ᠬᠥᠳᠡᠯᠮᠦᠷᠢᠴᠢᠳ ᠦ᠋ᠨ ᠠᠯᠳᠠᠷ -ᠭᠦᠩᠭᠠᠷ Хөдөлмөрчдийн алдар– Гүнгар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠳᠡᠯᠮᠦᠷᠢᠴᠢᠳ ᠦ᠋ᠨ ᠠᠯᠳᠠᠷ -ᠭᠦᠩᠭᠠᠷ Хөдөлмөрчдийн алдар– Гүнгар

ᠬᠥᠳᠡᠯᠮᠦᠷᠢᠴᠢᠳ ᠦ᠋ᠨ ᠠᠯᠳᠠᠷ -ᠭᠦᠩᠭᠠᠷ Хөдөлмөрчдийн алдар– Гүнгар

2025-08-03

972

ᠬᠥᠳᠡᠯᠮᠦᠷᠢᠴᠢᠳ ᠦ᠋ᠨ ᠠᠯᠳᠠᠷ

      — ᠭᠦᠩᠭᠠᠷ 

ᠬᠤᠷᠳᠤᠨ ᠬᠦᠯᠦᠭ ᠲᠦ᠍ ᠲᠠᠰᠢᠭᠤᠷ ᠨᠡᠮᠡᠬᠦ ᠠᠯᠤᠰ ᠢ᠋ ᠵᠣᠷᠢᠬᠤ ᠬᠦᠰᠡᠯᠲᠡ ᠪᠢᠯᠡ 
ᠬᠣᠶᠠᠷ ᠭᠠᠷ ᠤ᠋ᠨ ᠤᠷᠠᠨ ᠪᠦᠲᠦᠭᠡᠮᠵᠢ ᠰᠢᠷᠭᠠᠭᠤ ᠬᠥᠳᠡᠯᠮᠦᠷᠢ ᠶ᠋ᠢᠨ ᠭᠠᠢᠬᠠᠮᠰᠢᠭ ᠪᠢᠯᠡ  
ᠬᠣᠰᠢᠭᠤᠷᠠᠵᠤ ᠲᠡᠮᠡᠴᠡᠬᠦ ᠡᠷᠴᠢ ᠬᠦᠴᠦᠨ ᠡᠷᠬᠢᠮ ᠰᠠᠢᠬᠠᠨ ᠤ᠋ ᠳᠡᠮᠪᠡᠷᠢᠯ ᠪᠢᠯᠡ 
ᠬᠣᠷᠸ᠎ᠠ ᠶ᠋ᠢᠨ ᠡᠯᠢᠭᠡᠨ ᠦ᠌ ᠤᠷᠤᠰᠬᠤ ᠬᠥᠯᠥᠰᠥ ᠠᠭᠤᠤ ᠬᠥᠳᠡᠯᠮᠦᠷᠢᠴᠢᠳ ᠦ᠋ᠨ ᠠᠯᠳᠠᠷ ᠪᠢᠯᠡ ᠠ᠋! 

ᠪᠢᠷ ᠦ᠋ᠨ ᠦᠵᠦᠭᠦᠷ ᠲᠦ᠍ ᠰᠢᠳᠢ ᠣᠷᠣᠰᠢᠬᠤ ᠤᠬᠠᠭᠠᠨ ᠰᠠᠨᠠᠭᠠᠨ ᠤ᠋ ᠰᠡᠳᠬᠢᠮᠵᠢ ᠪᠢᠯᠡ 
ᠪᠢᠯᠢᠭ ᠣᠶᠤᠨ ᠤ᠋ ᠬᠤᠷᠴᠠ ᠮᠡᠳᠡᠷᠡᠮᠵᠢ ᠪᠡᠬᠡᠰ ᠢ᠋ᠶ᠋ᠡᠷ ᠰᠤᠪᠤᠷᠠᠬᠤ ᠤᠶᠠᠩᠭ᠎ᠠ ᠪᠢᠯᠡ 
ᠪᠡᠶ᠎ᠡ ᠳ᠋ᠦ᠍ ᠭᠦᠷᠪᠡᠯᠵᠢᠬᠦ ᠬᠦᠷᠡᠩ ᠴᠢᠰᠤ ᠲᠡᠮᠡᠦᠯᠬᠦ ᠦᠢᠯᠡᠰ ᠦ᠋ᠨ ᠴᠢᠪᠬᠠᠳᠠᠰᠤ ᠪᠢᠯᠡ 
ᠪᠡᠷᠬᠡ ᠶ᠋ᠢ ᠲᠤᠭᠤᠯᠤᠨ ᠰᠢᠷᠭᠠᠭᠤ ᠠᠵᠢᠯᠯᠠᠬᠤ ᠬᠥᠳᠡᠯᠮᠦᠷᠢᠴᠢᠨ ᠲᠦᠮᠡᠨ ᠦ᠌ ᠣᠮᠣᠭᠰᠢᠯ ᠪᠢᠯᠡ ᠠ᠋!

ᠲᠥᠯ ᠢ᠋ᠶ᠋ᠡᠨ ᠲᠣᠰᠤᠭᠠᠳ ᠮᠣᠩᠬᠢᠨᠠᠵᠤ ᠲᠡᠷᠪᠡᠬᠦ ᠮᠠᠯᠴᠢᠨ ᠲᠦᠮᠡᠨ ᠦ᠌ ᠪᠠᠶᠠᠰᠤᠯ ᠪᠢᠯᠡ
ᠲᠦᠭᠡᠮᠡᠯ ᠠᠷᠠᠳ ᠳ᠋ᠦ᠍ ᠪᠠᠨ ᠦᠨᠡᠨᠴᠢ ᠦᠢᠯᠡᠴᠢᠯᠡᠬᠦ ᠬᠥᠮᠦᠨ ᠵᠤᠨ ᠤ᠋ ᠮᠥᠰᠥ ᠪᠢᠯᠡ
ᠲᠥᠭᠡᠷᠢᠯ ᠦᠭᠡᠢ ᠨᠠᠮ ᠢ᠋ᠶ᠋ᠠᠨ ᠳᠠᠭᠠᠬᠤ ᠤᠭ ᠰᠠᠨᠠᠭᠠᠨ ᠤ᠋ ᠲᠠᠩᠭᠠᠷᠢᠭ ᠪᠢᠯᠡ
ᠲᠥᠷᠥ ᠭᠦᠷᠦᠨ ᠳ᠋ᠦ᠍ ᠪᠡᠨ ᠬᠦᠴᠦᠯᠡᠨ ᠵᠢᠳᠬᠦᠬᠦ ᠢᠷᠭᠡᠳ ᠪᠦᠬᠦᠨ ᠦ᠌ ᠬᠠᠨᠳᠢᠪ ᠪᠢᠯᠡ ᠠ᠋!

ᠨᠠᠪᠴᠢ ᠴᠡᠴᠡᠭ ᠥᠩᠭᠡ ᠪᠡᠷ ᠢᠯᠭᠠᠷᠠᠬᠤ ᠤᠰᠤ ᠬᠥᠷᠥᠰᠥᠨ ᠦ᠌ ᠰᠢᠮ᠎ᠡ ᠪᠢᠯᠡ
ᠨᠠᠯᠠᠭᠠᠷ ᠦᠢᠯᠡᠰ ᠥᠭᠡᠳᠡ ᠠᠬᠢᠬᠤ ᠳᠣᠷᠪᠢᠯᠢᠭ ᠤᠬᠠᠭᠠᠨ ᠤ᠋ ᠴᠢᠳᠠᠮᠵᠢ ᠪᠢᠯᠡ
ᠨᠠᠰᠤᠨ ᠬᠤᠲᠤᠭ ᠲᠤ᠌ ᠵᠢᠷᠭᠠᠯ ᠨᠡᠮᠡᠷᠢᠯᠡᠬᠦ ᠬᠥᠮᠦᠨ ᠵᠠᠶᠠᠭᠠᠨ ᠤ᠋ ᠪᠤᠶᠠᠨ ᠪᠢᠯᠡ
ᠨᠠᠮᠤᠷ ᠨᠠᠮᠤᠷ ᠤ᠋ᠨ ᠲᠠᠩᠰᠤᠭ ᠬᠤᠷᠢᠶᠠᠯᠲᠠ ᠠᠰᠬᠠᠷᠠᠬᠤ ᠬᠥᠯᠥᠰᠥᠨ ᠦ᠌ ᠬᠠᠷᠢᠭᠤ ᠪᠢᠯᠡ ᠠ᠋!

ᠡᠪᠡᠰᠦ ᠬᠤᠯᠤᠰᠤᠨ ᠤ᠋ ᠬᠠᠯᠢᠭᠤᠷᠠᠯᠲᠠ ᠭᠡᠭᠴᠢ ᠬᠤᠷ᠎ᠠ ᠪᠣᠷᠣᠭᠠᠨ ᠤ᠋ ᠰᠢᠮ᠎ᠡ ᠪᠢᠯᠡ
ᠡᠰᠡᠨᠢᠯ ᠬᠥᠭᠵᠢᠯ ᠦ᠋ᠨ ᠬᠦᠴᠦᠷᠬᠡᠭ ᠭᠡᠭᠴᠢ ᠠᠰᠠᠷ ᠬᠥᠳᠡᠯᠮᠦᠷᠢ ᠶ᠋ᠢᠨ ᠠᠮᠵᠢᠯᠲᠠ ᠪᠢᠯᠡ
ᠡᠷᠢᠨ ᠵᠠᠭᠤᠨ ᠤ᠋ ᠴᠣᠭᠴᠠᠯᠠᠯᠲᠠ ᠭᠡᠭᠴᠢ ᠬᠥᠮᠦᠨ ᠠᠷᠠᠳ ᠤ᠋ᠨ ᠴᠢᠷᠮᠠᠢᠯᠲᠠ ᠪᠢᠯᠡ
ᠡᠨᠳᠡ ᠡᠴᠡ ᠴᠢᠨᠠᠭᠰᠢᠯᠠᠬᠤ ᠠᠯᠬᠤᠭ᠎ᠠ ᠭᠡᠭᠴᠢ ᠢᠲᠡᠭᠡᠯ ᠰᠡᠳᠬᠢᠯ ᠦ᠋ᠨ ᠬᠥᠪᠴᠢᠯᠡᠭᠡ ᠪᠢᠯᠡ ᠠ᠋!

ᠵᠣᠭᠣᠰᠤᠨ ᠤ᠋ ᠤᠭᠤᠲᠠ ᠳᠦᠭᠦᠷᠡᠩ ᠪᠠᠢᠬᠤ ᠨᠢ ᠠᠵᠢᠯ ᠦᠢᠯᠡᠰᠴᠢᠳ ᠦ᠋ᠨ ᠰᠢᠮᠳᠠᠯᠭ᠎ᠠ ᠪᠢᠯᠡ
ᠵᠣᠪᠠᠯ ᠵᠦᠳᠡᠭᠦᠷᠢ ᠶ᠋ᠢ ᠲᠡᠰᠪᠦᠷᠢᠯᠡᠨ ᠤᠷᠤᠭᠰᠢᠯᠠᠬᠤ ᠨᠢ ᠠᠮᠵᠢᠯᠲᠠ ᠳ᠋ᠤ᠌ ᠬᠦᠷᠬᠦ ᠶ᠋ᠢᠨ ᠪᠠᠲᠤᠯᠠᠭ᠎ᠠ ᠪᠢᠯᠡ
ᠵᠣᠷᠢᠭᠰᠠᠨ ᠦᠢᠯᠡᠰ ᠢ᠋ᠶ᠋ᠡᠨ ᠪᠦᠲᠦᠭᠡᠵᠦ ᠶᠠᠪᠤᠬᠤ ᠨᠢ ᠠᠯᠬᠤᠮ ᠪᠦᠷᠢ ᠶ᠋ᠢᠨ ᠬᠠᠷᠢᠭᠤᠯᠲᠠ ᠪᠢᠯᠡ
ᠵᠤᠭᠠᠯᠠᠬᠤ ᠰᠠᠢᠬᠠᠨ ᠣᠷᠴᠢᠨ ᠭᠡᠵᠦ ᠨᠣᠮᠢᠨ ᠨᠣᠭᠣᠭᠠᠨ ᠤ᠋ ᠦᠵᠡᠮᠵᠢ ᠪᠢᠯᠡ ᠠ᠋!

ᠢᠯᠴᠢᠲᠦ ᠨᠠᠷᠠᠨ ᠤ᠋ ᠥᠭᠰᠥᠬᠦ ᠲᠤᠶᠠᠭᠠᠨ ᠳ᠋ᠤ᠌ ᠲᠦᠮᠡᠨ ᠪᠣᠳᠠᠰ ᠠᠮᠢᠯᠠᠨ᠎ᠠ ᠪᠢᠯᠡ
ᠢᠲᠡᠭᠡᠯ ᠰᠡᠳᠬᠢᠯ ᠦ᠋ᠨ ᠥᠭᠡᠳᠡᠷᠬᠡᠭ ᠤᠬᠠᠭᠠᠨ ᠳ᠋ᠤ᠌ ᠡᠨᠡᠬᠡᠨ ᠠᠮᠢᠳᠤᠷᠠᠯ ᠳᠡᠭᠵᠢᠷᠡᠨ᠎ᠡ ᠪᠢᠯᠡ
ᠢᠯᠡᠳᠲᠡ ᠬᠦᠴᠦᠷᠬᠡᠭᠵᠢᠬᠦ ᠤᠯᠤᠰ ᠬᠦᠷᠦᠨ᠎ᠡ ᠠᠷᠠᠳ ᠢᠷᠭᠡᠳ ᠵᠢᠷᠭᠠᠨ᠎ᠠ ᠪᠢᠯᠡ
ᠢᠯᠠᠭᠤᠭᠰᠠᠨ ᠳᠠᠭᠤᠨ ᠤ᠋ ᠤᠷᠠᠢ ᠴᠤᠤᠷᠢᠶᠠᠨ ᠳ᠋ᠤ᠌ ᠲᠠᠪᠤᠨ ᠲᠢᠪ ᠳᠣᠯᠭᠢᠰᠤᠨ᠎ᠠ ᠪᠢᠯᠡ ᠠ᠋!

ᠪᠠᠲᠤ ᠢᠲᠡᠭᠡᠯᠲᠦ ᠦᠨᠳᠦᠰᠦᠲᠡᠨ ᠶᠠᠰᠤᠲᠠᠨ ᠨᠢᠭᠲᠠᠷᠠᠯ ᠤ᠋ᠨ ᠳᠠᠭᠤᠨ ᠢ᠋ᠶ᠋ᠠᠷ ᠤᠷᠤᠭᠰᠢᠯᠠᠨ᠎ᠠ ᠪᠢᠯᠡ
ᠪᠠᠳᠠᠷᠠᠨ ᠬᠥᠭᠵᠢᠬᠦ ᠮᠠᠨ ᠤ᠋ ᠬᠦᠷᠦ ᠲᠤᠤᠯᠢᠮ᠎ᠠ ᠬᠣᠷᠸ᠎ᠠ ᠳ᠋ᠤ᠌ ᠠᠯᠳᠠᠷᠰᠢᠨ᠎ᠠ ᠪᠢᠯᠡ
ᠲᠠᠩᠰᠤᠭ ᠪᠠᠶᠠᠨ ᠡᠨᠡᠬᠡᠨ ᠨᠡᠢᠭᠡᠮ ᠵᠠᠭᠤᠨ ᠵᠠᠭᠤᠨ ᠢ᠋ᠶ᠋ᠠᠷ ᠦᠷᠭᠦᠯᠵᠢᠯᠡᠨ᠎ᠡ ᠪᠢᠯᠡ
ᠳᠠᠷᠬᠠᠨ ᠬᠥᠳᠡᠯᠮᠦᠷᠢᠴᠢᠳ ᠦ᠋ᠨ ᠤᠯᠠ ᠮᠥᠷ ᠲᠤᠤᠯᠢᠰ ᠤ᠋ᠨ ᠲᠤᠤᠯᠢᠰ ᠲᠤ᠌ ᠳᠤᠷᠠᠢᠨ᠎ᠠ ᠪᠢᠯᠡ ᠠ᠋!

ᠡᠭᠡᠯᠵᠢᠯᠡᠬᠦ ᠣᠨ ᠤ᠋ ᠲᠡᠷᠭᠡᠨ ᠬᠦᠷᠳᠦ ᠳ᠋ᠦ᠍ ᠲᠣᠰᠣ ᠪᠢᠰᠢ ᠤᠬᠠᠭᠠᠨ ᠨᠡᠮᠡᠷᠢᠯᠡᠶ᠎ᠡ ᠪᠢᠳᠡᠨ
ᠡᠷᠭᠢᠬᠦ ᠮᠠᠷᠭᠠᠰᠢ ᠶ᠋ᠢᠨ ᠭᠠᠢᠬᠠᠮᠰᠢᠭᠲᠤ ᠦᠢᠯᠡᠰ ᠲᠦ᠍ ᠳᠠᠭᠤᠨ ᠪᠢᠰᠢ ᠬᠦᠴᠦᠨ ᠨᠡᠮᠡᠷᠢᠯᠡᠶ᠎ᠡ ᠪᠢᠳᠡᠨ
ᠡᠭᠡᠯ ᠪᠣᠷᠣᠭᠵᠢᠭᠤᠨ ᠤ᠋ ᠨᠠᠨᠳᠢᠨ ᠰᠤᠷᠲᠠᠯ ᠳ᠋ᠤ᠌ ᠦᠭᠡ ᠪᠢᠰᠢ ᠢᠲᠡᠭᠡᠯ ᠨᠡᠮᠡᠷᠢᠯᠡᠶ᠎ᠡ ᠪᠢᠳᠡᠨ
ᠡᠴᠢᠨ᠎ᠡ ᠬᠣᠯᠠ ᠶ᠋ᠢᠨ ᠰᠢᠨ᠎ᠡ ᠠᠶᠠᠨ ᠳ᠋ᠤ᠌ ᠤᠷᠢᠶ᠎ᠠ ᠪᠢᠰᠢ ᠦᠢᠯᠡᠰ ᠨᠡᠮᠡᠷᠢᠯᠡᠶ᠎ᠡ ᠪᠢᠳᠡᠨ!

  ᠦᠰᠦᠭ ᠠᠮᠢᠯᠠᠭᠤᠯᠤᠭᠴᠢ᠄ ᠭᠦᠩᠭᠠᠷ
  ᠦᠰᠦᠭ ᠬᠠᠳᠠᠭᠴᠢ᠄ ᠠᠯᠲᠠᠨᠴᠢᠮᠡᠭ
  ᠬᠢᠨᠠᠭᠴᠢ᠄ ᠠᠯᠲᠠᠨᠴᠢᠮᠡᠭ᠂ ᠤᠤᠭᠠᠨᠵᠢᠳ