ᠡᠵᠢ- ᠭ ᠴᠢᠩᠪᠠᠭᠠᠲᠤᠷ- ᠰᠢᠯᠦᠭЭэж-г чанбаатар-шүлэг ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠵᠢ- ᠭ ᠴᠢᠩᠪᠠᠭᠠᠲᠤᠷ- ᠰᠢᠯᠦᠭЭэж-г чанбаатар-шүлэг

ᠡᠵᠢ- ᠭ ᠴᠢᠩᠪᠠᠭᠠᠲᠤᠷ- ᠰᠢᠯᠦᠭЭэж-г чанбаатар-шүлэг

2022-09-24

1191

ᠡᠵᠢ 

       —ᠨᠠᠭᠠᠴᠤ ᠡᠮᠡᠭᠡ ᠶ᠋ᠢᠨ ᠢ᠋ᠶ᠋ᠡᠨ ᠳᠠᠯᠠᠨ ᠭᠤᠷᠪᠠᠨ 
       ᠨᠠᠰᠤᠨ ᠤ᠋ ᠪᠠᠶᠠᠷ ᠲᠤ᠌ ᠵᠣᠷᠢᠭᠤᠯᠪᠠ 

              ᠵᠣᠬᠢᠶᠠᠭᠴᠢ᠄ᠭ· ᠴᠢᠩᠪᠠᠭᠠᠲᠤᠷ 
              ᠤᠶᠠᠩᠭᠠᠯᠠᠭᠴᠢ᠄ ᠠᠵᠠᠰᠠᠢᠬᠠᠨ 

ᠦᠨᠢᠶ᠎ᠡ ᠲᠤᠭᠤᠯ ᠨᠡᠢᠯᠡᠯ᠎ᠡ ᠭᠡᠵᠦ ᠬᠣᠷᠮᠣᠢ ᠳ᠋ᠠᠭᠠᠨ ᠪᠦᠳᠦᠴᠢᠭᠰᠡᠨ ᠡᠵᠢ 
ᠦᠷ ᠰᠥᠨᠢ ᠶ᠋ᠢᠨ ᠭᠡᠭᠡ ᠪᠡᠷ ᠵᠠᠯᠠᠨ ᠳᠡᠭᠡᠷ᠎ᠡ ᠶᠠᠭᠠᠷᠠᠭᠰᠠᠨ ᠯᠠ ᠡᠵᠢ 
ᠠᠮᠢᠲᠠᠨ ᠪᠦᠬᠦᠨ ᠢ᠋ ᠦᠷᠦ ᠡᠪᠡᠳᠴᠦ《ᠬᠥᠭᠡᠷᠦᠬᠦᠢ》 ᠬᠡᠯᠡᠭᠰᠡᠨ ᠡᠵᠢ 
ᠠᠴᠢᠲᠠᠨ ᠪᠦᠬᠦᠨ ᠢ᠋ ᠰᠠᠨᠠᠵᠤ ᠰᠡᠳᠬᠢᠯ ᠳ᠋ᠡᠭᠡᠨ ᠳᠠᠭᠠᠳᠬᠠᠭᠰᠠᠨ ᠡᠵᠢ 

ᠲᠡᠢᠨ ᠡᠴᠡ ᠡᠭᠡᠵᠦ ᠢᠷᠡᠬᠦ ᠰᠢᠭ᠌ ᠬᠣᠲᠠ ᠡᠴᠡ ᠨᠠᠮᠠᠶ᠋ᠢ ᠬᠠᠷᠢᠬᠤ ᠳ᠋ᠤ᠌ 
ᠳᠠᠭᠠᠬᠢ ᠲᠠᠢ ᠮᠠᠩᠨᠠᠢ ᠶ᠋ᠢ ᠮᠢᠨᠢ ᠦᠨᠦᠷᠯᠡᠨ ᠰᠦᠢᠳ ᠪᠣᠯᠳᠠᠭ ᠯᠠ ᠡᠵᠢ 
ᠪᠥᠬᠥᠢᠵᠦ ᠦᠨᠦᠰᠦᠭᠦᠯᠳᠡᠭ ᠪᠣᠯᠤᠭᠰᠠᠨ ᠡᠷ᠎ᠡ ᠬᠥᠮᠦᠨ ᠢ᠋ ᠲᠡᠭᠡᠲᠡᠯ᠎ᠡ 
ᠪᠣᠢᠲᠣᠭ ᠲᠠᠢ ᠬᠡᠦᠬᠡᠳ ᠶᠤᠮ ᠰᠢᠭ ᠬᠠᠵᠠᠭᠤ ᠳ᠋ᠠᠭᠠᠨ ᠡᠷᠬᠡᠯᠡᠭᠦᠯᠳᠡᠭ ᠡᠵᠢ 

ᠡᠨᠡ ᠬᠥᠮᠦᠨ ᠢ᠋ᠶ᠋ᠡᠷ ᠪᠢ
ᠠᠷᠭᠠᠳᠠᠭᠤᠯᠵᠤ᠂ ᠠᠯᠠᠭᠠᠳᠠᠭᠤᠯᠵᠤ ᠥᠰᠦᠭᠰᠡᠨ ᠶᠤᠮ
ᠡᠨᠡ ᠬᠥᠮᠦᠨ ᠢ᠋ ᠪᠢ
ᠠᠶᠤᠯᠭᠠᠵᠤ᠂ ᠵᠣᠪᠠᠭᠠᠵᠤ ᠬᠥᠮᠦᠨ ᠪᠣᠯᠤᠭᠰᠠᠨ ᠶᠤᠮ

ᠡᠨᠡ ᠬᠥᠮᠦᠨ ᠢ᠋ ᠪᠢ
ᠦᠯᠭᠡᠵᠦ᠂ ᠬᠣᠷᠮᠣᠢᠳᠠᠵᠤ ᠲᠣᠷᠨᠢᠭᠰᠠᠨ ᠶᠤᠮ
ᠡᠨᠡ ᠬᠥᠮᠦᠨ ᠢ᠋ᠶ᠋ᠡᠷ ᠪᠢ
ᠢᠷᠥᠭᠡᠯᠭᠡᠵᠦ᠂ ᠬᠦᠯᠢᠶᠡᠯᠭᠡᠵᠦ ᠡᠷ᠎ᠡ ᠪᠣᠯᠤᠭᠰᠠᠨ ᠶᠤᠮ

ᠪᠤᠷᠬᠠᠨ ᠳ᠋ᠤ᠌ ᠰᠦᠵᠢᠭᠯᠡᠬᠦ ᠦᠭᠡᠢ ᠬᠥᠮᠦᠨ ᠴᠦ᠍
ᠡᠵᠢ ᠳ᠋ᠡᠭᠡᠨ ᠰᠦᠵᠢᠭᠯᠡᠳᠡᠭ ᠶᠤᠮ
ᠪᠣᠭᠳᠠ ᠬᠠᠭᠠᠳ ᠲᠤ᠌ ᠮᠥᠷᠭᠥᠭᠡ ᠦᠭᠡᠢ ᠬᠥᠮᠦᠨ ᠴᠦ᠍
ᠡᠵᠢ ᠳ᠋ᠡᠭᠡᠨ ᠰᠥᠬᠥᠷᠡᠵᠦ ᠵᠣᠯᠭᠠᠳᠠᠭ ᠶᠤᠮ 

ᠠᠶᠤᠵᠤ ᠤᠤᠯᠭ᠎ᠠ ᠠᠯᠳᠠᠬᠤ ᠳ᠋ᠠᠭᠠᠨ ᠴᠤ᠌
ᠮᠠᠭᠤ ᠡᠵᠢ ᠪᠡᠨ ᠳᠠᠭᠤᠳᠠᠳᠠᠭ ᠶᠤᠮ
ᠠᠶᠤᠯᠭᠠᠵᠤ ᠳᠣᠭᠣᠯᠠᠩ ᠨᠢᠯᠪᠤᠰᠤ ᠳᠡᠭᠦᠵᠢᠯᠡᠬᠦ ᠳ᠋ᠡᠭᠡᠨ ᠴᠦ᠍
ᠮᠠᠭᠤ ᠡᠵᠢ ᠪᠡᠷ ᠢ᠋ᠶ᠋ᠡᠨ ᠠᠷᠭᠠᠳᠠᠭᠤᠯᠳᠠᠭ ᠶᠤᠮ

ᠶᠠᠭ ᠯᠠ ᠮᠢᠨᠦ ᠡᠵᠢ ᠰᠢᠭ᠌ ᠡᠭᠡᠯ ᠦ᠋ᠨ ᠡᠭᠡᠯ ᠡᠬᠡ ᠬᠥᠮᠦᠨ
ᠢᠵᠠᠭᠤᠷ ᠭᠠᠯᠪᠠ ᠶ᠋ᠢᠨ ᠲᠡᠷᠲᠡᠭᠡ ᠡᠴᠡ ᠬᠥᠮᠦᠨ ᠲᠥᠷᠥᠯᠬᠢᠲᠡᠨ ᠢ᠋ ᠲᠡᠪᠡᠷᠢᠭᠰᠡᠭᠡᠷ
ᠴᠠᠭ ᠦᠶ᠎ᠡ ᠪᠦᠬᠦᠨ ᠢ᠋ ᠥᠯᠥᠭᠡᠢ ᠲᠡᠢ ᠨᠢᠯᠬ᠎ᠠ ᠰᠢᠭ᠋ ᠪᠦᠪᠡᠢᠯᠡᠨ
ᠴᠢᠯᠠᠭᠤᠨ ᠵᠡᠪᠰᠡᠭ ᠦ᠋ᠨ ᠦᠦᠷ ᠡᠴᠡ ᠥᠨᠥᠳᠥᠷ ᠲᠦ᠍ ᠬᠦᠷᠭᠡᠭᠰᠡᠨ ᠪᠢᠰᠢ ‍ᠦᠦ

ᠬᠣᠶᠠᠷ ᠶᠡᠬᠡ ᠲᠢᠪ ᠦ᠋ᠨ ᠬᠣᠢᠮᠣᠷ ᠵᠠᠪᠢᠯᠠᠭᠰᠠᠨ ᠳᠡᠭᠡᠳᠦᠰ ᠮᠢᠨᠢ ᠬᠦᠷᠲᠡᠯ᠎ᠡ
ᠬᠣᠨᠢ ᠬᠤᠷᠠᠭ᠎ᠠ ᠪᠠᠨ ᠪᠠᠷᠠᠳᠠᠭᠰᠠᠨ ᠡᠵᠢ ᠳ᠋ᠡᠭᠡᠨ ᠰᠥᠭᠥᠳᠳᠡᠭ ᠪᠠᠢᠭᠰᠠᠨ ᠶᠤᠮ
ᠬᠣᠯᠠ ᠶ᠋ᠢᠨ ᠲᠡᠢᠨ ᠳ᠋ᠦ᠍ ᠮᠣᠷᠳᠠᠬᠤ ᠪᠠᠷ ᠭᠠᠩ ᠳᠥᠷᠥᠭᠡ ᠵᠢᠭᠢᠬᠦ ᠳ᠋ᠦ᠍ᠨᠢ 
ᠬᠣᠶᠠᠷ ᠬᠠᠨᠴᠤᠢ ᠳ᠋ᠠᠭᠠᠨ ᠨᠢᠯᠪᠤᠰᠤ ᠲᠠᠢ ᠡᠵᠢ ᠨᠢ ᠦᠯᠡᠳᠡᠳᠡᠭ ᠪᠠᠢᠭᠰᠠᠨ ᠶᠤᠮ

ᠥᠭᠡᠯᠦᠨ ᠡᠵᠢ ᠶ᠋ᠢᠨ ᠡᠪᠦᠷ ᠳᠡᠭᠡᠷ᠎ᠡ ᠶᠢᠰᠦᠭᠡᠢ ᠶᠢᠰᠦᠭᠡᠢ ᠶ᠋ᠢᠨ ᠬᠡᠦᠬᠡᠳ ᠦ᠋ᠳ ᠥᠰᠴᠦ
ᠥᠨᠳᠥᠷᠯᠢᠭ ᠦ᠋ᠨ ᠨᠢᠭᠡᠨ ᠠᠢᠮᠠᠭ ᠬᠥᠳᠥᠰᠦᠨ ᠳᠡᠪᠡᠯ ᠲᠡᠢ ᠲᠣᠷᠨᠢᠭᠰᠠᠨ ᠶᠤᠮ 
ᠥᠭᠡᠯᠦᠨ ᠡᠵᠢ ᠶ᠋ᠢᠨ ᠤᠳᠤᠮ— ᠰᠠᠢᠬᠠᠨ ᠮᠣᠩᠭᠣᠯ ᠡᠬᠡᠴᠦᠳ
ᠦᠷ᠎ᠡ ᠶ᠋ᠢᠨ ᠦᠷ᠎ᠡ ᠳ᠋ᠦ᠍ ᠡᠨᠡ ᠳᠣᠮᠣᠭ ᠢ᠋ ᠪᠦᠪᠡᠢ ᠶ᠋ᠢᠨ ᠳᠠᠭᠤᠤ ᠲᠠᠢ ᠶᠠᠷᠢᠭᠰᠠᠨ ᠶᠤᠮ

ᠰᠠᠨᠴᠢᠭ  ‍ᠤᠨ ᠦᠰᠦ ᠶ᠋ᠢ ᠨᠢ ᠬᠢᠷᠠᠭᠤᠳᠠᠲᠠᠯ᠎ᠠ ᠮᠠᠭᠤ ᠡᠵᠢ ᠪᠡᠨ
ᠰᠠᠨᠠᠭᠤᠯᠵᠤ᠂ ᠬᠠᠷᠠᠭᠤᠯᠵᠤ᠎ᠠ᠋ᠴᠠ᠂ ᠣᠨᠳᠣᠣ ᠶᠠᠭᠤ ᠪᠠᠷ ᠵᠢᠷᠭᠠᠭᠠᠪᠠ ᠳ᠋ᠠ᠂ ᠪᠢ ᠴᠢᠨᠢ
ᠰᠠᠷ᠎ᠠ ᠰᠢᠨ᠎ᠡ ᠶ᠋ᠢᠨ ᠮᠡᠨᠳᠦ ᠪᠡᠷ ᠨᠤᠲᠤᠭ ᠲᠠᠭᠠᠨ ᠬᠠᠷᠢᠬᠤ ᠡᠴᠡ ᠥᠭᠡᠷ᠎ᠡ
ᠰᠠᠨᠠᠭ᠎ᠠ ᠪᠣᠳᠣᠯ ᠬᠣᠶᠠᠷ ᠢ᠋ ᠨᠢ ᠶᠠᠭᠠᠬᠢᠵᠤ ᠯᠠ ᠲᠠᠢᠳᠬᠤᠷᠠᠭᠤᠯᠪᠠ ᠳ᠋ᠠ᠂ ᠪᠢ ᠴᠢᠨᠢ

ᠪᠥᠷᠲᠥᠢᠵᠦ ᠬᠣᠴᠣᠷᠤᠭᠰᠠᠨ ᠮᠠᠭᠤ ᠡᠵᠢ ᠳ᠋ᠡᠭᠡᠨ ᠰᠠᠢᠨ ᠶᠠᠪᠤᠭ᠎ᠠ ᠪᠠᠨ ᠳᠣᠭᠣᠯᠭᠠᠬᠤ ᠰᠢᠭ᠋
ᠪᠦᠲᠦᠨ ᠵᠢᠷᠭᠠᠯ ‍ᠤᠨ ᠠᠮᠲᠠ ᠥᠭᠡᠷ᠎ᠡ ᠶᠠᠭᠤ ᠪᠠᠢᠬᠤ ᠪᠣᠢ ᠳ᠋ᠠ
ᠡᠷᠬᠡᠯᠡᠵᠦ ᠥᠰᠦᠭᠰᠡᠨ ᠬᠦᠦ ᠨᠢ ᠬᠡᠢᠮᠣᠷᠢ ᠲᠠᠢ ᠶᠠᠪᠤᠬᠤ ᠡᠴᠡ ᠣᠨᠳᠣᠣ
ᠡᠵᠢ ᠬᠥᠮᠦᠨ ᠦ᠌ ᠵᠢᠷᠭᠠᠯ ᠣᠨᠳᠣᠣ ᠶᠠᠭᠤ ᠪᠠᠢᠬᠤ ᠪᠣᠢ ᠳ᠋ᠠ

ᠪᠦᠪᠡᠢ᠂ ᠢᠷᠦᠭᠡᠯ ᠬᠣᠶᠠᠷ ᠢ᠋ᠶ᠋ᠠᠷ ᠱᠠᠩᠨᠠᠭᠤᠯᠳᠠᠭ
ᠠᠵᠠ ᠲᠠᠢ ᠬᠥᠮᠦᠨ ᠳ᠋ᠠ ᠪᠢ
ᠪᠦᠳᠦᠷᠢᠵᠦ ᠣᠢᠴᠢᠬᠤ ᠳ᠋ᠤ᠌ ᠮᠢᠨᠢ ᠠᠷᠭᠠᠳᠠᠳᠠᠭ
ᠡᠵᠢ ᠲᠡᠢ ᠬᠥᠮᠦᠨ ᠳ᠋ᠡ ᠪᠢ
ᠰᠦᠨ ᠶᠡᠬᠡ ᠳᠠᠯᠠᠢ ᠶ᠋ᠢᠨ ᠴᠠᠭᠠᠳᠤ ᠡᠴᠡ ᠴᠤ᠌ ᠲᠡᠮᠡᠦᠯᠵᠦ ᠬᠠᠷᠢᠬᠤ
ᠭᠡᠷ ᠲᠡᠢ ᠬᠥᠮᠦᠨ ᠲᠡᠢ ᠳ᠋ᠡ ᠪᠢ
ᠰᠦᠮᠪᠦᠷ ᠶᠡᠬᠡ ᠠᠭᠤᠯᠠᠨ ᠡᠴᠡ ᠴᠤ᠌ ᠢᠯᠡᠭᠦᠦ
ᠰᠥᠭᠥᠳᠴᠦ ᠮᠥᠷᠭᠥᠳᠡᠭ ᠲᠩᠷᠢ ᠲᠡᠢ ᠬᠥᠮᠦᠨ ᠳ᠋ᠠ ᠪᠢ

  ᠦᠰᠦᠭ ᠠᠮᠢᠯᠠᠭᠤᠯᠤᠭᠴᠢ᠄ ᠭᠡᠷᠡᠯ
  ᠬᠢᠨᠠᠭᠴᠢ ᠪᠠᠭᠰᠢ᠄ ᠣᠳᠬᠠᠨᠰᠣ᠎ᠠ