ᠪᠠ ᠶᠤᠸᠠᠢ ᠯᠢᠩ-ᠯᠢ ᠂ ᠱᠤᠸᠠᠩᠰᠢба юай лин-ли , шованши -Ли шованши
ᠪᠠ ᠶᠤᠸᠠᠢ ᠯᠢᠩ
ᠬᠣᠷᠴᠢᠨ ᠠᠷᠠᠳ ᠤ᠋ᠨ ᠳᠠᠭᠤᠤ
ᠯᠢ᠂ ᠱᠤᠸᠠᠩᠰᠢ ᠳᠠᠭᠤᠯᠠᠨ᠎ᠠ
ᠲᠥᠷᠥᠭᠡᠳ ᠲᠡᠭᠡᠭᠰᠡᠨ ᠭᠠᠵᠠᠷ ᠮᠢᠨᠢ ᠠ᠋ ᠬᠦᠢ
ᠲᠥᠬᠥᠭᠡ ᠦᠭᠡᠢ ᠬᠣᠯᠠ ᠪᠠᠢᠬᠤ ᠨᠠᠨ ᠵᠧᠦ ᠰᠢᠶᠠᠨ ᠠ᠋ ᠬᠦᠢ
ᠲᠦᠪᠡᠭᠳᠡᠭᠡᠳ ᠲᠡᠵᠢᠭᠡᠭᠳᠡᠭᠡᠳ ᠲᠡᠭᠡᠭᠰᠡᠨ ᠭᠠᠵᠠᠷ ᠮᠢᠨᠢ ᠠ᠋ ᠬᠦᠢ
ᠲᠥᠷᠥᠯᠬᠢ ᠡᠴᠡ ᠪᠡᠨ ᠴᠠᠭᠠᠪᠤᠷ ᠰᠢᠦ ᠦᠵᠦᠮᠦᠴᠢᠨ ᠬᠣᠰᠢᠭᠤ ᠶᠠ ᠬᠦᠢ
ᠤᠤᠭᠤᠭᠠᠳ ᠥᠰᠦᠭᠡᠳ ᠲᠡᠭᠡᠭᠰᠡᠨ ᠤᠰᠤ ᠮᠢᠨᠢ ᠠ᠋ ᠬᠦᠢ
ᠤᠷᠳᠤᠭᠤᠷ ᠮᠢᠨᠢ ᠤᠷᠤᠰᠴᠤ ᠪᠠᠢᠬᠤ ᠴᠠᠩ ᠯᠢᠦ ᠾᠧ ᠶᠠ ᠬᠦᠢ
ᠤᠴᠠᠷᠠᠭᠠᠳ ᠲᠡᠵᠢᠭᠡᠭᠳᠡᠭᠡᠳ ᠲᠡᠭᠡᠭᠰᠡᠨ ᠭᠠᠵᠠᠷ ᠮᠢᠨᠢ ᠠ᠋ ᠬᠦᠢ
ᠤᠷᠲᠤᠯᠵᠢᠯᠠᠭᠠᠳ ᠰᠠᠭᠤᠭᠰᠠᠨ ᠦᠵᠦᠮᠦᠴᠢᠨ ᠬᠣᠰᠢᠭᠤ ᠶᠠ ᠬᠦᠢ
ᠨᠠᠨ ᠵᠧᠦ ᠰᠢᠶᠠᠨ ᠤ᠋ ᠭᠠᠢ ᠳ᠋ᠤ᠌ ᠪᠣᠯ ᠨᠢᠭᠡ ᠸᠠᠩ ᠡᠯ ᠭᠡᠳᠡᠭ ᠬᠥᠮᠦᠨ ᠪᠠᠢᠵᠤ ᠪᠠᠢᠵᠠᠢ᠃ ᠡᠨᠡ ᠬᠥᠮᠦᠨ ᠪᠣᠯᠪᠠᠯ ᠥᠩᠭᠡᠷᠡᠭᠰᠡᠨ ᠨᠡᠢᠭᠡᠮ᠂ ᠬᠠᠷᠠᠩᠭᠤᠢ ᠶ᠋ᠢᠨ ᠴᠠᠭ ᠲᠤ᠌ ᠥᠪᠡᠷ ᠦ᠋ᠨ ᠪᠡᠶ᠎ᠡ ᠨᠢ ᠪᠣᠯᠪᠠᠯ ᠠᠯᠪᠠᠨ ᠳ᠋ᠤ᠌ ᠪᠠᠷᠢᠭᠳᠠᠴᠢᠬᠠᠵᠠᠢ ᠭᠡᠨ᠎ᠡ᠃ ᠬᠠᠷ᠎ᠠ ᠠᠵᠢᠯ ᠳ᠋ᠤ᠌ ᠪᠠᠷᠢᠭᠳᠠᠭᠠᠳ ᠬᠠᠷᠠᠵᠤ ᠦᠵᠡᠵᠦ ᠪᠠᠢᠲᠠᠯ᠎ᠠ᠂ᠬᠣᠢᠰᠢ ᠪᠠᠨ ᠪᠣᠯᠪᠠᠯ ᠥᠪᠡᠷ ᠦ᠋ᠨ ᠪᠡᠶ᠎ᠡ ᠪᠡᠷ ᠢ᠋ᠶ᠋ᠡᠨ ᠶᠠᠪᠤᠬᠤ ᠪᠣᠯᠤᠯ᠎ᠠ᠂ ᠬᠡᠭᠡᠯᠢ ᠬᠠᠬᠤᠤᠯᠢ ᠳ᠋ᠤ᠌ ᠳᠤᠷᠠᠲᠠᠢ ᠨᠣᠶᠠᠨ ᠪᠣᠯᠪᠠᠯ ᠲᠡᠭᠦᠨ ᠳ᠋ᠦ᠍ ᠲᠡᠭᠡᠵᠦ ᠬᠡᠯᠡᠵᠡᠢ ᠭᠡᠨ᠎ᠡ᠃ ᠴᠢ ᠨᠠᠳᠠ ᠳ᠋ᠤ᠌ ᠦᠵᠡᠵᠦ ᠪᠠᠢᠲᠠᠯ᠎ᠠ ᠠᠷᠪᠠᠨ ᠬᠡᠰᠡᠭ ᠮᠥᠩᠭᠥ ᠠᠪᠴᠢᠷᠠᠭᠠᠳ ᠥᠭᠴᠢᠬᠡᠪᠡᠯ ᠠᠯᠪᠠᠨ ᠠ᠋ᠴᠠ ᠴᠢᠨᠢ ᠴᠢᠮ᠎ᠠ ᠶ᠋ᠢ ᠭᠠᠷᠭᠠᠴᠢᠬᠠᠨ᠎ᠠ᠃ ᠠᠳᠠᠯ ᠭᠡᠷ ᠨᠢ ᠶᠠᠳᠠᠭᠤ ᠡᠷᠲᠡ ᠢᠳᠡᠪᠡᠯ ᠣᠷᠣᠢ ᠦᠭᠡᠢ ᠶᠦᠮ ᠴᠢᠨᠢ᠂ ᠡᠷᠦᠬᠡ ᠪᠣᠯᠤᠨ ᠭᠡᠷ ᠲᠦ᠍ ᠪᠡᠨ ᠸᠠᠩ ᠡᠯ ᠬᠦᠷᠴᠦ ᠢᠷᠡᠭᠡᠳ ᠡᠮᠡᠭᠡᠨ ᠲᠡᠢ ᠪᠡᠨ ᠬᠣᠶᠠᠭᠤᠯᠠ ᠪᠠᠨ ᠵᠥᠪᠳᠡᠵᠦ ᠦᠵᠡᠵᠡᠢ᠃ 《ᠣᠳᠣ ᠶᠠᠭᠠᠬᠢᠪᠠᠰᠤ ᠲᠠᠭᠠᠷᠠᠨ᠎ᠠ? ᠡᠨᠡ ᠤᠳᠠᠭ᠎ᠠ ᠶᠠᠪᠤᠪᠠᠯ ᠪᠢ ᠦᠬᠦᠨ᠎ᠡ ᠡᠳᠡᠭᠡᠨ᠎ᠡ ᠬᠣᠶᠠᠭᠤᠯᠠ ᠶ᠋ᠢ ᠲᠣᠭᠲᠠᠭᠠᠵᠤ ᠶᠣᠯᠣᠭᠣᠬᠤ ᠦᠭᠡᠢ》ᠭᠡᠲᠡᠯ᠎ᠡ ᠡᠨᠡ ᠡᠷ᠎ᠡ ᠡᠮ᠎ᠡ ᠬᠣᠶᠠᠭᠤᠯᠠ ᠠ᠋ᠴᠠ ᠪᠣᠯ ᠨᠢᠭᠡ ᠬᠦᠦ ᠲᠡᠢ᠂ ᠡᠨᠡ ᠵᠢᠯ ᠳ᠋ᠦ᠍ ᠪᠡᠨ ᠪᠣᠯ ᠭᠤᠷᠪᠠᠨ ᠨᠠᠰᠤᠲᠠᠢ᠃ ᠳᠠᠭᠤᠳᠠᠬᠤ ᠨᠡᠷ᠎ᠡ ᠨᠢ ᠪᠣᠯ ᠪᠠ ᠶᠤᠸᠠᠢ ᠯᠢᠩ ᠭᠡᠵᠦ ᠬᠡᠯᠡᠨ᠎ᠡ ᠭᠡᠨ᠎ᠡ᠃ ᠡᠬᠡᠨᠡᠷ ᠨᠢ ᠬᠡᠯᠡᠵᠦ ᠪᠠᠢᠨ᠎ᠠ᠂《ᠪᠢᠳᠡ ᠬᠣᠶᠠᠭᠤᠯᠠ ᠨᠠᠰᠤ ᠵᠠᠯᠠᠭᠤ ᠪᠠᠢᠭᠰᠠᠭᠠᠷ ᠠ᠋᠂ ᠦᠰᠦ ᠪᠡᠨ ᠬᠣᠯᠪᠣᠭᠠᠳ ᠢᠩᠭᠢᠭᠡᠳ ᠰᠠᠯᠴᠢᠬᠠᠪᠠᠯ ᠶᠢᠷᠲᠢᠨᠴᠦ ᠶ᠋ᠢᠨ ᠭᠠᠵᠠᠷ ᠪᠢᠳᠡ ᠬᠣᠶᠠᠭᠤᠯᠠ ᠵᠠᠭᠤᠷᠮᠠᠭ ᠢ᠋ᠶ᠋ᠠᠷ ᠰᠠᠯᠴᠢᠬᠠᠨᠠ᠂ ᠦᠷ᠎ᠡ ᠬᠦᠦ ᠪᠠ ᠶᠤᠸᠠᠢ ᠯᠢᠩ ᠭᠤᠷᠪᠠᠨ ᠨᠠᠰᠤᠲᠠᠢ ᠪᠣᠯᠴᠢᠬᠠᠭᠰᠠᠨ ᠶᠤᠮ ᠢ᠋ ᠡᠭᠦᠨ ᠢ᠋ ᠠᠪᠬᠤ ᠬᠥᠮᠦᠨ ᠪᠠᠢᠪᠠᠯ ᠠᠷᠭᠠᠯᠠᠵᠤ ᠪᠠᠢᠭᠠᠳ ᠠᠷᠪᠠᠨ ᠯᠠᠩ ᠮᠥᠩᠭᠥ ᠪᠡᠷ ᠴᠦ᠍ ᠬᠤᠳᠠᠯᠳᠤᠴᠢᠬᠠᠶᠠ 》᠂ ᠢᠩᠭᠢᠭᠡᠳ ᠪᠣᠯ ᠬᠦᠦ ᠪᠡᠨ ᠠᠪᠤᠭᠠᠳ ᠭᠠᠷᠤᠭᠠᠳ ᠬᠦᠷᠦᠭᠡᠳ ᠢᠷᠡᠵᠡᠢ ᠭᠡᠨ᠎ᠡ᠃
ᠠᠯᠲᠠ ᠮᠥᠩᠭᠥ ᠲᠡᠢ ᠴᠦ᠍ ᠬᠥᠮᠦᠨ ᠪᠣᠯᠤᠶ᠎ᠠ ᠳᠠ᠂
ᠠᠯᠲᠠ ᠮᠥᠩᠭᠥ ᠪᠡᠨ ᠥᠭᠴᠦ ᠪᠠᠢᠭᠠᠳ ᠠᠯᠪᠠᠨ ᠠ᠋ᠴᠠ ᠭᠠᠷᠤᠨ᠎ᠠ ᠬᠦᠢ
ᠠᠯᠲᠠ ᠴᠤ᠌ ᠦᠭᠡᠢ ᠶᠦᠮ ᠠ᠋᠂ ᠬᠥᠮᠦᠨ ᠲᠤᠯᠠᠳᠠ ᠪᠠᠨ ᠬᠦᠢ
ᠠᠩᠭ᠎ᠠ ᠦᠷ᠎ᠡ ᠶ᠋ᠢ ᠪᠡᠨ ᠬᠤᠳᠠᠯᠳᠤᠵᠤ ᠪᠠᠢᠭᠠᠳ ᠠᠯᠪᠠᠨ ᠠ᠋ᠴᠠ ᠭᠠᠷᠤᠨ᠎ᠠ ᠬᠦᠢ
ᠡᠳ᠋ ᠮᠥᠩᠭᠥ ᠲᠡᠢ ᠬᠥᠮᠦᠨ ᠪᠣᠯᠤᠶ᠎ᠠ ᠳᠠ
ᠡᠳ᠋ ᠮᠥᠩᠭᠥ ᠪᠡᠨ ᠥᠭᠴᠦ ᠪᠠᠢᠭᠠᠳ ᠠᠯᠪᠠᠨ ᠠ᠋ᠴᠠ ᠭᠠᠷᠤᠨ᠎ᠠ ᠬᠦᠢ
ᠡᠳ᠋ ᠮᠥᠩᠭᠥ ᠥᠬᠡᠢ ᠸᠠᠩ ᠡᠯ ᠪᠢ ᠳᠡ᠂
ᠦᠷ᠎ᠡ ᠨᠢᠯᠬ᠎ᠠ ᠪᠡᠨ ᠬᠤᠳᠠᠯᠳᠤᠵᠤ ᠪᠠᠢᠭᠠᠳ ᠠᠯᠪᠠᠨ ᠠ᠋ᠴᠠ ᠭᠠᠷᠤᠨ᠎ᠠ
ᠢᠩᠭᠢᠭᠡᠳ ᠨᠠᠨ ᠵᠧᠦ ᠰᠢᠶᠠᠨ ᠤ᠋ ᠵᠡᠭᠡᠯᠢ ᠳᠡᠭᠡᠷ᠎ᠡ ᠪᠣᠯᠪᠠᠯ ᠬᠦᠦ ᠪᠡᠨ ᠠᠪᠤᠭᠠᠳ ᠢᠷᠡᠵᠡᠢ ᠭᠡᠨ᠎ᠡ᠃
ᠲᠣᠯᠣᠭᠠᠢ ᠳᠡᠭᠡᠷ᠎ᠡ ᠨᠢ ᠡᠪᠡᠰᠦ ᠬᠠᠳᠬᠤᠵᠠᠢ᠃ ᠬᠤᠳᠠᠯᠳᠤᠬᠤ ᠶᠠᠩᠵᠤ ᠪᠠᠷ ᠲᠡᠪᠡᠷᠢᠭᠡᠳ ᠶᠠᠪᠤᠵᠤ ᠪᠠᠢᠲᠠᠯ᠎ᠠ ᠡᠨᠡ ᠨᠢ ᠦᠵᠡᠪᠡᠴᠦ ᠦᠷᠦ ᠡᠪᠡᠳᠦᠨ᠎ᠡ᠂ ᠲᠡᠷᠡ ᠨᠢ ᠦᠵᠡᠪᠡᠴᠦ ᠦᠷᠦ ᠡᠪᠡᠳᠦᠨ᠎ᠡ᠃ ᠶᠠᠭᠤ ᠭᠡᠵᠦ ᠡᠨᠡ ᠥᠰᠪᠥᠷᠢ ᠶ᠋ᠢᠨ ᠪᠠᠭ᠎ᠠ ᠬᠡᠦᠬᠡᠳ ᠢ᠋ᠶ᠋ᠡᠨ ᠬᠤᠳᠠᠯᠳᠤᠬᠤ ᠭᠡᠵᠦ ᠪᠠᠢᠬᠤ ᠶᠤᠮ ᠳᠠ᠂ᠠᠰᠠᠭᠤᠵᠤ ᠠᠰᠠᠭᠤᠵᠤ᠂ ᠥᠩᠭᠡᠷᠡᠭᠡᠳ ᠥᠩᠭᠡᠷᠡᠭᠡᠳ᠂ ᠭᠠᠷᠬᠤ ᠬᠥᠮᠦᠨ ᠪᠠᠢᠬᠤ ᠠ᠋ᠴᠠ ᠪᠢᠰᠢ ᠠᠪᠬᠤ ᠬᠥᠮᠦᠨ ᠶᠠᠭ ᠦᠭᠡᠢ ᠭᠡᠨ᠎ᠡ᠃ ᠦᠳᠡ ᠨᠠᠷᠠ ᠪᠣᠯᠬᠤ ᠦᠶᠡᠰ ᠸᠠᠩ ᠡᠯ ᠣᠳᠣ ᠡᠷᠦᠬᠡ ᠭᠡᠷ ᠲᠦ᠍ ᠪᠡᠨ ᠬᠠᠷᠢᠶ᠎ᠠ ᠭᠡᠳ ᠥᠰᠪᠥᠷᠢ ᠶᠢᠨ ᠪᠠᠭ᠎ᠠ ᠬᠦᠦ ᠪᠡᠨ ᠲᠡᠪᠡᠷᠢᠭᠡᠳ ᠰᠠᠶᠢ ᠬᠣᠢᠰᠢ ᠪᠠᠨ ᠶᠠᠪᠤᠬᠤ ᠭᠡᠲᠡᠯ᠎ᠡ ᠴᠠᠭᠠᠳᠤ ᠪᠡᠶ᠎ᠡ ᠡᠴᠡ ᠬᠠᠷ᠎ᠠ ᠲᠡᠷᠭᠡᠨ ᠳ᠋ᠦ᠍ ᠰᠠᠭᠤᠭᠰᠠᠨ ᠬᠥᠮᠦᠨ ᠵᠠᠯᠠᠷᠠᠭᠠᠳ ᠬᠦᠷᠦᠭᠡᠳ ᠢᠷᠡᠵᠡᠢ᠃ ᠬᠠᠵᠠᠭᠤ ᠲᠠᠯ᠎ᠠ ᠳ᠋ᠤ᠌ ᠨᠢ ᠢᠷᠡᠨᠡᠷᠡᠨ ᠬᠠᠷ᠎ᠠ ᠲᠡᠷᠭᠡ ᠵᠣᠭᠰᠣᠴᠢᠬᠠᠵᠠᠢ᠂ ᠬᠠᠷᠠᠵᠤ ᠦᠵᠡᠵᠦ ᠯᠠᠪᠯᠠᠨᠠᠷᠠᠨ᠂ ᠲᠡᠷᠡ ᠦᠶ᠎ᠡ ᠶ᠋ᠢᠨ ᠪᠠᠢᠳᠠᠯ᠂ ᠬᠤᠳᠠᠯᠳᠤᠬᠤ ᠭᠡᠵᠦ ᠪᠠᠢᠬᠤ ᠶ᠋ᠢ ᠮᠡᠳᠡᠭᠡᠳ ᠲᠡᠷᠭᠡᠨ ᠦ᠌ ᠳᠡᠭᠡᠷ᠎ᠡ ᠡᠴᠡ ᠨᠢᠭᠡ ᠳᠤᠮᠳᠠ ᠨᠠᠰᠤ ᠶ᠋ᠢ ᠥᠩᠭᠡᠷᠡᠭᠰᠡᠨ ᠬᠥᠮᠦᠨ ᠦᠰᠦᠷᠦᠭᠡᠳ ᠪᠠᠭᠤᠭᠠᠳ ᠢᠷᠡᠵᠡᠢ᠃ ᠦᠵᠡᠨ᠎ᠡ ᠭᠡᠨᠡᠷᠡᠨ ᠤᠷᠢᠲᠠᠢ ᠨᠢ ᠢᠷᠡᠭᠡᠳ ᠸᠠᠩ ᠡᠯ ᠡᠴᠡ ᠪᠣᠯᠪᠠᠯ ᠠᠰᠠᠭᠤᠵᠤ ᠪᠠᠢᠨ᠎ᠠ᠃《ᠴᠢ ᠡᠨᠡ ᠬᠦᠦ ᠪᠡᠨ ᠪᠣᠯᠪᠠᠯ ᠬᠤᠳᠠᠯᠳᠤᠬᠤ ᠭᠡᠵᠦ ᠪᠠᠢᠨ᠎ᠠ ᠤᠤ ᠳᠠ? 》ᠸᠠᠩ ᠡᠯ 《ᠲᠡᠢᠮᠦ ᠠ᠋! ᠪᠢ ᠪᠣᠯ ᠣᠳᠣ ᠵᠣᠪᠠᠯᠠᠩ ᠲᠠᠭᠠᠷᠠᠭᠰᠠᠨ ᠪᠣᠯᠬᠣᠷ ᠬᠦᠦ ᠪᠡᠨ ᠬᠤᠳᠠᠯᠳᠤᠵᠤ ᠪᠠᠢᠭᠠᠳ ᠠᠷᠭᠠᠯᠠᠭᠠᠳ ᠨᠢᠭᠡ ᠡᠳ᠋ ᠪᠣᠯᠣᠳ ᠮᠥᠩᠭᠥ ᠣᠯᠤᠶ᠎ᠠ ᠭᠡᠵᠦ ᠪᠠᠢᠨ᠎ᠠ 》ᠭᠡᠵᠡᠢ᠃ ᠮᠥᠨ ᠦᠭᠡ ᠶ᠋ᠢ ᠰᠣᠨᠣᠰᠤᠭᠠᠳ ᠲᠡᠷᠡ ᠬᠥᠮᠦᠨ ᠶᠡᠬᠡ ᠯᠡ ᠪᠠᠶᠠᠷᠯᠠᠵᠠᠢ᠃ 《ᠲᠡᠢᠮᠦ ᠪᠣᠯ ᠴᠢ ᠡᠨᠡ ᠬᠦᠦ ᠪᠡᠨ ᠨᠠᠳᠠ ᠳ᠋ᠤ᠌ ᠥᠭᠴᠢᠬᠡ ᠠ᠋᠃ ᠪᠢ ᠴᠢᠮ᠎ᠠ ᠠ᠋ᠴᠠ ᠪᠠᠰᠠ ᠬᠤᠳᠠᠯᠳᠤᠵᠤ ᠠᠪᠬᠤ ᠦᠭᠡᠢ 》᠃ ᠢᠩᠭᠢᠨᠡᠷᠡᠨ ᠪᠣᠯᠪᠠᠯ ᠲᠡᠷᠭᠡᠨ ᠳᠡᠭᠡᠷ᠎ᠡ ᠪᠠᠢᠭᠰᠠᠨ ᠤᠯᠤᠰ ᠤ᠋ᠳ ᠢ᠋ ᠳᠠᠭᠤᠳᠠᠭᠠᠳ᠂ ᠪᠠᠭᠤᠯᠭᠠᠨᠠᠷᠠᠨ ᠳᠣᠣᠷ᠎ᠠ ᠨᠢ ᠸᠠᠩ ᠡᠯ ᠡᠴᠡ ᠦᠨ᠎ᠡ ᠬᠠᠩᠰᠢ ᠭᠡᠵᠦ ᠠᠰᠠᠭᠤᠭᠰᠠᠨ ᠦᠭᠡᠢ ᠪᠡᠷ ᠳᠥᠴᠢᠨ ᠯᠠᠩ ᠮᠥᠩᠭᠥ ᠭᠠᠷᠭᠠᠭᠠᠳ ᠥᠭᠴᠢᠬᠡᠵᠡᠢ ᠭᠡᠨ᠎ᠡ᠃ ᠳᠥᠴᠢᠨ ᠯᠠᠩ ᠮᠥᠩᠭᠥ ᠶ᠋ᠢ ᠠᠪᠤᠭᠠᠳ ᠸᠠᠩ ᠡᠯ ᠶᠡᠬᠡ ᠪᠠᠶᠠᠷᠯᠠᠴᠢᠬᠠᠭᠠᠳ ᠬᠡᠯᠡᠵᠦ ᠪᠠᠢᠨ᠎ᠠ ᠭᠡᠨ᠎ᠡ᠃
ᠠᠩᠬᠠᠨ ᠤ᠋ ᠨᠤᠲᠤᠭ ᠢ᠋ ᠴᠢᠨᠢ ᠬᠡᠯᠡᠪᠡᠯ ᠬᠠᠮᠢᠭᠠᠰᠢ ᠪᠠᠨ ᠪᠠᠢᠨ᠎ᠠ?
ᠠᠪᠴᠤ ᠳᠠᠭᠤᠳᠠᠬᠤ ᠨᠡᠷ᠎ᠡ ᠶ᠋ᠢ ᠴᠢᠨᠢ ᠬᠡᠨ ᠭᠡᠳᠡᠭ ᠠ᠋ ᠬᠦᠢ ?
ᠠᠷᠭ᠎ᠠ ᠦᠭᠡᠢ ᠤᠤ ᠭᠠᠴᠢᠭᠳᠠᠭᠰᠠᠨ ᠨᠠᠮ᠎ᠠ ᠶ᠋ᠢ ᠠᠪᠤᠷᠠᠭᠠᠳ ᠲᠤᠰᠠᠯᠠᠵᠠᠢ᠃
ᠠᠴᠢ ᠪᠣᠯᠣᠳ ᠰᠠᠢᠨ ᠢ᠋ ᠴᠢᠨᠢ ᠬᠣᠵᠢᠮ ᠳ᠋ᠤ᠌ ᠪᠠᠨ ᠬᠠᠷᠢᠭᠤᠯᠠᠶᠠ ᠬᠦᠢ
ᠡᠴᠢᠭᠡ ᠶ᠋ᠢᠨ ᠨᠤᠲᠤᠭ ᠢ᠋ ᠴᠢᠨᠢ ᠬᠡᠯᠡᠪᠡᠯ ᠬᠠᠮᠢᠭᠠᠰᠢ ᠪᠠᠨ ᠪᠠᠢᠨ᠎ᠠ ᠳᠠ?
ᠥᠪᠡᠷ ᠦ᠋ᠨ ᠴᠢᠨᠦ ᠳᠠᠭᠤᠳᠠᠬᠤ ᠨᠡᠷ᠎ᠡ ᠶ᠋ᠢ ᠬᠡᠨ ᠭᠡᠵᠦ ᠬᠡᠯᠡᠨ᠎ᠡ ᠬᠦᠢ
ᠥᠪᠡᠷ ᠦ᠋ᠨ ᠬᠦᠢ᠂ ᠭᠠᠴᠢᠭᠳᠠᠭᠰᠠᠨ ᠴᠠᠭ ᠲᠤ᠌ ᠡᠷᠭᠦᠭᠡᠳ ᠲᠤᠰᠠᠯᠠᠵᠠᠢ᠃
ᠦᠨᠡᠨ ᠬᠦ ᠰᠠᠢᠨ ᠢ᠋ ᠴᠢᠨᠢ ᠰᠡᠭᠦᠯ ᠳ᠋ᠦ᠍ ᠪᠡᠨ ᠬᠠᠷᠢᠭᠤᠯᠠᠶᠠ ᠬᠦᠢ
ᠮᠥᠨ ᠦᠭᠡ ᠶ᠋ᠢ ᠰᠣᠨᠣᠰᠤᠭᠠᠳ ᠲᠡᠷᠡ ᠬᠥᠮᠦᠨ ᠬᠡᠯᠡᠵᠦ ᠪᠠᠢᠨ᠎ᠠ᠂ ᠪᠢ ᠪᠣᠯ ᠡᠨᠳᠡ ᠡᠴᠡ ᠬᠣᠯᠠ ᠪᠠᠢᠨ᠎ᠠ《ᠦᠵᠦᠮᠦᠴᠢᠨ ᠬᠤᠰᠢᠭᠤᠨ ᠤ᠋ ᠬᠥᠮᠦᠨ ᠠ᠋᠂ᠦᠵᠦᠮᠦᠴᠢᠨ ᠬᠤᠰᠢᠭᠤᠨ ᠳ᠋ᠤ᠌ ᠬᠦᠷᠦᠭᠰᠡᠨ ᠦ᠌ ᠰᠡᠭᠦᠯᠡᠷ ᠴᠢ ᠂ ᠶ᠋ᠢᠨ ᠮᠡᠢᠷᠡᠨ ᠭᠡᠳ ᠠᠰᠠᠭᠤᠪᠠᠯ : ᠨᠢᠭᠡ ᠬᠤᠰᠢᠭᠤᠨ ᠤ᠋ ᠤᠯᠤᠰ ᠨᠠᠮ᠎ᠠ ᠶ᠋ᠢ ᠲᠠᠨᠢᠬᠤ ᠦᠭᠡᠢ ᠬᠥᠮᠦᠨ ᠦᠭᠡᠢ ᠶᠦᠮ ᠠ᠋》 ᠡᠭᠦᠨ ᠢ᠋ ᠸᠠᠩ ᠡᠯ ᠪᠣᠯ ᠴᠡᠭᠡᠵᠢᠯᠡᠵᠡᠢ᠃ ᠥᠪᠡᠷ ᠦ᠋ᠨ ᠪᠡᠶ᠎ᠡ ᠡᠳ᠋ ᠮᠥᠩᠭᠥ ᠶ᠋ᠢ ᠣᠯᠤᠭᠠᠳ ᠡᠷᠦᠬᠡ ᠭᠡᠷ ᠲᠦ᠍ ᠪᠡᠨ ᠣᠴᠢᠵᠤ ᠠᠯᠪᠠᠨ ᠠ᠋ᠴᠠ ᠭᠠᠷᠬᠤ ᠶ᠋ᠢ ᠬᠡᠯᠡᠬᠦ ᠦᠭᠡᠢ᠃ ᠦᠯᠡᠳᠡᠭᠡᠳ ᠲᠡᠭᠡᠭᠰᠡᠨ ᠡᠳ᠋ ᠮᠥᠩᠭᠥ ᠪᠡᠷ ᠨᠢ ᠪᠠᠰᠠ ᠠᠷᠠᠯᠵᠢᠶ᠎ᠠ ᠮᠠᠢᠮᠠᠢ ᠬᠢᠭᠡᠳ ᠢᠩᠭᠢᠭᠡᠳ ᠪᠣᠯᠪᠠᠯ ᠡᠨᠡ ᠣᠨ ᠤᠳᠠᠵᠤ ᠰᠠᠭᠤᠬᠤ ᠶ᠋ᠢ ᠬᠡᠯᠡᠬᠦ ᠦᠭᠡᠢ᠃ ᠥᠪᠡᠷ ᠦ᠋ᠨ ᠪᠡᠶ᠎ᠡ ᠨᠢ ᠪᠣᠯᠪᠠᠯ ᠵᠢᠨ ᠮᠡᠢᠷᠡᠨ ᠠ᠋ ᠨᠠᠰᠤᠨ ᠳᠤᠮᠳᠠ ᠶ᠋ᠢ ᠥᠩᠭᠡᠷᠡᠲᠡᠯ᠎ᠡ ᠦᠷ᠎ᠡ ᠬᠣᠢᠴᠢ ᠭᠡᠵᠦ ᠵᠠᠶᠠᠭᠠᠭᠰᠠᠨ ᠦᠭᠡᠢ᠂ ᠦᠷᠦ ᠡᠪᠡᠳᠦᠭᠡᠳ ᠪᠠ ᠶᠤᠸᠠᠢ ᠯᠢᠩ ᠢ᠋ ᠠᠪᠴᠢᠷᠠᠵᠤ ᠠᠳᠠᠯ ᠭᠡᠷ ᠲᠦ᠍ ᠪᠡᠨ ᠲᠡᠵᠢᠭᠡᠭᠡᠳ ᠪᠣᠯᠪᠠᠯ ᠠᠩᠬᠠᠷᠴᠤ ᠪᠠᠢᠲᠠᠯ᠎ᠠ ᠠᠷᠪᠠᠭᠠᠳ ᠢᠯᠡᠭᠦᠦ ᠨᠠᠰᠤᠯᠠᠭᠤᠯᠴᠢᠬᠠᠭᠰᠠᠨ ᠶᠤᠮ᠃ ᠠᠷᠪᠠᠨ ᠲᠠᠪᠤ ᠵᠢᠷᠭᠤᠭᠠᠨ ᠨᠠᠰᠤ ᠶ᠋ᠢ ᠬᠦᠷᠦᠭᠡᠳ ᠢᠷᠡᠬᠦ ᠦᠶᠡᠰ ᠥᠪᠡᠷ ᠦ᠋ᠨ ᠪᠡᠶ᠎ᠡ ᠡᠴᠡ ᠨᠢ ᠡᠭᠦᠰᠦᠭᠰᠡᠨ ᠦᠭᠡᠢ ᠪᠣᠯᠪᠠᠴᠤ ᠦᠨᠡᠨ ᠰᠡᠳᠬᠢᠯ ᠡᠴᠡ ᠪᠡᠨ ᠰᠠᠨᠠᠵᠠᠢ᠂ ᠥᠪᠡᠷ ᠦ᠋ᠨ ᠬᠦᠦ ᠲᠡᠢ ᠪᠡᠨ ᠨᠢᠭᠡ ᠯᠡ ᠠᠳᠠᠯᠢ ᠪᠠᠷ ᠦᠵᠡᠵᠦ ᠪᠠᠢᠬᠤ ᠶ᠋ᠢᠨ ᠦᠶᠡᠰ᠂ ᠸᠠᠩ ᠡᠯ ᠣᠳᠣ ᠨᠠᠨ ᠵᠧᠦ ᠰᠢᠶᠠᠨ ᠤ᠋ ᠭᠠᠵᠠᠷ ᠢ᠋ᠶ᠋ᠠᠨ ᠪᠠᠢᠵᠤ ᠪᠠᠢᠭᠠᠳ ᠬᠦᠢ ᠠᠯᠪᠠᠨ ᠠ᠋ᠴᠠ ᠭᠠᠷᠤᠭᠠᠳ ᠠᠷᠠᠯᠵᠢᠶ᠎ᠠ ᠮᠠᠢᠮᠠᠢ ᠬᠢᠵᠦ ᠪᠠᠢᠭᠠᠳ ᠠᠬᠤᠤ ᠳᠤᠮᠳᠠ ᠬᠥᠭ ᠦ᠋ᠨ ᠪᠠᠶᠠᠨ ᠪᠣᠯᠴᠢᠬᠠᠵᠠᠢ ᠭᠡᠨ᠎ᠡ᠃ ᠡᠷ᠎ᠡ ᠡᠮ᠎ᠡ ᠬᠣᠶᠠᠭᠤᠯᠠ ᠪᠠᠨ ᠨᠠᠰᠤᠨ ᠳᠤᠮᠳᠠ ᠶ᠋ᠢ ᠥᠩᠭᠡᠷᠡᠴᠢᠬᠡᠭᠡᠳ ᠦᠷ᠎ᠡ ᠠᠴᠢ ᠭᠡᠵᠦ ᠨᠢᠭᠡ ᠴᠦ᠍ ᠵᠠᠶᠠᠭᠠᠬᠤ ᠦᠭᠡᠢ ᠪᠣᠯᠤᠭᠠᠳ ᠥᠭᠴᠢᠬᠡᠭᠰᠡᠨ ᠶᠦᠮ᠃ ᠨᠢᠭᠡ ᠡᠳᠦᠷ ᠸᠠᠩ ᠡᠯ ᠦ᠋ᠨ ᠡᠮᠡᠭᠡᠨ ᠨᠢ ᠬᠡᠯᠡᠵᠦ ᠪᠠᠢᠨ᠎ᠠ 《ᠬᠦᠶ᠋ᠢ᠂ ᠪᠢᠳᠡᠨ ᠦ᠌ ᠪᠠᠭ᠎ᠠ ᠬᠦᠦ ᠪᠠ ᠶᠤᠸᠠᠢ ᠯᠢᠩ ᠢ᠋ᠶ᠋ᠡᠨ ᠤᠷᠢᠲᠠᠢ ᠳ᠋ᠤ᠌ ᠨᠢ ᠳᠥᠴᠢᠨ ᠯᠠᠩ ᠮᠥᠩᠭᠥ ᠪᠡᠷ ᠬᠤᠳᠠᠯᠳᠤᠵᠠᠢ᠃ ᠡᠨᠡ ᠦᠶᠡᠰ ᠪᠠᠷᠤᠭᠯᠠᠵᠤ ᠬᠡᠯᠡᠪᠡᠯ ᠬᠣᠷᠢᠨ ᠨᠠᠰᠤ ᠪᠠᠨ ᠣᠢᠷᠠᠳᠬᠤ ᠭᠡᠵᠦ ᠪᠠᠢᠨ᠎ᠠ ᠮᠠᠨ ᠤ᠋ ᠬᠦᠦ᠃ ᠠᠯᠢ ᠭᠠᠵᠠᠷ ᠥᠭᠭᠦᠭᠡᠳ ᠶᠠᠮᠠᠷ ᠬᠥᠮᠦᠨ ᠳ᠋ᠦ᠍ ᠠᠷᠠᠯᠵᠢᠭᠰᠠᠨ ᠢ᠋ ᠴᠢ ᠤᠷᠢᠲᠠᠢ ᠳ᠋ᠤ᠌ ᠨᠢ ᠬᠡᠯᠡᠵᠦ ᠪᠠᠢᠭᠰᠠᠨ ᠶᠤᠮ ᠲᠤᠯᠠᠳᠠ ᠪᠠᠨ᠂ ᠪᠢᠳᠡ ᠬᠣᠶᠠᠭᠤᠯᠠ ᠪᠠᠨ ᠣᠴᠢᠶ᠎ᠠ᠂ ᠲᠡᠷᠡ ᠭᠠᠵᠠᠷ ᠣᠴᠢᠵᠤ ᠪᠠᠢᠭᠠᠳ ᠡᠳ᠋ ᠮᠥᠩᠭᠥ ᠶ᠋ᠢ ᠨᠢ ᠡᠷᠭᠢᠭᠦᠯᠵᠦ ᠥᠭᠭᠦᠭᠡᠳ ᠥᠪᠡᠷ ᠦ᠋ᠨ ᠬᠦᠦ ᠪᠠ ᠶᠤᠸᠠᠢ ᠯᠢᠩ ᠢ᠋ᠶ᠋ᠡᠨ ᠠᠪᠤᠭᠠᠳ ᠬᠦᠷᠦᠭᠡᠳ ᠢᠷᠡᠴᠢᠬᠡᠶᠡ》
᠃ ᠸᠠᠩ ᠡᠯ ᠪᠣᠳᠣᠵᠤ ᠦᠵᠡᠭᠰᠡᠨ ᠪᠠᠰᠠ ᠶᠠᠭ ᠲᠠᠭᠠᠷᠠᠨ᠎ᠠ ᠭᠡᠨ᠎ᠡ ᠬᠦᠢ᠂ ᠡᠮᠡᠭᠡᠨ ᠢ᠋ᠶ᠋ᠡᠨ ᠲᠡᠷᠭᠡᠨ ᠳ᠋ᠦ᠍ ᠰᠠᠭᠤᠯᠭᠠᠭᠠᠳ ᠦᠵᠦᠮᠦᠴᠢᠨ ᠬᠣᠰᠢᠭᠤ ᠥᠭᠡᠳᠡ ᠭᠠᠷᠤᠭᠠᠳ ᠶᠠᠪᠤᠭᠠᠳ ᠥᠭᠴᠡᠢ ᠭᠡᠨ᠎ᠡ᠂
ᠠᠷᠠᠯᠲᠤ ᠲᠡᠷᠭᠡ ᠪᠡᠨ ᠬᠥᠯᠦᠭᠡᠳ ᠯᠡ ᠭᠠᠷᠤᠯ᠎ᠠ
ᠠᠯᠤᠰ ᠤ᠋ᠨ ᠵᠠᠮ ᠢ᠋ᠶ᠋ᠠᠨ ᠬᠥᠭᠡᠭᠡᠭᠡᠳ ᠰᠢᠭᠤᠳᠴᠤ ᠶᠠᠪᠤᠨ᠎ᠠ ᠬᠦᠢ
ᠠᠩᠭ᠎ᠠ ᠪᠠᠭ᠎ᠠ ᠪᠠ ᠶᠤᠸᠠᠢ ᠯᠢᠩ ᠢ᠋ᠶ᠋ᠡᠨ ᠠᠪᠤᠨ᠎ᠠ ᠭᠡᠳ ᠯᠡ ᠳᠡ
ᠠᠷᠠᠯᠵᠢᠶ᠎ᠠ ᠬᠢᠭᠰᠡᠨ ᠸᠠᠩ ᠡᠯ ᠳᠡ ᠵᠠᠮᠨᠠᠭᠠᠳ ᠶᠠᠪᠤᠨ᠎ᠠ ᠬᠦᠢ
ᠬᠦᠷᠳᠦᠲᠦ ᠲᠡᠷᠭᠡ ᠶ᠋ᠢ ᠪᠡᠨ ᠬᠥᠯᠦᠭᠡᠳ ᠯᠡ ᠭᠠᠷᠤᠯ᠎ᠠ
ᠬᠣᠯᠠ ᠶ᠋ᠢᠨ ᠣᠷᠣᠨ ᠦᠵᠦᠮᠦᠴᠢᠨ ᠳ᠋ᠦ᠍ ᠵᠠᠮᠨᠠᠭᠠᠳ ᠣᠴᠢᠨ᠎ᠠ ᠬᠦᠢ
ᠬᠣᠪᠢᠨ ᠤ᠋ ᠬᠦᠦ ᠶ᠋ᠢ ᠪᠡᠨ ᠬᠠᠷᠢᠭᠤᠯᠤᠭᠠᠳ ᠢᠷᠡᠨ᠎ᠡ ᠭᠡᠳ
ᠬᠣᠶᠠᠭᠤᠯᠠ ᠪᠠᠨ ᠵᠠᠮ ᠢ᠋ᠶ᠋ᠠᠨ ᠬᠥᠭᠡᠭᠡᠭᠡᠳ ᠰᠢᠭᠤᠳᠤᠭᠠᠳ ᠶᠠᠪᠤᠨ᠎ᠠ ᠬᠦᠢ
ᠢᠩᠭᠢᠭᠡᠳ ᠸᠠᠩ ᠡᠯ ᠡᠷ᠎ᠡ ᠡᠮ᠎ᠡ ᠬᠣᠶᠠᠭᠤᠯᠠ ᠪᠠᠨ ᠦᠵᠦᠮᠦᠴᠢᠨ ᠬᠤᠰᠢᠭᠤᠨ ᠳ᠋ᠤ᠌ ᠣᠷᠣᠭᠠᠳ ᠦᠨᠡᠬᠡᠷ ᠬᠥᠮᠦᠨ ᠡᠴᠡ ᠠᠰᠠᠭᠤᠬᠤ ᠳ᠋ᠤ᠌᠂ ᠶ᠋ᠢᠨ ᠮᠡᠢᠷᠡᠨ ᠭᠡᠬᠦ ᠳ᠋ᠦ᠍ ᠮᠡᠳᠡᠬᠦ ᠦᠭᠡᠢ ᠬᠥᠮᠦᠨ ᠦᠭᠡᠢ ᠠᠯᠢᠨ ᠪᠣᠯᠪᠠᠴᠤ ᠭᠡᠷ ᠡᠷᠦᠬᠡ ᠶ᠋ᠢ ᠨᠢ ᠵᠢᠭᠠᠵᠤ ᠥᠭᠬᠦ ᠶ᠋ᠢᠨ ᠦᠶᠡᠰ᠂ ᠡᠷ᠎ᠡ ᠡᠮ᠎ᠡ ᠬᠣᠶᠠᠭᠤᠯᠠ ᠪᠠᠨ ᠤ᠋ ᠮᠡᠢᠷᠡᠨ ᠦ᠌ ᠰᠠᠭᠤᠭᠰᠠᠨ ᠡᠷᠦᠬᠡ ᠭᠡᠷ ᠲᠦ᠍ ᠬᠦᠷᠦᠭᠡᠳ ᠢᠷᠡᠭᠰᠡᠨ ᠶᠦᠮ ᠰᠢᠦ᠃ ᠡᠨᠡ ᠦᠶᠡᠰ ᠲᠦ᠍ ᠶ᠋ᠢᠨ ᠮᠡᠢᠷᠡᠨ ᠡᠷ᠎ᠡ ᠡᠮ᠎ᠡ ᠬᠣᠶᠠᠭᠤᠯᠠ ᠪᠠᠨ ᠦᠷ᠎ᠡ ᠬᠥᠪᠡᠭᠦᠨ ᠠᠳᠠᠯᠢ ᠦᠵᠡᠭᠡᠳ ᠲᠡᠭᠡᠭᠰᠡᠨ ᠪᠠ ᠶᠤᠸᠠᠢ ᠯᠢᠩ ᠲᠡᠢ ᠪᠡᠨ ᠡᠷᠦᠬᠡ ᠭᠡᠷ ᠲᠦ᠍ ᠪᠡᠨ ᠪᠠᠢᠵᠤ ᠪᠠᠢᠵᠠᠢ᠂ ᠬᠦᠷᠳᠦᠲᠦ ᠲᠡᠷᠭᠡ ᠪᠡᠷ ᠬᠥᠮᠦᠨ ᠭᠠᠳᠠᠲᠠᠢ ᠭᠠᠳᠠᠨ᠎ᠠ ᠬᠦᠷᠦᠭᠡᠳ ᠢᠷᠡᠬᠦ ᠳ᠋ᠦ᠍ ᠬᠥᠭᠰᠢᠨ ᠮᠡᠢᠷᠡᠨ ᠶᠡᠬᠡᠯ᠎ᠡ ᠮᠡᠩᠳᠡᠭᠦᠷᠡᠵᠡᠢ᠂ ᠭᠠᠳᠠᠨ᠎ᠠ ᠭᠠᠷᠤᠭᠠᠳ ᠦᠵᠡᠬᠦ ᠬᠡᠯᠠᠢ ᠬᠦᠢ᠂ ᠬᠣᠯᠠ ᠭᠠᠵᠠᠷ ᠠ᠋ᠴᠠ ᠢᠷᠡᠭᠰᠡᠨ ᠨᠢᠭᠡ ᠬᠥᠮᠦᠨ ᠮᠥᠨ ᠠ᠋᠂ ᠦᠵᠡᠨᠡᠷᠡᠨ ᠬᠠᠮᠢᠭᠠᠬᠢ ᠬᠥᠮᠦᠨ ᠠ᠋᠂ ᠶᠠᠭᠤᠨ ᠳ᠋ᠤ᠌ ᠢᠷᠡᠵᠡᠢ ᠭᠡᠲᠡᠯ᠎ᠡ ᠨᠢ ᠴᠠᠭᠠᠨ᠎ᠠ ᠠ᠋ᠴᠠ ᠢᠷᠡᠭᠰᠡᠨ ᠸᠠᠩ ᠡᠯ ᠪᠠᠰᠠ ᠬᠡᠯᠡᠵᠦ ᠪᠠᠢᠨ᠎ᠠ᠂ 《ᠡᠨᠡ ᠪᠣᠯᠪᠠᠯ ᠤ᠋ᠨ ᠮᠡᠢᠷᠡᠨ ᠦ᠌ ᠭᠡᠷ ᠮᠥᠨ ᠤᠤ? 》《ᠮᠥᠨ ᠠ᠋》《ᠲᠡᠢᠮᠦ ᠪᠣᠯᠪᠠᠯ ᠪᠢ ᠥᠭᠡᠷ᠎ᠡ ᠬᠥᠮᠦᠨ ᠪᠢᠰᠢ ᠡᠷᠲᠡ ᠬᠡᠳᠦᠢ ᠣᠨ ᠤ᠋ ᠤᠷᠢᠲᠠᠢ ᠦᠷ᠎ᠡ ᠬᠥᠪᠡᠭᠦᠨ ᠢ᠋ᠶ᠋ᠡᠨ ᠬᠤᠳᠠᠯᠳᠤᠵᠤ ᠥᠭᠭᠦᠭᠰᠡᠨ ᠸᠠᠩ ᠡᠯ ᠭᠡᠰᠡᠨ ᠪᠢ ᠪᠣᠯᠪᠠᠯ ᠮᠥᠨ ᠠ᠋》᠃ ᠭᠡᠲᠡᠯ᠎ᠡ ᠠᠷᠢᠭᠤᠨ ᠴᠠᠭᠠᠪᠤᠷ ᠰᠡᠳᠬᠢᠯ ᠲᠡᠢ ᠮᠡᠢᠷᠡᠨ ᠮᠥᠨ ᠦᠭᠡ ᠶ᠋ᠢ ᠰᠣᠨᠣᠰᠤᠮᠠᠭᠴᠠ ᠠᠶᠤᠤᠯᠢᠬᠠᠢ ᠳᠦᠭᠦᠷᠡᠩ ᠪᠠᠶᠠᠷᠯᠠᠴᠢᠬᠠᠵᠠᠢ《ᠡᠶ᠎ᠡ ᠲᠡᠳᠡᠨ ᠡᠨᠡ ᠡᠳᠦᠷ ᠪᠢᠳᠡᠨ ᠡᠷᠢᠵᠦ ᠣᠴᠢᠬᠤ ᠠ᠋ᠴᠠ ᠤᠷᠢᠲᠠᠢ ᠬᠦᠷᠦᠭᠡᠳ ᠢᠷᠡᠵᠡᠢ᠂ ᠬᠡᠳᠦᠢ ᠰᠠᠢᠨ ᠤᠴᠢᠷ ᠪᠢᠯᠡ 》 ᠭᠡᠵᠦ ᠬᠦᠦ ᠪᠡᠨ ᠪᠠ ᠶᠤᠸᠠᠢ ᠯᠢᠩ ᠢ ᠨᠠᠭᠠᠰᠢ ᠪᠠᠨ ᠳᠠᠭᠤᠳᠠᠵᠤ ᠤᠷᠢᠲᠠᠢ ᠨᠢ ᠠᠪᠴᠢᠷᠠᠬᠤ ᠳ᠋ᠤ᠌ ᠬᠦᠢ᠂ ᠪᠠ ᠶᠤᠸᠠᠢ ᠯᠢᠩ ᠭᠤᠷᠪᠠᠨ ᠨᠠᠰᠤᠲᠠᠢ ᠰᠠᠯᠤᠭᠠᠳ ᠡᠳᠦᠭᠡ ᠬᠣᠷᠢᠨ ᠨᠠᠰᠤ ᠣᠢᠷᠠᠳᠴᠠᠢ ᠡᠳᠦᠢ ᠤᠳᠠᠴᠢᠬᠠᠭᠰᠠᠨ ᠶᠤᠮ ᠢ᠋ ( ᠴᠢᠨᠢ) ᠲᠠᠨᠢᠬᠤ ᠤᠴᠢᠷ ᠮᠥᠨ ᠶᠦᠮ ᠤᠤ᠂ ᠬᠦᠵᠦᠭᠦᠦ ᠳᠠᠯᠵᠢᠢᠯᠭᠠᠭᠠᠳ ᠬᠠᠪᠢᠷᠭ᠎ᠠ ᠲᠠᠯ᠎ᠠ ᠳ᠋ᠤ᠌ ᠨᠢ ᠢᠷᠡᠬᠦ ᠦᠭᠡᠢ ᠰᠢᠦ ᠲᠡᠷᠡ ᠠ᠋᠂ ᠦᠵᠡᠴᠢᠬᠡᠭᠡᠳ ᠦ᠋ᠨ ᠮᠡᠢᠷᠡᠨ ᠥᠪᠡᠷ ᠦ᠋ᠨ ᠬᠦᠦ ᠠᠳᠠᠯᠢ ᠰᠠᠨᠠᠭᠰᠠᠨ ᠪᠠ ᠶᠤᠸᠠᠢ ᠯᠢᠩ ᠳ᠋ᠦ᠍ ᠪᠡᠨ ᠪᠣᠯᠪᠠᠯ ᠬᠡᠯᠡᠵᠦ ᠥᠭᠴᠦ ᠪᠠᠢᠨ᠎ᠠ᠃
ᠠᠷᠴᠠ ᠽᠠᠨᠳᠠᠨ ᠭᠡᠳᠡᠭ ᠠᠭᠤᠯᠠᠨ ᠤ᠋ ᠪᠠᠨ ᠴᠢᠮᠡᠭ ᠠ᠋
ᠠᠪᠤ ᠪᠣᠯᠣᠳ ᠮᠥᠮᠥ ᠴᠢᠨᠢ ᠠᠮᠢᠳᠤ ᠯᠠ ᠪᠤᠷᠬᠠᠨ ᠠ᠋ ᠬᠦᠢ
ᠠᠩᠭ᠎ᠠ ᠪᠠᠭ᠎ᠠ ᠪᠠ ᠶᠤᠸᠠᠢ ᠯᠢᠩ ᠡ ᠨᠠᠭᠠᠰᠢ ᠪᠠᠨ ᠢᠷ᠎ᠡ ᠳᠡ
ᠠᠪᠤ ᠪᠣᠯᠣᠳ ᠮᠥᠮᠥ ᠳ᠋ᠦ᠍ ᠪᠡᠨ ᠠᠭᠤᠯᠵᠠᠨ ᠵᠣᠯᠭ᠎ᠠ ᠠ᠋ ᠬᠦᠢ
ᠥᠮᠥ ᠽᠠᠨᠳᠠᠨ ᠭᠡᠳᠡᠭ ᠠᠭᠤᠯᠠᠨ ᠤ᠋ ᠪᠠᠨ ᠴᠢᠮᠡᠭ ᠠ᠋
ᠡᠮᠧ ᠪᠣᠯᠣᠳ ᠠᠪᠤ ᠴᠢᠨᠢ ᠦᠨᠡᠨ ᠪᠤᠷᠬᠠᠨ ᠠ᠋ ᠬᠦᠢ
ᠦᠷ᠎ᠡ ᠪᠠᠭ᠎ᠠ ᠪᠠ ᠶᠤᠸᠠᠢ ᠯᠢᠩ ᠠ᠋ ᠨᠠᠭᠠᠰᠢ ᠪᠠᠨ ᠢᠷ᠎ᠡ ᠳᠡ
ᠥᠪᠡᠷ ᠦ᠋ᠨ ᠡᠶᠢ ᠠᠪᠤ ᠳ᠋ᠤ᠌ ᠪᠠᠨ ᠠᠭᠤᠯᠵᠠᠨ ᠵᠤᠯᠭ᠎ᠠ ᠠ᠋ ᠬᠦᠢ
ᠮᠢᠨᠦ ᠬᠦᠦ ᠴᠢ ᠮᠡᠳᠡᠬᠦ ᠦᠭᠡᠢ ᠪᠠᠢᠨ᠎ᠠ᠂ ᠡᠨᠡ ᠴᠢᠨᠢ ᠪᠣᠯᠪᠠᠯ ᠴᠢᠨᠦ ᠲᠥᠪ ᠲᠥᠷᠥᠭᠰᠡᠨ ᠡᠶᠢ ᠠᠪᠤ ᠴᠢᠨᠢ ᠪᠣᠯᠪᠠᠯ ᠮᠥᠨ ᠠ᠋ ᠭᠡᠳ ᠸᠠᠩ ᠡᠯ ᠢ᠋ ᠶᠡᠬᠡ ᠯᠡ ᠬᠦᠨᠳᠦ ᠵᠣᠴᠢᠨ ᠢ᠋ᠶ᠋ᠠᠷ ᠦᠵᠡᠵᠡᠢ᠃ ᠦᠵᠡᠵᠦ ᠪᠠᠢᠲᠠᠯ᠎ᠠ ᠢᠳᠡᠵᠦ ᠤᠤᠭᠤᠬᠤ ᠵᠦᠢᠯ ᠢ᠋ ᠪᠡᠯᠡᠳᠬᠡᠭᠡᠳ ᠦᠷ᠎ᠡ ᠬᠥᠪᠡᠭᠦᠨ ᠪᠠ ᠶᠤᠸᠠᠢ ᠯᠢᠩ ᠢ᠋ ᠨᠢ ᠠᠪᠴᠢᠷᠠᠵᠤ ᠵᠣᠯᠭᠠᠭᠤᠯᠬᠤ ᠶ᠋ᠢ ᠬᠡᠯᠡᠬᠦ ᠦᠭᠡᠢ᠂ ᠬᠡᠳᠦᠢᠪᠡᠷ ᠠᠪᠤ ᠶ᠋ᠢᠨ ᠢ᠋ᠶ᠋ᠡᠨ ᠦᠭᠡ ᠶ᠋ᠢ ᠰᠣᠨᠣᠰᠤᠭᠠᠳ ᠢᠷᠡᠵᠦ ᠤᠷᠢᠲᠠᠢ ᠨᠢ ᠵᠣᠯᠭᠠᠭᠰᠠᠨ ᠠ᠋ᠴᠠ ᠳᠠᠯᠠᠢ( ᠪᠣᠯᠪᠠᠴᠤ) ᠪᠠ ᠶᠤᠸᠠᠢ ᠯᠢᠩ ᠶᠠᠭ ᠦᠵᠡᠵᠦ ᠴᠢᠳᠠᠬᠤ ᠦᠭᠡᠢ ᠭᠡᠨ᠎ᠡ᠂ᠳᠤᠷ᠎ᠠ ᠲᠠᠢ ᠳᠤᠷ᠎ᠠ ᠦᠭᠡᠢ ᠢᠷᠡᠵᠦ ᠵᠣᠯᠭᠠᠭᠠᠳ ᠴᠠᠭᠠᠰᠢ ᠪᠠᠨ ᠡᠭᠦᠳᠡ ᠶ᠋ᠢ ᠬᠠᠶᠠᠭᠠᠳ ᠭᠠᠷᠤᠭᠠᠳ ᠶᠠᠪᠤᠬᠤ ᠶ᠋ᠢ ᠬᠡᠯᠡᠬᠦ ᠦᠭᠡᠢ᠂ ᠶ᠋ᠢᠨ ᠮᠡᠢᠷᠡᠨ ᠡᠷᠦᠬᠡ ᠭᠡᠷ ᠦ᠋ᠨ ᠪᠠᠢᠭᠰᠠᠨ ᠢ᠋ ᠨᠢ ᠠᠰᠠᠭᠤᠭᠠᠳ᠂ ᠡᠨᠡ ᠡᠳᠦᠷ ᠡᠷᠢᠭᠡᠳ ᠢᠷᠡᠭᠰᠡᠨ ᠶᠠᠮᠠᠷ ᠤᠴᠢᠷ ᠪᠣᠯᠪᠠ ᠭᠡᠲᠡᠯ᠎ᠡ ᠨᠢ ᠴᠠᠭᠠᠲᠠᠢ ᠪᠠᠢᠵᠤ ᠪᠠᠢᠭᠰᠠᠨ ᠸᠠᠩ ᠡᠯ ᠦ᠋ᠨ ᠪᠠᠷᠢ ᠨᠢ ᠨᠢᠭᠡ ᠨᠢᠳᠦ ᠵᠠᠷᠤᠩ ᠭᠡᠨᠡᠷᠡᠨ( ᠵᠠᠷᠤᠮᠠᠭᠴᠠ) ᠸᠠᠩ ᠡᠯ ᠰᠠᠭᠤᠭᠰᠠᠨ ᠣᠷᠣᠨ ᠠ᠋ᠴᠠ ᠪᠣᠰᠴᠢᠬᠠᠭᠠᠳ ᠦᠵᠦᠭᠦᠷ ᠦᠭᠡᠢ᠂ ᠡᠳ᠋ ᠪᠣᠯᠣᠳ ᠮᠥᠩᠭᠥ ᠠᠪᠴᠢᠷᠠᠭᠰᠠᠨ ᠵᠦᠢᠯ ᠢ᠋ᠶ᠋ᠡᠨ ᠡᠮᠦᠨ᠎ᠡ ᠲᠠᠯ᠎ᠠ ᠶ᠋ᠢᠨ ᠰᠢᠷᠡᠭᠡᠨ ᠳᠡᠭᠡᠷ᠎ᠡ ᠲᠠᠯᠪᠢᠴᠢᠬᠠᠭᠠᠳ ᠬᠡᠯᠡᠵᠦ ᠪᠠᠢᠨ᠎ᠠ
ᠠᠯᠲᠠ ᠮᠥᠩᠭᠥ ᠶ᠋ᠢ ᠴᠢᠨᠢ ᠳᠡ ᠠᠪᠤᠭᠠᠳ ᠯᠠ ᠢᠷᠡᠵᠡᠢ
ᠠᠩᠬᠠᠨ ᠤ᠋ ᠦᠭᠭᠦᠭᠰᠡᠨ ᠡᠴᠡ ᠴᠢᠨᠢ ᠠᠷᠪᠠᠨ ᠬᠤᠪᠢ ᠢᠯᠡᠭᠦᠦ ᠶᠦᠮ ᠠ᠋ ᠬᠦᠢ
ᠠᠳᠠᠯ ᠭᠡᠷ ᠲᠦ᠍ ᠴᠢᠨᠢ ᠬᠦᠷᠦᠭᠡᠳ ᠯᠡ ᠢᠷᠡᠭᠰᠡᠨ ᠳᠡ
ᠠᠩᠭ᠎ᠠ ᠬᠦᠦ ᠪᠠ ᠶᠤᠸᠠᠢ ᠯᠢᠩ ᠢ᠋ᠶ᠋ᠡᠨ ᠠᠪᠠᠴᠢᠬᠤ ᠪᠠᠷ ᠢᠷᠡᠪᠡ ᠬᠦᠢ
ᠡᠳ᠋ ᠮᠥᠩᠭᠥ ᠶ᠋ᠢ ᠴᠢᠨᠢ ᠳᠡ ᠡᠯᠳᠡᠩ ᠠᠪᠴᠢᠷᠠᠪᠠ
ᠡᠷᠲᠡᠨ ᠦ᠌ ᠥᠭᠭᠦᠭᠰᠡᠨ ᠡᠴᠡ ᠴᠢᠨᠢ ᠶᠢᠰᠦᠨ ᠬᠤᠪᠢ ᠢᠯᠡᠭᠦᠦ ᠶᠦᠮ ᠠ᠋ ᠬᠦᠢ
ᠡᠷᠦᠬᠡ ᠭᠡᠷ ᠲᠦ᠍ ᠴᠢᠨᠢ ᠳᠡ ᠢᠷᠡᠭᠰᠡᠨ ᠪᠣᠯᠪᠠᠯ ᠠ᠋ ᠬᠦᠢ
ᠦᠷ᠎ᠡ ᠬᠦᠦ ᠪᠠ ᠶᠤᠸᠠᠢ ᠯᠢᠩ ᠢ᠋ᠶ᠋ᠡᠨ ᠡᠷᠭᠢᠭᠦᠯᠦᠭᠡᠳ ᠠᠪᠠᠴᠢᠨ᠎ᠠ ᠬᠦᠢ᠃
ᠶ᠋ᠢᠨ ᠮᠡᠢᠷᠡᠨ ᠡᠭᠦᠨ ᠢ᠋ ᠰᠣᠨᠣᠰᠤᠭᠠᠳ ᠶᠡᠬᠡ ᠯᠠ ᠳᠣᠲᠣᠷ᠎ᠠ ᠠᠮᠤᠷ ᠦᠭᠡᠢ ᠯᠠᠢ ᠪᠣᠯᠵᠠᠢ ᠰᠢᠦ᠂ ᠡᠢᠮᠦ ᠬᠡᠷᠡᠭ ᠭᠡᠵᠦ ᠪᠠᠢᠬᠤ ᠶᠤᠮ ᠤᠤ ? ᠠᠩᠬ᠎ᠠ ᠤᠳᠠᠭ᠎ᠠ ᠦᠨᠡᠨ ᠳ᠋ᠦ᠍ ᠪᠡᠨ ᠬᠡᠯᠡᠪᠡᠯ ᠪᠢ ᠬᠦᠦ ᠶ᠋ᠢ ᠨᠢ ᠬᠤᠳᠠᠯᠳᠤᠵᠤ ᠠᠪᠤᠭᠰᠠᠨ ᠦᠭᠡᠢ᠂ ᠠᠳᠠᠯ ᠭᠡᠷ ᠲᠦ᠍ ᠪᠡᠨ ᠠᠪᠴᠤ ᠢᠷᠡᠭᠡᠳ ᠠᠯᠲᠠ ᠮᠥᠩᠭᠥ ᠶ᠋ᠢ ᠥᠭᠴᠡᠢ᠃ ᠠᠪᠤ ᠪᠣᠯᠣᠳ ᠮᠥᠮᠥ ᠨᠢ ᠬᠥᠮᠦᠨ ᠠᠪᠬᠤ ᠦᠭᠡᠢ ( ᠪᠡᠷ ) ᠢᠷᠡᠴᠢᠬᠡᠭᠰᠡᠨ ᠶᠦᠮ ᠢ᠋ ( ᠴᠢᠨᠢ) ᠥᠭᠴᠦ ᠶᠠᠪᠤᠭᠤᠯᠬᠤ ᠦᠭᠡᠢ ᠭᠡᠳ ᠪᠣᠯᠬᠤ ᠶᠠᠭᠤᠮ᠎ᠠ ᠮᠥᠨ ᠶᠦᠮ ᠤᠤ( ᠪᠣᠯᠤᠨ᠎ᠠ ᠶᠤᠮ ᠤᠤ ᠳᠠ) ! ᠵᠠ ᠣᠳᠣ ᠲᠡᠢᠮᠦ ᠪᠣᠯᠪᠠᠯ ᠠ᠋ ᠲᠥᠷᠥᠭᠰᠡᠨ ᠡᠶᠢ ᠠᠪᠤ ᠨᠢ ᠲᠡᠳᠡᠨ ᠲᠡᠢᠮᠦ ᠬᠣᠯᠠ ᠠ᠋ᠴᠠ ᠠᠪᠬᠤ ᠪᠠᠷ ᠢᠷᠡᠭᠰᠡᠨ ᠶᠦᠮ ᠴᠢᠨᠢ ᠥᠪᠡᠷ ᠦ᠋ᠨ ᠬᠦᠦ ᠪᠡᠨ ᠠᠪᠠᠴᠢᠪᠠᠯ ᠣᠳᠣ ᠠᠪᠠᠴᠢᠨ᠎ᠠ ᠰᠢᠳᠡ ᠭᠡᠳ ! ᠮᠥᠨ ᠢ᠋ᠶ᠋ᠡᠨ ᠬᠡᠯᠡᠨᠡᠷᠡᠨ ᠦ᠌ ᠮᠡᠢᠷᠡᠨ ᠦ᠌ ᠨᠢᠳᠦᠨ ᠳ᠋ᠦ᠍ ᠨᠢ ᠳᠦᠭᠦᠷᠡᠩ ᠵᠠᠢᠷ ᠲᠠᠢ ᠪᠣᠯᠲᠠᠯ᠎ᠠ ᠬᠠᠵᠠᠭᠤ ᠳ᠋ᠤ᠌ ᠪᠠᠢᠭᠰᠠᠨ ᠡᠮᠡᠭᠡᠨ ᠨᠢ ᠬᠢᠲᠠᠳ ᠦᠭᠡ ᠶ᠋ᠢ ᠲᠥᠬᠥᠭᠡᠷᠡᠬᠦ ᠦᠭᠡᠢ ᠭᠡᠨ᠎ᠡ ᠬᠦᠢ ! ᠶᠠᠭᠤ ᠬᠡᠯᠡᠵᠦ ᠪᠠᠢᠬᠤ ᠶᠤᠮ ᠠ᠋? ᠶᠠᠭᠤ ᠬᠡᠯᠡᠵᠦ ᠪᠠᠢᠬᠤ ᠶᠤᠮ ᠠ᠋? ᠭᠡᠵᠦ ᠠᠰᠠᠭᠤᠲᠠᠯ᠎ᠠ ᠶ᠋ᠢᠨ ᠮᠡᠢᠷᠡᠨ ᠦᠭᠡ ᠪᠡᠨ ᠬᠡᠯᠡᠵᠦ ᠭᠠᠷᠬᠤ ᠦᠭᠡᠢ ᠪᠠᠳᠠᠷᠠᠵᠠᠢ᠂《ᠡᠨᠡ ᠬᠣᠶᠠᠷ ᠪᠣᠯ ᠪᠠ ᠶᠤᠸᠠᠢ ᠯᠢᠩ ᠦ᠋ᠨ ᠲᠥᠷᠥᠭᠰᠡᠨ ᠡᠶᠢ ᠠᠪᠤ ᠨᠢ ᠠ᠋᠂ ᠡᠨᠡ ᠡᠳᠦᠷ ᠢᠷᠡᠭᠰᠡᠨ ᠥᠭᠡᠷ᠎ᠡ ᠤᠴᠢᠷ ᠪᠢᠰᠢ ᠥᠪᠡᠷ ᠦ᠋ᠨ ᠬᠦᠦ ᠪᠠ ᠶᠤᠸᠠᠢ ᠯᠢᠩ ᠢ᠋ᠶ᠋ᠡᠨ ᠠᠪᠬᠤ ᠪᠠᠷ ᠢᠷᠡᠵᠡᠢ 》 ᠭᠡᠨ᠎ᠡ᠂ ᠮᠥᠨ ᠦᠭᠡ ᠶ᠋ᠢ ᠰᠣᠨᠣᠰᠤᠨᠠᠷᠠᠨ ᠵᠢᠨ ᠮᠡᠢᠷᠡᠨ ᠦ᠌ ᠡᠬᠡᠨᠡᠷ ᠨᠢ ᠬᠦᠯᠢᠶᠡᠬᠦ ᠦᠭᠡᠢ ᠯᠡ᠂ ᠶᠠᠭᠠᠬᠢᠯ᠎ᠠ ᠴᠤ᠌ ᠭᠡᠰᠡᠨ ᠪᠢ ᠬᠦᠦ ᠪᠡᠨ ᠬᠣᠢᠰᠢ ᠪᠠᠨ ᠥᠭᠴᠦ ᠶᠠᠪᠤᠭᠤᠯᠬᠤ ᠦᠭᠡᠢ ᠭᠡᠳ ᠬᠠᠵᠠᠭᠤ ᠲᠠᠯ᠎ᠠ ᠳ᠋ᠤ᠌ ᠵᠣᠭᠰᠣᠵᠤ ᠪᠠᠢᠭᠰᠠᠨ ᠪᠠ ᠶᠤᠸᠠᠢ ᠯᠢᠩ ᠦ᠋ᠨ ᠢ᠋ᠶ᠋ᠡᠨ ᠦᠰᠦ ᠶ᠋ᠢ ᠨᠢ ᠢᠯᠢᠭᠡᠳ ᠬᠠᠴᠠᠷ ᠢ᠋ ᠨᠢ ᠦᠨᠦᠰᠴᠢᠬᠡᠭᠡᠳ ᠮᠥᠮᠥ ᠨᠢ ᠬᠡᠯᠡᠵᠦ ᠪᠠᠢᠨ᠎ᠠ ᠭᠡᠨ᠎ᠡ᠃
ᠠᠶᠤᠤᠯᠢᠬᠠᠢ ᠴᠡᠭᠡᠵᠢᠨ ᠡᠴᠡ ᠡᠭᠦᠰᠦᠭᠰᠡᠨ ᠦᠭᠡᠢ ᠪᠣᠯᠪᠠᠴᠤ ᠠ᠋
ᠠᠮᠢᠨ ᠤ᠋ ᠦᠷ᠎ᠡ ᠳ᠋ᠦ᠍ ᠪᠡᠨ ᠠᠳᠠᠯᠢᠬᠠᠨ ᠰᠠᠨᠠᠭᠠᠳ ᠢᠷᠡᠪᠡ
ᠠᠪᠤ ᠮᠥᠮᠥ ᠬᠣᠶᠠᠷ ᠴᠢᠨᠢ ᠠᠪᠬᠤ ᠪᠠᠷ ᠢᠷᠡᠪᠡ
ᠠᠭᠰᠢᠷᠠᠭᠰᠠᠨ ᠮᠥᠮᠥ ᠴᠢᠨᠢ ᠶᠠᠭᠠᠬᠢᠵᠤ ᠯᠠ ᠲᠡᠰᠦᠨ᠎ᠡ ᠬᠦᠢ
ᠬᠠᠯᠠᠭᠤᠨ ᠵᠢᠷᠦᠬᠡᠨ ᠡᠴᠡ ᠮᠢᠨᠢ ᠡᠭᠦᠰᠦᠭᠰᠡᠨ ᠦᠭᠡᠢ ᠪᠣᠯᠪᠠᠴᠤ
ᠬᠠᠷᠠᠬᠤ ᠨᠢᠳᠦᠨ ᠦ᠌ ᠴᠡᠴᠡᠭᠡᠢ ᠠᠳᠠᠯᠢᠬᠠᠨ ᠬᠠᠢᠷᠠᠯᠠᠵᠤ ᠰᠠᠨᠠᠯ᠎ᠠ ᠬᠦᠢ
ᠬᠣᠪᠢᠨ ᠤ᠋ ᠡᠶᠢ ᠠᠪᠤ ᠴᠢᠨᠢ ᠠᠪᠬᠤ ᠪᠠᠷ ᠢᠷᠡᠪᠡ
ᠬᠣᠴᠣᠷᠴᠤ ᠰᠠᠭᠤᠬᠤ ᠮᠥᠮᠥ ᠴᠢᠨᠢ ᠬᠡᠨ ᠢ᠋ ᠪᠡᠨ ᠴᠦ᠍ ᠦᠵᠡᠨ᠎ᠡ ᠬᠦᠢ
ᠡᠭᠦᠨ ᠢ᠋ᠶ᠋ᠡᠨ ᠬᠡᠯᠡᠭᠡᠳ ᠪᠠ ᠶᠤᠸᠠᠢ ᠯᠢᠩ ᠦ᠋ᠨ ᠢ᠋ᠶ᠋ᠡᠨ ᠦᠰᠦ ᠶ᠋ᠢ ᠨᠢ ᠢᠯᠢᠭᠡᠳ ᠠ᠋᠂ ᠡᠮᠧ ᠨᠢ ᠤᠬᠢᠯᠠᠬᠤ ᠶ᠋ᠢ ᠦᠵᠡᠭᠡᠳ ᠪᠠ ᠶᠤᠸᠠᠢ ᠯᠢᠩ ᠪᠠᠰᠠ ᠲᠡᠰᠬᠦ ᠦᠭᠡᠢ ᠪᠣᠯᠴᠢᠬᠠᠭᠠᠳ ᠰᠠᠨᠳᠤᠷᠤᠭᠠᠳ ᠤᠬᠢᠯᠠᠵᠤ ᠪᠠᠢᠬᠤ ᠡᠮᠧ ᠶ᠋ᠢᠨ ᠢ᠋ᠶ᠋ᠡᠨ ᠡᠰᠡᠷᠭᠦ ᠬᠡᠯᠡᠵᠦ ᠪᠠᠢᠨ᠎ᠠ᠃
ᠬᠠᠷᠠᠬᠤ ᠨᠢᠳᠦᠨ ᠦ᠌ ᠨᠢᠯᠪᠤᠰᠤ ᠪᠠᠨ ᠳᠤᠰᠤᠯᠭᠠᠯ ᠦᠭᠡᠢ ᠳᠡ
ᠬᠠᠪᠲᠠᠭᠠᠢ ᠴᠡᠭᠡᠵᠢᠨ ᠳ᠋ᠦ᠍ ᠪᠡᠨ ᠪᠤᠤ ᠭᠤᠳᠤᠷᠠ ᠬᠦᠢ
ᠬᠠᠷ᠎ᠠ ᠳᠡᠪᠡᠯ ᠲᠡᠢ ᠡᠨᠡ ᠬᠥᠮᠦᠨ ᠢ᠋ ᠳᠠᠭᠠᠬᠤ ᠦᠭᠡᠢ ᠮᠥᠮᠥ ᠠ᠋
ᠬᠠᠢᠷᠠᠯᠠᠵᠤ ᠰᠠᠨᠠᠭᠰᠠᠨ ᠡᠢ ᠠᠪᠤ ᠪᠠᠨ ᠦᠵᠡᠭᠡᠳ ᠯᠡ ᠰᠠᠭᠤᠨ᠎ᠠ ᠬᠦᠢ
ᠦᠵᠡᠬᠦ ᠨᠢᠳᠦᠨ ᠦ᠌ ᠨᠢᠯᠪᠤᠰᠤ ᠪᠠᠨ ᠤᠨᠠᠭᠠᠯᠭᠠᠨ ᠦᠭᠡᠢ( ᠤᠨᠠᠭᠠᠬᠤ ᠪᠠᠨ ᠪᠠᠢ) ᠳᠠ
ᠡᠪᠴᠢᠭᠦᠦ ᠪᠣᠯᠣᠳ ᠴᠡᠭᠡᠵᠢ ᠶ᠋ᠢ ᠪᠡᠨ ᠪᠦᠦ ᠵᠤᠪᠠᠭ᠎ᠠ ᠳᠠ ᠬᠦᠢ
ᠦᠭᠡ ᠶ᠋ᠢ ᠨᠢ ᠲᠥᠬᠥᠭᠡᠷᠡᠬᠦ ᠦᠭᠡᠢ ᠡᠨᠡ ᠬᠥᠮᠦᠨ ᠢ᠋ ᠳᠠᠭᠠᠬᠤ ᠦᠭᠡᠢ ᠮᠥᠮᠥ ᠠ᠋ ᠬᠦᠢ
ᠦᠵᠦᠮᠦᠴᠢᠨ ᠦ᠌ ᠡᠶᠢ ᠠᠪᠤ ᠪᠠᠨ ᠦᠵᠡᠭᠡᠳ ᠯᠡ ᠰᠠᠭᠤᠨ᠎ᠠ ᠬᠦᠢ
《ᠮᠥᠮᠥ ᠠ᠋᠂ ᠴᠢ ᠪᠦᠦ ᠤᠬᠢᠯᠠ ᠪᠢ ᠶᠠᠭᠤ ᠭᠡᠵᠦ ᠲᠡᠷᠡ ᠤᠯᠤᠰ ᠤ᠋ᠳ ᠢ᠋ ᠳᠠᠭᠠᠭᠠᠳ ᠶᠠᠪᠤᠬᠤ ᠶᠤᠮ ᠠ᠋》 ᠭᠡᠲᠡᠯ᠎ᠡ ᠶ᠋ᠢᠨ ᠮᠡᠢᠷᠡᠨ ᠨᠢᠭᠡᠨ ᠵᠡᠷᠭᠡ ᠪᠣᠳᠣᠵᠤ ᠦᠵᠡᠵᠡᠢ᠂ ᠬᠠᠮᠢᠭᠠᠰᠢ ᠪᠠᠨ ᠪᠣᠯᠤᠭᠰᠠᠨ ᠴᠤ᠌ ? ᠪᠢ ᠲᠡᠷᠡ ᠦᠶᠡᠰ ᠬᠤᠳᠠᠯᠳᠤᠵᠤ ᠠᠪᠤᠨ᠎ᠠ ᠭᠡᠵᠦ ᠬᠡᠯᠡᠭᠰᠡᠨ ᠦᠭᠡᠢ᠂ ᠬᠦᠦ ᠶ᠋ᠢ ᠨᠢ ᠪᠠᠬᠠᠷᠬᠠᠭᠠᠳ ᠠᠪᠤᠭᠠᠳ ᠢᠷᠡᠴᠢᠬᠡᠵᠡᠢ᠂ ᠬᠥᠮᠦᠨ ᠦ᠌ ᠲᠥᠷᠥᠭᠰᠡᠨ ᠡᠢ ᠠᠪᠤ ᠨᠢ ᠰᠠᠨᠠᠬᠤ ᠪᠠᠰᠠ ᠦᠨᠡᠨ ᠳ᠋ᠦ᠍ ᠪᠡᠨ ᠬᠡᠯᠡᠪᠡᠯ ᠲᠠᠭᠠᠷᠠᠬᠤ ᠶᠤᠮ ᠠ᠋᠃ ᠠᠪᠠᠴᠢᠨ᠎ᠠ ᠭᠡᠵᠦ ᠪᠠᠢᠬᠤ ᠶᠤᠮ ᠴᠢᠨᠢ ᠬᠦᠦ ᠶ᠋ᠢ ᠨᠢ ᠶᠠᠪᠤᠭᠤᠯᠬᠤ ᠦᠭᠡᠢ ᠪᠡᠷ ᠪᠠᠰᠠ ᠪᠣᠯᠬᠤ ᠦᠭᠡᠢ ᠭᠡᠵᠡᠢ᠂ ᠴᠠᠭᠠᠲᠠᠢ ᠪᠠᠢᠬᠤ ᠡᠬᠡᠨᠡᠷ ᠲᠦ᠍ ᠪᠡᠨ ᠬᠡᠯᠡᠵᠦ ᠪᠠᠢᠨ᠎ᠠ᠂《ᠬᠦᠢ ᠴᠢ ᠪᠠᠰᠠ ᠤᠴᠢᠷ ᠢ᠋ ᠲᠥᠬᠥᠭᠡᠷᠡᠬᠦ ᠦᠭᠡᠢ ᠬᠥᠮᠦᠨ ᠪᠢᠰᠢ᠃ ᠠᠩᠬ᠎ᠠ ᠤᠳᠠᠭ᠎ᠠ ᠠᠪᠴᠤ ᠢᠷᠡᠬᠦ ᠳ᠋ᠦ᠍ ᠠᠷᠭ᠎ᠠ ᠦᠭᠡᠢ ᠭᠠᠴᠢᠭᠳᠠᠵᠤ ᠪᠠᠢᠬᠤᠯᠠᠷ ᠨᠢ ᠪᠢ ᠪᠠᠬᠠᠷᠬᠠᠭᠠᠳ ᠡᠨᠡ ᠬᠦᠦ ᠶ᠋ᠢ ᠠᠪᠤᠭᠠᠳ ᠢᠷᠡᠴᠢᠬᠡᠵᠡᠢ᠂ ᠡᠶᠢ ᠠᠪᠤ ᠨᠢ ᠬᠣᠢᠨ᠎ᠠ ᠠ᠋ᠴᠠ ᠨᠢ ᠬᠥᠮᠦᠨ ᠠᠪᠬᠤ ᠪᠠᠷ ᠢᠷᠡᠵᠦ ᠪᠠᠢᠬᠤ ᠳ᠋ᠤ᠌ ᠡᠯᠢᠭᠡ ᠵᠢᠷᠦᠬᠡᠨ ᠡᠴᠡ ᠪᠡᠨ ᠡᠭᠦᠰᠦᠭᠦᠯᠴᠢᠬᠡᠭᠰᠡᠨ ᠶᠠᠭᠤᠮ᠎ᠠ ᠶ᠋ᠢ ᠦᠨᠡᠬᠡᠷ ᠴᠦ᠍ ᠣᠳᠣ ᠰᠠᠨᠠᠬᠤ ᠦᠭᠡᠢ ᠭᠡᠵᠦ ᠪᠠᠢᠨ᠎ᠠ ᠤᠤ ᠳᠠ᠂ ᠬᠣᠢᠰᠢ ᠪᠠᠨ ᠥᠭᠭᠦᠭᠡᠳ ᠶᠠᠪᠤᠭᠤᠯᠴᠢᠬ᠎ᠠ᠃ ᠠᠷᠤᠨᠰᠢ ᠪᠠᠨ ᠣᠴᠢᠭᠠᠳ ᠠᠷᠪᠠ ᠲᠠᠪᠤᠨ ᠡᠳᠦᠷ ᠰᠠᠭᠤᠬᠤ ᠶᠤᠮ ᠤᠤ᠂ ᠠᠷᠪᠠ ᠲᠠᠪᠤᠨ ᠵᠢᠯ ᠰᠠᠭᠤᠬᠤ ᠶᠤᠮ ᠤᠤ᠂ ᠠᠩᠭ᠎ᠠ ᠪᠠᠭ᠎ᠠ ᠪᠠ ᠶᠤᠸᠠᠢ ᠯᠢᠩ ᠮᠠᠷᠲᠠᠬᠤ ᠦᠭᠡᠢ ᠪᠣᠯ ᠪᠠᠰᠠ ᠡᠷᠭᠢᠭᠡᠳ ᠪᠢᠳᠡᠨ ᠢ᠋ ᠪᠠᠰᠠ ᠬᠠᠷᠠᠭᠠᠯᠵᠠᠵᠤ ᠪᠣᠯᠤᠨ᠎ᠠ᠂ ᠬᠣᠶᠠᠷ ᠭᠡᠷ ᠦ᠋ᠨ ᠳᠤᠮᠳᠠ ᠪᠠᠨ ᠪᠢᠳᠡ ᠬᠦᠦ ᠪᠡᠨ ᠣᠳᠣ ᠬᠠᠢᠷᠠᠯᠠᠵᠤ ᠰᠠᠨᠠᠪᠠᠯ ᠳᠠᠭᠠᠷᠠᠴᠢᠬᠠᠨᠠ 》ᠭᠡᠲᠡᠯ᠎ᠡ᠂ ᠶ᠋ᠢᠨ ᠮᠡᠢᠷᠡᠨ ᠬᠡᠯᠡᠴᠢᠬᠡᠬᠦ ᠳ᠋ᠦ᠍ ᠡᠬᠡᠨᠡᠷ ᠨᠢ ᠪᠠᠰᠠ ᠠᠶᠤᠬᠤ ᠶᠤᠮ ᠰᠢᠦ᠃
ᠡᠯᠢᠭᠡ ᠵᠢᠷᠦᠬᠡ ᠨᠢ ᠲᠠᠰᠤᠷᠠᠮᠠᠷ ᠵᠣᠪᠠᠵᠤ ᠪᠠᠢᠨ᠎ᠠ ᠭᠡᠳᠡᠭ ᠪᠣᠯᠪᠠᠴᠤ ᠠᠷᠭ᠎ᠠ ᠦᠭᠡᠢ ᠯᠠᠢ᠃ ᠪᠠ ᠶᠤᠸᠠᠢ ᠯᠢᠩ ᠦ᠋ᠨ ᠢ᠋ᠶ᠋ᠡᠨ ᠪᠣᠯᠪᠠᠯ ᠭᠠᠷ ᠠ᠋ᠴᠠ ᠨᠢ ᠠᠳᠬᠤᠲᠠᠯᠠ᠂ ᠪᠠ ᠶᠤᠸᠠᠢ ᠯᠢᠩ ᠮᠥᠮᠥ ᠶ᠋ᠢᠨ ᠢ᠋ᠶ᠋ᠡᠨ ᠪᠣᠯᠪᠠᠯ ᠳᠤᠮᠳᠠᠭᠤᠷ ᠨᠢ ᠲᠡᠪᠡᠷᠢᠭᠡᠳ ᠶᠠᠭᠠᠬᠢᠪᠠᠴᠤ᠂ ᠳᠠᠭᠤᠤ ᠲᠠᠯᠪᠢᠭᠠᠳ ᠤᠬᠢᠯᠠᠭᠠᠳ ᠶᠠᠪᠤᠬᠤ ᠦᠭᠡᠢ ᠭᠡᠵᠦ ᠪᠠᠢᠪᠠᠴᠤ ᠴᠠᠭᠠᠲᠠᠢ ᠪᠠᠢᠭᠰᠠᠨ ᠤ᠋ ᠮᠡᠢᠷᠡᠨ ᠨᠠᠭᠠᠰᠢ ᠪᠠᠨ ᠢᠷᠡᠭᠡᠳ ᠬᠡᠯᠡᠵᠦ ᠪᠠᠢᠨ᠎ᠠ᠃《ᠪᠠ ᠶᠤᠸᠠᠢ ᠯᠢᠩ ᠴᠢ ᠢᠩᠭᠢᠭᠡᠳ ᠲᠠᠭᠠᠷᠠᠬᠤ ᠦᠭᠡᠢ᠂ ᠲᠡᠵᠢᠭᠡᠭᠰᠡᠨ ᠠᠪᠤ ᠶ᠋ᠢᠨ ᠢ᠋ᠶ᠋ᠡᠨ ᠰᠡᠳᠬᠢᠯ ᠢ᠋ ᠪᠣᠳᠣᠪᠠᠯ ᠴᠢ ᠲᠦᠷᠭᠡᠨ ᠲᠡᠭᠡᠬᠦ ᠪᠡᠷ ᠢ᠋ᠶ᠋ᠡᠨ ᠡᠶᠢ ᠠᠪᠤ ᠪᠠᠨ ᠳᠠᠭᠠᠭᠠᠳ ᠲᠥᠷᠥᠭᠰᠡᠨ ᠨᠤᠲᠤᠭ ᠲᠤ᠌ ᠪᠠᠨ ᠨᠢᠭᠡ ᠣᠴᠢ ᠠ᠋᠂ ᠡᠷᠭᠢᠭᠡᠳ ᠬᠣᠢᠲᠠᠢ ᠡᠳᠦᠷ ᠬᠣᠵᠢᠮ ᠤ᠋ᠨ ᠮᠠᠷᠭᠠᠰᠢ ᠳ᠋ᠤ᠌ ᠪᠠᠨ ᠠᠪᠤ ᠡᠵᠢ ᠴᠢᠨᠢ ᠪᠠᠰᠠ ᠨᠠᠭᠠᠰᠢ ᠪᠠᠨ ᠶᠠᠪᠤᠭᠤᠯᠬᠤ ᠶᠤᠮ ᠠ᠋》 ᠭᠡᠲᠡᠯ᠎ᠡ᠃ ᠶᠠᠭᠤ ᠬᠡᠯᠡᠪᠡᠴᠦ ᠪᠠ ᠶᠤᠸᠠᠢ ᠯᠢᠩ ᠦᠭᠡ ᠶ᠋ᠢ ᠨᠢ ᠠᠪᠬᠤ ᠦᠭᠡᠢ ᠪᠠᠢᠲᠠᠯ᠎ᠠ ᠶ᠋ᠢᠨ ᠮᠡᠢᠷᠡᠨ ᠬᠦᠦ ᠳ᠋ᠦ᠍ ᠪᠡᠨ ᠣᠳᠣ ᠡᠮᠦᠰᠴᠦ ᠵᠡᠭᠦᠬᠦ ᠶ᠋ᠢ ᠨᠢ ᠪᠡᠯᠡᠳᠬᠡᠵᠦ ᠥᠭ ᠠ᠋ ᠭᠡᠲᠡᠯ᠎ᠡ ᠡᠬᠡᠨᠡᠷ ᠨᠢ ᠴᠠᠭᠠᠰᠢ ᠪᠠᠨ ᠬᠠᠨᠳᠤᠭᠠᠳ ᠦᠵᠡᠬᠦ ᠨᠢᠳᠦᠨ ᠦ᠌ ᠨᠢᠯᠪᠤᠰᠤ ᠪᠠᠨ ᠤᠨᠠᠭᠠᠴᠢᠬᠠᠭᠠᠳ ᠬᠦᠦ ᠶ᠋ᠢᠨ ᠢ᠋ᠶ᠋ᠡᠨ ᠡᠮᠦᠰᠴᠦ ᠵᠡᠭᠦᠬᠦ ᠶ᠋ᠢ ᠨᠢ ᠠᠪᠴᠢᠷᠠᠵᠤ ᠥᠭᠭᠦᠭᠡᠳ᠂ ᠠᠪᠳᠠᠷ᠎ᠠ ᠳᠣᠲᠣᠷ᠎ᠠ ᠪᠠᠨ ᠬᠠᠳᠠᠭᠠᠯᠠᠵᠤ ᠪᠠᠢᠭᠰᠠᠨ ᠠᠯᠢ ᠪᠠᠢᠭᠰᠠᠨ ᠢ᠋ᠶ᠋ᠠᠨ ᠭᠠᠷᠭᠠᠭᠠᠳ ᠪᠠ ᠶᠤᠸᠠᠢ ᠯᠢᠩ ᠳ᠋ᠦ᠍ ᠪᠡᠨ ᠪᠣᠯᠪᠠᠯ ᠬᠡᠯᠡᠵᠦ ᠪᠠᠢᠨ᠎ᠠ ᠭᠡᠨ᠎ᠡ᠃
ᠠᠪᠳᠠᠷ᠎ᠠ ᠳ᠋ᠤ᠌ ᠪᠠᠨ ᠬᠢᠭᠡᠳ ᠲᠡᠭᠡᠭᠰᠡᠨ ᠠᠭᠠᠷᠤᠤᠯ ᠶᠤᠮ ᠠ᠋
ᠠᠯᠠᠭ ᠦᠨᠢᠶᠡᠨ ᠦ᠌ ᠮᠢᠨᠢ ᠰᠢᠮ᠎ᠡ ᠶᠦ᠍ᠮ ᠠ᠋ ᠬᠦᠢ
ᠠᠩᠭ᠎ᠠ ᠪᠠᠭ᠎ᠠ ᠪᠠ ᠶᠤᠸᠠᠢ ᠯᠢᠩ ᠠ᠋ ᠬᠡᠮᠡᠯᠢᠭᠡᠳ ᠶᠠᠪᠤ ᠠ᠋
ᠠᠭᠰᠢᠷᠠᠭᠰᠠᠨ ᠮᠥᠮᠥ ᠪᠡᠨ ᠪᠤᠤ ᠮᠠᠷᠲᠠ
ᠬᠣᠷᠭᠣᠨ ᠳ᠋ᠤ᠌ ᠪᠠᠨ ᠬᠠᠳᠠᠭᠠᠯᠠᠭᠠᠳ ᠲᠡᠭᠡᠭᠰᠡᠨ ᠬᠤᠷᠤᠳ ᠶᠤᠮ ᠠ᠋
ᠬᠦᠷᠡᠭᠴᠢ ᠦᠨᠢᠶᠡᠨ ᠦ᠌ ᠮᠢᠨᠢ ᠰᠢᠮ᠎ᠡ ᠨᠢ ᠶᠦ᠍ᠮ ᠠ᠋ ᠬᠦᠢ
ᠬᠠᠢᠷᠠᠬᠠᠨ ᠬᠦᠦ ᠮᠢᠨᠢ ᠴᠢ ᠳᠡ ᠬᠡᠮᠡᠯᠢᠭᠡᠳ ᠶᠠᠪᠤ ᠠ᠋
ᠬᠥᠭᠰᠢᠷᠡᠭᠰᠡᠨ ᠮᠥᠮᠥ ᠪᠡᠨ ᠪᠤᠤ ᠯᠠ ᠮᠠᠷᠲᠠ ᠠ᠋ ᠬᠦᠢ
ᠮᠥᠨ ᠢ᠋ᠶ᠋ᠡᠨ ᠬᠡᠯᠡᠵᠡᠢ᠃ ᠡᠮᠦᠰᠴᠦ ᠵᠡᠭᠦᠵᠦ ᠪᠠᠢᠬᠤ ᠲᠡᠢ ᠨᠢ ᠣᠳᠣ ᠬᠠᠮᠲᠤ ᠪᠠᠷ ᠠᠪᠴᠢᠷᠠᠵᠠᠢ᠃ ᠢᠳᠡᠵᠦ ᠤᠤᠭᠤᠬᠤ ᠵᠦᠢᠯ ᠢ᠋ ᠨᠢ ᠪᠠᠭᠴᠠᠯᠠᠵᠤ ᠥᠭᠬᠦ ᠳ᠋ᠦ᠍ ᠪᠠ ᠶᠤᠸᠠᠢ ᠯᠢᠩ ᠴᠢᠰᠤ ᠨᠥᠵᠢ ᠪᠡᠷ ᠤᠬᠢᠯᠠᠭᠠᠳ ᠶᠠᠭᠠᠬᠢᠪᠠᠴᠤ ᠶᠠᠪᠤᠬᠤ ᠦᠭᠡᠢ ᠭᠡᠪᠡᠴᠦ᠂ ᠶ᠋ᠢᠨ ᠮᠡᠢᠷᠡᠨ ᠳᠣᠣᠷ᠎ᠠ ᠨᠢ ᠭᠡᠷ ᠦ᠋ᠨ ᠵᠠᠷᠤᠳᠠᠰᠤ ᠶ᠋ᠢ ᠳᠠᠭᠠᠭᠤᠯᠤᠭᠠᠳ ᠴᠠᠭᠠᠰᠢ ᠪᠠᠨ ᠭᠠᠷᠤᠭᠰᠠᠨ ᠲᠡᠳᠦᠢ ᠠᠳᠤᠭᠤᠨ ᠤ᠋ ᠪᠠᠨ ᠳᠤᠮᠳᠠ ᠠ᠋ᠴᠠ ᠪᠣᠯᠪᠠᠯ ᠠᠯᠢ ᠰᠠᠢᠨ ᠢ᠋ ᠨᠢ ᠪᠠᠷᠢᠵᠤ ᠠᠪᠴᠠᠢ᠃ ᠬᠦᠦ ᠳ᠋ᠦ᠍ ᠪᠡᠨ ᠪᠠ ᠶᠤᠸᠠᠢ ᠯᠢᠩ ᠳ᠋ᠦ᠍ ᠬᠦᠯᠦᠭ ᠪᠣᠯᠭᠠᠵᠤ ᠥᠭᠭᠦᠨ᠎ᠡ ᠭᠡᠵᠦ ᠡᠮᠡᠭᠡᠯ ᠬᠠᠵᠠᠭᠠᠷ ᠢ᠋ ᠨᠢ ᠲᠠᠭᠠᠷᠠᠭᠤᠯᠤᠭᠰᠠᠨ ᠤ᠋ ᠰᠡᠭᠦᠯᠡᠷ ᠡᠷᠭᠢᠵᠦ ᠣᠷᠣᠵᠤ ᠢᠷᠡᠭᠡᠳ ᠨᠢᠳᠦᠨ ᠨᠢᠯᠪᠤᠰᠤ ᠤᠨᠠᠭᠠᠵᠤ ᠪᠠᠢᠭ᠎ᠠ ᠪᠠ ᠶᠤᠸᠠᠢ ᠯᠢᠩ ᠢ᠋ ᠪᠡᠨ ᠪᠣᠯᠪᠠᠯ ᠰᠤᠷᠭᠠᠭᠠᠳ ᠭᠠᠳᠠᠲᠠᠢ ᠪᠠᠨ ᠠᠪᠴᠤ ᠢᠷᠡᠵᠦ ᠬᠦᠯᠦᠭ ᠮᠣᠷᠢ ᠶ᠋ᠢ ᠪᠡᠨ ᠲᠤᠰᠢᠶᠠᠵᠤ ᠥᠭᠭᠦᠭᠡᠳ ᠬᠡᠯᠡᠵᠦ ᠪᠠᠢᠨ᠎ᠠ᠂
ᠦᠵᠡᠭᠡᠳ ᠯᠡ ᠳᠡ ᠠᠳᠤᠭᠤᠯᠠᠭᠠᠳ ᠲᠡᠭᠡᠭᠰᠡᠨ ᠰᠦᠷᠦᠭ ᠡᠴᠡ ᠴᠢᠨᠢ ᠭᠠᠷᠴᠠᠢ᠃
ᠥᠪᠡᠷ ᠦ᠋ᠨ ᠪᠠᠶᠠᠨ ᠤ᠋ ᠮᠢᠨᠢ ᠪᠤᠶᠠᠨ ᠶᠤᠮ ᠠ᠋ ᠬᠦᠢ
ᠦᠷ᠎ᠡ ᠪᠠᠭ᠎ᠠ ᠪᠠ ᠶᠤᠸᠠᠢ ᠯᠢᠩ ᠠ᠋ ᠤᠨᠤᠭᠠᠳ ᠯᠠ ᠶᠠᠪᠤ ᠳᠠ᠃
ᠦᠵᠦᠮᠦᠴᠢᠨ ᠦ᠌ ᠠᠪᠤ ᠶ᠋ᠢ ᠪᠡᠨ ᠪᠤᠤ ᠯᠠ ᠮᠠᠷᠲᠠ ᠠ᠋ ᠬᠦᠢ
ᠠᠳᠤᠭᠤᠯᠠᠵᠤ ᠪᠠᠢᠭᠰᠠᠨ ᠠᠳᠤᠭᠤᠨ ᠤ᠋ ᠴᠢᠨᠢ ᠠ᠋ ᠳᠣᠲᠣᠷ᠎ᠠ ᠨᠢ ᠪᠠᠢᠵᠠᠢ᠃
ᠠᠰ ᠤ᠋ᠨ ᠪᠠᠶᠠᠨ ᠤ᠋ ᠮᠢᠨᠢ ᠪᠤᠶᠠᠨ ᠯᠠ ᠶᠤᠮ ᠠ᠋
ᠠᠩᠭ᠎ᠠ ᠪᠠᠭ᠎ᠠ ᠪᠠ ᠶᠤᠸᠠᠢ ᠯᠢᠩ ᠠ᠋᠂ ᠤᠨᠤᠭᠠᠳ ᠯᠠ ᠶᠠᠪᠤ ᠳᠠ᠃
ᠠᠷᠤ ᠭᠠᠵᠠᠷ ᠤ᠋ᠨ ᠠᠪᠤ ᠶ᠋ᠢ ᠪᠡᠨ ᠪᠤᠤ ᠯᠠ ᠮᠠᠷᠲᠠ ᠬᠦᠢ
ᠪᠠ ᠶᠤᠸᠠᠢ ᠯᠢᠩ ᠢ᠋ ᠪᠣᠯᠪᠠᠯ ᠤ᠋ᠨ ᠮᠡᠢᠷᠡᠨ ᠠ᠋᠂ ᠠᠪᠤ ᠡᠢ ᠨᠢ ᠠᠪᠠᠴᠢᠬᠤ ᠪᠠᠷ ᠢᠷᠡᠭᠰᠡᠨ ᠪᠣᠯᠬᠣᠷ ᠠᠷᠤᠨᠰᠢ ᠪᠠᠨ ᠶᠠᠪᠤᠭᠤᠯᠬᠤ ᠦᠭᠡᠢ ᠪᠣᠯᠬᠤ ᠦᠭᠡᠢ ᠭᠡᠳ ᠠᠶᠠᠨ ᠵᠠᠮ ᠳ᠋ᠤ᠌ ᠪᠠᠨ ᠤᠨᠤᠬᠤ ᠠᠭᠲᠠ ᠬᠦᠯᠦᠭ ᠮᠣᠷᠢ ᠶ᠋ᠢ ᠨᠢ ᠡᠮᠡᠭᠡᠯᠯᠡᠵᠦ ᠥᠭᠴᠡᠢ᠃ ᠡᠷ᠎ᠡ ᠡᠮ᠎ᠡ ᠬᠣᠶᠠᠭᠤᠯᠠ ᠪᠠᠨ ᠬᠣᠯᠠ ᠠ᠋ᠴᠠ ᠢᠷᠡᠭᠰᠡᠨ ᠸᠠᠩ ᠡᠯ ᠪᠣᠯᠣᠳ ᠴᠠᠭᠠᠲᠠᠢ ᠨᠢ ᠳᠠᠭᠠᠭᠰᠠᠨ ᠡᠬᠡᠨᠡᠷ ᠲᠡᠢ ᠨᠢ ᠡᠷᠦᠬᠡ ᠭᠡᠷ ᠲᠦ᠍ ᠪᠡᠨ ᠪᠣᠯᠪᠠᠯ ᠨᠢᠭᠡ ᠰᠥᠨᠢ ᠠᠪᠴᠤ ᠥᠨᠵᠢᠭᠡᠳ᠂ ᠢᠷᠡᠬᠦ ᠡᠳᠦᠷ ᠨᠢ ᠪᠣᠯᠬᠤ ᠭᠡᠨᠡᠷᠡᠨ ᠦᠵᠡᠬᠦ ᠨᠢᠳᠦᠨ ᠳ᠋ᠦ᠍ ᠪᠡᠨ ᠨᠢᠯᠪᠤᠰᠤ ᠲᠠᠢ ᠪᠠᠷ ᠦᠷ᠎ᠡ ᠬᠥᠪᠡᠭᠦᠨ ᠪᠠ ᠶᠤᠸᠠᠢ ᠯᠢᠩ ᠢ᠋ ᠡᠷᠦᠬᠡ ᠡᠴᠡ ᠪᠡᠨ ᠠᠪᠤᠭᠠᠳ ᠮᠣᠷᠳᠠᠭᠤᠯᠤᠨ ᠶᠠᠪᠤᠭᠤᠯᠬᠤ ᠦᠶᠡᠰ ᠬᠠᠷᠠᠬᠠᠨ ᠪᠠᠭ᠎ᠠ ᠨᠠᠰᠤᠨ ᠠ᠋ᠴᠠ ᠪᠠᠨ ᠠᠭᠤᠯᠵᠠᠭᠠᠳ ᠬᠠᠢᠷ᠎ᠠ ᠬᠠᠯᠠᠮᠵᠢ ᠶ᠋ᠢᠨ ᠳᠣᠣᠷ᠎ᠠ ᠨᠢ ᠬᠥᠮᠦᠨ ᠪᠣᠯᠤᠭᠰᠠᠨ ᠪᠠ ᠶᠤᠸᠠᠢ ᠯᠢᠩ ᠬᠠᠷᠠᠵᠤ ᠦᠵᠡᠵᠦ ᠪᠠᠢᠲᠠᠯ᠎ᠠ ᠬᠣᠯᠠ ᠶ᠋ᠢᠨ ᠣᠷᠣᠨ ᠳ᠋ᠤ᠌ ᠶᠠᠪᠤᠬᠤ ᠭᠡᠵᠦ ᠪᠠᠢᠬᠤ ᠲᠤᠯᠠᠳᠠ ᠪᠠᠨ ᠬᠥᠭᠰᠢᠷᠡᠭᠡ ᠪᠣᠯᠤᠭᠰᠠᠨ ᠤ᠋ ᠮᠡᠢᠷᠡᠨ ᠡᠷ᠎ᠡ ᠡᠮ᠎ᠡ ᠬᠣᠶᠠᠭᠤᠯᠠ ᠠ᠋ᠴᠠ ᠰᠠᠯᠬᠤ ᠦᠭᠡᠢ ᠭᠡᠳᠡᠭ ᠪᠣᠯᠪᠠᠴᠤ ᠬᠡᠯᠡᠭᠰᠡᠭᠡᠷ ᠪᠠᠢᠵᠤ ᠪᠠᠢᠭᠠᠳ ᠪᠣᠯᠪᠠᠯ ᠤᠭ ᠨᠤᠲᠤᠭ ᠲᠤ᠌ ᠨᠢ ᠶᠠᠪᠤᠭᠤᠯᠬᠤ ᠪᠠᠷ ᠪᠣᠯᠭᠠᠵᠠᠢ᠃ ᠢᠷᠡᠬᠦ ᠡᠷᠲᠡᠭᠦᠷ ᠥᠪᠡᠷ ᠦ᠋ᠨ ᠭᠠᠷ ᠢ᠋ᠶ᠋ᠠᠷ ᠢ᠋ᠶ᠋ᠠᠨ ᠡᠮᠧ ᠠᠪᠤ ᠳ᠋ᠤ᠌ ᠪᠠᠨ ᠪᠤᠳᠠᠭ᠎ᠠ ᠶ᠋ᠢ ᠪᠡᠯᠡᠳᠴᠦ ᠪᠠᠷᠢᠭᠠᠳ ᠪᠣᠯᠪᠠᠯ ᠢᠳᠡᠭᠦᠯᠲᠡᠯᠡ ᠶᠣᠰᠣ ᠤᠴᠢᠷ ᠢ᠋ ᠪᠠᠰᠠ ᠲᠥᠬᠥᠭᠡᠷᠡᠭᠡᠳ ᠲᠡᠭᠡᠭᠰᠡᠨ ᠪᠠ ᠶᠤᠸᠠᠢ ᠯᠢᠩ ᠠ᠋ ᠦᠵᠡᠵᠦ ᠪᠠᠢᠲᠠᠯ᠎ᠠ ᠪᠣᠯᠪᠠᠯ ᠡᠢ ᠠᠪᠤ ᠶ᠋ᠢᠨ ᠢ᠋ᠶ᠋ᠡᠨ ᠤᠷᠢᠲᠠᠢ ᠢᠷᠡᠭᠡᠳ ᠡᠪᠦᠳᠦᠭ ᠳᠠᠷᠤᠭᠠᠳ ᠰᠥᠭᠥᠳᠴᠢᠬᠡᠵᠡᠢ ᠭᠡᠨ᠎ᠡ᠃
ᠠᠯᠲᠠᠨ ᠵᠦᠩᠰᠡᠨ ᠳ᠋ᠦ᠍ ᠪᠡᠨ ᠠᠷᠠᠵᠠ ᠪᠠᠨ ᠬᠢᠵᠡᠢ᠃
ᠠᠰᠠᠷᠠᠵᠤ ᠰᠠᠨᠠᠭᠰᠠᠨ ᠡᠶᠢ ᠠᠪᠤ ᠶ᠋ᠢᠨ ᠢ᠋ᠶ᠋ᠡᠨ ᠡᠮᠦᠨ᠎ᠡ ᠨᠢ ᠰᠥᠭᠥᠳᠦᠯ᠎ᠡ ᠬᠦᠢ
ᠠᠯᠤᠰ ᠬᠣᠯᠠ ᠰᠢᠦ ᠨᠠᠨ ᠵᠧᠦ ᠰᠢᠶᠠᠨ ᠳ᠋ᠤ᠌ ᠠᠩᠭ᠎ᠠ ᠴᠢᠨᠢ ᠶᠠᠪᠤᠨ᠎ᠠ ᠬᠦᠢ
ᠠᠭᠰᠢᠷᠠᠭᠰᠠᠨ ᠠᠪᠤ ᠶ᠋ᠢᠨ ᠢ᠋ᠶ᠋ᠡᠨ ᠢᠷᠦᠭᠡᠯ ᠢ᠋ ᠨᠢ ᠰᠣᠨᠣᠰᠤᠶ᠎ᠠ ᠬᠦᠢ
ᠮᠥᠩᠭᠥᠨ ᠵᠦᠩᠰᠡᠨ ᠳ᠋ᠦ᠍ ᠪᠡᠨ ᠮᠠᠷᠠᠵᠠ ᠶ᠋ᠢ ᠪᠡᠨ ᠬᠢᠵᠡᠢ᠃
ᠮᠥᠮᠥ ᠶ᠋ᠢᠨ ᠢ᠋ᠶ᠋ᠡᠨ ᠤᠷᠢᠲᠠᠢ ᠮᠥᠷᠭᠥᠨ ᠪᠠᠷᠢᠯ᠎ᠠ ᠬᠦᠢ
ᠮᠥᠨ ᠪᠠᠭ᠎ᠠ ᠪᠠ ᠶᠤᠸᠠᠢ ᠯᠢᠩ ᠠ᠋ ᠬᠣᠢᠰᠢ ᠪᠠᠨ ᠶᠠᠪᠤᠨ᠎ᠠ
ᠮᠥᠮᠥ ᠶ᠋ᠢᠨ ᠢ᠋ᠶ᠋ᠡᠨ ᠪᠣᠯᠪᠠᠯ ᠳᠠ ᠢᠷᠦᠭᠡᠯ ᠢ᠋ ᠰᠣᠨᠣᠰᠤᠶ᠎ᠠ ᠬᠦᠢ
ᠡᠭᠦᠨ ᠢ᠋ ᠰᠣᠨᠣᠰᠤᠨᠠᠷᠠᠨ ᠡᠶᠢ ᠠᠪᠤ ᠨᠢ ᠲᠡᠵᠢᠭᠡᠭᠰᠡᠨ ᠪᠣᠯᠪᠠᠴᠤ ᠬᠦᠢ ᠲᠥᠷᠥᠭᠰᠡᠨ ᠠᠳᠠᠯᠢ ᠰᠠᠨᠠᠭᠰᠠᠨ ᠶᠤᠮ ᠢ᠋᠂ ᠦᠵᠡᠵᠦ ᠪᠠᠢᠲᠠᠯ᠎ᠠ ᠬᠦᠦ ᠶ᠋ᠢᠨ ᠢ᠋ᠶ᠋ᠡᠨ ᠠᠷᠢᠬᠢ ᠶ᠋ᠢ ᠨᠢ ᠬᠦᠯᠢᠶᠡᠨ ᠠᠪᠴᠠᠢ᠂ ᠠᠮᠠᠨ ᠢᠷᠦᠭᠡᠯ ᠢ᠋ᠶ᠋ᠡᠨ ᠬᠠᠢᠷᠠᠯᠠᠵᠠᠢ᠂ ᠬᠤᠪᠢ ᠪᠠᠢᠪᠠᠯ ᠬᠣᠵᠢᠮ ᠳ᠋ᠤ᠌ ᠪᠠᠨ ᠪᠢᠳᠡᠨ ᠬᠡᠳᠦ ᠤᠳᠠᠭ᠎ᠠ ᠢᠯᠡᠭᠦᠦ ᠣᠯᠵᠤ ᠤᠴᠠᠷᠠᠪᠠᠯ ᠪᠣᠯᠴᠢᠬᠠᠨ᠎ᠠ ᠭᠡᠵᠡᠢ᠃ ᠢᠩᠭᠢᠭᠡᠳ ᠪᠣᠯᠪᠠᠯ ᠪᠠ ᠶᠤᠸᠠᠢ ᠯᠢᠩ ᠢ᠋ᠶ᠋ᠡᠨ ᠬᠦᠷᠭᠡᠭᠡᠳ ᠭᠠᠷᠴᠤ ᠢᠷᠡᠲᠡᠯ᠎ᠡ ᠬᠦᠢ᠂ ᠸᠠᠩ ᠡᠯ ᠡᠷ᠎ᠡ ᠡᠮ᠎ᠡ ᠬᠣᠶᠠᠷ ᠣᠳᠣ ᠶᠠᠪᠤᠨ᠎ᠠ ᠭᠡᠳ ᠨᠢᠭᠡᠮᠦᠰᠦᠨ ᠴᠠᠷᠬᠢᠷᠠᠵᠤ ᠯᠠ ᠪᠠᠢᠬᠤ ᠶᠤᠮ ᠰᠢᠦ᠂ ᠢᠳᠡᠵᠦ ᠤᠤᠭᠤᠬᠤ ᠡᠮᠦᠰᠴᠦ ᠵᠡᠭᠦᠬᠦ ᠪᠠᠢᠭᠰᠠᠨ ᠢ᠋ ᠨᠢ ᠪᠠᠰᠠ ᠪᠡᠯᠡᠳᠬᠡᠵᠦ ᠥᠭᠭᠦᠭᠡᠳ ᠦ᠋ᠨ ᠮᠡᠢᠷᠡᠨ ᠠᠳᠠᠯ ᠭᠡᠷ ᠦ᠋ᠨ ᠡᠭᠦᠳᠡᠨ ᠳᠡᠭᠡᠷ᠎ᠡ ᠪᠡᠨ ᠵᠣᠭᠰᠣᠵᠤ ᠪᠠᠢᠭᠠᠳ ᠠᠯᠤᠰ ᠭᠠᠷᠲᠠᠯ᠎ᠠ ᠨᠢ ᠠᠯᠠᠭ ᠬᠣᠶᠠᠷ ᠨᠢᠳᠦᠨ ᠳ᠋ᠦ᠍ ᠪᠡᠨ ᠨᠢᠯᠪᠤᠰᠤ ᠲᠠᠢ ᠮᠣᠷᠳᠠᠭᠤᠯᠵᠤ ᠶᠠᠪᠤᠭᠤᠯᠬᠤ ᠶ᠋ᠢ ᠬᠡᠯᠡᠬᠦ ᠦᠭᠡᠢ᠂
ᠦᠷᠢᠶ᠎ᠡ ᠬᠦᠯᠦᠭ ᠮᠣᠷᠢᠨ ᠳ᠋ᠤ᠌ ᠪᠠᠨ ᠪᠣᠯᠪᠠᠯ ᠮᠣᠷᠳᠠᠭᠠᠳ ᠦᠵᠦᠮᠦᠴᠢᠨ ᠡᠴᠡ ᠪᠡᠨ ᠰᠠᠯᠬᠤ ᠭᠡᠵᠦ ᠪᠠᠢᠬᠤ ᠪᠠ ᠶᠤᠸᠠᠢ ᠯᠢᠩ ᠠ᠋ ᠴᠠᠭᠠᠰᠢ ᠪᠠᠨ ᠬᠡᠳᠦ ᠠᠯᠬᠤᠬᠤ ᠦᠭᠡᠢ ᠨᠠᠭᠠᠰᠢ ᠪᠠᠨ ᠬᠠᠨᠳᠤᠭᠠᠳ ᠤᠬᠢᠯᠠᠭᠠᠳ ᠪᠠᠢᠬᠤ ᠶᠤᠮ ᠰᠢᠦ᠃ ᠡᠨᠡ ᠪᠠᠢᠳᠠᠯ ᠢ᠋ ᠦᠵᠡᠭᠡᠳ ᠸᠠᠩ ᠡᠯ ᠦᠨᠡᠬᠡᠷ ᠠᠭᠤᠷ ᠬᠦᠷᠴᠦ ᠪᠠᠢᠨ᠎ᠠ᠂ ᠶᠣᠰᠣ ᠤᠴᠢᠷ ᠢ᠋ ᠮᠡᠳᠡᠬᠦ ᠦᠭᠡᠢ ᠭᠡᠳ ᠡᠢᠰᠢ ᠪᠡᠨ ᠲᠠᠢᠰᠢ ᠪᠠᠨ ᠪᠠᠷ᠎ᠠ ᠬᠠᠷᠠᠭᠠᠳ ᠡᠯᠳᠡᠪ ᠢ᠋ᠶ᠋ᠡᠷ ᠪᠣᠳᠣᠭᠠᠳ ᠶᠠᠭᠤ ᠪᠠᠢᠨ᠎ᠠ ᠭᠡᠳ ᠥᠰᠪᠥᠷᠢ ᠪᠠᠭ᠎ᠠ ᠪᠠ ᠶᠤᠸᠠᠢ ᠯᠢᠩ ᠢ᠋ ᠬᠦᠢ ᠴᠢᠩᠭᠠᠭᠠᠵᠤ ᠪᠠᠢᠨ᠎ᠠ ᠲᠠᠲᠠᠵᠤ ᠪᠠᠢᠨ᠎ᠠ ᠴᠠᠭᠠᠰᠢ ᠪᠠᠨ ᠠᠪᠤᠭᠠᠳ ᠶᠠᠪᠤᠬᠤ ᠶ᠋ᠢᠨ ᠦᠶᠡᠰ ᠲᠦ᠍ ᠡᠨᠡᠲᠡᠢ ᠨᠢ ᠪᠠᠢᠵᠤ ᠪᠠᠢᠭᠰᠠᠨ ᠪᠠ ᠶᠤᠸᠠᠢ ᠯᠢᠩ ᠠ᠋ ᠡᠷᠭᠢᠨ ᠡᠷᠭᠢᠨ ᠬᠠᠨᠳᠤᠴᠢᠬᠠᠭᠠᠳ ᠡᠪᠴᠢᠭᠦᠦ ᠴᠡᠭᠡᠵᠢᠨ ᠦ᠌ ᠦᠭᠡ ᠪᠡᠨ ᠬᠡᠯᠡᠨ᠎ᠡ ᠭᠡᠨ᠎ᠡ᠃
ᠬᠠᠷᠠᠯᠠᠭᠠᠳ ᠬᠠᠷᠠᠭᠳᠠᠭᠠᠳ ᠲᠡᠭᠡᠬᠦ ᠡᠴᠡ ᠬᠠᠰᠢᠶᠠᠨ ᠤ᠋ ᠮᠢᠨᠢ ᠮᠣᠳᠣ ᠶᠤᠮ ᠠ᠋
ᠬᠠᠪᠲᠠᠭᠠᠢ ᠴᠡᠭᠡᠵᠢᠨ ᠡᠴᠡ ᠭᠠᠷᠬᠤ ᠴᠤ᠌ ᠦᠭᠡᠢ ᠮᠥᠮᠥ ᠠ᠋ ᠠᠪᠤ ᠠ᠋
ᠬᠥᠬᠡᠷᠡᠭᠡᠳ ᠦᠵᠡᠭᠳᠡᠭᠡᠳ ᠲᠡᠭᠡᠬᠦ ᠡᠴᠡ ᠬᠦᠷᠢᠶᠡᠨ ᠦ᠌ ᠮᠢᠨᠢ ᠮᠣᠳᠣ ᠶᠤᠮ ᠠ᠋
ᠬᠥᠨᠳᠡᠢ ᠴᠡᠭᠡᠵᠢᠨ ᠡᠴᠡ ᠭᠠᠷᠬᠤ ᠴᠤ᠌ ᠦᠭᠡᠢ ᠮᠥᠮᠥ ᠠ᠋ ᠠᠪᠤ ᠠ᠋ ᠬᠥᠶᠢ
ᠮᠥᠩᠭᠥᠨ ᠴᠠᠭᠠᠨ ᠪᠠᠢᠭᠤᠯᠤᠭᠠᠳ ᠲᠡᠭᠡᠭᠰᠡᠨ ᠡᠷᠦᠬᠡ ᠮᠢᠨᠢ ᠠ᠋᠂
ᠥᠷᠭᠡᠨ ᠲᠠᠯ᠎ᠠ ᠶ᠋ᠢᠨ ᠳᠤᠮᠳᠠ ᠪᠠᠨ ᠬᠣᠭᠣᠰᠣᠷᠠᠴᠢᠬᠠᠯᠠ
ᠦᠨᠡᠨ ᠰᠡᠳᠬᠢᠯ ᠡᠴᠡ ᠰᠠᠨᠠᠭᠠᠳ ᠲᠡᠭᠡᠭᠰᠡᠨ ᠡᠮᠧ ᠠᠪᠤ ᠮᠢᠨᠢ
ᠡᠷᠦᠬᠡ ᠪᠣᠯᠣᠳ ᠭᠡᠷ ᠲᠦ᠍ ᠪᠡᠨ ᠬᠥᠨᠳᠡᠢᠷᠡᠴᠢᠬᠡᠪᠡ᠃
ᠴᠠᠭᠠᠨ ᠰᠠᠢᠬᠠᠨ ᠭᠡᠷ ᠯᠡ ᠮᠢᠨᠢ ᠠ᠋᠂
ᠴᠠᠭᠠᠲᠠᠢ ᠵᠣ ᠳᠡᠭᠡᠷ᠎ᠡ ᠪᠡᠨ ᠬᠣᠴᠣᠷᠤᠭᠠᠳ ᠲᠡᠭᠡᠪᠡ ᠬᠦᠢ᠃
ᠰᠠᠨᠠᠭᠠᠳ ᠯᠠ ᠪᠣᠳᠣᠭᠠᠳ ᠲᠡᠭᠡᠭᠰᠡᠨ ᠮᠥᠮᠥ ᠠᠪᠤ ᠮᠢᠨᠢ
ᠴᠠᠭᠠᠲᠠᠢ ᠪᠠᠶᠠᠨ ᠳ᠋ᠤ᠌ ᠪᠠᠨ ᠳᠠ ᠬᠣᠭᠣᠰᠣᠷᠠᠴᠢᠬᠠᠪᠠ ᠬᠦᠢ᠃
ᠴᠢᠢᠯᠡᠭᠡᠳ ᠲᠠᠯᠪᠢᠭᠠᠳ ᠲᠡᠭᠡᠭᠰᠡᠨ ᠴᠠᠢ ᠨᠢ ᠪᠣᠯᠪᠠᠴᠤ ᠠ᠋
ᠰᠠᠢᠬᠠᠨ ᠦᠨᠦᠷ ᠨᠢ ᠳᠡ ᠲᠠᠷᠠᠭᠠᠳᠤᠢ ᠰᠢᠦ ᠬᠦᠢ
ᠰᠠᠨᠠᠭᠠᠳ ᠪᠣᠳᠣᠭᠠᠳ ᠯᠠ ᠬᠡᠯᠡᠭᠰᠡᠨ ᠦᠭᠡ ᠨᠢ ᠳᠡ᠂
ᠴᠢᠬᠢᠨ ᠦ᠌ ᠮᠢᠨᠢ ᠳᠣᠲᠣᠷ᠎ᠠ ᠬᠠᠩᠭᠢᠨᠠᠭᠰᠠᠭᠠᠷ ᠰᠢᠦ ᠬᠦᠢ
ᠬᠡᠷᠴᠢᠭᠡᠳ ᠡᠮᠬᠦᠭᠡᠳ ᠲᠡᠭᠡᠭᠰᠡᠨ ᠬᠤᠷᠤᠳ ᠨᠢ ᠰᠠᠢᠬᠠᠨ ᠠ᠋᠂
ᠬᠠᠢᠷᠠᠬᠠᠨ ᠦᠨᠦᠷ ᠨᠢ ᠳᠡ ᠲᠠᠷᠬᠠᠭᠠᠳᠤᠢ ᠰᠢᠦ ᠬᠦᠢ
ᠬᠠᠢᠷᠠᠯᠠᠵᠤ ᠰᠠᠨᠠᠭᠠᠳ ᠯᠠ ᠳᠠ ᠬᠡᠯᠡᠭᠰᠡᠨ ᠦᠭᠡ ᠨᠢ ᠳᠡ
ᠬᠠᠪᠲᠠᠭᠠᠢ ᠴᠡᠭᠡᠵᠢᠨ ᠡᠴᠡ ᠭᠠᠷᠤᠭᠠᠳᠤᠢ ᠰᠢᠦ ᠬᠦᠢ
ᠡᠭᠦᠨ ᠢ᠋ᠶ᠋ᠡᠨ ᠬᠡᠯᠡᠭᠡᠳ ᠪᠠ ᠶᠤᠸᠠᠢ ᠯᠢᠩ ᠠ᠋᠂ ᠤᠷᠪᠠᠨ ᠤᠷᠪᠠᠨ ᠬᠠᠨᠳᠤᠭᠠᠳ ᠴᠢᠰᠤ ᠨᠥᠵᠢ ᠪᠡᠷ ᠤᠬᠢᠯᠠᠬᠤ ᠶ᠋ᠢ ᠸᠠᠩ ᠡᠯ ᠡᠷ᠎ᠡ ᠡᠮ᠎ᠡ ᠬᠣᠶᠠᠭᠤᠯᠠ ᠦᠵᠡᠭᠡᠳ ᠦᠷᠦ ᠡᠪᠡᠳᠬᠦ ᠦᠭᠡᠢ ᠳᠡᠭᠡᠷ᠎ᠡ ᠡᠴᠡ ᠪᠡᠨ ᠬᠦᠢ᠂ᠳᠥᠭᠥᠰᠢ ᠶ᠋ᠢ ᠨᠢ ᠠᠯᠠᠭᠠᠳᠠᠭᠠᠳ ᠲᠣᠯᠣᠭᠠᠢ ᠶ᠋ᠢ ᠨᠢ ᠨᠢᠳᠤᠷᠭᠠᠳᠠᠵᠠᠢ᠃ ᠭᠠᠷ ᠠ᠋ᠴᠠ ᠨᠢ ᠴᠢᠩᠭᠠᠭᠠᠭᠠᠳ ᠢᠩᠭᠢᠭᠡᠳ ᠲᠡᠷᠭᠡᠨ ᠳᠡᠭᠡᠷ᠎ᠡ ᠪᠡᠨ ᠲᠡᠭᠡᠭᠡᠭᠡᠳ᠂ ᠥᠭᠭᠦᠭᠰᠡᠨ ᠮᠣᠷᠢ ᠶ᠋ᠢ ᠨᠢ ᠲᠡᠷᠭᠡᠨ ᠦ᠌ ᠪᠡᠨ ᠠᠷᠤ ᠳ᠋ᠤ᠌ ᠨᠢ ᠬᠥᠲᠥᠯᠦᠭᠡᠳ ᠢᠩᠭᠢᠭᠡᠳ ᠪᠣᠯᠪᠠᠯ ᠨᠠᠨ ᠵᠧᠦ ᠰᠢᠶᠠᠨ ᠳ᠋ᠤ᠌ ᠪᠠᠨ ᠬᠦᠷᠦᠭᠡᠳ ᠢᠷᠡᠭᠰᠡᠨ ᠶᠦᠮ ᠠ᠋᠃
ᠬᠣᠯᠠ ᠵᠠᠮ ᠢ᠋ ᠬᠥᠭᠡᠭᠡᠭᠰᠡᠭᠡᠷ ᠪᠠᠢᠭᠠᠳ ᠨᠠᠨ ᠵᠧᠦ ᠰᠢᠶᠠᠨ ᠳ᠋ᠤ᠌ ᠪᠠᠨ ᠬᠦᠷᠴᠦ ᠢᠷᠡᠵᠡᠢ᠂ ᠬᠡᠳᠦᠨ ᠡᠳᠦᠷ ᠥᠩᠭᠡᠷᠡᠭᠡᠳ ᠪᠠ ᠶᠤᠸᠠᠢ ᠯᠢᠩ ᠪᠤᠳᠠᠭ᠎ᠠ ᠴᠦ᠍ ᠢᠳᠡᠬᠦ ᠦᠭᠡᠢ ᠯᠠᠢ᠂ ᠤᠰᠤ ᠪᠠᠰᠠ ᠤᠤᠭᠤᠬᠤ ᠦᠭᠡᠢ ᠯᠠᠢ ᠶᠤᠮ ᠠ᠋᠂ ᠮᠥᠨ ᠶᠠᠩᠵᠤ ᠲᠠᠢ ᠪᠠᠢᠳᠠᠯ ᠢ᠋ ᠦᠵᠡᠭᠡᠳ ᠡᠳᠦᠷ ᠡᠳᠦᠷ ᠸᠠᠩ ᠡᠯ ᠡᠷ᠎ᠡ ᠡᠮ᠎ᠡ ᠬᠣᠶᠠᠭᠤᠯᠠ ᠡᠢᠮᠦ ᠠ᠋ ᠲᠡᠢᠮᠦ ᠠ᠋ ᠠᠭᠤᠷ ᠬᠦᠷᠦᠨ᠎ᠡ᠂ ᠡᠯᠳᠡᠪ ᠬᠣᠶᠠᠷ ᠢ᠋ᠶ᠋ᠠᠷ ᠬᠡᠯᠡᠨ᠎ᠡ᠂ ᠲᠡᠢᠮᠦ ᠭᠡᠳᠡᠭ ᠪᠣᠯᠪᠠᠴᠤ ᠪᠠ ᠶᠤᠸᠠᠢ ᠯᠢᠩ ᠦᠭᠡ ᠶ᠋ᠢ ᠨᠢ ᠪᠠᠰᠠ ᠣᠭᠲᠣ ᠰᠣᠨᠣᠰᠬᠤ ᠦᠭᠡᠢ ᠳᠡᠭᠡᠷ᠎ᠡ ᠪᠡᠨ ᠡᠳᠦᠷ ᠡᠳᠦᠷ ᠤᠬᠢᠯᠠᠵᠤ ᠤᠨᠵᠢᠬᠤ ᠪᠣᠯ ᠲᠠᠰᠤᠷᠠᠬᠤ ᠦᠭᠡᠢ ᠪᠣᠯᠤᠭᠰᠠᠨ ᠶᠤᠮ ᠠ᠋᠃ ᠶᠠᠭ ᠰᠠᠢᠬᠠᠨ ᠭᠤᠷᠪᠠᠨ ᠡᠳᠦᠷ ᠢ᠋ ᠥᠩᠭᠡᠷᠡᠭᠡᠳ ᠳᠥᠷᠪᠡᠳᠦᠭᠡᠷ ᠡᠳᠦᠷ ᠨᠢ ᠪᠣᠯᠵᠠᠢ᠃ ᠪᠠ ᠶᠤᠸᠠᠢ ᠯᠢᠩ ᠬᠣᠪᠢᠨ ᠤ᠋ ᠪᠡᠶ᠎ᠡ ᠳᠡ ᠬᠣᠢᠲᠤ ᠭᠠᠵᠠᠷ ᠲᠡᠵᠢᠭᠡᠭᠡᠳ ᠲᠡᠭᠡᠭᠰᠡᠨ ᠬᠠᠢᠷᠠᠯᠠᠵᠤ ᠰᠠᠨᠠᠭᠰᠠᠨ ᠡᠶᠢ ᠠᠪᠤ ᠪᠠᠨ ᠰᠠᠨᠠᠭᠠᠳ ᠶᠠᠭ ᠪᠣᠯᠬᠤ ᠦᠭᠡᠢ ᠲᠤᠯᠠᠳᠠ ᠪᠠᠨ᠂ ᠡᠷᠲᠡᠭᠦᠷ ᠦ᠋ᠨ ᠥᠯ ᠴᠠᠪ ᠢ᠋ᠶ᠋ᠠᠨ ᠭᠡᠵᠦ ᠢᠳᠡᠭᠰᠡᠨ ᠦᠭᠡᠢ ᠪᠡᠷ ᠡᠭᠦᠳᠡᠨ ᠳᠡᠭᠡᠷ᠎ᠡ ᠪᠡᠨ ᠭᠠᠷᠤᠭᠠᠳ ᠢᠷᠬᠦ ᠳ᠋ᠦ᠍ ᠶᠠᠭ ᠰᠠᠢᠬᠠᠨ ᠬᠡᠳᠦᠢᠨ ᠦ᠌ ᠦᠶ᠎ᠡ ᠶᠦᠮ ᠳᠡ ᠭᠡᠬᠦ ᠳ᠋ᠦ᠍ ᠵᠢᠷᠭᠤᠭᠠᠨ ᠰᠠᠷ᠎ᠠ ᠶ᠋ᠢᠨ ᠦᠶ᠎ᠡ ᠶᠦᠮ ᠰᠢᠦ᠃ ᠠᠭᠠᠷ ᠳᠡᠭᠡᠭᠦᠷ ᠪᠠᠢᠲᠠᠯ᠎ᠠ ᠠᠭᠠᠯᠳᠤᠷᠭᠠ ᠳᠤᠷ᠎ᠠ ᠪᠠᠷ ᠢ᠋ᠶ᠋ᠠᠨ ᠨᠢᠰᠴᠦ ᠶᠠᠪᠤᠨ᠎ᠠ ᠭᠡᠳ ᠪᠠ ᠶᠤᠸᠠᠢ ᠯᠢᠩ ᠠᠭᠠᠯᠳᠤᠷᠭᠠ ᠪᠣᠯᠤᠭᠠᠳ ᠨᠢᠰᠴᠦ ᠳᠡᠪᠳᠡᠷᠢᠬᠦ ᠠᠮᠢᠲᠠᠨ ᠢ᠋ ᠦᠵᠡᠴᠢᠬᠡᠭᠡᠳ ᠠᠶᠤᠤᠯᠢᠬᠠᠢ ᠴᠡᠭᠡᠵᠢᠨ ᠳ᠋ᠦ᠍ ᠪᠡᠨ ᠪᠡᠭᠲᠡᠷᠡᠭᠡᠳ ᠬᠡᠯᠡᠵᠦ ᠪᠠᠢᠨ᠎ᠠ ᠭᠡᠨ᠎ᠡ᠃
ᠠᠭᠠᠷ ᠳᠡᠭᠡᠭᠦᠷ ᠠ᠋ ᠨᠢᠰᠦᠭᠡᠳ ᠲᠡᠭᠡᠬᠦ ᠠᠭᠠᠯᠳᠤᠷᠭᠠ ᠪᠠᠢᠲᠠᠯ᠎ᠠ
ᠠᠰ ᠤ᠋ᠨ ᠰᠠᠨᠠᠭ᠎ᠠ ᠪᠠᠷ ᠢ᠋ᠶ᠋ᠠᠨ ᠨᠢᠰᠦᠨ ᠶᠠᠪᠤᠨ᠎ᠠ ᠬᠦᠢ
ᠠᠷᠪᠠᠨ ᠨᠠᠢ᠍ᠮᠠᠨ ᠨᠠᠰᠤ ᠶ᠋ᠢ ᠪᠡᠨ ᠬᠦᠷᠦᠭᠰᠡᠨ ᠪᠡᠶ᠎ᠡ ᠮᠢᠨᠢ ᠠ᠋
ᠠᠷᠤ ᠭᠠᠵᠠᠷ ᠤ᠋ᠨ ᠠᠪᠤ ᠪᠠᠨ ᠰᠠᠨᠠᠭᠠᠳ ᠤᠬᠢᠯᠠᠨ ᠰᠠᠭᠤᠨ᠎ᠠ ᠬᠦᠢ
ᠬᠥᠭᠡᠷᠦᠭᠡᠳ ᠡᠷᠭᠢᠭᠡᠳ ᠲᠡᠭᠡᠬᠦ ᠰᠢᠪᠠᠭᠤ ᠪᠠᠢᠲᠠᠯ᠎ᠠ
ᠬᠥᠨᠳᠡᠢ ᠳᠡᠭᠡᠭᠦᠷ ᠢᠶᠡᠨ ᠵᠢᠷᠭᠢᠵᠦ ᠨᠢᠰᠦᠨ᠎ᠡ ᠬᠦᠢ
ᠬᠥᠮᠦᠨ ᠪᠡᠶ᠎ᠡ ᠶ᠋ᠢ ᠪᠠᠷᠢᠭᠠᠳ ᠲᠥᠷᠥᠭᠰᠡᠨ ᠪᠠ ᠶᠤᠸᠠᠢ ᠯᠢᠩ ᠠ᠋ ᠬᠦᠢ
ᠬᠦᠰᠡᠵᠦ ᠰᠠᠨᠠᠭᠰᠠᠨ ᠡᠶᠢ ᠠᠪᠤ ᠪᠠᠨ ᠰᠠᠨᠠᠨ ᠤᠬᠢᠯᠠᠨ᠎ᠠ ᠬᠦ
ᠠᠩᠲᠤ ᠲᠣᠷᠭ᠎ᠠ ᠶ᠋ᠢ ᠪᠡᠨ ᠠᠷᠪᠠᠨ ᠳᠠᠪᠬᠤᠷ ᠡᠮᠦᠰᠪᠡᠴᠦ
ᠠᠷᠪᠠᠨ ᠰᠠᠷ᠎ᠠ ᠶ᠋ᠢᠨ ᠬᠦᠢᠲᠡᠨ ᠳ᠋ᠦ᠍ ᠪᠡᠨ ᠳᠤᠯᠠᠭᠠᠨ ᠴᠤ᠌ ᠪᠠᠢᠨ᠎ᠠ ᠤᠤ ᠳᠠ ᠬᠦᠢ
ᠠᠪᠤᠭᠠᠳ ᠢᠷᠡᠭᠰᠡᠨ ᠡᠨᠡ ᠤᠯᠤᠰ ᠤ᠋ᠳ ᠬᠡᠳᠦᠢ ᠠᠶᠤᠮᠠᠷ ᠰᠠᠨᠠᠪᠠᠴᠤ ᠠ᠋ ᠬᠦᠢ
ᠠᠷᠤ ᠭᠠᠵᠠᠷ ᠤ᠋ᠨ ᠠᠪᠤ ᠡᠢ ᠶ᠋ᠢ ᠭᠦᠢᠴᠡᠨ᠎ᠡ ᠴᠦ᠍ ᠭᠡᠨ᠎ᠡ ᠤᠤ ᠳᠠ ᠬᠦᠢ
ᠥᠭᠡᠳᠡᠩ ᠲᠣᠷᠭ᠎ᠠ ᠪᠠᠨ ᠶᠢᠰᠦᠨ ᠳᠠᠪᠬᠤᠷ ᠡᠮᠦᠰᠪᠡᠴᠦ
ᠡᠪᠦᠯ ᠦ᠋ᠨ ᠬᠦᠢᠲᠡᠨ ᠳ᠋ᠦ᠍ ᠪᠡᠨ ᠳᠤᠯᠠᠭᠠᠨ ᠴᠣ ᠪᠠᠢᠨ᠎ᠠ ᠤᠤ ᠳᠠ ᠬᠦᠢ
ᠡᠨᠡ ᠭᠡᠷ ᠦ᠋ᠨ ᠤᠯᠤᠰ ᠤ᠋ᠳ ᠴᠢᠨᠢ ᠠ᠋᠂ ᠡᠪᠲᠡᠢ ᠲᠠᠪᠲᠠᠢ ᠠᠭᠠᠰᠢᠯᠠᠪᠠᠴᠤ
ᠦᠵᠦᠮᠦᠴᠢᠨ ᠦ᠌ ᠡᠢ ᠠᠪᠤ ᠶ᠋ᠢ ᠭᠦᠢᠴᠡᠨ᠎ᠡ ᠴᠦ᠍ ᠭᠡᠨ᠎ᠡ ᠤᠤ ᠳᠠ ᠬᠦᠢ
ᠮᠥᠨ ᠢ᠋ᠶ᠋ᠡᠨ( ᠡᠭᠦᠨ ᠢ᠋ᠶ᠋ᠡᠨ) ᠬᠡᠯᠡᠭᠡᠳ ᠪᠠ ᠶᠤᠸᠠᠢ ᠯᠢᠩ ᠨᠢᠳᠦᠨ ᠨᠢᠯᠪᠤᠰᠤ ᠶ᠋ᠢ ᠤᠨᠠᠭᠠᠵᠠᠢ᠂ ᠨᠠᠭᠠᠰᠢ ᠪᠠᠨ ᠬᠦᠷᠴᠦ ᠢᠷᠡᠭᠡᠳ ᠭᠡᠨᠡᠳᠲᠡ ᠰᠠᠢᠬᠠᠨ ᠦᠵᠡᠬᠦᠯᠡᠷ ᠠᠳᠠᠯ ᠭᠡᠷ ᠡᠴᠡ ᠪᠡᠨ ᠰᠠᠯᠤᠭᠠᠳ ᠠᠷᠤᠨᠰᠢ ᠪᠠᠨ ᠢᠷᠡᠬᠦ ᠦᠶᠡᠰ ᠠᠪᠤ ᠶ᠋ᠢᠨ ᠬᠢᠨᠢ ᠡᠮᠡᠭᠡᠯᠯᠡᠭᠡᠳ ᠥᠭᠭᠦᠭᠰᠡᠨ ᠬᠦᠯᠦᠭ ᠤᠨᠤᠭ᠎ᠠ ᠮᠣᠷᠢ ᠠ᠋ ᠪᠤᠯᠠᠭ᠎ᠠ ᠶ᠋ᠢ ᠪᠡᠨ ᠲᠣᠭᠣᠷᠢᠴᠢᠬᠠᠭᠠᠳ ᠭᠠᠵᠠᠷ ᠢ᠋ ᠴᠠᠪᠴᠢᠭᠠᠳ ᠤᠨᠠᠭᠠᠨ ᠳᠠᠭᠤ ᠪᠠᠷ ᠦᠦᠷᠰᠡᠵᠦ ᠪᠠᠢᠬᠤ ᠶ᠋ᠢ ᠦᠵᠡᠭᠡᠳ᠂ ᠪᠠ ᠶᠤᠸᠠᠢ ᠯᠢᠩ ᠤᠯᠠᠮ ᠢᠯᠡᠭᠦᠦ ᠲᠡᠰᠬᠦ ᠦᠭᠡᠢ ᠯᠠᠢ᠃ ᠬᠦᠯᠦᠭ ᠮᠣᠷᠢᠨ ᠤ᠋ ᠪᠠᠨ ᠬᠠᠵᠠᠭᠤ ᠳᠡᠭᠡᠷ᠎ᠡ ᠨᠢ ᠢᠷᠡᠴᠢᠬᠡᠭᠡᠳ ᠳᠡᠯ ᠰᠡᠭᠦᠯ ᠢ᠋ ᠨᠢ ᠣᠳᠣ ᠢᠯᠢᠴᠢᠬᠡᠭᠡᠳ ᠬᠡᠯᠡᠵᠦ ᠪᠠᠢᠨ᠎ᠠ ᠭᠡᠨ᠎ᠡ᠃
ᠠᠭᠲᠠ ᠬᠦᠯᠦᠭ ᠯᠡ ᠮᠣᠷᠢ ᠠ᠋ ᠠᠳᠤᠭᠤᠰᠤ ᠶᠤᠮ ᠠ᠋ ᠬᠦᠢ
ᠠᠩᠬᠠᠨ ᠤ᠋ ᠪᠡᠯᠴᠢᠭᠡᠷ ᠢ᠋ᠶ᠋ᠡᠨ ᠰᠠᠨᠠᠵᠤ ᠯᠠ ᠪᠠᠢᠨ᠎ᠠ ᠪᠢᠵᠡ ᠬᠦᠢ
ᠠᠰ ᠤ᠋ᠨ ᠪᠡᠶ᠎ᠡ ᠮᠢᠨᠢ ᠠ᠋ ᠪᠠ ᠶᠤᠸᠠᠢ ᠯᠢᠩ ᠠ᠋ ᠬᠦᠢ
ᠠᠷᠢᠭᠤᠨ ᠴᠠᠭᠠᠪᠤᠷ ᠡᠶᠢ ᠠᠪᠤ ᠪᠠᠨ ᠪᠣᠳᠣᠨ ᠪᠠᠢᠨ᠎ᠠ ᠬᠦᠢ
ᠬᠦᠯᠦᠭ ᠮᠣᠷᠢ ᠮᠢᠨᠢ ᠳᠡ ᠠᠳᠤᠭᠤᠰᠤ ᠶᠤᠮ ᠠ᠋
ᠬᠡᠵᠢᠶᠡᠨ ᠦ᠌ ᠰᠢᠦ ᠪᠡᠯᠴᠢᠭᠡᠷ ᠢ᠋ᠶ᠋ᠡᠨ ᠰᠠᠨᠠᠵᠤ ᠯᠠ ᠪᠠᠢᠨ᠎ᠠ ᠪᠢᠵᠡ ᠬᠦᠢ
ᠬᠣᠪᠢᠨ ᠤ᠋ ᠪᠡᠶ᠎ᠡ ᠮᠢᠨᠢ ᠳᠡ ᠪᠠ ᠶᠤᠸᠠᠢ ᠯᠢᠩ ᠠ᠋ ᠬᠦᠢ
ᠬᠠᠢᠷᠠᠯᠠᠵᠤ ᠰᠠᠨᠠᠭᠰᠠᠨ ᠡᠢ ᠠᠪᠤ ᠪᠠᠨ ᠪᠣᠳᠣᠨ ᠰᠠᠭᠤᠨ᠎ᠠ ᠬᠦᠢ
ᠮᠥᠨ ᠢ᠋ᠶ᠋ᠡᠨ ᠬᠡᠯᠡᠭᠡᠳ ᠠ᠋ ᠪᠠ ᠶᠤᠸᠠᠢ ᠯᠢᠩ ᠠ᠋ ᠨᠢᠳᠦᠨ ᠨᠢᠯᠪᠤᠰᠤ ᠶ᠋ᠢ ᠨᠢᠭᠡᠨ ᠵᠡᠷᠭᠡ ᠤᠨᠠᠭᠠᠭᠠᠳ ᠡᠷᠦᠬᠡ ᠭᠡᠷ ᠲᠦ᠍ ᠪᠡᠨ ᠠᠯᠬᠤᠭᠠᠳ ᠣᠷᠣᠭᠠᠳ ᠢᠷᠡᠲᠡᠯ᠎ᠡ᠂ ᠸᠠᠩ ᠡᠯ ᠡᠷ᠎ᠡ ᠡᠮ᠎ᠡ ᠬᠣᠶᠠᠭᠤᠯᠠ ᠪᠠᠰᠠ ᠢᠳᠡᠵᠦ ᠤᠤᠭᠤᠬᠤ ᠴᠤ᠌ ᠦᠭᠡᠢ ᠯᠠᠢ ᠪᠠᠷ ᠤᠬᠢᠯᠠᠵᠤ ᠪᠠᠢᠬᠤ ᠪᠠ ᠶᠤᠸᠠᠢ ᠯᠢᠩ ᠢ᠋ ᠦᠵᠡᠭᠡᠳ ᠬᠣᠶᠠᠭᠤᠯᠠ ᠪᠠᠨ ᠬᠡᠯᠡᠯᠴᠡᠵᠡᠢ᠂ ᠬᠠᠮᠢᠭᠠᠰᠢ ᠪᠠᠨ ᠪᠣᠯᠪᠠᠴᠤ ᠡᠨᠡ ᠬᠦᠦ ᠣᠳᠣ ᠡᠨᠡ ᠶᠠᠩᠵᠤ ᠲᠠᠢ ᠪᠣᠯᠴᠢᠬᠠᠭᠰᠠᠨ ᠶᠤᠮ ᠴᠢᠨᠢ ᠡᠭᠦᠨ ᠢ᠋ ᠳᠡᠮᠡᠢ ᠯᠡ ᠵᠣᠪᠠᠭᠠᠭᠠᠳ ᠶᠠᠭᠤ ᠪᠠᠢᠨ᠎ᠠ ᠳᠠ ᠭᠡᠵᠡᠢ᠂ ᠴᠢ ᠬᠣᠢᠰᠢ ᠪᠠᠨ ᠪᠠᠰᠠ ᠣᠴᠢᠶ᠎ᠠ ᠭᠡᠵᠦ ᠰᠠᠨᠠᠵᠤ ᠪᠠᠢᠪᠠᠯ ᠣᠴᠢ ᠠ᠋᠂ ᠠᠭᠲᠠ ᠬᠦᠯᠦᠭ ᠮᠣᠷᠢ ᠪᠠᠨ ᠪᠣᠯᠪᠠᠯ ᠤᠨᠤᠭᠠᠳ ᠮᠢᠨᠦ ᠬᠦᠦ ᠬᠣᠢᠰᠢ ᠪᠠᠨ ᠣᠴᠢᠭᠠᠳ ᠠᠯᠤᠰ ᠲᠤ᠌ ᠪᠠᠢᠵᠤ ᠪᠠᠢᠬᠤ ᠠᠪᠤ ᠶ᠋ᠢᠨ ᠢ᠋ᠶ᠋ᠡᠨ ᠲᠡᠨᠳᠡ ᠬᠦᠷᠦᠭᠰᠡᠨ ᠦ᠌ ᠰᠡᠭᠦᠯᠡᠷ ᠲᠡᠨᠳᠡ ᠴᠢ ᠭᠤᠷᠪᠠᠨ ᠰᠠᠷ᠎ᠠ ᠰᠠᠭᠤᠪᠠᠯ ᠡᠨᠳᠡ ᠢᠷᠡᠭᠡᠳ ᠭᠤᠷᠪᠠᠨ ᠰᠠᠷ᠎ᠠ ᠰᠠᠭᠤ᠃ ᠬᠣᠶᠠᠷ ᠡᠲᠡᠭᠡᠳ ᠢ᠋ᠶ᠋ᠡᠷ ᠢ᠋ᠶ᠋ᠡᠨ ᠪᠣᠯᠪᠠᠯ ᠪᠢᠳᠡ ᠬᠠᠷᠢᠯᠴᠠᠨ ᠰᠠᠢᠬᠠᠨ ᠶᠠᠪᠤᠯᠴᠠᠪᠠᠯ ᠪᠠᠷᠠᠴᠢᠬᠠᠵᠠᠢ ᠭᠡᠲᠡᠯ᠎ᠡ ᠪᠠ ᠶᠤᠸᠠᠢ ᠯᠢᠩ ᠣᠳᠣ ᠳᠣᠲᠣᠷ᠎ᠠ ᠪᠠᠨ ᠶᠡᠬᠡ ᠯᠡ ᠪᠠᠶᠠᠷᠯᠠᠵᠠᠢ᠂ ᠡᠨᠡ ᠦᠨᠡᠬᠡᠷ ᠲᠡᠭᠷᠢ ᠡᠴᠡ ᠪᠠᠭᠤᠭᠰᠠᠨ ᠥᠷᠥᠰᠢᠶᠡᠯ ᠠᠳᠠᠯᠢ ᠪᠣᠳᠣᠵᠠᠢ᠂ ᠲᠥᠪ ᠲᠦᠷᠭᠡᠨ ᠭᠠᠷᠤᠭᠠᠳ ᠬᠦᠯᠢᠭ ᠮᠣᠷᠢ ᠶ᠋ᠢ ᠪᠡᠨ ᠡᠮᠡᠭᠡᠯᠯᠡᠭᠡᠳ ᠴᠠᠭᠠᠰᠢ ᠪᠠᠨ ᠭᠠᠷᠤᠭᠰᠠᠨ ᠲᠡᠳᠦᠢ ᠬᠦᠢ ᠠᠷᠤ ᠠ᠋ᠴᠠ ᠨᠢ ᠣᠳᠣ ᠡᠷᠭᠢᠭᠡᠳ ᠢᠷ᠎ᠡ ᠭᠡᠵᠦ ᠪᠠᠢᠬᠤ ᠦᠭᠡ ᠶ᠋ᠢ ᠨᠢ ᠪᠠᠰᠠ ᠰᠣᠨᠣᠰᠤᠭᠰᠠᠨ ᠦᠭᠡᠢ ᠶᠦᠮ ᠠ᠋᠂ ᠠᠭᠲᠠ ᠬᠦᠯᠦᠭ ᠮᠣᠷᠢᠨ ᠳ᠋ᠤ᠌ ᠪᠠᠨ ᠮᠣᠷᠳᠠᠮᠠᠭᠴᠠ᠂ ᠠᠷᠤᠨᠰᠢ ᠪᠠᠨ ᠠᠩᠬᠠᠨ ᠤ᠋ ᠰᠠᠭᠤᠭᠰᠠᠨ ᠦᠵᠦᠮᠦᠴᠢᠨ ᠵᠦᠭ ᠢ᠋ᠶ᠋ᠡᠨ ᠭᠠᠷᠤᠭᠠᠳ ᠳᠣᠪᠲᠣᠯᠤᠭᠠᠳ ᠬᠥᠳᠡᠯᠦᠭᠡᠳ ᠥᠭᠴᠡᠢ᠂ ᠬᠣᠯᠠ ᠵᠠᠮ ᠢ᠋ ᠬᠥᠭᠡᠭᠡᠭᠡᠳ ᠪᠠ ᠶᠤᠸᠠᠢ ᠯᠢᠩ ᠶᠠᠪᠤᠭᠰᠠᠭᠠᠷ ᠪᠠᠢᠵᠤ ᠪᠠᠢᠭᠠᠳ ᠥᠪᠡᠷ ᠦ᠋ᠨ ᠰᠠᠭᠤᠭᠰᠠᠨ ᠦᠵᠦᠮᠦᠴᠢᠨ ᠡᠴᠢᠭᠡ ᠪᠣᠯᠣᠳ ᠡᠬᠡ ᠶ᠋ᠢᠨ ᠢ᠋ᠶ᠋ᠡᠨ ᠪᠠᠢᠬᠤ ᠭᠠᠵᠠᠷ ᠠ᠋ᠴᠠ ᠬᠦᠢ ᠵᠢᠷᠠᠨ ᠭᠠᠵᠠᠷ ᠬᠢᠷᠢᠲᠡᠢ ᠣᠢᠷᠠᠯᠴᠠᠭ᠎ᠠ ᠬᠦᠷᠴᠦ ᠢᠷᠡᠭᠡᠳ ᠠ᠋ ᠠᠭᠲᠠ ᠬᠦᠯᠦᠭ ᠮᠣᠷᠢ ᠨᠢ ᠨᠢᠭᠡᠮᠦᠰᠦᠨ ᠮᠠᠭᠤᠳᠠᠵᠤ ᠲᠡᠭᠡᠵᠡᠢ ᠭᠡᠨ᠎ᠡ᠂ ᠪᠣᠯᠤᠮᠠᠷ ᠨᠢᠭᠡ ᠪᠠᠭᠤᠴᠠ ᠶ᠋ᠢᠨ ᠭᠠᠵᠠᠷ ᠢ᠋ ᠣᠯᠤᠭᠠᠳ ᠮᠣᠷᠢ ᠪᠠᠨ ᠠᠮᠠᠷᠠᠭᠤᠯᠤᠭᠠᠳ ᠡᠷᠭᠢᠬᠦ ᠶ᠋ᠢᠨ ᠡᠳᠦᠷ ᠶᠠᠪᠤᠶ᠎ᠠ ᠭᠡᠵᠦ ᠪᠠ ᠶᠤᠸᠠᠢ ᠯᠢᠩ ᠪᠣᠯ ᠢᠩᠭᠢᠵᠦ ᠪᠣᠳᠣᠵᠠᠢ᠂ ᠬᠦᠯᠦᠭ ᠮᠣᠷᠢ ᠪᠠᠨ ᠠᠮᠠᠷᠠᠭᠤᠯᠤᠭᠠᠳ ᠡᠷᠭᠢᠬᠦ ᠶ᠋ᠢᠨ ᠡᠳᠦᠷ ᠶᠠᠪᠤᠶ᠎ᠠ ᠭᠡᠵᠦ ᠰᠠᠨᠠᠵᠤ ᠪᠠᠢᠭᠰᠠᠭᠠᠷ᠂ ᠦᠷ ᠦ᠋ᠨ ᠭᠡᠭᠡ ᠣᠷᠣᠬᠤ ᠠ᠋ᠴᠠ ᠤᠷᠢᠲᠠᠢ ᠡᠪᠴᠢᠭᠦᠦ ᠴᠡᠭᠡᠵᠢᠨ ᠳ᠋ᠦ᠍ ᠨᠢᠭᠡᠮᠦᠰᠦᠨ ᠶᠠᠭᠠᠷᠠᠬᠤ ᠶᠤᠮ ᠲᠤᠯᠠᠳᠠ ᠪᠠᠨ ᠮᠣᠷᠢ ᠨᠢ ᠠᠮᠠᠷᠠᠭᠠᠳ ᠭᠦᠢᠴᠡᠴᠢᠬᠡᠵᠡᠢ ᠭᠡᠨᠡᠷᠡᠨ ᠬᠦᠯᠦᠭ ᠤᠨᠤᠭ᠎ᠠ ᠮᠣᠷᠢ ᠶ᠋ᠢ ᠪᠡᠨ ᠡᠷᠭᠢᠵᠦ ᠡᠮᠡᠭᠡᠯᠯᠡᠭᠡᠳ ᠬᠣᠪᠢᠨ ᠤ᠋ ᠰᠠᠭᠤᠭᠰᠠᠨ ᠪᠣᠯᠪᠠᠯ ᠦᠵᠦᠮᠦᠴᠢᠨ ᠦ᠌ ᠵᠦᠭ ᠲᠦ᠍ ᠪᠡᠨ ᠬᠠᠷᠠᠵᠤ ᠦᠵᠡᠵᠦ ᠪᠠᠢᠲᠠᠯ᠎ᠠ ᠣᠳᠣ ᠦᠷ ᠦ᠋ᠨ ᠭᠡᠭᠡ ᠪᠡᠷ ᠪᠠ ᠶᠤᠸᠠᠢ ᠯᠢᠩ ᠴᠠᠭᠠᠰᠢ ᠪᠠᠨ ᠭᠠᠷᠤᠭᠠᠳ ᠳᠣᠪᠲᠣᠯᠤᠭᠤᠯᠵᠤ ᠪᠠᠢᠨ᠎ᠠ ᠭᠡᠨ᠎ᠡ᠃
ᠱᠣᠭᠰᠢᠭᠤᠯᠤᠶᠠ᠂ ᠱᠣᠭᠰᠢᠭᠤᠯᠤᠶᠠ᠂ ᠱᠣᠭᠰᠢᠭᠤᠯᠤᠭᠰᠠᠭᠠᠷ ᠶᠠᠪᠤᠶ᠎ᠠ ᠬᠦᠢ
ᠴᠣᠯᠮᠣᠨ ᠣᠳᠣ ᠨᠢ ᠭᠠᠷᠬᠤ ᠠ᠋ᠴᠠ ᠤᠷᠢᠲᠠᠢ ᠮᠥᠮᠥ ᠳ᠋ᠦ᠍ ᠪᠡᠨ ᠠᠭᠤᠯᠵᠠᠶ᠎ᠠ ᠬᠦᠢ
ᠭᠦᠶᠦᠯᠭᠡᠶᠡ ᠳᠡ ᠭᠦᠶᠦᠯᠭᠡᠶᠡ ᠳᠡ ᠭᠦᠶᠦᠯᠭᠡᠭᠰᠡᠭᠡᠷ ᠶᠠᠪᠤᠶ᠎ᠠ ᠃
ᠭᠡᠭᠡ ᠣᠷᠣᠬᠤ ᠠ᠋ᠴᠠ ᠤᠷᠢᠲᠠᠢ ᠮᠥᠮᠥ ᠳ᠋ᠦ᠍ ᠪᠡᠨ ᠠᠭᠤᠯᠵᠠᠶ᠎ᠠ ᠬᠦᠢ
ᠦᠰᠦᠭ ᠠᠮᠢᠯᠠᠭᠤᠯᠤᠭᠰᠠᠨ ᠨᠢ᠄ ᠭᠠᠸᠠ
ᠦᠰᠦᠭ ᠬᠠᠲᠠᠭᠰᠠᠨ ᠨᠢ ᠄ ᠭᠠᠸᠠ
ᠬᠢᠨᠠᠭᠴᠢ ᠪᠠᠭᠰᠢ ᠄ᠢᠷᠡᠭᠡᠳᠦᠢ
ᠪᠢᠴᠢᠯᠭᠡ ᠵᠢᠷᠤᠭ ᠨᠠᠢᠷᠠᠭᠤᠯᠤᠭᠰᠠᠨ ᠨᠢ ᠄ ᠣᠯᠬᠣᠨᠤᠳ ᠠᠶᠤᠰᠢ᠂ ᠳᠥᠭᠥᠮ ᠬᠠᠳᠠᠮᠠᠯ ᠴᠤᠭᠯᠠᠷᠠᠯ
