ᠬᠠᠷ᠎ᠠ ᠴᠢᠨᠣ᠎ᠠ ᠶ᠋ᠢᠨ ᠥᠷᠭᠡᠰᠦХар чинийн өргөсKhar chiniin örgös
ᠬᠠᠷ᠎ᠠ ᠴᠢᠨᠣ᠎ᠠ ᠶ᠋ᠢᠨ ᠥᠷᠭᠡᠰᠦ
ᠲᠤᠰ ᠡᠮ ᠪᠣᠯ ᠤᠳ᠌ᠪᠠᠯ᠎ᠠ ᠴᠡᠴᠡᠭ ᠦ᠋ᠨ ᠢᠵᠠᠭᠤᠷ ᠤ᠋ᠨ ᠤᠷᠭᠤᠮᠠᠯ ᠪᠣᠯᠬᠤ ᠴᠢᠨᠣ᠎ᠠ ᠶ᠋ᠢᠨ ᠥᠷᠭᠡᠰᠦ ᠶ᠋ᠢᠨ ᠬᠠᠲᠠᠭᠠᠭᠰᠠᠨ ᠬᠥᠷᠥᠰᠥᠨ ᠳᠡᠭᠡᠷᠡᠬᠢ ᠬᠡᠰᠡᠭ ᠮᠥᠨ᠃ ᠪᠠᠰᠠ ᠵᠠᠩᠼᠸᠷᠨᠠᠭᠪᠤ ᠭᠡᠳᠡᠭ᠃
[ ᠤᠤᠯ ᠤᠷᠭᠤᠮᠠᠯ] ᠬᠣᠶᠠᠷ ᠨᠠᠰᠤᠲᠤ ᠡᠪᠡᠰᠦᠯᠢᠭ ᠤᠷᠭᠤᠮᠠᠯ᠃70~100cm ᠥᠨᠳᠥᠷ᠂ ᠡᠰᠢ ᠨᠢ ᠰᠢᠯᠤᠭᠤᠨ᠂ ᠨᠣᠭᠣᠭᠠᠨ ᠳᠠᠯᠠᠪᠴᠢ ᠲᠠᠢ ᠪᠥᠭᠡᠳ ᠳᠡᠭᠡᠷ᠎ᠡ ᠨᠢ ᠠᠷᠠᠭᠠᠲᠤ ᠥᠷᠭᠡᠰᠦ ᠲᠡᠢ᠃ ᠨᠠᠪᠴᠢ ᠨᠢ ᠴᠤᠪᠤᠷᠠᠨ ᠤᠷᠭᠤᠨ᠎ᠠ᠂ ᠳᠣᠣᠷ᠎ᠠ ᠬᠡᠰᠡᠭ ᠦ᠋ᠨ ᠨᠠᠪᠴᠢ ᠨᠢ ᠵᠣᠣᠪᠠᠩᠯᠢᠭ ᠬᠠᠪᠲᠠᠭᠠᠢ ᠲᠡᠪᠡᠨᠡ ᠬᠡᠯᠪᠡᠷᠢ ᠲᠡᠢ᠂ ᠥᠳᠥᠯᠢᠭ ᠭᠦᠨ ᠣᠨᠢ ᠲᠠᠢ᠂ ᠰᠡᠵᠢᠭᠦᠷ ᠢᠯᠲᠠᠰᠤ ᠶ᠋ᠢᠨ ᠬᠥᠪᠡᠭᠡ ᠪᠡᠷ ᠨᠢ ᠥᠷᠭᠡᠰᠦ ᠲᠡᠢ᠂ ᠨᠠᠪᠴᠢᠨ ᠥᠪᠥᠷ ᠲᠤᠨᠢ ᠶᠠᠯᠢᠮ ᠦᠭᠡᠢ ᠦᠰᠦ ᠲᠡᠢ᠂ ᠠᠷᠤ ᠳ᠋ᠤᠨᠢ ᠠᠩᠬᠠᠨ ᠳ᠋ᠠᠭᠠᠨ ᠠᠭᠠᠯᠵᠢᠨ ᠲᠣᠣᠷ ᠰᠢᠭ᠋ ᠦᠰᠦ ᠲᠡᠢ ᠪᠣᠯᠪᠠᠴᠤ ᠠᠶᠠᠨᠳᠠᠭᠠᠨ ᠵᠤᠯᠭᠠᠷᠠᠨ ᠦᠰᠦ ᠦᠭᠡᠢ ᠪᠣᠯᠳᠠᠭ᠃ ᠳᠡᠭᠡᠷ᠎ᠡ ᠬᠡᠰᠡᠭ ᠦ᠋ᠨ ᠨᠠᠪᠴᠢ ᠨᠢ ᠢᠳᠡᠭ ᠢᠳᠡᠭ ᠢ᠋ᠶ᠋ᠡᠷ ᠪᠠᠭᠠᠰᠤᠨ᠎ᠠ᠃ ᠲᠣᠯᠣᠭᠠᠢ ᠬᠡᠯᠪᠡᠷᠢᠲᠦ ᠪᠠᠭ ᠴᠡᠴᠡᠭ ᠨᠢ ᠮᠥᠴᠢᠷ ᠦ᠋ᠨ ᠢ᠋ᠶ᠋ᠡᠨ ᠣᠷᠣᠢ ᠳ᠋ᠤ᠌ ᠳᠡᠯᠭᠡᠷᠡᠨ᠎ᠡ᠃ ᠶᠡᠷᠦᠩᠬᠡᠢ ᠪᠠᠭᠯᠠᠭᠴᠢ ᠨᠢ ᠬᠤᠩᠬ᠎ᠠ ᠰᠢᠭ᠋᠂ ᠶᠡᠷᠦᠩᠬᠡᠢ ᠪᠠᠭᠯᠠᠭᠴᠢ ᠢᠯᠲᠠᠰᠤ ᠨᠢ7~8 ᠳᠠᠪᠬᠤᠷ᠂ ᠭᠠᠳᠠᠷ ᠠ᠋ᠴᠠ ᠳᠣᠲᠣᠭᠰᠢ ᠪᠠᠨ ᠢᠳᠡᠭ ᠢᠳᠡᠭ ᠢ᠋ᠶ᠋ᠡᠷ ᠨᠡᠮᠡᠭᠳᠡᠨ᠎ᠡ᠃ ᠳᠤᠮᠳᠠ ᠳᠠᠪᠬᠤᠷ ᠤ᠋ᠨ ᠪᠠᠭᠯᠠᠭᠴᠢ ᠢᠯᠲᠠᠰᠤ ᠶ᠋ᠢᠨ ᠤᠷᠲᠤ ᠱᠣᠪᠣᠭᠣᠷ ᠦᠵᠦᠭᠦᠷ ᠨᠢ ᠥᠷᠭᠡᠰᠦᠯᠢᠭ ᠪᠣᠯᠵᠤ ᠮᠠᠲᠠᠷᠢᠨ᠎ᠠ᠃ ᠳᠣᠲᠣᠷ᠎ᠠ ᠳᠠᠪᠬᠤᠷ ᠤ᠋ᠨ ᠪᠠᠭᠯᠠᠭᠴᠢ ᠢᠯᠲᠠᠰᠤ ᠨᠢ ᠰᠠᠯᠢᠰᠤᠯᠢᠭ᠂ ᠵᠢᠭᠠᠬᠠᠨ ᠪᠣᠷᠣᠪᠲᠤᠷ᠂ ᠴᠡᠴᠡᠭ ᠨᠢ ᠪᠦᠷ ᠬᠣᠭᠣᠯᠠᠢ ᠬᠡᠯᠪᠡᠷᠢ ᠲᠡᠢ᠂ ᠬᠣᠣᠰ ᠪᠡᠯᠭᠡ ᠲᠡᠢ᠂ ᠪᠣᠷᠣ ᠤᠯᠠᠭᠠᠨ ᠥᠩᠭᠡ ᠲᠡᠢ᠂ ᠴᠡᠴᠡᠭ ᠦ᠋ᠨ ᠳᠡᠯᠪᠢ ᠨᠢ5 ᠣᠨᠢ ᠲᠠᠢ᠃ ᠴᠡᠴᠡᠭ ᠦ᠋ᠨ ᠪᠠᠭᠠᠨ᠎ᠠ ᠳᠡᠭᠡᠷ᠎ᠡ ᠨᠢ ᠦᠰᠦ ᠲᠡᠢ᠃ ᠲᠤᠷᠠᠩᠬᠠᠢ ᠵᠢᠮᠢᠰ ᠨᠢ ᠤᠷᠲᠤᠯᠵᠢᠨ ᠵᠤᠤᠪᠠᠩ ᠬᠡᠯᠪᠡᠷᠢ ᠲᠡᠢ᠂ ᠣᠷᠣᠢ ᠨᠢ ᠲᠡᠭᠰᠢ᠂ ᠲᠢᠲᠢᠮ ᠦᠰᠦ ᠨᠢ ᠴᠠᠭᠠᠨ ᠪᠤᠶᠤ ᠴᠠᠢᠪᠤᠷ ᠴᠠᠭᠠᠨ᠂ ᠥᠷᠭᠡᠰᠦ ᠦᠰᠦ ᠰᠢᠭ ᠪᠣᠯᠳᠠᠭ᠃6~8 ᠳ᠋ᠤᠭᠠᠷ ᠰᠠᠷ᠎ᠠ ᠳ᠋ᠤ᠌ ᠴᠡᠴᠡᠭᠯᠡᠵᠦ᠂8~9 ᠳ᠋ᠦ᠍ᠭᠡᠷ ᠰᠠᠷ᠎ᠠ ᠳ᠋ᠤ᠌ ᠵᠢᠮᠢᠰᠯᠡᠨ᠎ᠡ᠃
[ ᠤᠷᠭᠤᠬᠤ ᠣᠷᠴᠢᠨ ᠬᠢᠭᠡᠳ ᠲᠠᠷᠬᠠᠴᠠ] ᠬᠡᠭᠡᠷ᠎ᠡ ᠲᠠᠯ᠎ᠠ᠂ ᠵᠠᠮ ᠤ᠋ᠨ ᠬᠠᠵᠠᠭᠤ ᠪᠠᠷ ᠤᠷᠭᠤᠨ᠎ᠠ᠃ ᠪᠦᠬᠦ ᠤᠯᠤᠰ ᠤ᠋ᠨ ᠡᠯ᠎ᠡ ᠭᠠᠵᠠᠷ ᠲᠤ ᠨᠡᠢᠳᠡᠮ ᠲᠠᠷᠬᠠᠴᠠ ᠲᠠᠢ᠃
[ᠲᠡᠭᠦᠵᠦ ᠪᠣᠯᠪᠠᠰᠤᠷᠠᠭᠤᠯᠬᠤ] ᠵᠤᠨ ᠴᠡᠴᠡᠭᠯᠡᠭᠰᠡᠨ ᠦᠶ᠎ᠡ ᠳ᠋ᠦ᠍ᠨᠢ ᠬᠠᠳᠤᠵᠤ ᠠᠪᠤᠭᠠᠳ᠂ ᠬᠣᠯᠢᠮᠠᠭ ᠵᠦᠢᠯ ᠢ᠋ ᠨᠢ ᠠᠷᠢᠯᠭᠠᠨ ᠬᠠᠶᠠᠵᠤ᠂ ᠬᠡᠷᠴᠢᠭᠡᠳ ᠨᠠᠷᠠᠨ ᠳ᠋ᠤ᠌ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠭᠠᠰᠢᠭᠤᠨ᠂ ᠭᠤᠱᠤᠭᠤᠨ ᠠᠮᠲᠠ ᠲᠠᠢ᠃ ᠪᠦᠯᠢᠶᠡᠨ ᠴᠢᠨᠠᠷ ᠲᠠᠢ᠃ ᠬᠦᠯᠪᠡᠷᠢᠭᠦᠨ᠂ ᠨᠦᠮᠵᠦᠭ ᠦᠭᠡᠢ᠂ ᠬᠥᠩᠭᠡᠨ᠂ ᠰᠢᠷᠦᠭᠦᠨ ᠡᠷᠳᠡᠮ ᠲᠡᠢ᠃
[ ᠴᠢᠳᠠᠯ ᠪᠠ ᠭᠣᠣᠯᠳᠠᠭᠤ ᠵᠠᠰᠠᠬᠤ] ᠪᠠᠳᠭ᠋ᠠᠨ ᠢ᠋ ᠳᠠᠷᠤᠬᠤ᠂ ᠴᠢᠭᠢᠬ᠎ᠠ ᠶ᠋ᠢ ᠨᠣᠮᠣᠬᠠᠳᠬᠠᠬᠤ᠂ ᠬᠠᠪᠤᠳᠠᠷ ᠢ᠋ ᠬᠠᠷᠢᠭᠤᠯᠬᠤ ᠴᠢᠳᠠᠯ ᠲᠠᠢ᠃ ᠭᠣᠣᠯᠳᠠᠭᠤ ᠡᠰᠡ ᠰᠢᠩᠭᠡᠭᠰᠡᠨ᠂ ᠳᠣᠲᠣᠷ ᠠᠮᠤᠷ ᠦᠭᠡᠢ ᠪᠣᠯᠬᠤ᠂ ᠰᠢᠩᠭᠡᠯᠲᠡ ᠮᠠᠭᠤᠳᠠᠬᠤ᠂ ᠠᠶᠤᠤᠯᠢᠬᠠᠢ ᠶ᠋ᠢᠨ ᠪᠠᠳᠭ᠋ᠠᠨ ᠢ᠋ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄飞廉
ᠠᠩᠭ᠌ᠯᠢ ᠨᠡᠷ᠎ᠡ᠄Carduus crispus L.
ᠦᠰᠦᠭ ᠠᠮᠢᠯᠠᠭᠤᠯᠤᠭᠴᠢ᠄ ᠲᠤᠤᠬᠤᠸᠠᠷ
ᠬᠢᠨᠠᠭᠴᠢ᠄ ᠣᠶᠤᠨᠴᠢᠮᠡᠭ ᠲᠤᠶᠠᠭ᠎ᠠ
