ᠪᠣᠷᠣᠯᠠᠭᠤᠯᠤᠯᠲᠠ ᠪᠣᠯ ᠬᠤᠳᠠᠯᠳᠤᠬᠤ ᠪᠢᠰᠢ-ᠬᠣᠨᠢᠴᠢᠨ ᠦᠯᠵᠡᠢᠰᠦ᠋ᠷᠥᠩБорлуулалт бол худалдаа биш
ᠳ᠋ᠣᠺᠲ᠋ᠣᠷ ᠬᠣᠨᠢᠴᠢᠨ ᠦᠯᠵᠡᠢᠰᠦ᠋ᠷᠥᠩ
ᠴᠠᠭ ᠦᠶ᠎ᠡ ᠶ᠋ᠢᠨ ᠬᠥᠭᠵᠢᠯᠲᠡ ᠶ᠋ᠢ ᠳᠠᠭᠠᠯᠳᠤᠨ ᠮᠣᠩᠭᠣᠯᠴᠤᠳ ᠤ᠋ᠨ ᠠᠷᠠᠯᠵᠢᠶ᠎ᠠ ᠬᠤᠳᠠᠯᠳᠤᠭ᠎ᠠ ᠡᠷᠬᠢᠯᠡᠬᠦ ᠶᠠᠪᠤᠳᠠᠯ ᠣᠯᠠᠰᠢᠷᠠᠨ ᠨᠡᠢᠭᠡᠮ ᠦ᠋ᠨ ᠡᠯ᠎ᠡ ᠰᠠᠯᠪᠤᠷᠢ ᠳ᠋ᠤ᠌ ᠲᠦᠭᠡᠭᠰᠡᠨ ᠪᠠᠢᠳᠠᠭ᠃ ᠭᠡᠬᠦ ᠳ᠋ᠡᠭᠡᠨ ᠮᠠᠨᠤᠰ ᠤ᠋ᠨ ᠬᠢᠭᠰᠡᠨ ᠪᠦᠲᠦᠭᠡᠭᠳᠡᠬᠦᠨ ᠪᠤᠰᠤᠳ ᠠ᠋ᠴᠠ ᠰᠠᠢᠨ ᠪᠠᠢᠲᠠᠯ᠎ᠠ᠂ ᠠᠰᠢᠭ ᠣᠷᠣᠯᠭ᠎ᠠ ᠪᠠᠭ᠎ᠠ ᠪᠠᠢᠭ᠎ᠠ ᠦᠵᠡᠭᠳᠡᠯ ᠨᠡᠢᠳᠡᠮ ᠣᠷᠣᠰᠢᠵᠤ ᠪᠠᠢᠨ᠎ᠠ᠃ ᠡᠭᠦᠨ ᠳ᠋ᠦ᠍ ᠶᠠᠷᠢᠶᠠᠨ ᠦᠭᠡᠢ ᠣᠯᠠᠨ ᠵᠦᠢᠯ ᠦ᠋ᠨ ᠰᠢᠯᠲᠠᠭᠠᠨ ᠨᠥᠯᠥᠭᠡᠯᠡᠭᠰᠡᠨ ᠪᠠᠢᠬᠤ᠂ ᠭᠡᠲᠡᠯ᠎ᠡ ᠡᠳᠡᠭᠡᠷ ᠰᠢᠯᠲᠠᠭᠠᠨ ᠠ᠋ᠴᠠ ᠮᠠᠨᠤᠰ ᠪᠣᠷᠣᠯᠠᠭᠤᠯᠤᠯᠲᠠ ᠪᠠᠨ ᠰᠠᠢᠨ ᠣᠢᠯᠭᠠᠵᠤ᠂ ᠰᠠᠢᠨ ᠬᠢᠵᠦ ᠴᠢᠳᠠᠭᠰᠠᠨ ᠦᠭᠡᠢ ᠳ᠋ᠦ᠍ ᠵᠠᠩᠭᠢᠯᠠᠭ᠎ᠠ ᠣᠷᠣᠰᠢᠵᠤ ᠪᠣᠢ᠃
ᠪᠢᠳᠡ ᠪᠣᠷᠣᠯᠠᠭᠤᠯᠤᠯᠲᠠ ᠭᠡᠬᠦ ᠪᠡᠷ ᠵᠥᠪᠬᠡᠨ ᠬᠢᠭᠰᠡᠨ ᠪᠦᠲᠦᠭᠡᠭᠳᠡᠬᠦᠨ᠂ ᠳᠠᠷᠤᠢ ᠥᠪᠡᠷ ᠦ᠋ᠨ ᠲᠠᠸᠠᠷ ᠦᠢᠯᠡᠴᠢᠯᠡᠭᠡ ᠪᠡᠨ ᠵᠣᠴᠢᠳ ᠲᠤ᠌ ᠬᠤᠳᠠᠯᠳᠤᠬᠤ ᠮᠡᠲᠦ ᠪᠡᠷ ᠳᠥᠭᠥᠮ ᠣᠢᠯᠠᠭᠠᠳᠠᠭ᠃ ᠶᠠᠭ ᠡᠢᠮᠦ ᠡᠴᠡ ᠮᠠᠨᠤᠰ ᠠᠷᠠᠯᠴᠢᠶᠠ ᠬᠤᠳᠠᠯᠳᠤᠭ᠎ᠠ ᠬᠢᠬᠦ ᠳ᠋ᠦ᠍ ᠪᠦᠲᠦᠭᠡᠭᠳᠡᠬᠦᠨ ᠦ᠌ ᠴᠢᠨᠠᠷ ᠪᠠᠲᠤᠯᠠᠭᠠᠳ᠂ ᠡᠭᠦᠨ ᠳ᠋ᠦ᠍ ᠪᠡᠨ ᠪᠦᠬᠦᠨ ᠢ᠋ ᠪᠡᠨ ᠳᠠᠭᠠᠳᠬᠠᠳᠠᠭ᠃ ᠭᠡᠬᠦ ᠳ᠋ᠦ᠍ ᠠᠵᠤ ᠠᠬᠤᠢ ᠶ᠋ᠢᠨ ᠤᠬᠠᠭᠠᠨ ᠳ᠋ᠤ᠌ ᠬᠤᠳᠠᠯᠳᠤᠭ᠎ᠠ ᠪᠣᠯᠤᠨ ᠪᠣᠷᠣᠯᠠᠭᠤᠯᠤᠯᠲᠠ ᠪᠣᠯ ᠨᠢᠭᠡ ᠵᠦᠢᠯ ᠪᠢᠰᠢ᠂ ᠬᠠᠷᠢᠨ ᠡᠰᠡᠷᠭᠦ ᠤᠳᠬ᠎ᠠ ᠪᠦᠬᠦᠢ ᠣᠢᠯᠭᠠᠭᠳᠠᠬᠤᠨ ᠶᠤᠮ᠃ ᠮᠠᠨ ᠤ᠋ ᠶᠡᠷᠦᠳᠡ ᠶ᠋ᠢᠨ ᠬᠡᠯᠡᠳᠡᠭ ᠬᠤᠳᠠᠯᠳᠤᠬᠤ ᠭᠡᠳᠡᠭ ᠪᠣᠯ ᠥᠪᠡᠷ ᠦ᠋ᠨ ᠲᠠᠸᠠᠷ ᠦᠢᠯᠡᠴᠢᠯᠡᠭᠡ ᠪᠡᠨ ᠵᠣᠴᠢᠳ ᠲᠤ᠌ ᠣᠴᠢᠵᠤ ᠬᠤᠳᠠᠯᠳᠤᠬᠤ ᠳᠥᠬᠥᠮᠬᠡᠨ ᠶᠠᠪᠤᠴᠠ ᠪᠠᠢᠳᠠᠭ ᠪᠣᠯ᠂ ᠪᠣᠷᠣᠯᠠᠭᠤᠯᠤᠯᠲᠠ ᠭᠡᠳᠡᠭ ᠨᠢ ᠵᠣᠴᠢᠳ ᠢ᠋ ᠲᠠᠲᠠᠵᠤ ᠠᠪᠴᠢᠷᠠᠨ᠂ ᠮᠠᠨ ᠤ᠋ ᠲᠠᠸᠠᠷ ᠦᠢᠯᠡᠴᠢᠯᠡᠭᠡ ᠪᠡᠨ ᠬᠠᠩᠭᠠᠬᠤ ᠪᠦᠬᠦᠢᠯᠡ ᠶᠠᠪᠤᠴᠠ ᠶ᠋ᠢ ᠵᠢᠭᠠᠳᠠᠭ᠃ ᠡᠢᠮᠦ ᠡᠴᠡ ᠪᠣᠷᠣᠯᠠᠭᠤᠯᠤᠯᠲᠠ ᠪᠣᠯ ᠵᠣᠴᠢᠨ ᠲᠠᠲᠠᠬᠤ ᠤᠬᠠᠭᠠᠨ᠂ ᠨᠡᠩ ᠴᠦ᠍ ᠲᠠᠸᠠᠷ ᠦᠢᠯᠡᠴᠢᠯᠡᠭᠡ᠂ ᠦᠨ᠎ᠡ ᠬᠠᠩᠰᠢ᠂ ᠭᠦᠢᠯᠭᠡᠭᠡ ᠳᠡᠯᠭᠡᠭᠦᠷ ᠪᠣᠯᠤᠨ ᠵᠠᠷ ᠰᠤᠷᠲᠠᠯᠴᠢᠯᠠᠭ᠎ᠠ ᠶ᠋ᠢ ᠬᠠᠮᠤᠷᠤᠭᠰᠠᠨ ᠨᠢᠭᠡ ᠰᠢᠰᠲ᠋ᠧᠮ ᠲᠡᠢ ᠠᠵᠢᠯ ᠶᠤᠮ᠃ ᠡᠭᠦᠨ ᠢ᠋ ᠠᠵᠤ ᠠᠬᠤᠢ ᠶ᠋ᠢᠨ ᠤᠬᠠᠭᠠᠨ ᠳ᠋ᠤ᠌ ᠪᠣᠷᠣᠯᠠᠭᠤᠯᠤᠯᠲᠠ ᠶ᠋ᠢᠨ « 4P » ᠵᠠᠳᠠᠯᠤᠯᠲᠠ ᠭᠡᠳᠡᠭ᠃ ᠡᠭᠦᠨ ᠢ᠋ ᠮᠡᠳᠡᠵᠦ ᠠᠪᠤᠨ᠂ ᠥᠪᠡᠷ ᠦ᠋ᠨ ᠠᠷᠠᠯᠵᠢᠶ᠎ᠠ ᠬᠤᠳᠠᠯᠳᠤᠭᠠᠨ ᠤ᠋ ᠶᠠᠪᠤᠴᠠ ᠳ᠋ᠤ᠌ ᠪᠠᠨ ᠠᠰᠢᠭᠯᠠᠬᠤ ᠨᠢ ᠪᠢᠳᠡᠨ ᠦ᠌ ᠲᠠᠸᠠᠷ ᠦᠢᠯᠡᠴᠢᠯᠡᠭᠡ ᠪᠡᠨ ᠵᠣᠴᠢᠳ ᠤ᠋ᠨ ᠡᠷᠢᠯᠲᠡ ᠬᠡᠷᠡᠭᠴᠡᠭᠡᠨ ᠳ᠋ᠦ᠍ ᠨᠡᠢᠴᠡᠭᠦᠯᠬᠦ ᠶ᠋ᠢᠨ ᠵᠠᠩᠭᠢᠯᠠᠭ᠎ᠠ ᠪᠣᠯᠤᠨ᠎ᠠ᠃
ᠨᠢᠭᠡ ᠂ ᠲᠠᠸᠠᠷ ᠦᠢᠯᠡᠴᠢᠯᠡᠭᠡ
ᠲᠠᠸᠠᠷ ᠦᠢᠯᠡᠴᠢᠯᠡᠭᠡ ᠭᠡᠳᠡᠭ ᠪᠣᠯ ᠳᠠᠩ ᠭᠠᠭᠴᠠ ᠪᠢᠳᠡᠨ ᠦ᠌ ᠬᠢᠴᠦ ᠪᠦᠲᠦᠭᠡᠭᠰᠡᠨ ᠲᠠᠸᠠᠷ ᠲᠡᠳᠦᠢ ᠪᠢᠰᠢ ᠶᠤᠮ᠂ ᠬᠠᠷᠢᠨ ᠪᠦᠲᠦᠭᠡᠭᠳᠡᠬᠦᠨ ᠦ᠌ ᠴᠢᠨᠠᠷ ᠴᠢᠨᠰᠠᠭ᠎ᠠ᠂ ᠥᠭᠡᠷ᠎ᠡ ᠪᠡᠷ ᠬᠡᠯᠡᠪᠡᠯ ᠴᠢᠨᠠᠷ ᠲᠠᠢ ᠲᠠᠸᠠᠷ ᠦᠢᠯᠡᠴᠢᠯᠡᠭᠡ ᠦᠵᠡᠭᠦᠯᠬᠦ ᠶᠠᠪᠤᠳᠠᠯ ᠪᠣᠯᠤᠨ᠎ᠠ᠃ ᠡᠨᠡ ᠲᠠᠯ᠎ᠠ ᠳᠡᠭᠡᠷ᠎ᠡ ᠮᠠᠨ ᠤ᠋ ᠮᠣᠩᠭᠣᠯᠴᠤᠳ ᠰᠠᠢᠨ ᠠᠵᠢᠯᠯᠠᠵᠤ ᠪᠠᠢᠨ᠎ᠠ᠃ ᠮᠠᠨ ᠤ᠋ ᠬᠢᠭᠰᠡᠨ ᠪᠦᠲᠦᠭᠡᠭᠳᠡᠬᠦᠨ ᠦ᠌ ᠴᠢᠨᠠᠷ ᠬᠡᠨ ᠦ᠌ ᠬᠢ ᠡᠴᠡ ᠳᠤᠲᠠᠬᠤ ᠪᠠᠷ ᠦᠭᠡᠢ ᠰᠠᠢᠨ ᠪᠠᠢᠭ᠎ᠠ ᠨᠢ ᠰᠠᠢᠰᠢᠶᠠᠯᠲᠠᠢ᠃ ᠭᠡᠲᠡᠯ᠎ᠡ ᠡᠢᠮᠦ ᠰᠠᠢᠨ ᠲᠠᠸᠠᠷ ᠦᠢᠯᠡᠴᠢᠯᠡᠭᠡ ᠪᠡᠨ ᠵᠣᠴᠢᠳ ᠤ᠋ᠨ ᠭᠠᠷ ᠲᠤ᠌ ᠬᠦᠷᠭᠡᠵᠦ᠂ ᠠᠰᠢᠭ ᠣᠷᠣᠯᠭ᠎ᠠ ᠣᠯᠵᠤ ᠴᠢᠳᠠᠬᠤ ᠦᠭᠡᠢ ᠪᠠᠢᠭ᠎ᠠ ᠳ᠋ᠤ᠌ ᠠᠰᠠᠭᠤᠳᠠᠯ ᠤ᠋ᠨ ᠵᠠᠩᠭᠢᠯᠠᠭ᠎ᠠ ᠣᠷᠣᠰᠢᠵᠤ ᠪᠣᠢ᠃ ᠡᠨᠡ ᠨᠢ ᠪᠣᠷᠣᠯᠠᠭᠤᠯᠲᠠ ᠶ᠋ᠢᠨ « 4P » ᠦ᠌ ᠳᠠᠩ ᠭᠠᠭᠴᠠ ᠲᠠᠸᠠᠷ ᠦᠢᠯᠡᠴᠢᠯᠡᠭᠡ ᠶ᠋ᠢ ᠴᠢᠬᠤᠯᠴᠢᠯᠠᠭᠭᠠᠳ ᠪᠤᠰᠤᠳ ᠭᠤᠷᠪᠠᠨ ᠲᠠᠯ᠎ᠠ ᠶ᠋ᠢ ᠨᠢ ᠣᠷᠬᠢᠭᠳᠠᠭᠤᠯᠤᠭᠰᠠᠨ ᠳ᠋ᠤ᠌ ᠪᠠᠢᠭ᠎ᠠ ᠶᠤᠮ᠃
ᠬᠣᠶᠠᠷ ᠂ ᠦᠨ᠎ᠡ ᠬᠠᠩᠰᠢ
ᠨᠢᠭᠡ ᠰᠠᠢᠨ ᠲᠠᠸᠠᠷ ᠦᠢᠯᠡᠴᠢᠯᠡᠭᠡ ᠳ᠋ᠦ᠍ ᠨᠢᠭᠡᠨ ᠲᠣᠬᠢᠷᠬᠠᠰᠠᠨ ᠦᠨ᠎ᠡ ᠬᠠᠩᠰᠢ ᠪᠠᠢᠬᠤ ᠨᠢ ᠮᠠᠰᠢ ᠴᠢᠬᠤᠯᠠ᠃ ᠵᠠᠬ᠎ᠠ ᠳᠡᠯᠭᠡᠭᠦᠷ ᠦ᠋ᠨ ᠦᠨ᠎ᠡ ᠬᠠᠩᠰᠢ ᠭᠡᠳᠡᠭ ᠪᠣᠯ ᠲᠠᠰᠤᠷᠠᠯᠲᠠ ᠦᠭᠡᠢ ᠬᠡᠯᠪᠡᠯᠵᠡᠵᠦ ᠪᠠᠢᠳᠠᠭ᠃ ᠭᠡᠲᠡᠯ᠎ᠡ ᠮᠠᠨ ᠤ᠋ ᠲᠠᠸᠠᠷ ᠦᠢᠯᠡᠴᠢᠯᠡᠭᠡ ᠶ᠋ᠢᠨ ᠦᠨ᠎ᠡ ᠬᠠᠩᠰᠢ ᠬᠠᠷᠢᠴᠠᠩᠭᠤᠢ ᠲᠣᠭᠲᠠᠪᠤᠷᠢᠲᠠᠢ ᠪᠠᠢᠵᠤ᠂ ᠵᠣᠴᠢᠳ ᠲᠤ᠌ ᠲᠣᠭᠲᠠᠮᠠᠯ ᠦᠨ᠎ᠡ ᠬᠠᠩᠰᠢ ᠪᠠᠷ ᠬᠦᠷᠬᠦ ᠬᠡᠷᠡᠭᠲᠡᠢ᠃ ᠡᠢᠮᠦ ᠡᠴᠡ ᠥᠪᠡᠷ ᠦ᠋ᠨ ᠪᠦᠲᠦᠭᠡᠭᠳᠡᠬᠦᠨ ᠦ᠌ ᠦᠨ᠎ᠡ ᠬᠠᠩᠰᠢ ᠪᠠᠨ ᠲᠣᠭᠲᠠᠭᠠᠬᠤ ᠳᠡᠭᠡᠷ᠎ᠡ ᠰᠠᠢᠲᠤᠷ ᠠᠵᠢᠯᠯᠠᠵᠤ᠂ ᠵᠠᠬ᠎ᠠ ᠳᠡᠯᠭᠡᠭᠦᠷ ᠦ᠋ᠨ ᠪᠠᠢᠳᠠᠯ ᠢ᠋ ᠨᠠᠷᠢᠯᠢᠭ ᠰᠢᠨᠵᠢᠵᠦ᠂ ᠥᠰᠦᠯᠲᠡ ᠬᠤᠪᠢᠷᠠᠯᠲᠠ ᠶ᠋ᠢ ᠨᠢ ᠡᠵᠡᠮᠰᠢᠭᠰᠡᠨ ᠦ᠌ ᠰᠠᠭᠤᠷᠢᠨ ᠳᠡᠭᠡᠷ᠎ᠡ᠂ ᠪᠦᠲᠦᠭᠡᠭᠳᠡᠬᠦᠨ ᠦ᠌ ᠥᠷᠲᠡᠭ ᠵᠢᠴᠢ ᠪᠤᠰᠤᠳ ᠠᠳᠠᠯᠢᠬᠠᠨ ᠲᠠᠸᠠᠷ ᠤ᠋ᠨ ᠦᠨ᠎ᠡ ᠶ᠋ᠢ ᠦᠨᠳᠦᠰᠦᠯᠡᠨ ᠲᠣᠬᠢᠷᠠᠭᠰᠠᠨ ᠦᠨ᠎ᠡ ᠬᠠᠩᠰᠢ ᠲᠣᠭᠲᠠᠭᠠᠵᠤ ᠴᠢᠳᠠᠬᠤ ᠨᠢ ᠪᠦᠲᠦᠭᠡᠭᠳᠡᠬᠦᠨ ᠦ᠌ ᠤᠳᠠᠭᠠᠨ ᠬᠤᠭᠤᠴᠠᠭᠠᠨ ᠤ᠋ ᠪᠣᠷᠣᠯᠠᠭᠤᠯᠤᠯᠲᠠ ᠳ᠋ᠤ᠌ ᠳᠤᠲᠠᠭᠳᠠᠵᠤ ᠪᠣᠯᠣᠰᠢ ᠦᠭᠡᠢ ᠨᠥᠬᠥᠴᠡᠯ ᠪᠣᠯᠤᠨ᠎ᠠ᠃
ᠭᠤᠷᠪᠠ ᠂ ᠭᠦᠢᠯᠭᠡᠭᠡ ᠂ ᠳᠡᠯᠭᠡᠭᠦᠷ
ᠪᠢᠳᠡ ᠲᠠᠸᠠᠷ ᠦᠢᠯᠡᠴᠢᠯᠡᠭᠡ ᠪᠡᠨ ᠪᠤᠰᠤᠳ ᠠ᠋ᠴᠠ ᠰᠠᠢᠨ ᠬᠢᠵᠦ ᠂ ᠦᠨ᠎ᠡ ᠪᠡᠨ ᠲᠣᠬᠢᠷᠠᠮᠵᠢᠲᠠᠢ ᠲᠣᠭᠲᠠᠭᠠᠴᠢᠠᠭᠠᠳ᠂ ᠶᠠᠭᠠᠬᠢᠵᠤ ᠵᠣᠴᠢᠳ ᠲᠤ᠌ ᠬᠦᠷᠭᠡᠬᠦ ᠪᠡᠨ ᠮᠡᠳᠡᠬᠦ ᠦᠭᠡᠢ ᠪᠠᠢᠵᠤ ᠪᠣᠯᠬᠤ ᠦᠭᠡᠢ᠃ ᠮᠠᠨᠤᠰ ᠣᠯᠠᠩᠬᠢ ᠲᠣᠬᠢᠶᠠᠯᠳᠤᠯ ᠳ᠋ᠤ᠌ ᠳᠡᠯᠭᠡᠭᠦᠷ ᠭᠠᠷᠭᠠᠵᠤ ᠪᠤᠰᠤᠳ ᠤ᠋ᠨ ᠢᠷᠡᠵᠦ ᠠᠪᠬᠤ ᠶ᠋ᠢ ᠬᠦᠯᠢᠶᠡᠳᠡᠭ᠃ ᠡᠨᠡ ᠪᠣᠯ ᠵᠥᠪᠬᠡᠨ ᠡᠭᠦᠨ ᠦ᠌ ᠨᠢᠭᠡ ᠬᠡᠰᠡᠭ ᠶᠦᠮ᠃ ᠭᠦᠢᠯᠭᠡᠭᠡ ᠳ᠋ᠦ᠍ ᠣᠯᠠᠨ ᠶᠠᠩᠵᠤ ᠪᠣᠢ ᠂ ᠨᠡᠩ ᠣᠨᠴᠠᠭᠠᠢᠯᠠᠨ ᠣᠳᠣᠬᠢ ᠵᠠᠬ᠎ᠠ ᠵᠡᠭᠡᠯᠢ ᠲᠦᠷᠭᠡᠨ ᠬᠥᠭᠵᠢᠯᠲᠡ ᠶ᠋ᠢᠨ ᠦᠶ᠎ᠡ ᠳ᠋ᠦ᠍ ᠰᠢᠨ᠎ᠡ ᠰᠢᠨ᠎ᠡ ᠲᠠᠸᠠᠷ ᠦᠢᠯᠡᠴᠢᠯᠡᠭᠡᠨ ᠦ᠌ ᠭᠦᠢᠯᠭᠡᠭᠡᠨ ᠦ᠌ ᠠᠷᠭ᠎ᠠ ᠮᠠᠶᠢᠭ ᠢ᠋ ᠡᠵᠡᠮᠰᠢᠬᠦ ᠨᠢ ᠵᠠᠬ᠎ᠠ ᠵᠡᠭᠡᠯᠢ ᠶ᠋ᠢᠨ ᠲᠤᠯᠤᠯᠳᠤᠭᠠᠨ ᠳ᠋ᠤ᠌ ᠨᠢᠭᠡᠨ ᠰᠠᠢᠨ ᠵᠡᠪᠰᠡᠭ ᠡᠵᠡᠮᠰᠢᠭᠰᠡᠨ ᠲᠠᠢ ᠠᠳᠠᠯᠢᠬᠠᠨ᠃ ᠡᠢᠮᠦ ᠡᠴᠡ ᠪᠢᠳᠡ ᠳᠡᠯᠭᠡᠭᠦᠷ ᠨᠡᠭᠡᠭᠡᠬᠦ ᠡᠴᠡ ᠭᠠᠳᠠᠨ᠎ᠠ ᠲᠣᠭᠲᠠᠮᠠᠯ ᠬᠥᠷᠬᠡᠬᠡᠯᠲᠡ᠂ ᠰᠦᠯᠵᠢᠶᠡᠨ ᠦ᠌ ᠪᠣᠷᠣᠯᠠᠭᠤᠯᠤᠯᠲᠠ ᠮᠡᠲᠦ ᠶ᠋ᠢᠨ ᠠᠷᠭ᠎ᠠ ᠶ᠋ᠢ ᠥᠪᠡᠷ ᠦ᠋ᠨ ᠲᠠᠸᠠᠷ ᠦᠢᠯᠡᠴᠢᠯᠡᠭᠡ ᠳ᠋ᠦ᠍ ᠪᠡᠨ ᠵᠣᠬᠢᠴᠠᠭᠤᠯᠤᠨ ᠬᠡᠷᠡᠭᠯᠡᠬᠦ ᠨᠢ ᠵᠠᠬ᠎ᠠ ᠳᠡᠯᠭᠡᠭᠦᠷ ᠦ᠋ᠨ ᠬᠥᠭᠵᠢᠯᠲᠡ ᠳ᠋ᠦ᠍ ᠬᠥᠯ ᠨᠡᠢᠯᠡᠭᠦᠯᠬᠦ ᠳ᠋ᠦ᠍ ᠵᠠᠪᠠᠯ ᠡᠵᠡᠮᠰᠢᠬᠦ ᠪᠣᠷᠣᠯᠠᠭᠤᠯᠤᠯᠲᠠ ᠶ᠋ᠢᠨ ᠠᠷᠭ᠎ᠠ ᠪᠣᠯᠤᠨ᠎ᠠ᠃
ᠳᠥᠷᠪᠡ ᠂ ᠵᠠᠷ ᠰᠤᠷᠲᠠᠯᠴᠢᠯᠠᠭ᠎ᠠ
ᠵᠠᠷ ᠰᠤᠷᠲᠠᠯᠴᠢᠯᠠᠭ᠎ᠠ ᠭᠡᠬᠦ ᠪᠡᠷ ᠮᠠᠨᠤᠰ ᠮᠠᠰᠢ ᠲᠣᠮᠣ ᠪᠠᠷ ᠣᠢᠯᠠᠭᠠᠳᠠᠭ᠃ ᠶᠠᠭ ᠡᠢᠮᠦ ᠡᠴᠡ ᠡᠭᠦᠨ ᠢ᠋ ᠥᠪᠡᠷ ᠦ᠋ᠨ ᠲᠠᠸᠠᠷ ᠦᠢᠯᠡᠴᠢᠯᠡᠭᠡ ᠶ᠋ᠢᠨ ᠪᠣᠷᠣᠯᠠᠭᠤᠯᠤᠯᠲᠠ ᠳ᠋ᠠᠭᠠᠨ ᠠᠰᠢᠭᠯᠠᠳᠠᠭ ᠦᠭᠡᠢ᠃ ᠦᠨᠡᠨ ᠳ᠋ᠡᠭᠡᠨ ᠵᠠᠷ ᠰᠤᠷᠲᠠᠯᠴᠢᠯᠠᠭ᠎ᠠ ᠭᠡᠳᠡᠭ ᠪᠣᠯ ᠥᠪᠡᠷ ᠦ᠋ᠨ ᠲᠠᠸᠠᠷ ᠦᠢᠯᠡᠴᠢᠯᠡᠭᠡ ᠪᠡᠨ ᠵᠣᠴᠢᠳ ᠲᠤ᠌ ᠵᠥᠪ ᠢ᠋ᠶ᠋ᠡᠷ ᠲᠠᠨᠢᠭᠤᠯᠬᠤ ᠶᠠᠪᠤᠴᠠ ᠪᠣᠯᠤᠨ᠎ᠠ᠃ ᠡᠭᠦᠨ ᠢ᠋ ᠵᠠᠪᠠᠯ ᠲᠣᠮᠣ ᠲᠣᠮᠣ ᠵᠠᠷ ᠰᠤᠷᠲᠠᠯᠴᠢᠯᠠᠭᠠᠨ ᠦ᠌ ᠪᠠᠭᠠᠵᠢ ᠪᠠᠷ ᠶᠠᠪᠤᠭᠤᠯᠬᠤ ᠱᠠᠭᠠᠷᠳᠠᠯᠭ᠎ᠠ ᠪᠠᠢᠬᠤ ᠦᠭᠡᠢ᠂ ᠬᠠᠮᠤᠭ ᠴᠢᠬᠤᠯᠠ ᠨᠢ ᠵᠣᠴᠢᠳ ᠲᠤ᠌ ᠬᠦᠷᠴᠦ᠂ ᠥᠪᠡᠷ ᠦ᠋ᠨ ᠲᠠᠸᠠᠷ ᠦᠢᠯᠡᠴᠢᠯᠡᠭᠡ ᠪᠡᠨ ᠦᠨᠡᠨ ᠮᠥᠨ ᠢ᠋ᠶ᠋ᠡᠷ᠂ ᠤᠷᠠᠨ ᠢ᠋ᠶ᠋ᠠᠷ ᠲᠠᠨᠢᠭᠤᠯᠵᠤ ᠵᠣᠴᠢᠳ ᠢ᠋ ᠲᠠᠲᠠᠵᠤ ᠴᠢᠳᠠᠬᠤ ᠨᠢ ᠴᠢᠬᠤᠯᠠ᠃ ᠲᠡᠢᠮᠦ ᠡᠴᠡ ᠵᠠᠷ ᠰᠤᠷᠳᠠᠯᠴᠢᠯᠠᠭᠠᠨ ᠳ᠋ᠤ᠌ ᠮᠠᠨ ᠤ᠋ ᠶᠡᠷᠦᠳᠡ ᠶ᠋ᠢᠨ ᠬᠡᠷᠡᠭᠯᠡᠳᠡᠭ ᠸᠢᠴᠠᠲ ᠲᠠᠪᠴᠠᠩ ᠠ᠋ᠴᠠ ᠡᠬᠢᠯᠡᠭᠡᠳ ᠵᠠᠷ ᠮᠡᠳᠡᠭᠡᠨ ᠦ᠌ ᠰᠣᠨᠢᠨ᠂ ᠣᠯᠠᠨ ᠨᠡᠢᠲᠡ ᠶ᠋ᠢᠨ ᠭᠠᠵᠠᠷ ᠲᠠᠬᠢ ᠲᠠᠨᠢᠯᠴᠠᠭᠤᠯᠬᠤ ᠬᠥᠳᠡᠯᠭᠡᠭᠡᠨ ᠮᠡᠲᠦ ᠶ᠋ᠢᠨ ᠥᠷᠭᠡᠨ ᠬᠡᠷᠡᠭᠯᠡᠭᠡᠨ ᠦ᠌ ᠵᠠᠷ ᠰᠤᠷᠲᠠᠯᠴᠢᠯᠭᠠᠨ ᠤ᠋ ᠠᠷᠭ᠎ᠠ ᠮᠠᠶᠢᠭ ᠢ᠋ ᠬᠡᠷᠡᠭᠯᠡᠬᠦ ᠨᠢ ᠮᠠᠨ ᠤ᠋ ᠵᠢᠵᠢᠭ ᠠᠵᠤ ᠠᠬᠤᠢᠯᠠᠯ ᠳ᠋ᠤ᠌ ᠥᠷᠲᠡᠭ ᠪᠠᠭ᠎ᠠ᠂ ᠦᠷ᠎ᠡ ᠪᠦᠲᠦᠮᠵᠢ ᠥᠨᠳᠥᠷ ᠪᠠᠢᠳᠠᠭ᠃
ᠲᠠᠸᠠᠷ ᠦᠢᠯᠡᠴᠢᠯᠡᠭᠡ᠂ ᠦᠨ᠎ᠡ ᠬᠠᠩᠰᠢ᠂ ᠭᠦᠢᠯᠭᠡᠭᠡᠨ ᠳᠡᠯᠭᠡᠭᠦᠷ᠂ ᠵᠠᠷ ᠰᠤᠷᠳᠠᠯᠴᠢᠯᠭ᠎ᠠ ᠪᠤᠶᠤ ᠪᠣᠷᠣᠯᠠᠭᠤᠯᠤᠯᠲᠠ ᠶ᠋ᠢᠨ « 4P » ᠪᠣᠯ ᠪᠣᠷᠣᠯᠠᠭᠤᠯᠤᠯᠲᠠ ᠶ᠋ᠢᠨ ᠠᠮᠢᠨ ᠰᠦᠨᠡᠰᠦ ᠪᠠᠢᠵᠤ᠂ ᠠᠯᠢ ᠨᠢᠭᠡ ᠨᠢ ᠴᠤ᠌ ᠳᠤᠲᠠᠭᠳᠠᠵᠤ ᠪᠣᠯᠣᠰᠢ ᠦᠭᠡᠢ᠃ ᠡᠨᠡᠬᠦ ᠳᠥᠷᠪᠡᠨ ᠲᠠᠯ᠎ᠠ ᠪᠠᠷ ᠣᠴᠢᠵᠤ ᠥᠪᠡᠷ ᠦ᠋ᠨ ᠪᠣᠷᠣᠯᠠᠭᠤᠯᠤᠯᠲᠠ ᠪᠠᠨ ᠵᠠᠳᠠᠯᠤᠵᠤ᠂ ᠪᠣᠷᠣᠯᠠᠭᠤᠯᠤᠯᠲᠠ ᠬᠢᠪᠡᠯ ᠰᠠᠶᠢ ᠵᠢᠩᠬᠢᠨᠢ ᠪᠣᠷᠣᠯᠠᠭᠤᠯᠤᠯᠲᠠ ᠪᠣᠯᠵᠤ ᠴᠢᠳᠠᠨ᠎ᠠ᠃
ᠦᠰᠦᠭ ᠬᠥᠷᠪᠡᠭᠦᠯᠦᠭᠴᠢ ᠄ ᠤᠷᠢᠶᠠᠩᠬᠠᠢ ᠨᠠᠷᠠᠨᠮᠠᠨᠳᠠ
