ᠠᠮᠵᠢᠯᠲᠠ ᠶ᠋ᠢᠨ ᠨᠢᠭᠤᠴᠠ-ᠬᠣᠨᠢᠴᠢᠨ ᠦᠯᠵᠡᠢᠰᠦ᠋ᠷᠤᠩАмжилтын нууц- Хоньчин Өлзийсүрэн
ᠠᠮᠵᠢᠯᠲᠠ ᠶ᠋ᠢᠨ ᠨᠢᠭᠤᠴᠠ
ᠳ᠋ᠣᠺᠲ᠋ᠣᠷ ᠬᠣᠨᠢᠴᠢᠨ ᠦᠯᠵᠡᠢᠰᠦ᠋ᠷᠤᠩ
«ᠠᠷᠪᠠᠨ ᠬᠤᠷᠤᠭᠤ ᠲᠡᠭᠰᠢ ᠦᠭᠡᠢ᠂ ᠠᠪᠤ ᠶ᠋ᠢᠨ ᠬᠦᠦ ᠠᠳᠠᠯᠢ ᠦᠭᠡᠢ » ᠭᠡᠳᠡᠭᠴᠢᠯᠡᠨ᠂ ᠪᠢᠳᠡ ᠪᠦᠬᠦᠨ ᠦ᠌ ᠠᠵᠤ ᠠᠮᠢᠳᠤᠷᠠᠯ᠂ ᠠᠵᠢᠯ ᠦᠢᠯᠡᠰ ᠳᠡᠭᠡᠷ᠎ᠡ ᠲᠡᠢ ᠳᠣᠣᠷ᠎ᠠ ᠲᠠᠢ ᠪᠠᠢᠳᠠᠭ ᠢ᠋ᠶ᠋ᠠᠷ ᠪᠠᠷᠠᠬᠤ ᠦᠭᠡᠢ᠂ ᠨᠢᠭᠡ ᠬᠥᠮᠦᠨ ᠦ᠌ ᠠᠮᠢᠳᠤᠷᠠᠯ ᠴᠤ᠌ ᠠᠮᠵᠢᠯᠲᠠ ᠢᠯᠠᠭᠳᠠᠯ ᠤ᠋ᠨ ᠠᠯᠢ ᠠᠯᠢᠨ ᠢ᠋ ᠨᠢ ᠦᠵᠡᠭᠰᠡᠨ ᠪᠠᠢᠳᠠᠭ᠃ ᠭᠡᠬᠦ ᠳ᠋ᠡᠭᠡᠨ ᠡᠨᠡ ᠪᠦᠬᠦᠨ ᠶᠠᠭᠤᠨ ᠠ᠋ᠴᠠ ᠪᠣᠯᠤᠭᠰᠠᠨ ᠢ᠋ ᠬᠥᠮᠦᠰ ᠲᠡᠳᠦᠢᠴᠢᠯᠠᠨ ᠠᠩᠬᠠᠷᠴᠤ ᠦᠵᠡᠭᠰᠡᠨ ᠦᠭᠡᠢ ᠮᠠᠭᠠᠳ᠃ ᠨᠢᠭᠡ ᠯᠡ ᠴᠠᠭ ᠦᠶ᠎ᠡ᠂ ᠨᠢᠭᠡ ᠯᠡ ᠣᠷᠴᠢᠨ ᠳ᠋ᠤ᠌ ᠠᠮᠢᠳᠤᠷᠠᠵᠤ ᠪᠠᠢᠭ᠎ᠠ ᠪᠢᠳᠡᠨ ᠦ᠌ ᠠᠮᠢᠳᠤᠷᠠᠯ ᠶᠠᠭᠠᠬᠢᠬᠤ ᠪᠠᠷ ᠨᠢᠭᠡ ᠨᠢ ᠠᠮᠵᠢᠯᠲᠠ ᠳ᠋ᠤ᠌ ᠬᠦᠷᠦᠭᠡᠳ᠂ ᠨᠥᠭᠦᠭᠡ ᠨᠢ ᠢᠯᠠᠭᠳᠠᠳᠠᠭ ᠪᠣᠢ ᠠᠳᠠᠯᠢᠬᠠᠨ ᠬᠣᠨᠢ ᠮᠠᠯ ᠠᠷᠠᠴᠢᠯᠠᠵᠤ ᠪᠠᠢᠭ᠎ᠠ ᠠᠲᠠᠯ᠎ᠠ ᠶᠠᠭᠠᠬᠢᠭᠠᠳ ᠵᠠᠷᠢᠮ ᠤ᠋ᠨ ᠬᠢᠨᠢ ᠥᠰᠦᠭᠡᠳ ᠵᠠᠷᠢᠮ ᠤ᠋ᠨ ᠬᠢᠨᠢ ᠬᠣᠷᠣᠭᠳᠠᠭᠠᠳ ᠪᠠᠢᠳᠠᠭ ᠪᠣᠯ ᠢᠩᠭᠢᠵᠦ ᠬᠠᠷᠢᠴᠠᠭᠤᠯᠵᠤ ᠪᠣᠳᠣᠬᠤ ᠪᠠᠷ ᠡᠭᠦᠨ ᠳ᠋ᠦ᠍ ᠵᠠᠪᠠᠯ ᠨᠢᠭᠡ ᠰᠢᠯᠲᠠᠭᠠᠨ ᠪᠠᠢᠬᠤ ᠨᠢ ᠲᠣᠳᠣᠷᠬᠠᠢ᠃ ᠡᠨᠡ ᠤᠳᠠᠭᠠᠨ ᠤ᠋ ᠬᠢᠴᠢᠶᠡᠯ ᠳ᠋ᠦ᠍ ᠪᠢᠳᠡ ᠡᠨᠡ ᠪᠦᠬᠦᠨ ᠦ᠌ ᠡᠭᠦᠳᠡᠨ ᠡᠴᠡ ᠠᠮᠵᠢᠯᠲᠠ ᠪᠣᠯᠤᠨ ᠢᠯᠠᠭᠳᠠᠯ ᠤ᠋ᠨ ᠰᠢᠯᠲᠠᠭᠠᠨ ᠢ᠋ ᠲᠣᠳᠣᠷᠬᠠᠢᠯᠠᠬᠤ ᠪᠣᠯᠤᠨ᠎ᠠ᠃
ᠮᠠᠯᠴᠢᠳ ᠯᠠ ᠠᠮᠢᠳᠤᠷᠠᠯ᠂ ᠠᠵᠢᠯ ᠦᠢᠯᠡᠰ ᠠᠮᠵᠢᠯᠲᠠ ᠪᠣᠯᠤᠨ ᠢᠯᠠᠭᠳᠠᠯ ᠳ᠋ᠤ᠌ ᠤᠴᠠᠷᠠᠳᠠᠭ ᠪᠢᠰᠢ᠂ ᠬᠠᠷᠢᠨ ᠨᠡᠢᠭᠡᠮ ᠳᠡᠭᠡᠷᠡᠬᠢ ᠬᠥᠮᠦᠨ ᠪᠣᠯᠭᠠᠨ ᠤ᠋ ᠠᠮᠢᠳᠤᠷᠠᠯ ᠡᠨᠡ ᠬᠣᠶᠠᠷ ᠠ᠋ᠴᠠ ᠰᠠᠯᠵᠤ ᠴᠢᠳᠠᠳᠠᠭ ᠦᠭᠡᠢ᠃ ᠬᠥᠮᠦᠰ ᠠᠵᠢᠯ ᠦᠢᠯᠡᠰ ᠡᠷᠬᠢᠯᠡᠵᠦ ᠶᠠᠪᠤᠬᠤ ᠳ᠋ᠠᠭᠠᠨ ᠠᠮᠵᠢᠯᠲᠠ ᠳ᠋ᠤ᠌ ᠬᠦᠷᠬᠦ ᠶ᠋ᠢᠨ ᠲᠤᠯᠠᠳᠠ ᠵᠢᠳᠬᠦᠵᠦ ᠪᠠᠢᠭ᠎ᠠ ᠨᠢ ᠯᠠᠪᠲᠠᠢ᠂ ᠭᠡᠬᠦ ᠳ᠋ᠦ᠍ ᠪᠠᠨ ᠯᠠ ᠢᠯᠠᠭᠳᠠᠯ ᠳ᠋ᠤ᠌ ᠤᠴᠠᠷᠠᠳᠠᠭ ᠨᠢ ᠵᠥᠩᠳᠡᠭᠡᠨ᠃ ᠡᠷᠳᠡᠮᠲᠡᠳ ᠡᠭᠦᠨ ᠢ᠋ ᠬᠠᠯᠠᠭᠤᠨ ᠵᠣᠷᠢᠭ᠂ ᠴᠢᠳᠠᠪᠤᠷᠢ᠂ ᠰᠡᠳᠬᠢᠬᠦ ᠠᠷᠭ᠎ᠠ ᠭᠤᠷᠪᠠ ᠪᠠᠷ ᠬᠤᠷᠢᠶᠠᠩᠭᠤᠢᠯᠠᠵᠠᠢ᠃
ᠨᠢᠭᠡ᠂ ᠬᠠᠯᠠᠭᠤᠨ ᠵᠣᠷᠢᠭ
ᠡᠨᠡ ᠪᠣᠯ ᠪᠢᠳᠡ ᠪᠦᠬᠦᠨ ᠦ᠌ ᠥᠪᠡᠷ ᠦ᠋ᠨ ᠠᠵᠢᠯ ᠦᠢᠯᠡᠰ᠂ ᠠᠮᠢᠳᠤᠷᠠᠯ ᠳ᠋ᠠᠭᠠᠨ ᠬᠠᠨᠳᠤᠬᠤ ᠣᠪᠣᠷ᠂ ᠲᠤᠤᠱᠲᠠᠢ ᠬᠠᠨᠳᠤᠬᠤ ᠵᠣᠷᠢᠭ ᠰᠠᠨᠠᠭ᠎ᠠ ᠶᠤᠮ᠃ ᠨᠢᠭᠡ ᠬᠥᠮᠦᠨ ᠡᠬᠢᠯᠡᠭᠡᠳ ᠥᠪᠡᠷ ᠦ᠋ᠨ ᠬᠢᠵᠦ ᠰᠤᠷᠴᠤ ᠪᠠᠢᠭ᠎ᠠ ᠵᠦᠢᠯ ᠳ᠋ᠡᠭᠡᠨ ᠬᠠᠢᠷᠠᠲᠠᠢ ᠳᠤᠷᠠᠲᠠᠢ ᠪᠠᠢᠵᠤ᠂ ᠲᠡᠭᠦᠨ ᠦ᠌ ᠪᠡᠨ ᠲᠥᠯᠥᠭᠡ ᠲᠡᠮᠡᠴᠡᠵᠦ ᠴᠢᠳᠠᠳᠠᠭ᠃ ᠶᠠᠷᠢᠶᠠᠨ ᠦᠭᠡᠢ ᠮᠠᠨ ᠤ᠋ ᠮᠠᠯᠴᠢᠳ ᠥᠪᠡᠷ ᠦ᠋ᠨ ᠨᠤᠲᠤᠭ ᠤᠰᠤ᠂ ᠮᠠᠯᠵᠢᠬᠤ ᠠᠮᠢᠳᠤᠷᠠᠯ ᠳ᠋ᠠᠭᠠᠨ ᠬᠠᠢᠷᠠᠲᠠᠢ ᠪᠠᠢᠵᠤ᠂ ᠲᠡᠭᠦᠨ ᠦ᠌ ᠪᠡᠨ ᠲᠥᠯᠥᠭᠡ ᠴᠢᠷᠮᠠᠢᠵᠤ ᠪᠠᠢᠭ᠎ᠠ ᠨᠢ ᠦᠨᠡᠨ᠃ ᠭᠡᠬᠦ ᠳ᠋ᠡᠭᠡᠨ ᠪᠤᠰᠤᠳ ᠵᠦᠢᠯ ᠳᠡᠭᠡᠷ᠎ᠡ᠂ ᠥᠭᠡᠷ᠎ᠡ ᠠᠵᠢᠯ ᠲᠥᠷᠥᠯ ᠡᠷᠬᠢᠯᠡᠵᠦ ᠬᠢᠬᠦ ᠳ᠋ᠦ᠍ ᠬᠢᠷᠢ ᠵᠡᠷᠭᠡ ᠲᠤᠤᠱᠲᠠᠢ ᠶᠠᠪᠤᠵᠤ ᠴᠢᠳᠠᠬᠤ ᠨᠢ ᠶᠠᠭᠤᠨ ᠠ᠋ᠴᠠ ᠴᠢᠬᠤᠯᠠ᠃ ᠤᠴᠢᠷ ᠨᠢ ᠡᠨᠳᠡ ᠶᠠᠷᠢᠵᠤ ᠪᠠᠢᠭ᠎ᠠ ᠬᠠᠯᠠᠭᠤᠨ ᠵᠣᠷᠢᠭ ᠪᠣᠯ ᠨᠢᠭᠡ ᠴᠠᠭ ᠤ᠋ᠨ ᠬᠠᠯᠠᠭᠤᠷᠠᠯ ᠪᠢᠰᠢ᠂ ᠬᠠᠷᠢᠨ ᠥᠪᠡᠷ ᠦ᠋ᠨ ᠬᠢᠶ᠎ᠡ᠂ ᠪᠦᠲᠦᠭᠡᠶ᠎ᠡ ᠭᠡᠭᠡᠨ ᠵᠦᠢᠯ ᠦ᠋ᠨ ᠢ᠋ᠶ᠋ᠡᠨ ᠲᠥᠯᠥᠭᠡ ᠲᠤᠤᠱᠲᠠᠢ ᠲᠡᠮᠡᠴᠡᠬᠦ ᠬᠠᠯᠠᠭᠤᠨ ᠵᠣᠷᠢᠭ ᠶᠤᠮ᠃ ᠡᠨᠡ ᠲᠠᠯ᠎ᠠ ᠪᠠᠷ ᠮᠠᠯᠴᠢᠳ ᠬᠡᠨ ᠡᠴᠡ ᠳᠤᠲᠠᠬᠤ ᠦᠭᠡᠢ ᠲᠤᠤᠱᠲᠠᠢ ᠴᠢᠷᠮᠠᠢᠵᠤ ᠴᠢᠳᠠᠬᠤ ᠨᠢ ᠯᠠᠪᠲᠠᠢ᠃
ᠬᠣᠶᠠᠷ᠂ ᠴᠢᠳᠠᠪᠤᠷᠢ
ᠪᠢᠳᠡ ᠠᠮᠢᠳᠤᠷᠠᠯ ᠳᠤᠮᠳᠠ ᠪᠠᠨ ᠬᠡᠨ ᠬᠡᠨ ᠴᠢᠳᠠᠪᠤᠷᠢ ᠲᠠᠢ᠂ ᠶᠠᠭᠤ ᠶᠠᠭᠤ ᠴᠢᠳᠠᠨ᠎ᠠ ᠭᠡᠮᠡᠨ ᠪᠠᠢᠩᠭᠤ ᠶᠠᠷᠢᠳᠠᠭ᠃ ᠥᠨᠥ ᠴᠠᠭ ᠲᠤ᠌ ᠮᠠᠨ ᠤ᠋ ᠮᠠᠯᠴᠢᠳ ᠴᠤ᠌ ᠭᠡᠰᠡᠨ ᠣᠯᠠᠨ ᠵᠦᠢᠯ ᠦ᠋ᠨ ᠮᠡᠳᠡᠭᠡ ᠵᠠᠩᠭᠢ ᠶ᠋ᠢᠨ ᠵᠠᠭᠤᠴᠢᠯᠠᠭᠤᠷ ᠵᠢᠴᠢ ᠣᠯᠠᠨ ᠶᠠᠩᠵᠤ ᠶ᠋ᠢᠨ ᠰᠤᠷᠭᠠᠯᠲᠠ ᠪᠠᠷ ᠳᠠᠮᠵᠢᠨ ᠬᠡᠨ ᠡᠴᠡ ᠳᠤᠲᠠᠬᠤ ᠦᠭᠡᠢ ᠪᠡᠷ ᠥᠪᠡᠷ ᠲᠦ᠍ ᠪᠡᠨ ᠲᠣᠬᠢᠷᠬᠠᠰᠠᠨ ᠮᠡᠳᠡᠯᠭᠡ ᠮᠡᠷᠭᠡᠵᠢᠯ ᠢ᠋ ᠡᠵᠡᠮᠰᠢᠵᠦ ᠴᠢᠳᠠᠬᠤ ᠪᠣᠯᠤᠭᠰᠠᠨ᠃ ᠭᠡᠬᠦ ᠳ᠋ᠡᠭᠡᠨ ᠴᠢᠳᠠᠪᠤᠷᠢ ᠪᠣᠯ ᠳᠠᠩ ᠭᠠᠨᠴᠠ ᠮᠡᠳᠡᠯᠭᠡ ᠪᠢᠰᠢ ᠶᠤᠮ᠃ ᠡᠨᠳᠡ ᠶᠠᠷᠢᠵᠤ ᠪᠠᠢᠭ᠎ᠠ ᠴᠢᠳᠠᠪᠤᠷᠢ ᠭᠡᠳᠡᠭ ᠪᠣᠯ ᠮᠡᠳᠡᠯᠭᠡ ᠳ᠋ᠦ᠍ ᠰᠠᠭᠤᠷᠢᠯᠠᠭᠰᠠᠨ ᠣᠷᠣᠯᠳᠣᠯᠭ᠎ᠠ ᠪᠤᠶᠤ ᠥᠪᠡᠷ ᠦ᠋ᠨ ᠮᠡᠳᠡᠭᠰᠡᠨ ᠵᠦᠢᠯ ᠢ᠋ᠶ᠋ᠡᠨ ᠭᠠᠷ ᠬᠥᠳᠡᠯᠵᠦ ᠬᠢᠵᠦ ᠭᠠᠷᠭᠠᠬᠤ ᠡᠷᠳᠡᠮ ᠶᠦᠮ᠃ ᠡᠢᠮᠦ ᠡᠴᠡ ᠮᠠᠨ ᠤ᠋ ᠮᠠᠯᠴᠢᠳ ᠥᠪᠡᠷ ᠦ᠋ᠨ ᠠᠮᠢᠳᠤᠷᠠᠯ ᠤ᠋ᠨ ᠠᠷᠭ᠎ᠠ ᠲᠤᠷᠰᠢᠯᠭ᠎ᠠ᠂ ᠰᠤᠷᠴᠤ ᠮᠡᠳᠡᠭᠰᠡᠨ ᠵᠦᠢᠯ ᠢ᠋ᠶ᠋ᠡᠨ ᠠᠮᠢᠳᠤᠷᠠᠯ ᠳᠤᠮᠳᠠ ᠪᠠᠨ ᠥᠪᠡᠷ ᠲᠦ᠍ ᠪᠡᠨ ᠬᠡᠷᠡᠭ ᠲᠡᠢ ᠴᠢᠳᠠᠪᠤᠷᠢ ᠪᠣᠯᠭᠠᠨ᠂ ᠠᠵᠢᠯ ᠦᠢᠯᠡᠰ ᠲᠡᠭᠡᠨ ᠦᠢᠯᠡᠴᠢᠯᠡᠭᠦᠯᠵᠦ ᠰᠤᠷᠬᠤ ᠬᠡᠷᠡᠭᠲᠡᠢ᠃ ᠡᠨᠡ ᠨᠢ ᠴᠦ᠍ ᠮᠠᠨ ᠤ᠋ ᠮᠠᠯᠴᠢᠳ ᠤ᠋ᠨ ᠪᠤᠰᠤᠳ ᠠ᠋ᠴᠠ ᠪᠠᠨ ᠵᠥᠷᠢᠵᠦ ᠪᠠᠢᠭ᠎ᠠ ᠨᠢᠭᠡ ᠲᠠᠯ᠎ᠠ᠃
ᠭᠤᠷᠪᠠ᠂ ᠰᠡᠳᠬᠢᠬᠦ ᠠᠷᠭ᠎ᠠ
ᠬᠥᠮᠦᠨ ᠬᠥᠮᠦᠨ ᠦ᠌ ᠦᠵᠡᠯᠲᠡ ᠲᠠᠨᠢᠯᠲᠠ᠂ ᠰᠤᠷᠴᠤ ᠮᠡᠳᠡᠭᠰᠡᠨ ᠵᠦᠢᠯ ᠵᠢᠴᠢ ᠶᠠᠭᠤᠮ᠎ᠠ ᠶ᠋ᠢ ᠦᠵᠡᠬᠦ ᠵᠣᠭᠰᠣᠴᠠ ᠠᠳᠠᠯᠢ ᠦᠭᠡᠢ ᠡᠴᠡ ᠪᠣᠯᠵᠤ ᠦᠢᠯᠡ ᠬᠡᠷᠡᠭ ᠢ᠋ ᠦᠵᠡᠬᠦ ᠬᠠᠨᠳᠤᠯᠭ᠎ᠠ᠂ ᠥᠭᠡᠷ᠎ᠡ ᠪᠡᠷ ᠬᠡᠯᠡᠪᠡᠯ ᠰᠡᠳᠬᠢᠬᠦ ᠠᠷᠭ᠎ᠠ ᠨᠢ ᠥᠭᠡᠷ᠎ᠡ ᠥᠭᠡᠷ᠎ᠡ ᠪᠠᠢᠳᠠᠭ᠃ ᠲᠡᠳᠤᠢᠴᠢᠨᠠᠨ ᠣᠯᠠᠨ ᠰᠡᠳᠬᠢᠬᠦ ᠠᠷᠭ᠎ᠠ ᠠ᠋ᠴᠠ ᠠᠯᠢ ᠨᠢ ᠪᠢᠳᠡᠨ ᠢ᠋ ᠢᠯᠠᠭᠳᠠᠯ ᠠ᠋ᠴᠠ ᠵᠠᠢᠯᠠᠭᠤᠯᠵᠤ ᠠᠮᠵᠢᠯᠲᠠ ᠳ᠋ᠤ᠌ ᠬᠦᠷᠭᠡᠵᠦ ᠴᠢᠳᠠᠬᠤ ᠪᠣᠢ ᠪᠢᠳᠡ ᠬᠠᠯᠠᠭᠤᠨ ᠵᠣᠷᠢᠭ ᠲᠠᠢ᠂ ᠴᠢᠳᠠᠪᠤᠷᠢ ᠲᠠᠢ ᠪᠠᠢᠭᠠᠳ ᠠᠵᠢᠯ ᠦᠢᠯᠡᠰ ᠠᠮᠵᠢᠯᠲᠠ ᠣᠯᠵᠤ ᠴᠢᠳᠠᠬᠤ ᠤᠤ? ᠪᠢᠳᠡᠨ ᠦ᠌ ᠳᠤᠮᠳᠠ ᠠᠵᠢᠯ ᠢ᠋ ᠪᠠᠭ᠎ᠠ ᠪᠠᠭ᠎ᠠ ᠪᠠᠷ ᠡᠬᠢᠨ ᠡᠴᠡ ᠨᠢ ᠬᠢᠵᠦ ᠠᠮᠵᠢᠯᠲᠠ ᠳ᠋ᠤ᠌ ᠬᠦᠷᠦᠶ᠎ᠡ ᠭᠡᠰᠡᠨ ᠬᠥᠮᠦᠨ ᠪᠠᠢᠬᠤ ᠳ᠋ᠤ᠌᠂ ᠶᠡᠬᠡ ᠶᠠᠭᠤᠮ᠎ᠠ ᠬᠢᠵᠦ ᠭᠠᠭᠴᠠᠬᠠᠨ ᠡᠳᠦᠷ ᠲᠦ᠍ ᠲᠣᠮᠣ ᠠᠮᠵᠢᠯᠲᠠ ᠳ᠋ᠤ᠌ ᠬᠦᠷᠦᠶ᠎ᠡ ᠭᠡᠰᠡᠨ ᠪᠣᠳᠣᠯ ᠲᠠᠢ ᠬᠥᠮᠦᠨ ᠴᠦ᠍ ᠵᠥᠩᠳᠡᠭᠡᠨ᠃ ᠪᠢᠳᠡᠨ ᠦ᠌ ᠠᠮᠵᠢᠯᠲᠠ ᠳ᠋ᠤ᠌ ᠬᠦᠷᠦᠶ᠎ᠡ ᠭᠡᠰᠡᠨ ᠪᠣᠳᠣᠯ ᠮᠠᠨᠢ ᠪᠤᠷᠤᠭᠤ ᠦᠭᠡᠢ᠂ ᠬᠠᠷᠢᠨ ᠶᠠᠭᠠᠬᠢᠵᠤ ᠬᠦᠷᠬᠦ ᠪᠣᠳᠣᠯᠭ᠎ᠠ ᠨᠢ ᠵᠥᠪ ᠪᠤᠷᠤᠭᠤ ᠲᠠᠢ᠃ ᠥᠭᠡᠷ᠎ᠡ ᠪᠡᠷ ᠬᠡᠯᠡᠪᠡᠯ ᠶᠠᠭᠤᠮ᠎ᠠ ᠶ᠋ᠢ ᠵᠥᠪ ᠲᠠᠯ᠎ᠠ ᠠ᠋ᠴᠠ ᠨᠢ᠂ ᠵᠢᠮ᠎ᠡ ᠶᠣᠰᠣ ᠶ᠋ᠢᠨ ᠬᠢᠨᠢ ᠳᠠᠭᠠᠤ᠂ ᠵᠥᠪ ᠵᠣᠭᠰᠣᠴᠠ ᠠ᠋ᠴᠠ ᠰᠡᠳᠬᠢᠬᠦ᠂ ᠳᠠᠷᠤᠢ ᠵᠥᠪ ᠰᠡᠳᠬᠢᠬᠦ ᠠᠷᠭ᠎ᠠ ᠲᠠᠢ ᠪᠠᠢᠬᠤ ᠨᠢ ᠠᠮᠵᠢᠯᠲᠠ ᠳ᠋ᠤ᠌ ᠬᠦᠷᠬᠦ ᠶ᠋ᠢᠨ ᠵᠦᠭᠯᠡᠭᠦᠷ ᠪᠣᠯᠳᠠᠭ᠃ ᠲᠡᠢᠮᠦ ᠪᠢᠰᠢ᠂ ᠡᠰᠡᠷᠭᠦ ᠪᠡᠷ ᠶᠠᠭᠤᠮ᠎ᠠ ᠶ᠋ᠢ ᠪᠤᠷᠤᠭᠤ ᠰᠡᠳᠬᠢᠬᠦ ᠠᠷᠭ᠎ᠠ ᠪᠠᠷ ᠵᠥᠪ ᠪᠤᠰᠤ ᠪᠠᠷ ᠰᠡᠳᠬᠢᠪᠡᠯ ᠪᠢᠳᠡ ᠥᠪᠡᠷ ᠦ᠋ᠨ ᠴᠢᠳᠠᠪᠤᠷᠢ ᠪᠣᠯᠤᠨ ᠬᠠᠯᠠᠭᠤᠨ ᠵᠣᠷᠢᠭ ᠢ᠋ᠶ᠋ᠠᠨ ᠪᠤᠷᠤᠭᠤ ᠵᠦᠢᠯ ᠳ᠋ᠦ᠍ ᠵᠠᠷᠤᠴᠠᠭᠤᠯᠵᠤ ᠪᠤᠷᠤᠭᠤ ᠦᠷ᠎ᠡ ᠳ᠋ᠦᠩ ᠳ᠋ᠦ᠍ ᠬᠦᠷᠳᠡᠭ᠃ ᠡᠢᠮᠦ ᠳ᠋ᠡᠭᠡᠨ ᠴᠦ᠍ ᠮᠣᠩᠭᠣᠯ ᠤ᠋ᠨ ᠬᠠᠭᠤᠴᠢ ᠦᠭᠡᠨ ᠳ᠋ᠦ᠍« ᠪᠤᠷᠤᠭᠤ ᠵᠠᠮ ᠢ᠋ᠶ᠋ᠠᠷ ᠪᠤᠳᠠᠭ᠎ᠠ ᠲᠡᠭᠡᠭᠡᠪᠡᠯ ᠪᠤᠴᠠᠬᠤ ᠵᠠᠮ ᠳ᠋ᠠᠭᠠᠨ ᠰᠢᠷᠣᠢ ᠲᠡᠭᠡᠭᠡᠨ᠎ᠡ » ᠭᠡᠮᠡᠨ ᠬᠡᠯᠡᠵᠦ ᠥᠯᠡᠳᠡᠭᠡᠭᠰᠡᠨ ᠪᠠᠢᠳᠠᠭ᠃
ᠡᠢᠮᠦ ᠡᠴᠡ ᠥᠪᠡᠷ ᠦ᠋ᠨ ᠠᠮᠢᠳᠤᠷᠠᠯ ᠠᠵᠢᠯ ᠦᠢᠯᠡᠰ ᠲᠡᠭᠡᠨ ᠬᠡᠨ ᠡᠴᠡ ᠳᠤᠲᠠᠬᠤ ᠦᠭᠡᠢ ᠬᠠᠯᠠᠭᠤᠨ ᠵᠣᠷᠢᠭ ᠲᠠᠢ᠂ ᠰᠢᠨ᠎ᠡ ᠵᠦᠢᠯ ᠢ᠋ ᠤᠬᠠᠭᠠᠯᠢᠭ ᠢ᠋ᠶ᠋ᠠᠷ ᠬᠦᠯᠢᠶᠡᠵᠦ ᠠᠪᠴᠤ ᠴᠢᠳᠠᠳᠠᠭ ᠮᠠᠨ ᠤ᠋ ᠮᠠᠯᠴᠢᠳ᠂ ᠵᠥᠪ ᠪᠣᠳᠣᠯ ᠰᠡᠳᠬᠢᠯ ᠲᠡᠢ ᠪᠠᠢᠵᠤ᠂ ᠠᠰᠠᠭᠤᠳᠠᠯ ᠢ᠋ ᠵᠥᠪ ᠲᠠᠯ᠎ᠠ ᠠ᠋ᠴᠠ᠂ ᠵᠢᠮ᠎ᠡ ᠶᠣᠰᠣ ᠪᠠᠷ ᠨᠢ ᠪᠣᠳᠣᠵᠤ ᠰᠡᠳᠬᠢᠨ᠂ ᠲᠤᠤᠱᠲᠠᠢ ᠴᠢᠷᠮᠠᠢᠵᠤ᠂ ᠤᠬᠠᠭᠠᠨ ᠪᠣᠳᠣᠯ ᠢ᠋ᠶ᠋ᠠᠨ ᠵᠥᠪ ᠵᠦᠢᠯ ᠳ᠋ᠦ᠍ ᠵᠠᠷᠤᠴᠠᠭᠤᠯᠵᠤ ᠴᠢᠳᠠᠪᠠᠯ᠂ ᠪᠦᠲᠦᠬᠦ ᠡᠴᠡ ᠪᠦᠲᠦᠬᠦ ᠦᠭᠡᠢ ᠵᠦᠢᠯ ᠢ᠋ ᠬᠦᠷᠲᠡᠯ᠎ᠡ ᠪᠦᠬᠦᠨ ᠢ᠋ ᠬᠢᠵᠦ ᠴᠢᠳᠠᠨ᠎ᠠ᠃
ᠦᠰᠦᠭ ᠬᠥᠷᠪᠡᠭᠦᠯᠦᠭᠴᠢ᠄ ᠤᠷᠢᠶᠠᠩᠬᠠᠢ ᠨᠠᠷᠠᠨᠮᠠᠨᠳᠠ
