ᠭᠠᠵᠠᠳ ᠯᠠᠮᠠᠬᠠᠢ -ᠠᠯᠲᠠᠨᠴᠢᠮᠡᠭ Газад ламхай-Алтанчимэг ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠵᠠᠳ ᠯᠠᠮᠠᠬᠠᠢ -ᠠᠯᠲᠠᠨᠴᠢᠮᠡᠭ Газад ламхай-Алтанчимэг

ᠭᠠᠵᠠᠳ ᠯᠠᠮᠠᠬᠠᠢ -ᠠᠯᠲᠠᠨᠴᠢᠮᠡᠭ Газад ламхай-Алтанчимэг

2025-07-29

1712

ᠭᠠᠵᠠᠳ ᠯᠠᠮᠠᠬᠠᠢ

   ᠣᠷᠳᠣᠰ ᠠᠷᠠᠳ ᠤ᠋ᠨ ᠳᠠᠭᠤᠤ 
  ᠳᠠᠭᠤᠴᠢᠨ᠄ ᠠᠯᠲᠠᠨᠴᠢᠮᠡᠭ 

ᠰᠠᠮᠪᠠᠢ ᠰᠠᠭᠰᠠᠭᠠᠷ ᠭᠡᠵᠢᠭᠡ ᠪᠡᠨ 
ᠰᠠᠮ ᠱᠦᠭᠦᠷ ᠢ᠋ᠶ᠋ᠡᠷ ᠭᠣᠶᠣᠯᠠᠵᠤ ᠪᠠᠢᠨ᠎ᠠ 
ᠰᠠᠨᠠᠭᠰᠠᠨ ᠰᠡᠳᠬᠢᠯ ᠴᠢᠨᠦ ᠪᠡᠶ᠎ᠡ ᠳᠡᠭᠡᠷ᠎ᠡ 
ᠰᠠᠨᠠᠭᠳᠠᠭᠰᠠᠨ ᠭᠠᠵᠠᠷ ᠱᠠᠷᠯᠢᠭ ᠵᠣᠣ ᠳᠡᠭᠡᠷ᠎ᠡ 
ᠭᠠᠵᠠᠳ ᠯᠠᠮᠠᠬᠠᠢ 

ᠡᠪᠡᠷ ᠰᠠᠯᠠᠭ᠎ᠠ ᠭᠡᠵᠢᠭᠡ ᠴᠢᠨᠢ 
ᠥᠩᠭᠡ ᠪᠦᠷᠢ ᠪᠡᠷ ᠳᠠᠷᠤᠭᠤᠯᠵᠠᠢ 
ᠥᠪᠡᠷ ᠦ᠋ᠨ ᠪᠢᠰᠢ ᠬᠥᠮᠦᠨ ᠢ᠋ ᠪᠣᠯᠪᠠᠯ 
ᠦᠦᠷ ᠦ᠋ᠨ ᠰᠥᠨᠢ ᠪᠡᠷ ᠡᠪᠦᠷ ᠬᠣᠭᠣᠰᠣᠨ
ᠭᠠᠵᠠᠳ ᠯᠠᠮᠠᠬᠠᠢ

ᠬᠠᠳᠠᠨ ᠳᠡᠭᠡᠷ᠎ᠡ ᠪᠡᠨ ᠭᠠᠷᠬᠤ ᠳ᠋ᠤ᠌
ᠬᠠᠩᠭᠠᠢ ᠨᠤᠲᠤᠭ ᠬᠠᠷᠠᠭᠳᠠᠨ᠎ᠠ
ᠬᠠᠳᠠᠨ ᠠ᠋ᠴᠠ ᠪᠠᠨ ᠪᠠᠭᠤᠬᠤ ᠳ᠋ᠤ᠌
ᠬᠠᠨᠴᠤᠢ ᠳᠦᠭᠦᠷᠡᠩ ᠨᠢᠯᠪᠤᠰᠤ ᠲᠠᠢ ᠶᠠ
ᠭᠠᠵᠠᠳ ᠯᠠᠮᠠᠬᠠᠢ

ᠥᠨᠳᠥᠷ ᠳᠡᠭᠡᠷ᠎ᠡ ᠪᠡᠨ ᠭᠠᠷᠬᠤ ᠳ᠋ᠤ᠌
ᠥᠪᠡᠷ ᠦ᠋ᠨ ᠨᠤᠲᠤᠭ ᠬᠠᠷᠠᠭᠳᠠᠨ᠎ᠠ
ᠥᠨᠳᠥᠷ ᠳᠡᠭᠡᠷ᠎ᠡ ᠡᠴᠡ ᠪᠠᠭᠤᠬᠤ ᠳ᠋ᠤ᠌
ᠡᠪᠦᠷ ᠳᠦᠭᠦᠷᠡᠩ ᠨᠢᠯᠪᠤᠰᠤ ᠲᠠᠢ ᠶᠠ
ᠭᠠᠵᠠᠳ ᠯᠠᠮᠠᠬᠠᠢ

ᠬᠣᠣ ᠲᠠᠢ ᠴᠠᠢ ᠴᠢᠨᠢ ᠬᠠᠯᠠᠭᠤᠬᠠᠨ ᠪᠠᠢᠨ᠎ᠠ
ᠱᠠᠭᠠᠵᠠᠩ ᠠᠶᠠᠭ᠎ᠠ ᠴᠢᠨᠢ ᠴᠠᠪ ᠲᠠᠢ ᠪᠠᠢᠨ᠎ᠠ
ᠴᠢᠨᠦ ᠬᠡᠯᠡᠭᠰᠡᠨ ᠬᠡᠳᠦᠨ ᠦᠭᠡ
ᠴᠡᠭᠡᠵᠢᠨ ᠳᠣᠲᠣᠷ᠎ᠠ ᠭᠦᠳᠦᠢᠵᠦ ᠪᠠᠢᠨ᠎ᠠ
ᠭᠠᠵᠠᠳ ᠯᠠᠮᠠᠬᠠᠢ

ᠴᠠᠭᠠᠨ ᠮᠣᠷᠢ ᠪᠠᠨ ᠤᠨᠠᠪᠠᠯ
ᠴᠠᠭᠠᠳᠤ ᠱᠣᠩ ᠳᠡᠭᠡᠷ᠎ᠡ ᠤᠶᠠᠭᠠᠲᠠᠢ
ᠴᠠᠭᠠᠲᠠᠢ ᠪᠠᠢᠬᠤ ᠪᠠᠨ ᠮᠡᠳᠡᠪᠡᠯ
ᠴᠢᠮ᠎ᠠ ᠲᠠᠢ ᠶᠠᠭᠤ ᠪᠠᠨ ᠬᠡᠯᠡᠯᠴᠡᠨ᠎ᠡ ᠳ᠋ᠣᠣ
ᠭᠠᠵᠠᠳ ᠯᠠᠮᠠᠬᠠᠢ

ᠴᠠᠭᠠᠲᠠᠢ ᠪᠠᠢᠬᠤ ᠪᠠᠨ ᠮᠡᠳᠡᠪᠡᠯ
ᠴᠢᠮ᠎ᠠ ᠲᠠᠢ ᠶᠠᠭᠤ ᠪᠠᠨ ᠬᠡᠯᠡᠯᠴᠡᠨ᠎ᠡ ᠳ᠋ᠣᠣ
ᠭᠠᠵᠠᠳ ᠯᠠᠮᠠᠬᠠᠢ

   ᠦᠰᠦᠭ ᠬᠠᠲᠠᠵᠤ᠂ ᠠᠮᠢᠯᠠᠭᠤᠯᠤᠭᠰᠠᠨ᠄ ᠠᠯᠲᠠᠨᠴᠢᠮᠡᠭ