠋ᠦ᠍ ᠢᠷᠡᠭᠰᠡᠨ ᠬᠥᠮᠦᠨ ᠭᠡᠳᠡᠭ ᠢ᠋ ᠣᠢᠯᠠᠭᠠᠭᠤᠯᠵᠤ ᠴᠢᠳᠠᠭᠰᠠᠨ ᠨᠢ ᠥᠭᠡᠯᠦᠨ ᠦ᠌ ᠭᠠᠪᠢᠶ᠎ᠠ ᠶᠤᠮ᠃ ᠪᠥᠷᠲᠡ ᠢᠷᠡᠭᠰᠡᠨ ᠡᠴᠡ ᠲᠡᠮᠦᠵᠢᠨ ᠦ᠌ ᠡᠷᠦᠬᠡ ᠭᠡᠷ ᠡᠭᠦᠰᠴᠦ᠂ ᠵᠥᠴᠢ ᠲᠥᠷᠥᠭᠰᠡᠨ ᠢ᠋ᠶ᠋ᠡᠷ ᠥᠰᠴᠦ ᠦᠷᠡᠵᠢᠬᠦ ᠡᠭᠦᠳᠡ ᠨᠡᠭᠡᠭᠡᠭᠳᠡᠪᠡ᠃ ᠬᠠᠷᠢᠨ ᠪᠥᠷᠲᠡ ᠥᠭᠡᠯᠦᠨ ᠦ᠌ ᠪᠣᠳᠣᠭᠰᠠᠨ ᠠ᠋ᠴᠠ ᠬᠠᠪᠢ ᠦᠭᠡᠢ ᠤᠬᠠᠭᠠᠨ ᠲᠠᠢ᠂ ᠭᠠᠢᠬᠠᠯᠲᠠᠢ ᠲᠡᠪᠴᠢᠶᠡᠷᠢ ᠲᠡᠢ ᠪᠦᠰᠡᠭᠦᠢ ᠪᠠᠢᠵᠠᠢ᠃ ᠥᠭᠡᠯᠦᠨ ᠢ᠋ ᠲᠥᠷᠥᠭᠰᠡᠨ ᠡᠬᠡ ᠶ᠋ᠢᠨ ᠠᠳᠠᠯᠢ ᠬᠦᠨᠳᠦᠳᠬᠡᠵᠦ ᠠᠰᠠᠷᠠᠳᠠᠭ ᠬᠥᠮᠦᠨ ᠨᠢ ᠡᠴᠦᠰ ᠲᠦ᠋ᠨᠢ ᠭᠠᠭᠴᠠ ᠪᠥᠷᠲᠡ ᠪᠣᠯᠤᠭᠰᠠᠨ ᠪᠢᠯᠡ᠃ 

         ᠦᠰᠦᠭ  ᠠᠮᠢᠯᠠᠭᠤᠯᠤᠭᠴᠢ᠄ ᠭᠡᠷᠡᠯ᠂ ᠬᠡᠷᠡᠢᠳ ᠮᠥᠩᠬᠡᠨᠠᠰᠤᠨ᠂ ᠬᠡᠯᠡᠰᠣᠶᠤᠯ᠂ (ᠪᠤᠤ ᠸᠸᠨ ᠬᠤᠸᠠ)᠂ 
                                           ᠱᠠᠭᠰᠠᠯ᠂ ᠠᠯᠲᠠᠨᠴᠡᠴᠡᠭ᠂ ᠨᠠᠷᠠᠨᠲᠤᠶᠠᠭ᠎ᠠ᠂ ᠰᠡᠴᠡᠨᠴᠢᠮᠡᠭ᠂ 
                                           ᠵᠢᠩᠯᠢᠬᠤᠸᠠᠷ᠂ ᠡᠩᠬᠡᠪᠠᠲᠤ᠂ ᠠᠷᠢᠭᠤᠨ 
              ᠬᠢᠨᠠᠭᠴᠢ᠄ ᠣᠳᠬᠠᠨᠰᠣ᠎ᠠ᠂ ᠰᠡᠬᠡᠭᠡᠷᠡᠯ᠂ ᠮᠣᠩᠭᠣᠯ ᠰᠦᠨᠡᠰᠦ᠂ ᠠᠷᠢᠭᠤᠨ ᠂ ᠰᠡᠴᠡᠨᠴᠢᠮᠡᠭ᠂ 
                                      ᠲ· ᠬᠦᠮᠦᠵᠢᠯᠲᠦ᠂ ᠱᠠᠭᠰᠠᠯ᠂ ᠪᠠᠶᠠᠨᠴᠡᠴᠡᠭ᠂ ᠬᠡᠯᠡᠰᠣᠶᠤᠯ᠂ ᠭᠠᠷᠮ᠎ᠠ