ᠵᠢᠭᠡᠯᠡᠯᠭᠡ ᠪᠡᠨ ᠬᠡᠷᠬᠢᠨ ᠰᠢᠢᠳᠪᠦᠷᠢᠯᠡᠬᠦ ᠪᠣᠢ -ᠬᠣᠨᠢᠴᠢᠨ ᠦᠯᠵᠡᠢᠰᠦ᠋ᠷᠥᠩЗээллэгээ хэрхэн шийдвэрлэх бэ
ᠳ᠋ᠣᠺᠲ᠋ᠣᠷ ᠬᠣᠨᠢᠴᠢᠨ ᠦᠯᠵᠡᠢᠰᠦ᠋ᠷᠥᠩ
ᠮᠠᠯ ᠠᠵᠤ ᠠᠬᠤᠢ᠂ ᠭᠠᠵᠠᠷ ᠲᠠᠷᠢᠶᠠᠯᠠᠩ ᠲᠠᠢ ᠰᠠᠯᠤᠰᠢ ᠦᠭᠡᠢ ᠬᠣᠯᠪᠣᠭ᠎ᠠ ᠲᠠᠢ ᠮᠠᠯᠴᠢᠳ ᠤ᠋ᠨ ᠣᠷᠣᠯᠭ᠎ᠠ ᠶ᠋ᠢᠨ ᠭᠣᠣᠯ ᠢᠷᠡᠯᠲᠡ ᠪᠣᠯ ᠮᠠᠯ ᠲᠠᠷᠢᠶᠠᠯᠠᠩ ᠤ᠋ᠨ ᠪᠦᠲᠦᠭᠡᠭᠳᠡᠬᠦᠨ ᠪᠠᠢᠵᠤ᠂ ᠣᠷᠣᠯᠭ᠎ᠠ ᠶ᠋ᠢᠨ ᠶᠡᠬᠡ ᠪᠠᠭ᠎ᠠ ᠨᠢ ᠲᠦᠭᠦᠬᠡᠢ ᠪᠦᠲᠦᠭᠡᠭᠳᠡᠬᠦᠨ ᠦ᠌ ᠦᠨ᠎ᠡ ᠲᠡᠢ ᠰᠢᠭᠤᠳ ᠬᠠᠷᠢᠴᠠᠭ᠎ᠠ ᠲᠠᠢ ᠪᠣᠯᠤᠭᠰᠠᠨ᠃ ᠮᠡᠳᠡᠭᠡᠵᠢ᠂ ᠣᠷᠴᠢᠮ ᠤ᠋ᠨ ᠵᠢᠯ ᠦ᠋ᠳ ᠲᠦ᠍ ᠮᠠᠯ ᠲᠠᠷᠢᠶᠠᠯᠠᠩ ᠤ᠋ᠨ ᠲᠦᠭᠦᠬᠡᠢ ᠪᠦᠲᠦᠭᠡᠭᠳᠡᠬᠦᠨ ᠦ᠌ ᠦᠨ᠎ᠡ ᠦᠳᠳᠣᠷ ᠪᠠᠭᠤᠷᠠᠵᠤ᠂ ᠮᠠᠯᠴᠢᠳ ᠤ᠋ᠨ ᠣᠷᠣᠯᠭ᠎ᠠ ᠡᠷᠡᠰ ᠪᠠᠭᠠᠰᠤᠨ᠂ ᠣᠷᠣᠯᠭ᠎ᠠ ᠨᠢ ᠵᠠᠷᠤᠯᠭ᠎ᠠ ᠪᠠᠨ ᠨᠥᠬᠥᠵᠦ ᠴᠢᠳᠠᠬᠤ ᠦᠭᠡᠢ ᠪᠣᠯᠤᠭᠰᠠᠨ ᠪᠢᠯᠡ᠃ ᠡᠭᠦᠨ ᠡᠴᠡ ᠰᠢᠯᠲᠠᠭᠠᠯᠠᠨ ᠮᠠᠯᠴᠢᠳ ᠪᠠᠩᠬᠢ ᠵᠢᠴᠢ ᠬᠤᠪᠢ ᠶ᠋ᠢᠨ ᠵᠢᠭᠡᠯᠡᠯᠭᠡ ᠠᠪᠴᠤ᠂ ᠡᠨᠡ ᠨᠢ ᠶᠠᠪᠤᠭᠠᠨ ᠳ᠋ᠠᠭᠠᠨ ᠮᠠᠯᠴᠢᠳ ᠤ᠋ᠨ ᠥᠷᠢ ᠰᠢᠷᠢ ᠳ᠋ᠦ᠍ ᠣᠷᠣᠬᠤ ᠰᠢᠭᠤᠳ ᠰᠢᠯᠲᠠᠭᠠᠨ ᠪᠣᠯᠵᠠᠢ᠃ ᠥᠨᠥᠳᠥᠷ ᠪᠣᠯᠬᠤ ᠳ᠋ᠤ᠌ ᠮᠠᠨ ᠤ᠋ ᠮᠠᠯᠴᠢᠳ ᠤ᠋ᠨ ᠳᠤᠮᠳᠠ ᠵᠢᠭᠡᠯᠡᠯᠭᠡ ᠶ᠋ᠢᠨ ᠲᠤᠬᠠᠢ ᠮᠠᠰᠢ ᠣᠯᠠᠨ ᠶᠠᠷᠢᠭ᠎ᠠ ᠪᠣᠢ᠃ ᠵᠢᠭᠡᠯᠡᠯᠭᠡ ᠭᠡᠵᠦ ᠶᠠᠭᠤ ᠶᠤᠮ ᠪᠣᠢ? ᠵᠢᠭᠡᠯᠡᠯᠭᠡ ᠠᠪᠬᠤ ᠨᠢ ᠵᠥᠪ ᠤᠤ? ᠪᠤᠷᠤᠭᠤ ᠤᠤ? ᠣᠳᠣ ᠪᠠᠢᠭ᠎ᠠ ᠵᠢᠭᠡᠯᠡᠯᠭᠡ ᠪᠡᠨ ᠬᠡᠷᠬᠢᠨ ᠰᠢᠢᠳᠪᠦᠷᠢᠯᠡᠬᠦ ᠪᠣᠢ ᠮᠠᠯᠴᠢᠳ ᠲᠠᠢ ᠴᠢᠰᠤ ᠮᠢᠬ᠎ᠠ ᠰᠢᠭ᠋ ᠬᠣᠯᠪᠣᠭ᠎ᠠ ᠲᠠᠢ ᠪᠣᠯᠤᠭᠰᠠᠨ ᠵᠢᠭᠡᠯᠡᠯᠭᠡ ᠶ᠋ᠢᠨ ᠲᠠᠯ᠎ᠠ ᠪᠠᠷ ᠥᠨᠥᠳᠥᠷ ᠦ᠋ᠨ ᠬᠢᠴᠢᠶᠡᠯ ᠳ᠋ᠦ᠍ ᠵᠠᠳᠠᠯᠤᠯᠲᠠ ᠬᠢᠶ᠎ᠡ᠃
« ᠥᠷᠢ ᠦᠭᠡᠢ ᠪᠣᠯ ᠪᠠᠶᠠᠨ ᠂ ᠡᠪᠡᠳᠴᠢᠨ ᠦᠭᠡᠢ ᠪᠣᠯ ᠵᠢᠷᠭᠠᠯ » ᠭᠡᠳᠡᠭ ᠂ ᠣᠳᠣ ᠮᠠᠨᠤᠰ ᠪᠤᠴᠠᠭᠠᠳ ᠥᠪᠡᠷ ᠢ᠋ ᠪᠡᠨ ᠬᠠᠷᠠᠬᠤ ᠳ᠋ᠤ᠌ ᠦᠨᠡᠬᠡᠷ ᠲᠡᠢᠮᠦ ᠴᠦ᠍ ᠶᠣᠮ ᠰᠢᠭ᠋᠃ ᠵᠢᠭᠡᠯᠡᠯᠭᠡ ᠪᠣᠯ ᠪᠢᠳᠡ ᠦᠢᠯᠡᠳᠪᠦᠷᠢᠯᠡᠯ ᠠᠮᠢᠳᠤᠷᠠᠯ ᠳ᠋ᠠᠭᠠᠨ ᠬᠡᠷᠡᠭᠯᠡᠬᠦ ᠵᠣᠷᠢᠯᠭ᠎ᠠ ᠪᠠᠷ ᠪᠤᠰᠤᠳ ᠠ᠋ᠴᠠ ᠲᠦᠷ ᠬᠤᠭᠤᠴᠠᠭ᠎ᠠ ᠪᠠᠷ ᠠᠪᠴᠤ ᠬᠡᠷᠡᠭᠯᠡᠭᠰᠡᠨ ᠵᠣᠬᠢᠬᠤ ᠬᠡᠮᠵᠢᠶᠡᠨ ᠦ᠌ ᠬᠦᠦ ᠮᠥᠩᠭᠥ ᠲᠥᠯᠥᠬᠦ ᠥᠷᠢ ᠭᠡᠳᠡᠭ ᠢ᠋ ᠪᠢᠳᠡ ᠪᠦᠬᠦᠨ ᠰᠠᠢᠨ ᠮᠡᠳᠡᠨ᠎ᠡ᠃ ᠬᠠᠷᠢᠨ ᠲᠡᠭᠦᠨ ᠦ᠌ ᠬᠡᠷᠬᠢᠨ ᠡᠭᠦᠰᠦᠭᠰᠡᠨ᠂ ᠠᠰᠢᠭ ᠬᠣᠣᠷ ᠨᠢ ᠶᠠᠭᠤ ᠪᠣᠯᠬᠤ᠂ ᠶᠠᠭᠠᠬᠢᠵᠤ ᠰᠢᠢᠳᠪᠦᠷᠢᠯᠡᠬᠦ ᠲᠤᠬᠠᠢ ᠣᠢᠯᠭᠠᠯᠲᠠ ᠳᠤᠲᠠᠮᠠᠭ ᠪᠠᠢᠳᠠᠭ᠃
ᠨᠢᠭᠡ ᠂ ᠵᠢᠭᠡᠯᠡᠯᠭᠡ ᠬᠡᠷᠬᠢᠨ ᠡᠭᠦᠰᠦᠭᠰᠡᠨ ᠪᠣᠢ
ᠮᠠᠯᠴᠢᠨ ᠬᠥᠮᠦᠨ ᠦ᠌ ᠣᠷᠣᠯᠭ᠎ᠠ ᠶ᠋ᠢᠨ ᠭᠣᠣᠯ ᠢᠷᠡᠯᠲᠡ ᠪᠣᠯᠤᠭᠰᠠᠨ ᠮᠠᠯ ᠤ᠋ᠨ ᠦᠨ᠎ᠡ ᠪᠠᠭᠤᠷᠠᠭᠰᠠᠨ ᠠ᠋ᠴᠠ ᠮᠠᠯ ᠠ᠋ᠴᠠ ᠣᠯᠬᠤ ᠮᠠᠯᠴᠢᠳ ᠤ᠋ᠨ ᠣᠷᠣᠯᠭ᠎ᠠ ᠪᠠᠭᠤᠷᠠᠵᠤ᠂ ᠮᠠᠯᠴᠢᠳ ᠤ᠋ᠨ ᠰᠢᠭᠤᠳ ᠣᠷᠣᠯᠭ᠎ᠠ ᠴᠤ᠌ ᠪᠠᠭᠠᠰᠤᠭᠰᠠᠨ ᠪᠢᠯᠡ᠃ ᠡᠭᠦᠨ ᠡᠴᠡ ᠪᠣᠯᠵᠤ ᠮᠠᠯᠴᠢᠳ ᠤ᠋ᠨ ᠣᠷᠣᠯᠭ᠎ᠠ ᠨᠢ ᠦᠢᠯᠡᠳᠪᠦᠷᠢᠯᠡᠯ ᠠᠮᠢᠳᠤᠷᠠᠯ ᠳᠡᠭᠡᠷᠡᠬᠢ ᠵᠠᠷᠤᠳᠠᠯ ᠢ᠋ᠶ᠋ᠠᠨ ᠳᠠᠭᠠᠵᠤ ᠴᠢᠳᠠᠬᠤ ᠦᠭᠡᠢ ᠪᠣᠯᠤᠭᠰᠠᠨ ᠠ᠋ᠴᠠ ᠵᠣᠬᠢᠬᠤ ᠬᠡᠮᠵᠢᠶᠡᠨ ᠦ᠌ ᠬᠦᠦ ᠲᠡᠢ ᠵᠢᠭᠡᠯᠡᠯᠭᠡ ᠠᠪᠴᠤ ᠵᠠᠷᠤᠳᠠᠯ ᠢ᠋ᠶ᠋ᠠᠨ ᠨᠥᠬᠥᠭᠰᠡᠨ᠃ ᠵᠠᠷᠢᠮ ᠨᠢᠭᠡ ᠨᠢ ᠬᠥᠷᠥᠩᠭᠡ ᠣᠷᠣᠭᠤᠯᠤᠯᠲᠠ ᠬᠢᠬᠦ ᠵᠣᠷᠢᠯᠭ᠎ᠠ ᠪᠠᠷ ᠬᠦᠦ ᠲᠡᠢ ᠵᠢᠭᠡᠯᠡᠯᠭᠡ ᠠᠪᠤᠭᠰᠠᠨ ᠨᠢ ᠪᠠᠰᠠ ᠪᠠᠢᠨ᠎ᠠ᠃ ᠭᠡᠲᠡᠯ᠎ᠡ ᠮᠠᠯᠴᠢᠳ ᠤ᠋ᠨ ᠣᠢᠯᠠᠳᠪᠤᠷᠯᠠᠯ ᠠᠮᠢᠳᠤᠷᠠᠯ ᠪᠤᠶᠤ ᠬᠥᠷᠥᠩᠭᠡ ᠣᠷᠣᠭᠤᠯᠤᠯᠲᠠ ᠶ᠋ᠢᠨ ᠣᠷᠣᠯᠭ᠎ᠠ ᠶ᠋ᠢᠨ ᠥᠰᠦᠯᠲᠡ ᠨᠢ ᠵᠢᠭᠡᠯᠡᠯᠭᠡ ᠶ᠋ᠢᠨ ᠬᠦᠦ ᠮᠥᠩᠭᠥᠨ ᠦ᠌ ᠥᠰᠦᠯᠲᠡ ᠳ᠋ᠦ᠍ ᠬᠦᠷᠴᠦ ᠴᠢᠳᠠᠭᠰᠠᠨ ᠦᠭᠡᠢ ᠡᠴᠡ ᠮᠠᠯᠴᠢᠳ ᠤ᠋ᠨ ᠭᠠᠷ ᠳᠠᠬᠢ ᠵᠢᠭᠡᠯᠡᠯᠭᠡ ᠵᠢᠯ ᠳᠣᠳᠣᠮ ᠠᠶᠠᠨᠳᠠᠭᠠᠨ ᠥᠰᠴᠡᠢ᠃ ᠡᠨᠡ ᠪᠣᠯ ᠮᠠᠨ ᠤ᠋ ᠮᠠᠯᠴᠢᠳ ᠤ᠋ᠨ ᠵᠢᠭᠡᠯᠡᠯᠭᠡ ᠶ᠋ᠢᠨ ᠳᠠᠷᠤᠮᠲᠠ ᠳ᠋ᠤ᠌ ᠣᠷᠣᠭᠰᠠᠨ ᠭᠣᠣᠯ ᠰᠢᠯᠲᠠᠭᠠᠨ ᠪᠣᠯᠤᠨ᠎ᠠ᠃
ᠬᠣᠶᠠᠷ ᠂ ᠵᠢᠭᠡᠯᠡᠯᠭᠡ ᠶ᠋ᠢᠨ ᠠᠰᠢᠭ ᠬᠣᠣᠷ
ᠣᠳᠣ ᠵᠢᠭᠡᠯᠡᠯᠭᠡ ᠠᠪᠤᠭᠰᠠᠨ ᠦᠭᠡᠢ ᠮᠠᠯᠴᠢᠳ ᠴᠥᠭᠡᠬᠡᠨ ᠪᠣᠯᠤᠭᠰᠠᠨ᠃ ᠭᠡᠲᠡᠯ᠎ᠡ ᠮᠠᠯ ᠠᠬᠤᠢ ᠪᠠᠨ ᠥᠰᠬᠡᠵᠦ᠂ ᠠᠵᠢᠯ ᠠᠮᠢᠳᠤᠷᠠᠯ ᠢ᠋ᠶ᠋ᠠᠨ ᠥᠭᠡᠳᠡ ᠨᠢ ᠠᠪᠴᠤ ᠶᠠᠪᠤᠭ᠎ᠠ ᠮᠠᠯᠴᠢᠳ ᠵᠥᠩᠳᠡᠭᠡᠨ᠃ ᠡᠨᠡ ᠨᠢ ᠵᠢᠭᠡᠯᠡᠯᠭᠡ ᠶ᠋ᠢᠨ ᠲᠤᠰ ᠪᠡᠶ᠎ᠡ ᠨᠢ ᠰᠠᠢᠨ ᠮᠠᠭᠤ ᠭᠡᠵᠦ ᠪᠠᠢᠬᠤ ᠦᠭᠡᠢ ᠭᠡᠳᠡᠭ ᠢ᠋ ᠬᠡᠯᠡᠵᠦ ᠥᠭᠴᠦ ᠪᠠᠢᠭ᠎ᠠ ᠨᠢᠭᠡᠨ ᠵᠢᠱ᠌ᠢᠶ᠎ᠡ ᠶᠤᠮ ᠃ ᠬᠠᠷᠢᠨ ᠲᠡᠭᠦᠨ ᠦ᠌ ᠵᠠᠷᠤᠴᠠᠭᠤᠯᠤᠯᠲᠠ ᠵᠢᠭᠡᠯᠡᠯᠭᠡ ᠶ᠋ᠢ ᠶᠠᠭᠠᠬᠢᠵᠤ ᠵᠠᠷᠤᠬᠤ ᠠ᠋ᠴᠠ ᠵᠢᠭᠡᠯᠡᠯᠭᠡ ᠶ᠋ᠢᠨ ᠠᠰᠢᠭ ᠬᠣᠣᠷ ᠨᠢ ᠰᠢᠢᠳᠦᠭᠳᠡᠨ᠎ᠡ ᠃ ᠬᠦᠦ ᠲᠡᠢ ᠵᠢᠭᠡᠯᠡᠯᠭᠡ ᠶ᠋ᠢ ᠥᠪᠡᠷ ᠦ᠋ᠨ ᠦᠢᠯᠡᠳᠪᠦᠷᠢᠯᠡᠯ ᠪᠤᠶᠤ ᠬᠥᠷᠥᠩᠭᠡ ᠣᠷᠣᠭᠤᠯᠤᠯᠲᠠ ᠳ᠋ᠤ᠌ ᠵᠠᠷᠤᠴᠠᠭᠤᠯᠤᠭᠠᠳ ᠭᠠᠷᠬᠤ ᠴᠡᠪᠡᠷ ᠠᠰᠢᠭ ᠨᠢ ᠵᠢᠭᠡᠯᠡᠯᠭᠡ ᠶ᠋ᠢᠨ ᠬᠦᠦ ᠮᠥᠩᠭᠥ ᠡᠴᠡ ᠶᠡᠬᠡ ᠪᠠᠢᠪᠠᠯ ᠠᠰᠢᠭ ᠲᠠᠢ ᠵᠢᠭᠡᠯᠡᠯᠭᠡ ᠪᠣᠯᠤᠨ᠎ᠠ ᠃ ᠡᠰᠡᠷᠭᠦ ᠪᠡᠷ ᠨᠥᠬᠥᠵᠦ ᠴᠢᠳᠠᠬᠤ ᠦᠭᠡᠢ ᠪᠣᠯ ᠮᠠᠭᠤ ᠵᠢᠭᠡᠯᠡᠯᠭᠡ ᠪᠣᠯᠤᠨ᠎ᠠ ᠃ ᠵᠢᠭᠡᠯᠡᠯᠭᠡ ᠶ᠋ᠢᠨ ᠠᠰᠢᠭ ᠬᠣᠣᠷ ᠢ᠋ ᠣᠢᠯᠠᠭᠠᠬᠤ ᠳ᠋ᠤ᠌ ᠮᠠᠯᠴᠢᠳ ᠦᠢᠯᠡᠳᠪᠦᠷᠢᠯᠡᠯ ᠠᠮᠢᠳᠤᠷᠠᠯ ᠤ᠋ᠨ ᠨᠠᠷᠢᠨ ᠲᠣᠭᠠᠴᠠᠭ᠎ᠠ ᠪᠤᠶᠤ ᠠᠮᠢᠳᠤᠷᠠᠯ ᠳᠤᠮᠳᠠ ᠪᠠᠨ ᠥᠪᠡᠷ ᠦ᠋ᠨ ᠴᠡᠪᠡᠷ ᠣᠷᠣᠯᠭ᠎ᠠ ᠪᠠᠨ ᠪᠣᠳᠣᠵᠤ ᠰᠤᠷᠬᠤ ᠳᠠᠳᠬᠠᠯ ᠲᠠᠢ ᠪᠣᠯᠬᠤ ᠬᠡᠷᠡᠭᠲᠡᠢ᠃ ᠴᠡᠪᠡᠷ ᠣᠷᠣᠯᠭ᠎ᠠ ᠭᠡᠳᠡᠭ ᠪᠣᠯ ᠥᠪᠡᠷ ᠦ᠋ᠨ ᠮᠠᠯᠴᠢᠨ ᠪᠦᠲᠦᠭᠡᠭᠳᠡᠬᠦᠨ ᠦ᠌ ᠦᠨ᠎ᠡ ᠬᠠᠩᠰᠢ ᠬᠢᠭᠡᠳ ᠪᠣᠷᠣᠯᠠᠭᠤᠯᠬᠤ ᠬᠡᠮᠵᠢᠶ᠎ᠡ ᠪᠡᠷ ᠳᠡᠮᠵᠢᠵᠦ ᠣᠯᠤᠭᠰᠠᠨ ᠠᠰᠢᠭ ᠬᠢᠭᠡᠳ ᠦᠢᠯᠡᠳᠪᠦᠷᠢᠯᠡᠯ ᠠᠮᠢᠳᠤᠷᠠᠯ ᠳᠤᠮᠳᠠ ᠵᠠᠷᠤᠴᠠᠭᠤᠯᠤᠭᠰᠠᠨ ᠵᠠᠷᠤᠯᠭ᠎ᠠ ᠶ᠋ᠢᠨ ᠵᠥᠷᠢᠶ᠎ᠡ ᠪᠣᠯᠤᠨ᠎ᠠ᠃
ᠭᠤᠷᠪᠠ᠂ ᠵᠢᠭᠡᠯᠡᠯᠭᠡ ᠪᠡᠨ ᠬᠡᠷᠬᠢᠨ ᠰᠢᠢᠳᠪᠦᠷᠢᠯᠡᠬᠦ ᠪᠣᠢ?
ᠪᠢᠳᠡ ᠡᠭᠦᠨ ᠡᠴᠡ ᠬᠣᠢᠰᠢ ᠥᠪᠡᠷ ᠦ᠋ᠨ ᠴᠡᠪᠡᠷ ᠣᠷᠣᠯᠭ᠎ᠠ ᠪᠠᠨ ᠪᠣᠳᠣᠵᠤ ᠭᠠᠷᠭᠠᠭᠰᠠᠨ ᠤ᠋ ᠰᠠᠭᠤᠷᠢᠨ ᠳᠡᠭᠡᠷ᠎ᠡ ᠠᠮᠢᠳᠤᠷᠠᠯ ᠤ᠋ᠨ ᠬᠡᠷᠡᠩᠴᠡᠭᠡᠨ ᠦ᠌ ᠠᠰᠢᠭ ᠲᠠᠢ ᠵᠢᠭᠡᠯᠡᠯᠭᠡ ᠠᠪᠴᠤ ᠬᠡᠷᠡᠭᠯᠡᠬᠦ ᠨᠢ ᠵᠥᠪ᠃ ᠭᠡᠲᠡᠯ᠎ᠡ ᠣᠳᠣ ᠡᠭᠦᠰᠦᠭᠡᠳ ᠪᠠᠢᠭ᠎ᠠ ᠵᠢᠭᠡᠯᠡᠯᠭᠡ ᠶ᠋ᠢ ᠶᠠᠭᠠᠬᠢᠵᠤ ᠰᠢᠢᠳᠪᠦᠷᠢᠯᠡᠬᠦ ᠨᠢ ᠨᠢᠳᠦᠨ ᠡᠮᠦᠨᠡᠬᠢ ᠲᠣᠮᠣ ᠠᠰᠠᠭᠤᠳᠠᠯ ᠪᠣᠯᠤᠭᠠᠳ ᠪᠠᠢᠨ᠎ᠠ᠃
1 ᠂ ᠬᠠᠤᠯᠢ ᠳᠡᠭᠡᠷ᠎ᠡ ᠥᠪᠡᠷ ᠦ᠋ᠨ ᠬᠠᠤᠯᠢ ᠶᠣᠰᠳ ᠤ᠋ᠨ ᠳᠠᠭᠠᠤ ᠠᠪᠤᠭᠰᠠᠨ ᠵᠢᠭᠡᠯᠡᠯᠭᠡ ᠪᠡᠨ ᠪᠤᠴᠠᠭᠠᠬᠤ ᠶ᠋ᠢ ᠱᠠᠭᠠᠷᠳᠠᠳᠠᠭ᠃ ᠡᠢᠮᠦ ᠴᠦ᠍ ᠤᠴᠢᠷ ᠠ᠋ᠴᠠ ᠥᠪᠡᠷ ᠦ᠋ᠨ ᠠᠪᠤᠭᠰᠠᠨ ᠵᠢᠭᠡᠯᠡᠯᠭᠡ ᠪᠡᠨ ᠡᠷᠲᠡ ᠨᠢᠭᠡᠨ ᠡᠳᠦᠷ ᠪᠤᠴᠠᠭᠠᠬᠤ ᠨᠢ ᠢᠯᠡᠭᠦᠦ ᠬᠦᠦ ᠮᠥᠩᠭᠥ ᠲᠥᠯᠥᠬᠦ ᠡᠴᠡ ᠵᠠᠢᠯᠠᠰᠬᠢᠵᠦ ᠴᠢᠳᠠᠨ᠎ᠠ᠃
2 ᠂ ᠮᠠᠯᠴᠢᠳ ᠤ᠋ᠨ ᠠᠰᠢᠭ ᠣᠷᠣᠯᠭ᠎ᠠ ᠶ᠋ᠢᠨ ᠭᠣᠣᠯ ᠢᠷᠡᠯᠲᠡ ᠨᠢ ᠮᠠᠯ ᠪᠠᠢᠳᠠᠭ᠃ ᠡᠢᠮᠦ ᠪᠠᠢᠳᠠᠯ ᠳᠣᠣᠷ᠎ᠠ ᠮᠠᠯ ᠤ᠋ᠨ ᠨᠢᠭᠡᠴᠢ ᠦᠨ᠎ᠡ ᠶ᠋ᠢ ᠨᠡᠮᠡᠭᠳᠡᠭᠦᠯᠬᠦ ᠳᠠᠷᠤᠢ ᠮᠠᠯ ᠤ᠋ᠨ ᠴᠢᠨᠠᠷ ᠢ᠋ ᠰᠠᠢᠵᠢᠷᠠᠭᠤᠯᠬᠤ ᠪᠤᠶᠤ ᠮᠠᠯ ᠤ᠋ᠨ ᠪᠣᠷᠣᠯᠠᠭᠤᠯᠤᠯᠲᠠ ᠪᠠᠨ ᠨᠡᠮᠡᠭᠳᠡᠭᠦᠯᠦᠨ᠂ ᠵᠠᠷᠤᠯᠭ᠎ᠠ ᠪᠠᠨ ᠪᠠᠭᠠᠰᠬᠠᠵᠤ᠂ ᠣᠯᠬᠤ ᠴᠡᠪᠡᠷ ᠣᠷᠣᠯᠭ᠎ᠠ ᠪᠠᠨ ᠶᠡᠬᠡᠬᠡᠨ᠂ ᠵᠢᠭᠡᠯᠡᠯᠭᠡ ᠪᠡᠨ ᠨᠥᠬᠥᠵᠦ ᠡᠷᠲᠡ ᠨᠢᠭᠡᠨ ᠡᠳᠦᠷ ᠥᠷᠢ ᠶ᠋ᠢᠨ ᠳᠠᠷᠤᠮᠲᠠ ᠠ᠋ᠴᠠ ᠭᠠᠷᠬᠤ ᠨᠢ ᠶᠠᠭᠤᠨ ᠠ᠋ᠴᠠ ᠴᠢᠬᠤᠯᠠ᠃
3 ᠂ ᠣᠳᠣ ᠮᠠᠯᠴᠢᠳ ᠮᠠᠨᠢ ᠳᠠᠩ ᠭᠠᠭᠴᠠ ᠤᠯᠠᠮᠵᠢᠯᠠᠯᠲᠤ ᠮᠠᠯ ᠠᠵᠤ ᠠᠬᠤᠢ ᠪᠠᠨ ᠡᠵᠡᠩᠨᠡᠵᠦ ᠲᠦᠭᠦᠬᠡᠢ ᠮᠠᠲ᠋ᠧᠷᠢᠶᠠᠯ ᠦᠢᠯᠡᠳᠪᠦᠷᠢᠯᠡᠭᠡᠳ ᠥᠪᠡᠷ ᠦ᠋ᠨ ᠠᠰᠢᠭ ᠣᠷᠣᠯᠭ᠎ᠠ ᠪᠠᠨ ᠨᠡᠮᠡᠭᠳᠡᠭᠦᠯᠬᠦ ᠳ᠋ᠦ᠍ ᠬᠦᠴᠢᠷ ᠪᠣᠯᠤᠭᠰᠠᠨ᠃ ᠡᠨᠡ ᠪᠠᠢᠳᠠᠯ ᠳ᠋ᠤ᠌ ᠬᠣᠯᠠ ᠶ᠋ᠢ ᠪᠣᠳᠣᠵᠤ ᠢᠯᠡᠭᠦᠦ ᠰᠢᠨ᠎ᠡ ᠶ᠋ᠢ ᠰᠤᠷᠴᠤ᠂ ᠰᠢᠨ᠎ᠡ ᠮᠡᠳᠡᠯᠭᠡ ᠮᠡᠷᠭᠡᠵᠢᠯ ᠡᠵᠡᠮᠰᠢᠨ᠂ ᠥᠪᠡᠷ ᠦ᠋ᠨ ᠠᠵᠢᠯ ᠠᠮᠢᠳᠤᠷᠠᠯ ᠳ᠋ᠠᠭᠠᠨ ᠦᠢᠯᠡᠴᠢᠯᠡᠭᠦᠯᠦᠨ᠂ ᠰᠢᠨ᠎ᠡ ᠠᠷᠭ᠎ᠠ ᠠᠪᠴᠠᠯ ᠢ᠋ᠶ᠋ᠠᠷ ᠦᠢᠯᠡᠳᠪᠦᠷᠢᠯᠡᠯ ᠠᠮᠢᠳᠤᠷᠠᠯ ᠢ᠋ᠶ᠋ᠠᠨ ᠵᠢᠯᠣᠭᠣᠳᠤᠭᠤᠯᠬᠤ ᠨᠢ ᠮᠠᠯᠴᠢᠳ ᠣᠷᠣᠯᠭ᠎ᠠ ᠪᠠᠨ ᠨᠡᠮᠡᠭᠳᠡᠭᠦᠯᠵᠦ᠂ ᠰᠢᠨ᠎ᠡ ᠴᠠᠭ ᠡᠷᠡᠨ ᠳ᠋ᠦ᠍ ᠵᠣᠬᠢᠴᠠᠵᠤ᠂ ᠢᠯᠡᠭᠦᠦ ᠶᠡᠬᠡ ᠬᠥᠭᠵᠢᠬᠦ ᠶ᠋ᠢᠨ ᠵᠠᠩᠭᠢᠯᠠᠨᠠ ᠪᠣᠯᠤᠨ᠎ᠠ᠃
ᠮᠠᠯᠴᠢᠳ ᠮᠠᠨᠢ ᠡᠨᠡ ᠬᠢᠴᠢᠶᠡᠯ ᠢ᠋ᠶ᠋ᠡᠷ ᠳᠠᠮᠵᠢᠨ ᠵᠢᠭᠡᠯᠡᠯᠭᠡ ᠶ᠋ᠢ ᠵᠥᠪ ᠢ᠋ᠶ᠋ᠡᠷ ᠣᠢᠯᠠᠭᠠᠵᠤ᠂ ᠲᠡᠭᠦᠨ ᠦ᠌ ᠠᠰᠢᠭ ᠬᠣᠣᠷ ᠢ᠋ ᠮᠡᠳᠡᠷᠡᠨ᠂ ᠥᠪᠡᠷ ᠦ᠋ᠨ ᠠᠰᠢᠭ ᠣᠷᠣᠯᠭ᠎ᠠ ᠪᠠᠨ ᠪᠣᠳᠣᠵᠤ᠂ ᠵᠥᠪ ᠢ᠋ᠶ᠋ᠡᠷ ᠠᠰᠢᠭᠯᠠᠵᠤ ᠰᠤᠷᠬᠤ ᠨᠢ ᠬᠣᠵᠢᠮ ᠤ᠋ᠨ ᠬᠥᠭᠵᠢᠯᠲᠡ ᠳ᠋ᠦ᠍ ᠵᠢᠩᠬᠢᠨᠢ ᠠᠴᠢ ᠬᠣᠯᠪᠣᠭᠳᠠᠯ ᠲᠠᠢ ᠵᠦᠢᠯ ᠪᠣᠯᠤᠨ᠎ᠠ᠃
ᠦᠰᠦᠭ ᠬᠥᠷᠪᠡᠭᠦᠯᠦᠭᠴᠢ ᠄ ᠤᠷᠢᠶᠠᠩᠬᠠᠢ ᠨᠠᠷᠠᠨᠮᠠᠨᠳᠠ
