ᠪᠡᠯᠡ ᠮᠥᠩᠭᠥ ᠴᠤᠭᠯᠠᠭᠤᠯᠬᠤ «ᠳᠥᠭᠥᠮ ᠠᠭᠤᠯᠭ᠎ᠠ » - ᠬᠣᠨᠢᠴᠢᠨ ᠦᠯᠵᠡᠢᠰᠦ᠋ᠷᠥᠩ Бэл мөнгө цуглуулах «дөхөм агуулга »- Хоньчин Өлзийсүрэн ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠡᠯᠡ ᠮᠥᠩᠭᠥ ᠴᠤᠭᠯᠠᠭᠤᠯᠬᠤ «ᠳᠥᠭᠥᠮ ᠠᠭᠤᠯᠭ᠎ᠠ » - ᠬᠣᠨᠢᠴᠢᠨ ᠦᠯᠵᠡᠢᠰᠦ᠋ᠷᠥᠩ Бэл мөнгө цуглуулах «дөхөм агуулга »- Хоньчин Өлзийсүрэн

ᠪᠡᠯᠡ ᠮᠥᠩᠭᠥ ᠴᠤᠭᠯᠠᠭᠤᠯᠬᠤ «ᠳᠥᠭᠥᠮ ᠠᠭᠤᠯᠭ᠎ᠠ » - ᠬᠣᠨᠢᠴᠢᠨ ᠦᠯᠵᠡᠢᠰᠦ᠋ᠷᠥᠩ Бэл мөнгө цуглуулах «дөхөм агуулга »- Хоньчин Өлзийсүрэн

2025-07-30

288

     ᠳ᠋ᠣᠺᠲ᠋ᠣᠷ ᠬᠣᠨᠢᠴᠢᠨ ᠦᠯᠵᠡᠢᠰᠦ᠋ᠷᠤᠩ 

   ᠦᠢᠯᠡᠰ ᠪᠤᠰᠬᠠᠬᠤ ᠰᠠᠨᠠᠭ᠎ᠠ ᠲᠠᠢ ᠴᠥᠭᠡᠨ ᠪᠤᠰᠤ ᠬᠥᠮᠦᠰ ᠬᠥᠷᠥᠩᠭᠡ ᠮᠥᠩᠭᠥ ᠦᠭᠡᠢ ᠡᠴᠡ ᠲᠥᠯᠥᠪᠯᠡᠭᠰᠡᠨ ᠠᠵᠢᠯ ᠦᠢᠯᠡᠰ ᠢ᠋ᠶ᠋ᠡᠨ ᠡᠬᠢᠯᠡᠭᠦᠯᠵᠦ ᠴᠢᠳᠠᠬᠤ ᠦᠭᠡᠢ ᠪᠠᠢᠨ᠎ᠠ ᠭᠡᠵᠡᠭᠡᠳᠡᠭ᠃ ᠡᠨᠡ ᠨᠢ ᠬᠥᠷᠥᠩᠭᠡ ᠮᠥᠩᠭᠥ ᠦᠭᠡᠢ ᠪᠣᠯ ᠦᠢᠯᠡᠰ ᠪᠦᠲᠦᠭᠡᠵᠦ ᠴᠢᠳᠠᠬᠤ ᠦᠭᠡᠢ ᠭᠡᠰᠡᠨ ᠬᠡᠯᠪᠡᠢᠭᠦᠦ ᠦᠵᠡᠯᠲᠡ ᠶᠠᠮᠠᠷ ᠬᠡᠴᠡᠭᠦᠦ ᠭᠠᠵᠠᠷ ᠠᠪᠤᠭᠰᠠᠨ ᠤ᠋ ᠨᠢᠭᠡᠨ ᠭᠡᠷᠡᠴᠢ ᠶᠤᠮ᠃ «ᠬᠥᠮᠦᠰ ᠮᠥᠩᠭᠥ ᠲᠡᠢ ᠪᠣᠯᠤᠭᠠᠳ ᠠᠵᠢᠯ ᠦᠢᠯᠡᠰ ᠪᠣᠰᠬᠠᠳᠠᠭ ᠪᠢᠰᠢ᠂ ᠬᠠᠷᠢᠨ ᠮᠥᠩᠭᠥ ᠦᠭᠡᠢ ᠪᠣᠯᠬᠣᠷ ᠮᠥᠩᠭᠥ ᠣᠯᠬᠤ ᠶ᠋ᠢᠨ ᠲᠥᠯᠥᠭᠡ ᠠᠵᠢᠯ ᠦᠢᠯᠡᠰ ᠪᠣᠰᠬᠠᠳᠠᠭ » ᠭᠡᠵᠦ ᠳᠡᠭᠡᠷ᠎ᠡ ᠤᠳᠠᠭᠠᠨ ᠤ᠋ ᠬᠢᠴᠢᠶᠡᠯ ᠳᠡᠭᠡᠷ᠎ᠡ ᠶᠠᠷᠢᠵᠤ ᠥᠩᠭᠡᠷᠡᠭᠰᠡᠨ᠃ ᠡᠢᠮᠤ ᠠ᠋ᠴᠠ ᠠᠵᠢᠯ ᠦᠢᠯᠡᠰ ᠪᠣᠰᠠᠬᠤ ᠭᠡᠳᠡᠭ ᠪᠣᠯ ᠵᠣᠭᠣᠰ ᠮᠥᠩᠭᠥ ᠦᠭᠡᠢ ᠪᠠᠢᠭᠰᠠᠨ ᠠ᠋ᠴᠠ ᠵᠣᠭᠣᠰ ᠮᠥᠩᠭᠥ ᠣᠯᠬᠤ ᠵᠣᠷᠢᠯᠭ᠎ᠠ ᠠ᠋ᠴᠠ ᠡᠭᠦᠳᠦᠨ᠂ ᠪᠠᠭ᠎ᠠ ᠠ᠋ᠴᠠ᠂ ᠥᠭᠡᠷ᠎ᠡ ᠪᠡᠷ ᠬᠡᠯᠡᠪᠡᠯ « ᠲᠡᠭ ᠡᠴᠡ ᠡᠬᠢᠯᠡᠵᠦ ᠬᠢᠬᠦ » ᠶ᠋ᠢ ᠬᠡᠯᠡᠨ᠎ᠡ᠃ ᠵᠢᠰᠢᠶᠠᠯᠠᠪᠠᠯ᠂ ᠮᠠᠨ ᠤ᠋ ᠰᠠᠢᠨ ᠮᠡᠳᠡᠳᠡᠭ ᠶᠠᠫᠣᠨ ᠤ᠋ « ᠲᠣᠤᠶᠦᠲ᠋ᠠ» ᠺᠣᠮᠫᠠᠨᠢ ᠨᠢ ᠨᠢᠭᠡᠨ ᠮᠠᠰᠢᠨ ᠰᠡᠯᠪᠢᠨ ᠵᠠᠰᠠᠬᠤ ᠭᠠᠵᠠᠷ ᠪᠠᠢᠭᠰᠠᠨ ᠠ᠋ᠴᠠ ᠪᠠᠨ ᠬᠥᠭᠵᠢᠭᠡᠳ ᠳᠡᠯᠡᠬᠡᠢ ᠶ᠋ᠢᠨ ᠬᠡᠮᠵᠢᠶᠡᠨ ᠦ᠌ ᠲᠣᠮᠣ ᠺᠣᠮᠫᠠᠨᠢ ᠪᠣᠯᠵᠤ ᠬᠥᠭᠵᠢᠵᠡᠢ᠃ 
ᠪᠢᠳᠡ ᠶᠠᠮᠠᠷ ᠨᠢᠭᠡᠨ ᠠᠵᠢᠯ ᠦᠢᠯᠡᠰ ᠢ᠋ ᠪᠤᠰᠬᠠᠬᠤ ᠳ᠋ᠤ᠌ ᠡᠬᠢᠯᠡᠭᠡᠳ ᠵᠣᠷᠢᠯᠲᠠ ᠪᠠᠨ ᠲᠣᠭᠲᠠᠭᠠᠵᠤ᠂ ᠲᠥᠯᠥᠪᠯᠡᠭᠡ ᠪᠡᠨ ᠭᠠᠷᠭᠠᠭᠠᠳ ᠲᠡᠭᠦᠨ ᠢ᠋ ᠪᠡᠨ ᠪᠣᠳᠠᠲᠠᠢ ᠳᠡᠭᠡᠷ᠎ᠡ ᠬᠡᠷᠡᠭᠵᠢᠭᠦᠯᠬᠦ ᠱᠠᠭᠠᠷᠳᠠᠯᠭ᠎ᠠ ᠲᠠᠢ᠃ ᠥᠭᠡᠷ᠎ᠡ ᠪᠡᠷ ᠬᠡᠯᠡᠪᠡᠯ ᠲᠥᠯᠥᠪᠯᠡᠭᠰᠡᠨ ᠦ᠌ ᠪᠡᠨ ᠳᠠᠭᠠᠤ ᠠᠵᠢᠯ ᠢ᠋ᠶ᠋ᠠᠨ ᠬᠢᠵᠦ ᠬᠡᠷᠡᠭᠵᠢᠭᠦᠯᠬᠦ ᠪᠦᠬᠦᠢᠯᠡ ᠶᠠᠪᠤᠴᠠ ᠨᠢ ᠥᠪᠡᠷ ᠢ᠋ᠶ᠋ᠡᠨ ᠠᠵᠢᠯ ᠦᠢᠯᠡᠰ ᠪᠣᠰᠬᠠᠬᠤ ᠶ᠋ᠢᠨ ᠲᠤᠰ ᠪᠡᠶ᠎ᠡ ᠪᠣᠯᠤᠨ᠎ᠠ᠃ ᠡᠭᠦᠨ ᠳ᠋ᠦ᠍ ᠠᠵᠢᠯ ᠦᠢᠯᠡᠰ ᠪᠣᠰᠬᠠᠬᠤ ᠳ᠋ᠤ᠌ ᠬᠡᠷᠡᠭᠲᠡᠢ ᠪᠡᠯᠡ ᠮᠥᠩᠭᠥ ᠴᠤᠭᠯᠠᠭᠤᠯᠬᠤ ᠶᠠᠪᠤᠴᠠ ᠪᠠᠭᠲᠠᠵᠤ ᠪᠣᠢ᠃ ᠳᠠᠷᠤᠢ ᠪᠡᠯᠡ ᠮᠥᠩᠭᠥ ᠴᠤᠭᠯᠠᠭᠤᠯᠬᠤ ᠨᠢ ᠴᠦ᠍ ᠠᠵᠢᠯ ᠦᠢᠯᠡᠰ ᠪᠤᠰᠬᠠᠬᠤ ᠶ᠋ᠢᠨ ᠨᠢᠭᠡ ᠦᠨᠳᠦᠰᠦᠨ ᠶᠠᠪᠤᠴᠠ ᠪᠣᠯᠤᠨ᠎ᠠ᠃ 
ᠪᠡᠯᠡ ᠮᠥᠩᠭᠥ ᠴᠤᠭᠯᠠᠭᠤᠯᠬᠤ ᠭᠡᠳᠡᠭ ᠪᠣᠯ ᠥᠪᠡᠷ ᠦ᠋ᠨ ᠠᠵᠢᠯ ᠦᠢᠯᠡᠰ ᠲᠦ᠍ ᠬᠡᠷᠡᠭᠲᠡᠢ ᠮᠥᠩᠭᠥ ᠶ᠋ᠢ ᠪᠤᠰᠤᠳ ᠠ᠋ᠴᠠ ᠣᠯᠬᠤ ᠶᠠᠪᠤᠴᠠ ᠶ᠋ᠢ ᠵᠢᠭᠠᠵᠤ ᠪᠣᠢ᠃ ᠥᠪᠡᠷ ᠲᠦ᠍ ᠪᠠᠢᠬᠤ ᠦᠭᠡᠢ ᠮᠥᠩᠭᠥ ᠶ᠋ᠢ ᠶᠠᠭᠠᠬᠢᠵᠤ ᠪᠤᠰᠤᠳ ᠠ᠋ᠴᠠ ᠣᠯᠬᠤ ᠪᠣᠢ? ᠶᠠᠭᠠᠬᠢᠵᠤ ᠥᠪᠡᠷ ᠦ᠋ᠨ ᠢ᠋ᠶ᠋ᠡᠨ ᠲᠥᠯᠥᠪᠯᠡᠭᠰᠡᠨ ᠠᠵᠢᠯ ᠦᠢᠯᠡᠰ ᠲᠦ᠍ ᠦᠢᠯᠡᠴᠢᠯᠡᠭᠦᠯᠬᠦ ᠪᠣᠢ ᠴᠤᠭᠯᠠᠭᠤᠯᠤᠭᠰᠠᠨ ᠪᠡᠯᠡ ᠮᠥᠩᠭᠥ ᠪᠡᠨ ᠶᠠᠭᠠᠬᠢᠵᠤ ᠲᠠᠸᠠᠷ ᠪᠣᠯᠭᠠᠨ ᠰᠣᠯᠢᠯᠴᠠᠭᠠᠨ ᠳ᠋ᠤ᠌ ᠥᠷᠲᠡᠭ ᠪᠦᠲᠦᠭᠡᠵᠦ ᠠᠷᠪᠢᠵᠢᠭᠤᠯᠬᠤ ᠪᠣᠢ?  ᠡᠳᠡᠭᠡᠷ ᠪᠣᠯ ᠬᠥᠷᠥᠩᠭᠡ ᠮᠥᠩᠭᠥ ᠴᠤᠭᠯᠠᠭᠤᠯᠬᠤ ᠶ᠋ᠢᠨ ᠪᠣᠳᠠᠲᠠᠢ ᠶᠠᠪᠤᠴᠠ ᠪᠣᠯᠤᠨ᠎ᠠ᠃ ᠲᠡᠭᠡᠪᠡᠯ ᠡᠳᠡᠭᠡᠷ ᠶᠠᠪᠤᠴᠠ ᠶ᠋ᠢᠨ ᠦᠨᠳᠦᠰᠦᠨ ᠰᠠᠭᠤᠷᠢ ᠨᠢ ᠴᠢᠨᠦ ᠵᠣᠷᠢᠯᠲᠠ ᠲᠥᠯᠥᠪᠯᠡᠭᠡ ᠡᠴᠡ ᠭᠠᠳᠠᠨ᠎ᠠ ᠨᠡᠢᠭᠡᠮ ᠦ᠋ᠨ ᠢᠲᠡᠭᠡᠯ ᠬᠦᠨᠳᠦ ᠬᠢᠭᠡᠳ ᠲᠡᠭᠦᠨ ᠳ᠋ᠦ᠍ ᠪᠡᠨ ᠵᠣᠷᠢᠭᠤᠯᠬᠤ ᠴᠠᠭ ᠮᠥᠴᠡ ᠪᠡᠷ ᠪᠦᠷᠢᠯᠳᠦᠭᠰᠡᠨ ᠬᠥᠷᠥᠩᠭᠡ ᠱᠠᠭᠠᠷᠳᠠᠯᠭ᠎ᠠ ᠲᠠᠢ ᠪᠣᠯᠤᠨ᠎ᠠ᠃ 
ᠨᠢᠭᠡ᠂ ᠨᠡᠢᠭᠡᠮ ᠦ᠋ᠨ ᠢᠲᠡᠭᠡᠯ ᠬᠦᠨᠳᠦ 
ᠨᠡᠢᠭᠡᠮ ᠦ᠋ᠨ ᠢᠲᠡᠭᠡᠯ ᠬᠦᠨᠳᠦ ᠭᠡᠳᠡᠭ ᠪᠣᠯ ᠳᠠᠩ ᠭᠠᠭᠴᠠ ᠴᠢᠨᠦ ᠬᠤᠪᠢ ᠪᠡᠶ᠎ᠡ ᠶ᠋ᠢᠨ ᠢᠲᠡᠭᠡᠯ ᠬᠦᠨᠳᠦ ᠶ᠋ᠢ ᠵᠢᠭᠠᠵᠤ ᠪᠠᠢᠭ᠎ᠠ ᠪᠢᠰᠢ᠂ ᠬᠠᠷᠢᠨ ᠲᠡᠭᠦᠨ ᠡᠴᠡ ᠭᠠᠳᠠᠨ᠎ᠠ ᠴᠢᠨᠦ ᠡᠷᠬᠢᠯᠡᠵᠦ ᠪᠠᠢᠭ᠎ᠠ ᠠᠵᠢᠯ ᠦᠢᠯᠡᠰ ᠦ᠋ᠨ ᠨᠡᠢᠭᠡᠮ ᠳᠡᠭᠡᠷᠡᠬᠢ ᠢᠲᠡᠭᠡᠯ ᠬᠦᠨᠳᠦ ᠮᠠᠰᠢ ᠴᠢᠬᠤᠯᠠ᠃ ᠲᠠᠨ ᠤ᠋ ᠵᠥᠪ ᠵᠣᠷᠢᠯᠲᠠ᠂ ᠰᠠᠢᠨ ᠲᠥᠯᠥᠪᠯᠡᠭᠡ ᠳ᠋ᠦ᠍ ᠪᠤᠰᠤᠳ ᠬᠥᠮᠦᠨ ᠪᠡᠯᠡ ᠮᠥᠩᠭᠥ ᠣᠷᠣᠭᠤᠯᠬᠤ ᠪᠣᠯᠤᠯᠴᠠᠭ᠎ᠠ ᠮᠠᠰᠢ ᠶᠡᠬᠡ ᠪᠣᠢ᠃ ᠭᠡᠪᠡᠴᠦ ᠡᠳᠡᠭᠡᠷ ᠬᠥᠷᠥᠩᠭᠡ ᠮᠥᠩᠭᠥ ᠴᠢᠨᠦ ᠴᠠᠭᠠᠰᠤᠨ ᠳᠡᠭᠡᠷ᠎ᠡ ᠲᠥᠯᠥᠪᠯᠡᠭᠰᠡᠨ ᠲᠥᠯᠦᠪᠯᠡᠭᠡᠨ ᠡᠴᠡ ᠪᠣᠯᠤᠭᠠᠳ ᠣᠷᠣᠵᠤ ᠢᠷᠡᠬᠦ ᠨᠢ ᠴᠥᠭᠡᠨ᠂ ᠬᠠᠷᠢᠨ ᠴᠢᠨᠦ ᠥᠪᠡᠷ ᠦ᠋ᠨ ᠲᠥᠯᠥᠪᠯᠡᠭᠰᠡᠨ ᠠᠵᠢᠯ ᠦᠢᠯᠡᠰ ᠢ᠋ᠶ᠋ᠡᠨ ᠬᠢᠷᠢ ᠵᠡᠷᠭᠡ ᠬᠡᠷᠡᠭᠵᠢᠭᠦᠯᠵᠦ ᠬᠡᠷᠬᠢᠨ ᠠᠪᠴᠤ ᠶᠠᠪᠤᠵᠤ ᠪᠠᠢᠭ᠎ᠠ ᠠ᠋ᠴᠠ ᠶᠡᠬᠡᠬᠡᠨ ᠰᠢᠯᠲᠠᠭᠠᠯᠠᠨ᠎ᠠ᠃ ᠵᠥᠪᠬᠡᠨ ᠲᠥᠯᠥᠪᠯᠡᠭᠡᠳ ᠵᠣᠭᠰᠣᠭᠰᠠᠨ ᠪᠤᠶᠤ ᠲᠥᠯᠥᠪᠯᠡᠭᠰᠡᠨ ᠠᠵᠢᠯ ᠢ᠋ᠶ᠋ᠠᠨ ᠠᠪᠴᠤ ᠶᠠᠪᠤᠵᠤ ᠴᠢᠳᠠᠵᠤ ᠦᠭᠡᠢ ᠪᠣᠯ ᠬᠥᠮᠦᠨ ᠴᠢᠮ᠎ᠠ ᠳ᠋ᠤ᠌ ᠬᠥᠷᠥᠩᠭᠡ ᠮᠥᠩᠭᠥ ᠣᠷᠣᠭᠤᠯᠬᠤ ᠦᠭᠡᠢ ᠨᠢ ᠯᠠᠪᠲᠠᠢ᠃ ᠲᠡᠢᠮᠦ ᠡᠴᠡ ᠠᠵᠢᠯ ᠦᠢᠯᠡᠰ ᠦ᠋ᠨ ᠨᠡᠢᠭᠡᠮ ᠦ᠋ᠨ ᠢᠲᠡᠭᠡᠯ ᠬᠦᠨᠳᠦ ᠶ᠋ᠢ ᠪᠤᠰᠬᠠᠬᠤ ᠳ᠋ᠤ᠌ ᠬᠡᠯᠡᠭᠡᠳ ᠪᠣᠯᠬᠤ ᠪᠢᠰᠢ᠂ ᠬᠠᠷᠢᠨ ᠬᠣᠶᠠᠷ ᠠ᠋ᠴᠠ ᠭᠤᠷᠪᠠᠨ ᠵᠢᠯ ᠪᠤᠶᠤ ᠲᠡᠭᠦᠨ ᠡᠴᠡ ᠤᠷᠲᠤ ᠬᠤᠭᠤᠴᠠᠭᠠᠨ ᠳ᠋ᠤ᠌ ᠴᠢᠨᠦ ᠥᠪᠡᠷ ᠦ᠋ᠨ ᠴᠢᠨᠢ ᠪᠣᠳᠠᠲᠠᠢ ᠬᠡᠷᠡᠭᠵᠢᠭᠦᠯᠦᠯᠲᠡ ᠪᠠᠢᠵᠤ ᠡᠨᠡᠬᠦ ᠢᠲᠡᠭᠡᠯ ᠬᠦᠨᠳᠦ ᠶ᠋ᠢ ᠣᠯᠵᠤ ᠴᠢᠳᠠᠨ᠎ᠠ᠃ 
ᠬᠣᠶᠠᠷ᠂ ᠴᠠᠭ ᠮᠥᠴᠡ ᠡᠨᠳᠡ ᠶᠠᠷᠢᠵᠤ ᠪᠠᠢᠭ᠎ᠠ ᠴᠠᠭ ᠮᠥᠴᠡ ᠪᠣᠯ ᠴᠢᠮ᠎ᠠ ᠳ᠋ᠤ᠌ ᠬᠢᠷᠢ ᠶᠡᠬᠡ ᠴᠠᠭ ᠮᠥᠴᠡ ᠪᠠᠢᠭ᠎ᠠ ᠠ᠋ᠴᠠ ᠢᠯᠡᠭᠦᠦ ᠴᠢ ᠥᠪᠡᠷ ᠦ᠋ᠨ ᠲᠥᠯᠥᠪᠯᠡᠭᠰᠡᠨ ᠠᠵᠢᠯ ᠦᠢᠯᠡᠰ ᠲᠡᠭᠡᠨ ᠬᠡᠳᠣᠢᠴᠢᠨᠠᠨ ᠴᠠᠭ ᠮᠥᠴᠡ ᠶ᠋ᠢ ᠵᠠᠷᠤᠴᠠᠭᠤᠯᠵᠤ ᠪᠠᠢᠭ᠎ᠠ ᠶ᠋ᠢ ᠵᠢᠭᠠᠵᠤ ᠪᠣᠢ᠃ ᠥᠭᠡᠷ᠎ᠡ ᠪᠡᠷ ᠬᠡᠯᠡᠪᠡᠯ ᠴᠢ ᠥᠪᠡᠷ ᠦ᠋ᠨ ᠡᠷᠬᠢᠯᠡᠬᠦ ᠭᠡᠵᠦ ᠪᠠᠢᠭ᠎ᠠ ᠠᠵᠢᠯ ᠦᠢᠯᠡᠰ ᠪᠤᠶᠤ ᠡᠷᠬᠢᠯᠡᠵᠦ ᠪᠠᠢᠭ᠎ᠠ ᠠᠵᠢᠯ ᠦᠢᠯᠡᠰ ᠲᠡᠭᠡᠨ ᠬᠢᠷᠢ ᠵᠡᠷᠭᠡ ᠬᠦᠴᠦ ᠬᠥᠳᠡᠯᠮᠦᠷᠢ ᠵᠠᠷᠤᠴᠠᠭᠤᠯᠵᠤ ᠪᠠᠢᠭ᠎ᠠ ᠨᠢ ᠴᠢᠨᠦ ᠠᠵᠢᠯ ᠦᠢᠯᠡᠰ ᠪᠣᠰᠬᠠᠬᠤ ᠪᠣᠯᠤᠮᠵᠢ ᠶ᠋ᠢ ᠨᠡᠭᠡᠭᠡᠵᠦ ᠪᠠᠢᠭ᠎ᠠ ᠶᠤᠮ᠃ ᠥᠪᠡᠷ ᠦ᠋ᠨ ᠠᠵᠢᠯ ᠦᠢᠯᠡᠰ ᠦ᠋ᠨ ᠲᠥᠯᠥᠭᠡ ᠴᠠᠭ ᠮᠥᠴᠡ ᠵᠠᠷᠤᠴᠠᠭᠤᠯᠵᠤ᠂ ᠬᠦᠴᠦ ᠬᠥᠳᠡᠯᠮᠦᠷᠢ ᠭᠠᠷᠭᠠᠵᠤ ᠲᠠᠸᠠᠷ ᠪᠦᠲᠦᠭᠡᠨ ᠥᠷᠲᠡᠭ ᠪᠣᠢ ᠪᠣᠯᠭᠠᠵᠤ ᠴᠢᠳᠠᠪᠠᠯ ᠰᠠᠶᠢ ᠪᠡᠯᠡ ᠮᠥᠩᠭᠥ ᠶ᠋ᠢᠨ ᠵᠢᠩᠬᠢᠨᠢ ᠡᠬᠢ ᠡᠭᠦᠰᠪᠦᠷᠢ ᠪᠣᠢ ᠪᠣᠯᠤᠨ᠎ᠠ᠃ ᠲᠡᠢᠮᠦ ᠪᠢᠰᠢ᠂ ᠵᠥᠪᠬᠡᠨ ᠥᠪᠡᠷ ᠦ᠋ᠨ ᠪᠡᠯᠡᠨ ᠮᠥᠩᠭᠥ ᠪᠡᠷ ᠢ᠋ᠶ᠋ᠡᠨ ᠪᠡᠯᠡᠨ ᠶᠠᠭᠤᠮ᠎ᠠ ᠬᠤᠳᠠᠯᠳᠤᠵᠤ ᠠᠪᠤᠨ ᠦᠢᠯᠡᠰ ᠪᠠᠢᠭᠤᠯᠬᠤ ᠨᠢ ᠮᠥᠩᠭᠥ ᠪᠡᠷ ᠢ᠋ᠶ᠋ᠡᠨ  ᠰᠣᠯᠢᠯᠴᠠᠭ᠎ᠠ ᠬᠢᠵᠦ ᠪᠠᠢᠭ᠎ᠠ ᠬᠡᠷᠡᠭ᠃ ᠲᠡᠢᠮᠦ ᠡᠴᠡ ᠥᠪᠡᠷ ᠦ᠋ᠨ ᠵᠠᠯᠠᠭᠤ ᠨᠠᠰᠤᠨ ᠳ᠋ᠠᠭᠠᠨ ᠪᠤᠶᠤ ᠴᠠᠭ ᠢ᠋ ᠵᠠᠪᠳᠤᠵᠤ ᠠᠵᠢᠯ ᠦᠢᠯᠡᠰ ᠦ᠋ᠨ ᠲᠥᠯᠥᠭᠡ ᠬᠦᠴᠦ ᠬᠥᠳᠡᠯᠮᠦᠷᠢ ᠵᠠᠷᠤᠴᠠᠭᠤᠯᠬᠤ ᠨᠢ ᠮᠥᠨ ᠴᠦ᠍ ᠦᠢᠯᠡᠰ ᠪᠣᠰᠬᠠᠵᠤ ᠪᠠᠢᠭ᠎ᠠ᠂ ᠴᠢᠨᠦ ᠦᠢᠯᠡᠰ ᠦ᠋ᠨ ᠠᠩᠬᠠᠨ ᠤ᠋ ᠬᠤᠷᠠᠮᠳᠤᠯᠭ᠎ᠠ ᠭᠡᠵᠦ ᠬᠡᠯᠡᠵᠦ ᠪᠣᠯᠤᠨ᠎ᠠ᠃ 
ᠣᠳᠣ ᠮᠠᠨ ᠤ᠋ ᠥᠪᠥᠷ ᠮᠣᠩᠭᠣᠯ᠂ ᠣᠨᠴᠠᠭᠠᠢᠯᠠᠨ ᠮᠠᠨ ᠤ᠋ ᠬᠥᠳᠡᠭᠡ ᠣᠷᠣᠨ ᠨᠤᠲᠤᠭ ᠲᠤ᠌ ᠮᠠᠰᠢ ᠣᠯᠠᠨ ᠠᠵᠢᠯ ᠦᠢᠯᠡᠰ ᠪᠤᠰᠬᠠᠬᠤ ᠵᠠᠪᠰᠢᠶᠠᠨ ᠪᠣᠢ᠃ ᠪᠢᠳᠡ ᠵᠣᠷᠢᠯᠲᠠ ᠪᠠᠨ ᠲᠣᠭᠲᠠᠭᠠᠨ᠂ ᠲᠥᠯᠥᠪᠯᠡᠭᠡ ᠪᠡᠨ ᠪᠣᠯᠪᠠᠰᠤᠷᠠᠭᠤᠯᠤᠨ᠂ ᠴᠠᠭ ᠮᠥᠴᠡ ᠶ᠋ᠢ ᠠᠮᠵᠢᠨ ᠠᠵᠢᠯᠯᠠᠬᠤ ᠨᠢ ᠴᠢᠬᠤᠯᠠ ᠠ᠋ᠴᠠ ᠴᠢᠬᠤᠯᠠ᠃
 
  ᠦᠰᠦᠭ ᠬᠥᠷᠪᠡᠭᠦᠯᠦᠭᠴᠢ ᠄ ᠤᠷᠢᠶᠠᠩᠬᠠᠢ ᠨᠠᠷᠠᠨᠮᠠᠨᠳᠠ