ᠬᠢᠯᠤᠪᠠᠷ ᠵᠣᠣ ᠶ᠋ᠢᠨ ᠮᠠᠭᠲᠠᠭᠠᠯ- ᠷᠢᠨᠴᠢᠨᠨᠢᠩᠪᠤᠤ Гялбар жуугийн магтаал- Ринчиннямбуу

ᠷᠢᠨᠴᠢᠨᠨᠢᠩᠪᠤᠤ
ᠠᠳᠬᠤᠭᠰᠠᠨ ᠬᠤᠭᠤᠷ ᠮᠢᠨᠢ ᠬᠥᠭᠯᠡᠭᠡᠳ ᠪᠠᠢᠨ᠎ᠠ
ᠠᠶᠠᠯᠭᠤ ᠡᠬᠡᠰᠢᠭ ᠬᠦᠩᠭᠢᠨᠡᠭᠡᠳ ᠪᠠᠢᠨ᠎ᠠ
ᠠᠰ ᠤ᠋ᠨ ᠪᠡᠶ᠎ᠡ ᠮᠢᠨᠢ ᠬᠥᠭᠰᠡᠭᠡᠳ ᠪᠠᠢᠨ᠎ᠠ
ᠠᠮᠠᠨ ᠤ᠋ ᠬᠣᠯᠪᠣᠭ᠎ᠠ ᠤᠨᠳᠤᠷᠤᠭᠠᠳ ᠪᠠᠢᠨ᠎ᠠ
ᠡᠭᠡᠰᠢᠭᠲᠦ ᠬᠤᠭᠤᠷ ᠮᠢᠨᠢ ᠬᠦᠩᠭᠢᠨᠡᠭᠡᠳ ᠪᠠᠢᠨ᠎ᠠ
ᠡᠯᠢᠭᠡ ᠵᠢᠷᠦᠬᠡ ᠮᠢᠨᠢ ᠳᠣᠭᠳᠣᠯᠤᠭᠠᠳ ᠪᠠᠢᠨ᠎ᠠ
ᠡᠬᠡ ᠨᠤᠲᠤᠭ ᠮᠢᠨᠢ ᠰᠠᠨᠠᠭᠳᠠᠭᠠᠳ ᠪᠠᠢᠨ᠎ᠠ
ᠡᠪᠴᠢᠭᠦᠦ ᠴᠡᠭᠡᠵᠢᠨ ᠳ᠋ᠦ᠍ ᠪᠣᠳᠣᠭᠳᠠᠭᠠᠳ ᠪᠠᠢᠨ᠎ᠠ
ᠠᠷᠤ ᠥᠪᠥᠷ ᠲᠡᠭᠡᠨ ᠠᠯᠳᠠᠷᠲᠠᠢ
ᠠᠩᠬᠠᠨ ᠡᠴᠡ ᠪᠡᠨ ᠠᠪᠤᠭᠠᠳ ᠴᠤᠤᠲᠠᠢ
ᠠᠷᠰᠢ ᠶ᠋ᠢᠨ ᠣᠷᠣᠨ ᠬᠢᠯᠤᠪᠠᠷ ᠵᠣᠣ ᠪᠠᠨ
ᠠᠶᠠᠯᠠᠭᠤᠯᠵᠤ ᠮᠠᠭᠲᠠᠨ ᠬᠣᠯᠪᠣᠶ᠎ᠠ!
ᠬᠣᠯᠠ ᠣᠢᠷ᠎ᠠ ᠳ᠋ᠠᠭᠠᠨ ᠠᠯᠳᠠᠷᠲᠠᠢ
ᠬᠣᠶᠠᠷ ᠪᠠᠭᠠᠷᠢᠨ ᠳ᠋ᠠᠭᠠᠨ ᠴᠤᠤᠲᠠᠢ
ᠬᠤᠪᠢᠯᠭᠠᠨ ᠣᠷᠣᠨ ᠬᠢᠯᠤᠪᠠᠷ ᠵᠣᠣ ᠪᠠᠨ
ᠬᠤᠭᠤᠷᠳᠠᠵᠤ ᠪᠠᠢᠭᠠᠳ ᠬᠡᠯᠡᠵᠦ ᠥᠭᠭᠦᠶ᠎ᠡ!
ᠭᠠᠵᠠᠷ ᠤ᠋ᠨ ᠬᠣᠯᠠ ᠠ᠋ᠴᠠ ᠬᠠᠷᠠᠭᠳᠠᠭᠠᠳ ᠪᠠᠢᠨ᠎ᠠ
ᠬᠢᠯᠤᠪᠠᠷ ᠵᠣᠣ ᠶ᠋ᠢᠨ ᠪᠠᠷ᠎ᠠ ᠪᠠᠢᠨ᠎ᠠ ᠳᠠ
ᠭᠠᠭᠴᠠ ᠮᠠᠨ ᠳ᠋ᠠᠭᠠᠨ ᠬᠦᠷᠲᠡᠭᠡᠭᠰᠡᠨ
ᠭᠠᠯᠪᠠ ᠶᠢᠷᠲᠢᠨᠴᠦ ᠶ᠋ᠢᠨ ᠪᠡᠯᠡᠭ ᠪᠠᠢᠨ᠎ᠠ ᠳᠠ
ᠰᠥᠮᠡᠰ ᠰᠥᠮᠡᠰ ᠬᠠᠷᠠᠭᠳᠠᠭᠠᠳ ᠪᠠᠢᠨ᠎ᠠ
ᠰᠦᠰᠦᠭ ᠲᠥᠷᠥᠭᠦᠯᠦᠭᠰᠡᠨ ᠠᠭᠤᠯᠠ ᠨᠤᠭᠤᠳ
ᠰᠣᠨᠣᠰ ᠰᠣᠨᠣᠰ ᠦᠵᠡᠭᠳᠡᠭᠡᠳ ᠪᠠᠢᠨ᠎ᠠ
ᠰᠦᠷᠡᠬᠡᠢ ᠰᠠᠢᠬᠠᠨ ᠠᠭᠤᠯᠠ ᠨᠤᠭᠤᠳ
ᠷᠠᠰᠢᠶᠠᠨ ᠤᠰᠤ ᠢᠪᠢᠯᠦᠭᠰᠡᠨ ᠠᠷᠢᠭᠤᠨ ᠲᠠᠭᠰᠢᠨ ᠷᠠᠰᠢᠶᠠᠨᠲᠤ ᠠᠭᠤᠯᠠ
ᠠᠴᠢᠲᠤ ᠡᠬᠡ ᠶ᠋ᠢᠨ ᠪᠦᠷᠢᠯᠸ᠎ᠠ ᠥᠬᠢᠨ ᠲᠡᠭᠷᠢ ᠪᠤᠷᠬᠠᠨ ᠠᠭᠤᠯᠠ
ᠠᠰᠤᠷᠢ ᠲᠡᠭᠷᠢ ᠪᠡᠨ ᠲᠠᠬᠢᠬᠰᠠᠨ ᠠᠰᠬ᠎ᠠ ᠥᠨᠳᠥᠷ ᠪᠠᠯᠢᠩ ᠤ᠋ᠨ ᠠᠭᠤᠯᠠ
ᠠᠷᠰᠢ ᠶ᠋ᠢᠨ ᠣᠷᠣᠨ ᠢ᠋ ᠲᠣᠳᠣᠷᠠᠭᠤᠯᠤᠭᠰᠠᠨ ᠠᠰᠢᠳᠠ ᠶ᠋ᠢᠨ ᠭᠡᠷᠡᠯᠲᠦ ᠬᠠᠯᠴᠠᠮ ᠠᠭᠤᠯᠠ
ᠳᠣᠬᠢᠭᠤᠷ ᠣᠳᠣᠨ ᠰᠠᠭᠤᠳᠠᠯ ᠲᠠᠢ ᠳᠣᠯᠣᠭᠠᠨ ᠲᠣᠭᠣᠭ᠎ᠠ ᠬᠠᠴᠢᠨ ᠠᠭᠤᠯᠠ
ᠳᠣᠮᠣᠭ ᠦᠯᠢᠭᠡᠷ ᠳᠡᠯᠭᠡᠷᠡᠭᠰᠡᠨ ᠳᠣᠣᠷ᠎ᠠ ᠪᠠᠨ ᠮᠥᠩᠭᠥ ᠲᠡᠢ ᠵᠤᠭᠤᠰᠲᠦ ᠠᠭᠤᠯᠠ
ᠰᠢᠪᠠᠭᠤ ᠨᠢᠰᠴᠦ ᠬᠦᠷᠳᠡᠭ ᠦᠭᠡᠢ ᠱᠣᠷᠣᠩ ᠥᠨᠳᠥᠷ ᠠᠭᠤᠯᠠ ᠨᠤᠭᠤᠳ
ᠰᠢᠷᠭᠤᠯᠵᠢ ᠠᠪᠠᠷᠢᠵᠤ ᠭᠠᠷᠳᠠᠭ ᠦᠭᠡᠢ ᠱᠣᠪᠬᠣ ᠭᠥᠯᠢᠭᠡᠷ ᠬᠠᠳᠠ ᠨᠤᠭᠤᠳ
ᠵᠠᠮ ᠢ᠋ᠶ᠋ᠠᠷ ᠥᠩᠭᠡᠷᠡᠬᠦ ᠬᠥᠮᠦᠰ ᠦ᠋ᠨ ᠰᠦᠰᠦᠭ ᠢ᠋ ᠳᠠᠯᠠᠯᠤᠭᠰᠠᠨ ᠠᠭᠤᠯᠠ ᠨᠤᠭᠤᠳ
ᠵᠠᠯᠠᠷᠠᠭᠠᠳ ᠢᠷᠡᠭᠰᠡᠨ ᠵᠣᠴᠢᠳ ᠤ᠋ᠨ ᠰᠦᠨᠡᠰᠦ ᠶ᠋ᠢ ᠬᠥᠨᠳᠡᠭᠰᠡᠨ ᠠᠭᠤᠯᠠ ᠨᠤᠭᠤᠳ
ᠵᠥᠷᠢᠭᠡᠳ ᠭᠠᠷᠤᠭᠰᠠᠨ ᠬᠥᠮᠦᠰ ᠦ᠋ᠨ ᠵᠢᠷᠦᠬᠡᠨ ᠳ᠋ᠦ᠍ ᠰᠠᠭᠤᠭᠳᠠᠭᠰᠠᠨ ᠠᠭᠤᠯᠠ ᠨᠤᠭᠤᠳ
ᠵᠣᠷᠢᠭᠠᠳ ᠬᠦᠷᠦᠭᠰᠡᠨ ᠬᠥᠮᠦᠰ ᠦ᠋ᠨ ᠵᠡᠭᠦᠳᠦᠨ ᠳ᠋ᠦ᠍ ᠬᠣᠨᠣᠭᠰᠢᠬᠤ ᠬᠠᠳᠠ ᠨᠤᠭᠤᠳ
ᠬᠢᠯᠤᠪᠠᠷ ᠵᠣᠣ ᠶ᠋ᠢᠨ ᠣᠷᠣᠨ ᠭᠡᠭᠴᠢ ᠭᠠᠯᠪᠠ ᠶ᠋ᠢᠨ ᠡᠷᠬᠡᠨ ᠳ᠋ᠦ᠍ ᠪᠦᠲᠦᠭᠡᠭᠳᠡᠵᠡᠢ
ᠬᠢᠳᠠᠨ ᠯᠢᠶᠣᠣ ᠶ᠋ᠢᠨ ᠦᠶᠡᠰ ᠲᠦ᠍ ᠭᠠᠢᠬᠠᠮᠰᠢᠭᠲᠤ ᠰᠦᠮ᠎ᠡ ᠶ᠋ᠢ ᠪᠠᠢᠭᠤᠯᠵᠠᠢ
ᠲᠠᠩᠰᠤᠭ ᠪᠠᠢᠭᠠᠯᠢ ᠶ᠋ᠢᠨ ᠪᠦᠲᠦᠴᠡ ᠲᠡᠢ ᠲᠠᠪᠤᠨ ᠣᠷᠣᠨ ᠨᠢ ᠠᠯᠳᠠᠷᠲᠠᠢ
ᠲᠡᠪᠡᠨᠡ ᠶ᠋ᠢᠨ ᠰᠦᠪᠡ ᠰᠢᠭ ᠬᠠᠷᠠᠭᠳᠠᠬᠤ ᠲᠡᠭᠷᠢ ᠲᠤᠯᠤᠭᠰᠠᠨ ᠲᠠᠮᠤ ᠶ᠋ᠢᠨ ᠵᠠᠮ ᠲᠠᠢ
ᠠᠬᠢᠵᠤ ᠲᠥᠷᠥᠯ ᠡᠤᠯᠭᠤᠬᠴᠢ ᠠᠯᠲᠠᠨ ᠮᠡᠯᠡᠬᠡᠢ ᠶ᠋ᠢᠨ ᠰᠢᠷᠭᠤᠭᠤᠯ ᠲᠠᠢ
ᠠᠯᠢᠪᠠ ᠬᠦᠰᠡᠯ ᠢ᠋ ᠬᠠᠩᠭᠠᠭᠴᠢ ᠴᠢᠨᠳᠠᠮᠤᠨᠢ ᠡᠷᠳᠡᠨᠢ ᠶ᠋ᠢᠨ ᠡᠷᠭᠢᠭᠦᠯ ᠲᠡᠢ
ᠡᠷᠭᠢᠬᠦ ᠲᠥᠷᠥᠯ ᠢ᠋ ᠬᠦᠰᠡᠭᠴᠢ ᠡᠬᠡ ᠶ᠋ᠢᠨ ᠡᠤᠮᠠᠢ ᠶ᠋ᠢᠨ ᠰᠢᠷᠭᠤᠭᠤᠯ ᠲᠠᠢ
ᠡᠯᠳᠡᠪ ᠮᠠᠭᠤ ᠠ᠋ᠴᠠ ᠵᠠᠢᠯᠠᠭᠤᠯᠤᠭᠴᠢ ᠭᠡᠲᠡᠭᠡᠴᠢ ᠴᠢᠩᠨᠠᠭᠠᠴᠢ ᠬᠣᠶᠠᠷ ᠲᠠᠢ
ᠲᠠᠮᠤ ᠶ᠋ᠢᠨ ᠵᠠᠮ ᠢ᠋ᠶ᠋ᠠᠷ ᠭᠠᠷᠳᠠᠭ ᠶᠤᠮ ᠲᠠᠪᠤᠨ ᠣᠷᠣᠨ ᠢ᠋ᠶ᠋ᠠᠷ ᠨᠢ ᠲᠣᠭᠣᠷᠢᠳᠠᠭ ᠶᠤᠮ
ᠲᠠᠷᠪᠠ ᠶ᠋ᠢᠨ ᠵᠠᠮ ᠢ᠋ᠶ᠋ᠠᠷ ᠨᠢ ᠪᠠᠭᠤᠳᠠᠭ ᠶᠤᠮ ᠲᠠᠭᠠᠯᠠᠭᠴᠢ ᠦᠨᠡᠨᠴᠢ ᠰᠦᠮ᠎ᠡ ᠬᠦᠷᠳᠡᠭ ᠶᠤᠮ
ᠭᠠᠵᠠᠷ ᠤ᠋ᠨ ᠢᠪᠡᠭᠡᠯ ᠢ᠋ ᠰᠣᠩᠭᠣᠭᠠᠳ ᠬᠢᠯᠤᠪᠠᠷ ᠵᠣᠣ ᠰᠠᠭᠤᠷᠢᠰᠢᠭᠰᠠᠨ ᠶᠤᠮ
ᠲᠡᠭᠷᠢ ᠶ᠋ᠢᠨ ᠬᠡᠰᠢᠭ ᠢ᠋ ᠳᠠᠯᠠᠯᠤᠭᠠᠳ ᠴᠢᠨᠳᠠᠮᠤᠨᠢ ᠡᠷᠳᠡᠨᠢ ᠲᠣᠭᠲᠠᠭᠰᠠᠨ ᠶᠤᠮ
ᠬᠥᠮᠦᠨ ᠦ᠌ ᠨᠠᠢᠷᠠᠮᠳᠠᠭᠤ ᠶ᠋ᠢ ᠵᠣᠷᠢᠭᠠᠳ ᠬᠦᠰᠡᠯᠲᠦ ᠰᠦᠮ᠎ᠡ ᠶ᠋ᠢ ᠪᠠᠢᠭᠤᠯᠤᠭᠰᠠᠨ ᠶᠤᠮ
ᠬᠥᠭᠵᠢᠯᠲᠡ ᠶ᠋ᠢᠨ ᠵᠠᠮ ᠢ᠋ ᠲᠣᠪᠯᠠᠭᠠᠳ ᠬᠤᠷᠢᠶᠠᠩᠭᠤᠢ ᠡᠤᠲᠠᠢ ᠨᠡᠷᠡᠯᠡᠭᠰᠡᠨ ᠶᠤᠮ
ᠲᠡᠭᠷᠢ ᠶ᠋ᠢᠨ ᠬᠥᠰᠢᠭᠡ ᠵᠠᠭᠤᠨ ᠵᠠᠩ ᠬᠠᠳᠠᠨ᠎ᠠ ᠲᠡᠩᠺᠠ ᠵᠢᠷᠤᠭ ᠳᠡᠯᠭᠡᠭᠰᠡᠨ ᠭᠡᠮᠡᠷ
ᠲᠡᠭᠦᠨ ᠦ᠌ ᠳᠡᠭᠡᠷ᠎ᠡ ᠬᠢᠯᠤᠪᠠᠷ ᠵᠣᠣ ᠪᠠᠨ ᠲᠡᠭᠰᠢ ᠰᠠᠢᠬᠠᠨ ᠵᠢᠷᠤᠭᠰᠠᠨ ᠭᠡᠮᠡᠷ
ᠬᠠᠨ᠎ᠠ ᠬᠠᠳᠠᠨ ᠤ᠋ ᠳᠡᠭᠡᠷ᠎ᠡ ᠨᠢ ᠬᠠᠨ ᠭᠠᠷᠤᠳᠢ ᠳᠡᠪᠳᠡᠷᠢᠭᠡᠳ
ᠬᠠᠮᠤᠭ ᠰᠠᠢᠬᠠᠨ ᠦᠵᠡᠮᠵᠢ ᠬᠠᠷᠢᠨ ᠢᠩᠭᠢᠵᠦ ᠪᠦᠷᠢᠯᠳᠦᠵᠡᠢ
ᠵᠧ!
ᠠᠭᠤᠯᠠ ᠬᠠᠳᠠᠨ ᠤ᠋ ᠬᠠᠴᠢᠨ ᠰᠣᠨᠢᠨ ᠢ᠋ ᠤᠷᠠᠨ ᠵᠢᠷᠤᠭᠴᠢᠨ ᠵᠢᠷᠤᠭᠰᠠᠨ ᠭᠡᠮᠡᠷ
ᠡᠷᠭᠢᠭᠦᠯ ᠰᠢᠷᠭᠤᠭᠤᠯ ᠤ᠋ᠨ ᠡᠪ ᠬᠠᠪᠤ ᠶ᠋ᠢ ᠡᠷᠳᠡᠮᠲᠦ ᠱᠤᠭᠤᠮᠠᠯᠴᠢᠨ ᠪᠦᠲᠦᠭᠡᠭᠰᠡᠨ ᠭᠡᠮᠡᠷ
ᠪᠣᠨᠲᠣᠭᠣᠷ ᠲᠦᠨᠲᠦᠭᠡᠷ ᠪᠤᠯᠤ ᠬᠠᠳᠠ ᠪᠣᠰᠤᠭ᠎ᠠ ᠵᠣᠭᠰᠣᠭ᠎ᠠ ᠬᠥᠮᠦᠨ ᠬᠠᠳᠠ
ᠪᠣᠷᠣ ᠬᠠᠯᠢᠭᠤᠨ ᠠᠩᠭᠢᠷ ᠬᠠᠳᠠ ᠪᠤᠭᠤ ᠶ᠋ᠢᠨ ᠴᠣᠬᠣᠷ ᠡᠷᠢᠶᠡᠨ ᠬᠠᠳᠠ
ᠣᠷᠣᠭᠰᠠᠨ ᠪᠤᠤᠷ᠎ᠠ ᠰᠢᠭ᠋ ᠣᠮᠣᠭ ᠲᠠᠢ ᠬᠠᠳᠠ ᠣᠷᠬᠢᠮᠵᠢ ᠬᠡᠲᠦᠷᠡᠭᠰᠡᠨ ᠯᠠᠷᠵᠢᠶ᠎ᠠ ᠲᠠᠢ ᠬᠠᠳᠠ
ᠣᠯᠣᠭᠠᠢ ᠭᠦᠵᠡᠭᠡ ᠰᠢᠭ ᠴᠠᠳᠬᠤᠯᠠᠩ ᠬᠠᠳᠠ ᠣᠷᠣᠭᠠᠳ ᠢᠷᠡᠮᠡᠷ ᠡᠤᠢᠬᠤᠰ ᠲᠠᠢ ᠬᠠᠳᠠ
ᠴᠤᠷᠪᠤᠭ᠎ᠠ ᠳᠠᠭᠠᠭᠤᠯᠤᠭᠰᠠᠨ ᠴᠤᠪᠤᠭ᠎ᠠ ᠬᠠᠳᠠ ᠴᠤᠪᠤᠵᠤ ᠶᠠᠪᠤᠭᠰᠠᠨ ᠪᠠᠷᠰ ᠬᠠᠳᠠ
ᠴᠤᠭᠯᠠᠷᠠᠵᠤ ᠰᠠᠭᠤᠭᠰᠠᠨ ᠱᠠᠭᠠᠵᠠᠭᠠᠢ ᠬᠠᠳᠠ ᠴᠣᠩᠨᠣᠢᠵᠤ ᠰᠠᠭᠤᠭᠰᠠᠨ ᠴᠢᠨᠣ᠎ᠠ ᠬᠠᠳᠠ
ᠵᠠᠯᠪᠠᠷᠢᠵᠤ ᠵᠣᠭᠰᠣᠭᠰᠠᠨ ᠪᠠᠨᠲᠠᠢ ᠬᠠᠳᠠ ᠵᠠᠪᠢᠯᠠᠵᠤ ᠰᠠᠭᠤᠭᠰᠠᠨ ᠪᠣᠭᠳᠠ ᠬᠠᠳᠠ
ᠵᠢᠳᠠ ᠪᠠᠷᠢᠭᠰᠠᠨ ᠵᠠᠩᠵᠤᠨ ᠬᠠᠳᠠ ᠵᠠᠮ ᠬᠡᠷᠦᠭᠰᠡᠨ ᠲᠤᠨᠤᠭᠠᠴᠢ ᠬᠠᠳᠠ
ᠬᠠᠳᠠᠨ ᠵᠢᠷᠤᠭ ᠲᠠᠢ ᠪᠢᠴᠢᠭᠲᠤ ᠬᠠᠳᠠ ᠬᠠᠭᠠᠯᠭ᠎ᠠ ᠰᠠᠬᠢᠭᠰᠠᠨ ᠬᠠᠷᠠᠭᠤᠯ ᠬᠠᠳᠠ
ᠬᠠᠷᠠᠭᠠᠨ ᠳ᠋ᠤ᠌ ᠢᠯᠡᠷᠡᠭᠰᠡᠨ ᠪᠤᠷᠬᠠᠨ ᠬᠠᠳᠠ ᠬᠠᠨ ᠭᠠᠷᠤᠳᠢ ᠶ᠋ᠢᠨ ᠲᠥᠷᠬᠦ ᠲᠡᠢ ᠬᠠᠳᠠ
ᠮᠠᠨᠢ ᠶ᠋ᠢᠨ ᠦᠰᠦᠭ ᠲᠡᠢ ᠨᠣᠮᠴᠢ ᠬᠠᠳᠠ ᠮᠢᠬᠠᠨ ᠥᠩᠭᠡ ᠲᠡᠢ ᠰᠤᠮᠤᠨ ᠤᠯᠠᠭᠠᠨ ᠬᠠᠳᠠ
ᠮᠠᠯᠠᠭᠠᠢ ᠳᠠᠷᠤᠭᠰᠠᠨ ᠣᠮᠣᠭ ᠲᠠᠢ ᠬᠠᠳᠠ ᠮᠢᠩᠭᠠᠨ ᠪᠤᠷᠬᠠᠨ ᠲᠠᠢ ᠳᠤᠭᠠᠩ ᠬᠠᠳᠠ
ᠠᠳᠠᠯᠢ ᠢᠵᠢᠯᠬᠡᠨ ᠵᠦᠢᠷᠡᠢ ᠬᠠᠳᠠ ᠠᠲᠠᠭ᠎ᠠ ᠵᠢᠲᠥᠭᠡ ᠲᠡᠢ ᠠᠪᠢᠰᠤᠨ ᠬᠠᠳᠠ
ᠠᠭᠠᠯᠢ ᠵᠠᠩ ᠨᠢ ᠳᠡᠭᠵᠢᠨ ᠬᠠᠳᠠ ᠠᠯᠵᠠᠭᠤ ᠵᠠᠯᠬᠠᠭᠤ ᠬᠡᠪᠲᠡᠭᠡ ᠬᠠᠳᠠ
ᠡᠷᠭᠢᠭᠦᠯ ᠰᠢᠷᠭᠤᠭᠤᠯ ᠤ᠋ᠨ ᠡᠤᠴᠢᠷ ᠲᠠᠢ ᠬᠠᠳᠠ ᠡᠷᠯᠢᠭ ᠲᠠᠮᠤ ᠶ᠋ᠢᠨ ᠪᠡᠷᠬᠡ ᠲᠡᠢ ᠬᠠᠳᠠ
ᠡᠭᠴᠡ ᠪᠣᠰᠤᠭ᠎ᠠ ᠬᠠᠨ᠎ᠠ ᠲᠠᠢ ᠬᠠᠳᠠ ᠡᠯᠳᠡᠪ ᠦ᠋ᠨ ᠳᠣᠮᠣᠭ ᠲᠠᠢ ᠡᠮ᠎ᠡ ᠬᠠᠳᠠ
ᠲᠤᠭᠤᠷᠠᠢ ᠶ᠋ᠢᠨ ᠮᠥᠷ ᠲᠡᠢ ᠲᠠᠮᠠᠭᠠᠲᠤ ᠬᠠᠳᠠ ᠲᠣᠭᠣᠭ᠎ᠠ ᠬᠦᠯᠢᠰ ᠲᠡᠢ ᠪᠡᠯᠭᠡᠲᠦ ᠬᠠᠳᠠ
ᠲᠣᠭᠯᠠᠨ ᠭᠦᠶᠦᠭᠡ ᠠᠷᠰᠯᠠᠩᠲᠤ ᠬᠠᠳᠠ ᠲᠣᠭᠣᠷᠢᠨ ᠳᠡᠭᠦᠯᠢᠭᠡ ᠯᠤᠤᠲᠤ ᠬᠠᠳᠠ
ᠬᠡᠩᠭᠡᠷᠭᠡ ᠲᠦᠰᠢ ᠰᠢᠭ ᠪᠣᠨᠲᠣᠭᠣᠷ ᠬᠠᠳᠠ ᠬᠡᠲᠡ ᠴᠠᠬᠢᠭᠤᠷ ᠰᠢᠭ᠋ ᠬᠠᠪᠢᠷᠤᠭᠰᠠᠨ ᠬᠠᠳᠠ
ᠬᠡᠯᠲᠡᠰ ᠨᠠᠪᠴᠢ ᠲᠠᠢ ᠯᠢᠩᠬᠤ᠎ᠠ ᠬᠠᠳᠠ ᠭᠡᠰᠡᠷ ᠪᠠᠭᠠᠲᠤᠷ ᠤ᠋ᠨ ᠬᠠᠷᠪᠤᠭᠰᠠᠨ ᠬᠠᠳᠠ
ᠥᠭᠶᠥᠭᠡ ᠡᠷᠢᠭᠰᠡᠨ ᠦᠨᠡᠭᠡ ᠬᠠᠳᠠ ᠦᠨᠢᠶ᠎ᠡ ᠬᠥᠬᠡᠷᠡᠭᠲᠡᠭᠰᠡᠨ ᠪᠤᠬ᠎ᠠ ᠬᠠᠳᠠ
ᠥᠩᠭᠡᠢᠵᠦ ᠬᠠᠷᠠᠭᠰᠠᠨ ᠮᠡᠯᠡᠬᠡᠢ ᠬᠠᠳᠠ ᠦᠦᠷᠰᠡᠵᠦ ᠬᠡᠢᠷᠬᠡᠭᠰᠡᠨ ᠠᠵᠢᠷᠭ᠎ᠠ ᠬᠠᠳᠠ
ᠠᠢᠯ ᠤ᠋ᠨ ᠭᠣᠯᠣᠮᠲᠠ ᠲᠤᠯᠭ᠎ᠠ ᠬᠠᠳᠠ ᠠᠮᠢᠳᠤᠷᠠᠯ ᠤ᠋ᠨ ᠬᠡᠷᠡᠭᠰᠡᠯ ᠠᠪᠳᠠᠷ᠎ᠠ ᠬᠠᠳᠠ
ᠠᠶᠤᠯ ᠪᠠᠷᠲᠠᠭᠠᠲᠤ ᠶᠣᠯᠣ ᠶ᠋ᠢᠨ ᠬᠠᠳᠠ ᠠᠯᠢᠨ ᠠ᠋ᠴᠠ ᠡᠤᠨᠴᠠᠭᠠᠢ ᠭᠡᠷ ᠬᠠᠳᠠ
ᠣᠪᠣᠭᠠᠯᠠᠵᠤ ᠵᠡᠷᠭᠡᠯᠡᠭᠰᠡᠨ ᠳᠠᠪᠬᠤᠷ ᠬᠠᠳᠠ ᠤᠯᠠ ᠵᠤᠯᠤᠭ ᠤ᠋ᠨ ᠬᠠᠪᠴᠢᠶᠠᠷᠢ ᠲᠠᠢ ᠬᠠᠳᠠ
ᠤᠲᠠᠰᠤᠨ ᠰᠤᠳᠠᠯ ᠭᠦᠶᠦᠭᠰᠡᠨ ᠬᠠᠳᠠ ᠤᠰᠤ ᠮᠥᠰᠥᠲᠥᠯᠭᠡ ᠶ᠋ᠢᠨ ᠣᠷᠣᠮ ᠲᠠᠢ ᠬᠠᠳᠠ
ᠰᠡᠭᠦᠵᠢ ᠳᠠᠷᠤᠭᠰᠠᠨ ᠯᠠᠷᠵᠢᠶ᠎ᠠ ᠲᠠᠢ ᠬᠠᠳᠠ ᠰᠦᠪᠡᠭᠡ ᠲᠤᠯᠤᠭᠰᠠᠨ ᠰᠣᠷᠲᠣᠭᠣ ᠲᠠᠢ ᠬᠠᠳᠠ
ᠰᠥᠨᠢ ᠡᠳᠦᠷ ᠦᠭᠡᠢ ᠭᠡᠲᠡᠭᠡᠴᠢ ᠬᠠᠳᠠ ᠰᠣᠨᠣᠷ ᠰᠡᠷᠡᠮᠵᠢ ᠲᠡᠢ ᠴᠢᠩᠨᠠᠭᠠᠴᠢ ᠬᠠᠳᠠ
ᠬᠡᠯᠲᠡᠭᠡᠢ ᠰᠠᠭᠤᠭᠰᠠᠨ ᠪᠡᠯᠡᠩᠴᠢ ᠬᠠᠳᠠ ᠬᠡᠷᠰᠡᠦ ᠲᠣᠮᠣᠭᠠᠲᠠᠢ ᠯᠠᠪᠳᠠᠭᠤᠨ ᠬᠠᠳᠠ
ᠬᠡᠷᠡᠭ ᠦ᠋ᠨ ᠡᠵᠡᠨ ᠥᠳᠥᠭᠡᠪᠤᠷᠢ ᠬᠠᠳᠠ ᠬᠡᠯᠲᠡᠷᠡᠴᠦ ᠤᠨᠠᠮᠠᠷ ᠠᠶᠤᠮᠰᠢᠭ ᠲᠠᠢ ᠬᠠᠳᠠ
ᠵᠦᠰᠦᠭᠡᠳ ᠲᠠᠯᠪᠢᠭᠰᠠᠨ ᠵᠠᠭᠠᠭ ᠲᠠᠢ ᠬᠠᠳᠠ ᠵᠦᠢᠭᠡᠳ ᠭᠠᠷᠭᠠᠭᠰᠠᠨ ᠵᠢᠷᠤᠭᠠᠰᠤ ᠲᠠᠢ ᠬᠠᠳᠠ
ᠵᠥᠭᠡᠢ ᠶ᠋ᠢᠨ ᠡᠭᠦᠷ ᠰᠢᠭ ᠨᠦᠬᠡ ᠲᠡᠢ ᠬᠠᠳᠠ ᠵᠡᠭᠦᠦ ᠥᠷᠭᠡᠰᠦ ᠲᠡᠢ ᠠᠷᠵᠠᠭ ᠬᠠᠳᠠ
ᠢᠷᠮᠡᠭ ᠲᠠᠯ᠎ᠠ ᠲᠠᠢ ᠳᠥᠷᠪᠡᠯᠵᠢᠨ ᠬᠠᠳᠠ ᠢᠷ ᠥᠨᠴᠥᠭ ᠲᠡᠢ ᠮᠠᠢᠬᠠᠨ ᠬᠠᠳᠠ
ᠢᠯᠡ ᠶ᠋ᠢ ᠳᠠᠯᠳᠠᠯᠠᠭᠰᠠᠨ ᠢᠩᠫᠢ ᠶ᠋ᠢᠨ ᠬᠠᠳᠠ ᠢᠰᠬᠢᠷᠴᠤ ᠳᠤᠤᠭᠠᠷᠳᠠᠭ ᠳᠠᠭᠤᠲᠤ ᠬᠠᠳᠠ
ᠦᠯᠢᠭᠡᠷ ᠲᠡᠦᠬᠡ ᠲᠡᠢ ᠳᠣᠮᠣᠭᠲᠤ ᠬᠠᠳᠠ ᠥᠷᠭᠡᠨ ᠲᠦᠮᠡᠨ ᠳ᠋ᠡᠭᠡᠨ ᠲᠠᠨᠢᠭᠳᠠᠭᠰᠠᠨ ᠬᠠᠳᠠ
ᠥᠪᠡᠷ ᠲᠤᠰ ᠲᠠᠭᠠᠨ ᠠᠯᠳᠠᠷ ᠲᠠᠢ ᠬᠠᠳᠠ ᠥᠭᠦᠯᠡᠭᠡᠳ ᠳᠠᠭᠤᠰᠬᠤ ᠦᠭᠡᠢ ᠣᠯᠠᠨ ᠬᠠᠳᠠ
ᠵᠧ!
ᠣᠷᠭᠢᠯ ᠰᠠᠷᠢᠳᠠᠭ ᠨᠢ ᠰᠡᠬᠦᠢᠯᠴᠡᠭᠡᠳ ᠣᠢ ᠮᠣᠳᠣᠨ ᠤ᠋ ᠴᠢᠮᠡᠭ ᠲᠡᠢ
ᠣᠯᠠᠨ ᠬᠠᠳᠠ ᠨᠤᠭᠤᠳ ᠨᠢ ᠪᠥᠷᠲᠥᠯᠵᠡᠭᠡᠳ ᠤᠰᠤᠨ ᠬᠥᠬᠡ ᠤᠨᠢᠶᠠᠷ ᠲᠠᠢ
ᠬᠥᠮᠦᠨ ᠦ᠌ ᠰᠡᠳᠬᠢᠯ ᠢ᠋ ᠪᠠᠶᠠᠰᠬᠠᠭᠠᠳ ᠬᠥᠬᠥᠭᠡ ᠰᠢᠪᠠᠭᠤᠨ ᠤ᠋ ᠳᠣᠩᠭᠣᠳᠤᠯᠭᠠ ᠲᠠᠢ
ᠬᠥᠨᠳᠡᠢ ᠵᠢᠯᠠᠭ᠎ᠠ ᠶ᠋ᠢ ᠬᠦᠩᠭᠢᠨᠡᠭᠦᠯᠦᠭᠰᠡᠨ ᠬᠦᠷᠡᠯ ᠬᠣᠩᠬᠣ ᠶ᠋ᠢᠨ ᠴᠤᠤᠷᠢᠶ᠎ᠠ ᠲᠠᠢ
ᠬᠣᠯᠠ ᠶ᠋ᠢᠨ ᠪᠠᠷ᠎ᠠ ᠳ᠋ᠤ᠌ ᠲᠤᠨᠤᠷᠠᠭᠰᠠᠨ ᠬᠦᠵᠢ ᠰᠠᠩ ᠤ᠋ᠨ ᠤᠲᠤᠭ᠎ᠠ ᠲᠠᠢ
ᠬᠣᠭᠣᠯᠠᠢ ᠲᠠᠭᠠᠷᠠᠨ ᠬᠦᠩᠭᠢᠨᠡᠭᠰᠡᠨ ᠬᠤᠷᠠᠯ ᠨᠣᠮ ᠤ᠋ᠨ ᠤᠩᠰᠢᠯᠭ᠎ᠠ ᠲᠠᠢ
ᠬᠥᠭ ᠠᠢᠵᠠᠮ ᠨᠡᠢᠯᠡᠭᠰᠡᠨ ᠬᠣᠩᠬᠣ ᠳᠠᠮᠠᠷᠤ ᠶ᠋ᠢᠨ ᠳᠠᠭᠤᠨ ᠲᠠᠢ
ᠬᠦᠨᠳᠦᠳᠬᠡᠯ ᠪᠢᠰᠢᠷᠡᠯ ᠡᠪᠦᠷᠯᠡᠭᠰᠡᠨ ᠬᠣᠯᠠ ᠣᠢᠷ᠎ᠠ ᠶ᠋ᠢᠨ ᠮᠥᠷᠭᠥᠯᠴᠢᠳ ᠲᠡᠢ
ᠪᠦᠷᠢᠶ᠎ᠡ ᠪᠢᠰᠬᠢᠭᠦᠷ ᠦ᠋ᠨ ᠠᠶᠠᠰ ᠲᠤ᠌ ᠪᠦᠳᠦᠭᠦᠨ ᠮᠣᠳᠣᠨ ᠴᠤ᠌ ᠭᠠᠩᠬᠤᠭᠠᠳ ᠲᠠᠢ
ᠪᠣᠯᠵᠣᠮᠣᠷ ᠰᠢᠪᠠᠭᠤᠳ ᠤ᠋ᠨ ᠵᠢᠷᠭᠢᠭᠡᠨ ᠳ᠋ᠦ᠍ ᠪᠤᠯᠠᠭ ᠤ᠋ᠨ ᠤᠰᠤᠨ ᠤ᠋ ᠵᠡᠷᠭᠡᠯᠭᠡᠨ ᠲᠡᠢ
ᠨᠣᠮ ᠤᠩᠰᠢᠯᠭ᠎ᠠ ᠶ᠋ᠢᠨ ᠳᠠᠭᠤᠨ ᠳ᠋ᠤ᠌ ᠨᠣᠭᠣᠭᠠᠨ ᠮᠥᠴᠢᠷ ᠦ᠋ᠳ ᠨᠠᠬᠢᠯᠵᠠᠭᠠᠨ ᠲᠠᠢ
ᠨᠤᠲ ᠬᠥᠭ ᠦ᠋ᠨ ᠠᠶᠠᠰ ᠲᠤ᠌ ᠨᠤᠬᠤᠰ ᠨᠠᠬᠢᠰ ᠪᠥᠵᠢᠭᠯᠡᠭᠡᠨ ᠲᠡᠢ
ᠦᠨᠳᠦᠰᠦ ᠨᠠᠮᠠᠭ᠎ᠠ ᠬᠣᠯᠪᠣᠭᠰᠠᠨ ᠦᠶ᠎ᠡ ᠬᠤᠷᠠᠭ ᠤ᠋ᠨ ᠬᠥᠭᠰᠢᠨ ᠮᠣᠳᠣ
ᠡᠪᠦᠭᠡ ᠳᠡᠭᠡᠳᠦᠰ ᠨᠢᠭᠡᠲᠡᠢ ᠦᠷ᠎ᠡ ᠪᠡᠨ ᠰᠠᠴᠤᠭᠰᠠᠨ ᠬᠠᠢᠯᠠᠰᠤᠨ ᠮᠣᠳᠣ
ᠬᠠᠪᠢᠳᠠᠵᠤ ᠨᠢᠭᠡ ᠶ᠋ᠢ ᠪᠡᠨ ᠨᠠᠯᠠᠭᠰᠠᠨ ᠬᠠᠨᠢ ᠠᠮᠠᠷᠠᠭ ᠬᠣᠩᠭᠣᠷ ᠮᠣᠳᠣ
ᠬᠠᠵᠠᠭᠤ ᠲᠠᠯ᠎ᠠ ᠳ᠋ᠤ᠌ ᠨᠢ ᠨᠠᠭᠠᠯᠳᠤᠭᠰᠠᠨ ᠬᠠᠢᠷ᠎ᠠ ᠰᠡᠳᠬᠢᠯ ᠦ᠋ᠨ ᠢᠨᠠᠭ ᠮᠣᠳᠣ
ᠨᠤᠲᠤᠭ ᠤᠰᠤᠨ ᠤ᠋ ᠤᠤᠭᠠᠯ ᠮᠣᠳᠣ ᠨᠡᠭᠦᠯᠭᠡᠵᠦ ᠢᠷᠡᠭᠰᠡᠨ ᠬᠣᠯᠠ ᠶ᠋ᠢᠨ ᠮᠣᠳᠣ
ᠨᠥᠬᠥᠵᠦ ᠤᠷᠭᠤᠭᠤᠯᠤᠭᠰᠠᠨ ᠲᠠᠷᠢᠮᠠᠯ ᠮᠣᠳᠣ ᠨᠤᠲᠠᠯᠠᠵᠤ ᠳᠠᠷᠬᠠᠯᠠᠭᠰᠠᠨ ᠣᠩᠭᠣᠨ ᠮᠣᠳᠣ
ᠠᠭᠤᠯᠠ ᠪᠠᠨ ᠴᠢᠮᠡᠭᠰᠡᠨ ᠵᠠᠰᠠᠯ ᠮᠣᠳᠣ ᠤᠰᠤ ᠪᠠᠨ ᠳᠠᠭᠠᠭᠰᠠᠨ ᠳᠠᠰᠤᠯ ᠮᠣᠳᠣ
ᠤᠭᠰᠠᠭ᠎ᠠ ᠨᠢᠭᠡᠲᠡᠢ ᠲᠠᠨᠢᠯ ᠮᠣᠳᠣ ᠤᠳᠤᠮ ᠵᠠᠯᠭᠠᠭᠰᠠᠨ ᠲᠥᠷᠥᠯ ᠮᠣᠳᠣ
ᠬᠢᠩᠭ᠎ᠠ ᠳ᠋ᠤ᠌ ᠤᠷᠭᠤᠭᠰᠠᠨ ᠠᠭᠠᠷᠤ ᠮᠣᠳᠣ ᠬᠢᠷ᠎ᠠ ᠳ᠋ᠤ᠌ ᠤᠷᠭᠤᠭᠰᠠᠨ ᠲᠠᠯᠲᠤ ᠶ᠋ᠢᠨ ᠮᠣᠳᠣ
ᠬᠠᠯᠢᠰᠤ ᠨᠢ ᠴᠠᠭᠠᠨ ᠬᠤᠰᠤᠨ ᠮᠣᠳᠣ ᠬᠠᠷᠭᠠᠨ᠎ᠠ ᠨᠡᠷ᠎ᠡ ᠲᠡᠢ ᠭᠦᠢᠯᠡᠰᠦᠨ ᠮᠣᠳᠣ
ᠥᠷᠭᠡᠰᠦ ᠵᠡᠭᠦᠦ ᠲᠡᠢ ᠰᠤᠨᠳᠤᠤ ᠮᠣᠳᠣ ᠥᠭᠡᠳᠡᠩ ᠭᠠᠳᠠᠷ ᠲᠠᠢ ᠴᠠᠢᠷ ᠤ᠋ᠨ ᠮᠣᠳᠣ
ᠦᠷ᠎ᠡ ᠴᠥᠮ᠎ᠡ ᠲᠡᠢ ᠰᠡᠩᠳᠡᠩ ᠮᠣᠳᠣ ᠥᠩᠭᠡᠲᠦ ᠴᠡᠴᠡᠭ ᠲᠡᠢ ᠬᠠᠷᠠᠪᠤᠷ ᠮᠣᠳᠣ
ᠵᠤᠤᠪᠠᠩ ᠨᠠᠪᠴᠢ ᠲᠠᠢ ᠤᠳᠠ ᠮᠣᠳᠣ ᠵᠣᠭᠳᠣᠷ ᠦᠰᠦ ᠲᠡᠢ ᠨᠠᠷᠠᠰᠤᠨ ᠮᠣᠳᠣ
ᠵᠤᠭ᠎ᠠ ᠰᠠᠭᠤᠳᠠᠭ ᠬᠠᠢᠯᠠᠰᠤᠨ ᠮᠣᠳᠣ ᠵᠤᠯᠤᠵᠤ ᠤᠷᠭᠤᠳᠠᠭ ᠠᠷᠴᠠᠨ ᠮᠣᠳᠣ
ᠬᠡᠪᠲᠡᠭᠡ ᠤᠷᠭᠤᠭᠰᠠᠨ ᠲᠠᠯᠪᠢᠭᠤ ᠮᠣᠳᠣ ᠬᠡᠯᠪᠡᠷᠢᠵᠦ ᠤᠷᠭᠤᠭᠰᠠᠨ ᠰᠠᠭᠰᠠᠭᠤ ᠮᠣᠳᠣ
ᠬᠡᠷᠦᠵᠦ ᠤᠷᠭᠤᠭᠰᠠᠨ ᠬᠥᠨᠳᠡᠯᠡᠨ ᠮᠣᠳᠣ ᠬᠡᠪ ᠢ᠋ᠶ᠋ᠡᠷ ᠤᠷᠭᠤᠭᠰᠠᠨ ᠠᠰᠬᠠᠨ ᠮᠣᠳᠣ
ᠣᠭᠲᠣᠯᠵᠤ ᠴᠠᠪᠴᠢᠭᠰᠠᠨ ᠰᠣᠷᠪᠢ ᠲᠠᠢ ᠮᠣᠳᠣ ᠤᠭ ᠦᠨᠳᠦᠰᠦ ᠨᠢ ᠪᠡᠬᠢ ᠮᠣᠳᠣ
ᠣᠣᠷ ᠴᠢᠨᠠᠷ ᠢ᠋ᠶ᠋ᠠᠷ ᠬᠠᠲᠠᠭᠤ ᠮᠣᠳᠣ ᠤᠷᠭᠤᠬᠤ ᠳᠣᠳᠣᠮ ᠡᠷᠡᠮᠡᠬᠡᠢ ᠮᠣᠳᠣ
ᠱᠠᠭᠳᠠᠷ ᠤ᠋ᠨ ᠪᠠᠭᠤᠷᠢ ᠶ᠋ᠢᠨ ᠱᠠᠩᠰᠢ ᠮᠣᠳᠣ ᠱᠠᠭᠠᠵᠠᠭᠠᠢ ᠡᠭᠦᠷᠯᠡᠭᠰᠡᠨ ᠰᠠᠭᠯᠠᠭᠠᠷ ᠮᠣᠳᠣ
ᠱᠠᠰᠲᠢᠷ ᠲᠡᠦᠬᠡ ᠲᠡᠢ ᠡᠷᠲᠡᠨ ᠦ᠌ ᠮᠣᠳᠣ ᠱᠠᠭᠰᠢᠵᠤ ᠭᠠᠢᠬᠠᠮᠠᠷ ᠰᠠᠢᠬᠠᠨ ᠮᠣᠳᠣ
ᠰᠡᠭᠦᠳᠡᠷ ᠪᠣᠯᠤᠭᠰᠠᠨ ᠰᠢᠬᠦᠷ ᠮᠣᠳᠣ ᠰᠦᠪᠡᠭᠡ ᠲᠤᠯᠤᠭᠰᠠᠨ ᠪᠠᠷᠳᠠᠮ ᠮᠣᠳᠣ
ᠰᠦᠰᠦᠭᠯᠡᠵᠦ ᠤᠶᠠᠭᠰᠠᠨ ᠵᠠᠩᠭᠢᠶ᠎ᠠ ᠲᠠᠢ ᠮᠣᠳᠣ ᠰᠦᠮ᠎ᠡ ᠪᠡᠨ ᠴᠢᠮᠡᠭᠰᠡᠨ ᠭᠣᠶᠣᠬᠠᠨ ᠮᠣᠳᠣ
ᠦᠷ᠎ᠡ ᠡᠴᠡ ᠭᠠᠷᠤᠭᠰᠠᠨ ᠨᠢᠯᠬ᠎ᠠ ᠮᠣᠳᠣ ᠦᠨᠳᠦᠰᠦ ᠡᠴᠡ ᠠᠮᠢᠯᠠᠭᠰᠠᠨ ᠵᠠᠯᠠᠭᠤ ᠮᠣᠳᠣ
ᠤᠭ ᠠ᠋ᠴᠠ ᠤᠷᠭᠤᠭᠰᠠᠨ ᠢᠳᠡᠷ ᠮᠣᠳᠣ ᠤᠳᠠᠭᠠᠨ ᠵᠢᠯ ᠦ᠋ᠨ ᠬᠥᠭᠰᠢᠨ ᠮᠣᠳᠣ
ᠮᠣᠳᠣᠨ ᠰᠡᠭᠦᠳᠡᠷ ᠨᠢ ᠰᠠᠭᠤᠭᠠᠳ ᠷᠠᠰᠢᠶᠠᠨ ᠤᠰᠤ ᠶ᠋ᠢ ᠨᠢ ᠤᠤᠭᠤᠭᠠᠳ
ᠠᠭᠤᠯᠠ ᠤᠰᠤᠨ ᠢ᠋ ᠨᠢ ᠪᠠᠬᠠᠷᠬᠠᠬᠤ ᠳ᠋ᠤ᠌ ᠤᠷᠮ᠎ᠠ ᠰᠡᠳᠬᠢᠯ ᠢ᠋ ᠰᠡᠷᠭᠦᠭᠡᠨ᠎ᠡ
ᠬᠦᠵᠢ ᠣᠲᠣᠯᠭᠠ ᠶ᠋ᠢᠨ ᠦᠨᠦᠷ ᠲᠦ᠍ ᠬᠦᠩᠭᠢᠨᠡᠬᠦ ᠨᠣᠮ ᠤ᠋ᠨ ᠤᠩᠰᠢᠯᠭ᠎ᠠ ᠳ᠋ᠤ᠌
ᠬᠡᠬᠦᠳᠡᠭ ᠴᠡᠭᠡᠵᠢ ᠰᠠᠷᠠᠭᠤᠯᠵᠢᠨ ᠬᠦᠰᠡᠯ ᠦ᠋ᠨ ᠰᠠᠢᠬᠠᠨ ᠳ᠋ᠤ᠌ ᠰᠣᠭᠲᠣᠭᠤᠷᠠᠨ᠎ᠠ
ᠲᠡᠭᠷᠢ ᠶ᠋ᠢᠨ ᠳᠣᠣᠷᠠᠬᠢ ᠳ᠋ᠧᠪᠠᠵᠠᠨ ᠭᠡᠵᠦ ᠲᠡᠷᠡ ᠬᠡᠪ ᠢ᠋ᠶ᠋ᠡᠷ ᠢ᠋ᠶ᠋ᠡᠨ ᠡᠨᠳᠡ ᠪᠠᠢᠨ᠎ᠠ
ᠪᠤᠷᠬᠠᠨ ᠪᠤᠮᠪᠠ ᠶ᠋ᠢᠨ ᠣᠷᠣᠨ ᠭᠡᠭᠴᠢ ᠪᠤᠲᠠ ᠪᠡᠶ᠎ᠡ ᠪᠡᠷ ᠢ᠋ᠶ᠋ᠡᠨ ᠡᠨᠳᠡ ᠪᠠᠢᠨ᠎ᠠ
ᠵᠧ!
ᠥᠯᠥᠭᠡᠢ ᠨᠤᠲᠤᠭ ᠤ᠋ᠨ ᠬᠢᠯᠤᠪᠠᠷ ᠵᠣᠣ ᠥᠷᠭᠡᠨ ᠲᠦᠮᠡᠨ ᠦ᠌ ᠬᠢᠯᠤᠪᠠᠷ ᠵᠣᠣ
ᠦᠯᠢᠭᠡᠷ ᠲᠡᠦᠬᠡ ᠲᠡᠢ ᠬᠢᠯᠤᠪᠠᠷ ᠵᠣᠣ ᠦᠨᠡᠬᠡᠷ ᠰᠠᠢᠬᠠᠨ ᠬᠢᠯᠤᠪᠠᠷ ᠵᠣᠣ
ᠰᠡᠳᠬᠢᠯ ᠢ᠋ ᠠᠷᠢᠭᠤᠰᠬᠠᠭᠴᠢ ᠬᠢᠯᠤᠪᠠᠷ ᠵᠣᠣ ᠰᠡᠪᠲᠦᠯ ᠢ᠋ ᠠᠷᠢᠯᠭᠠᠭᠴᠢ ᠬᠢᠯᠤᠪᠠᠷ ᠵᠣᠣ
ᠰᠡᠵᠢᠭ ᠢ᠋ ᠠᠯᠲᠠᠷᠭᠠᠬᠴᠢ ᠬᠢᠯᠤᠪᠠᠷ ᠵᠣᠣ ᠰᠠᠷᠠᠯ ᠢ᠋ ᠬᠤᠷᠴᠠᠯᠠᠭᠴᠢ ᠬᠢᠯᠤᠪᠠᠷ ᠵᠣᠣ
ᠪᠤᠶᠠᠨ ᠢ᠋ ᠨᠡᠮᠡᠭᠳᠡᠭᠦᠯᠦᠭᠴᠢ ᠬᠢᠯᠤᠪᠠᠷ ᠵᠣᠣ ᠪᠤᠳᠠᠩ ᠢ᠋ ᠦᠯᠳᠡᠭᠴᠢ ᠬᠢᠯᠤᠪᠠᠷ ᠵᠣᠣ
ᠪᠣᠬᠢᠷ ᠢ᠋ ᠭᠠᠷᠭᠠᠭᠴᠢ ᠬᠢᠯᠤᠪᠠᠷ ᠵᠣᠣ ᠪᠣᠳᠣᠯ ᠢ᠋ ᠰᠠᠷᠠᠭᠤᠯᠵᠢᠭᠤᠯᠤᠭᠴᠢ ᠬᠢᠯᠤᠪᠠᠷ ᠵᠣᠣ
ᠭᠠᠢ ᠶ᠋ᠢ ᠳᠠᠷᠤᠭᠴᠢ ᠬᠢᠯᠤᠪᠠᠷ ᠵᠣᠣ ᠭᠠᠮᠰᠢᠭ ᠢ᠋ ᠵᠠᠢᠯᠠᠭᠤᠯᠤᠭᠴᠢ ᠬᠢᠯᠤᠪᠠᠷ ᠵᠣᠣ
ᠭᠠᠵᠢᠭᠤ ᠶ᠋ᠢ ᠲᠣᠨᠢᠯᠭᠠᠭᠴᠢ ᠬᠢᠯᠤᠪᠠᠷ ᠵᠣᠣ ᠭᠡᠷᠡᠯᠲᠦ ᠴᠠᠭᠠᠨ ᠤᠲᠠᠢ ᠬᠢᠯᠤᠪᠠᠷ ᠵᠣᠣ
ᠬᠡᠰᠢᠭ ᠳᠠᠯᠠᠯᠤᠭᠰᠠᠨ ᠬᠢᠯᠤᠪᠠᠷ ᠵᠣᠣ ᠬᠡᠢᠮᠣᠷᠢ ᠬᠤᠷᠤᠢᠯᠠᠭᠰᠠᠨ ᠬᠢᠯᠤᠪᠠᠷ ᠵᠣᠣ
ᠬᠡᠬᠦᠳᠡᠭ ᠢ᠋ ᠭᠡᠭᠡᠷᠡᠭᠦᠯᠦᠭᠴᠢ ᠬᠢᠯᠤᠪᠠᠷ ᠵᠣᠣ ᠬᠦᠰᠡᠯ ᠢ᠋ ᠬᠠᠩᠭᠠᠭᠴᠢ ᠬᠢᠯᠤᠪᠠᠷ ᠵᠣᠣ
ᠪᠠᠢᠭᠠᠯᠢᠯᠢᠭ ᠰᠢᠨᠵᠢ ᠶ᠋ᠢ ᠬᠠᠳᠠᠭᠠᠯᠠᠭᠰᠠᠨ ᠪᠠᠬᠠᠷᠤᠮ᠎ᠠ ᠰᠠᠢᠬᠠᠨ ᠬᠢᠯᠤᠪᠠᠷ ᠵᠣᠣ
ᠪᠡᠯᠡᠨ ᠠᠭᠤᠯᠠ ᠶ᠋ᠢ ᠠᠰᠢᠭᠯᠠᠭᠰᠠᠨ ᠪᠡᠷᠬᠡ ᠰᠠᠢᠬᠠᠨ ᠬᠢᠯᠤᠪᠠᠷ ᠵᠣᠣ
ᠲᠥᠷᠥ ᠶ᠋ᠢᠨ ᠲᠠᠬᠢᠯᠭ᠎ᠠ ᠵᠢᠨᠳᠡᠯᠡᠭᠰᠡᠨ ᠲᠡᠷᠢᠭᠦᠨ ᠵᠡᠷᠭᠡ ᠶ᠋ᠢᠨ ᠬᠢᠯᠤᠪᠠᠷ ᠵᠣᠣ
ᠲᠦᠮᠡᠨ ᠦ᠌ ᠬᠦᠰᠡᠯ ᠢ᠋ ᠰᠣᠩᠭᠣᠭᠰᠠᠨ ᠲᠥᠯᠥᠭᠡᠯᠡᠬᠦ ᠴᠢᠨᠠᠷ ᠲᠠᠢ ᠬᠢᠯᠤᠪᠠᠷ ᠵᠣᠣ
ᠠᠶᠤᠯ ᠵᠣᠪᠠᠯᠠᠩ ᠠ᠋ᠴᠠ ᠵᠠᠢᠯᠠᠭᠤᠯᠤᠭᠰᠠᠨ ᠠᠮᠢᠨ ᠰᠠᠬᠢᠶ᠎ᠠ ᠬᠢᠯᠤᠪᠠᠷ ᠵᠣᠣ
ᠠᠰᠢᠳᠠ ᠶ᠋ᠢᠨ ᠵᠢᠷᠭᠠᠯ ᠠᠪᠴᠢᠷᠠᠭᠰᠠᠨ ᠠᠪᠤᠷᠠᠯ ᠢᠪᠡᠭᠡᠯᠲᠦ ᠬᠢᠯᠤᠪᠠᠷ ᠵᠣᠣ
ᠪᠤᠶᠠᠨ ᠨᠢᠭᠦᠯ ᠢ᠋ ᠮᠡᠳᠡᠭᠦᠯᠦᠭᠰᠡᠨ ᠢᠯᠡ ᠰᠤᠷᠭᠠᠯ ᠲᠠᠢ ᠬᠢᠯᠤᠪᠠᠷ ᠵᠣᠣ
ᠪᠣᠳᠣᠯ ᠰᠠᠨᠠᠭ᠎ᠠ ᠶ᠋ᠢ ᠠᠷᠢᠭᠤᠰᠬᠠᠭᠰᠠᠨ ᠳᠠᠯᠳᠠ ᠬᠦᠴᠦᠨ ᠲᠡᠢ ᠬᠢᠯᠤᠪᠠᠷ ᠵᠣᠣ
ᠪᠠᠭᠠᠷᠢᠨ ᠨᠤᠲᠤᠭ ᠢ᠋ᠶ᠋ᠠᠨ ᠲᠠᠨᠢᠭᠤᠯᠬᠤ ᠳ᠋ᠤ᠌ ᠪᠡᠯᠭᠡ ᠲᠡᠮᠳᠡᠭ ᠬᠢᠯᠤᠪᠠᠷ ᠵᠣᠣ
ᠪᠠᠢᠭᠠᠯᠢ ᠶ᠋ᠢᠨ ᠰᠠᠢᠬᠠᠨ ᠢ᠋ ᠦᠵᠡᠭᠦᠯᠬᠦ ᠳ᠋ᠦ᠍ ᠪᠠᠢᠩᠭᠤ ᠢᠯᠡᠷᠡᠳᠡᠭ ᠬᠢᠯᠤᠪᠠᠷ ᠵᠣᠣ
ᠬᠣᠰᠢᠭᠤ ᠨᠤᠲᠤᠭ ᠢ᠋ᠶ᠋ᠠᠨ ᠮᠡᠳᠡᠭᠦᠯᠬᠦ ᠳ᠋ᠦ᠍ ᠬᠠᠭᠤᠳᠠᠰᠤᠨ ᠭᠠᠳᠠᠷ ᠨᠢ ᠬᠢᠯᠤᠪᠠᠷ ᠵᠣᠣ
ᠬᠤᠷᠠᠯ ᠴᠤᠭᠯᠠᠭᠠᠨ ᠤ᠋ ᠲᠡᠭᠦᠰᠬᠡᠯ ᠳ᠋ᠦ᠍ ᠬᠦᠷᠦᠭᠡᠳ ᠢᠷᠡᠳᠡᠭ ᠨᠢ ᠬᠢᠯᠤᠪᠠᠷ ᠵᠣᠣ
ᠭᠠᠳᠠᠭᠰᠢ ᠭᠠᠷᠤᠭᠠᠳ ᠬᠡᠯᠡᠯᠴᠡᠬᠦ ᠳ᠋ᠦ᠍ ᠭᠠᠢᠬᠠᠭᠤᠯᠵᠤ ᠶᠠᠷᠢᠳᠠᠭ ᠬᠢᠯᠤᠪᠠᠷ ᠵᠣᠣ
ᠭᠠᠵᠠᠷ ᠤᠰᠤ ᠪᠠᠨ ᠶᠠᠷᠢᠬᠤ ᠳ᠋ᠤ᠌ ᠭᠠᠷᠭᠠᠵᠤ ᠬᠡᠯᠡᠳᠡᠭ ᠬᠢᠯᠤᠪᠠᠷ ᠵᠣᠣ
ᠶᠢᠷᠲᠢᠨᠴᠦ ᠳᠡᠯᠡᠬᠡᠢ ᠳ᠋ᠦ᠍ ᠬᠣᠪᠣᠷᠬᠠᠨ ᠢᠯᠡ ᠰᠣᠪᠢᠩ ᠲᠠᠢ ᠬᠢᠯᠤᠪᠠᠷ ᠵᠣᠣ
ᠶᠢᠰᠦᠨ ᠯᠤᠤ ᠴᠢᠨᠳᠠᠮᠤᠨᠢ ᠪᠤᠯᠢᠶᠠᠯᠳᠤᠭᠰᠠᠨ ᠶᠡᠷᠦ ᠪᠤᠰᠤ ᠶ᠋ᠢᠨ ᠬᠢᠯᠤᠪᠠᠷ ᠵᠣᠣ
ᠪᠡᠶ᠎ᠡ ᠰᠡᠳᠬᠢᠯ ᠢ᠋ ᠰᠤᠪᠢᠯᠠᠭᠰᠠᠨ ᠪᠢᠰᠢᠷᠡᠯ ᠰᠦᠰᠦᠭᠲᠦ ᠬᠢᠯᠤᠪᠠᠷ ᠵᠣᠣ
ᠪᠠᠢᠭᠠᠯᠢ ᠶ᠋ᠢᠨ ᠰᠠᠢᠬᠠᠨ ᠢ᠋ ᠦᠵᠡᠭᠦᠯᠦᠭᠰᠡᠨ ᠪᠠᠭᠠᠷᠢᠨ ᠨᠤᠲᠤᠭ ᠤ᠋ᠨ ᠬᠢᠯᠤᠪᠠᠷ ᠵᠣᠣ
ᠬᠢᠯᠤᠪᠠᠷ ᠵᠣᠣ ᠶ᠋ᠢᠨ ᠣᠷᠣᠨ ᠮᠢᠨᠢ ᠭᠡᠢᠵᠦ ᠮᠠᠨᠳᠤᠭᠠᠳ ᠬᠡᠷᠡᠯᠳᠦᠭᠡᠰᠡᠢ
ᠭᠡᠷᠡᠯᠲᠦ ᠴᠠᠭᠠᠨ ᠤᠲᠠᠢ ᠮᠢᠨᠢ ᠭᠢᠯᠪᠠᠭ᠎ᠠ ᠲᠠᠲᠠᠭᠠᠳ ᠬᠥᠭᠵᠢᠭᠡᠰᠡᠢ!
《ᠣᠮ ᠮᠠ᠋ ᠨᠢ ᠪᠠᠳ ᠮᠠᠢ ᠬᠣᠩ!
ᠠᠪᠤᠷᠠᠯ ᠭᠤᠷᠪᠠᠨ ᠡᠷᠳᠡᠨᠢ ᠳ᠋ᠡᠭᠡᠨ ᠠᠯᠭᠠᠰᠠᠯ ᠦᠭᠡᠢ ᠵᠠᠯᠪᠠᠷᠢᠶ᠎ᠠ
ᠠᠷᠭ᠎ᠠ ᠬᠠᠭᠤᠷᠮᠠᠴᠢ ᠦᠭᠡᠢ ᠠᠮᠢᠲᠠᠨ ᠪᠦᠬᠦᠨ ᠳ᠋ᠦ᠍ᠷ ᠢᠲᠡᠭᠡᠶ᠎ᠡ
ᠥᠨᠳᠥᠷ ᠠᠭᠤᠯᠠᠨ ᠳ᠋ᠤ᠌ ᠱᠠᠲᠤ ᠰᠢᠦ ᠥᠷᠭᠡᠨ ᠮᠥᠷᠡᠨ ᠳ᠋ᠦ᠍ ᠰᠠᠯ ᠰᠢᠦ
ᠬᠠᠷᠠᠩᠭᠤᠢ ᠭᠠᠵᠠᠷ ᠪᠢᠯᠢᠭ ᠰᠢᠦ ᠬᠠᠪᠴᠢᠯ ᠭᠠᠵᠠᠷ ᠵᠠᠮᠴᠢᠨ ᠰᠢᠦ
ᠣᠮ ᠮᠠ᠋ ᠨᠢ ᠪᠠᠳ ᠮᠠᠢ ᠬᠣᠩ!
ᠶᠢᠷᠲᠢᠨᠴᠦ ᠮᠥᠩᠬᠡ ᠪᠤᠰᠤ ᠰᠢᠦ ᠦᠢᠯᠡ ᠨᠥᠬᠥᠴᠡᠯ ᠣᠯᠠᠨ ᠰᠢᠦ
ᠶᠡᠭᠦᠳᠬᠡᠨ ᠣᠳᠬᠤ ᠶ᠋ᠢᠨ ᠤᠷᠢᠳ ᠶᠡᠷᠦᠳᠡᠭᠡᠨ ᠪᠤᠶᠠᠨ ᠢ᠋ ᠬᠢᠭᠲᠦᠨ!
ᠰᠠᠨᠰᠠᠷ ᠮᠥᠩᠬᠡ ᠪᠤᠰᠤ ᠰᠢᠦ ᠰᠠᠮᠠᠭᠤᠨ ᠶᠠᠪᠤᠳᠠᠯ ᠣᠯᠠᠨ ᠰᠢᠦ
ᠰᠠᠢᠨ ᠪᠤᠶᠠᠨ ᠢ᠋ ᠬᠢᠬᠦ ᠳ᠋ᠡᠭᠡᠨ ᠰᠠᠢᠲᠤᠷ ᠰᠢᠮᠳᠠᠨ ᠬᠢᠴᠢᠶᠡᠭᠡᠷᠡᠢ!
ᠣᠮ ᠮᠠ᠋ ᠨᠢ ᠪᠠᠳ ᠮᠠᠢ ᠬᠣᠩ!
ᠡᠤᠷᠴᠢᠯᠠᠡᠭ ᠮᠥᠩᠬᠡ ᠪᠤᠰᠤ ᠰᠢᠦ ᠣᠯᠳᠠᠬᠤᠶ᠎ᠠ ᠪᠡᠷᠬᠡ ᠬᠥᠮᠦᠨ ᠦ᠌ ᠪᠡᠶ᠎ᠡ
ᠣᠯᠤᠭᠰᠠᠨ ᠪᠡᠶ᠎ᠡ ᠴᠦ᠍ ᠬᠣᠭᠣᠰᠣᠨ ᠰᠢᠦ ᠣᠯᠵᠠ ᠶ᠋ᠢᠨ ᠳᠡᠭᠡᠳᠦ ᠨᠢ ᠪᠤᠶᠠᠨ ᠰᠢᠦ
ᠣᠮ ᠮᠠ᠋ ᠨᠢ ᠪᠠᠳ ᠮᠠᠢ ᠬᠣᠩ!》ᠭᠡᠵᠦ ᠤᠩᠰᠢᠯᠭ᠎ᠠ ᠶ᠋ᠢᠨ ᠳᠠᠭᠤᠨ ᠴᠤᠤᠷᠢᠶᠠᠲᠤᠭᠠᠳ
ᠦᠨᠡᠨᠴᠢ ᠳᠠᠭᠠᠯᠠᠭᠴᠢ ᠰᠦᠮ᠎ᠡ ᠡᠴᠡ ᠥᠨᠢᠳᠡ ᠶ᠋ᠢᠨ ᠰᠤᠷᠭᠠᠯ ᠰᠠᠴᠤᠭᠳᠠᠨ᠎ᠠ!
ᠠᠮᠢᠲᠠᠨ ᠪᠦᠬᠦᠨ ᠢ᠋ ᠲᠤᠰᠠᠯᠠᠭᠴᠢ ᠠᠷᠢᠶᠠᠪᠠᠯᠤ ᠳ᠋ᠠᠭᠠᠨ ᠵᠠᠯᠪᠠᠷᠢᠶ᠎ᠠ!
ᠠᠵᠠ ᠵᠢᠷᠭᠠᠯ ᠢ᠋ ᠢᠪᠡᠭᠡᠭᠴᠢ ᠠᠭᠤᠢ ᠰᠢᠲᠦᠭᠡᠨ ᠳ᠋ᠡᠭᠡᠨ ᠵᠠᠯᠪᠠᠷᠢᠶ᠎ᠠ!
ᠠᠭᠤᠯᠠ ᠤᠰᠤᠨ ᠤ᠋ ᠨᠠᠪᠲᠠᠭ ᠰᠠᠪᠳᠠᠭ ᠣᠷᠣᠰᠢᠨ ᠢᠪᠡᠭᠡ! ᠬᠤᠷᠤᠢ ᠬᠤᠷᠤᠢ!
ᠣᠷᠣᠨ ᠨᠤᠲᠤᠭ ᠤ᠋ᠨ ᠡᠵᠡᠳ ᠰᠠᠬᠢᠭᠤᠰᠤ ᠬᠣᠢᠮᠣᠷ ᠢ᠋ᠶ᠋ᠠᠨ ᠡᠵᠡᠯᠡ! ᠬᠤᠷᠤᠢ ᠬᠤᠷᠤᠢ!
ᠬᠥᠬᠡᠬᠣᠲᠠ ᠳ᠋ᠤ᠌
ᠦᠰᠦᠭ ᠠᠮᠢᠯᠠᠭᠤᠯᠤᠭᠴᠢ᠄ ᠤᠷᠢᠶᠠᠩᠬᠠᠢ ᠨᠠᠷᠠᠨᠮᠠᠨᠳᠠ
