ᠥᠭᠡᠯᠦᠨ – ᠦᠬᠦᠯ ᠦᠨ ᠬᠣᠢᠨ᠎ᠠ ᠦᠯᠡᠳᠡᠭᠰᠡᠳ - ᠴᠢᠩᠭᠢᠰ ᠬᠠᠭᠠᠨ ᠊ᠤ᠌ ᠨᠢᠭᠤᠴᠠ ᠲᠡᠦᠬᠡ 10 Өөлөн –Үхлийн хоно үлдэгсэд - Чингис хаан оо нууц түүх 10 ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠭᠡᠯᠦᠨ – ᠦᠬᠦᠯ ᠦᠨ ᠬᠣᠢᠨ᠎ᠠ ᠦᠯᠡᠳᠡᠭᠰᠡᠳ - ᠴᠢᠩᠭᠢᠰ ᠬᠠᠭᠠᠨ ᠊ᠤ᠌ ᠨᠢᠭᠤᠴᠠ ᠲᠡᠦᠬᠡ 10 Өөлөн –Үхлийн хоно үлдэгсэд - Чингис хаан оо нууц түүх 10

ᠥᠭᠡᠯᠦᠨ – ᠦᠬᠦᠯ ᠦᠨ ᠬᠣᠢᠨ᠎ᠠ ᠦᠯᠡᠳᠡᠭᠰᠡᠳ - ᠴᠢᠩᠭᠢᠰ ᠬᠠᠭᠠᠨ ᠊ᠤ᠌ ᠨᠢᠭᠤᠴᠠ ᠲᠡᠦᠬᠡ 10 Өөлөн –Үхлийн хоно үлдэгсэд - Чингис хаан оо нууц түүх 10

ᠠᠩᠭᠢᠯᠠᠯ:ᠲᠡᠦᠬᠡ ᠰᠣᠶᠣᠯ
2025-07-26

319

ᠦᠬᠦᠯ ᠦᠨ ᠬᠣᠢᠨ᠎ᠠ ᠦᠯᠡᠳᠡᠭᠰᠡᠳ


       ᠬᠠᠪᠤᠯ ᠬᠠᠭᠠᠨ ᠤ᠋ ᠠᠴᠢ᠂ ᠪᠡᠷᠲᠡᠨ ᠪᠠᠭᠠᠲᠤᠷ ᠤ᠋ᠨ ᠬᠥᠪᠡᠭᠦᠨ ᠶᠢᠰᠦᠭᠡᠢ ᠪᠠᠭᠠᠲᠤᠷ ᠤ᠋ᠨ ᠭᠡᠨᠡᠳᠲᠡ ᠶ᠋ᠢᠨ ᠦᠬᠦᠯ ᠪᠣᠷᠵᠢᠭᠢᠨ ᠠᠢᠮᠠᠭ ᠤ᠋ᠨ ᠵᠠᠳᠠᠷᠠᠯ ᠠ᠋ᠴᠠ ᠠᠪᠬᠠᠭᠤᠯᠤᠭᠠᠳ ᠠᠯᠪᠠᠲᠤ ᠢᠷᠭᠡᠳ ᠦ᠋ᠨ ᠵᠣᠪᠠᠯᠠᠩ ᠭᠤᠨᠢᠭ ᠳᠦᠭᠦᠷᠡᠩ ᠠᠮᠢᠳᠤᠷᠠᠯ ᠬᠦᠷᠲᠡᠯ᠎ᠡ ᠣᠯᠠᠨ ᠣᠯᠠᠨ ᠶᠠᠪᠤᠳᠠᠯ ᠤ᠋ᠨ ᠡᠬᠢ ᠰᠢᠯᠲᠠᠭ ᠪᠣᠯᠪᠠ᠃ ᠲᠡᠳᠡᠭᠡᠷ ᠦ᠋ᠨ ᠳᠣᠲᠣᠷ᠎ᠠ ᠠ᠋ᠴᠠ ᠲᠠᠪᠤᠨ ᠪᠠᠯᠴᠢᠷ ᠬᠡᠦᠬᠡᠳ ᠦ᠋ᠨ ᠢ᠋ᠶ᠋ᠡᠨ ᠬᠠᠮᠲᠤ ᠥᠨᠥᠴᠢᠷᠡᠵᠦ᠂ ᠤᠳᠠᠯ ᠦᠭᠡᠢ ᠤᠨᠠᠭᠠᠨ ᠠᠯᠪᠠᠲᠤ ᠢᠷᠭᠡᠳ ᠲᠡᠭᠡᠨ ᠬᠠᠶᠠᠭᠳᠠᠨ ᠬᠣᠴᠣᠷᠤᠭᠰᠠᠨ ᠥᠭᠡᠯᠦᠨ ᠬᠠᠲᠤᠨ ᠬᠠᠮᠤᠭ ᠤ᠋ᠨ ᠶᠡᠬᠡ ᠭᠠᠮᠰᠢᠭ ᠢ᠋ ᠠᠮᠰᠠᠭᠰᠠᠨ ᠶᠤᠮ᠃ ᠪᠣᠷᠵᠢᠭᠢᠨ ᠠᠢᠮᠠᠭ ᠤ᠋ᠨ ᠬᠦᠴᠦᠨ ᠳ᠋ᠦ᠍ ᠠᠪᠲᠠᠨ ᠣᠯᠠᠨ ᠵᠢᠯ ᠲᠡᠳᠡᠨ ᠦ᠌ ᠳᠣᠣᠷ᠎ᠠ ᠵᠠᠬᠢᠷᠤᠭᠳᠠᠨ ᠰᠠᠭᠤᠭᠰᠠᠨ ᠲᠠᠢᠴᠢᠭᠤᠳ᠂ ᠵᠦᠷᠬᠢᠨ ᠭᠡᠳ ᠣᠯᠠᠨ ᠣᠪᠣᠭ ᠠᠢᠮᠠᠭ ᠲᠣᠯᠣᠭᠠᠢ ᠳᠠᠭᠠᠭᠠᠨ ᠰᠠᠯᠵᠤ ᠣᠳᠤᠭᠰᠠᠨ ᠨᠢ ᠵᠥᠪᠬᠡᠨ ᠭᠠᠭᠴᠠ ᠶᠢᠰᠦᠭᠡᠢ ᠶ᠋ᠢᠨ ᠦᠬᠦᠯ ᠲᠡᠢ ᠬᠣᠯᠪᠣᠭᠠᠲᠠᠢ ᠪᠢᠰᠢ ᠴᠦ᠍ ᠭᠡᠯ᠎ᠡ ᠦᠨᠡᠨ ᠬᠦ᠌ ᠲᠩᠷᠢ ᠶ᠋ᠢᠨ ᠭᠡᠰᠭᠡᠭᠡᠯ ᠭᠡᠮᠡᠷ ᠠᠮᠢᠳᠤᠷᠠᠯ ᠥᠭᠡᠯᠦᠨ ᠢ᠋ ᠲᠤᠰᠤᠭᠰᠠᠨ ᠪᠢᠯᠡ᠃ ᠡᠷᠲᠡ ᠪᠠᠭ᠎ᠠ ᠶ᠋ᠢᠨ ᠠᠮᠢᠳᠤᠷᠠᠯ ᠨᠢ ᠥᠭᠡᠯᠦᠨ ᠦ᠌ ᠬᠤᠪᠢ ᠳ᠋ᠤ᠌ ᠬᠠᠮᠤᠭ ᠤ᠋ᠨ ᠠᠵᠠ ᠵᠢᠷᠭᠠᠯᠲᠠᠢ ᠪᠠᠢᠵᠠᠢ᠃ ᠡᠷᠭᠢᠬᠦ ᠴᠠᠭ ᠤ᠋ᠨ ᠡᠷᠬᠡ ᠪᠡᠷ ᠬᠡᠦᠬᠡᠳ ᠬᠣᠩᠭᠣᠷ ᠨᠠᠰᠤ ᠨᠢ ᠨᠢᠭᠡ ᠯᠡ ᠮᠡᠳᠡᠬᠦ ᠳ᠋ᠦ᠍ ᠡᠯᠡᠨ ᠣᠲᠣᠭᠠᠳ ᠡᠬᠡ ᠶ᠋ᠢᠨ ᠡᠪᠦᠷ ᠡᠴᠢᠭᠡ ᠶ᠋ᠢᠨ ᠭᠡᠷ ᠡᠴᠡ ᠬᠣᠯᠠᠳᠴᠤ ᠡᠷ᠎ᠡ ᠶ᠋ᠢᠨ ᠡᠩᠭᠡᠷ ᠲᠦᠰᠢᠬᠦ ᠳ᠋ᠡᠭᠡᠨ ᠴᠦ᠍ ᠥᠭᠡᠯᠦᠨ ᠭᠤᠨᠢᠵᠤ ᠬᠠᠷᠠᠮᠰᠠᠭ᠎ᠠ ᠦᠭᠡᠢ ᠶᠦᠮ᠃ ᠬᠠᠢᠷᠠᠲᠠᠢ ᠳᠤᠷᠠᠲᠠᠢ᠂ ᠰᠡᠳᠬᠢᠯ ᠳ᠋ᠦ᠍ ᠳᠣᠲᠣᠨᠣ ᠬᠥᠮᠦᠨ ᠨᠢ ᠠᠪᠠᠯᠢ ᠡᠮ᠎ᠡ ᠪᠡᠨ ᠪᠣᠯᠭᠠᠨ ᠠᠪᠬᠤ ᠬᠣᠪᠣᠷ ᠠᠵᠠ ᠲᠡᠭᠦᠨ ᠳ᠋ᠦ᠍ ᠲᠣᠬᠢᠶᠠᠭᠰᠠᠨ ᠪᠥᠭᠡᠳ ᠲᠡᠷᠡ ᠨᠢ ᠮᠡᠷᠭᠢᠳ ᠠᠢᠮᠠᠭ ᠤ᠋ᠨ ᠶᠡᠬᠡ ᠴᠢᠯᠡᠳᠦ ᠬᠡᠮᠡᠬᠦ ᠪᠣᠯᠢᠶ᠎ᠠ(ᠬᠦᠴᠦ) ᠰᠠᠢᠬᠠᠨ ᠪᠡᠶ᠎ᠡ ᠲᠡᠢ᠂ ᠵᠥᠭᠡᠯᠡᠨ ᠬᠣᠩᠭᠣᠷ ᠠᠭᠠᠰᠢ ᠲᠠᠢ᠂ ᠤᠶᠠᠬᠠᠨ ᠰᠡᠳᠬᠢᠯᠲᠦ ᠡᠷ᠎ᠡ ᠪᠠᠢᠪᠠ᠃ ᠬᠣᠶᠠᠷ ᠬᠡᠦᠬᠡᠳ ᠢ᠋ᠶ᠋ᠡᠨ ᠨᠡᠢᠯᠡᠭᠦᠯᠵᠦ ᠤᠳᠤᠮ ᠤᠭᠰᠠᠭ᠎ᠠ ᠪᠠᠨ ᠦᠷᠭᠦᠯᠵᠢᠯᠡᠭᠦᠯᠬᠦ ᠶ᠋ᠢ ᠡᠴᠢᠭᠡ ᠡᠬᠡ ᠨᠦ᠍ᠭᠦᠳ ᠨᠢ ᠳᠠᠮᠵᠢᠨ ᠰᠠᠢᠰᠢᠶᠠᠵᠠᠢ᠃ ᠬᠠᠢᠷᠠᠲᠠᠢ ᠡᠷ᠎ᠡ ᠳ᠋ᠡᠭᠡᠨ ᠣᠴᠢᠬᠤ ᠬᠣᠪᠣᠷ ᠠᠵᠠ ᠲᠣᠬᠢᠶᠠᠭᠰᠠᠨ ᠥᠭᠡᠯᠦᠨ ᠦ᠌ ᠲᠤᠬᠠᠢ ᠬᠠᠪᠢ ᠶ᠋ᠢᠨ ᠡᠮᠡᠰ ᠥᠬᠢᠳ ᠠᠮᠠ ᠬᠠᠭᠤᠷᠠᠢ ᠦᠭᠡᠢ ᠱᠠᠭᠰᠢᠷᠠᠵᠤ ᠠᠲᠠᠭᠠᠷᠬᠠᠨ ᠮᠠᠭᠲᠠᠭᠰᠠᠭᠠᠷ ᠲᠡᠭᠦᠨ ᠳ᠋ᠦ᠍ ᠣᠯᠠᠨ ᠤ᠋ ᠴᠠᠭᠠᠨ ᠬᠡᠯᠡ ᠠᠮᠠ ᠬᠦᠷᠴᠡᠢ᠃ ᠤᠭ ᠨᠢ ᠤᠴᠢᠷ ᠢ᠋ ᠮᠡᠳᠡᠭᠡᠳ ᠭᠡᠷ ᠪᠦᠯᠢ ᠪᠣᠯᠬᠤ ᠪᠠᠨ ᠰᠠᠢᠲᠤᠷ ᠨᠢᠭᠤᠴᠠᠯᠠᠭᠰᠠᠨ ᠪᠣᠯ ᠲᠡᠳᠡ ᠠᠵᠠ ᠵᠢᠷᠭᠠᠯᠲᠠᠢ ᠠᠮᠢᠳᠤᠷᠠᠬᠤ ᠪᠠᠢᠪᠠ᠃ ᠲᠡᠳᠡᠨ ᠢ᠋ ᠲᠩᠷᠢ ᠢᠪᠡᠭᠡᠭᠰᠡᠨ ᠦᠭᠡᠢ᠃ ᠳᠡᠩᠳᠡᠭᠦᠦ ᠰᠠᠨᠠᠭᠠᠨ ᠵᠣᠷᠢᠭ ᠢ᠋ᠶ᠋ᠠᠷ᠂ ᠬᠥᠮᠦᠨ ᠪᠦᠷᠢ ᠶ᠋ᠢᠨ ᠠᠲᠠᠭᠠᠷᠬᠠᠯ ᠢ᠋ ᠲᠥᠷᠥᠭᠦᠯᠦᠭᠰᠡᠨ ᠬᠤᠪᠢ ᠵᠠᠶᠠᠭ᠎ᠠ ᠨᠢ ᠥᠭᠡᠯᠦᠨ ᠳ᠋ᠦ᠍ ᠶᠠᠮᠠᠷ ᠠᠶᠤᠮᠰᠢᠭᠲᠤ ᠪᠡᠯᠡᠭ ᠪᠡᠯᠡᠳᠦᠭᠰᠡᠨ ᠢ᠋ ᠲᠡᠷᠡ ᠦᠶ᠎ᠡ ᠳ᠋ᠦ᠍ ᠬᠡᠨ ᠨᠢ ᠴᠦ᠍ ᠳᠠᠭᠠᠭᠰᠠᠨ ᠦᠭᠡᠢ᠃ ᠪᠦᠰᠡᠭᠦᠢ ᠵᠠᠶᠠᠭ᠎ᠠ ᠪᠠᠨ ᠳᠠᠭᠠᠨ ᠥᠭᠡᠯᠦᠨ ᠬᠥᠮᠦᠨ ᠦ᠌ ᠨᠤᠲᠤᠭ ᠲᠤ᠌ ᠣᠴᠢᠬᠤ ᠡᠳᠦᠷ ᠢᠷᠡᠵᠡᠢ᠃ ᠭᠡᠲᠡᠯ᠎ᠡ ᠮᠡᠷᠭᠢᠳ ᠠᠢᠮᠠᠭ ᠤ᠋ᠨ ᠨᠤᠲᠤᠭ ᠰᠡᠯᠡᠩᠭᠡ ᠮᠥᠷᠡᠨ ᠦ᠌ ᠠᠳᠠᠭ ᠲᠤ᠌ ᠪᠠᠢᠬᠤ ᠶᠡᠬᠡ ᠴᠢᠯᠡᠳᠦ ᠶ᠋ᠢᠨ ᠭᠡᠷ ᠲᠦ᠍ ᠬᠦᠷᠴᠦ ᠠᠮᠵᠢᠭ᠎ᠠ ᠦᠭᠡᠢ ᠶᠠᠪᠤᠲᠠᠯ᠎ᠠ ᠪᠣᠷᠵᠢᠭᠢᠨ ᠠᠢᠮᠠᠭ ᠤ᠋ᠨ ᠶᠢᠰᠦᠭᠡᠢ ᠭᠡᠭᠴᠢ ᠵᠡᠷᠯᠢᠭ ᠳᠣᠭᠰᠢᠨ ᠡᠷ᠎ᠡ ᠪᠣᠯᠵᠣᠮᠣᠷ ᠰᠢᠭᠦᠷᠬᠦ ᠪᠦᠷᠭᠦᠳ ᠠᠳᠠᠯᠢ ᠳᠣᠪᠲᠣᠯᠤᠨ ᠢᠷᠡᠭᠡᠳ ᠠᠪᠠᠯᠢ ᠡᠷ᠎ᠡ ᠴᠢᠯᠡᠳᠦ ᠶ᠋ᠢ ᠨᠢ ᠠᠶᠤᠯᠭᠠᠨ ᠬᠥᠭᠡᠭᠡᠵᠦ ᠥᠭᠡᠯᠦᠨ ᠢ᠋ ᠪᠤᠯᠢᠶᠠᠨ ᠠᠪᠠᠴᠢᠭᠠᠳ ᠬᠦᠴᠦ ᠪᠡᠷ ᠡᠵᠡᠮᠳᠡᠨ ᠡᠬᠡᠨᠡᠷ ᠢ᠋ᠶ᠋ᠡᠨ ᠪᠣᠯᠭᠠᠵᠠᠢ᠃ 
       ᠬᠠᠢᠷᠠᠲᠠᠢ ᠴᠢᠯᠡᠳᠦ ᠡᠴᠡ ᠬᠠᠭᠠᠴᠠᠭᠰᠠᠨ ᠳ᠋ᠠᠭᠠᠨ ᠭᠠᠩᠰᠠᠷᠠᠨ ᠰᠢᠨᠠᠯᠵᠤ ᠣᠯᠠᠨ ᠴᠤ᠌ ᠬᠣᠨᠣᠭ ᠰᠡᠪᠡᠯᠭᠡ ᠪᠡᠨ ᠬᠡᠢᠰᠬᠡᠨ ᠤᠬᠢᠯᠠᠭᠰᠠᠨ ᠪᠣᠯᠪᠠᠴᠤ ᠠᠪᠤᠷᠠᠯ ᠢᠷᠡᠭᠰᠡᠨ ᠦᠭᠡᠢ ᠪᠢᠯᠡ᠃ ᠡᠮ᠎ᠡ ᠬᠥᠮᠦᠨ᠂ ᠴᠠᠭᠠᠨ ᠵᠡᠭᠡᠷ᠎ᠡ ᠬᠣᠶᠠᠷ ᠨᠤᠲᠤᠭ ᠦᠭᠡᠢ ᠭᠡᠳᠡᠭ ᠪᠣᠯᠵᠤ ᠲᠡᠮᠦᠵᠢᠨ ᠬᠥᠪᠡᠭᠦᠨ ᠢ᠋ᠶ᠋ᠡᠨ ᠲᠦᠷᠦᠮᠡᠭᠴᠡ ᠥᠭᠡᠯᠦᠨ ᠡᠬᠡ ᠠᠮᠢᠳᠤᠷᠠᠯ ᠳ᠋ᠠᠭᠠᠨ ᠦᠨᠡᠨᠴᠢ ᠵᠢᠳᠬᠦᠬᠦ ᠪᠡᠷ ᠬᠣᠶᠠᠷ ᠦᠭᠡᠢ ᠰᠡᠳᠬᠢᠯ ᠢ᠋ᠶ᠋ᠡᠷ ᠰᠢᠯᠤᠭᠤᠳᠤᠭᠰᠠᠨ ᠶᠤᠮ᠃ ᠥᠭᠡᠯᠦᠨ ᠵᠢᠷ ᠦ᠋ᠨ ᠨᠢᠭᠡ ᠰᠤᠯᠠ ᠡᠷ᠎ᠡ ᠳ᠋ᠦ᠍ ᠪᠤᠯᠢᠶᠠᠭᠳᠠᠭᠰᠠᠨ ᠦᠭᠡᠢ᠃ ᠮᠣᠩᠭᠣᠯ ᠠᠢᠮᠠᠭ ᠤ᠋ᠳ ᠤ᠋ᠨ ᠳᠤᠮᠳᠠ ᠵᠠᠷ ᠲᠠᠢ ᠪᠠᠭᠠᠲᠤᠷ ᠡᠷ᠎ᠡ ᠪᠣᠷᠵᠢᠭᠢᠨ ᠠᠢᠮᠠᠭ ᠤ᠋ᠨ ᠶᠢᠰᠦᠭᠡᠢ ᠳ᠋ᠦ᠍ ᠲᠣᠭᠣᠭᠳᠠᠭᠰᠠᠨ ᠳ᠋ᠠᠭᠠᠨ ᠪᠠᠰᠠ ᠴᠤ᠌ ᠪᠠᠬᠠᠷᠬᠠᠵᠠᠢ᠃ ᠣᠯᠠᠨ ᠤ᠋ ᠬᠦᠨᠳᠦᠯᠡᠯ ᠳ᠋ᠦ᠍ ᠲᠠᠢᠳᠬᠤᠷᠠᠨ ᠬᠠᠷᠢᠨ ᠴᠤ᠌ ᠬᠠᠰᠠᠷ ᠬᠥᠪᠡᠭᠦᠨ ᠢ᠋ᠶ᠋ᠡᠨ ᠲᠥᠷᠥᠭᠰᠡᠨ ᠦ᠌ ᠬᠣᠢᠨ᠎ᠠ ᠮᠡᠷᠭᠢᠳ ᠦ᠋ᠳ ᠥᠪᠡᠷ ᠡᠴᠡ ᠨᠢ ᠪᠣᠯᠵᠤ ᠲᠡᠢᠨ ᠰᠠᠮᠠᠭᠤᠨ ᠡᠭᠦᠰᠬᠡᠭᠡ ᠦᠭᠡᠢ ᠳ᠋ᠦ᠍ ᠪᠠᠶᠠᠷᠯᠠᠬᠤ ᠪᠣᠯᠵᠠᠢ᠃ ᠲᠡᠢᠮᠦ ᠤᠴᠢᠷ ᠠ᠋ᠴᠠ ᠶᠡᠬᠡ ᠴᠢᠯᠡᠳᠦ ᠶ᠋ᠢ ᠡᠷᠭᠢᠨ ᠢᠷᠡᠭᠡ ᠦᠭᠡᠢ ᠳ᠋ᠦ᠍ ᠳᠣᠲᠣᠷ᠎ᠠ ᠪᠠᠨ ᠰᠠᠮ ᠲᠠᠯᠠᠷᠬᠠᠬᠤ ᠪᠣᠯᠤᠭᠰᠠᠨ ᠪᠢᠯᠡ᠃ ᠭᠡᠪᠡᠴᠦ ᠬᠡᠷᠡᠭ ᠦ᠋ᠨ ᠤᠴᠢᠷ ᠶᠡᠬᠡ ᠴᠢᠯᠡᠳᠦ ᠳ᠋ᠦ᠍ ᠪᠢᠰᠢ ᠬᠠᠷᠢᠨ ᠶᠢᠰᠦᠭᠡᠢ ᠪᠠᠭᠠᠲᠤᠷ ᠲᠤ᠌ ᠪᠠᠢᠯ᠎ᠠ᠃ ᠶᠡᠬᠡ ᠴᠢᠯᠡᠳᠦ ᠪᠣᠯ ᠮᠡᠷᠭᠢᠳ ᠠᠢᠮᠠᠭ ᠤ᠋ᠨ ᠳᠣᠲᠣᠷ᠎ᠠ ᠪᠠᠨ ᠨᠡᠷ᠎ᠡ ᠬᠦᠨᠳᠦ ᠪᠠᠭ᠎ᠠ᠂ ᠡᠳ᠋ ᠬᠥᠷᠥᠩᠭᠡ ᠶᠡᠬᠡ ᠪᠢᠰᠢ ᠲᠤᠯᠠ ᠬᠡᠨ ᠴᠦ᠍ ᠲᠡᠭᠦᠨ ᠦ᠌ ᠲᠥᠯᠥᠭᠡ ᠴᠡᠷᠢᠭ ᠬᠥᠳᠡᠯᠭᠡᠨ ᠵᠣᠷᠢᠭ ᠬᠦᠴᠦ ᠲᠡᠭᠦᠰ ᠶᠢᠰᠦᠭᠡᠢ ᠲᠡᠢ ᠳᠠᠢᠰᠤᠩᠨᠠᠬᠤ ᠶ᠋ᠢ ᠬᠦᠰᠡᠭᠡ ᠦᠭᠡᠢ ᠪᠠᠢᠵᠠᠢ᠃ ᠶᠡᠬᠡ ᠴᠢᠯᠡᠳᠦ ᠤᠭ ᠤ᠋ᠨ ᠨᠣᠮᠣᠬᠠᠨ ᠲᠣᠮᠣᠭ᠎ᠠ ᠲᠠᠢ ᠬᠥᠮᠦᠨ ᠤᠴᠢᠷ ᠥᠪᠡᠷ ᠢ᠋ᠶ᠋ᠡᠨ ᠴᠦ᠍ ᠵᠣᠷᠢᠭᠯᠠᠨ ᠬᠥᠳᠡᠯᠵᠦ ᠴᠢᠳᠠᠭᠰᠠᠨ ᠦᠭᠡᠢ ᠨᠢ ᠥᠭᠡᠯᠦᠨ ᠢ᠋ ᠶᠢᠰᠦᠭᠡᠢ ᠶ᠋ᠢᠨ ᠭᠡᠷ ᠲᠦ᠍ ᠲᠠᠢᠪᠤᠩ ᠠᠮᠢᠳᠤᠷᠠᠬᠤ ᠪᠣᠯᠭᠠᠵᠠᠢ᠃ ᠪᠣᠷᠵᠢᠭᠢᠨ ᠠᠢᠮᠠᠭ ᠲᠤ᠌ ᠢᠷᠡᠭᠰᠡᠨ ᠢ᠋ᠶ᠋ᠡᠷ ᠥᠭᠡᠯᠦᠨ ᠠᠵᠠ ᠵᠢᠷᠭᠠᠯ ᠲᠠᠢ ᠪᠠᠢᠯ᠎ᠠ᠃ ᠲᠡᠮᠦᠵᠢᠨ᠂ ᠬᠠᠰᠠᠷ᠂ ᠬᠠᠴᠢᠭᠤᠨ᠂ ᠲᠡᠮᠦᠭᠡ ᠳᠥᠷᠪᠡᠨ ᠬᠥᠪᠡᠭᠦᠨ ᠲᠥᠷᠥᠭᠦᠯᠵᠦ᠂ ᠶᠢᠰᠦᠭᠡᠢ ᠶ᠋ᠢᠨ ᠤᠳᠤᠮ ᠳ᠋ᠤ᠌ ᠳᠠᠷᠬᠠᠯᠠᠭᠳᠠᠪᠠ᠃ ᠲᠡᠮᠦᠯᠦᠨ ᠥᠬᠢᠨ ᠲᠡᠢ ᠪᠣᠯᠤᠭᠰᠠᠨ ᠨᠢ ᠪᠦᠷ ᠴᠦ᠍ ᠪᠠᠶᠠᠰᠬᠤᠯᠠᠩ ᠪᠣᠯᠪᠠ᠃
       ᠭᠡᠪᠡᠴᠦ ᠭᠡᠨᠡ ᠭᠡᠨᠡ ᠶᠡᠬᠡ ᠴᠢᠯᠡᠳᠦ ᠶ᠋ᠢᠨ ᠵᠥᠭᠡᠯᠡᠨ ᠪᠣᠷᠣ ᠨᠢᠳᠦ ᠶ᠋ᠢ ᠰᠠᠨᠠᠬᠤ ᠪᠥᠭᠡᠳ ᠲᠡᠷᠡ ᠪᠦᠷᠢ ᠳ᠋ᠦ᠍ ᠥᠪᠡᠷ ᠦ᠋ᠨ ᠡᠷᠬᠡ ᠦᠭᠡᠢ ᠰᠠᠯᠠᠭ᠎ᠠ ᠭᠡᠵᠢᠭᠡᠨ ᠦ᠌ ᠪᠡᠨ ᠵᠡᠭᠦᠨ ᠢ᠋ ᠡᠭᠡᠮ ᠤᠷᠤᠭᠤ ᠪᠠᠨ ᠤᠨᠵᠢᠭᠤᠯᠵᠤ ᠰᠠᠨᠠᠭ᠎ᠠ ᠠᠯᠳᠠᠳᠠᠭ ᠪᠢᠯᠡ᠃ ᠮᠡᠷᠭᠢᠳ ᠦ᠋ᠨ ᠲᠡᠷᠡ ᠤᠶᠠᠨ ᠠᠭᠠᠰᠢ ᠲᠠᠢ ᠵᠠᠯᠠᠭᠤ ᠳ᠋ᠤ᠌ ᠥᠬᠢᠨ ᠬᠣᠩᠭᠣᠷ ᠰᠡᠳᠬᠢᠯ ᠢ᠋ᠶ᠋ᠡᠷ ᠳᠤᠷᠠᠯᠠᠵᠤ᠂ ᠵᠢᠷᠭᠠᠯᠲᠠᠢ ᠰᠠᠢᠬᠠᠨ ᠠᠮᠢᠳᠤᠷᠠᠨ᠎ᠠ ᠭᠡᠵᠦ ᠢᠲᠡᠭᠡᠭᠰᠡᠨ ᠶᠦᠮ᠃ ᠬᠡᠨ ᠨᠢᠭᠡᠨ ᠢᠩᠭᠢᠵᠦ ᠠᠵᠠ ᠵᠢᠷᠭᠠᠯ ᠢ᠋ ᠨᠢ ᠪᠤᠯᠢᠶᠠᠨ ᠠᠪᠤᠨ᠎ᠠ ᠭᠡᠵᠦ ᠰᠠᠨᠠᠭ᠎ᠠ ᠦᠭᠡᠢ᠂ ᠵᠠᠯᠠᠭᠤ ᠡᠷ᠎ᠡ ᠡᠮ᠎ᠡ ᠬᠣᠶᠠᠷ ᠬᠡᠳᠦᠢ ᠵᠤᠨ ᠤ᠋ ᠨᠠᠢᠷ ᠲᠠᠢ ᠴᠡᠴᠡᠭ ᠦ᠋ᠨ ᠤᠯᠠᠷᠢᠯ ᠭᠠᠳᠠᠭ᠎ᠠ ᠬᠡᠭᠡᠷ᠎ᠡ ᠬᠣᠶᠠᠭᠤᠯᠬᠠᠨ ᠢ᠋ᠶ᠋ᠠᠨ ᠪᠣᠯᠪᠠᠴᠤ ᠡᠭᠡᠮ ᠢ᠋ᠶ᠋ᠡᠨ ᠨᠡᠢᠯᠡᠭᠦᠯᠵᠦ ᠡᠷᠬᠡᠲᠡᠨ ᠢ᠋ᠶ᠋ᠡᠨ ᠵᠣᠯᠭᠠᠭᠤᠯᠵᠤ ᠴᠤ᠌ ᠴᠢᠳᠠᠯ ᠦᠭᠡᠢ ᠳᠡᠮᠡᠢ ᠯᠡ ᠢᠨᠢᠶᠡᠮᠰᠦᠭᠯᠡᠨ ᠰᠢᠷᠳᠡᠯᠴᠡᠵᠦ ᠶᠠᠪᠤᠭᠰᠠᠭᠠᠷ ᠬᠦᠷᠡᠯ ᠴᠢᠷᠠᠢᠲᠤ ᠶᠢᠰᠦᠭᠡᠢ ᠲᠡᠢ ᠤᠴᠠᠷᠠᠭᠰᠠᠨ ᠪᠢᠯᠡ᠃ ᠶᠢᠰᠦᠭᠡᠢ ᠣᠯᠵᠠᠨ ᠤ᠋ ᠭᠤᠸ᠎ᠠ ᠡᠮ᠎ᠡ ᠪᠡᠨ ᠭᠡᠷ ᠲᠡᠭᠡᠨ ᠠᠪᠴᠢᠷᠠᠮᠠᠭᠴᠠ ᠲᠡᠷᠡ ᠳᠣᠣᠷ᠎ᠠ ᠨᠢ ᠨᠢᠴᠦᠭᠦᠯᠡᠭᠡᠳ ᠡᠳ᠋ᠯᠡᠵᠦ ᠦᠵᠡᠪᠡᠯ ᠥᠭᠡᠯᠦᠨ᠂ ᠥᠬᠢᠨ ᠵᠢᠰᠦ ᠲᠡᠢ ᠣᠩᠭᠣᠨ ᠪᠡᠶ᠎ᠡ ᠲᠡᠢ ᠪᠠᠢᠭᠰᠠᠨ ᠳ᠋ᠤ᠌ ᠶᠡᠬᠡᠳᠡ ᠪᠡᠯᠭᠡᠰᠢᠶᠡᠨ ᠴᠣᠬᠣᠮ ᠲᠩᠷᠢ ᠶ᠋ᠢᠨ ᠬᠡᠰᠢᠭ ᠭᠡᠵᠦ ᠲᠣᠭᠣᠵᠠᠢ᠃ ᠬᠡᠷᠪᠡ ᠪᠤᠯᠢᠶᠠᠨ ᠠᠪᠤᠭᠰᠠᠨ ᠡᠮ᠎ᠡ ᠨᠢ ᠣᠩᠭᠣᠨ ᠪᠡᠶ᠎ᠡ ᠦᠭᠡᠢ ᠪᠠᠢᠭᠰᠠᠨ ᠪᠣᠯ ᠶᠢᠰᠦᠭᠡᠢ ᠲᠡᠭᠦᠨ ᠢ᠋ ᠳᠡᠭᠦᠦ ᠨᠠᠷ ᠤ᠋ᠨ ᠢ᠋ᠶ᠋ᠠᠨ ᠨᠢᠭᠡᠨ ᠳ᠋ᠦ᠍ᠨᠢ ᠥᠭᠴᠦ ᠣᠷᠬᠢᠬᠤ ᠪᠠᠢᠵᠠᠢ᠃ ᠥᠭᠡᠯᠦᠨ ᠶᠢᠰᠦᠭᠡᠢ ᠳ᠋ᠦ᠍ ᠢᠷᠡᠭᠡᠳ ᠳᠠᠷᠠᠭᠠᠯᠠᠨ ᠳᠥᠷᠪᠡᠨ ᠬᠥᠪᠡᠭᠦᠨ ᠲᠥᠷᠥᠭᠦᠯᠦᠭᠰᠡᠨ ᠨᠢ ᠴᠣᠬᠣᠮ ᠲᠩᠷᠢ ᠶ᠋ᠢᠨ ᠬᠡᠰᠢᠭ ᠭᠡᠳᠡᠭ ᠨᠢ ᠦᠨᠡᠨ ᠪᠣᠯᠬᠤ ᠶ᠋ᠢ ᠪᠠᠲᠤᠯᠠᠭᠰᠠᠨ ᠶᠤᠮ᠃ ᠬᠥᠪᠡᠭᠦᠨ ᠲᠥᠷᠥᠭᠦᠯᠦᠨ᠎ᠡ ᠭᠡᠳᠡᠭ ᠡᠮ᠎ᠡ ᠬᠥᠮᠦᠨ ᠳ᠋ᠦ᠍ ᠣᠯᠳᠠᠬᠤ ᠦᠭᠡᠢ ᠬᠤᠪᠢ ᠵᠠᠶᠠᠭ᠎ᠠ ᠪᠥᠭᠡᠳ ᠡᠨᠡ ᠶᠠᠪᠤᠳᠠᠯ ᠥᠭᠡᠯᠦᠨ ᠦ᠌ ᠨᠡᠷ᠎ᠡ ᠨᠥᠯᠥᠭᠡ ᠶ᠋ᠢ ᠪᠣᠷᠵᠢᠭᠢᠨ ᠠᠢᠮᠠᠭ ᠤ᠋ᠨ ᠳᠤᠮᠳᠠ ᠪᠡᠬᠢᠵᠢᠭᠦᠯᠵᠡᠢ᠃ 
       ᠭᠡᠲᠡᠯ᠎ᠡ ᠡᠭᠦᠯᠡ ᠦᠭᠡᠢ ᠲᠩᠷᠢ ᠡᠴᠡ ᠦᠶᠡᠷ ᠠᠰᠬᠠᠷᠠᠵᠤ ᠦᠵᠦᠭᠦᠷ ᠲᠡᠢ ᠮᠣᠳᠣ ᠪᠤᠯᠭᠤᠷᠠᠨ ᠤᠨᠠᠬᠤ ᠰᠢᠭ᠋ ᠶᠢᠰᠦᠭᠡᠢ ᠭᠡᠨᠡᠳᠲᠡ ᠲᠠᠲ᠋ᠠᠷ ᠲᠤ᠌ ᠬᠣᠣᠷᠯᠠᠭᠳᠠᠨ ᠦᠬᠦᠪᠡ᠃ ᠲᠠᠯ᠎ᠠ ᠨᠤᠲᠤᠭ ᠤ᠋ᠨ ᠨᠡᠭᠦᠳᠡᠯᠴᠢᠨ ᠣᠮᠣᠭ ᠤ᠋ᠨ ᠠᠮᠢᠳᠤᠷᠠᠯ ᠳ᠋ᠤ᠌ ᠠᠳᠤᠭᠤᠨ ᠤ᠋ ᠡᠷᠢᠯ ᠳ᠋ᠦ᠍ ᠶᠠᠪᠤᠭᠠᠳ ᠠᠯᠠᠭᠳᠠᠬᠤ ᠨᠢ ᠡᠨᠡᠭᠦᠬᠡᠨ ᠳ᠋ᠦ᠍ ᠬᠡᠷᠡᠭ ᠪᠣᠯᠪᠠᠴᠤ ᠪᠦᠲᠦᠨ ᠨᠡᠷ᠎ᠡ ᠲᠡᠢ ᠪᠣᠷᠵᠢᠭᠢᠨ ᠠᠢᠮᠠᠭ ᠤ᠋ᠨ ᠬᠠᠨ ᠪᠠᠭᠠᠲᠤᠷ ᠶᠢᠰᠦᠭᠡᠢ ᠶ᠋ᠢᠨ ᠭᠡᠨᠡᠳᠲᠡ ᠶ᠋ᠢᠨ ᠦᠬᠦᠯ ᠠᠷᠠᠢ ᠴᠤ᠌ ᠬᠢᠷᠢ ᠡᠴᠡ ᠬᠡᠲᠦᠷᠡᠭᠰᠡᠨ ᠶᠠᠪᠤᠳᠠᠯ ᠪᠠᠢᠪᠠ᠃ ᠭᠡᠪᠡᠴᠦ ᠶᠢᠰᠦᠭᠡᠢ ᠶ᠋ᠢᠨ ᠭᠡᠨᠡᠳᠲᠡ ᠶ᠋ᠢᠨ ᠦᠬᠦᠯ ᠬᠢᠶᠠᠳ ᠪᠣᠷᠵᠢᠭᠢᠨ ᠠᠢᠮᠠᠭ ᠤ᠋ᠨ ᠬᠠᠭᠤᠷᠮᠠᠭᠴᠢ ᠨᠢᠭᠡᠳᠦᠯ᠂ ᠶᠣᠰᠣ ᠲᠡᠳᠦᠢ ᠡᠪᠯᠡᠷᠡᠯ ᠢ᠋ ᠡᠪᠳᠡᠨ ᠬᠠᠶᠠᠵᠠᠢ᠃ ᠤᠭ ᠠ᠋ᠴᠠ ᠠᠢᠮᠠᠭ ᠤ᠋ᠨ ᠡᠷᠬᠡ ᠶ᠋ᠢ ᠪᠠᠷᠢᠬᠤ ᠶ᠋ᠢᠨ ᠲᠥᠯᠥᠭᠡ ᠳᠠᠯᠳᠠᠭᠤᠷ ᠥᠷᠢᠰᠦᠯᠳᠦᠭᠴᠢ ᠣᠯᠠᠨ ᠪᠠᠢᠭᠰᠠᠨ ᠨᠢ ᠪᠣᠷᠵᠢᠭᠢᠨ ᠠᠢᠮᠠᠭ ᠢ᠋ ᠪᠤᠲᠠᠷᠠᠭᠠᠪᠠ᠃ ᠡᠨᠡ ᠨᠢ ᠶᠢᠰᠦᠭᠡᠢ ᠶ᠋ᠢᠨ ᠵᠠᠯᠭᠠᠮᠵᠢᠯᠠᠭᠴᠢ ᠲᠣᠳᠣᠷᠠᠭ᠎ᠠ ᠦᠭᠡᠢ ᠡᠴᠡ ᠪᠢᠰᠢ᠂ ᠬᠠᠷᠢᠨ ᠬᠦᠴᠦ ᠲᠡᠩᠴᠡᠭᠦᠦ ᠣᠯᠠᠨ ᠥᠷᠢᠰᠦᠯᠳᠦᠭᠴᠢ ᠪᠠᠢᠭᠰᠠᠨ ᠠ᠋ᠴᠠ ᠪᠣᠯᠤᠭᠰᠠᠨ ᠪᠢᠯᠡ᠃ ᠬᠠᠮᠤᠭ ᠤ᠋ᠨ ᠡᠬᠢᠯᠡᠭᠡᠳ ᠪᠣᠷᠵᠢᠭᠢᠨ ᠠᠢᠮᠠᠭ ᠲᠤ᠌ ᠬᠦᠴᠦ ᠪᠡᠷ ᠨᠢᠭᠡᠳᠦᠭᠰᠡᠨ ᠲᠠᠢᠴᠢᠭᠤᠳ ᠥᠨᠢ ᠶ᠋ᠢᠨ ᠬᠦᠰᠡᠯ ᠢ᠋ᠶ᠋ᠡᠨ ᠭᠦᠢᠴᠡᠭᠡᠵᠦ ᠰᠠᠯᠤᠨ ᠣᠳᠪᠠ᠃ ᠳᠠᠷᠠᠭ᠎ᠠ ᠨᠢ ᠶᠢᠰᠦᠭᠡᠢ ᠶ᠋ᠢᠨ ᠥᠨᠥᠴᠢᠨ ᠨᠢᠯᠬ᠎ᠠ ᠬᠥᠪᠡᠭᠦᠳ ᠢ᠋ ᠳᠠᠭᠠᠵᠤ ᠶᠠᠪᠤᠬᠤ ᠨᠢ ᠬᠦᠴᠦᠲᠡᠢ ᠨᠢᠭᠡᠨ ᠦ᠌ ᠣᠯᠵᠠ ᠪᠣᠯᠬᠤ ᠠᠶᠤᠯᠲᠠᠢ ᠲᠤᠯᠠ ᠦᠯᠡᠳᠡᠭᠰᠡᠨ ᠠᠯᠪᠠᠲᠤ ᠨᠤᠭᠤᠳ ᠨᠢ ᠥᠪᠡᠷ ᠦ᠋ᠨ ᠰᠠᠳᠤᠨ ᠲᠥᠷᠥᠯ ᠦ᠋ᠨ ᠵᠠᠳᠠᠷᠠᠨ ᠠᠢᠮᠠᠭ ᠲᠤ᠌ ᠣᠴᠢᠪᠠ᠃ ᠣᠳᠣ ᠥᠭᠡᠯᠦᠨ ᠦ᠌ ᠳᠡᠷᠭᠡᠳᠡ ᠦᠨᠡᠨᠴᠢ ᠵᠠᠷᠤᠴᠠ ᠴᠠᠷᠠᠬ᠎ᠠ ᠡᠪᠦᠭᠡᠨ᠂ ᠲᠡᠭᠦᠨ ᠦ᠌ ᠬᠥᠪᠡᠭᠦᠨ ᠮᠡᠩᠯᠢᠭ ᠭᠡᠳ ᠬᠠᠷᠠᠴᠤ ᠬᠠᠮᠢᠶᠠᠲᠠᠨ ᠴᠥᠭᠡᠨ ᠠᠢᠯ ᠬᠣᠴᠣᠷᠪᠠ᠃ ᠲᠡᠳᠡᠨ ᠦ᠌ ᠳᠣᠲᠣᠷ᠎ᠠ ᠠ᠋ᠴᠠ ᠴᠠᠷᠠᠬ᠎ᠠ ᠡᠪᠦᠭᠡᠨ ᠦ᠌ ᠬᠥᠪᠡᠭᠦᠨ ᠮᠡᠩᠯᠢᠭ ᠪᠣᠯ ᠦᠯᠡᠳᠡᠬᠦ ᠶᠣᠰᠣᠲᠠᠢ ᠬᠥᠮᠦᠨ ᠶᠦᠮ᠃ ᠤᠴᠢᠷ ᠨᠢ ᠶᠢᠰᠦᠭᠡᠢ ᠦᠬᠦᠬᠦ ᠳ᠋ᠡᠭᠡᠨ ᠥᠪᠡᠷ ᠦ᠋ᠨ ᠤᠷᠤᠭ ᠤ᠋ᠨ ᠤᠨᠠᠭᠠᠨ ᠬᠠᠷᠠᠴᠤ ᠮᠡᠩᠯᠢᠭ ᠲᠦ᠍ ᠥᠭᠡᠯᠦᠨ ᠪᠣᠯᠤᠨ ᠬᠥᠪᠡᠭᠦᠳ ᠢ᠋ᠶ᠋ᠡᠨ ᠠᠰᠠᠷᠠᠬᠤ ᠶ᠋ᠢ ᠳᠠᠭᠠᠳᠬᠠᠨ ᠭᠡᠷᠢᠶᠡᠰᠯᠡᠭᠰᠡᠨ ᠪᠢᠯᠡ᠃ ᠶᠡᠬᠡ ᠪᠠᠭ᠎ᠠ ᠬᠣᠶᠠᠷ ᠬᠠᠲᠤᠨ ᠢ᠋ᠶ᠋ᠠᠨ ᠮᠡᠩᠯᠢᠭ ᠲᠦ᠍ ᠠᠰᠠᠷᠠᠬᠤ ᠶ᠋ᠢ ᠭᠡᠷᠢᠶᠡᠰᠯᠡᠭᠰᠡᠨ ᠨᠢ ᠲᠡᠳᠡᠨ ᠢ᠋ ᠡᠮ᠎ᠡ ᠪᠣᠯᠭᠠᠨ ᠥᠪᠡᠷ ᠢ᠋ᠶ᠋ᠡᠨ ᠠᠪᠬᠤ ᠶ᠋ᠢ ᠵᠥᠪᠰᠢᠶᠡᠷᠡᠭᠰᠡᠨ ᠬᠡᠷᠡᠭ ᠴᠦ᠍ ᠶᠢᠰᠦᠭᠡᠢ ᠢᠩᠭᠢᠵᠦ ᠬᠦᠰᠡᠭᠡ ᠦᠭᠡᠢ ᠶᠦᠮ᠃ ᠭᠡᠪᠡᠴᠦ ᠦᠬᠦᠯ ᠲᠡᠭᠦᠨ ᠳ᠋ᠦ᠍ ᠥᠭᠡᠷ᠎ᠡ ᠰᠣᠩᠭᠣᠯᠲᠠ ᠦᠯᠡᠳᠡᠭᠡᠭᠰᠡᠨ ᠦᠭᠡᠢ᠃ ᠨᠢᠳᠦ ᠪᠦᠷᠦᠯᠵᠡᠨ ᠠᠮᠢᠰᠬᠤᠯ ᠬᠤᠷᠢᠶᠠᠬᠤ ᠦᠶ᠎ᠡ ᠳ᠋ᠡᠭᠡᠨ ᠪᠠᠴᠢᠮᠳᠠᠨ ᠬᠠᠰᠬᠢᠷᠬᠤ ᠴᠠᠭ ᠲᠤ᠌ ᠶᠢᠰᠦᠭᠡᠢ ᠶ᠋ᠢᠨ ᠳᠡᠷᠭᠡᠳᠡ ᠠᠭᠳᠠᠴᠢ ᠮᠡᠩᠯᠢᠭ ᠬᠡᠮᠡᠬᠦ ᠵᠠᠯᠠᠭᠤ ᠡᠷ᠎ᠡ ᠡᠴᠡ ᠥᠭᠡᠷ᠎ᠡ ᠬᠡᠨ ᠴᠦ᠍ ᠪᠠᠢᠭᠰᠠᠨ ᠦᠭᠡᠢ᠃ ᠠᠷᠤ ᠳ᠋ᠤ᠌ ᠦᠯᠡᠳᠡᠬᠦ ᠥᠭᠡᠯᠦᠨ᠂ ᠰᠣᠴᠢᠭᠠᠯ ᠬᠠᠲᠤᠳ ᠢ᠋ᠶ᠋ᠠᠨ ᠨᠢᠯᠬ᠎ᠠ ᠬᠥᠪᠡᠭᠦᠳ ᠢ᠋ᠶ᠋ᠡᠨ ᠬᠡᠨ ᠨᠢᠭᠡᠨ ᠳ᠋ᠦ᠍ ᠵᠠᠬᠢᠵᠤ ᠬᠡᠯᠡᠬᠦ ᠦᠭᠡᠢ ᠪᠡᠷ ᠶᠠᠭᠠᠬᠢᠵᠤ ᠦᠬᠦᠵᠦ ᠪᠣᠯᠬᠤ ᠪᠢᠯᠡ᠃ 
       | ᠳᠡᠷᠭᠡᠳᠡ ᠮᠢᠨᠢ ᠬᠡᠨ ᠪᠠᠢᠨ᠎ᠠ? 
       | ᠪᠢ ᠴᠠᠷᠠᠬ᠎ᠠ ᠡᠪᠦᠭᠡᠨ ᠦ᠌ ᠬᠥᠪᠡᠭᠦᠨ ᠮᠡᠩᠯᠢᠭ ᠪᠠᠢᠨ᠎ᠠ᠃ 
       ᠪᠦᠷᠦᠯᠵᠡᠭᠰᠡᠨ ᠨᠢᠳᠦᠨ ᠳ᠋ᠦ᠍ ᠮᠡᠩᠯᠢᠭ ᠦ᠋ᠨ ᠴᠢᠷᠠᠢ ᠴᠠᠭᠠᠨ᠎ᠠ ᠨᠠᠭᠠᠨ᠎ᠠ ᠪᠣᠯᠵᠤ ᠮᠠᠨᠠᠷᠠᠵᠤ ᠦᠵᠡᠭᠳᠡᠨ᠎ᠡ᠃ ᠭᠡᠪᠡᠴᠦ ᠲᠡᠭᠦᠨ ᠢ᠋ ᠲᠣᠭᠣᠬᠤ ᠠ᠋ᠴᠠ ᠥᠭᠡᠷ᠎ᠡ ᠠᠷᠭ᠎ᠠ ᠴᠠᠭ ᠦᠯᠡᠳᠡᠭᠰᠡᠨ ᠦᠭᠡᠢ ᠨᠢ ᠬᠠᠷᠠᠮᠰᠠᠯᠲᠠᠢ᠃ 
       | ᠬᠦᠦ ᠮᠢᠨᠢ ᠮᠡᠩᠯᠢᠭ ᠴᠢ ᠰᠣᠨᠣᠰ᠃ ᠬᠥᠪᠡᠭᠦᠨ ᠮᠢᠨᠢ ᠪᠠᠯᠴᠢᠷ ᠪᠠᠢᠨ᠎ᠠ᠃ ᠲᠡᠮᠦᠵᠢᠨ ᠬᠥᠪᠡᠭᠦᠨ ᠢ᠋ ᠤᠷᠤᠭ ᠲᠤ᠌ ᠬᠦᠷᠭᠡᠭᠡᠳ ᠪᠤᠴᠠᠬᠤ ᠵᠠᠭᠤᠷ᠎ᠠ ᠲᠠᠲ᠋ᠠᠷ ᠲᠤ᠌ ᠬᠣᠣᠷᠯᠠᠭᠳᠠᠪᠠ᠃ ᠳᠣᠲᠣᠷ ᠮᠠᠭᠤ ᠪᠠᠢᠨ᠎ᠠ᠃ ᠥᠨᠥᠴᠢᠨ ᠬᠣᠴᠣᠷᠤᠭᠰᠠᠨ ᠳᠡᠭᠦᠦ ᠨᠠᠷ ᠢ᠋ᠶ᠋ᠠᠨ᠂ ᠪᠡᠯᠪᠡᠰᠦᠨ ᠪᠡᠷᠭᠡᠳ ᠢ᠋ᠶ᠋ᠡᠨ ᠠᠰᠠᠷᠠᠬᠤ ᠶ᠋ᠢ ᠴᠢ ᠮᠡᠳᠡ᠃ ᠲᠡᠮᠦᠵᠢᠨ ᠬᠥᠪᠡᠭᠦᠨ ᠢ᠋ ᠳᠠᠷᠤᠢ ᠶᠠᠪᠤᠵᠤ ᠠᠪᠴᠢᠷᠠ᠃ ᠬᠠᠢᠷᠠᠲᠤ ᠮᠡᠩᠯᠢᠭ ᠮᠢᠨᠢ᠃ 
       ᠡᠨᠡ ᠪᠣᠯ ᠶᠢᠰᠦᠭᠡᠢ ᠶ᠋ᠢᠨ ᠰᠡᠭᠦᠯᠴᠢ ᠶ᠋ᠢᠨ ᠦᠭᠡ ᠪᠠᠢᠪᠠ᠃ ᠢᠳᠡ ᠬᠦᠴᠦᠲᠡᠢ ᠢᠳᠡᠷ ᠨᠠᠰᠤᠨ ᠳ᠋ᠠᠭᠠᠨ ᠲᠠᠲ᠋ᠠᠷ ᠤ᠋ᠨ ᠥᠭᠭᠦᠭᠰᠡᠨ ᠬᠣᠣᠷᠲᠤ ᠢᠳᠡᠭᠡᠨ ᠳ᠋ᠦ᠍ ᠬᠣᠣᠷᠯᠠᠭᠳᠠᠨ ᠦᠬᠦᠭᠰᠡᠨ ᠨᠢ ᠳᠠᠩᠴᠤ ᠬᠠᠷᠠᠮᠰᠠᠯᠲᠠᠢ ᠪᠥᠭᠡᠳ ᠶᠢᠰᠦᠭᠡᠢ ᠶ᠋ᠢᠨ ᠨᠢᠯᠪᠤᠰᠤᠲᠤ ᠨᠢᠳᠦ ᠠᠭᠤᠷ ᠬᠢᠯᠢᠩ ᠭᠡᠬᠦ ᠡᠴᠡ ᠪᠡᠨ ᠢᠯᠡᠭᠦᠦ ᠣᠢ ᠭᠠᠰᠢᠭᠤ ᠳᠦᠭᠦᠷᠡᠩ ᠪᠠᠢᠪᠠ᠃ ᠶᠢᠰᠦᠭᠡᠢ ᠶ᠋ᠢᠨ ᠰᠡᠭᠦᠯᠴᠢ ᠶ᠋ᠢᠨ ᠭᠡᠷᠢᠶᠡᠰ ᠦᠭᠡ ᠶ᠋ᠢ ᠥᠭᠡᠯᠦᠨ᠂ ᠰᠣᠴᠢᠭᠠᠯ ᠨᠠᠷ ᠰᠣᠨᠣᠰᠤᠭᠰᠠᠨ ᠪᠢᠯᠡ᠃ ᠭᠡᠪᠡᠴᠦ ᠲᠡᠷᠡ ᠦᠶ᠎ᠡ ᠳ᠋ᠦ᠍ ᠲᠡᠳᠡ ᠤᠬᠢᠯᠠᠬᠤ ᠠ᠋ᠴᠠ ᠥᠭᠡᠷ᠎ᠡ ᠶ᠋ᠢ ᠬᠢᠵᠦ ᠡᠰᠡ ᠴᠢᠳᠠᠪᠠ᠃ ᠬᠠᠷᠢᠨ ᠮᠡᠩᠯᠢᠭ ᠲᠦ᠍ ᠶᠢᠰᠦᠭᠡᠢ ᠶ᠋ᠢᠨ ᠦᠭᠡ ᠲᠩᠷᠢ ᠶ᠋ᠢᠨ ᠴᠠᠭᠠᠵᠠ ᠶᠤᠮ᠃   
       ᠮᠡᠩᠯᠢᠭ᠂ ᠶᠢᠰᠦᠭᠡᠢ ᠡᠵᠡᠨ ᠦ᠌ ᠪᠡᠨ ᠭᠡᠷᠢᠶᠡᠰᠯᠡᠯ ᠢ᠋ ᠪᠠᠲᠤ ᠰᠠᠨᠠᠨ ᠥᠭᠡᠯᠦᠨ ᠦ᠌ ᠬᠠᠶᠠᠭᠠᠨ ᠠ᠋ᠴᠠ ᠬᠣᠯᠠᠳᠬᠤ ᠦᠭᠡᠢ ᠪᠠᠢᠭᠰᠠᠭᠠᠷ ᠭᠠᠭᠴᠠ ᠭᠡᠷ ᠢ᠋ᠶ᠋ᠡᠷ ᠦᠯᠡᠳᠡᠵᠡᠢ᠃ ᠮᠡᠩᠯᠢᠭ ᠪᠣᠯ ᠥᠭᠡᠯᠦᠨ ᠡᠴᠡ ᠨᠠᠰᠤ ᠪᠠᠷ ᠬᠡᠳᠦ ᠳᠡᠭᠦᠦ ᠪᠠᠰᠠ ᠣᠯᠠᠨ ᠨᠢᠯᠬ᠎ᠠ ᠬᠥᠪᠡᠭᠦᠳ ᠲᠡᠢ ᠬᠥᠮᠦᠨ ᠪᠢᠯᠡ᠃ ᠡᠴᠢᠭᠡ ᠴᠠᠷᠠᠬ᠎ᠡ ᠨᠢ ᠥᠭᠡᠯᠦᠨ ᠢ᠋ ᠬᠠᠶᠠᠵᠤ ᠨᠡᠭᠦᠵᠦ ᠪᠣᠢ ᠠᠯᠪᠠᠲᠤ ᠵᠠᠷᠤᠴᠠ ᠨᠠᠷ ᠢ᠋ ᠪᠤᠴᠠᠭᠠᠬᠤ ᠭᠡᠵᠦ ᠢᠳᠬᠠᠵᠤ ᠣᠴᠢᠭᠠᠳ ᠲᠠᠢᠴᠢᠭᠤᠳ ᠤ᠋ᠨ ᠲᠠᠷᠭᠤᠲᠠᠢ ᠳ᠋ᠤ᠌ ᠵᠢᠳᠠᠯᠠᠭᠳᠠᠨ ᠰᠢᠷᠬ᠎ᠠ ᠪᠠᠨ ᠳᠠᠭᠠᠭᠠᠬᠤ ᠦᠭᠡᠢ ᠦᠬᠦᠭᠰᠡᠨ ᠨᠢ ᠲᠡᠳᠡᠨ ᠢ᠋ ᠤᠯᠠᠮ ᠴᠤ᠌ ᠳᠣᠲᠣᠨᠣᠰᠤᠨ ᠣᠢᠷᠠᠲᠤᠭᠤᠯᠵᠠᠢ᠃ ᠶᠢᠰᠦᠭᠡᠢ ᠶ᠋ᠢᠨ ᠦᠬᠦᠯ ᠦ᠋ᠨ ᠳᠠᠷᠠᠭ᠎ᠠ ᠥᠭᠡᠯᠦᠨ ᠦ᠌ ᠪᠦᠬᠦ ᠠᠮᠢᠳᠤᠷᠠᠯ ᠰᠠᠨᠠᠭᠠᠨ ᠳ᠋ᠤ᠌ ᠣᠷᠣᠮ᠎ᠠ ᠦᠭᠡᠢ ᠪᠡᠷ ᠬᠤᠪᠢᠷᠠᠨ ᠥᠭᠡᠷᠡᠴᠢᠯᠡᠭᠳᠡᠪᠡ᠃ ᠮᠡᠩᠯᠢᠭ ᠦ᠋ᠨ ᠬᠢ ᠥᠭᠡᠯᠦᠨ ᠦ᠌ ᠬᠠᠮᠲᠤ ᠨᠡᠭᠦᠵᠦ ᠰᠠᠭᠤᠭᠰᠠᠭᠠᠷ ᠬᠡᠳᠦᠨ ᠰᠠᠷ᠎ᠠ ᠪᠣᠯᠪᠠ᠃ ᠬᠣᠲᠠ ᠠᠢᠯ ᠤ᠋ᠨ ᠳᠤᠮᠳᠠᠬᠢ ᠭᠠᠭᠴᠠ ᠡᠷ᠎ᠡ ᠶ᠋ᠢᠨ ᠶᠣᠰᠣᠭᠠᠷ ᠬᠡᠳᠦᠢ ᠬᠠᠷᠠᠴᠤ ᠴᠤ᠌ ᠭᠡᠯ᠎ᠡ ᠬᠠᠮᠤᠭ ᠡᠷᠬᠡ ᠮᠠᠲᠠᠯ ᠠᠭᠠᠵᠢᠮ ᠢ᠋ᠶ᠋ᠠᠷ ᠮᠡᠩᠯᠢᠭ ᠦ᠋ᠨ ᠭᠠᠷ ᠲᠤ᠌ ᠰᠢᠯᠵᠢᠭᠰᠡᠨ ᠨᠢ ᠥᠭᠡᠯᠦᠨ ᠦ᠌ ᠰᠡᠳᠬᠢᠯ ᠳ᠋ᠦ᠍ ᠨᠡᠢᠴᠡᠭᠰᠡᠨ ᠦᠭᠡᠢ᠃ ᠭᠡᠪᠡᠴᠦ ᠶᠠᠭᠠᠬᠢᠵᠤ ᠡᠢᠭᠡᠳ ᠯᠡ ᠡᠷ᠎ᠡ ᠬᠥᠮᠦᠨ ᠲᠤᠯᠠ ᠳᠠᠪᠠᠭᠤ ᠪᠠᠢᠳᠠᠯᠲᠠᠢ ᠪᠣᠯᠤᠭᠰᠠᠨ ᠪᠢᠯᠡ᠃ ᠥᠭᠡᠯᠦᠨ ᠦ᠌ ᠬᠠᠭᠤᠴᠢᠨ ᠴᠠᠭ ᠤ᠋ᠨ ᠨᠡᠷ᠎ᠡ ᠰᠦᠷ ᠡᠴᠡ ᠶᠠᠭᠤ ᠴᠤ᠌ ᠦᠯᠡᠳᠡᠭᠰᠡᠨ ᠦᠭᠡᠢ ᠪᠡᠷ ᠪᠠᠷᠠᠬᠤ ᠦᠭᠡᠢ ᠬᠠᠷᠠᠴᠤ ᠮᠡᠩᠯᠢᠭ ᠠᠰᠠᠷᠠᠨ ᠠᠪᠤᠭᠰᠠᠨ ᠡᠷ᠎ᠡ ᠶ᠋ᠢᠨ ᠶᠣᠰᠣᠭᠠᠷ ᠰᠥᠨᠢ ᠢᠷᠡᠵᠦ ᠡᠪᠦᠷ ᠲᠦᠷᠡᠢ ᠶ᠋ᠢ ᠨᠢ ᠮᠠᠭᠠᠵᠢᠬᠤ ᠪᠣᠯᠵᠠᠢ᠃ ᠬᠡᠳᠦᠨ ᠰᠥᠨᠢ ᠳᠠᠷᠠᠭᠠᠯᠠᠨ ᠳᠤᠷ᠎ᠠ ᠬᠦᠰᠡᠯ ᠳ᠋ᠡᠭᠡᠨ ᠲᠠᠴᠢᠶᠠᠳᠠᠵᠤ ᠴᠢᠳᠠᠭᠰᠠᠨ ᠮᠡᠩᠯᠢᠭ ᠢ᠋ ᠡᠪᠦᠷ ᠡᠴᠡ ᠪᠡᠨ ᠬᠥᠭᠡᠭᠡᠨ ᠭᠠᠷᠭᠠᠵᠤ ᠳᠡᠢᠯᠦᠭᠰᠡᠨ ᠪᠣᠯᠪᠠᠴᠤ ᠬᠠᠷᠠᠴᠤ ᠵᠠᠷᠤᠴᠠ ᠳ᠋ᠠᠭᠠᠨ ᠬᠠᠶᠠᠵᠤ ᠣᠳᠤᠭᠰᠠᠨ ᠶᠢᠰᠦᠭᠡᠢ ᠶ᠋ᠢ ᠬᠠᠷᠢᠶᠠᠨ ᠵᠥᠭᠡᠵᠦ ᠭᠠᠰᠢᠭᠤᠨ ᠢ᠋ᠶ᠋ᠠᠷ ᠤᠬᠢᠯᠠᠵᠤ ᠨᠣᠢᠷ ᠦᠭᠡᠢ ᠬᠣᠨᠣᠳᠠᠭ ᠪᠠᠢᠵᠠᠢ᠃ ᠵᠠᠷᠤᠴᠠ ᠳ᠋ᠠᠭᠠᠨ ᠡᠳ᠋ᠯᠡᠭᠳᠡᠨ᠎ᠡ ᠭᠡᠵᠦ ᠰᠠᠨᠠᠬᠤ ᠠ᠋ᠴᠠ ᠣᠢ ᠭᠤᠲᠤᠵᠤ ᠦᠬᠦᠮᠡᠷ᠃ ᠬᠠᠷᠢᠨ ᠮᠡᠩᠯᠢᠭ ᠰᠥᠨᠢ ᠢᠷᠡᠬᠦ ᠪᠡᠨ ᠭᠡᠨᠡᠳᠲᠡ ᠪᠣᠯᠢᠵᠠᠢ᠃ ᠪᠦᠷ ᠰᠠᠷ᠎ᠠ ᠢᠷᠡᠭᠰᠡᠨ ᠦᠭᠡᠢ᠃ ᠠᠢᠷᠠᠭ ᠲᠠᠷᠠᠭ ᠡᠳᠦᠷ ᠪᠦᠷᠢ ᠣᠷᠣᠵᠤ ᠭᠠᠷᠬᠤ ᠪᠣᠯᠪᠠᠴᠤ ᠥᠭᠡᠯᠦᠨ ᠢ᠋ ᠶᠡᠷᠦ ᠡᠮ᠎ᠡ ᠬᠥᠮᠦᠨ ᠭᠡᠵᠦ ᠲᠣᠭᠣᠵᠤ ᠦᠵᠡᠬᠦ ᠦᠭᠡᠢ ᠪᠣᠯᠤᠭᠰᠠᠨ ᠨᠢ ᠬᠠᠴᠢᠷᠬᠠᠯᠲᠠᠢ ᠪᠠᠢᠯ᠎ᠠ᠃ ᠭᠡᠲᠡᠯ᠎ᠡ ᠬᠥᠪᠡᠭᠦᠳ ᠵᠢᠭᠠᠰᠤᠨ ᠳ᠋ᠤ᠌ ᠶᠠᠪᠤᠭᠰᠠᠨ ᠨᠠᠮᠤᠷ ᠤ᠋ᠨ ᠡᠳᠦᠷ ᠥᠭᠡᠯᠦᠨ ᠨᠢᠭᠡᠨ ᠶᠠᠪᠤᠳᠠᠯ ᠢ᠋ ᠦᠵᠡᠵᠦ ᠰᠡᠳᠬᠢᠯ ᠰᠠᠨᠠᠭ᠎ᠠ ᠨᠢ ᠳᠡᠩᠰᠡᠯᠪᠡ᠃ ᠡᠵᠡᠨ ᠦᠭᠡᠢ ᠬᠣᠲᠠ ᠠᠢᠯ ᠤ᠋ᠨ ᠬᠣᠢᠲᠤᠬᠢ ᠶᠢᠰᠦᠭᠡᠢ ᠶ᠋ᠢᠨ ᠨᠥᠭᠦᠭᠡ ᠬᠠᠲᠤᠨ ᠰᠣᠴᠢᠭᠠᠯ ᠤ᠋ᠨ ᠭᠡᠷ ᠡᠴᠡ ᠭᠡᠨᠡᠳᠲᠡ ᠢᠨᠠᠭᠯᠠᠨ ᠢᠷᠠᠭᠯᠠᠬᠤ ᠡᠮ᠎ᠡ ᠶ᠋ᠢᠨ ᠳᠠᠭᠤ ᠶᠡᠬᠡ ᠪᠡᠷ ᠭᠠᠷᠬᠤ ᠶ᠋ᠢ ᠳᠡᠷᠭᠡᠳᠡᠭᠦᠷ ᠨᠢ ᠥᠩᠭᠡᠷᠡᠵᠦ ᠶᠠᠪᠤᠭᠠᠳ ᠰᠣᠨᠣᠰᠴᠤ ᠲᠡᠰᠬᠡᠯ ᠦᠭᠡᠢ ᠭᠠᠢᠬᠠᠨ ᠲᠣᠲᠣᠭᠣ ᠪᠠᠷ ᠣᠴᠢᠵᠤ ᠱᠠᠭᠠᠢᠵᠠᠢ᠃ ᠳᠦᠷᠡᠯᠵᠡᠬᠦ ᠭᠠᠯ ᠤ᠋ᠨ ᠴᠠᠭᠠᠨ᠎ᠠ ᠬᠣᠢᠮᠣᠷ ᠤ᠋ᠨ ᠰᠢᠷᠢᠳᠡᠭ ᠳᠡᠭᠡᠷ᠎ᠡ ᠮᠥᠨᠥᠬᠢ ᠮᠡᠩᠯᠢᠭ ᠵᠠᠯᠠᠭᠤ ᠪᠡᠶ᠎ᠡ ᠶ᠋ᠢᠨ ᠡᠷ᠎ᠡ ᠴᠢᠳᠠᠯ ᠢ᠋ ᠭᠠᠢᠬᠠᠭᠤᠯᠬᠤ ᠰᠢᠭ᠋ ᠰᠣᠴᠢᠭᠠᠯ ᠢ᠋ ᠳᠠᠭᠤ ᠠᠯᠳᠠᠭᠤᠯᠤᠨ ᠡᠳ᠋ᠯᠡᠵᠦ ᠪᠠᠢᠬᠤ ᠶ᠋ᠢ ᠦᠵᠡᠵᠡᠢ᠃ ᠮᠡᠩᠯᠢᠭ ᠦ᠋ᠨ ᠲᠠᠭ ᠴᠢᠭ ᠪᠣᠯᠤᠭᠰᠠᠨ ᠤ᠋ ᠤᠴᠢᠷ ᠡᠨᠡ ᠠᠵᠢ᠃ ᠥᠭᠡᠯᠦᠨ ᠳᠠᠷᠤᠢ ᠵᠠᠢᠯᠠᠨ ᠶᠠᠪᠤᠵᠤ ᠭᠡᠷ ᠲᠡᠭᠡᠨ ᠣᠷᠣᠪᠠ᠃ ᠰᠠᠶᠢ ᠶ᠋ᠢᠨ ᠦᠵᠡᠭᠰᠡᠨ ᠳᠡᠭᠡᠷᠡᠬᠢ ᠶᠠᠪᠤᠳᠠᠯ ᠲᠡᠭᠦᠨ ᠢ᠋ ᠢᠩᠭᠢᠵᠦ ᠣᠯᠠᠨ ᠵᠦᠢᠯ ᠦ᠋ᠨ ᠡᠷᠢᠶᠡᠨ ᠪᠣᠳᠣᠯ ᠳ᠋ᠤ᠌ ᠤᠨᠠᠭᠠᠵᠤ ᠨᠣᠢᠷ ᠦᠭᠡᠢ ᠬᠣᠨᠣᠭᠤᠯᠤᠨ᠎ᠠ ᠭᠡᠵᠦ ᠰᠠᠨᠠᠭ᠎ᠠ ᠦᠭᠡᠢ ᠪᠢᠯᠡ᠃ ᠶᠢᠰᠦᠭᠡᠢ ᠦᠭᠡᠢ ᠪᠣᠯᠤᠭᠠᠳ ᠥᠩᠭᠡᠷᠡᠭᠰᠡᠨ ᠲᠤᠯᠠ ᠡᠮ᠎ᠡ ᠪᠡᠶ᠎ᠡ ᠨᠢ ᠡᠷ᠎ᠡ ᠶ᠋ᠢ ᠬᠦᠰᠡᠮᠵᠢᠯᠡᠨ ᠬᠠᠭᠰᠠᠷᠠᠵᠤ ᠭᠤᠩᠳᠠᠭᠰᠠᠨ ᠢ᠋ ᠬᠠᠮᠤᠭ ᠤ᠋ᠨ ᠲᠦᠷᠦᠭᠦᠨ ᠮᠡᠳᠡᠪᠡ᠃ ᠡᠨᠡ ᠦᠶ᠎ᠡ ᠳ᠋ᠦ᠍ ᠥᠭᠡᠯᠦᠨ ᠳᠥᠩᠭᠡᠵᠢ ᠭᠤᠴᠢᠨ ᠨᠠᠰᠤ ᠥᠩᠭᠡᠷᠡᠵᠦ ᠪᠠᠢᠯ᠎ᠠ᠃ ᠨᠢᠳᠦ ᠪᠡᠨ ᠠᠨᠢᠬᠤ ᠪᠦᠷᠢ ᠰᠣᠴᠢᠭᠠᠯ ᠤ᠋ᠨ ᠲᠡᠰᠴᠦ ᠶᠠᠳᠠᠨ ᠲᠠᠴᠢᠶᠠᠳᠠᠨ ᠭᠢᠩᠰᠢᠵᠦ ᠪᠠᠢᠭᠰᠠᠨ ᠨᠢ ᠦᠵᠡᠭᠳᠡᠭᠡᠳ ᠮᠡᠩᠯᠢᠭ ᠦ᠋ᠨ ᠵᠠᠯᠠᠭᠤ ᠢᠳᠡᠷ ᠪᠤᠯᠴᠢᠩ ᠰᠢᠷᠪᠥᠰᠥ ᠵᠠᠩᠭᠢᠷᠠᠭᠰᠠᠨ ᠪᠡᠶ᠎ᠡ ᠥᠪᠡᠷ ᠦ᠋ᠨ ᠡᠷᠬᠡ ᠦᠭᠡᠢ ᠬᠦᠰᠡᠭᠳᠡᠭᠡᠳ ᠪᠦᠷ ᠬᠠᠮᠤᠭ ᠰᠠᠷᠠᠯ ᠢ᠋ ᠥᠳᠥᠭᠡᠨ ᠲᠠᠷᠴᠢᠯᠠᠭᠠᠬᠤ ᠠᠵᠢ᠃ ᠥᠪᠡᠷ ᠢ᠋ ᠪᠡᠨ ᠡᠷ᠎ᠡ ᠶ᠋ᠢ ᠢᠩᠭᠢᠵᠦ ᠶᠡᠬᠡ ᠪᠡᠷ ᠬᠦᠰᠡᠮᠵᠢᠯᠡᠨ᠎ᠡ ᠭᠡᠵᠦ ᠰᠠᠨᠠᠭᠰᠠᠨ ᠦᠭᠡᠢ ᠪᠢᠯᠡ᠃ ᠨᠥᠭᠦᠭᠡᠲᠡᠢᠭᠦᠷ ᠵᠠᠷᠤᠴᠠ ᠲᠠᠢ ᠪᠠᠨ ᠱᠠᠯᠢᠭᠯᠠᠭᠰᠠᠨ ᠰᠣᠴᠢᠭᠠᠯ ᠳ᠋ᠤ᠌ ᠠᠭᠤᠷ ᠵᠢᠪᠡᠭᠦᠦ ᠵᠡᠷᠭᠡ ᠬᠦᠷᠬᠦ ᠪᠣᠯᠪᠠᠴᠤ ᠰᠠᠨᠠᠭᠠᠨ ᠤ᠋ ᠮᠤᠬᠤᠷ ᠲᠤ᠌ ᠠᠲᠠᠭᠠᠷᠬᠠᠯ ᠤ᠋ᠨ ᠪᠢᠴᠢᠬᠠᠨ ᠭᠠᠯ ᠰᠦᠮᠡᠯᠵᠡᠨ ᠴᠠᠭ ᠥᠩᠭᠡᠷᠡᠬᠦ ᠪᠦᠷᠢ ᠲᠣᠳᠣᠷᠠᠨ ᠵᠢᠷᠦᠬᠡᠨ ᠲᠤᠰᠢᠶ᠎ᠠ ᠭᠠᠵᠠᠷ ᠨᠢ ᠬᠠᠯᠠᠭᠤ ᠣᠷᠭᠢᠭᠤᠯᠤᠭᠰᠠᠭᠠᠷ ᠪᠠᠢᠯ᠎ᠠ᠃ ᠲᠡᠷᠡ ᠰᠥᠨᠢ ᠳᠡᠯᠡᠭᠡ ᠪᠣᠳᠣᠯ ᠳ᠋ᠤ᠌ ᠤᠷᠠᠭᠯᠠᠭᠳᠠᠨ ᠲᠡᠯᠴᠢᠯᠡᠵᠦ ᠬᠣᠨᠣᠬᠤ ᠳ᠋ᠠᠭᠠᠨ ᠶᠠᠭᠤ ᠴᠤ᠌ ᠰᠢᠢᠳᠴᠦ ᠴᠢᠳᠠᠭ᠎ᠠ ᠦᠭᠡᠢ ᠪᠥᠭᠡᠳ ᠬᠦᠰᠡᠯ ᠲᠠᠴᠢᠶᠠᠯ ᠢ᠋ᠶ᠋ᠠᠨ ᠬᠠᠩᠭᠠᠬᠤ ᠬᠠᠮᠤᠭ ᠤ᠋ᠨ ᠣᠢᠷ᠎ᠠ ᠶ᠋ᠢᠨ ᠪᠣᠳᠣᠯ ᠳᠡᠢᠯᠬᠦ ᠠᠵᠢ᠃ ᠡᠮ᠎ᠡ ᠬᠥᠮᠦᠨ ᠠᠮᠢᠳᠤᠷᠠᠯ ᠤ᠋ᠨ ᠬᠦᠨᠳᠦ ᠳ᠋ᠦ᠍ ᠰᠢᠨᠠᠯᠵᠤ ᠭᠠᠭᠴᠠᠭᠠᠷᠳᠠᠬᠤ ᠳ᠋ᠠᠭᠠᠨ ᠡᠷ᠎ᠡ ᠬᠦᠢᠰᠦᠲᠡᠨ ᠦ᠌ ᠬᠠᠲᠠᠭᠤ ᠵᠣᠷᠢᠭ᠂ ᠬᠠᠯᠠᠭᠤᠨ ᠡᠩᠬᠦᠷᠡᠢᠯᠡᠯ ᠢ᠋ ᠶᠠᠭᠤᠨ ᠠ᠋ᠴᠠ ᠴᠤ᠌ ᠢᠯᠡᠭᠦᠦ ᠡᠷᠬᠢᠮᠯᠡᠨ ᠬᠦᠰᠡᠮᠵᠢᠯᠡᠳᠡᠭ ᠪᠣᠯᠬᠤ ᠶ᠋ᠢ ᠥᠪᠡᠷ ᠦ᠋ᠨ ᠡᠷᠬᠡ ᠦᠭᠡᠢ ᠣᠢᠯᠠᠭᠠᠵᠠᠢ᠃ ᠬᠣᠭᠣᠰᠣᠨ ᠴᠡᠪᠡᠷ ᠨᠡᠷ᠎ᠡ ᠨᠢᠭᠤᠷ ᠢ᠋ᠶ᠋ᠠᠨ ᠪᠣᠳᠣᠬᠤ ᠨᠢ ᠮᠡᠩᠯᠢᠭ ᠦ᠋ᠨ ᠰᠡᠳᠬᠢᠯ ᠪᠡᠶ᠎ᠡ ᠶ᠋ᠢ ᠲᠥᠷᠥᠭᠦᠯᠵᠦ ᠡᠵᠡᠮᠳᠡᠭᠰᠡᠨ ᠰᠣᠴᠢᠭᠠᠯ᠂ ᠶᠢᠰᠦᠭᠡᠢ ᠶ᠋ᠢᠨ ᠥᠨᠥᠴᠢᠷᠡᠵᠦ ᠬᠣᠴᠣᠷᠤᠭᠰᠠᠨ ᠡᠵᠡᠭᠦᠢ ᠬᠦᠷᠢᠶᠡᠨ ᠳ᠋ᠦ᠍ ᠴᠦ᠍ ᠭᠡᠯ᠎ᠡ ᠢᠯᠡᠭᠦᠦ ᠡᠷᠬᠡ ᠮᠡᠳᠡᠯᠲᠡᠢ ᠪᠣᠯᠬᠤ ᠢᠯᠡᠷᠬᠡᠢ ᠠᠶᠤᠯ ᠳ᠋ᠤ᠌ ᠬᠦᠷᠭᠡᠵᠦ ᠪᠠᠢᠭ᠎ᠠ ᠶ᠋ᠢ ᠰᠦᠷᠡᠬᠡᠢ ᠲᠣᠳᠣ ᠴᠢᠬᠤᠯᠠ ᠪᠢᠰᠢ ᠴᠦ᠍ ᠭᠡᠯ᠎ᠡ ᠮᠡᠳᠡᠷᠡᠭᠰᠡᠨ ᠨᠢ ᠥᠭᠡᠯᠦᠨ ᠦ᠌ ᠪᠣᠳᠣᠯ ᠤ᠋ᠨ ᠰᠠᠢᠨ ᠦᠷ᠎ᠡ ᠪᠠᠢᠭᠰᠠᠨ ᠶᠤᠮ᠃ ᠡᠷ᠎ᠡ ᠨᠢ ᠦᠬᠦᠭᠰᠡᠨ ᠦ᠌ ᠳᠠᠷᠠᠭ᠎ᠠ ᠦᠯᠡᠳᠡᠭᠰᠡᠨ ᠡᠮᠡᠰ ᠨᠢ ᠭᠡᠷ ᠦ᠋ᠨ ᠳᠣᠲᠣᠷᠠᠬᠢ ᠡᠷᠬᠡ ᠮᠠᠲᠠᠯ ᠤ᠋ᠨ ᠲᠥᠯᠥᠭᠡ ᠲᠡᠮᠡᠴᠡᠳᠡᠭ ᠲᠡᠷᠡ ᠵᠢᠮ᠎ᠡ ᠶ᠋ᠢ ᠥᠭᠡᠯᠦᠨ ᠣᠢᠯᠠᠭᠠᠵᠤ ᠠᠪᠴᠠᠢ᠃ ᠰᠣᠴᠢᠭᠠᠯ ᠬᠠᠰᠠᠷ᠂ ᠲᠡᠮᠦᠵᠢᠨ ᠬᠣᠶᠠᠷ ᠲᠠᠢ ᠨᠠᠰᠤ ᠰᠠᠴᠠᠭᠤ ᠪᠡᠭᠲᠡᠷ᠂ ᠪᠡᠯᠭᠦᠳᠡᠢ ᠬᠥᠪᠡᠭᠦᠳ ᠲᠡᠢ᠃ ᠠᠬᠠᠮᠠᠳ ᠬᠥᠪᠡᠭᠦᠨ ᠪᠡᠭᠲᠡᠷ ᠨᠢ ᠵᠠᠩ ᠠᠭᠠᠰᠢ ᠲᠦᠷᠢᠮᠡᠬᠡᠢ ᠪᠡᠶ᠎ᠡ ᠪᠡᠷ ᠥᠰᠬᠡᠯᠡᠭᠦᠨ ᠲᠤᠯᠠ ᠲᠡᠮᠦᠵᠢᠨ ᠢ᠋ ᠢᠯᠡᠷᠬᠡᠢ ᠳᠠᠷᠤᠯᠠᠨ ᠳᠡᠭᠡᠷᠡᠯᠬᠡᠬᠦ ᠶ᠋ᠢ ᠦᠵᠡᠭᠰᠡᠨ ᠪᠣᠯᠬᠣᠷ ᠬᠥᠪᠡᠭᠦᠳ ᠦ᠋ᠨ ᠢ᠋ᠶ᠋ᠡᠨ ᠲᠥᠯᠥᠭᠡ ᠥᠪᠡᠷ ᠦ᠋ᠨ ᠳᠤᠷ᠎ᠠ ᠲᠠᠴᠢᠶᠠᠯ ᠢ᠋ ᠬᠠᠩᠭᠠᠬᠤ ᠠ᠋ᠴᠠ ᠢᠯᠡᠭᠦᠦ ᠲᠡᠢ ᠰᠠᠨᠠᠭ᠎ᠠ ᠲᠠᠯᠪᠢᠵᠤ ᠪᠣᠳᠣᠬᠤ ᠳᠤᠷᠠᠲᠠᠢ ᠪᠠᠨ ᠮᠡᠳᠡᠯ᠎ᠡ᠃ ᠥᠭᠡᠯᠦᠨ ᠳ᠋ᠦ᠍ ᠡᠭᠦᠨ ᠡᠴᠡ ᠥᠭᠡᠷ᠎ᠡ ᠵᠥᠪ ᠵᠠᠮ ᠦᠭᠡᠢ ᠮᠡᠲᠦ ᠰᠠᠨᠠᠭᠳᠠᠵᠠᠢ᠃ ᠮᠡᠩᠯᠢᠭ ᠲᠦ᠍ ᠲᠦᠷᠦᠭᠦᠯᠡᠵᠦ ᠪᠡᠶ᠎ᠡ ᠪᠡᠨ ᠡᠳ᠋ᠯᠡᠭᠦᠯᠦᠭᠰᠡᠨ ᠢ᠋ᠶ᠋ᠡᠷ ᠰᠣᠴᠢᠭᠠᠯ ᠶᠠᠮᠠᠷ ᠳᠠᠪᠠᠭᠤ ᠲᠠᠯ᠎ᠠ ᠣᠯᠵᠤ ᠪᠣᠯᠬᠤ ᠶ᠋ᠢ ᠬᠣᠵᠢᠮᠳᠠᠭᠰᠠᠨ ᠴᠤ᠌ ᠣᠢᠯᠠᠭᠠᠵᠠᠢ᠃ ᠶᠢᠰᠦᠭᠡᠢ ᠶ᠋ᠢᠨ ᠦᠬᠦᠬᠦ ᠳ᠋ᠡᠭᠡᠨ ᠬᠡᠯᠡᠭᠰᠡᠨ ᠭᠡᠷᠢᠶᠡᠰ ᠦᠭᠡ ᠶᠠᠳᠠᠭᠤ ᠡᠷ᠎ᠡ ᠮᠡᠩᠯᠢᠭ ᠢ᠋ ᠢᠩᠭᠢᠵᠦ ᠦᠨ᠎ᠡ ᠳ᠋ᠦ᠍ ᠣᠷᠣᠭᠤᠯᠤᠨ᠎ᠠ ᠭᠡᠵᠦ ᠥᠭᠡᠯᠦᠨ ᠰᠠᠨᠠᠭ᠎ᠠ ᠦᠭᠡᠢ ᠪᠢᠯᠡ᠃ ᠭᠡᠪᠡᠴᠦ ᠬᠡᠳᠦᠬᠡᠨ ᠬᠣᠨᠣᠭ ᠤ᠋ᠨ ᠳᠠᠷᠠᠭ᠎ᠠ ᠠ᠋ᠴᠠ ᠶᠢᠰᠦᠭᠡᠢ ᠶ᠋ᠢᠨ ᠭᠡᠷᠢᠶᠡᠰ ᠢ᠋ ᠳᠠᠭᠠᠵᠤ ᠮᠡᠩᠯᠢᠭ ᠦ᠋ᠨ ᠬᠦᠰᠡᠯ ᠢ᠋ᠶ᠋ᠡᠷ ᠪᠣᠯᠤᠭ᠎ᠠ ᠦᠭᠡᠢ ᠳ᠋ᠡᠭᠡᠨ ᠶᠠᠮᠠᠷ ᠶᠡᠬᠡ ᠠᠯᠳᠠᠭ᠎ᠠ ᠬᠢᠭᠰᠡᠨ ᠢ᠋ᠶ᠋ᠡᠨ ᠥᠭᠡᠯᠦᠨ ᠦᠵᠡᠵᠦ ᠡᠬᠢᠯᠡᠪᠡ᠃ ᠰᠣᠴᠢᠭᠠᠯ ᠤ᠋ᠨ ᠨᠣᠮᠣᠬᠠᠨ ᠲᠥᠯᠥᠪ ᠵᠠᠩ ᠡᠷᠡᠰ ᠬᠤᠪᠢᠷᠠᠵᠤ ᠪᠦᠭᠦᠳᠡ ᠶ᠋ᠢ ᠡᠭᠡᠷᠡᠵᠦ ᠣᠮᠣᠭᠳᠠᠬᠤ ᠨᠢ ᠢᠯᠡᠳᠲᠡ ᠪᠣᠯᠵᠠᠢ᠃ ᠪᠠᠰᠠ ᠮᠡᠩᠯᠢᠭ ᠦ᠋ᠨ ᠳᠡᠮᠵᠢᠯᠭᠡ᠂ ᠡᠬᠡ ᠶ᠋ᠢᠨ ᠢ᠋ᠶ᠋ᠡᠨ ᠢᠪᠡᠭᠡᠯ ᠢ᠋ ᠣᠯᠤᠭᠰᠠᠨ ᠪᠡᠭᠲᠡᠷ ᠥᠪᠡᠷ ᠢ᠋ ᠪᠡᠨ ᠡᠨᠡ ᠭᠡᠷ ᠦ᠋ᠨ ᠡᠵᠡᠨ ᠪᠣᠯᠬᠤ ᠬᠥᠮᠦᠨ ᠭᠡᠵᠦ ᠢᠯᠡᠷᠬᠡᠢ ᠦᠵᠡᠵᠦ᠂ ᠲᠡᠮᠦᠵᠢᠨ ᠢ᠋ ᠥᠴᠦᠬᠡᠨ ᠵᠦᠢᠯ ᠳᠡᠭᠡᠷ᠎ᠡ ᠴᠦ᠍ ᠪᠣᠯᠪᠠ ᠳᠠᠷᠤᠯᠠᠨ ᠳᠡᠭᠡᠷᠡᠯᠬᠡᠬᠦ ᠨᠢ ᠵᠣᠪᠠᠯᠠᠩ ᠳᠡᠭᠡᠷ᠎ᠡ ᠵᠣᠪᠠᠯᠠᠩ ᠪᠣᠯᠵᠤ ᠡᠬᠢᠯᠡᠯ᠎ᠡ᠃ ᠲᠡᠮᠦᠵᠢᠨ ᠬᠥᠪᠡᠭᠦᠨ ᠨᠢ ᠪᠢᠷ᠎ᠠ ᠬᠦᠴᠦ ᠪᠡᠷ ᠪᠡᠭᠲᠡᠷ ᠡᠴᠡ ᠬᠣᠯᠠ ᠳᠣᠷᠣᠢ ᠤᠴᠢᠷ ᠡᠷᠡᠰ ᠬᠠᠲᠠᠭᠤ ᠡᠰᠡᠷᠭᠦᠴᠡᠨ ᠵᠣᠳᠣᠯᠳᠤᠵᠤ ᠦᠯᠦ ᠴᠢᠳᠠᠨ᠎ᠠ᠃ ᠬᠥᠪᠡᠭᠦᠨ ᠦ᠌ ᠪᠡᠨ ᠭᠣᠮᠣᠳᠠᠯ ᠬᠢᠰᠠᠯ ᠤ᠋ᠨ ᠨᠢᠯᠪᠤᠰᠤ ᠭᠢᠯᠠᠯᠵᠠᠬᠤ ᠬᠣᠨᠵᠢᠩᠲᠦ ᠰᠢᠷ᠎ᠠ ᠨᠢᠳᠦ ᠶ᠋ᠢ ᠬᠠᠷᠠᠬᠤ ᠪᠦᠷᠢ ᠥᠭᠡᠯᠦᠨ ᠦ᠌ ᠰᠡᠳᠬᠢᠯ ᠰᠡᠮᠡᠷᠡᠨ ᠤᠷᠠᠭᠳᠠᠨ᠎ᠠ᠃ ᠬᠥᠪᠡᠭᠦᠳ ᠦ᠋ᠨ ᠢ᠋ᠶ᠋ᠡᠨ ᠬᠤᠪᠢ ᠵᠠᠶᠠᠭᠠᠨ ᠤ᠋ ᠲᠥᠯᠥᠭᠡ ᠥᠭᠡᠯᠦᠨ ᠠᠮᠢᠳᠤᠷᠠᠯ ᠲᠠᠢ ᠡᠪᠯᠡᠷᠡᠨ ᠪᠠᠭᠤᠵᠤ ᠥᠭᠬᠦ ᠶᠣᠰᠣᠲᠠᠢ ᠪᠠᠨ ᠣᠢᠯᠠᠭᠠᠪᠠ᠃ ᠭᠡᠪᠡᠴᠦ ᠲᠣᠮᠣ ᠪᠣᠯᠵᠤ ᠡᠷ᠎ᠡ ᠡᠮ᠎ᠡ ᠶ᠋ᠢᠨ ᠡᠯᠳᠡᠪ ᠤᠴᠢᠷ ᠢ᠋ ᠠᠯᠢ ᠡᠷᠲᠡ ᠭᠠᠳᠠᠷᠯᠠᠬᠤ ᠪᠣᠯᠤᠭᠰᠠᠨ ᠬᠥᠪᠡᠭᠦᠳ ᠦ᠋ᠨ ᠢ᠋ᠶ᠋ᠡᠨ ᠳᠡᠷᠭᠡᠳᠡ ᠵᠠᠷᠤᠴᠠ ᠬᠠᠷᠠᠴᠤ ᠲᠠᠢ ᠪᠠᠨ ᠱᠠᠯᠢᠭᠯᠠᠬᠤ ᠶ᠋ᠢ ᠲᠡᠷᠡ ᠲᠡᠪᠴᠢᠬᠦ ᠦᠭᠡᠢ ᠲᠤᠯᠠ ᠬᠥᠪᠡᠭᠦᠳ ᠲᠡᠭᠡᠨ ᠲᠤᠰ ᠲᠤᠨᠢ ᠭᠡᠷ ᠵᠠᠰᠠᠵᠤ ᠲᠥᠪᠬᠢᠨᠡᠭᠦᠯᠦᠭᠰᠡᠨ ᠨᠢ ᠲᠡᠮᠦᠵᠢᠨ᠂ ᠬᠠᠰᠠᠷ ᠬᠣᠶᠠᠷ ᠢ᠋ ᠲᠡᠭᠡᠵᠦ ᠶᠡᠬᠡ ᠪᠠᠶᠠᠷᠯᠠᠭᠤᠯᠤᠨ᠎ᠠ ᠭᠡᠵᠦ ᠪᠣᠳᠣᠭ᠎ᠠ ᠦᠭᠡᠢ ᠪᠢᠯᠡ᠃ ᠡᠨᠡ ᠨᠢ ᠬᠡᠦᠬᠡᠳ ᠦ᠋ᠨ ᠭᠡᠨᠡᠨ ᠰᠣᠨᠢᠭᠤᠴᠢ ᠵᠠᠩ ᠲᠡᠳᠦᠢ ᠪᠢᠰᠢ ᠪᠣᠯᠬᠤ ᠶ᠋ᠢ ᠥᠭᠡᠯᠦᠨ ᠦᠵᠡᠵᠦ ᠮᠡᠳᠡᠪᠡ᠃ ᠲᠡᠮᠦᠵᠢᠨ ᠬᠥᠪᠡᠭᠦᠨ ᠨᠢ ᠪᠡᠶ᠎ᠡ ᠳᠠᠭᠠᠭᠠᠵᠤ ᠲᠣᠯᠣᠭᠠᠢ ᠮᠡᠳᠡᠨ ᠠᠮᠢᠳᠤᠷᠠᠬᠤ ᠶ᠋ᠢ ᠬᠦᠰᠡᠵᠦ ᠪᠠᠢᠭ᠎ᠠ ᠶ᠋ᠢᠨ ᠢᠯᠡᠷᠡᠯ ᠪᠠᠢᠯ᠎ᠠ᠃ ᠪᠠᠭ᠎ᠠ ᠪᠠᠯᠴᠢᠷ ᠲᠡᠮᠦᠭᠡ ᠬᠦᠷᠲᠡᠯ᠎ᠡ ᠠᠬ᠎ᠠ ᠨᠠᠷ ᠤ᠋ᠨ ᠬᠠᠮᠲᠤ ᠰᠢᠨ᠎ᠡ ᠭᠡᠷ ᠲᠦ᠍ ᠤᠨᠲᠠᠬᠤ ᠪᠣᠯᠪᠠ᠃ ᠣᠳᠣ ᠥᠭᠡᠯᠦᠨ ᠦ᠌ ᠬᠠᠮᠲᠤ ᠬᠣᠶᠠᠷ ᠨᠠᠰᠤᠲᠠᠢ ᠲᠡᠮᠦᠯᠦᠨ ᠥᠬᠢᠨ ᠨᠢ ᠯᠡ ᠦᠯᠡᠳᠡᠵᠡᠢ᠃ ᠮᠡᠩᠯᠢᠭ ᠰᠣᠴᠢᠭᠠᠯ ᠬᠣᠶᠠᠷ ᠤ᠋ᠨ ᠬᠣᠯᠪᠣᠭ᠎ᠠ ᠶ᠋ᠢ ᠵᠦᠭᠡᠷ ᠨᠢᠭᠡ ᠡᠷ᠎ᠡ ᠶ᠋ᠢᠨ ᠭᠠᠯᠢᠭ ᠡᠮ᠎ᠡ ᠶ᠋ᠢᠨ ᠱᠠᠯᠢᠭ ᠭᠡᠵᠦ ᠦᠵᠡᠵᠦ ᠪᠣᠯᠬᠤ ᠦᠭᠡᠢ ᠪᠣᠯᠤᠭᠰᠠᠨ ᠲᠤᠯᠠ ᠢᠩᠭᠢᠬᠦ ᠡᠴᠡ ᠥᠭᠡᠷ᠎ᠡ ᠵᠠᠮ ᠥᠭᠡᠯᠦᠨ ᠳ᠋ᠦ᠍ ᠦᠯᠡᠳᠡᠭᠰᠡᠨ ᠦᠭᠡᠢ ᠃  
       ᠲᠡᠮᠦᠵᠢᠨ ᠢ᠋ ᠢᠷᠡᠭᠡᠳᠦᠢ ᠶ᠋ᠢᠨ ᠬᠣᠲᠠ ᠳ᠋ᠠᠢ ᠰᠡᠴᠡᠨ ᠦ᠌ ᠳ᠋ᠦ᠍ ᠬᠦᠷᠭᠡᠵᠦ ᠥᠭᠭᠦᠭᠡᠳ ᠪᠤᠴᠠᠵᠤ ᠢᠷᠡᠭᠰᠡᠨ ᠮᠡᠩᠯᠢᠭ ᠢ᠋ ᠥᠭᠡᠯᠦᠨ ᠢᠳᠡᠭᠡ ᠪᠤᠳᠠᠭ᠎ᠠ ᠪᠡᠯᠡᠳᠴᠦ ᠭᠡᠷ ᠲᠡᠭᠡᠨ ᠤᠷᠢᠪᠠ᠃ ᠤᠭ ᠠ᠋ᠴᠠ ᠲᠡᠮᠦᠵᠢᠨ ᠢ᠋ ᠬᠣᠲᠠ ᠶ᠋ᠢᠨ ᠳ᠋ᠡᠭᠠᠨ ᠪᠤᠴᠠᠭᠠᠵᠤ ᠬᠦᠷᠭᠡᠵᠦ ᠥᠭᠭᠦᠨ᠎ᠡ ᠭᠡᠵᠦ ᠠᠮᠠᠯᠠᠭᠰᠠᠨ ᠪᠠᠢᠭᠰᠠᠨ ᠴᠤ᠌ ᠶᠢᠰᠦᠭᠡᠢ ᠶ᠋ᠢᠨ ᠦᠬᠦᠯ ᠡᠴᠡ ᠪᠣᠯᠤᠭᠠᠳ ᠵᠢᠯ ᠲᠣᠭᠣᠷᠢᠨ ᠠᠮᠵᠢᠯ ᠪᠣᠯᠤᠭ᠎ᠠ ᠦᠭᠡᠢ ᠪᠢᠯᠡ᠃ ᠪᠠᠰᠠ ᠪᠠᠯᠴᠢᠷ ᠬᠥᠪᠡᠭᠦᠨ ᠢ᠋ᠶ᠋ᠡᠨ ᠬᠥᠮᠦᠨ ᠦ᠌ ᠭᠡᠷ ᠲᠦ᠍ ᠲᠡᠪᠴᠢᠨ ᠢᠯᠡᠭᠡᠵᠦ ᠴᠢᠳᠠᠬᠤ ᠦᠭᠡᠢ ᠬᠠᠢᠷᠠᠯᠠᠭᠰᠠᠭᠠᠷ ᠪᠠᠢᠵᠠᠢ᠃ ᠭᠡᠪᠡᠴᠦ ᠭᠡᠷ ᠣᠷᠣᠨ ᠳ᠋ᠤ᠌ ᠪᠣᠢ ᠪᠣᠯᠤᠭᠰᠠᠨ ᠶᠠᠪᠤᠳᠠᠯ ᠬᠥᠪᠡᠭᠦᠨ ᠢ᠋ᠶ᠋ᠡᠨ ᠪᠡᠭᠲᠡᠷ ᠦ᠋ᠨ ᠭᠠᠷ ᠤ᠋ᠨ ᠰᠢᠭᠦᠰᠦ ᠪᠣᠯᠵᠤ ᠳᠣᠷᠣᠮᠵᠢᠯᠠᠭᠳᠠᠨ ᠶᠠᠪᠤᠬᠤ ᠠ᠋ᠴᠠ ᠵᠠᠢᠯᠠᠭᠤᠯᠵᠤ ᠬᠣᠲᠠ ᠶ᠋ᠢᠨ ᠳ᠋ᠡᠭᠠᠨ ᠲᠦᠷ ᠪᠣᠯᠪᠠᠴᠤ ᠢᠯᠡᠭᠡᠬᠦ ᠶ᠋ᠢ ᠥᠭᠡᠯᠦᠨ ᠵᠥᠪ ᠭᠡᠵᠦ ᠦᠵᠡᠪᠡ᠃  ᠬᠣᠲᠠ ᠶ᠋ᠢᠨ ᠳ᠋ᠡᠭᠠᠨ ᠣᠴᠢᠨ᠎ᠠ ᠭᠡᠳᠡᠭ ᠲᠡᠮᠦᠵᠢᠨ ᠦ᠌ ᠬᠤᠪᠢ ᠳ᠋ᠤ᠌ ᠪᠡᠭᠲᠡᠷ ᠡᠴᠡ ᠳᠡᠭᠡᠷ᠎ᠡ ᠳ᠋ᠦ᠍ ᠦᠵᠡᠭᠳᠡᠬᠦ ᠭᠠᠭᠴᠠ ᠪᠣᠯᠤᠮᠵᠢ ᠪᠠᠢᠭᠰᠠᠨ ᠢ᠋ ᠴᠦ᠍ ᠥᠭᠡᠯᠦᠨ ᠪᠣᠳᠣᠭᠰᠠᠨ ᠪᠢᠯᠡ᠃ ᠤᠴᠢᠷ ᠨᠢ ᠶᠢᠰᠦᠭᠡᠢ ᠨᠠᠰᠤ ᠰᠠᠴᠠᠭᠤ ᠪᠡᠭᠲᠡᠷ᠂ ᠲᠡᠮᠦᠵᠢᠨ ᠬᠣᠶᠠᠷ ᠬᠥᠪᠡᠭᠦᠨ ᠡᠴᠡ ᠪᠡᠨ ᠰᠠᠷ᠎ᠠ ᠪᠠᠷ ᠠᠬ᠎ᠠ ᠲᠡᠮᠦᠵᠢᠨ ᠢ᠋ ᠰᠣᠩᠭᠣᠨ ᠪᠡᠷᠢ ᠪᠠᠭᠤᠯᠭᠠᠵᠤ ᠰᠦᠢ ᠲᠠᠯᠪᠢᠭᠰᠠᠨ ᠨᠢ ᠥᠪᠡᠷ ᠦ᠋ᠨ ᠣᠷᠣ ᠶ᠋ᠢ ᠲᠡᠮᠦᠵᠢᠨ ᠳ᠋ᠦ᠍ ᠭᠡᠷᠢᠶᠡᠰᠯᠡᠭᠰᠡᠨ ᠬᠡᠷᠡᠭ ᠭᠡᠳᠡᠭ ᠢ᠋ ᠥᠭᠡᠯᠦᠨ ᠲᠡᠳᠡᠨ ᠳ᠋ᠦ᠍ ᠮᠡᠳᠡᠭᠦᠯᠬᠦ ᠶ᠋ᠢ ᠬᠦᠰᠡᠭᠰᠡᠨ ᠶᠦᠮ᠃ ᠡᠷᠦᠬᠡ ᠭᠡᠷ ᠦ᠋ᠨ ᠳᠣᠲᠣᠷ᠎ᠠ ᠡᠷᠬᠡ ᠮᠠᠲᠠᠯ ᠪᠤᠯᠢᠶᠠᠯᠳᠤᠭᠰᠠᠨ ᠡᠨᠡ ᠦᠶ᠎ᠡ ᠳ᠋ᠦ᠍ ᠲᠡᠮᠦᠵᠢᠨ ᠢ᠋ ᠬᠡᠨ ᠪᠣᠯᠬᠤ ᠶ᠋ᠢ ᠰᠣᠴᠢᠭᠠᠯ ᠪᠡᠭᠲᠡᠷ ᠬᠣᠶᠠᠷ ᠲᠤ᠌ ᠰᠠᠨᠠᠭᠤᠯᠬᠤ ᠶ᠋ᠢᠨ ᠲᠤᠯᠠᠳᠠ ᠬᠡᠴᠡᠭᠦᠦ᠂ ᠬᠠᠢᠷᠠᠯᠠᠯᠲᠠᠢ ᠴᠤ᠌ ᠭᠡᠯ᠎ᠡ ᠬᠥᠪᠡᠭᠦᠨ ᠢ᠋ᠶ᠋ᠡᠨ ᠬᠥᠮᠦᠨ ᠦ᠌ ᠭᠡᠷ ᠲᠦ᠍ ᠢᠯᠡᠭᠡᠬᠦ ᠡᠴᠡ ᠥᠭᠡᠷ᠎ᠡ ᠠᠷᠭ᠎ᠠ ᠥᠭᠡᠯᠦᠨ ᠳ᠋ᠦ᠍ ᠪᠠᠢᠭᠰᠠᠨ ᠦᠭᠡᠢ᠃  ᠮᠡᠩᠯᠢᠭ᠂ ᠲᠡᠮᠦᠵᠢᠨ ᠬᠣᠶᠠᠷ ᠢ᠋ ᠪᠦᠭᠦᠳᠡ ᠴᠤᠭᠯᠠᠨ ᠬᠦᠨᠳᠦᠲᠡᠢ ᠪᠡᠷ ᠦᠳᠡᠨ ᠮᠣᠷᠳᠠᠭᠤᠯᠪᠠ᠃ ᠢᠩᠭᠢᠵᠦ ᠲᠡᠮᠦᠵᠢᠨ ᠬᠡᠳᠦᠢ ᠠᠷᠪᠠᠨ ᠨᠠᠰᠤ ᠳᠥᠩᠭᠡᠵᠦ ᠥᠩᠭᠡᠷᠡᠵᠦ ᠪᠣᠢ ᠴᠤ᠌ ᠲᠣᠮᠣ ᠬᠥᠮᠦᠨ ᠦ᠌ ᠣᠷᠣ ᠶ᠋ᠢ ᠡᠵᠡᠯᠡᠵᠦ᠂ ᠭᠡᠷ ᠦ᠋ᠨ ᠳᠣᠲᠣᠷᠠᠬᠢ ᠠᠬᠠᠮᠠᠳ ᠬᠥᠪᠡᠭᠦᠨ ᠳ᠋ᠦ᠍ ᠲᠣᠭᠠᠴᠠᠭᠳᠠᠬᠤ ᠶ᠋ᠢᠨ ᠲᠤᠯᠠᠳᠠ ᠨᠢᠯᠪᠤᠰᠤ ᠪᠠᠨ ᠲᠡᠪᠴᠢᠨ ᠥᠭᠡᠯᠦᠨ ᠡᠬᠡ ᠶ᠋ᠢᠨ ᠢ᠋ᠶ᠋ᠡᠨ ᠬᠠᠲᠠᠭᠤ ᠴᠢᠩᠳᠠ ᠰᠡᠳᠬᠢᠯ ᠢ᠋ ᠦᠭᠡ ᠳᠠᠭᠤ ᠦᠭᠡᠢ ᠳᠠᠭᠠᠭᠰᠠᠨ ᠪᠢᠯᠡ᠃  ᠥᠭᠡᠯᠦᠨ ᠢ᠋ ᠭᠡᠷ ᠦ᠋ᠨ ᠳᠣᠲᠣᠷ᠎ᠠ ᠭᠠᠯ ᠳᠦᠷᠡᠯᠵᠡᠵᠦ ᠬᠠᠯᠠᠭᠤ ᠳᠥᠭᠥᠭᠡᠳ ᠠᠷᠢᠬᠢᠨ ᠳ᠋ᠤ᠌ ᠬᠠᠯᠠᠮᠴᠠᠭᠰᠠᠨ ᠮᠡᠩᠯᠢᠭ᠂ ᠳ᠋ᠠᠢ ᠰᠡᠴᠡᠨ ᠲᠡᠮᠦᠵᠢᠨ ᠢ᠋ ᠶᠠᠭᠠᠬᠢᠵᠤ ᠪᠡᠶᠡᠰᠦᠨ ᠤᠭᠲᠤᠭᠰᠠᠨ ᠢ᠋ ᠶᠠᠷᠢᠵᠤ ᠰᠠᠭᠤᠪᠠ᠃ ᠦᠳᠡᠰᠢ ᠪᠣᠯᠵᠤ ᠲᠩᠷᠢ ᠳ᠋ᠦ᠍ ᠰᠠᠷᠠ ᠭᠡᠢᠵᠡᠢ᠃ ᠥᠭᠡᠯᠦᠨ ᠲᠡᠮᠦᠯᠦᠨ ᠥᠬᠢᠨ ᠢ᠋ᠶ᠋ᠡᠨ ᠬᠠᠰᠠᠷ ᠠᠬ᠎ᠠ ᠶ᠋ᠢᠨ ᠬᠢᠨᠢ ᠡᠪᠦᠷ ᠲᠦ᠍ ᠤᠨᠲᠠᠭᠤᠯᠤᠭᠠᠳ ᠣᠷᠣᠵᠤ ᠢᠷᠡᠪᠡ᠃ ᠥᠭᠡᠯᠦᠨ ᠥᠪᠡᠷ ᠦ᠋ᠨ ᠬᠤᠪᠴᠠᠰᠤ ᠶ᠋ᠢ ᠨᠢᠮᠭᠡᠯᠡᠵᠦ ᠤᠷᠠᠨ ᠭᠤᠸ᠎ᠠ ᠭᠤᠶ᠎ᠠ ᠬᠠᠰᠠ ᠪᠠᠨ ᠨᠡᠪᠲᠡ ᠭᠡᠷᠡᠯᠲᠦᠭᠦᠯᠦᠨ ᠶᠠᠪᠤᠵᠤ ᠰᠠᠭᠤᠬᠤ ᠨᠢ ᠮᠡᠩᠯᠢᠭ ᠦ᠋ᠨ ᠤᠭ ᠤ᠋ᠨ ᠬᠦᠰᠡᠯᠡᠩᠲᠦ ᠰᠡᠳᠬᠢᠯ ᠢ᠋ ᠭᠠᠯ ᠳᠡᠭᠡᠷ᠎ᠡ ᠲᠣᠰᠣ ᠠᠰᠬᠠᠭᠰᠠᠨ ᠮᠡᠲᠦ ᠳᠦᠷᠡᠯᠵᠡᠭᠦᠯᠵᠦ ᠲᠡᠪᠴᠢᠨ ᠶᠠᠳᠠᠨ ᠰᠠᠭᠤᠯ᠎ᠠ᠃ ᠮᠡᠩᠯᠢᠭ ᠥᠨᠥ ᠰᠥᠨᠢ ᠥᠭᠡᠯᠦᠨ ᠢ᠋ ᠬᠦᠴᠦ ᠪᠡᠷ ᠡᠵᠡᠮᠳᠡᠬᠦ ᠪᠡᠷ ᠡᠷᠭᠢᠯᠲᠡ ᠦᠭᠡᠢ ᠰᠢᠢᠳᠴᠡᠢ᠃ ᠢᠩᠭᠢᠬᠦ ᠶ᠋ᠢ ᠯᠡ ᠥᠭᠡᠯᠦᠨ ᠬᠦᠰᠡᠭᠰᠡᠨ ᠲᠤᠯᠠ ᠤᠯᠠᠮ ᠴᠤ᠌ ᠤᠶᠠᠨ ᠨᠠᠭᠠᠯᠢᠩᠬᠠᠢ ᠠᠭᠠᠰᠢᠯᠠᠵᠤ ᠪᠠᠢᠯ᠎ᠠ᠃ ᠭᠡᠪᠡᠴᠦ ᠡᠭᠦᠨ ᠦ᠌ ᠡᠮᠦᠨ᠎ᠡ ᠥᠭᠡᠯᠦᠨ ᠳ᠋ᠦ᠍ ᠬᠡᠯᠡᠵᠦ ᠶᠠᠷᠢᠬᠤ ᠦᠭᠡ ᠣᠯᠠᠨ ᠪᠠᠢᠪᠠ᠃ ᠲᠡᠢᠮᠦ ᠤᠴᠢᠷ ᠠ᠋ᠴᠠ ᠪᠠᠰᠠ ᠮᠡᠩᠯᠢᠭ ᠦ᠋ᠨ ᠳᠤᠷ᠎ᠠ ᠲᠠᠴᠢᠶᠠᠯ ᠢ᠋ ᠳᠡᠰᠯᠡᠨ ᠳᠡᠯᠪᠡᠯᠡᠬᠦ ᠶ᠋ᠢ᠂ ᠬᠣᠷᠣᠮ ᠤ᠋ᠨ ᠳᠣᠲᠣᠷ᠎ᠠ ᠠᠰᠬᠠᠷᠠᠨ ᠲᠠᠢᠪᠤᠰᠢᠷᠠᠭᠤᠯᠬᠤ ᠶ᠋ᠢ ᠬᠦᠰᠡᠭᠰᠡᠨ ᠦᠭᠡᠢ᠃ ᠢᠯᠡᠷᠬᠡᠢ ᠣᠢᠷᠠᠲᠤᠨ ᠳᠣᠲᠣᠨᠣᠰᠢᠵᠤ ᠭᠤᠶ᠎ᠠ ᠬᠠᠰᠠ ᠪᠠᠨ ᠢᠯᠪᠢᠭᠦᠯᠵᠦ ᠪᠠᠢᠪᠠᠴᠤ ᠮᠡᠩᠯᠢᠭ ᠦ᠋ᠨ ᠡᠴᠦᠰ ᠦ᠋ᠨ ᠬᠦᠰᠡᠯ ᠢ᠋ ᠭᠦᠢᠴᠡᠯᠳᠦᠭᠦᠯᠬᠦ ᠪᠡᠷ ᠣᠷᠣᠯᠳᠣᠬᠤ ᠠᠭᠱᠠᠨ ᠳ᠋ᠤ᠌ ᠰᠢᠯᠲᠠᠭ ᠣᠯᠵᠤ ᠮᠣᠭᠠᠢ ᠮᠡᠲᠦ ᠭᠤᠯᠠᠰᠤᠨ ᠬᠣᠯᠠᠳᠠᠨ᠎ᠠ᠃ ᠥᠭᠡᠯᠦᠨ ᠮᠡᠩᠯᠢᠭ ᠢ᠋ ᠥᠪᠡᠷ ᠦ᠋ᠨ ᠦᠭᠡ ᠬᠠᠷᠠᠴᠠ ᠪᠠᠷ ᠨᠢᠭᠡᠮᠦᠰᠦᠨ ᠳᠠᠭᠠᠭᠤᠯᠬᠤ ᠶ᠋ᠢ ᠪᠣᠳᠣᠵᠠᠢ᠃ ᠲᠡᠷᠡ ᠴᠠᠭ ᠪᠣᠯᠪᠠ᠃ ᠮᠡᠩᠯᠢᠭ ᠬᠦᠰᠡᠯ ᠲᠠᠴᠢᠶᠠᠯ ᠢ᠋ᠶ᠋ᠠᠨ ᠲᠡᠪᠴᠢᠵᠦ ᠡᠰᠡ ᠴᠢᠳᠠᠭᠠᠳ ᠥᠭᠡᠯᠦᠨ ᠦ᠌ ᠡᠮᠦᠨ᠎ᠡ ᠰᠥᠭᠥᠳᠦᠨ ᠤᠬᠢᠯᠠᠪᠠ᠃ ᠲᠡᠭᠦᠨ ᠦ᠌ ᠠᠮᠠᠨ ᠠ᠋ᠴᠠ ᠬᠠᠢᠷ᠎ᠠ ᠤᠶᠠᠷᠠᠯ ᠤ᠋ᠨ ᠤᠷᠠᠨ ᠦᠭᠡᠰ ᠤᠷᠤᠰᠴᠤ ᠭᠠᠷᠴᠠᠢ᠃ 
       | ᠥᠭᠡᠯᠦᠨ᠂ ᠴᠢ ᠨᠠᠮᠠᠶ᠋ᠢ ᠰᠣᠨᠣᠰ᠂ ᠪᠢ ᠵᠥᠪᠬᠡᠨ ᠶᠢᠰᠦᠭᠡᠢ ᠪᠠᠭᠠᠲᠤᠷ ᠤ᠋ᠨ ᠭᠡᠷᠢᠶᠡᠰᠯᠡᠭᠰᠡᠨ ᠢ᠋ᠶ᠋ᠡᠷ ᠭᠣᠣᠯ ᠪᠠᠷᠢᠵᠤ ᠴᠢᠮᠠᠶ᠋ᠢ ᠡᠵᠡᠮᠳᠡᠬᠦ ᠶ᠋ᠢ ᠦᠯᠦ ᠬᠦᠰᠡᠨ᠎ᠡ᠃ ᠪᠢ ᠥᠪᠡᠷ ᠦ᠋ᠨ ᠰᠡᠳᠬᠢᠯ ᠦ᠋ᠨ ᠴᠢᠨᠠᠳᠤ ᠪᠠᠢᠭ᠎ᠠ ᠬᠠᠢᠷ᠎ᠠ ᠰᠡᠳᠬᠢᠯ ᠢ᠋ᠶ᠋ᠡᠷ ᠴᠢᠮᠠᠶ᠋ᠢ ᠡᠵᠡᠮᠳᠡᠬᠦ ᠶ᠋ᠢ ᠬᠦᠰᠡᠨ᠎ᠡ᠃ ᠶᠢᠰᠦᠭᠡᠢ ᠪᠠᠭᠠᠲᠤᠷ ᠴᠢᠮᠠᠶ᠋ᠢ ᠠᠪᠴᠤ ᠢᠷᠡᠬᠦ ᠳ᠋ᠦ᠍ ᠪᠢ ᠠᠷᠪᠠᠨ ᠭᠤᠷᠪᠠᠲᠠᠢ ᠬᠥᠪᠡᠭᠦᠨ ᠴᠢᠨᠦ ᠲᠡᠷᠭᠡ ᠶ᠋ᠢ ᠳ᠋ᠡᠭᠠᠨ ᠭᠤᠶᠤᠵᠤ ᠠᠪᠤᠯ᠎ᠠ᠃ ᠲᠡᠭᠡᠬᠦ ᠳ᠋ᠦ᠍ ᠯᠡ ᠪᠢ ᠴᠢᠨᠦ ᠭᠡᠷᠡᠯᠲᠦ ᠴᠢᠷᠠᠢ᠂ ᠭᠡᠭᠡᠨ ᠪᠡᠶ᠎ᠡ ᠳ᠋ᠦ᠍ ᠴᠢᠨᠢ ᠦᠬᠦᠨ ᠳᠤᠷᠠᠯᠠᠭᠰᠠᠨ ᠶᠤᠮ᠃ ᠪᠢ ᠴᠢᠮᠠᠶ᠋ᠢ ᠨᠠᠳᠠᠳᠤ ᠥᠭᠭᠦᠭᠡᠴᠢ ᠭᠡᠵᠦ ᠳᠡᠭᠡᠳᠦ ᠲᠩᠷᠢ ᠡᠴᠡ ᠬᠡᠴᠢᠨᠡᠨ ᠴᠦ᠍ ᠭᠤᠶᠤᠪᠠ᠃ ᠣᠳᠣ ᠲᠩᠷᠢ ᠮᠢᠨᠦ ᠦᠭᠡ ᠶ᠋ᠢ ᠰᠣᠨᠣᠰᠴᠤ ᠴᠢᠮᠠᠶ᠋ᠢ ᠨᠠᠳᠠᠳᠤ ᠥᠭᠭᠦᠯ᠎ᠡ᠃ ᠴᠢ ᠪᠤᠤ ᠬᠠᠷᠠᠮᠰᠠ᠂ ᠥᠭᠡᠯᠦᠨ᠃ ᠡᠷ᠎ᠡ ᠴᠢᠨᠢ ᠨᠢᠭᠡᠨᠲᠡ ᠦᠭᠡᠢ ᠪᠣᠯᠪᠠ᠃ ᠪᠢ ᠴᠢᠨᠦ ᠬᠥᠪᠡᠭᠦᠳ ᠢ᠋ ᠶᠠᠭᠠᠬᠢᠪᠠᠴᠤ ᠥᠪᠡᠷ ᠦ᠋ᠨ ᠬᠢ ᠡᠴᠡ ᠭᠠᠳᠠᠭᠤᠷ ᠦᠵᠡᠬᠦ ᠦᠭᠡᠢ᠃ ᠬᠦᠰᠡᠪᠡᠯ ᠪᠢ ᠴᠢᠮᠠᠶ᠋ᠢ ᠬᠥᠪᠡᠭᠦᠳ ᠦ᠋ᠨ ᠴᠢᠨᠢ ᠬᠠᠮᠲᠤ ᠠᠪᠴᠤ ᠠᠯᠤᠰ ᠬᠣᠯᠠ ᠣᠳᠤᠶ᠎ᠠ᠃ ᠭᠠᠭᠴᠠᠬᠠᠨ ᠴᠢ ᠯᠡ ᠨᠠᠮᠠᠶ᠋ᠢ ᠬᠠᠢᠷᠠᠯᠠ᠃ ᠪᠢ ᠴᠢᠮᠠᠶ᠋ᠢ ᠬᠦᠴᠦ ᠪᠡᠷ ᠡᠵᠡᠮᠳᠡᠬᠦ ᠶ᠋ᠢ ᠦᠯᠦ ᠬᠦᠰᠡᠨ᠎ᠡ ᠭᠡᠵᠦ ᠤᠬᠢᠯᠠᠵᠠᠢ᠃ ᠥᠭᠡᠯᠦᠨ ᠮᠡᠩᠯᠢᠭ ᠦ᠋ᠨ ᠰᠡᠳᠬᠢᠯ ᠦ᠋ᠨ ᠦᠭᠡ ᠶ᠋ᠢ ᠣᠢᠯᠠᠭᠠᠨ ᠰᠣᠨᠣᠰᠪᠠ᠃ ᠮᠡᠩᠯᠢᠭ ᠦ᠋ᠨ ᠬᠠᠷᠠᠴᠠ ᠬᠡᠷᠬᠢᠨ ᠥᠪᠡᠷ ᠲᠤᠨᠢ ᠲᠣᠰᠴᠤ ᠶᠠᠭᠠᠬᠢᠵᠤ ᠰᠠᠮ ᠬᠠᠷᠠᠴᠠ ᠪᠠᠨ ᠨᠢᠭᠤᠳᠠᠭ ᠢ᠋ ᠣᠯᠠᠨ ᠵᠢᠯ ᠮᠡᠳᠡᠷᠡᠭᠰᠡᠭᠡᠷ ᠢᠷᠡᠭᠰᠡᠨ ᠪᠢᠯᠡ᠃ ᠥᠭᠡᠯᠦᠨ ᠳ᠋ᠦ᠍ ᠰᠢᠨᠤᠨ ᠳᠤᠷᠠᠯᠠᠭᠰᠠᠨ ᠰᠡᠳᠬᠢᠯ ᠨᠢ ᠮᠡᠩᠯᠢᠭ ᠢ᠋ ᠣᠳᠣ ᠪᠣᠯᠲᠠᠯ᠎ᠠ ᠡᠨᠳᠡ ᠠᠷᠭᠠᠮᠵᠢᠭᠰᠠᠨ ᠶᠤᠮ᠃ 
       | ᠮᠡᠩᠯᠢᠭ ᠮᠢᠨᠢ ᠰᠣᠨᠣᠰ᠃  
       | ᠵᠠ ᠪᠢ ᠴᠢᠨᠦ ᠬᠡᠯᠡᠭᠰᠡᠨ ᠢ᠋ᠶ᠋ᠡᠷ ᠬᠢᠶ᠎ᠡ᠃ 
       ᠥᠪᠡᠷ ᠦ᠋ᠨ ᠬᠦᠰᠡᠯ ᠪᠡᠶᠡᠯᠡᠭᠳᠡᠬᠦ ᠳ᠋ᠦ᠍ ᠣᠢᠷᠠᠲᠤᠭᠰᠠᠨ ᠢ᠋ ᠭᠠᠳᠠᠷᠯᠠᠭᠰᠠᠨ ᠮᠡᠩᠯᠢᠭ ᠥᠭᠡᠯᠦᠨ ᠦ᠌ ᠪᠡᠯᠬᠡᠭᠦᠰᠦ ᠪᠡᠷ ᠲᠡᠪᠡᠷᠢᠨ ᠠᠪᠤᠪᠠ᠃  
       | ᠪᠠᠢᠵᠠ᠂ ᠴᠢ ᠬᠦᠯᠢᠶᠡ᠃ ᠡᠬᠢᠯᠡᠭᠡᠳ ᠮᠢᠨᠦ ᠬᠡᠯᠡᠬᠦ ᠶ᠋ᠢ ᠰᠠᠢᠲᠤᠷ ᠰᠣᠨᠣᠰ᠃ ᠪᠢᠳᠡᠨ ᠢ᠋ ᠶᠢᠰᠦᠭᠡᠢ ᠪᠠᠭᠠᠲᠤᠷ ᠡᠵᠡᠨ ᠦ᠌ ᠰᠦᠨᠡᠰᠦ ᠬᠠᠷᠠᠵᠤ ᠪᠠᠢᠭ᠎ᠠ᠃  
       ᠡᠨᠡ ᠦᠭᠡ ᠮᠡᠩᠯᠢᠭ ᠢ᠋ ᠲᠦᠷ ᠵᠠᠭᠤᠷ᠎ᠠ ᠴᠣᠴᠢᠷᠭᠠᠵᠤ᠂ ᠲᠥᠯᠥᠪ ᠴᠢᠷᠠᠢ ᠶ᠋ᠢ ᠣᠯᠵᠤ ᠥᠪᠡᠷ ᠦ᠋ᠨ ᠰᠠᠭᠤᠳᠠᠯ ᠳ᠋ᠤ᠌ ᠰᠠᠭᠤᠯ᠎ᠠ᠃ 
       | ᠮᠡᠩᠯᠢᠭ᠃ ᠴᠢ ᠪᠣᠯ ᠶᠢᠰᠦᠭᠡᠢ ᠪᠠᠭᠠᠲᠤᠷ ᠡᠵᠡᠨ ᠦ᠌ ᠪᠡᠨ ᠲᠣᠯᠣᠭᠠᠢ ᠶ᠋ᠢ ᠲᠦᠰᠢᠵᠦ᠂ ᠲᠣᠭ᠎ᠠ ᠲᠠᠢ ᠦᠭᠡᠨ ᠦ᠌ ᠬᠢᠨᠢ ᠡᠴᠦᠰ ᠢ᠋ ᠰᠣᠨᠣᠰᠤᠭᠰᠠᠨ ᠬᠥᠮᠦᠨ᠃ ᠡᠵᠡᠨ ᠴᠢᠨᠢ ᠴᠢᠮ᠎ᠠ ᠳ᠋ᠤ᠌ ᠡᠮ᠎ᠡ ᠨᠠᠮᠠᠶ᠋ᠢ᠂ ᠥᠨᠥᠴᠢᠨ ᠬᠥᠪᠡᠭᠦᠳ ᠢ᠋ᠶ᠋ᠡᠨ ᠳᠠᠭᠠᠳᠬᠠᠭᠰᠠᠨ᠃ ᠡᠨᠡ ᠪᠣᠯ ᠭᠠᠭᠴᠠ ᠨᠠᠮᠠᠶ᠋ᠢ ᠴᠢᠨᠦ ᠭᠡᠷ ᠲᠦ᠍ ᠰᠠᠭᠤᠬᠤ ᠶ᠋ᠢ ᠬᠡᠯᠡᠭᠰᠡᠨ ᠦᠭᠡᠢ᠃ ᠥᠪᠡᠷ ᠦ᠋ᠨ ᠠᠮᠢ ᠥᠷᠢᠰᠦᠨ ᠶᠠᠪᠤᠵᠤ ᠰᠦᠢ ᠲᠠᠯᠪᠢᠭᠰᠠᠨ ᠲᠡᠮᠦᠵᠢᠨ ᠬᠥᠪᠡᠭᠦᠨ ᠢ᠋ᠶ᠋ᠡᠨ ᠬᠡᠯᠡᠭᠰᠡᠨ ᠬᠡᠷᠡᠭ ᠶᠦᠮ᠃ ᠴᠢ ᠡᠵᠡᠨ ᠦ᠌ ᠪᠡᠨ ᠠᠯᠲᠠᠨ ᠭᠡᠷᠢᠶᠡᠰ ᠢ᠋ ᠪᠦᠦ ᠮᠠᠷᠲᠠ᠃ ᠲᠡᠮᠦᠵᠢᠨ ᠶᠢᠰᠦᠭᠡᠢ ᠡᠴᠢᠭᠡ ᠶ᠋ᠢᠨ ᠢ᠋ᠶ᠋ᠡᠨ ᠠᠷᠤ ᠳ᠋ᠤ᠌ ᠡᠵᠡᠨ ᠰᠠᠭᠤᠬᠤ ᠶᠣᠰᠣᠲᠠᠢ ᠶᠤᠮ᠃ ᠴᠣᠬᠣᠮ ᠢᠩᠭᠢᠬᠦ ᠶ᠋ᠢ ᠯᠡ ᠶᠢᠰᠦᠭᠡᠢ ᠪᠠᠭᠠᠲᠤᠷ ᠡᠵᠡᠨ ᠴᠢᠨᠢ ᠬᠦᠰᠡᠭᠰᠡᠨ ᠪᠢᠯᠡ᠃ ᠭᠡᠲᠡᠯ᠎ᠡ ᠴᠢ ᠰᠣᠴᠢᠭᠠᠯ ᠳ᠋ᠤ᠌ ᠤᠨᠠᠵᠤ ᠲᠡᠭᠦᠨ ᠦ᠌ ᠬᠥᠪᠡᠭᠦᠨ ᠪᠡᠭᠲᠡᠷ ᠢ᠋ ᠢᠪᠡᠭᠡᠬᠦ ᠪᠣᠯᠵᠠᠢ᠃ ᠲᠡᠭᠡᠭᠡᠳ ᠶᠠᠭᠤ ᠪᠣᠯᠪᠠ᠃ ᠨᠢᠭᠡ ᠡᠴᠢᠭᠡ ᠶ᠋ᠢᠨ ᠬᠥᠪᠡᠭᠦᠳ ᠡᠪᠳᠡᠷᠡᠯᠴᠡᠵᠦ ᠰᠠᠯᠬᠢ ᠬᠥᠳᠡᠯᠬᠦ ᠰᠢᠭ ᠰᠢᠯᠲᠠᠭᠠᠨ ᠦᠭᠡᠢ ᠪᠡᠷ ᠦᠭᠡ ᠰᠥᠷᠬᠦ ᠪᠣᠯᠤᠯ᠎ᠠ᠃ ᠳᠣᠣᠷ᠎ᠠ ᠰᠠᠭᠤᠵᠤ ᠳᠣᠣᠷ᠎ᠠ ᠮᠡᠬᠦᠢᠬᠦ ᠶᠣᠰᠣᠲᠠᠢ ᠰᠣᠴᠢᠭᠠᠯ ᠴᠢᠨᠦ ᠲᠣᠴᠢᠭᠠᠨ ᠳ᠋ᠤ᠌ ᠬᠠᠯᠠᠭᠤᠷᠠᠵᠤ ᠴᠢᠬᠢ ᠦᠭᠡᠢ ᠮᠡᠲᠦ ᠠᠭᠠᠰᠢᠯᠠᠵᠤ᠂ ᠲᠥᠷᠥ ᠦᠭᠡᠢ ᠮᠡᠲᠦ ᠵᠢᠳᠬᠦᠬᠦ ᠪᠣᠯᠤᠯ᠎ᠠ᠃ ᠴᠢ ᠶᠠᠭᠤᠨ ᠳ᠋ᠤ᠌ ᠶᠢᠰᠦᠭᠡᠢ ᠪᠠᠭᠠᠲᠤᠷ ᠡᠵᠡᠨ ᠦ᠌ ᠪᠡᠨ ᠰᠦᠨᠡᠰᠦ ᠶ᠋ᠢ ᠠᠭᠤᠷᠯᠠᠭᠤᠯᠵᠤ ᠰᠠᠢᠨ ᠶᠠᠰᠤ ᠶ᠋ᠢ ᠨᠢ ᠥᠨᠳᠡᠯᠵᠡᠭᠦᠯᠪᠡ᠃ ᠤᠷᠲᠤ ᠰᠥᠨᠢ ᠶᠢᠰᠦᠭᠡᠢ ᠪᠠᠭᠠᠲᠤᠷ ᠤ᠋ᠨ ᠰᠦᠨᠡᠰᠦ ᠢᠷᠡᠵᠦ ᠨᠠᠳᠠᠲᠠᠢ ᠣᠯᠠᠨ ᠵᠦᠢᠯ ᠢ᠋ ᠬᠦᠦᠷᠨᠢᠨ ᠰᠠᠭᠤᠪᠠ᠃ ᠣᠳᠣ ᠴᠤ᠌ ᠲᠡᠷᠡ ᠪᠢᠳᠡᠨ ᠦ᠌ ᠦᠭᠡ ᠶ᠋ᠢ ᠰᠣᠨᠣᠰᠴᠤ ᠰᠠᠭᠤᠨ᠎ᠠ᠃ 
       ᠥᠭᠡᠯᠦᠨ ᠡᠢᠨ ᠬᠡᠯᠡᠭᠡᠳ ᠲᠣᠭᠣᠨᠣ ᠥᠭᠡᠳᠡ ᠬᠠᠷᠠᠯ᠎ᠠ᠃ ᠮᠡᠩᠯᠢᠭ ᠬᠡᠳᠦᠢ ᠲᠣᠭᠣᠨᠣ ᠥᠭᠡᠳᠡ ᠬᠠᠷᠠᠵᠤ ᠶᠠᠭᠤ ᠴᠤ᠌ ᠣᠯᠵᠤ ᠦᠵᠡᠭᠡ ᠦᠭᠡᠢ ᠴᠦ᠍ ᠠᠷᠢᠬᠢ ᠨᠢ ᠭᠠᠷᠴᠤ ᠠᠶᠤᠮᠰᠢᠭ ᠳᠦᠭᠦᠷᠡᠩ ᠴᠡᠴᠡᠷᠡᠪᠡ᠃ ᠦᠨᠡᠬᠡᠷ ᠲᠡᠷᠡ ᠶᠣᠰᠣ ᠦᠭᠡᠢ ᠪᠣᠭᠣᠯ ᠮᠥᠷᠳᠡᠯ᠎ᠡ ᠪᠡᠨ ᠬᠠᠨ ᠡᠵᠡᠨ ᠦ᠌ ᠪᠡᠨ ᠬᠠᠲᠤᠳ ᠤ᠋ᠨ ᠬᠠᠯᠠᠭᠤᠨ ᠪᠡᠶ᠎ᠡ ᠳ᠋ᠦ᠍ ᠬᠦᠷᠴᠦ ᠶᠠᠭᠤ ᠬᠢᠭᠰᠡᠨ ᠢ᠋ᠶ᠋ᠡᠨ ᠭᠡᠨᠡᠳᠲᠡ ᠣᠢᠯᠠᠭᠠᠪᠠ᠃ 
       | ᠡᠵᠡᠨ ᠮᠢᠨᠢ ᠥᠷᠥᠰᠢᠶᠡ᠃ ᠪᠣᠭᠣᠯ ᠪᠢ ᠣᠰᠣᠯᠳᠠᠵᠠᠢ᠃ ᠨᠠᠮᠠᠶ᠋ᠢ ᠦᠬᠦᠭᠦᠯᠪᠡᠯ ᠲᠠᠭᠠᠷᠠᠨ᠎ᠠ᠃ ᠪᠢ ᠭᠠᠭᠴᠠᠬᠠᠨ ᠲᠠᠨ ᠤ᠋ ᠵᠠᠬᠢᠭᠰᠠᠨ ᠢ᠋ᠶ᠋ᠠᠷ ᠯᠠ ᠬᠠᠲᠤᠳ ᠬᠥᠪᠡᠭᠦᠳ ᠢ᠋ ᠲᠠᠨᠢ ᠠᠰᠠᠷᠠᠶ᠎ᠠ ᠭᠡᠵᠦ ᠴᠢᠩ ᠰᠡᠳᠬᠢᠯ ᠢ᠋ᠶ᠋ᠡᠷ ᠰᠠᠨᠠᠭᠰᠠᠨ ᠪᠢᠯᠡ ᠭᠡᠵᠦ ᠠᠶᠤᠨ ᠪᠠᠯᠠᠮᠠᠭᠳᠠᠭᠰᠠᠨ ᠮᠡᠩᠯᠢᠭ ᠶᠡᠬᠡ ᠪᠡᠷ ᠤᠬᠢᠯᠠᠨ ᠭᠠᠵᠠᠷ ᠮᠥᠷᠭᠥᠪᠡ᠃ ᠨᠡᠭᠡᠷᠡᠨ ᠯᠡ ᠶᠢᠰᠦᠭᠡᠢ ᠶ᠋ᠢᠨ ᠰᠦᠨᠡᠰᠦ ᠲᠣᠭᠣᠨᠣᠨ ᠳᠡᠭᠡᠷ᠎ᠡ ᠪᠡᠨ ᠰᠠᠭᠤᠵᠤ ᠪᠠᠢᠭᠰᠠᠨ ᠢ᠋ ᠮᠡᠩᠯᠢᠭ ᠬᠠᠷᠠᠭᠰᠠᠨ ᠮᠡᠲᠦ ᠠᠶᠤᠯ᠎ᠠ᠃ ᠲᠡᠷᠡ ᠰᠦᠨᠡᠰᠦ ᠶᠠᠭ ᠶᠢᠰᠦᠭᠡᠢ ᠶ᠋ᠢᠨ ᠠᠳᠠᠯᠢ ᠴᠣ ᠰᠢᠷᠲᠡᠬᠦ ᠲᠣᠭᠰᠢᠨ ᠬᠠᠷᠠᠴᠠ ᠲᠠᠢ ᠶ᠋ᠢ ᠦᠵᠡᠬᠦ ᠰᠢᠭ ᠪᠣᠯᠵᠠᠢ᠃ ᠬᠠᠷᠢᠨ ᠥᠭᠡᠯᠦᠨ ᠶᠢᠰᠦᠭᠡᠢ ᠶ᠋ᠢᠨ ᠰᠦᠨᠡᠰᠦ ᠲᠡᠢ ᠶᠠᠷᠢᠯᠴᠠᠵᠤ ᠵᠣᠪᠠᠵᠤ ᠰᠢᠨᠠᠯᠤᠭᠰᠠᠨ ᠰᠡᠳᠬᠢᠯ ᠢ᠋ᠶ᠋ᠡᠨ ᠰᠡᠷᠭᠦᠭᠡᠵᠦ᠂ ᠵᠣᠷᠢᠭ ᠢᠲᠡᠭᠡᠯ ᠣᠯᠳᠠᠭ ᠪᠠᠢᠪᠠ᠃ ᠲᠡᠷᠡ ᠶᠣᠰᠣᠭᠠᠷ ᠣᠳᠣ ᠴᠤ᠌ ᠭᠡᠰᠡᠨ ᠥᠭᠡᠯᠦᠨ ᠳᠡᠭᠡᠷᠡᠬᠢ ᠬᠡᠳᠦᠨ ᠦᠭᠡ ᠶ᠋ᠢᠨ ᠬᠣᠢᠨ᠎ᠠ ᠰᠡᠳᠬᠢᠯ ᠨᠢ ᠠᠮᠠᠷᠠᠨ ᠲᠠᠢᠪᠤᠰᠢᠷᠠᠵᠠᠢ᠃ ᠡᠵᠡᠨ ᠦ᠌ ᠪᠡᠨ ᠰᠦᠨᠡᠰᠦ ᠡᠴᠡ ᠠᠶᠤᠵᠤ ᠰᠦᠷᠳᠡᠭᠰᠡᠨ ᠮᠡᠩᠯᠢᠭ ᠰᠢᠷᠢᠳᠡᠭ ᠦ᠋ᠨ ᠳᠡᠭᠡᠷ᠎ᠡ ᠬᠡᠪᠲᠡᠭᠰᠡᠨ ᠴᠢᠭ ᠢ᠋ᠶ᠋ᠡᠷ ᠲᠠᠭ ᠴᠢᠭ ᠪᠣᠯᠵᠠᠢ᠃ 
       | ᠮᠡᠩᠯᠢᠭ ᠪᠣᠰᠤᠭᠲᠤᠨ᠃  
       ᠣᠳᠣ ᠥᠭᠡᠯᠦᠨ ᠦ᠌ ᠦᠭᠡ ᠬᠠᠲᠠᠭᠤ ᠴᠢᠩᠭ᠎ᠠ ᠰᠣᠨᠣᠰᠳᠠᠨ᠎ᠠ᠃ 
       | ᠶᠢᠰᠦᠭᠡᠢ ᠡᠵᠡᠨ ᠦ᠌ ᠴᠢᠨᠢ ᠰᠦᠨᠡᠰᠦ ᠨᠢᠭᠡᠨᠲᠡ ᠲᠠᠢᠪᠤᠰᠢᠷᠠᠭᠠᠳ ᠶᠠᠪᠤᠵᠤ ᠣᠳᠤᠯ᠎ᠠ᠃ ᠴᠢ ᠥᠨᠳᠡᠢ᠃ ᠴᠢ ᠨᠢᠭᠡᠨᠲᠡ ᠲᠡᠮᠦᠵᠢᠨ ᠬᠥᠪᠡᠭᠦᠨ ᠦ᠌ ᠲᠥᠯᠥᠭᠡ ᠠᠮᠢ ᠲᠠᠯᠪᠢᠨ ᠵᠢᠳᠬᠦᠶ᠎ᠡ ᠭᠡᠪᠡ ᠤᠤ? ᠴᠢ ᠰᠠᠶᠢ ᠡᠵᠡᠨ ᠦ᠌ ᠪᠡᠨ ᠰᠦᠨᠡᠰᠦᠨ ᠳ᠋ᠦ᠍ ᠲᠡᠭᠡᠵᠦ ᠬᠡᠯᠡᠪᠡ ᠤᠤ?  
       | ᠲᠡᠢᠮᠦ ᠠ᠋᠃ ᠪᠢ ᠠᠮᠠᠯᠠᠪᠠ᠃ ᠪᠢ ᠲᠡᠮᠦᠵᠢᠨ ᠬᠥᠪᠡᠭᠦᠨ ᠳ᠋ᠦ᠍ ᠴᠢᠩ ᠦᠨᠡᠨᠴᠢ ᠵᠢᠳᠬᠦᠨ᠎ᠡ᠃ ᠥᠭᠡᠯᠦᠨ ᠬᠠᠲᠤᠨ ᠲᠠ ᠶᠠᠭᠤ ᠭᠡᠵᠦ ᠬᠡᠯᠡᠨ᠎ᠡ᠃ ᠪᠢ ᠲᠠᠨ ᠤ᠋ ᠬᠡᠯᠡᠭᠰᠡᠨ ᠢ᠋ ᠬᠢᠶ᠎ᠡ᠃ ᠪᠢ ᠰᠠᠶᠢ ᠲᠡᠭᠡᠵᠦ ᠠᠮᠠᠯᠠᠭᠰᠠᠨ ᠪᠢᠯᠡ᠃ 
       | ᠴᠢ ᠠᠮᠠᠯᠠᠭᠰᠠᠨ ᠢ᠋ᠶ᠋ᠠᠨ ᠡᠰᠡ ᠪᠡᠶᠡᠯᠡᠭᠦᠯᠪᠡᠯ ᠡᠵᠡᠨ ᠦ᠌ ᠴᠢᠨᠢ ᠰᠦᠨᠡᠰᠦ ᠯᠠᠪ ᠴᠢᠮᠠᠶ᠋ᠢ ᠵᠦᠭᠡᠷ ᠣᠷᠬᠢᠬᠤ ᠦᠭᠡᠢ ᠪᠢᠵᠡ᠃  
       | ᠪᠢ ᠬᠡᠵᠢᠶ᠎ᠡ ᠴᠦ᠍ ᠦᠭᠡᠨ ᠡᠴᠡ ᠪᠡᠨ ᠦᠯᠦ ᠨᠢᠴᠤᠨ᠎ᠠ᠃ 
       | ᠴᠢ ᠡᠨᠡ ᠡᠳᠦᠷ ᠡᠴᠡ ᠬᠣᠢᠰᠢ ᠮᠢᠨᠦ ᠦᠭᠡ ᠶ᠋ᠢ ᠶᠢᠰᠦᠭᠡᠢ ᠡᠵᠡᠨ ᠦ᠌ ᠪᠡᠨ ᠦᠭᠡ ᠭᠡᠵᠦ ᠰᠣᠨᠣᠰᠤᠭᠲᠤᠨ᠃ ᠰᠠᠶᠢ ᠲᠡᠷᠡ ᠰᠦᠨᠡᠰᠦ ᠨᠠᠳᠠᠳᠤ ᠢᠩᠭᠢᠵᠦ ᠬᠡᠯᠡᠯ᠎ᠡ ᠭᠡᠳ ᠥᠭᠡᠯᠦᠨ ᠲᠣᠭᠣᠨᠣ ᠥᠭᠡᠳᠡ ᠬᠠᠷᠠᠯ᠎ᠠ᠃ ᠮᠡᠩᠯᠢᠭ ᠴᠦ᠍ ᠬᠠᠷᠠᠪᠠ᠃ ᠬᠠᠷᠢᠨ ᠶᠢᠰᠦᠭᠡᠢ ᠶ᠋ᠢᠨ ᠰᠦᠨᠡᠰᠦ ᠥᠭᠡᠯᠦᠨ ᠳ᠋ᠦ᠍ ᠦᠵᠡᠭᠳᠡᠭᠰᠡᠨ ᠦᠭᠡᠢ᠃ ᠡᠨᠡ ᠨᠢ ᠶᠢᠰᠦᠭᠡᠢ ᠶ᠋ᠢᠨ ᠰᠦᠨᠡᠰᠦ ᠥᠭᠡᠯᠦᠨ ᠦ᠌ ᠰᠡᠳᠬᠢᠯ ᠳ᠋ᠡᠭᠡᠨ ᠰᠢᠢᠳᠦᠭᠰᠡᠨ ᠢ᠋ ᠵᠥᠪᠰᠢᠶᠡᠷᠡᠭᠰᠡᠨ ᠬᠡᠷᠡᠭ ᠪᠠᠢᠪᠠ᠃  
       | ᠵᠠ ᠪᠢ ᠬᠡᠯᠡᠭᠰᠡᠨ ᠢ᠋ᠶ᠋ᠡᠷ ᠲᠠᠨᠢ ᠬᠢᠬᠦ ᠪᠣᠯᠤᠨ᠎ᠠ ᠭᠡᠵᠦ ᠮᠡᠩᠯᠢᠭ ᠰᠡᠳᠬᠢᠯ ᠲᠦᠷ ᠪᠣᠯᠪᠠᠴᠤ ᠠᠮᠤᠰᠬᠢᠨ ᠰᠢᠪᠡᠨᠡᠪᠡ᠃ ᠴᠢᠩᠭᠢᠬᠦ ᠳ᠋ᠡᠭᠡᠨ ᠲᠡᠷᠡ ᠦᠨᠡᠨ ᠰᠡᠳᠬᠢᠯ ᠡᠴᠡ ᠬᠡᠯᠡᠭᠰᠡᠨ ᠪᠢᠯᠡ᠃ ᠣᠳᠣ ᠲᠡᠭᠦᠨ ᠳ᠋ᠦ᠍ ᠥᠭᠡᠯᠦᠨ ᠦ᠌ ᠪᠠᠶᠠᠨ ᠳ᠋ᠤ᠌ ᠰᠢᠨᠤᠨ ᠲᠠᠴᠢᠶᠠᠳᠠᠬᠤ ᠰᠡᠳᠬᠢᠯ ᠦᠭᠡᠢ ᠪᠣᠯᠵᠠᠢ᠃ ᠬᠡᠳᠦᠨ ᠡᠳᠦᠷ ᠮᠣᠷᠢᠨ ᠳ᠋ᠤ᠌ ᠠᠭᠰᠠᠭᠳᠠᠭᠰᠠᠨ ᠪᠡᠶ᠎ᠡ ᠨᠢ ᠪᠤᠯᠠᠷᠠᠵᠤ ᠶᠠᠳᠠᠷᠠᠭᠠᠳ ᠭᠡᠷ ᠲᠡᠭᠡᠨ ᠣᠷᠣᠵᠤ ᠠᠪᠠᠯᠢ ᠡᠮ᠎ᠡ ᠶ᠋ᠢᠨ ᠢ᠋ᠶ᠋ᠡᠨ ᠡᠪᠦᠷ ᠲᠦ᠍ ᠰᠢᠷᠭᠤᠨ ᠨᠠᠮ ᠤᠨᠲᠠᠬᠤ ᠬᠦᠰᠡᠯ ᠯᠡ ᠲᠥᠷᠥᠨ᠎ᠡ᠃ ᠶᠢᠰᠦᠭᠡᠢ ᠶ᠋ᠢᠨ ᠠᠶᠤᠮᠰᠢᠭᠲᠤ ᠰᠦᠨᠡᠰᠦ ᠥᠭᠡᠯᠦᠨ ᠢ᠋ ᠰᠠᠬᠢᠨ ᠰᠠᠭᠤᠬᠤ ᠶᠤᠮ ᠭᠡᠵᠦ ᠰᠠᠨᠠᠭ᠎ᠠ ᠦᠭᠡᠢ ᠲᠤᠯᠠ ᠡᠨᠳᠡ ᠡᠴᠡ ᠪᠤᠰᠢᠭᠤᠬᠠᠨ ᠵᠠᠢᠯᠠᠨ ᠣᠳᠰᠤᠭᠠᠢ ᠭᠡᠵᠦ ᠰᠢᠢᠳᠴᠡᠢ᠃ ᠲᠡᠷᠡ ᠶᠠᠪᠤᠬᠤ ᠭᠡᠵᠦ ᠪᠣᠰᠤᠯ᠎ᠠ᠃   
       | ᠴᠢ ᠬᠠᠮᠢᠭ᠎ᠠ ᠣᠴᠢᠨ᠎ᠠ? 
       | ᠪᠢ ᠬᠠᠷᠢᠨ᠎ᠠ ᠳᠠ᠃ 
       | ᠰᠣᠴᠢᠭᠠᠯ ᠤ᠋ᠨ ᠳ᠋ᠤ᠌ ᠣᠴᠢᠬᠤ ᠨᠢ ᠤᠤ? ᠭᠡᠵᠦ ᠥᠭᠡᠯᠦᠨ ᠳᠠᠭᠠᠵᠢᠩᠲᠠᠢ ᠪᠠᠰᠠ ᠲᠠᠴᠢᠶᠠᠵᠤ ᠡᠳᠦᠭᠰᠡᠨ ᠥᠩᠭᠡ ᠪᠡᠷ ᠬᠡᠯᠡᠭᠰᠡᠨ ᠳ᠋ᠦ᠍ ᠮᠡᠩᠯᠢᠭ ᠭᠠᠢᠬᠠᠵᠤ ᠪᠠᠰᠠ ᠲᠣᠭᠣᠨᠣ ᠥᠭᠡᠳᠡ ᠬᠢᠯᠠᠮᠬᠢᠪᠠ᠃   
       | ᠰᠣᠴᠢᠭᠠᠯ ᠯᠠᠪ ᠴᠢᠮᠠᠶ᠋ᠢ ᠰᠥᠨᠢ ᠢᠷᠡᠨ᠎ᠡ ᠭᠡᠵᠦ ᠬᠦᠯᠢᠶᠡᠵᠦ ᠪᠣᠢ ᠪᠢᠵᠡ᠃ 
       | ᠪᠢ ᠲᠡᠭᠦᠨ ᠳ᠋ᠦ᠍ ᠳᠠᠬᠢᠵᠤ ᠣᠢᠷᠠᠳᠬᠤ ᠦᠭᠡᠢ᠃  
       | ᠴᠢ ᠦᠨᠡᠨ ᠬᠡᠯᠡᠵᠦ ᠪᠠᠢᠨ᠎ᠠ ᠤᠤ? 
       | ᠲᠡᠢᠮᠦ ᠠ᠋᠂ ᠦᠨᠡᠨ ᠬᠡᠯᠡᠵᠦ ᠪᠠᠢᠨ᠎ᠠ᠃ 
       ᠡᠨᠡ ᠦᠭᠡ ᠶ᠋ᠢ ᠮᠡᠩᠯᠢᠭ ᠶᠢᠰᠦᠭᠡᠢ ᠶ᠋ᠢᠨ ᠰᠦᠨᠡᠰᠦ ᠳ᠋ᠦ᠍ ᠳᠣᠭᠣᠯᠭᠠᠬᠤ ᠭᠡᠵᠦ ᠲᠣᠭᠣᠨᠣ ᠤᠷᠤᠭᠤ ᠬᠠᠰᠬᠢᠷᠤᠨ ᠬᠡᠯᠡᠪᠡ᠃ ᠬᠠᠷᠢᠨ ᠥᠭᠡᠯᠦᠨ ᠢᠨᠢᠶᠡᠳᠦ ᠠᠯᠳᠠᠪᠠ᠃ ᠵᠢᠭᠠᠬᠠᠨ ᠬᠠᠯᠠᠮᠴᠠᠵᠤ ᠬᠠᠴᠠᠷ ᠶᠠᠭᠠᠷᠠᠭᠰᠠᠨ ᠥᠭᠡᠯᠦᠨ ᠳ᠋ᠧᠩ ᠦ᠋ᠨ ᠭᠡᠷᠡᠯ ᠳ᠋ᠦ᠍ ᠠᠳᠠ ᠶ᠋ᠢᠨ ᠦᠵᠡᠰᠬᠦᠯᠡᠩᠲᠡᠢ ᠦᠵᠡᠭᠳᠡᠨ᠎ᠡ᠃
       | ᠨᠠᠭᠠᠰᠢ ᠢᠷ᠎ᠡ᠃ ᠮᠡᠩᠯᠢᠭ ᠮᠢᠨᠢ᠃  
       ᠥᠭᠡᠯᠦᠨ ᠦ᠌ ᠡᠨᠡ ᠦᠭᠡᠰ ᠢ᠋ ᠮᠡᠩᠯᠢᠭ ᠲᠡᠷᠡ ᠳᠣᠣᠷ᠎ᠠ ᠪᠠᠨ ᠤᠬᠠᠵᠤ ᠣᠢᠯᠠᠭᠠᠭᠰᠠᠨ ᠦᠭᠡᠢ ᠲᠠᠭ ᠭᠥᠯᠢᠷᠡᠨ ᠡᠭᠦᠳᠡᠨ ᠦ᠌ ᠲᠡᠨᠳᠡ ᠵᠣᠭᠰᠣᠭᠰᠠᠭᠠᠷ ᠪᠠᠢᠪᠠ᠃  
       | ᠶᠠᠭᠠᠬᠢᠪᠠ? ᠪᠢ ᠰᠣᠴᠢᠭᠠᠯ ᠠ᠋ᠴᠠ ᠳᠣᠣᠷ᠎ᠠ ᠦᠵᠡᠭᠳᠡᠨ᠎ᠡ ᠤᠤ? ᠭᠡᠵᠦ ᠥᠭᠡᠯᠦᠨ ᠳᠥᠭᠥᠨ ᠢᠷᠡᠵᠦ ᠭᠠᠷ ᠢ᠋ ᠨᠢ ᠠᠳᠬᠤᠨ ᠬᠥᠬᠥᠨ ᠳᠡᠭᠡᠷ᠎ᠡ ᠪᠡᠨ ᠲᠠᠯᠪᠢᠪᠠ᠃ ᠲᠡᠭᠡᠮᠡᠭᠴᠡ ᠮᠡᠩᠯᠢᠭ ᠦ᠋ᠨ ᠰᠡᠳᠬᠢᠯ ᠡᠴᠡ ᠶᠢᠰᠦᠭᠡᠢ ᠶ᠋ᠢᠨ ᠠᠶᠤᠮᠰᠢᠭᠲᠤ ᠰᠦᠨᠡᠰᠦ ᠬᠡᠢᠰᠦᠨ ᠤᠳᠤᠭᠠᠳ ᠵᠥᠪᠬᠡᠨ ᠥᠭᠡᠯᠦᠨ ᠦ᠌ ᠵᠥᠭᠡᠯᠡᠨ ᠪᠤᠯᠪᠠᠷᠠᠢ ᠪᠡᠶ᠎ᠡ᠂ ᠵᠢᠷᠦᠬᠡᠨ ᠦ᠌ ᠴᠣᠬᠢᠯᠲᠠ ᠶ᠋ᠢ ᠯᠡ ᠮᠡᠳᠡᠷᠡᠵᠦ ᠪᠠᠢᠪᠠ᠃ ᠥᠭᠡᠯᠦᠨ ᠢᠩᠭᠢᠵᠦ ᠮᠡᠩᠯᠢᠭ ᠢ᠋ ᠪᠦᠷᠢᠨ ᠡᠵᠡᠮᠳᠡᠨ ᠠᠪᠤᠪᠠ᠃ ᠥᠭᠡᠯᠦᠨ ᠦ᠌ ᠳᠤᠷ᠎ᠠ ᠬᠦᠰᠡᠯ ᠲᠡᠰᠬᠡᠯ ᠦᠭᠡᠢ ᠪᠡᠷᠬᠡ ᠪᠡᠷ ᠣᠷᠭᠢᠯᠤᠨ ᠪᠤᠴᠠᠯᠬᠤ ᠲᠤᠯᠠ ᠳᠠᠭᠤ ᠠᠯᠲᠠᠨ ᠭᠢᠩᠰᠢᠵᠦ ᠪᠦᠬᠦ ᠪᠡᠶ᠎ᠡ ᠪᠡᠷ ᠮᠡᠩᠯᠢᠭ ᠲᠦ᠍ ᠨᠠᠭᠠᠯᠳᠤᠨ ᠲᠡᠭᠦᠨ ᠢ᠋ ᠲᠡᠳᠡᠨ ᠵᠥᠭᠡᠯᠡᠨ ᠳᠡᠪᠢᠰᠬᠡᠷ ᠳᠡᠭᠡᠷ᠎ᠡ ᠬᠠᠮᠲᠤ ᠤᠨᠠᠵᠠᠢ᠃ ᠮᠡᠩᠯᠢᠭ ᠨᠢᠭᠡᠨᠲᠡ ᠤᠬᠠᠭᠠᠨ ᠠᠯᠳᠠᠪᠠ᠃ ᠣᠳᠣ ᠲᠡᠭᠦᠨ ᠦ᠌ ᠪᠡᠶ᠎ᠡ ᠰᠡᠳᠬᠢᠯ ᠵᠥᠪᠬᠡᠨ ᠪᠠᠢᠭᠠᠯᠢ ᠠ᠋ᠴᠠ ᠵᠠᠶᠠᠭᠠᠭᠰᠠᠨ ᠠᠳᠤᠭᠤᠰᠤᠨ ᠳ᠋ᠤ᠌ ᠴᠤ᠌ ᠪᠠᠢᠬᠤ ᠳᠠᠳᠤᠯ᠂ ᠰᠡᠷᠡᠮᠵᠢ ᠳ᠋ᠡᠭᠡᠨ ᠬᠥᠲᠥᠯᠦᠭᠳᠡᠵᠡᠢ᠃ ᠥᠭᠡᠯᠦᠨ ᠴᠦ᠍ ᠲᠡᠭᠦᠨ ᠦ᠌ ᠠᠳᠠᠯᠢ ᠭᠠᠭᠴᠠᠬᠠᠨ ᠲᠠᠴᠢᠶᠠᠯ ᠬᠦᠰᠡᠯ ᠳ᠋ᠡᠭᠡᠨ ᠵᠠᠬᠢᠷᠤᠭᠳᠠᠪᠠ᠃ ᠮᠡᠩᠯᠢᠭ ᠦᠨᠡᠬᠡᠷ ᠡᠷ᠎ᠡ ᠪᠡᠶ᠎ᠡ ᠶ᠋ᠢᠨ ᠴᠢᠯᠬ᠎ᠠ ᠭᠠᠢᠬᠠᠯᠲᠠᠢ ᠡᠷ᠎ᠡ ᠪᠠᠢᠵᠠᠢ᠃ ᠵᠢᠯ ᠰᠠᠷ᠎ᠠ ᠪᠠᠷ ᠡᠷ᠎ᠡ ᠶ᠋ᠢᠨ ᠪᠠᠷ᠎ᠠ ᠦᠵᠡᠭᠡ ᠦᠭᠡᠢ ᠥᠭᠡᠯᠦᠨ ᠲᠡᠭᠦᠨ ᠡᠴᠡ ᠳᠤᠲᠠᠬᠤ ᠦᠭᠡᠢ ᠬᠠᠨᠵᠤ ᠴᠠᠳᠬᠤ ᠶ᠋ᠢ ᠮᠡᠳᠡᠬᠦ ᠦᠭᠡᠢ ᠮᠡᠲᠦ ᠠᠭᠠᠰᠢᠯᠠᠨ᠎ᠠ᠃ ᠲᠡᠳᠡ ᠳᠠᠬᠢᠨ ᠤᠴᠠᠷᠠᠬᠤ ᠦᠭᠡᠢ ᠬᠠᠭᠠᠴᠠᠬᠤ ᠠᠮᠠᠷᠠᠭ ᠰᠢᠭ᠋ ᠰᠥᠨᠢᠵᠢᠨ ᠢ᠋ᠶ᠋ᠡᠨ ᠪᠡᠶ᠎ᠡ ᠰᠠᠯᠭᠠᠯ ᠦᠭᠡᠢ ᠢᠨᠠᠭᠯᠠᠵᠤ ᠲᠠᠴᠢᠶᠠᠯ ᠤ᠋ᠨ ᠬᠤᠷ᠎ᠠ ᠶ᠋ᠢ ᠬᠡᠳᠦᠨᠲᠡ ᠠᠰᠬᠠᠷᠠᠭᠤᠯᠵᠠᠢ᠃ ᠦᠷ ᠴᠠᠢᠭᠰᠠᠨ ᠤ᠋ ᠬᠣᠢᠨ᠎ᠠ ᠮᠡᠩᠯᠢᠭ ᠬᠠᠮᠤᠭ ᠲᠡᠩᠬᠡᠭᠡ ᠰᠢᠭᠦᠰᠦ ᠪᠡᠨ ᠪᠠᠷᠠᠭᠰᠠᠨ ᠮᠥᠷᠲᠡᠭᠡᠨ ᠰᠣᠶᠣᠯᠠᠩ ᠠᠵᠢᠷᠭ᠎ᠠ ᠰᠢᠭ᠋ ᠬᠦᠴᠦ ᠲᠦᠷᠢᠮᠡᠬᠡᠢᠯᠡᠨ ᠡᠳ᠋ᠯᠡᠭᠰᠡᠭᠡᠷ ᠪᠠᠢᠭᠰᠠᠨ ᠢ᠋ ᠥᠭᠡᠯᠦᠨ ᠲᠡᠰᠬᠡᠯ ᠦᠭᠡᠢ ᠬᠥᠭᠡᠭᠡᠵᠦ ᠶᠠᠪᠤᠭᠤᠯᠵᠠᠢ᠃ ᠮᠡᠩᠯᠢᠭ ᠦ᠋ᠨ ᠬᠢᠨ ᠣᠢᠷ᠎ᠠ ᠰᠠᠭᠠᠬᠠᠯᠲᠠ ᠶ᠋ᠢᠨ ᠵᠠᠢ ᠲᠠᠢ ᠵᠤᠰᠠᠵᠤ ᠪᠠᠢᠯ᠎ᠠ᠃ ᠥᠭᠡᠯᠦᠨ ᠨᠢᠭᠡᠨᠲᠡ ᠰᠠᠨᠠᠭᠰᠠᠨ ᠳ᠋ᠠᠭᠠᠨ ᠬᠦᠷᠦᠭᠰᠡᠨ ᠲᠤᠯᠠ ᠡᠳᠦᠷᠵᠢᠨ ᠢ᠋ᠶ᠋ᠡᠨ ᠨᠠᠮ ᠤᠨᠲᠠᠭᠰᠠᠨ ᠪᠢᠯᠡ᠃ ᠥᠯᠥᠰᠦᠭᠰᠡᠨ ᠲᠡᠮᠦᠯᠦᠨ ᠥᠬᠢᠨ ᠨᠢ ᠤᠬᠢᠯᠠᠵᠤ ᠲᠠᠲᠠᠭᠰᠠᠨ ᠴᠤ᠌ ᠰᠡᠷᠡᠭᠰᠡᠨ ᠦᠭᠡᠢ᠃ ᠮᠠᠩᠯᠢᠭ᠌ ᠬᠡᠳᠦ ᠬᠣᠨᠣᠭ ᠦᠵᠡᠭᠳᠡᠭᠰᠡᠨ ᠦᠭᠡᠢ᠃ ᠬᠠᠷᠢᠨ ᠬᠡᠳᠦ ᠬᠣᠨᠣᠭ ᠤ᠋ᠨ ᠳᠠᠷᠠᠭ᠎ᠠ ᠨᠢᠭᠡ ᠦᠳᠡᠰᠢ ᠢᠷᠡᠬᠦ ᠳ᠋ᠦ᠍ ᠪᠡᠨ ᠥᠭᠡᠯᠦᠨ ᠦ᠌ ᠳᠤᠷ᠎ᠠ ᠦᠭᠡᠢᠴᠡᠯ ᠦ᠋ᠨ ᠦᠭᠡ ᠶ᠋ᠢ ᠰᠣᠨᠣᠰᠤᠭᠰᠠᠨ ᠦᠭᠡᠢ ᠰᠢᠭᠤᠳ ᠯᠠ ᠥᠪᠡᠷ ᠦ᠋ᠨ ᠡᠮ᠎ᠡ ᠮᠡᠲᠦ ᠦᠵᠡᠨ ᠬᠦᠴᠦ ᠪᠡᠷ ᠬᠤᠪᠴᠠᠰᠤ ᠶ᠋ᠢ ᠨᠢ ᠳᠠᠢᠴᠢᠨ ᠬᠦᠴᠦᠷᠬᠡᠨ ᠡᠳ᠋ᠯᠡᠵᠦ ᠳᠤᠷ᠎ᠠ ᠬᠠᠨᠤᠭᠠᠳ ᠭᠡᠷ ᠦ᠋ᠨ ᠡᠵᠡᠨ ᠮᠡᠲᠦ ᠤᠨᠲᠠᠭᠠᠳ ᠥᠭᠴᠡᠢ᠃ ᠥᠭᠡᠯᠦᠨ ᠲᠡᠭᠦᠨ ᠦ᠌ ᠰᠡᠷᠡᠬᠦ ᠶ᠋ᠢ ᠬᠦᠯᠢᠶᠡᠵᠦ ᠬᠣᠭᠣᠯᠠ ᠬᠢᠵᠦ ᠰᠥᠨᠢ ᠳᠤᠮᠳᠠ ᠬᠦᠷᠭᠡᠪᠡ᠃ ᠮᠠᠩᠯᠢᠭ᠌ ᠪᠣᠰᠴᠤ ᠪᠡᠯᠡᠳᠦᠭᠰᠡᠨ ᠬᠣᠭᠣᠯᠠ ᠶ᠋ᠢ ᠢᠳᠡᠴᠢᠬᠡᠭᠡᠳ᠂ 
       | ᠮᠠᠷᠭᠠᠰᠢ ᠪᠢ ᠣᠯᠵᠠ ᠭᠣᠣᠯ ᠤ᠋ᠨ ᠣᠯᠣᠩ ᠳᠡᠰ ᠲᠦ᠍ ᠣᠳᠤᠨ᠎ᠠ᠃ ᠵᠢᠭᠠᠯ ᠬᠦᠨᠡᠰᠦ ᠪᠡᠯᠡᠳ᠃ ᠪᠢ ᠵᠠᠮᠤᠬ᠎ᠠ ᠶ᠋ᠢᠨ ᠲᠡᠨᠳᠡ ᠣᠴᠢᠵᠤ ᠥᠪᠡᠷ ᠦ᠋ᠨ ᠠᠢᠮᠠᠭ ᠤ᠋ᠨ ᠠᠬ᠎ᠠ ᠳᠡᠭᠦᠦᠰ ᠲᠡᠢ ᠠᠭᠤᠯᠵᠠᠨ᠎ᠠ᠃ ᠪᠢᠳᠡ ᠡᠨᠳᠡ ᠭᠠᠭᠴᠠ ᠭᠡᠷ ᠢ᠋ᠶ᠋ᠡᠷ ᠰᠠᠭᠤᠵᠤ ᠪᠣᠯᠬᠤ ᠦᠭᠡᠢ᠃ ᠨᠢᠭᠡᠨᠲᠡ ᠰᠣᠴᠢᠭᠠᠯ ᠲᠠ ᠬᠣᠶᠠᠷ ᠮᠢᠨᠦ ᠠᠰᠠᠷᠠᠵᠤ ᠠᠪᠤᠭᠰᠠᠨ ᠡᠮ᠎ᠡ ᠪᠣᠯᠤᠭᠰᠠᠨ ᠲᠤᠯᠠ ᠬᠠᠮᠢᠭᠠᠰᠢ ᠪᠠᠨ ᠨᠡᠭᠦᠵᠦ ᠬᠠᠮᠢᠭ᠎ᠠ ᠭᠡᠷ ᠢ᠋ᠶ᠋ᠡᠨ ᠪᠠᠷᠢᠬᠤ ᠶ᠋ᠢ ᠴᠢᠨᠢ ᠪᠢ ᠮᠡᠳᠡᠶ᠎ᠡ᠃ ᠥᠭᠡᠯᠦᠨ ᠴᠢ ᠮᠠᠷᠭᠠᠰᠢ ᠨᠠᠮᠠᠶ᠋ᠢ ᠶᠠᠪᠤᠬᠤ ᠳ᠋ᠤ᠌ ᠲᠠᠯᠢᠢᠭᠴᠢ ᠡᠷ᠎ᠡ ᠶ᠋ᠢᠨ ᠢ᠋ᠶ᠋ᠡᠨ ᠠᠯᠲᠠᠨ ᠪᠦᠰᠡ ᠶ᠋ᠢ ᠨᠠᠳᠠᠳᠤ ᠭᠠᠷᠭᠠᠵᠤ ᠥᠭᠭᠦᠭᠲᠦᠨ᠃ ᠪᠢ ᠬᠠᠮᠢᠶᠠᠲᠠᠨ ᠰᠠᠳᠤᠨ ᠳ᠋ᠤ᠌ ᠪᠠᠨ ᠶᠢᠰᠦᠭᠡᠢ ᠪᠠᠭᠠᠲᠤᠷ ᠤ᠋ᠨ ᠡᠮᠡᠰ ᠬᠡᠦᠬᠡᠳ ᠢ᠋ ᠥᠪᠡᠷ ᠦ᠋ᠨ ᠪᠣᠯᠭᠠᠵᠤ ᠠᠪᠤᠭᠰᠠᠨ ᠢ᠋ᠶ᠋ᠠᠨ ᠵᠠᠷᠯᠠᠵᠤ ᠮᠡᠳᠡᠭᠦᠯᠦᠶ᠎ᠡ᠃ ᠪᠠᠰᠠ ᠵᠠᠮᠤᠬ᠎ᠠ ᠲᠠᠢ ᠠᠭᠤᠯᠵᠠᠵᠤ ᠨᠤᠲᠤᠭ ᠵᠢᠭᠠᠨ ᠢᠪᠡᠭᠡᠯ ᠳ᠋ᠦ᠍ ᠨᠢ ᠪᠠᠭᠲᠠᠨ ᠠᠮᠤᠷ ᠲᠠᠢᠪᠤᠩ ᠰᠠᠭᠤᠶ᠎ᠠ ᠭᠡᠳ ᠬᠠᠷᠢᠭᠤ ᠬᠡᠯᠡᠭᠦᠯᠦᠯ ᠦᠭᠡᠢ ᠭᠠᠷᠴᠤ ᠰᠤᠴᠢᠭᠠᠯ ᠤ᠋ᠨ ᠳ᠋ᠤ᠌ ᠣᠴᠢᠵᠤ ᠬᠣᠨᠣᠵᠠᠢ᠃ ᠥᠭᠡᠯᠦᠨ ᠡᠬᠢᠯᠡᠭᠡᠳ ᠡᠮ᠎ᠡ ᠬᠥᠮᠦᠨ ᠦ᠌ ᠥᠴᠦᠬᠡᠨ ᠠᠲᠠᠭᠠᠷᠬᠠᠯ ᠳ᠋ᠠᠭᠠᠨ ᠬᠥᠲᠥᠯᠦᠭᠳᠡᠨ ᠰᠣᠴᠢᠭᠠᠯ ᠤ᠋ᠨ ᠭᠡᠷ ᠤᠷᠤᠭᠤ ᠣᠴᠢᠪᠠ᠃ ᠭᠡᠷ ᠡᠴᠡ ᠰᠣᠴᠢᠭᠠᠯ ᠤ᠋ᠨ ᠲᠠᠴᠢᠶᠠᠯ ᠳ᠋ᠤ᠌ ᠪᠠᠨ ᠰᠢᠳᠡᠨ ᠣᠷᠢᠯᠠᠬᠤ ᠰᠣᠨᠣᠰᠳᠠᠨ᠎ᠠ᠃ ᠶᠢᠰᠦᠭᠡᠢ ᠶ᠋ᠢᠨ ᠠᠮᠢᠳᠤ ᠰᠡᠷᠡᠭᠦᠨ ᠦᠶ᠎ᠡ ᠳ᠋ᠦ᠍ ᠰᠣᠴᠢᠭᠠᠯ ᠢᠩᠭᠢᠵᠦ ᠲᠠᠴᠢᠶᠠᠳᠠᠨ ᠤᠷᠢ ᠳᠠᠭᠤ ᠲᠠᠯᠪᠢᠵᠤ ᠪᠠᠢᠬᠤ ᠶ᠋ᠢ ᠥᠭᠡᠯᠦᠨ ᠶᠡᠷᠦ ᠦᠵᠡᠵᠦ ᠰᠣᠨᠣᠰᠤᠭᠰᠠᠨ ᠦᠭᠡᠢ ᠪᠢᠯᠡ᠃ ᠬᠠᠷᠠᠴᠤ ᠮᠠᠩᠯᠢᠭ᠌ ᠡᠮ᠎ᠡ ᠶ᠋ᠢ ᠡᠳ᠋ᠯᠡᠨ ᠵᠢᠷᠭᠠᠭᠠᠬᠤ ᠳ᠋ᠠᠭᠠᠨ ᠭᠠᠷᠭᠠᠭᠤᠳ ᠠᠵᠢ᠃ ᠲᠡᠷᠡ ᠰᠥᠨᠢ ᠥᠭᠡᠯᠦᠨ ᠪᠣᠳᠣᠭ᠎ᠠ ᠦᠭᠡᠢ ᠪᠡᠨ ᠪᠣᠳᠣᠵᠤ ᠨᠥᠭᠦᠭᠡ ᠡᠬᠡᠨᠡᠷ ᠦ᠋ᠨ ᠳ᠋ᠡᠭᠡᠨ ᠬᠣᠨᠣᠭᠰᠠᠨ ᠡᠷ᠎ᠡ ᠪᠡᠨ ᠬᠦᠯᠢᠶᠡᠬᠦ ᠮᠡᠲᠦ ᠨᠣᠢᠷ ᠦᠭᠡᠢ ᠬᠥᠯᠪᠡᠷᠢᠵᠦ ᠥᠩᠭᠡᠷᠡᠭᠡᠪᠡ᠃  
       ᠠᠯᠳᠠᠭᠤᠯ ᠮᠠᠯ ᠳ᠋ᠤ᠌ ᠡᠵᠡᠨ ᠮᠤᠩᠳᠠᠬᠤ ᠦᠭᠡᠢ ᠭᠡᠳᠡᠭ ᠰᠢᠭ ᠡᠵᠡᠨ ᠦᠭᠡᠢ ᠭᠠᠵᠠᠷ ᠥᠨᠥᠴᠢᠨ ᠬᠥᠪᠡᠭᠦᠳ ᠦ᠋ᠨ ᠢ᠋ᠶ᠋ᠡᠨ ᠬᠠᠮᠲᠤ ᠰᠠᠭᠤᠬᠤ ᠦᠬᠦᠯ ᠦ᠋ᠨ ᠠᠶᠤᠮᠰᠢᠭᠲᠠᠢ ᠶ᠋ᠢ ᠥᠭᠡᠯᠦᠨ ᠰᠠᠢᠨ ᠣᠢᠯᠠᠭᠠᠵᠤ ᠪᠠᠢᠯ᠎ᠠ᠃ ᠲᠡᠢᠮᠦ ᠪᠣᠯᠬᠣᠷ ᠮᠠᠩᠯᠢᠭ᠌ ᠤ᠋ᠨ ᠬᠡᠯᠡᠭᠰᠡᠨ ᠦᠭᠡ ᠶ᠋ᠢ ᠳᠠᠭᠠᠮᠠᠷ᠃ ᠮᠠᠩᠯᠢᠭ᠌ ᠤ᠋ᠨ ᠢᠩᠭᠢᠵᠦ ᠬᠡᠯᠡᠭᠰᠡᠨ ᠨᠢ ᠶᠡᠷᠦ ᠪᠤᠷᠤᠭᠤ ᠦᠭᠡᠢ ᠶᠦᠮ᠃ ᠤᠴᠢᠷ ᠨᠢ ᠲᠡᠷᠡ ᠥᠪᠡᠷ ᠦ᠋ᠨ ᠡᠵᠡᠨ ᠶᠢᠰᠦᠭᠡᠢ ᠶ᠋ᠢᠨ ᠭᠡᠷᠢᠶᠡᠰ ᠢ᠋ ᠪᠡᠶᠡᠯᠡᠭᠦᠯᠵᠦ ᠪᠠᠢᠭ᠎ᠠ ᠬᠥᠮᠦᠨ᠃ ᠣᠳᠣ ᠲᠡᠷᠡ ᠶᠢᠰᠦᠭᠡᠢ ᠶ᠋ᠢᠨ ᠠᠷᠤ ᠳ᠋ᠤ᠌ ᠦᠯᠡᠳᠡᠭᠰᠡᠨ ᠡᠮᠡᠰ ᠢ᠋ ᠨᠢ ᠡᠵᠡᠮᠳᠡᠨ ᠠᠪᠤᠭᠰᠠᠨ ᠢ᠋ᠶ᠋ᠠᠷ ᠡᠨᠡ ᠡᠷᠦᠬᠡ ᠵᠥᠪᠬᠡᠨ ᠲᠡᠭᠦᠨ ᠦ᠌ ᠨᠡᠷ᠎ᠡ ᠪᠡᠷ ᠳᠠᠭᠤᠳᠠᠭᠳᠠᠬᠤ ᠪᠣᠯᠪᠠ᠃ ᠬᠠᠮᠢᠭᠠᠰᠢ ᠪᠠᠨ ᠨᠡᠭᠦᠵᠦ ᠬᠠᠮᠢᠭ᠎ᠠ ᠭᠡᠷ ᠢ᠋ᠶ᠋ᠡᠨ ᠪᠠᠷᠢᠬᠤ ᠶ᠋ᠢ ᠲᠡᠷᠡ ᠵᠢᠭᠠᠬᠤ ᠪᠣᠯᠪᠠ᠃ ᠶᠢᠰᠦᠭᠡᠢ ᠶ᠋ᠢᠨ ᠨᠢᠭᠡᠨᠲᠡ ᠮᠠᠩᠯᠢᠭ᠌ ᠲᠤ᠌ ᠲᠡᠭᠡᠵᠦ ᠭᠡᠷᠢᠶᠡᠰᠯᠡᠭᠰᠡᠨ ᠪᠣᠯᠬᠣᠷ ᠲᠡᠭᠦᠨ ᠢ᠋ ᠳᠠᠭᠠᠬᠤ ᠠ᠋ᠴᠠ ᠥᠭᠡᠷ᠎ᠡ ᠦᠭᠡ ᠦᠭᠡᠢ ᠪᠣᠯᠵᠠᠢ᠃ ᠡᠷ᠎ᠡ ᠪᠡᠨ ᠦᠬᠦᠭᠦᠯᠵᠦ ᠢᠷᠭᠡᠳ ᠠᠯᠪᠠᠲᠤ ᠳ᠋ᠠᠭᠠᠨ ᠬᠠᠶᠠᠭᠳᠠᠨ ᠬᠣᠴᠣᠷᠤᠭᠰᠠᠨ ᠪᠡᠯᠪᠡᠰᠦᠨ ᠡᠮ᠎ᠡ ᠡᠭᠦᠨ ᠡᠴᠡ ᠥᠭᠡᠷ᠎ᠡ ᠶᠠᠭᠠᠬᠢᠬᠤ ᠪᠢᠯᠡ᠃ ᠪᠦᠬᠦ ᠡᠮᠡᠰ ᠡᠷ᠎ᠡ ᠡᠴᠡ ᠥᠨᠥᠴᠢᠷᠡᠪᠡᠯ ᠠᠮᠢᠳᠤ ᠳ᠋ᠠᠭᠠᠨ ᠵᠠᠬᠢᠭᠰᠠᠨ ᠲᠡᠷᠡ ᠬᠥᠮᠦᠨ ᠳ᠋ᠦ᠍ᠨᠢ ᠣᠴᠢᠳᠠᠭ ᠨᠢ ᠲᠠᠯ᠎ᠠ ᠨᠤᠲᠤᠭ ᠤ᠋ᠨ ᠠᠮᠢᠳᠤᠷᠠᠯ ᠤ᠋ᠨ ᠬᠠᠲᠠᠭᠤ ᠬᠠᠤᠯᠢ ᠶᠤᠮ᠃ ᠡᠰᠡ ᠲᠡᠭᠡᠪᠡᠯ ᠬᠡᠨ ᠨᠢᠭᠡ ᠬᠥᠮᠦᠨ ᠦ᠌ ᠬᠦᠰᠡᠯ ᠢ᠋ ᠳᠠᠭᠠᠨ᠎ᠠ᠃ ᠦᠭᠡᠢ ᠪᠣᠯ ᠶᠠᠳᠠᠭᠤᠷᠠᠵᠤ ᠥᠯᠪᠡᠷᠬᠦ ᠶ᠋ᠢᠨ ᠲᠤᠢᠯ ᠳ᠋ᠤ᠌ ᠬᠦᠷᠬᠦ ᠪᠢᠯᠡ᠃ ᠶᠢᠰᠦᠭᠡᠢ ᠶ᠋ᠢ ᠳᠠᠭᠠᠵᠤ ᠪᠠᠢᠭᠰᠠᠨ ᠲᠡᠭᠦᠨ ᠦ᠌ ᠤᠨᠠᠭᠠᠨ  ᠢᠷᠭᠡᠳ ᠠᠯᠪᠠᠲᠤ ᠶ᠋ᠢᠨ ᠳᠠᠩ ᠬᠠᠭᠠᠰ ᠨᠢ ᠵᠠᠮᠤᠬ᠎ᠠ ᠶ᠋ᠢᠨ ᠳᠡᠷᠭᠡᠳᠡ ᠣᠴᠢᠭᠰᠠᠨ ᠲᠤᠯᠠ ᠲᠡᠭᠦᠨ ᠦ᠌ ᠳᠤᠮᠳᠠ ᠥᠭᠡᠯᠦᠨ ᠢ᠋ ᠬᠠᠷᠠᠵᠤ ᠬᠠᠮᠠᠭᠠᠯᠠᠬᠤ ᠬᠥᠮᠦᠨ ᠪᠣᠢ ᠯᠠ ᠪᠢᠵᠡ᠃ ᠭᠡᠪᠡᠴᠦ ᠶᠢᠰᠦᠭᠡᠢ ᠶᠡᠬᠡ ᠵᠡᠷᠯᠢᠭ ᠳᠣᠭᠰᠢᠨ ᠵᠠᠩ ᠠᠪᠤᠷᠢ ᠲᠠᠢ᠂ ᠦᠨᠡᠨ ᠰᠡᠳᠬᠢᠯ ᠦ᠋ᠨ ᠠᠨᠳᠠ ᠦᠭᠡᠢ᠂ ᠲᠤᠢᠯ ᠤ᠋ᠨ ᠭᠠᠭᠴᠠᠭᠠᠷᠳᠠᠮᠠᠯ ᠬᠥᠮᠦᠨ ᠪᠠᠢᠭᠰᠠᠨ ᠨᠢ ᠥᠭᠡᠯᠦᠨ ᠢᠩᠭᠢᠵᠦ ᠬᠥᠪᠡᠭᠦᠳ ᠦ᠋ᠨ ᠢ᠋ᠶ᠋ᠡᠨ ᠬᠠᠮᠲᠤ ᠣᠯᠠᠨ ᠳ᠋ᠤ᠌ ᠬᠠᠶᠠᠭᠳᠠᠬᠤ ᠶ᠋ᠢᠨ ᠰᠢᠯᠲᠠᠭ ᠪᠣᠯᠤᠭᠰᠠᠨ ᠢ᠋ ᠲᠡᠷᠡ ᠣᠢᠯᠠᠭᠠᠵᠤ ᠪᠠᠢᠪᠠ᠃ ᠶᠢᠰᠦᠭᠡᠢ ᠶ᠋ᠢᠨ ᠶᠠᠭᠤᠨ ᠠ᠋ᠴᠠ ᠴᠤ᠌ ᠦᠯᠦ ᠠᠶᠤᠬᠤ ᠬᠠᠲᠠᠭᠤ ᠵᠣᠷᠢᠭ᠂ ᠬᠠᠷᠭᠢᠰ ᠵᠠᠩ ᠠ᠋ᠴᠠ ᠠᠶᠤᠬᠤ ᠰᠡᠳᠬᠢᠯ ᠯᠡ ᠣᠯᠠᠨ ᠢ᠋ ᠲᠡᠭᠦᠨ ᠦ᠌ ᠳᠣᠣᠷ᠎ᠠ ᠪᠠᠷᠢᠵᠤ ᠪᠠᠢᠭᠰᠠᠨ ᠪᠢᠯᠡ᠃ ᠢᠷᠭᠡᠳ ᠠᠯᠪᠠᠲᠤ ᠶ᠋ᠢᠨ ᠢ᠋ᠶ᠋ᠡᠨ ᠰᠡᠳᠬᠢᠯ ᠳ᠋ᠦ᠍ ᠰᠢᠩᠭᠡᠵᠦ ᠬᠠᠢᠷ᠎ᠠ ᠬᠦᠨᠳᠦᠳᠬᠡᠯ ᠢ᠋ ᠲᠠᠲᠠᠵᠤ ᠴᠢᠳᠠᠭ᠎ᠠ ᠦᠭᠡᠢ ᠶ᠋ᠢ ᠨᠢ ᠪᠠᠲᠤᠯᠠᠨ ᠴᠤᠭᠯᠠᠭᠤᠯᠤᠭᠰᠠᠨ ᠤᠯᠤᠰ ᠨᠢ ᠲᠠᠷᠠᠵᠤ ᠣᠳᠴᠠᠢ᠃ ᠶᠢᠰᠦᠭᠡᠢ ᠶ᠋ᠢ ᠦᠬᠦᠮᠡᠭᠴᠡ ᠶᠡᠬᠡᠰ ᠦ᠋ᠨ ᠲᠠᠬᠢᠯᠭ᠎ᠠ ᠶ᠋ᠢᠨ ᠢᠳᠡᠭᠡ ᠶ᠋ᠢ ᠥᠭᠡᠯᠦᠨ ᠳ᠋ᠦ᠍ ᠬᠦᠷᠲᠡᠭᠡᠯ ᠦᠭᠡᠢ ᠵᠠᠩᠨᠠᠵᠤ ᠪᠠᠢᠭᠰᠠᠨ ᠠᠮᠪᠠᠭᠠᠢ ᠬᠠᠭᠠᠨ ᠤ᠋ ᠬᠥᠭᠰᠢᠨ ᠬᠠᠲᠤᠳ ᠤᠷᠪᠠᠢ᠂ ᠰᠤᠬᠠᠲᠠᠢ ᠬᠣᠶᠠᠷ ᠤ᠋ᠨ ᠶᠡᠬᠡ ᠦᠭᠡ ᠶ᠋ᠢ ᠶᠠᠭᠠᠬᠢᠵᠤ ᠮᠠᠷᠲᠠᠨ᠎ᠠ᠃ ᠲᠡᠳᠡ ᠶᠢᠰᠦᠭᠡᠢ ᠶ᠋ᠢᠨ ᠨᠡᠷ᠎ᠡ ᠠᠯᠳᠠᠷ ᠢ᠋ ᠣᠭᠲᠣ ᠬᠦᠯᠢᠶᠡᠯ ᠦᠭᠡᠢ ᠪᠡᠷ 
        | ᠤᠷᠢᠵᠤ ᠴᠢᠮ᠎ᠠ ᠳ᠋ᠤ᠌ ᠥᠭᠬᠦ ᠶᠣᠰᠣ ᠦᠭᠡᠢ 
          ᠤᠴᠠᠷᠠᠪᠠᠯ ᠴᠢ ᠢᠷᠡᠬᠦ ᠶᠣᠰᠣ ᠲᠠᠢ 
          ᠬᠦᠷᠭᠡᠵᠦ ᠴᠢᠮ᠎ᠠ ᠳ᠋ᠤ᠌ ᠥᠭᠬᠦ ᠶᠣᠰᠣ ᠦᠭᠡᠢ 
          ᠬᠦᠷᠲᠡᠪᠡᠯ ᠴᠢ ᠢᠳᠡᠬᠦ ᠶᠣᠰᠣ ᠲᠠᠢ ᠭᠡᠵᠦ ᠵᠠᠩᠨᠠᠭᠰᠠᠨ ᠨᠢ ᠶᠢᠰᠦᠭᠡᠢ ᠦᠬᠦᠭᠰᠡᠨ ᠲᠤᠯᠠ ᠴᠢ ᠬᠡᠨ ᠴᠦ᠍ ᠪᠢᠰᠢ ᠭᠡᠵᠦ ᠬᠡᠯᠡᠭᠰᠡᠨ ᠦᠭᠡ ᠪᠢᠯᠡ᠃ ᠪᠠᠰᠠ ᠥᠭᠡᠯᠦᠨ ᠦ᠌ ᠰᠣᠨᠣᠰᠤᠭ᠎ᠠ ᠦᠭᠡᠢ ᠨᠢᠭᠡ ᠵᠦᠢᠯ ᠢ᠋ ᠲᠡᠳᠡ ᠴᠤᠭᠯᠠᠷᠠᠭᠰᠠᠨ ᠣᠯᠠᠨ ᠳ᠋ᠤ᠌ ᠬᠡᠯᠡᠵᠡᠢ᠃ ᠣᠯᠠᠨ ᠵᠢᠯ ᠦ᠋ᠨ ᠡᠮᠦᠨ᠎ᠡ ᠶᠢᠰᠦᠭᠡᠢ ᠪᠠᠭᠠᠲᠤᠷ ᠥᠭᠡᠯᠦᠨ ᠢ᠋ ᠮᠡᠷᠭᠢᠳ ᠦ᠋ᠨ ᠴᠢᠯᠡᠳᠦ ᠡᠴᠡ ᠪᠤᠯᠢᠶᠠᠨ ᠠᠪᠤᠭᠰᠠᠨ ᠤᠴᠢᠷ ᠢ᠋ ᠬᠠᠰᠢᠷ ᠬᠥᠭᠰᠢᠨ ᠬᠠᠲᠤᠳ ᠣᠯᠠᠨ ᠳ᠋ᠤ᠌ ᠰᠠᠨᠠᠭᠤᠯᠵᠤ 
       | ᠣᠳᠣ ᠨᠢᠭᠡᠨᠲᠡ ᠶᠢᠰᠦᠭᠡᠢ ᠦᠬᠦᠭᠡᠳ ᠡᠮᠡᠰ ᠬᠥᠪᠡᠭᠦᠳ ᠢ᠋ ᠨᠢ ᠬᠠᠮᠠᠭᠠᠯᠠᠬᠤ ᠬᠥᠮᠦᠨ ᠦᠭᠡᠢ ᠪᠣᠯᠵᠠᠢ᠃ ᠮᠡᠷᠭᠢᠳ ᠦ᠋ᠳ ᠡᠨᠡ ᠴᠠᠭ ᠢ᠋ ᠠᠰᠢᠭᠯᠠᠨ ᠥᠭᠡᠯᠦᠨ ᠢ᠋ ᠪᠤᠯᠢᠶᠠᠯᠭᠠᠭᠰᠠᠨ ᠤ᠋ ᠪᠠᠨ ᠥᠰᠢᠶ᠎ᠡ ᠶ᠋ᠢ ᠠᠪᠬᠤ ᠨᠢ ᠭᠠᠷᠴᠠᠭ᠎ᠠ ᠦᠭᠡᠢ᠃ ᠲᠡᠢᠮᠦ ᠪᠣᠯᠬᠣᠷ ᠣᠳᠣ ᠥᠭᠡᠯᠦᠨ ᠢ᠋ ᠥᠮᠥᠭᠡᠷᠡᠵᠦ ᠲᠡᠭᠦᠨ ᠦ᠌ ᠳᠡᠷᠭᠡᠳᠡ ᠪᠠᠢᠬᠤ ᠨᠢ ᠮᠡᠷᠭᠢᠳ ᠦ᠋ᠨ ᠦᠰ ᠬᠣᠨᠵᠢᠩ ᠤ᠋ᠨ ᠵᠣᠯᠢᠶᠠᠰᠤ ᠪᠣᠯᠵᠤ ᠦᠭᠡᠢᠷᠡᠵᠦ ᠰᠦᠢᠷᠡᠬᠦ ᠶ᠋ᠢᠨ ᠦᠨᠳᠦᠰᠦ ᠪᠣᠯᠤᠨ᠎ᠠ ᠭᠡᠵᠦ ᠢᠳᠬᠠᠵᠠᠢ᠃ ᠲᠡᠳᠡᠨ ᠦ᠌ ᠡᠢᠨ ᠬᠡᠯᠡᠭᠰᠡᠨ ᠢ᠋ ᠰᠣᠨᠣᠰᠴᠤ᠂ ᠦᠵᠡᠭᠰᠡᠨ ᠪᠦᠭᠦᠳᠡ ᠨᠢᠭᠡᠨ ᠳᠠᠭᠤ ᠪᠠᠷ ᠥᠭᠡᠯᠦᠨ ᠢ᠋ ᠬᠠᠶᠠᠵᠤ ᠨᠡᠭᠦᠭᠰᠡᠨ ᠪᠢᠯᠡ᠃ ᠪᠤᠰᠤᠳ ᠤ᠋ᠨ ᠦᠭᠡ ᠶ᠋ᠢ ᠦᠯᠦ ᠲᠣᠭᠣᠵᠤ ᠪᠦᠬᠦᠨ ᠢ᠋ ᠭᠠᠭᠴᠠ ᠥᠪᠡᠷ ᠦ᠋ᠨ ᠬᠠᠷ᠎ᠠ ᠵᠣᠷᠢᠭ᠂ ᠬᠠᠲᠠᠭᠤ ᠢᠲᠡᠭᠡᠯ ᠢ᠋ᠶ᠋ᠡᠷ ᠰᠢᠢᠳᠴᠦ ᠪᠠᠢᠭᠰᠠᠨ ᠶᠢᠰᠦᠭᠡᠢ ᠶ᠋ᠢᠨ ᠵᠠᠩ ᠠᠪᠤᠷᠢ ᠣᠯᠠᠨ ᠤ᠋ ᠰᠡᠳᠬᠢᠯ ᠳ᠋ᠦ᠍ ᠬᠦᠷᠦᠭᠡ ᠦᠭᠡᠢ ᠶ᠋ᠢᠨ ᠢᠯᠡᠷᠡᠯ ᠪᠣᠯᠵᠤ ᠪᠦᠭᠦᠳᠡ ᠥᠭᠡᠯᠦᠨ ᠢ᠋ ᠣᠷᠬᠢᠨ ᠣᠳᠪᠠ᠃ ᠭᠡᠲᠡᠯ᠎ᠡ ᠣᠳᠣ ᠮᠡᠩᠯᠢᠭ ᠲᠡᠭᠦᠨ ᠢ᠋ ᠵᠠᠮᠤᠬ᠎ᠠ ᠶ᠋ᠢᠨ ᠳᠡᠷᠭᠡᠳᠡ ᠳᠠᠭᠠᠵᠤ ᠣᠴᠢᠬᠤ ᠶ᠋ᠢ ᠱᠠᠭᠠᠷᠳᠠᠵᠠᠢ᠃ ᠰᠥᠨᠢᠵᠢᠨ ᠪᠣᠳᠣᠪᠠᠴᠤ ᠮᠡᠩᠯᠢᠭ ᠦ᠋ᠨ ᠦᠭᠡ ᠶ᠋ᠢ ᠳᠠᠭᠠᠬᠤ ᠠ᠋ᠴᠠ ᠥᠭᠡᠷ᠎ᠡ ᠠᠷᠭ᠎ᠠ ᠣᠯᠳᠠᠭᠰᠠᠨ ᠦᠭᠡᠢ᠃ ᠥᠷᠯᠥᠭᠡ ᠨᠢ ᠮᠡᠩᠯᠢᠭ ᠡᠷᠭᠢᠵᠦ ᠢᠷᠡᠪᠡ᠃ 
       | ᠲᠠ ᠨᠠᠷ ᠨᠡᠭᠦᠬᠦ ᠳ᠋ᠦ᠍ ᠪᠡᠯᠡᠳᠴᠦ ᠪᠠᠢ᠃ ᠪᠢ ᠵᠠᠮᠤᠬ᠎ᠠ ᠶ᠋ᠢᠨ ᠲᠡᠨᠳᠡ ᠣᠴᠢᠵᠤ ᠨᠤᠲᠤᠭ ᠰᠣᠩᠭᠣᠭᠠᠳ ᠮᠥᠳᠳᠥ ᠡᠷᠭᠢᠵᠦ ᠢᠷᠡᠨ᠎ᠡ᠃ ᠳᠠᠷᠤᠢ ᠨᠡᠭᠦᠬᠦ ᠦᠭᠡᠢ ᠪᠣᠯ ᠲᠠᠢᠴᠢᠭᠤᠳ ᠤ᠋ᠨ ᠲᠠᠷᠭᠤᠲᠠᠢ《ᠶᠢᠰᠦᠭᠡᠢ ᠶ᠋ᠢᠨ ᠬᠥᠪᠡᠭᠦᠳ ᠥᠰᠦᠭᠰᠡᠨ ᠭᠡᠨ᠎ᠡ᠃ ᠣᠴᠢᠵᠤ ᠦᠵᠡᠶ᠎ᠡ 》 ᠭᠡᠵᠦ ᠳᠠᠪᠠᠯᠠᠵᠤ ᠪᠠᠢᠨ᠎ᠠ ᠭᠡᠵᠦ ᠬᠥᠮᠦᠨ ᠬᠡᠯᠡᠯ᠎ᠡ᠃ ᠲᠡᠷᠡ ᠲᠠᠷᠭᠤᠲᠠᠢ ᠤᠭ ᠤ᠋ᠨ ᠬᠣᠷᠣᠨ ᠰᠠᠨᠠᠭ᠎ᠠ ᠲᠠᠢ ᠪᠠᠰᠠ ᠴᠢᠮ᠎ᠠ ᠳ᠋ᠤ᠌ ᠰᠢᠨᠤᠨ ᠲᠠᠴᠢᠶᠠᠳᠠᠳᠠᠭ ᠲᠤᠯᠠ ᠲᠡᠮᠦᠵᠢᠨ᠂ ᠪᠡᠭᠲᠡᠷ ᠬᠣᠶᠠᠷ ᠲᠤ᠌ ᠮᠠᠭᠤ ᠶᠠᠭᠤᠮ᠎ᠠ ᠬᠢᠵᠦ ᠮᠡᠳᠡᠨ᠎ᠡ᠃ ᠪᠢ ᠮᠣᠷᠳᠠᠶ᠎ᠠ᠃ ᠴᠢ ᠶᠢᠰᠦᠭᠡᠢ ᠶ᠋ᠢᠨ ᠪᠦᠰᠡ ᠶ᠋ᠢ ᠭᠠᠷᠭᠠᠵᠤ ᠥᠭ ᠭᠡᠵᠦ ᠮᠡᠩᠯᠢᠭ ᠲᠤᠯᠭᠠᠨ ᠬᠡᠯᠡᠵᠡᠢ᠃  ᠥᠭᠡᠯᠦᠨ ᠲᠠᠭ ᠴᠢᠭ ᠭᠥᠯᠢᠷᠡᠨ ᠰᠠᠭᠤᠬᠤ ᠳ᠋ᠤ᠌ ᠮᠡᠩᠯᠢᠭ ᠭᠠᠢᠬᠠᠵᠤ 
       | ᠶᠠᠭᠠᠬᠢᠪᠠ ᠴᠢ? ᠭᠡᠵᠦ ᠵᠠᠩᠳᠤᠷᠪᠠ᠃  
       | ᠤᠷᠲᠤ ᠰᠥᠨᠢ ᠶᠢᠰᠦᠭᠡᠢ ᠶ᠋ᠢᠨ ᠰᠦᠨᠡᠰᠦ ᠲᠣᠭᠣᠨᠣ ᠪᠠᠷ ᠰᠠᠷᠠᠨ ᠤ᠋ ᠭᠡᠷᠡᠯ ᠬᠦᠯᠦᠭᠯᠡᠨ ᠪᠠᠭᠤᠵᠤ ᠡᠪᠦᠷ ᠲᠦ᠍ ᠮᠢᠨᠢ ᠣᠷᠣᠵᠤ ᠢᠷᠡᠭᠡᠳ  
       | ᠠᠯᠲᠠᠨ ᠪᠦᠰᠡ ᠶ᠋ᠢ ᠮᠢᠨᠢ ᠲᠡᠮᠦᠵᠢᠨ ᠬᠥᠪᠡᠭᠦᠨ ᠡᠴᠡ ᠥᠭᠡᠷ᠎ᠡ ᠬᠡᠨ ᠳ᠋ᠦ᠍ ᠴᠦ᠍ ᠪᠤᠤ ᠥᠭ ᠭᠡᠵᠦ ᠬᠡᠯᠡᠯ᠎ᠡ᠃ ᠲᠡᠷᠡ ᠪᠦᠰᠡ ᠭᠣᠶᠣᠯ ᠪᠢᠰᠢ᠃ ᠲᠡᠮᠦᠵᠢᠨ ᠦ᠌ ᠰᠦᠷ ᠰᠦᠯᠳᠡ ᠨᠢ ᠪᠣᠯᠬᠤ ᠶᠣᠰᠣᠲᠠᠢ ᠭᠡᠨ᠎ᠡ ᠭᠡᠵᠦ ᠥᠭᠡᠯᠦᠨ ᠬᠡᠯᠡᠪᠡ᠃ ᠬᠡᠨ ᠢᠩᠭᠢᠵᠦ ᠬᠡᠯᠡ ᠭᠡᠰᠡᠨ ᠶᠦᠮ ᠪᠣᠯ ᠭᠡᠵᠦ ᠥᠭᠡᠯᠦᠨ ᠥᠪᠡᠷ ᠦ᠋ᠨ ᠦᠭᠡ ᠶ᠋ᠢ ᠰᠣᠨᠣᠰᠤᠭᠠᠳ ᠭᠠᠢᠬᠠᠨ ᠪᠣᠳᠣᠪᠠ᠃ ᠯᠠᠪ ᠶᠢᠰᠦᠭᠡᠢ ᠶ᠋ᠢᠨ ᠰᠦᠨᠡᠰᠦ ᠲᠡᠭᠦᠨ ᠳ᠋ᠦ᠍ ᠢᠩᠭᠢᠵᠦ ᠰᠢᠪᠡᠨᠡᠵᠡᠢ᠃ ᠮᠡᠩᠯᠢᠭ ᠡᠷᠡᠭᠡᠯᠵᠡᠪᠡ᠃ ᠤᠭ ᠨᠢ ᠳᠠᠲ᠋ᠠᠷ ᠤ᠋ᠨ ᠳᠡᠷᠪᠡᠢ ᠪᠥᠬᠡ ᠶ᠋ᠢ ᠦᠬᠦᠭᠦᠯᠵᠦ ᠣᠯᠵᠠᠯᠠᠨ ᠠᠪᠤᠭᠰᠠᠨ ᠠᠷᠰᠯᠠᠨ ᠲᠠᠢ ᠴᠣᠯ ᠠᠯᠲᠠᠨ ᠪᠦᠰᠡ ᠶ᠋ᠢ ᠵᠡᠭᠦᠵᠦ ᠶᠢᠰᠦᠭᠡᠢ ᠪᠠᠭᠠᠲᠤᠷ ᠤ᠋ᠨ ᠬᠠᠲᠤᠳ᠂ ᠬᠥᠪᠡᠭᠦᠳ ᠢ ᠠᠰᠠᠷᠠᠵᠤ ᠶᠠᠪᠤᠭ᠎ᠠ ᠪᠠᠨ ᠣᠯᠠᠨ ᠳ᠋ᠤ᠌ ᠭᠠᠢᠬᠠᠭᠤᠯᠬᠤ ᠬᠦᠰᠡᠯ ᠮᠡᠩᠯᠢᠭ ᠲᠦ᠍ ᠲᠤᠢᠯ ᠤ᠋ᠨ ᠶᠡᠬᠡ ᠪᠠᠢᠯ᠎ᠠ᠃ ᠭᠡᠪᠡᠴᠦ ᠥᠭᠡᠯᠦᠨ ᠦ᠌ ᠬᠡᠯᠡᠭᠰᠡᠨ ᠦᠭᠡ ᠲᠡᠭᠦᠨ ᠢ ᠠᠶᠤᠯᠭᠠᠵᠠᠢ᠃ 
       | ᠪᠢ ᠲᠡᠮᠦᠵᠢᠨ ᠢ ᠥᠪᠡᠷ ᠦ᠋ᠨ ᠬᠥᠪᠡᠭᠦᠨ ᠰᠢᠭ ᠰᠠᠨᠠᠨ᠎ᠠ᠃ ᠪᠢᠳᠡ ᠡᠴᠢᠭᠡ ᠬᠥᠪᠡᠭᠦᠨ ᠪᠣᠯᠤᠨ᠎ᠠ ᠪᠢᠵᠡ ᠭᠡᠵᠦ ᠮᠡᠩᠯᠢᠭ ᠢᠲᠡᠭᠡᠯᠲᠡᠢ ᠬᠡᠯᠡᠪᠡ᠃ 
       | ᠲᠡᠷᠡ ᠴᠢᠨᠢ ᠶᠢᠰᠦᠭᠡᠢ ᠶ᠋ᠢᠨ ᠬᠥᠪᠡᠭᠦᠨ ᠰᠢᠦ᠃ ᠴᠢ ᠶᠢᠰᠦᠭᠡᠢ ᠡᠵᠡᠨ ᠦ᠌ ᠪᠡᠨ ᠭᠡᠷᠢᠶᠡᠰ ᠢ ᠶᠠᠭᠠᠬᠢᠵᠤ ᠬᠥᠰᠡᠷᠳᠡᠭᠦᠯᠵᠦ ᠪᠣᠯᠬᠤ ᠪᠢᠯᠡ ᠭᠡᠵᠦ ᠥᠭᠡᠯᠦᠨ ᠲᠡᠭᠦᠨ ᠦ᠌ ᠦᠭᠡ ᠶ᠋ᠢ ᠨᠢᠴᠤᠭᠠᠪᠠ᠃ ᠲᠡᠮᠦᠵᠢᠨ ᠬᠥᠪᠡᠭᠦᠨ ᠨᠢ ᠮᠡᠩᠯᠢᠭ ᠦ᠋ᠨ ᠬᠥᠪᠡᠭᠦᠨ ᠪᠣᠯᠤᠨ᠎ᠠ ᠭᠡᠬᠦ ᠡᠴᠡ ᠥᠭᠡᠯᠦᠨ ᠦ᠌ ᠳᠣᠲᠣᠷ᠎ᠠ ᠳᠠᠪᠴᠢᠳᠠᠭᠠᠳ ᠢᠷᠡᠯ᠎ᠡ᠃ ᠲᠡᠷᠡ ᠶᠠᠭᠠᠬᠢᠭᠠᠳ ᠡᠭᠦᠨ ᠢ ᠡᠮᠦᠨ᠎ᠡ ᠨᠢ ᠪᠣᠳᠣᠭᠰᠠᠨ ᠦᠭᠡᠢ ᠪᠣᠢ? ᠮᠡᠩᠯᠢᠭ ᠦ᠋ᠨ ᠳᠡᠭᠡᠷ᠎ᠡ ᠬᠡᠯᠡᠭᠰᠡᠨ ᠦᠭᠡ ᠲᠡᠮᠦᠵᠢᠨ ᠬᠥᠪᠡᠭᠦᠨ ᠢ᠋ᠶ᠋ᠡᠨ ᠬᠡᠨ ᠨᠢᠭᠡᠨ ᠳ᠋ᠦ᠍ ᠠᠯᠳᠠᠬᠤ ᠮᠡᠲᠦ ᠰᠡᠳᠬᠢᠯ ᠲᠥᠷᠥᠭᠦᠯᠵᠦ ᠪᠦᠷ ᠠᠶᠤᠵᠤ ᠣᠷᠬᠢᠪᠠ᠃ ᠣᠳᠣ ᠴᠤ᠌ ᠭᠡᠰᠡᠨ ᠬᠠᠷᠢ ᠳ᠋ᠤ᠌ ᠣᠳᠤᠭᠰᠠᠨ ᠬᠥᠪᠡᠭᠦᠨ ᠨᠢ ᠨᠢᠭᠡᠨᠲᠡ ᠬᠠᠷᠢᠵᠤ ᠢᠷᠡᠬᠦ ᠨᠢ ᠥᠩᠭᠡᠷᠡᠭᠰᠡᠨ ᠮᠡᠲᠦ ᠰᠤᠪᠢᠩ ᠲᠠᠲᠠᠭᠠᠳ ᠨᠢᠯᠪᠤᠰᠤ ᠰᠤᠯᠠ ᠠᠰᠬᠠᠷᠠᠪᠠ᠃ 
       | ᠮᠡᠩᠯᠢᠭ ᠴᠢ ᠳᠠᠷᠤᠢ ᠶᠠᠪᠤᠭᠲᠤᠨ᠃ ᠲᠡᠮᠦᠵᠢᠨ ᠬᠥᠪᠡᠭᠦᠨ ᠢ ᠮᠢᠨᠢ ᠠᠪᠴᠢᠷᠠ᠃  
       | ᠴᠢ ᠶᠠᠭᠤ ᠶᠠᠷᠢᠨ᠎ᠠ ᠪᠣᠢ? ᠬᠣᠲᠠ ᠶ᠋ᠢᠨ ᠳ᠋ᠦ᠍ ᠬᠦᠷᠭᠡᠵᠦ ᠥᠭᠭᠦᠭᠡᠳ ᠬᠣᠶᠠᠷ ᠭᠤᠷᠪᠠᠨ ᠰᠠᠷ᠎ᠠ ᠠ᠋ᠴᠠ ᠬᠡᠲᠦᠷᠡᠭᠰᠡᠨ ᠦᠭᠡᠢ᠃ ᠪᠢᠳᠡᠨ ᠢ ᠬᠡᠯᠡᠭᠰᠡᠨ ᠦᠭᠡ ᠪᠡᠨ ᠡᠷᠭᠢᠭᠡᠳ ᠮᠠᠷᠲᠠᠳᠠᠭ ᠭᠤᠢᠪᠢᠮᠠᠲᠠᠭᠠᠢ ᠬᠥᠮᠦᠰ ᠭᠡᠵᠦ ᠰᠠᠨᠠᠭᠠᠳ ᠰᠦᠢ ᠪᠡᠨ ᠴᠤᠴᠠᠯᠠᠪᠠᠯ ᠶᠠᠭᠠᠬᠢᠨ᠎ᠠ᠃ ᠬᠣᠩᠭᠢᠷᠠᠳ ᠪᠠᠶᠠᠨ ᠠᠢᠮᠠᠭ᠃ ᠪᠢᠳᠡᠨ ᠰᠢᠭ᠋ ᠶᠠᠳᠠᠭᠤ ᠤᠯᠤᠰ ᠲᠤ᠌ ᠣᠯᠳᠠᠬᠤ ᠦᠭᠡᠢ ᠬᠣᠲᠠ ᠰᠢᠦ᠃ ᠪᠠᠰᠠ ᠥᠬᠢᠨ ᠪᠥᠷᠲᠡ ᠨᠢ ᠴᠢᠷᠠᠢᠯᠢᠭ᠁  
       | ᠦᠭᠡᠢ ᠠ᠋ ᠮᠡᠩᠯᠢᠭ᠂ ᠴᠢ ᠲᠡᠮᠦᠵᠢᠨ ᠢ ᠳᠠᠷᠤᠢ ᠠᠪᠴᠢᠷᠠ᠃ ᠪᠢ ᠡᠭᠦᠨ ᠢ ᠬᠡᠯᠡᠭᠰᠡᠨ ᠦᠭᠡᠢ᠃ ᠶᠢᠰᠦᠭᠡᠢ ᠶ᠋ᠢᠨ ᠰᠦᠨᠡᠰᠦ ᠬᠡᠯᠡᠪᠡ᠃ ᠲᠡᠮᠦᠵᠢᠨ ᠳ᠋ᠦ᠍ ᠬᠡᠯᠡᠬᠦ ᠦᠭᠡᠢ ᠶᠠᠭᠠᠬᠢᠵᠤ ᠨᠡᠭᠦᠵᠦ ᠪᠣᠯᠤᠨ᠎ᠠ᠃ 
       ᠥᠭᠡᠯᠦᠨ ᠦ᠌ ᠠᠮᠠᠨ ᠠ᠋ᠴᠠ ᠭᠠᠷᠤᠭᠰᠠᠨ《ᠨᠡᠭᠦᠨ᠎ᠡ》 ᠭᠡᠰᠡᠨ ᠦᠭᠡ ᠮᠡᠩᠯᠢᠭ ᠢ ᠵᠥᠪᠰᠢᠶᠡᠷᠡᠬᠦ ᠳ᠋ᠦ᠍ ᠬᠦᠷᠭᠡᠪᠡ᠃ ᠶᠠᠭᠤᠲᠠᠢ ᠴᠤ᠌ ᠶᠢᠰᠦᠭᠡᠢ ᠶ᠋ᠢᠨ ᠠᠯᠲᠠᠨ ᠪᠥᠰᠡᠨ ᠤ ᠲᠤᠬᠠᠢ ᠣᠳᠣᠬᠠᠨ ᠳ᠋ᠠᠭᠠᠨ ᠳᠠᠬᠢᠨ ᠳᠤᠷᠠᠳᠬᠤ ᠦᠭᠡᠢ ᠥᠩᠭᠡᠷᠡᠬᠦ ᠪᠡᠷ ᠰᠢᠢᠳᠪᠡ᠃  
       | ᠪᠢ ᠵᠠᠮᠤᠬ᠎ᠠ ᠶ᠋ᠢᠨ ᠲᠡᠨᠳᠡ ᠡᠴᠡ ᠴᠠᠭᠠᠰᠢ ᠶᠠᠪᠤᠵᠤ ᠲᠡᠮᠦᠵᠢᠨ ᠢ᠋ ᠠᠪᠴᠢᠷᠠᠶ᠎ᠠ᠃ ᠬᠠᠷᠢᠨ ᠳ᠋ᠠᠢ ᠰᠡᠴᠡᠨ ᠳ᠋ᠦ᠍ ᠶᠠᠭᠤ ᠭᠡᠵᠦ ᠬᠡᠯᠡᠨ᠎ᠡ᠃ ᠪᠠᠰᠠ ᠬᠥᠪᠡᠭᠦᠨ ᠢ᠋ ᠢᠷᠡᠭᠦᠯᠬᠦ ᠦᠭᠡᠢ ᠭᠡᠪᠡᠯ ᠶᠠᠭᠠᠬᠢᠨ᠎ᠠ᠃ 
       ᠥᠭᠡᠯᠦᠨ ᠳ᠋ᠦ᠍ ᠲᠡᠷᠡ ᠳᠠᠷᠤᠢ ᠬᠡᠯᠡᠬᠦ ᠦᠭᠡ ᠣᠯᠳᠠᠭᠰᠠᠨ ᠦᠭᠡᠢ᠃ 
       | ᠡᠴᠢᠭᠡ ᠶᠢᠰᠦᠭᠡᠢ ᠶ᠋ᠢᠨ ᠰᠦᠨᠡᠰᠦ ᠶ᠋ᠢ ᠲᠠᠬᠢᠬᠤ ᠡᠳᠦᠷ ᠪᠣᠯᠪᠠ ᠭᠡᠵᠦ ᠬᠡᠯᠡ᠃ ᠡᠭᠦᠨ ᠢ᠋ ᠥᠩᠭᠡᠷᠡᠮᠡᠭᠴᠡ ᠪᠤᠴᠠᠭᠠᠨ ᠬᠦᠷᠭᠡᠵᠦ ᠥᠭᠭᠦᠶ᠎ᠡ ᠭᠡᠵᠦ ᠬᠡᠯᠡ᠃ 
       | ᠵᠠ ᠪᠢ ᠥᠭᠡᠯᠦᠨ ᠴᠢᠨᠦ ᠬᠡᠯᠡᠭᠰᠡᠨ ᠢ᠋ᠶ᠋ᠡᠷ ᠬᠢᠶ᠎ᠡ᠃  
       | ᠴᠢ ᠬᠤᠷᠳᠤᠯᠠᠵᠤ ᠦᠵᠡ᠃ ᠲᠡᠮᠦᠵᠢᠨ ᠬᠥᠪᠡᠭᠦᠨ ᠢ᠋ ᠮᠢᠨᠢ ᠪᠣᠰᠢᠭᠣ ᠠᠪᠴᠢᠷᠠᠵᠤ ᠥᠭ᠃ 
       ᠥᠭᠡᠯᠦᠨ ᠦ᠌ ᠰᠡᠳᠬᠢᠯ ᠳ᠋ᠦ᠍ ᠲᠥᠷᠥᠭᠰᠡᠨ ᠬᠠᠷ᠎ᠠ ᠰᠡᠵᠢᠭ ᠮᠠᠭᠤ ᠰᠣᠪᠢᠩ ᠲᠡᠭᠦᠨ ᠢ᠋ ᠲᠠᠢᠪᠤᠩ ᠰᠠᠭᠤᠯᠭᠠᠵᠤ ᠲᠤᠬᠠᠲᠠᠢ ᠤᠨᠲᠠᠭᠤᠯᠬᠤ ᠦᠭᠡᠢ ᠪᠣᠯᠵᠠᠢ᠃ ᠲᠡᠮᠦᠵᠢᠨ ᠬᠥᠪᠡᠭᠦᠨ ᠢ᠋ᠶ᠋ᠡᠨ ᠳᠠᠬᠢᠨ ᠦᠵᠡᠲᠡᠯ᠎ᠡ ᠴᠢᠯᠢᠢᠭᠰᠡᠨ ᠭᠤᠷᠪᠠᠨ ᠰᠠᠷ᠎ᠠ ᠥᠩᠭᠡᠷᠡᠬᠦ ᠶ᠋ᠢ ᠲᠡᠷᠡ ᠳᠠᠩᠴᠤ ᠮᠡᠳᠡᠬᠦ ᠦᠭᠡᠢ ᠪᠠᠢᠯ᠎ᠠ᠃ ᠮᠡᠩᠯᠢᠭ ᠵᠠᠮᠤᠬ᠎ᠠ ᠶ᠋ᠢᠨ ᠲᠡᠨᠳᠡ ᠣᠴᠢᠬᠤ᠂ ᠪᠠᠰᠠ ᠴᠠᠭᠠᠰᠢ ᠶᠠᠪᠤᠵᠤ ᠬᠣᠩᠭᠢᠷᠠᠳ ᠠᠢᠮᠠᠭ ᠣᠷᠣᠬᠤ ᠪᠠᠷ ᠶᠠᠪᠤᠭᠠᠳ ᠰᠤᠷᠠᠭ ᠲᠠᠰᠤᠷᠠᠪᠠ᠃ ᠥᠭᠡᠯᠦᠨ ᠦ᠌ ᠬᠠᠮᠤᠭ ᠤ᠋ᠨ ᠵᠣᠪᠠᠯᠠᠩᠲᠤ ᠡᠳᠦᠷ ᠦ᠋ᠳ ᠡᠬᠢᠯᠡᠯ᠎ᠡ᠃ ᠥᠷᠪᠡᠯᠭᠡ ᠨᠢ ᠬᠠᠲᠠᠭ᠎ᠠ ᠦᠭᠡᠢ ᠠᠩᠭᠠᠬᠠᠢ ᠰᠢᠭ᠋ ᠨᠢᠯᠬ᠎ᠠ ᠬᠥᠪᠡᠭᠦᠨ ᠢ᠋ᠶ᠋ᠡᠨ ᠵᠢᠰᠦ ᠦᠵᠡᠵᠦ᠂ ᠦᠭᠡ ᠰᠣᠯᠢᠭ᠎ᠠ ᠦᠭᠡᠢ ᠠᠢᠮᠠᠭ ᠲᠤ᠌ ᠥᠭᠴᠦ ᠶᠠᠪᠤᠭᠤᠯᠤᠭᠰᠠᠨ ᠳ᠋ᠠᠭᠠᠨ ᠥᠪᠡᠷ ᠢ᠋ ᠪᠡᠨ ᠬᠠᠷᠢᠶᠠᠵᠤ ᠵᠥᠭᠡᠭᠡᠳ ᠪᠠᠷᠠᠬᠤ ᠦᠭᠡᠢ ᠪᠠᠢᠯ᠎ᠠ᠃ 
       ᠣᠳᠣ ᠥᠭᠡᠯᠦᠨ ᠳ᠋ᠦ᠍ ᠬᠠᠨᠢ ᠪᠣᠯᠵᠤ ᠪᠣᠢ ᠭᠠᠭᠴᠠ ᠬᠥᠮᠦᠨ ᠪᠣᠯ ᠠᠷᠪᠠᠨ ᠨᠠᠰᠤᠲᠠᠢ ᠬᠠᠰᠠᠷ ᠶᠤᠮ᠃ ᠬᠠᠰᠠᠷ ᠬᠥᠪᠡᠭᠦᠨ ᠨᠢ ᠥᠰᠬᠡᠯᠡᠭᠦᠨ ᠲᠣᠮᠣ ᠪᠡᠶ᠎ᠡ ᠲᠡᠢ᠂ ᠦᠭᠡ ᠬᠡᠯᠡ ᠬᠤᠷᠴᠠ᠂ ᠡᠴᠢᠭᠡ ᠰᠢᠭ ᠢ᠋ᠶ᠋ᠡᠨ ᠣᠮᠣᠭᠯᠠᠩ ᠳᠣᠭᠰᠢᠨ ᠲᠥᠷᠬᠦ ᠲᠡᠢ ᠪᠣᠯᠤᠨ ᠥᠰᠴᠦ ᠪᠠᠢᠯ᠎ᠠ᠃ ᠬᠠᠰᠠᠷ ᠭᠡᠷ ᠦ᠋ᠨ ᠳᠣᠲᠣᠷᠠᠬᠢ ᠬᠠᠮᠤᠭ ᠬᠡᠷᠡᠭ ᠦ᠋ᠨ ᠤᠴᠢᠷ ᠢ᠋ ᠤᠬᠠᠭᠠᠷᠠᠵᠤ ᠡᠬᠡ ᠶ᠋ᠢᠨ ᠰᠢᠨᠠᠯᠤᠯ ᠢ᠋ ᠣᠢᠯᠠᠭᠠᠨ ᠳᠡᠷᠭᠡᠳᠡ ᠡᠴᠡ ᠨᠢ ᠬᠣᠯᠠᠳᠬᠤ ᠦᠭᠡᠢ ᠪᠥᠷᠲᠥᠯᠵᠡᠬᠦ ᠠᠵᠢ᠃ 
       | ᠡᠵᠢ ᠠ᠋᠂ ᠪᠢ ᠶᠠᠭᠠᠬᠢᠬᠤ ᠪᠣᠢ ᠭᠡᠬᠦ ᠬᠠᠰᠠᠷ ᠬᠥᠪᠡᠭᠦᠨ ᠦ᠌ ᠪᠡᠨ ᠠᠷᠭᠠᠳᠠᠭᠰᠠᠨ ᠵᠥᠭᠡᠯᠡᠨ ᠳᠠᠭᠤ ᠶ᠋ᠢ ᠰᠣᠨᠣᠰᠬᠤ ᠪᠦᠷᠢ ᠤᠶᠠᠷᠠᠨ ᠪᠠᠶᠠᠷᠯᠠᠵᠤ᠂ ᠪᠠᠰᠠ ᠲᠡᠭᠦᠨ ᠢ᠋ ᠦᠷᠦ ᠡᠪᠡᠳᠦᠨ ᠰᠢᠨᠠᠯᠤᠭᠰᠠᠨ ᠳ᠋ᠠᠭᠠᠨ ᠨᠢᠯᠪᠤᠰᠤ ᠨᠢ ᠲᠡᠰᠬᠡᠯ ᠦᠭᠡᠢ ᠠᠰᠬᠠᠷᠠᠨ᠎ᠠ᠃ 
       | ᠡᠵᠢ ᠠ᠋᠂ ᠲᠠ ᠪᠤᠤ ᠤᠬᠢᠯᠠ᠃ ᠲᠡᠮᠦᠵᠢᠨ ᠠᠬ᠎ᠠ ᠵᠣᠷᠢᠭ ᠲᠡᠪᠴᠢᠶᠡᠷᠢ ᠶᠡᠬᠡᠲᠡᠢ᠃ ᠶᠠᠭᠤ ᠴᠤ᠌ ᠪᠣᠯᠤᠭᠰᠠᠨ ᠲᠡᠰᠦᠭᠡᠳ ᠬᠦᠷᠦᠭᠡᠳ ᠢᠷᠡᠨ᠎ᠡ ᠭᠡᠵᠦ ᠬᠠᠰᠠᠷ ᠡᠬᠡ ᠶ᠋ᠢᠨ ᠰᠡᠳᠬᠢᠯ ᠢ᠋ ᠵᠠᠰᠠᠬᠤ ᠠᠵᠢ᠃ ᠬᠠᠰᠠᠷ ᠪᠣᠯ ᠡᠬᠡ ᠳ᠋ᠡᠭᠡᠨ ᠬᠠᠴᠢᠨ ᠳᠣᠲᠣᠨᠣ ᠬᠠᠨᠳᠤᠳᠠᠭ᠃ ᠰᠡᠳᠬᠢᠯ ᠳ᠋ᠡᠭᠡᠨ ᠪᠣᠳᠣᠭᠰᠠᠨ ᠢ᠋ᠶ᠋ᠠᠨ ᠨᠢᠭᠤᠨ᠎ᠠ ᠭᠡᠵᠦ ᠦᠭᠡᠢ ᠲᠤᠯᠠ ᠥᠭᠡᠯᠦᠨ ᠡᠨᠡ ᠬᠥᠪᠡᠭᠦᠨ ᠳ᠋ᠡᠭᠡᠨ ᠣᠨᠴᠠᠭᠠᠢ ᠬᠠᠯᠠᠭᠤᠨ ᠬᠠᠢᠷᠠᠲᠠᠢ ᠪᠥᠯᠥᠭᠡ᠃ ᠬᠠᠰᠠᠷ ᠪᠣᠯ ᠬᠡᠯᠡᠭᠰᠡᠨ ᠦᠭᠡᠨ ᠳ᠋ᠡᠭᠡᠨ ᠬᠦᠷᠳᠡᠭ ᠬᠠᠲᠠᠭᠤ ᠬᠥᠮᠦᠵᠢᠯ ᠲᠡᠢ ᠬᠥᠪᠡᠭᠦᠨ ᠶᠦᠮ᠃ ᠬᠠᠷᠢᠨ ᠲᠡᠮᠦᠵᠢᠨ ᠦᠭᠡᠨ ᠦ᠌ ᠬᠠᠷᠢᠭᠤ ᠶ᠋ᠢ ᠰᠢᠭᠤᠳ ᠢᠯᠡ ᠴᠠᠭᠠᠨ ᠢ᠋ᠶ᠋ᠠᠷ ᠬᠡᠯᠡᠬᠦ ᠨᠢ ᠬᠣᠪᠣᠷ᠃ ᠬᠡᠳᠦᠢ ᠬᠣᠢᠨ᠎ᠠ ᠥᠩᠭᠡᠷᠡᠭᠰᠡᠨ ᠢ᠋ ᠰᠠᠨᠠᠨ ᠳᠠᠪᠠᠬᠤ ᠭᠠᠰᠢᠭᠤᠨ ᠦᠭᠡ ᠬᠡᠯᠡᠵᠦ ᠪᠠᠢᠳᠠᠭ ᠳᠠᠪᠬᠤᠷ ᠮᠠᠭᠤ ᠰᠠᠨᠠᠭ᠎ᠠ ᠲᠠᠢ ᠬᠡᠦᠬᠡᠳ ᠠᠵᠢ᠃ ᠲᠡᠢᠮᠦ ᠪᠣᠯᠬᠣᠷ ᠲᠡᠮᠦᠵᠢᠨ ᠪᠠᠷᠤᠭᠲᠠᠢ ᠳ᠋ᠤ᠌ ᠬᠥᠮᠦᠨ ᠲᠡᠢ ᠲᠤᠯᠵᠤ ᠵᠣᠳᠣᠯᠳᠤᠬᠤ ᠦᠭᠡᠢ ᠪᠠᠰᠠ ᠰᠢᠭᠤᠳ ᠪᠠᠭᠤᠵᠤ ᠥᠭᠬᠦ ᠳᠤᠷ᠎ᠠ ᠦᠭᠡᠢ᠃  
       ᠪᠡᠭᠲᠡᠷ ᠲᠦ᠍ ᠳᠣᠷᠣᠮᠵᠢᠯᠠᠭᠳᠠᠨ ᠵᠣᠭᠰᠣᠬᠤ ᠳ᠋ᠤ᠌ ᠪᠠᠨ ᠬᠠᠷᠠᠴᠠ ᠨᠢ ᠭᠦᠨ ᠬᠣᠷᠣᠰᠤᠯ ᠵᠠᠨᠤᠯ ᠢ᠋ᠶ᠋ᠠᠷ ᠳᠦᠭᠦᠷᠴᠦ᠂ ᠠᠭᠤᠷ ᠬᠢᠯᠢᠩ ᠢ᠋ᠶ᠋ᠡᠨ ᠠᠰᠤᠷᠤ ᠶᠡᠬᠡ ᠬᠦᠴᠦ ᠲᠡᠪᠴᠢᠶᠡᠷᠢ ᠪᠡᠷ ᠪᠠᠷᠢᠵᠤ ᠥᠩᠭᠡᠷᠡᠬᠦ ᠶ᠋ᠢ ᠨᠢ ᠦᠵᠡᠬᠦ ᠪᠦᠷᠢ ᠳ᠋ᠦ᠍ ᠪᠡᠨ ᠰᠡᠭᠦᠯ ᠳ᠋ᠦ᠍ᠨᠢ ᠡᠨᠡ ᠬᠥᠪᠡᠭᠦᠨ ᠶᠠᠭᠤ ᠬᠢᠬᠦ ᠪᠣᠯ ᠭᠡᠵᠦ ᠥᠪᠡᠷ ᠦ᠋ᠨ ᠡᠷᠬᠡ ᠦᠭᠡᠢ ᠲᠦᠭᠰᠢᠨ ᠪᠣᠳᠣᠳᠠᠭ ᠪᠢᠯᠡ᠃ ᠶᠡᠷᠦ ᠨᠢ ᠲᠡᠮᠦᠵᠢᠨ ᠪᠣᠯ ᠶᠠᠭᠤ ᠴᠤ᠌ ᠬᠢᠵᠦ ᠴᠢᠳᠠᠬᠤ ᠵᠣᠷᠢᠭ ᠰᠥᠰᠥ ᠶᠡᠬᠡᠲᠡᠢ ᠭᠡᠳᠡᠭ ᠨᠢ ᠢᠯᠡ ᠶᠦᠮ᠃ ᠭᠡᠪᠡᠴᠦ ᠬᠠᠷᠢᠨ ᠬᠡᠵᠢᠶ᠎ᠡ ᠶᠠᠭᠤ ᠬᠢᠬᠦ ᠭᠡᠵᠦ ᠪᠣᠢ ᠪᠠᠨ ᠬᠡᠨ ᠳ᠋ᠦ᠍ ᠴᠦ᠍ ᠦᠯᠦ ᠬᠡᠯᠡᠵᠦ ᠶᠠᠮᠠᠷ ᠴᠤ᠌ ᠰᠡᠵᠢᠭ ᠠᠪᠤᠭᠤᠯᠬᠤ ᠦᠭᠡᠢ ᠪᠠᠢᠵᠤ ᠴᠢᠳᠠᠨ᠎ᠠ᠃ ᠡᠨᠡ ᠨᠢ ᠲᠡᠮᠦᠵᠢᠨ ᠢ ᠪᠤᠰᠤᠳ ᠠ᠋ᠴᠠ ᠳᠠᠪᠠᠭᠤ ᠪᠣᠯᠭᠠᠳᠠᠭ ᠵᠠᠩ ᠪᠠᠢᠪᠠ᠃ ᠬᠠᠰᠠᠷ ᠪᠣᠯ ᠲᠡᠮᠦᠵᠢᠨ ᠡᠴᠡ ᠲᠦᠷᠦᠭᠦᠯᠡᠨ ᠬᠡᠯᠡᠬᠦ ᠭᠡᠰᠡᠨ ᠢ᠋ᠶ᠋ᠡᠨ ᠬᠡᠯᠡᠬᠦ ᠲᠤᠯᠠ ᠪᠦᠬᠦᠨ ᠦ᠌ ᠨᠢᠳᠦᠨ ᠳ᠋ᠦ᠍ ᠥᠷᠲᠥᠵᠦ ᠲᠢᠭ ᠦᠭᠡᠢ ᠰᠠᠬᠢᠯᠭ᠎ᠠ ᠦᠭᠡᠢ ᠪᠡᠷ ᠢ᠋ᠶ᠋ᠡᠨ ᠳᠠᠭᠤᠳᠠᠭᠤᠯᠵᠤ᠂ ᠮᠠᠭᠤ ᠦᠭᠡ ᠰᠣᠨᠣᠰᠴᠤ᠂ ᠮᠤᠬᠤᠷ ᠠᠯᠠᠭᠠᠨ ᠤ᠋ ᠠᠮᠲᠠ ᠦᠵᠡᠬᠦ ᠪᠢᠯᠡ᠃ ᠭᠡᠲᠡᠯ᠎ᠡ ᠬᠡᠷᠡᠭ ᠦ᠋ᠨ ᠡᠵᠡᠨ ᠬᠡᠩᠭᠡᠷᠭᠡ ᠶ᠋ᠢᠨ ᠴᠣᠬᠢᠭᠤᠷ ᠪᠣᠯᠬᠤ ᠲᠡᠮᠦᠵᠢᠨ ᠠᠨᠠᠢ ᠯᠠ ᠲᠠᠭ ᠳᠠᠭᠤ ᠦᠭᠡᠢ ᠠᠷᠤ ᠳ᠋ᠤᠨᠢ ᠰᠤᠭᠤᠷᠠᠨ ᠬᠣᠴᠣᠷᠤᠭᠰᠠᠨ ᠪᠠᠢᠨ᠎ᠠ᠃ ᠥᠭᠡᠯᠦᠨ ᠬᠥᠪᠡᠭᠦᠳ ᠦ᠋ᠨ ᠢ᠋ᠶ᠋ᠡᠨ ᠬᠡᠨ ᠨᠢ ᠬᠡᠨ ᠪᠣᠢ ᠭᠡᠳᠡᠭ ᠢ ᠰᠠᠢᠨ ᠮᠡᠳᠡᠨ᠎ᠡ᠃ ᠲᠡᠮᠦᠵᠢᠨ ᠡᠴᠡ ᠥᠭᠡᠷ᠎ᠡ ᠬᠥᠮᠦᠨ ᠪᠠᠢᠭᠰᠠᠨ ᠪᠣᠯ ᠡᠴᠢᠭᠡ ᠶ᠋ᠢᠨ ᠢ᠋ᠶ᠋ᠡᠨ ᠦᠬᠦᠯ ᠦ᠋ᠨ ᠬᠣᠢᠨ᠎ᠠ ᠳ᠋ᠠᠢ ᠰᠡᠴᠡᠨ ᠦ᠌ ᠭᠡᠷ ᠲᠦ᠍ ᠶᠠᠭᠠᠬᠢᠪᠠᠴᠤ ᠣᠴᠢᠬᠤ ᠦᠭᠡᠢ ᠪᠠᠢᠭᠰᠠᠨ ᠢ ᠥᠭᠡᠯᠦᠨ ᠪᠠᠰᠠ ᠣᠢᠯᠠᠭᠠᠨ᠎ᠠ᠃ ᠬᠠᠰᠠᠷ ᠬᠡᠷᠪᠡ ᠴᠢᠩᠭᠢᠭᠰᠡᠨ ᠪᠣᠯ ᠨᠢᠭᠡ ᠳᠠᠭᠤ ᠭᠠᠵᠠᠷ ᠲᠤ᠌ ᠨᠥᠭᠦᠭᠡ ᠳᠠᠭᠤ ᠲᠡᠭᠷᠢ ᠳ᠋ᠦ᠍ ᠬᠠᠲᠠᠭᠠᠨ ᠣᠷᠢᠯᠠᠵᠤ ᠤᠬᠢᠯᠠᠵᠤ ᠪᠥᠭᠡᠮ ᠶᠠᠪᠤᠳᠠᠯ ᠪᠣᠯᠬᠤ ᠨᠢ ᠮᠡᠳᠡᠭᠡᠵᠢ᠃ ᠪᠦᠷ ᠶᠠᠪᠤᠬᠤ ᠴᠤ᠌ ᠦᠭᠡᠢ ᠪᠢᠵᠡ᠃ ᠬᠠᠷᠢᠨ ᠲᠡᠮᠦᠵᠢᠨ ᠬᠣᠷᠣᠨ ᠬᠠᠷᠠᠴᠠ ᠲᠠᠢ ᠰᠢᠷ᠎ᠠ ᠨᠢᠳᠦᠨ ᠳ᠋ᠡᠭᠡᠨ ᠨᠢᠯᠪᠤᠰᠤ ᠮᠡᠯᠲᠡᠷᠡᠭᠦᠯᠦᠭᠰᠡᠨ ᠴᠦ᠍ ᠦᠭᠡ ᠳᠠᠭᠤ ᠦᠭᠡᠢ ᠮᠣᠷᠳᠠᠨ ᠮᠡᠩᠯᠢᠭ ᠢ ᠳᠠᠭᠠᠨ ᠲᠣᠷᠣᠢᠭᠰᠠᠭᠠᠷ ᠣᠳᠤᠭᠰᠠᠨ ᠨᠢ ᠦᠵᠡᠭᠳᠡᠭᠡᠳ ᠣᠳᠣ ᠠᠮᠢᠳᠤ ᠢᠷᠡᠪᠡᠯ ᠬᠥᠪᠡᠭᠦᠨ ᠢ᠋ᠶ᠋ᠡᠨ ᠬᠡᠵᠢᠶ᠎ᠡ ᠴᠦ᠍ ᠬᠠᠮᠢᠭᠠᠰᠢ ᠨᠢ ᠴᠦ᠍ ᠶᠠᠪᠤᠭᠤᠯᠬᠤ ᠦᠭᠡᠢ ᠭᠡᠵᠦ ᠥᠭᠡᠯᠦᠨ ᠰᠡᠳᠬᠢᠯ ᠳ᠋ᠡᠭᠡᠨ ᠲᠠᠩᠭᠠᠷᠢᠭᠯᠠᠪᠠ᠃ ᠶᠢᠰᠦᠭᠡᠢ ᠶ᠋ᠢᠨ ᠨᠠᠰᠤ ᠪᠠᠷᠠᠵᠤ ᠲᠠᠢᠴᠢᠭᠤᠳ ᠰᠠᠯᠵᠤ ᠣᠳᠤᠭᠰᠠᠨ ᠤ᠋ ᠳᠠᠷᠠᠭᠠᠬᠠᠨ ᠥᠪᠡᠷ ᠦ᠋ᠨ ᠠᠯᠪᠠᠲᠤ ᠪᠣᠭᠣᠯ ᠤ᠋ᠳ ᠨᠢ ᠬᠠᠶᠠᠵᠤ ᠨᠡᠭᠦᠭᠡᠳ ᠴᠠᠷᠠᠬ᠎ᠠ ᠡᠪᠦᠭᠡᠨ ᠦᠬᠦᠯ ᠦ᠋ᠨ ᠰᠢᠷᠬ᠎ᠠ ᠣᠯᠵᠤ ᠠᠮᠢᠰᠬᠤᠯ ᠬᠤᠷᠢᠶᠠᠭᠰᠠᠨ ᠰᠥᠨᠢ ᠥᠭᠡᠯᠦᠨ ᠠᠮᠢᠳᠤᠷᠠᠯ ᠳ᠋ᠠᠭᠠᠨ ᠠᠩᠬ᠎ᠠ ᠤᠳᠠᠭ᠎ᠠ ᠰᠡᠳᠬᠢᠯ ᠦ᠋ᠨ ᠲᠡᠩᠴᠡᠪᠦᠷᠢ ᠠᠯᠲᠠᠨ ᠨᠠᠭᠤᠷ ᠤ᠋ᠨ ᠤᠰᠤᠨ ᠳ᠋ᠤ᠌ ᠣᠢᠵᠤ ᠦᠬᠦᠬᠦ ᠪᠡᠷ ᠭᠦᠶᠦᠭᠰᠡᠨ ᠨᠢᠭᠡ ᠶᠠᠪᠤᠳᠠᠯ ᠪᠣᠯᠤᠭᠰᠠᠨ ᠶᠤᠮ᠃ ᠴᠠᠷᠠᠬ᠎ᠠ ᠡᠪᠦᠭᠡᠨ ᠦᠬᠦᠮᠡᠭᠴᠡ ᠲᠡᠭᠦᠨ ᠳ᠋ᠦ᠍ ᠡᠨᠡ ᠠᠮᠢᠳᠤᠷᠠᠯ ᠳ᠋ᠤ᠌ ᠥᠮᠥᠭ ᠲᠦᠰᠢᠭ ᠪᠣᠯᠬᠤ ᠶᠠᠭᠤᠮ᠎ᠠ ᠶᠠᠭᠤ ᠴᠤ᠌ ᠦᠭᠡᠢ ᠮᠡᠲᠦ ᠪᠣᠯᠤᠭᠠᠳ ᠬᠡᠦᠬᠡᠳ ᠦ᠋ᠳ ᠢ᠋ᠶ᠋ᠡᠨ ᠤᠨᠲᠠᠭᠰᠠᠨ ᠬᠣᠢᠨ᠎ᠠ ᠨᠠᠭᠤᠷ ᠤ᠋ᠨ ᠡᠷᠭᠢ ᠳ᠋ᠦ᠍ ᠬᠦᠷᠴᠡᠢ᠃ ᠦᠵᠡᠭᠰᠡᠨ ᠵᠣᠪᠠᠯᠠᠩ ᠳᠣᠷᠣᠮᠵᠢᠯᠠᠯ ᠠ᠋ᠴᠠ ᠳᠠᠷᠤᠢ ᠬᠠᠭᠠᠴᠠᠬᠤ ᠭᠠᠭᠴᠠ ᠬᠦᠰᠡᠯ ᠯᠡ ᠲᠡᠭᠦᠨ ᠳ᠋ᠦ᠍ ᠦᠯᠡᠳᠡᠵᠡᠢ᠃ ᠨᠠᠭᠤᠷ ᠤ᠋ᠨ ᠡᠷᠭᠢ ᠶ᠋ᠢᠨ ᠪᠢᠴᠢᠬᠠᠨ ᠬᠠᠳᠠᠨ ᠴᠣᠬᠢᠶᠠᠨ ᠤ᠋ ᠬᠥᠯ ᠳ᠋ᠦ᠍ ᠬᠡᠳᠦᠨ ᠠᠯᠲᠠ ᠬᠥᠯ ᠦᠭᠡᠢ ᠭᠦᠨ ᠤᠰᠤ ᠰᠡᠭᠦᠳᠡᠷᠲᠦᠨ᠎ᠡ᠃ ᠲᠡᠭᠡᠬᠦ ᠳ᠋ᠦ᠍ ᠦᠬᠦᠯ ᠲᠡᠭᠦᠨ ᠡᠴᠡ ᠶᠡᠷᠦ ᠳ᠋ᠡᠭᠡᠨ ᠯᠡ ᠠᠯᠲᠠ ᠬᠠᠭᠠᠰ ᠤ᠋ᠨ ᠵᠠᠢ ᠲᠠᠢ ᠪᠠᠢᠯ᠎ᠠ᠃ ᠠᠯᠲᠠ ᠬᠠᠭᠠᠰ ᠤ᠋ᠨ ᠴᠠᠭᠠᠨ᠎ᠠ ᠲᠡᠭᠦᠨ ᠦ᠌ ᠦᠵᠡᠭᠡ ᠦᠭᠡᠢ᠂ ᠣᠳᠣ ᠨᠢᠭᠡᠨᠲᠡ ᠶᠢᠰᠦᠭᠡᠢ ᠶ᠋ᠢᠨ ᠣᠴᠢᠭᠰᠠᠨ ᠲᠡᠷᠡ ᠠᠮᠢᠳᠤᠷᠠᠯ ᠬᠦᠯᠢᠶᠡᠵᠦ ᠪᠠᠢᠪᠠ᠃ ᠤᠷᠤᠭᠰᠢ ᠬᠡᠳᠦ ᠠᠯᠬᠤᠬᠤ ᠳ᠋ᠤ᠌ ᠯᠠ ᠥᠭᠡᠯᠦᠨ ᠠᠮᠤᠷ ᠲᠠᠢᠪᠤᠩ ᠨᠥᠭᠦᠭᠡ ᠶᠢᠷᠲᠢᠨᠴᠦ ᠳ᠋ᠦ᠍ ᠣᠴᠢᠵᠤ ᠲᠡᠭᠷᠢ ᠶ᠋ᠢᠨ ᠢᠪᠡᠭᠡᠯ ᠳ᠋ᠦ᠍ ᠪᠠᠭᠲᠠᠬᠤ ᠪᠠᠢᠪᠠ᠃ ᠡᠨᠡ ᠵᠣᠪᠠᠯᠠᠩᠲᠤ ᠠᠮᠢᠳᠤᠷᠠᠯ ᠳ᠋ᠤ᠌ ᠲᠡᠷᠡ ᠨᠢᠭᠡᠨᠲᠡ ᠢᠯᠠᠭᠳᠠᠨ ᠪᠠᠭᠤᠵᠤ ᠥᠭᠴᠡᠢ᠃ ᠰᠠᠷᠠ ᠲᠣᠪ ᠳᠠᠭᠤ ᠦᠭᠡᠢ ᠮᠡᠯᠲᠡᠢᠵᠦ᠂ ᠡᠪᠡᠰᠦ ᠨᠣᠭᠣᠭ᠎ᠠ ᠰᠤᠭᠤ ᠰᠤᠭᠤ ᠤᠷᠭᠤᠭᠰᠠᠨ ᠴᠠᠭᠠᠨ ᠰᠥᠨᠢ ᠪᠠᠢᠯ᠎ᠠ᠃ ᠪᠤᠷᠬᠠᠨ ᠬᠠᠯᠳᠤᠨ ᠠᠭᠤᠯᠠᠨ ᠤ᠋ ᠰᠤᠭᠤᠨ ᠳ᠋ᠤ᠌ ᠰᠢᠭᠢᠳᠦᠭᠰᠡᠨ ᠡᠯ᠎ᠡ ᠪᠢᠴᠢᠬᠠᠨ ᠨᠠᠭᠤᠷ ᠤ᠋ᠨ ᠡᠷᠭᠢ ᠳ᠋ᠦ᠍ ᠣᠴᠢᠵᠤ ᠤᠰᠤᠨ ᠤ᠋ ᠬᠢᠨᠢ ᠮᠠᠨᠳᠠᠯ ᠢ ᠰᠢᠷᠲᠡᠭᠡ ᠦᠭᠡᠢ ᠬᠥᠮᠦᠨ ᠯᠠᠪ ᠡᠨᠡ ᠭᠠᠢᠬᠠᠮᠰᠢᠭᠲᠤ ᠨᠠᠮ ᠭᠦᠮ ᠦ᠋ᠨ ᠦᠵᠡᠰᠬᠦᠯᠡᠩ ᠢ ᠬᠡᠵᠢᠶ᠎ᠡ ᠴᠦ᠍ ᠮᠡᠳᠡᠷᠡᠬᠦ ᠦᠭᠡᠢ ᠪᠢᠵᠡ᠃ ᠪᠦᠷ ᠥᠭᠡᠯᠦᠨ ᠰᠠᠶᠢ ᠡᠷᠭᠢᠨ ᠲᠣᠭᠣᠷᠢᠨ ᠢ ᠬᠠᠷᠠᠭᠠᠳ ᠡᠢᠮᠦ ᠦᠵᠡᠰᠬᠦᠯᠡᠩ ᠢ ᠠᠩᠬ᠎ᠠ ᠤᠳᠠᠭ᠎ᠠ ᠦᠵᠡᠭᠡᠳ ᠭᠠᠢᠬᠠᠵᠠᠢ᠃ ᠥᠭᠡᠯᠦᠨ ᠡᠨᠡ ᠨᠠᠮ ᠭᠦᠮ ᠦᠵᠡᠰᠬᠦᠯᠡᠩ ᠢ ᠳᠠᠬᠢᠨ ᠦᠵᠡᠬᠦ ᠦᠭᠡᠢ ᠪᠡᠨ ᠣᠢᠯᠠᠭᠠᠪᠠ᠃ ᠰᠠᠷᠠᠨ ᠤ᠋ ᠴᠠᠭᠠᠨ ᠭᠡᠷᠡᠯ ᠲᠡᠭᠷᠢ ᠡᠴᠡ ᠰᠤᠯᠠ ᠠᠰᠬᠠᠷᠠᠵᠤ᠂ ᠨᠠᠭᠤᠷ ᠤ᠋ᠨ ᠮᠠᠨᠳᠠᠯ ᠳᠡᠭᠡᠷ᠎ᠡ ᠦᠰᠦᠷᠦᠨ ᠪᠤᠴᠠᠯᠵᠤ ᠪᠠᠢᠯ᠎ᠠ᠃ ᠡᠷᠭᠢᠨ ᠲᠣᠭᠣᠷᠢᠨ ᠤ᠋ ᠡᠪᠡᠰᠦ ᠤᠷᠭᠤᠮᠠᠯ ᠴᠥᠮ ᠤᠷᠭᠤᠵᠤ ᠪᠠᠰᠠ ᠬᠣᠷᠣᠬᠠᠢ ᠰᠢᠪᠡᠵᠢ ᠨᠠᠮ ᠤᠨᠲᠠᠵᠠᠢ᠃ ᠣᠳᠣ ᠥᠭᠡᠯᠦᠨ ᠳ᠋ᠦ᠍ ᠬᠠᠭᠠᠰ ᠠᠯᠬᠤᠮ ᠦᠯᠡᠳᠡᠪᠡ᠃ ᠲᠡᠷᠡ ᠡᠴᠦᠰ ᠦ᠋ᠨ ᠡᠨᠡ ᠵᠠᠢ ᠶ᠋ᠢ ᠲᠤᠭᠤᠯᠬᠤ ᠪᠠᠷ ᠬᠥᠯ ᠢ᠋ᠶ᠋ᠡᠨ ᠡᠷᠭᠦᠨ ᠪᠡᠶ᠎ᠡ ᠪᠡᠨ ᠴᠢᠩᠭᠠᠯᠠᠯ᠎ᠠ᠃ ᠭᠡᠪᠡᠴᠦ ᠲᠡᠷᠡ ᠠᠮᠵᠢᠭᠰᠠᠨ ᠦᠭᠡᠢ᠃ ᠤᠴᠢᠷ ᠨᠢ ᠠᠭᠠᠷ ᠬᠥᠳᠡᠯᠵᠦ ᠴᠢᠮᠡᠭᠡ ᠭᠠᠷᠤᠭ᠎ᠠ ᠦᠭᠡᠢ ᠴᠦ᠍ ᠠᠷᠤ ᠳ᠋ᠤᠨᠢ ᠬᠡᠨ ᠨᠢᠭᠡᠨ ᠬᠦᠷᠴᠦ ᠢᠷᠡᠭᠰᠡᠨ ᠨᠢ ᠮᠡᠳᠡᠷᠡᠭᠳᠡᠯ᠎ᠡ᠃ ᠥᠭᠡᠯᠦᠨ ᠦ᠌ ᠰᠡᠳᠬᠢᠯ ᠳ᠋ᠦ᠍ ᠠᠢᠳᠠᠰ ᠲᠦᠭᠰᠢᠭᠦᠷᠢ ᠳᠦᠭᠦᠷᠴᠦ ᠬᠠᠮᠤᠭ ᠤ᠋ᠨ ᠲᠦᠷᠦᠭᠦᠨ ᠴᠢᠨᠣ᠎ᠠ ᠰᠠᠨᠠᠭᠠᠨ ᠳ᠋ᠤ᠌ ᠣᠷᠣᠯ᠎ᠠ᠃ ᠲᠦᠷᠦᠭᠦᠬᠡᠨ ᠣᠢᠷᠠᠮᠠᠭ ᠴᠢᠨᠣ᠎ᠠ ᠣᠯᠢᠬᠤ ᠰᠣᠨᠣᠰᠤᠭᠳᠠᠭᠰᠠᠨ ᠪᠢᠯᠡ᠃ ᠴᠢᠨᠣ᠎ᠠ ᠠ᠋ᠴᠠ ᠠᠶᠤᠬᠤ ᠶ᠋ᠢ ᠪᠣᠳᠣᠬᠤ ᠳ᠋ᠤ᠌ ᠥᠭᠡᠯᠦᠨ ᠳ᠋ᠦ᠍ ᠠᠮᠢᠳᠤᠷᠠᠯ᠂ ᠠᠮᠢ ᠨᠢ ᠪᠠᠰᠠ ᠬᠡᠷᠡᠭᠲᠡᠢ ᠯᠡ ᠪᠠᠢᠭ᠎ᠠ ᠠᠵᠢ᠃ ᠥᠭᠡᠯᠦᠨ ᠠᠭᠠᠵᠢᠭᠤᠬᠠᠨ ᠡᠷᠭᠢᠨ ᠬᠠᠷᠠᠭᠠᠳ ᠭᠠᠢᠬᠠᠭᠰᠠᠨ ᠳ᠋ᠠᠭᠠᠨ ᠳᠠᠭᠤ ᠠᠯᠳᠠᠯ᠎ᠠ᠃ ᠲᠡᠭᠦᠨ ᠡᠴᠡ ᠭᠠᠭᠴᠠᠬᠠᠨ ᠠᠯᠬᠤᠮ ᠤ᠋ᠨ ᠴᠠᠭᠠᠨ᠎ᠠ ᠴᠡᠭᠡᠵᠢ ᠨᠢᠴᠦᠭᠦᠨ ᠲᠡᠮᠦᠵᠢᠨ ᠭᠠᠷ ᠢ᠋ᠶ᠋ᠠᠨ ᠰᠤᠩᠭᠠᠨ ᠵᠣᠭᠰᠣᠵᠤ ᠪᠠᠢᠯ᠎ᠠ᠃ 
       | ᠬᠦᠦ ᠮᠢᠨᠢ᠃ 
       ᠲᠡᠮᠦᠵᠢᠨ ᠡᠵᠢ ᠶ᠋ᠢᠨ ᠢ᠋ᠶ᠋ᠡᠨ ᠡᠩᠭᠡᠷ ᠲᠦ᠍ ᠲᠣᠯᠣᠭᠠᠢ ᠪᠠᠨ ᠨᠠᠭᠠᠨ ᠬᠠᠯᠠᠭᠤᠨ ᠢ᠋ᠶ᠋ᠠᠷ ᠠᠮᠢᠰᠬᠤᠯᠯᠠᠨ᠎ᠠ᠃ ᠲᠣᠯᠣᠭᠠᠢ᠂ ᠦᠰᠦᠨ ᠡᠴᠡ ᠨᠢ ᠰᠦ᠂ ᠠᠳᠤᠭᠤᠨ ᠤ᠋ ᠬᠥᠯᠥᠰᠥ ᠦᠨᠦᠷᠲᠦᠨ᠎ᠡ᠃ ᠥᠭᠡᠯᠦᠨ ᠦ᠌ ᠨᠢᠯᠪᠤᠰᠤ ᠬᠡᠯᠬᠢᠶ᠎ᠡ ᠨᠢ ᠠᠯᠳᠠᠷᠠᠭᠰᠠᠨ ᠰᠤᠪᠤᠳ ᠰᠢᠭ᠋ ᠠᠰᠬᠠᠷᠠᠵᠠᠢ᠃ ᠲᠡᠷᠡ ᠡᠨᠡ ᠬᠥᠪᠡᠭᠦᠨ ᠦ᠌ ᠲᠥᠯᠥᠭᠡ ᠠᠮᠢᠳᠤ ᠶᠠᠪᠤᠬᠤ ᠤᠴᠢᠷᠲᠠᠢ᠂ ᠶᠠᠭᠤ ᠴᠤ᠌ ᠪᠣᠯᠤᠭᠰᠠᠨ ᠦᠬᠦᠵᠦ ᠪᠣᠯᠬᠤ ᠦᠭᠡᠢ ᠪᠡᠨ ᠰᠠᠶᠢ ᠯᠠ ᠤᠬᠠᠭᠠᠷᠠᠪᠠ᠃ ᠪᠠᠰᠠ ᠭᠠᠭᠴᠠ ᠠᠪᠤᠷᠠᠭᠴᠢ ᠨᠢ ᠲᠡᠮᠦᠵᠢᠨ ᠬᠥᠪᠡᠭᠦᠨ ᠨᠢ ᠪᠣᠯᠬᠤ ᠶ᠋ᠢ ᠴᠦ᠍ ᠣᠢᠯᠠᠭᠠᠪᠠ᠃ ᠦᠨᠡᠬᠡᠷ ᠲᠡᠷᠡ ᠰᠥᠨᠢ ᠲᠡᠮᠦᠵᠢᠨ ᠲᠠᠭ ᠤᠨᠲᠠᠭᠰᠠᠨ ᠪᠣᠯ ᠶᠠᠭᠤ ᠪᠣᠯᠬᠤ ᠶ᠋ᠢ ᠬᠡᠨ ᠮᠡᠳᠡᠯ᠎ᠡ᠃ ᠲᠩᠷᠢ ᠲᠡᠮᠦᠵᠢᠨ ᠢ᠋ ᠲᠡᠭᠦᠨ ᠳ᠋ᠦ᠍ ᠢᠯᠡᠭᠡᠭᠰᠡᠨ ᠭᠡᠳᠡᠭ ᠲᠦ᠍ ᠥᠭᠡᠯᠦᠨ ᠢᠩᠭᠢᠵᠦ ᠢᠲᠡᠭᠡᠭᠰᠡᠨ ᠶᠦᠮ᠃ ᠲᠡᠮᠦᠵᠢᠨ ᠲᠡᠷᠡ ᠰᠥᠨᠢᠵᠢᠨ ᠢ᠋ᠶ᠋ᠡᠨ ᠨᠠᠭᠤᠷ ᠤ᠋ᠨ ᠡᠷᠭᠢ ᠳ᠋ᠦ᠍ ᠡᠬᠡ ᠶ᠋ᠢᠨ ᠢ᠋ᠶ᠋ᠡᠨ ᠳᠡᠷᠭᠡᠳᠡ ᠲᠠᠭ ᠳᠠᠭᠤ ᠦᠭᠡᠢ ᠰᠠᠭᠤᠭᠰᠠᠨ ᠪᠢᠯᠡ᠃ ᠬᠥᠪᠡᠭᠦᠨ ᠨᠢ ᠨᠢᠭᠡ ᠴᠦ᠍ ᠦᠭᠡ ᠳᠤᠤᠭᠠᠷᠤᠭ᠎ᠠ ᠦᠭᠡᠢ ᠮᠥᠷᠲᠡᠭᠡᠨ ᠬᠠᠷᠠᠴᠠᠨ ᠳ᠋ᠤᠨᠢ ᠦᠬᠦᠬᠦ ᠭᠡᠰᠡᠨ ᠳ᠋ᠦ᠍ᠨᠢ ᠬᠢᠯᠢᠩᠨᠡᠵᠦ ᠠᠭᠤᠷᠯᠠᠭᠰᠠᠨ ᠪᠠᠰᠠ ᠣᠢᠯᠠᠭᠠᠵᠤ ᠥᠷᠥᠰᠢᠶᠡᠭᠰᠡᠨ ᠥᠩᠭᠡ ᠵᠡᠷᠭᠡᠴᠡᠨ ᠪᠠᠢᠭᠰᠠᠨ ᠪᠥᠭᠡᠳ ᠶᠠᠭᠠᠬᠢᠭᠠᠳ ᠴᠤ᠌ ᠶᠤᠮ ᠪᠣᠢ ᠲᠡᠮᠦᠵᠢᠨ ᠬᠥᠪᠡᠭᠦᠨ ᠳ᠋ᠦ᠍ᠨᠢ ᠶᠠᠭᠤᠨ ᠳ᠋ᠤ᠌ ᠴᠤ᠌ ᠦᠯᠦ ᠳᠡᠢᠯᠳᠡᠬᠦ ᠬᠦᠴᠦ ᠰᠠᠷᠠᠨ ᠤ᠋ ᠭᠡᠷᠡᠯ ᠲᠡᠢ ᠬᠠᠮᠲᠤ ᠰᠢᠩᠭᠡᠵᠦ ᠪᠠᠢᠬᠤ ᠰᠢᠭ᠋᠂ ᠬᠥᠪᠡᠭᠦᠨ ᠨᠢ ᠰᠠᠷᠠᠨ ᠤ᠋ ᠭᠡᠷᠡᠯ ᠢ᠋ ᠪᠦᠭᠦᠳᠡ ᠶ᠋ᠢ ᠳᠣᠲᠣᠷ᠎ᠠ ᠪᠠᠨ ᠰᠣᠷᠣᠨ ᠰᠢᠩᠭᠡᠭᠡᠵᠦ ᠪᠠᠢᠬᠤ ᠰᠢᠭ᠋ ᠬᠠᠷᠠᠭᠳᠠᠵᠤ ᠪᠠᠢᠵᠠᠢ᠃ 
       | ᠬᠥᠪᠡᠭᠦᠨ ᠮᠢᠨᠢ᠂ ᠲᠡᠮᠦᠵᠢᠨ ᠮᠢᠨᠢ᠃ ᠴᠢ ᠡᠵᠢ ᠶ᠋ᠢ ᠪᠡᠨ ᠬᠠᠮᠠᠭᠠᠯᠠᠭᠠᠷᠠᠢ ᠭᠡᠵᠦ ᠰᠡᠳᠬᠢᠯ ᠳ᠋ᠡᠭᠡᠨ ᠭᠤᠶᠤᠵᠤ ᠮᠥᠷᠭᠥᠵᠡᠢ᠃ ᠡᠨᠡ ᠰᠥᠨᠢ ᠡᠴᠡ ᠬᠣᠢᠰᠢ ᠥᠭᠡᠯᠦᠨ ᠦᠬᠦᠬᠦ ᠲᠤᠬᠠᠢ ᠪᠣᠳᠣᠯ ᠢ᠋ᠶ᠋ᠠᠨ ᠰᠡᠳᠬᠢᠯ ᠡᠴᠡ ᠪᠡᠨ ᠡᠭᠦᠷᠢᠳᠡ ᠠᠪᠴᠤ ᠬᠠᠶᠠᠭᠰᠠᠨ ᠪᠢᠯᠡ᠃ ᠥᠪᠡᠷ ᠲᠡᠭᠡᠨ ᠢᠲᠡᠭᠡᠵᠦ ᠠᠮᠢᠳᠤᠷᠠᠯ ᠤ᠋ᠨ ᠢ᠋ᠶ᠋ᠠᠨ ᠲᠥᠯᠥᠭᠡ ᠲᠡᠮᠡᠴᠡᠬᠦ ᠶᠣᠰᠣᠲᠠᠢ ᠪᠠᠨ ᠲᠡᠭᠡᠬᠦ ᠳ᠋ᠦ᠍ ᠪᠠᠲᠤᠲᠠᠢ ᠣᠢᠯᠠᠭᠠᠵᠤ ᠡᠷᠡᠰ ᠬᠠᠲᠠᠭᠤ ᠪᠠᠷ ᠰᠡᠳᠬᠢᠯ ᠢ᠋ᠶ᠋ᠡᠨ ᠴᠢᠩᠭᠠᠯᠠᠭᠰᠠᠨ ᠶᠤᠮ᠃ ᠮᠠᠷᠭᠠᠰᠢ ᠠ᠋ᠴᠠ ᠨᠢ ᠥᠭᠡᠯᠦᠨ ᠲᠥᠷᠥᠯ ᠠᠷᠠᠯᠵᠢᠵᠤ᠂ ᠥᠪᠡᠷ ᠦ᠋ᠨ ᠰᠤᠯᠠ ᠳᠣᠷᠣᠢ ᠵᠠᠩ ᠢ᠋ᠶ᠋ᠠᠨ ᠢᠯᠠᠵᠤ ᠭᠠᠷᠴᠠᠢ᠃ ᠡᠨᠡ ᠪᠣᠯ ᠶᠢᠰᠦᠭᠡᠢ ᠶ᠋ᠢᠨ ᠦᠬᠦᠯ ᠦ᠋ᠨ ᠳᠠᠷᠠᠭ᠎ᠠ ᠥᠭᠡᠯᠦᠨ ᠦ᠌ ᠠᠮᠢᠳᠤᠷᠠᠯ ᠳ᠋ᠤ᠌ ᠭᠠᠷᠤᠭᠰᠠᠨ ᠬᠠᠮᠤᠭ ᠤ᠋ᠨ ᠲᠣᠮᠣ ᠥᠭᠡᠷᠡᠴᠢᠯᠡᠯᠲᠡ ᠶᠦᠮ᠃ ᠲᠡᠮᠦᠵᠢᠨ ᠢ᠋ᠶ᠋ᠡᠷ ᠳᠡᠮᠵᠢᠵᠦ ᠢᠷᠡᠭᠰᠡᠨ ᠲᠩᠷᠢ ᠶ᠋ᠢᠨ ᠬᠦᠴᠦ ᠰᠡᠳᠬᠢᠯ ᠵᠥᠭᠡᠯᠡᠨ᠂ ᠵᠢᠷᠦᠬᠡ ᠳᠣᠷᠣᠢ ᠡᠮ᠎ᠡ ᠲᠡᠭᠦᠨ ᠢ᠋ ᠢᠲᠡᠭᠡᠯ ᠶᠡᠬᠡ᠂ ᠵᠣᠷᠢᠯᠭ᠎ᠠ ᠴᠢᠩᠭ᠎ᠠ ᠪᠣᠯᠭᠠᠨ ᠬᠤᠪᠢᠷᠠᠭᠠᠭᠰᠠᠨ ᠢ᠋ ᠥᠭᠡᠯᠦᠨ ᠮᠡᠳᠡᠬᠦ ᠦᠭᠡᠢ ᠪᠠᠢᠯ᠎ᠠ᠃ ᠬᠠᠷᠢᠨ ᠲᠡᠭᠦᠨ ᠦ᠌ ᠬᠠᠲᠠᠭᠤ ᠴᠢᠩᠳᠠ ᠪᠠᠷ ᠣᠢᠯᠠᠭᠠᠵᠤ ᠠᠪᠤᠭᠰᠠᠨ ᠵᠦᠢᠯ ᠨᠢ ᠲᠡᠮᠦᠵᠢᠨ ᠬᠥᠪᠡᠭᠦᠨ ᠢ᠋ᠶ᠋ᠡᠨ ᠬᠡᠨ ᠦ᠌ ᠴᠦ᠍ ᠳᠣᠣᠷ᠎ᠠ ᠣᠷᠣᠭᠤᠯᠬᠤ ᠦᠭᠡᠢ ᠬᠥᠮᠦᠨ ᠪᠣᠯᠭᠠᠨ ᠥᠰᠬᠡᠬᠦ ᠶ᠋ᠢᠨ ᠲᠤᠯᠠᠳᠠ ᠠᠮᠢ ᠪᠠᠨ ᠵᠣᠯᠢᠶᠠᠰᠤᠯᠠᠬᠤ ᠠ᠋ᠴᠠ ᠪᠤᠰᠤᠳ ᠢ᠋ ᠬᠢᠬᠦ ᠶᠣᠰᠣᠲᠠᠢ ᠭᠡᠰᠡᠨ ᠵᠣᠷᠢᠯᠭ᠎ᠠ ᠶᠤᠮ᠃ ᠲᠡᠢᠮᠦ ᠴᠦ᠍ ᠤᠴᠢᠷ ᠠ᠋ᠴᠠ ᠲᠡᠮᠦᠵᠢᠨ ᠬᠥᠪᠡᠭᠦᠨ ᠢ᠋ᠶ᠋ᠡᠨ ᠬᠥᠮᠦᠨ ᠦ᠌ ᠭᠡᠷ ᠲᠦ᠍ ᠣᠴᠢᠭᠤᠯᠤᠭᠰᠠᠨ ᠳ᠋ᠠᠭᠠᠨ ᠢᠩᠭᠢᠵᠦ ᠶᠡᠬᠡ ᠪᠡᠷ ᠬᠠᠷᠠᠮᠰᠠᠭᠰᠠᠨ ᠪᠢᠯᠡ᠃ ᠭᠡᠲᠡᠯ᠎ᠡ ᠪᠡᠭᠲᠡᠷ ᠦ᠋ᠨ ᠳᠠᠷᠤᠯᠠᠯ ᠢ ᠦᠵᠡᠬᠦ ᠦᠭᠡᠢ ᠪᠠᠢᠬᠤ ᠨᠢ ᠳᠡᠭᠡᠷ᠎ᠡ ᠭᠡᠵᠦ ᠪᠣᠳᠣᠭᠰᠠᠨ ᠤ᠋ ᠤᠴᠢᠷ ᠴᠢᠩᠭᠢᠭᠰᠡᠨ ᠪᠣᠯᠬᠣᠷ ᠪᠠᠰᠠ ᠪᠣᠳᠣᠯ ᠰᠠᠨᠠᠭ᠎ᠠ ᠨᠢ ᠬᠣᠶᠠᠷᠳᠠᠬᠤ ᠪᠥᠯᠥᠭᠡ᠃ ᠣᠳᠣ ᠢᠷᠡᠵᠦ ᠭᠡᠮ ᠢ᠋ᠶ᠋ᠡᠨ ᠶᠠᠭᠠᠬᠢᠬᠤ ᠶᠣᠰᠣᠲᠠᠢ ᠪᠢᠯᠡ? ᠮᠡᠩᠯᠢᠭ ᠢ ᠳᠠᠭᠠᠵᠤ ᠲᠡᠭᠦᠨ ᠦ᠌ ᠠᠰᠠᠷᠠᠮᠵᠢ ᠳ᠋ᠤ᠌ ᠪᠠᠭᠲᠠᠨ ᠵᠠᠮᠤᠬ᠎ᠠ ᠶ᠋ᠢᠨ ᠳᠡᠷᠭᠡᠳᠡ ᠣᠴᠢᠬᠤ ᠨᠢ ᠵᠥᠪ ᠴᠦ᠍ ᠪᠠᠢᠵᠤ ᠮᠡᠳᠡᠬᠦ ᠶᠦᠮ᠃ ᠡᠨᠡ ᠨᠢ ᠨᠢᠭᠡ ᠬᠡᠰᠡᠭ ᠠᠶᠤᠯ ᠠ᠋ᠴᠠ ᠵᠠᠢᠯᠠᠭᠤᠯᠵᠤ ᠪᠣᠯᠬᠤ ᠠᠪᠠᠴᠤ ᠪᠠᠰᠠ ᠲᠡᠨᠳᠡ ᠲᠡᠭᠦᠨ ᠡᠴᠡ ᠴᠦ᠍ ᠣᠯᠠᠨ ᠳᠠᠢᠰᠤᠨ ᠲᠠᠢ ᠪᠣᠯᠵᠤ ᠮᠡᠳᠡᠬᠦ ᠶ᠋ᠢ ᠶᠠᠭᠠᠬᠢᠵᠤ ᠮᠡᠳᠡᠨ᠎ᠡ᠃ ᠶᠢᠰᠦᠭᠡᠢ ᠶ᠋ᠢᠨ ᠦᠷ᠎ᠡ ᠤᠳᠤᠮ ᠢ ᠦᠵᠡᠬᠦ᠂ ᠲᠡᠭᠦᠨ ᠲᠡᠢ ᠴᠣᠭ ᠠᠮᠢᠳᠤᠷᠠᠬᠤ ᠬᠦᠰᠡᠯ ᠲᠡᠢ ᠨᠢ ᠬᠡᠳᠦ ᠪᠣᠯ? ᠡᠳᠦᠷ ᠡᠴᠡ ᠡᠳᠦᠷ ᠥᠰᠴᠦ ᠲᠣᠮᠣᠷᠠᠬᠤ ᠬᠥᠪᠡᠭᠦᠳ ᠢ ᠨᠢ ᠨᠢᠳᠦᠨ ᠳ᠋ᠦ᠍ ᠣᠷᠣᠭᠰᠠᠨ ᠬᠣᠭ᠂ ᠰᠢᠳᠦᠨ ᠳ᠋ᠦ᠍ ᠣᠷᠣᠭᠰᠠᠨ ᠮᠢᠬ᠎ᠠ ᠮᠡᠲᠦ ᠦᠵᠡᠬᠦ ᠪᠣᠢ ᠭᠡᠵᠦ ᠵᠣᠪᠠᠨ᠎ᠠ᠃ ᠢᠳᠡᠷ ᠵᠣᠷᠢᠮᠠᠭ ᠬᠥᠪᠡᠭᠦᠳ ᠡᠯᠳᠡᠪ ᠮᠠᠷᠭᠤᠭᠠᠨ ᠳ᠋ᠤ᠌ ᠥᠷᠲᠥᠵᠦ ᠢᠷᠲᠦ ᠮᠡᠰᠡ ᠵᠥᠷᠢᠭᠦᠯᠬᠦ ᠪᠣᠯᠤᠨ᠎ᠠ᠂ ᠲᠡᠷᠡ ᠴᠠᠭ ᠲᠤ᠌ ᠬᠡᠨ ᠳ᠋ᠦ᠍ ᠴᠦ᠍ ᠦᠬᠦᠬᠦ ᠦᠭᠡᠢ᠂ ᠰᠢᠷᠬᠠᠲᠤᠬᠤ ᠦᠭᠡᠢ ᠭᠡᠬᠦ ᠪᠠᠲᠤᠯᠠᠭ᠎ᠠ ᠦᠭᠡᠢ᠃ ᠲᠡᠮᠦᠵᠢᠨ ᠬᠥᠪᠡᠭᠦᠨ ᠢ᠋ᠶ᠋ᠡᠨ ᠠᠯᠳᠠᠪᠠᠯ ᠶᠢᠰᠦᠭᠡᠢ ᠶ᠋ᠢᠨ ᠤᠳᠤᠮ ᠰᠦᠢᠷᠡᠵᠦ ᠪᠣᠭᠣᠯ ᠤ᠋ᠨ ᠪᠣᠭᠣᠯ ᠪᠣᠱᠣᠭᠠᠨ ᠤ᠋ ᠰᠢᠷᠣᠢ ᠪᠣᠯᠤᠨ᠎ᠠ᠃ ᠲᠡᠢᠮᠦ ᠶ᠋ᠢᠨ ᠲᠤᠯᠠ ᠲᠡᠷᠡ ᠬᠥᠪᠡᠭᠦᠨ ᠢ ᠪᠣᠯᠳᠠᠭ ᠪᠣᠯ ᠠᠮᠠᠨ ᠳ᠋ᠤ᠌ ᠪᠠᠨ ᠡᠮᠬᠦᠵᠦ ᠥᠰᠬᠡᠬᠦ ᠶᠣᠰᠣᠲᠠᠢ ᠪᠢᠯᠡ᠃ ᠭᠡᠲᠡᠯ᠎ᠡ ᠥᠨᠥᠴᠢᠨ ᠭᠠᠭᠴᠠ ᠭᠡᠷ ᠢ᠋ᠶ᠋ᠡᠷ ᠥᠯᠥᠨ ᠬᠣᠭᠣᠰᠣᠨ᠂ ᠡᠪᠡᠰᠦᠨ ᠳ᠋ᠦ᠍ ᠨᠢᠭᠤᠭᠳᠠᠵᠤ ᠠᠮᠢᠳᠤᠷᠠᠬᠤ ᠨᠢ ᠴᠢᠨᠣ᠎ᠠ ᠨᠣᠬᠠᠢ ᠳ᠋ᠤ᠌ ᠢᠳᠡᠭᠦᠯᠬᠦ ᠡᠴᠡ ᠥᠭᠰᠥᠭᠦᠯᠦᠭᠡᠳ ᠴᠣᠴᠢᠭᠰᠠᠨ ᠬᠥᠮᠦᠨ ᠬᠦᠷᠲᠡᠯ᠎ᠡ ᠬᠠᠷᠪᠤᠭᠠᠳ ᠠᠯᠠᠴᠢᠬᠠᠬᠤ ᠠᠶᠤᠯ ᠡᠯᠪᠡᠭ᠃ ᠥᠪᠡᠷᠰᠡᠳ ᠢ ᠪᠡᠨ ᠬᠠᠮᠠᠭᠠᠯᠠᠬᠤ ᠴᠢᠳᠠᠯ ᠮᠡᠬᠦᠰ ᠲᠤᠯᠠ ᠠᠷᠪᠠᠨ ᠬᠥᠮᠦᠨ ᠢᠷᠡᠪᠡᠯ ᠠᠶᠤᠵᠤ ᠵᠢᠭᠤᠲᠠᠬᠤ ᠠ᠋ᠴᠠ ᠥᠭᠡᠷ᠎ᠡ ᠨᠥᠬᠥᠷ ᠦᠭᠡᠢ ᠶᠠᠪᠤᠬᠤ ᠨᠢ ᠵᠠᠮᠤᠬ᠎ᠠ ᠶ᠋ᠢᠨ ᠳᠡᠷᠭᠡᠳᠡ ᠳᠠᠭᠠᠵᠤ ᠣᠴᠢᠬᠤ ᠠ᠋ᠴᠠ ᠳᠣᠣᠷ᠎ᠠ ᠮᠡᠲᠦ᠃ ᠪᠠᠰᠠ ᠢᠩᠭᠢᠵᠦ ᠴᠢᠬᠢᠨ ᠡᠴᠡ ᠥᠭᠡᠷ᠎ᠡ ᠳᠡᠷ᠎ᠡ ᠦᠭᠡᠢ᠂ ᠭᠤᠶ᠎ᠠ ᠠ᠋ᠴᠠ ᠥᠭᠡᠷ᠎ᠡ ᠬᠤᠴᠢᠯᠭ᠎ᠠ ᠦᠭᠡᠢ ᠶᠠᠳᠠᠭᠤ ᠬᠦᠴᠢᠷ ᠠᠮᠢᠳᠤᠷᠠᠯ ᠬᠥᠪᠡᠭᠦᠳ ᠦ᠋ᠨ ᠬᠢᠨᠢ ᠵᠠᠩ ᠬᠥᠮᠦᠵᠢᠯ ᠳ᠋ᠦ᠍ ᠶᠠᠭᠠᠬᠢᠵᠤ ᠨᠥᠯᠥᠭᠡᠯᠡᠬᠦ ᠶ᠋ᠢ ᠴᠦ᠍ ᠪᠠᠰᠠ ᠮᠡᠳᠡᠬᠦ ᠦᠭᠡᠢ᠃ ᠭᠤᠶᠤᠯᠭᠠᠴᠢᠨ᠂ ᠲᠡᠨᠦᠭᠦᠯᠴᠢ ᠠᠮᠢᠳᠤᠷᠠᠯ ᠳ᠋ᠤ᠌ ᠥᠰᠦᠭᠰᠡᠨ ᠬᠦᠨᠳᠦ ᠭᠠᠪᠢᠶᠠᠲᠤ ᠡᠴᠢᠭᠡ ᠶ᠋ᠢᠨ ᠭᠡᠷᠢᠶᠡᠰ ᠢ ᠪᠡᠶᠡᠯᠡᠭᠦᠯᠵᠦ ᠡᠵᠡᠨ ᠰᠠᠭᠤᠬᠤ ᠬᠦᠰᠡᠯ᠂ ᠬᠥᠮᠦᠵᠢᠯ ᠬᠦᠴᠦᠲᠡᠢ ᠲᠥᠷᠥᠬᠦ ᠡᠰᠡᠬᠦ ᠨᠢ ᠡᠷᠡᠭᠡᠯᠵᠡᠭᠡ ᠲᠡᠢ᠃ ᠡᠢᠨ ᠮᠢᠩᠭᠠᠨ ᠰᠠᠯᠠᠭ᠎ᠠ ᠪᠣᠳᠣᠯ ᠳ᠋ᠤ᠌ ᠤᠨᠠᠵᠤ ᠰᠥᠨᠢ ᠲᠥᠭᠡᠷᠢᠭᠰᠡᠨ ᠮᠡᠲᠦ ᠪᠠᠢᠲᠠᠯ᠎ᠠ ᠠᠰᠢᠭᠦᠢ ᠲᠡᠮᠦᠵᠢᠨ ᠬᠥᠪᠡᠭᠦᠨ ᠨᠢ ᠡᠰᠡᠨ ᠮᠡᠨᠳᠦ ᠢᠨᠢᠶᠡᠳᠦ ᠠᠯᠳᠠᠭᠰᠠᠭᠠᠷ ᠳᠠᠪᠬᠢᠨ ᠢᠷᠡᠪᠡ᠃ ᠬᠡᠳᠦᠬᠡᠨ ᠰᠠᠷ᠎ᠠ ᠶ᠋ᠢᠨ ᠳᠣᠲᠣᠷ᠎ᠠ ᠲᠡᠮᠦᠵᠢᠨ ᠦ᠌ ᠥᠭᠡᠷᠡᠴᠢᠯᠡᠭᠳᠡᠭᠰᠡᠨ ᠨᠢ ᠭᠠᠢᠬᠠᠯᠲᠠᠢ᠃ ᠬᠥᠳᠡᠯᠬᠦ ᠬᠡᠯᠡᠬᠦ ᠨᠢ ᠶᠠᠭ ᠲᠣᠮᠣ ᠬᠥᠮᠦᠨ ᠰᠢᠭ ᠲᠣᠪᠴᠢ ᠲᠣᠳᠣᠷᠬᠠᠢ ᠪᠣᠯᠵᠠᠢ᠃  
        | ᠬᠥᠪᠡᠭᠦᠨ ᠮᠢᠨᠢ᠂ ᠪᠢ ᠴᠢᠮᠠᠶ᠋ᠢ ᠬᠠᠮᠢᠭᠠᠰᠢ ᠨᠢ ᠴᠦ᠍ ᠶᠠᠪᠤᠭᠤᠯᠬᠤ ᠦᠭᠡᠢ᠃    
       ᠡᠨᠡ ᠦᠭᠡ ᠶ᠋ᠢ ᠥᠭᠡᠯᠦᠨ ᠨᠢᠯᠪᠤᠰᠤ ᠤᠷᠤᠰᠬᠠᠨ ᠬᠡᠯᠡᠪᠡ᠃ ᠥᠭᠡᠯᠦᠨ ᠦ᠌ ᠰᠡᠳᠬᠢᠯ ᠪᠦᠲᠦᠨ ᠪᠣᠯᠵᠤ ᠭᠡᠷ ᠦ᠋ᠨ ᠬᠣᠢᠮᠣᠷ ᠳᠦᠭᠦᠷᠴᠡᠢ᠃ ᠣᠳᠣ ᠡᠨᠡ ᠶᠠᠩᠬᠢᠭᠠᠷ ᠲᠣᠮᠣ ᠭᠡᠷ ᠲᠦ᠍ ᠲᠡᠮᠦᠵᠢᠨ ᠡᠴᠡ ᠥᠭᠡᠷ᠎ᠡ ᠡᠵᠡᠨ ᠪᠠᠢᠬᠤ ᠦᠭᠡᠢ᠃ ᠬᠠᠢᠷᠠᠨ ᠪᠡᠶ᠎ᠡ ᠨᠢ ᠡᠯᠡᠵᠦ ᠬᠠᠲᠤᠨ ᠠᠮᠢ ᠨᠢ ᠡᠷᠡᠰᠳᠡᠪᠡᠴᠦ ᠶᠢᠰᠦᠭᠡᠢ ᠶ᠋ᠢᠨ ᠥᠷᠥᠭᠡ ᠭᠡᠷ ᠲᠡᠮᠦᠵᠢᠨ ᠢ᠋ᠶ᠋ᠡᠷ ᠣᠪᠣᠭᠯᠠᠬᠤ ᠶᠣᠰᠣᠲᠠᠢ ᠶ᠋ᠢ ᠥᠭᠡᠯᠦᠨ ᠣᠢᠯᠠᠭᠠᠪᠠ᠃ ᠲᠡᠢᠮᠦ ᠴᠦ᠍ ᠤᠴᠢᠷ ᠠ᠋ᠴᠠ ᠡᠨᠡ ᠤᠳᠠᠭ᠎ᠠ ᠮᠡᠩᠯᠢᠭ ᠢ ᠪᠠᠷᠠᠭᠤᠨ ᠬᠠᠶᠠᠭᠠᠨ ᠠ᠋ᠴᠠ ᠳᠡᠭᠡᠭᠰᠢ ᠭᠠᠷᠭᠠᠯ ᠦᠭᠡᠢ ᠳᠥᠷᠪᠡᠨ ᠬᠥᠪᠡᠭᠦᠨ ᠦ᠌ ᠪᠡᠨ ᠳᠣᠣᠷ᠎ᠠ ᠰᠠᠭᠤᠯᠭᠠᠭᠰᠠᠨ ᠳ᠋ᠤ᠌ ᠮᠡᠩᠯᠢᠭ ᠦᠭᠡ ᠳᠠᠭᠤᠨ ᠦᠭᠡᠢ ᠭᠠᠷᠴᠤ ᠶᠠᠪᠤᠵᠠᠢ᠃ ᠮᠡᠩᠯᠢᠭ ᠰᠠᠶᠢ ᠥᠭᠡᠯᠦᠨ ᠦ᠌ ᠰᠡᠳᠬᠢᠯ ᠴᠢᠩ ᠦᠨᠡᠨ ᠰᠠᠨᠠᠭ᠎ᠠ ᠶ᠋ᠢ ᠮᠡᠳᠡᠭᠰᠡᠨ ᠲᠤᠯᠠ ᠠᠭᠤᠷᠰᠠᠨ ᠪᠤᠬᠢᠨᠢᠳᠤᠵᠠᠢ᠃ ᠥᠭᠡᠯᠦᠨ ᠢ ᠬᠦᠦ ᠪᠡᠨ ᠦᠵᠡᠭᠡᠳ ᠲᠦᠷ ᠵᠠᠭᠤᠷ᠎ᠠ ᠶ᠋ᠢᠨ ᠰᠡᠳᠬᠢᠯ ᠬᠥᠭᠡᠷᠦᠭᠰᠡᠨ ᠪᠢᠵᠡ ᠭᠡᠵᠦ ᠰᠠᠨᠠᠭᠰᠠᠨ ᠴᠤ᠌ ᠮᠠᠷᠭᠠᠰᠢ ᠠ᠋ᠴᠠ ᠮᠡᠩᠯᠢᠭ ᠢ ᠬᠥᠮᠦᠨ ᠭᠡᠵᠦ ᠲᠣᠭᠣᠬᠤ ᠦᠭᠡᠢ ᠪᠣᠯᠵᠠᠢ᠃ ᠡᠨᠡ ᠶᠠᠪᠤᠳᠠᠯ ᠳ᠋ᠤ᠌ ᠠᠭᠤᠷᠰᠠᠵᠤ ᠬᠢᠯᠢᠩᠨᠡᠭᠡᠳ ᠪᠠᠰᠠ ᠰᠢᠷᠬᠠᠯᠠᠵᠤ ᠭᠣᠮᠣᠳᠠᠭᠰᠠᠨ ᠮᠡᠩᠯᠢᠭ ᠬᠡᠳᠦ ᠬᠣᠨᠣᠭ ᠤ᠋ᠨ ᠳᠠᠷᠠᠭ᠎ᠠ ᠥᠭᠡᠯᠦᠨ ᠢ ᠬᠠᠶᠠᠵᠤ ᠵᠠᠮᠤᠬ᠎ᠠ ᠶ᠋ᠢᠨ ᠲᠠᠢᠰᠢ ᠨᠡᠭᠦᠵᠦ ᠣᠳᠴᠠᠢ᠃ ᠥᠭᠡᠯᠦᠨ ᠨᠡᠭᠦᠬᠦ ᠳ᠋ᠦ᠍ᠨᠢ ᠲᠣᠭᠣᠵᠤ ᠣᠴᠢᠭᠰᠠᠨ ᠴᠤ᠌ ᠦᠭᠡᠢ᠃ ᠬᠠᠷᠢᠨ ᠬᠥᠪᠡᠭᠦᠳ ᠢ᠋ᠶ᠋ᠡᠨ ᠣᠴᠢᠬᠤ ᠶ᠋ᠢ ᠬᠣᠷᠢᠭᠯᠠᠭᠰᠠᠨ ᠦᠭᠡᠢ᠃ ᠤᠴᠢᠷ ᠨᠢ ᠬᠥᠪᠡᠭᠦᠳ ᠢ᠋ᠶ᠋ᠡᠨ ᠳᠠᠢᠰᠤᠨ ᠨᠥᠬᠥᠷ ᠢ᠋ ᠢᠯᠭᠠᠵᠤ ᠣᠢᠯᠠᠭᠠᠵᠤ ᠰᠤᠷᠴᠠᠭᠠᠭ ᠭᠡᠵᠦ ᠪᠣᠳᠣᠭᠰᠠᠨ ᠪᠢᠯᠡ᠃  ᠢᠩᠭᠢᠭᠡᠳ ᠶᠢᠰᠦᠭᠡᠢ ᠶ᠋ᠢᠨ ᠬᠣᠶᠠᠷ ᠬᠠᠲᠤᠨ ᠳᠣᠯᠣᠭᠠᠨ ᠬᠡᠦᠬᠡᠳ ᠦ᠋ᠨ ᠢ᠋ᠶ᠋ᠡᠨ ᠬᠠᠮᠲᠤ ᠲᠠᠯ᠎ᠠ ᠳ᠋ᠤ᠌ ᠬᠣᠴᠣᠷᠪᠠ᠃ ᠣᠳᠣ ᠲᠡᠳᠡ ᠵᠥᠪᠬᠡᠨ ᠥᠪᠡᠷᠰᠡᠳ ᠦ᠋ᠨ ᠬᠦᠴᠦᠨ ᠳ᠋ᠦ᠍ ᠢᠲᠡᠭᠡᠵᠦ ᠠᠮᠢᠳᠤᠷᠠᠬᠤ ᠶᠣᠰᠣᠲᠠᠢ ᠪᠣᠯᠵᠠᠢ᠃ ᠡᠨᠡ ᠪᠣᠯ ᠥᠭᠡᠯᠦᠨ ᠦ᠌ ᠲᠡᠮᠦᠵᠢᠨ ᠬᠥᠪᠡᠭᠦᠨ ᠦ᠌ ᠪᠡᠨ ᠲᠥᠯᠥᠭᠡ ᠰᠣᠩᠭᠣᠨ ᠠᠪᠤᠭᠰᠠᠨ ᠳᠠᠭᠠᠭᠠᠬᠤ ᠳ᠋ᠤ᠌ ᠪᠡᠷᠬᠡ ᠬᠦᠨᠳᠦ ᠬᠦᠴᠢᠷ ᠠᠮᠢᠳᠤᠷᠠᠯ ᠪᠠᠢᠯ᠎ᠠ᠃ ᠲᠡᠷᠡ ᠥᠪᠡᠷ ᠦ᠋ᠨ ᠥᠴᠦᠬᠡᠨ ᠰᠡᠳᠬᠢᠯ ᠡᠮᠦᠰᠴᠦ ᠡᠳ᠋ᠯᠡᠬᠦ ᠶ᠋ᠢ ᠪᠣᠳᠣᠭᠰᠠᠨ ᠦᠭᠡᠢ᠃ ᠥᠭᠡᠯᠦᠨ ᠥᠪᠡᠷ ᠦ᠋ᠨ ᠰᠢᠢᠳᠪᠦᠷᠢ ᠳ᠋ᠦ᠍ ᠲᠤᠢᠯᠪᠤᠷᠢᠲᠠᠢ ᠪᠠᠰᠠ ᠪᠠᠶᠠᠷᠲᠠᠢ ᠢᠲᠡᠭᠡᠯ ᠲᠡᠭᠦᠰ ᠪᠠᠢᠯ᠎ᠠ᠃ ᠡᠨᠡ ᠪᠣᠯ ᠲᠩᠷᠢ ᠡᠴᠡ ᠲᠡᠭᠦᠨ ᠳ᠋ᠦ᠍ ᠵᠢᠭᠠᠵᠤ ᠥᠭᠭᠦᠭᠰᠡᠨ ᠠᠮᠢᠳᠤᠷᠠᠯ ᠭᠡᠵᠦ ᠥᠭᠡᠯᠦᠨ ᠢᠲᠡᠭᠡᠵᠡᠢ᠃ ᠭᠡᠪᠡᠴᠦ ᠭᠠᠳᠠᠨ᠎ᠠ ᠠ᠋ᠴᠠ ᠬᠠᠯᠳᠠᠨ ᠢᠷᠡᠬᠦ ᠠᠶᠤᠯ ᠬᠣᠯᠠᠳᠠᠭᠰᠠᠨ ᠮᠡᠲᠦ ᠪᠣᠯᠪᠠᠴᠤ ᠳᠠᠷᠠᠭ᠎ᠠ ᠶ᠋ᠢᠨ ᠵᠣᠪᠠᠯᠠᠩ ᠭᠡᠷ ᠦ᠋ᠨ ᠳᠣᠲᠣᠷ᠎ᠠ ᠠ᠋ᠴᠠ ᠤᠷᠭᠤᠨ ᠭᠠᠷᠴᠠᠢ᠃ ᠶᠢᠰᠦᠭᠡᠢ ᠶ᠋ᠢᠨ ᠴᠢᠰᠤ ᠪᠠᠷ ᠨᠢᠭᠡᠳᠦᠭᠰᠡᠨ ᠬᠥᠪᠡᠭᠦᠳ ᠦ᠋ᠨ ᠡᠷᠦᠬᠡ ᠶ᠋ᠢᠨ ᠳᠣᠲᠣᠷ᠎ᠠ ᠡᠵᠡᠩᠨᠡᠬᠦ ᠡᠷᠬᠡ ᠶ᠋ᠢᠨ ᠲᠥᠯᠥᠭᠡ ᠵᠥᠷᠢᠴᠡᠯ᠂ ᠪᠠᠭ᠎ᠠ ᠵᠡᠷᠭᠡ ᠶ᠋ᠢᠨ ᠠᠩ ᠤ᠋ᠨ ᠣᠯᠵᠠ᠂ ᠠᠢᠷᠠᠭ ᠴᠠᠭ᠎ᠠ ᠶ᠋ᠢᠨ ᠬᠤᠪᠢᠶᠠᠷᠢ ᠵᠡᠷᠭᠡ ᠳᠡᠭᠡᠷ᠎ᠡ ᠡᠴᠡ ᠭᠡᠨᠡ ᠭᠡᠨᠡ ᠡᠭᠦᠰᠬᠦ ᠬᠡᠷᠡᠭᠦᠯ ᠵᠣᠳᠣᠭᠠᠨ ᠢ᠋ᠶ᠋ᠠᠷ ᠢᠯᠡᠷᠡᠬᠦ ᠪᠣᠯᠪᠠᠴᠤ ᠠᠮᠢᠳᠤᠷᠠᠬᠤ ᠬᠦᠰᠡᠯ᠂ ᠨᠢᠭᠡ ᠣᠷᠴᠢᠨ ᠲᠡᠳᠡᠨ ᠢ ᠬᠦᠰᠡᠭᠰᠡᠨ ᠬᠦᠰᠡᠭᠡ ᠦᠭᠡᠢ ᠰᠠᠯᠬᠤ ᠶ᠋ᠢᠨ ᠠᠷᠭ᠎ᠠ ᠦᠭᠡᠢ ᠨᠢᠭᠡᠳᠬᠡᠨ ᠪᠠᠷᠢᠵᠤ ᠪᠠᠢᠪᠠ᠃ ᠲᠡᠮᠦᠵᠢᠨ ᠪᠡᠭᠲᠡᠷ ᠬᠣᠶᠠᠷ ᠤ᠋ᠨ ᠳᠠᠯᠳᠠ ᠲᠡᠮᠡᠴᠡᠯ ᠢᠯᠡ ᠲᠣᠳᠣ ᠪᠣᠯᠵᠤ ᠲᠡᠳᠡ ᠡᠳᠦᠷ ᠥᠩᠭᠡᠷᠡᠬᠦ ᠪᠦᠷᠢ ᠥᠰᠲᠦ ᠳᠠᠢᠰᠤᠨ ᠨᠤᠭᠤᠳ ᠪᠣᠯᠤᠨ ᠬᠤᠪᠢᠷᠠᠵᠤ ᠪᠠᠢᠭ᠎ᠠ ᠶ᠋ᠢ ᠥᠭᠡᠯᠦᠨ ᠲᠦᠭᠰᠢᠨ ᠬᠠᠷᠠᠵᠤ ᠪᠠᠢᠯ᠎ᠠ᠃ ᠭᠡᠪᠡᠴᠦ ᠥᠭᠡᠯᠦᠨ ᠶᠠᠭᠠᠬᠢᠬᠤ ᠴᠤ᠌ ᠤᠴᠢᠷ ᠢ᠋ᠶ᠋ᠠᠨ ᠣᠯᠬᠤ ᠦᠭᠡᠢ ᠳᠡᠮᠡᠢ ᠯᠡ ᠡᠪᠯᠡᠷᠡᠭᠦᠯᠬᠦ ᠶ᠋ᠢ ᠣᠷᠣᠯᠳᠣᠬᠤ ᠠᠵᠢ᠃ ᠡᠭᠦᠨ ᠡᠴᠡ ᠥᠭᠡᠷ᠎ᠡ ᠶ᠋ᠢ ᠬᠢᠬᠦ ᠴᠢᠳᠠᠯ ᠲᠡᠭᠦᠨ ᠳ᠋ᠦ᠍ ᠪᠠᠢᠭᠰᠠᠨ ᠦᠭᠡᠢ᠃ ᠭᠡᠲᠡᠯ᠎ᠡ ᠡᠨᠡ ᠵᠥᠷᠢᠴᠡᠯ ᠲᠡᠮᠡᠴᠡᠯ ᠢ᠋ ᠲᠡᠮᠦᠵᠢᠨ ᠭᠡᠨᠡᠳᠲᠡ ᠣᠭᠵᠣᠮ ᠬᠤᠷᠴᠠ ᠪᠠᠷ ᠰᠢᠢᠳᠦᠭᠰᠡᠨ ᠨᠢ ᠳᠠᠭᠠᠵᠤ ᠣᠢᠯᠠᠭᠠᠬᠤ ᠳ᠋ᠤ᠌ ᠪᠡᠷᠬᠡ ᠶᠠᠪᠤᠳᠠᠯ ᠪᠣᠯᠵᠠᠢ᠃ ᠥᠭᠡᠯᠦᠨ ᠲᠡᠮᠦᠵᠢᠨ ᠬᠥᠪᠡᠭᠦᠨ ᠢ᠋ᠶ᠋ᠡᠨ ᠬᠡᠨ ᠪᠣᠯᠤᠭᠰᠠᠨ ᠢ᠋ ᠤᠬᠠᠭᠠᠷᠠᠵᠤ ᠮᠡᠳᠡᠭᠡ ᠦᠭᠡᠢ ᠶᠠᠪᠤᠭᠰᠠᠨ ᠢ᠋ᠶ᠋ᠠᠨ ᠰᠠᠶᠢ ᠯᠠ ᠣᠢᠯᠠᠭᠠᠪᠠ᠃ ᠨᠢᠭᠡ ᠮᠠᠭᠤ ᠥᠴᠦᠬᠡᠨ ᠵᠢᠭᠠᠰᠤ ᠪᠣᠯᠵᠣᠮᠣᠷ ᠪᠤᠯᠢᠶᠠᠴᠠᠯᠳᠤᠭᠰᠠᠨ ᠠ᠋ᠴᠠ ᠪᠣᠯᠵᠤ᠂ ᠡᠴᠢᠭᠡ ᠨᠢᠭᠡᠲᠡᠢ ᠳᠡᠭᠦᠦ ᠪᠡᠭᠲᠡᠷ ᠢ᠋ ᠪᠡᠨ ᠡᠷᠡᠭᠡᠯᠵᠡᠬᠦ ᠦᠭᠡᠢ ᠪᠡᠷ ᠬᠠᠷᠪᠤᠵᠤ ᠠᠯᠠᠭᠰᠠᠨ ᠢ᠋ ᠥᠭᠡᠯᠦᠨ ᠮᠡᠳᠡᠮᠡᠭᠴᠡ ᠤᠬᠠᠭᠠᠨ ᠪᠠᠯᠠᠷᠳᠠᠬᠤ ᠰᠢᠭ᠋ ᠪᠣᠯᠵᠠᠢ᠃ ᠲᠡᠮᠦᠵᠢᠨ ᠭᠠᠭᠴᠠ ᠥᠪᠡᠷ ᠢ᠋ᠶ᠋ᠡᠨ ᠪᠢᠰᠢ ᠳᠡᠭᠦᠦ ᠬᠠᠰᠠᠷ ᠢ᠋ ᠴᠦ᠍ ᠡᠨᠡ ᠬᠡᠷᠡᠭ ᠲᠦ᠍ ᠣᠷᠣᠯᠴᠠᠭᠤᠯᠵᠤ ᠪᠡᠭᠲᠡᠷ ᠢ᠋ ᠬᠣᠢᠨ᠎ᠠ ᠤᠷᠲᠤ ᠠ᠋ᠴᠠ ᠨᠢ ᠬᠠᠷᠪᠤᠵᠤ ᠠᠯᠠᠵᠠᠢ᠃ ᠨᠢᠷᠤᠭᠤ᠂ ᠡᠯᠢᠭᠡᠨ ᠳ᠋ᠦ᠍ᠨᠢ ᠰᠤᠮᠤ ᠵᠣᠭᠤᠯᠲᠠᠲᠠᠢ ᠪᠡᠭᠲᠡᠷ ᠦ᠋ᠨ ᠬᠡᠭᠦᠷ ᠰᠠᠭᠤᠭ᠎ᠠ ᠴᠢᠭ ᠢ᠋ᠶ᠋ᠡᠷ ᠪᠠᠢᠬᠤ ᠶ᠋ᠢ ᠦᠵᠡᠭᠡᠳ ᠥᠭᠡᠯᠦᠨ ᠰᠠᠶᠢ ᠯᠠ ᠪᠣᠯᠤᠭᠰᠠᠨ ᠶᠠᠪᠤᠳᠠᠯ ᠳ᠋ᠤ᠌ ᠢᠲᠡᠭᠡᠪᠡ᠃ ᠬᠥᠪᠡᠭᠦᠳ ᠦ᠋ᠨ ᠬᠣᠭᠣᠷᠣᠨᠳᠣᠬᠢ ᠬᠡᠷᠡᠭᠦᠯ ᠮᠠᠷᠭᠤᠭᠠᠨ ᠢ᠋ ᠥᠭᠡᠯᠦᠨ ᠦᠷᠭᠦᠯᠵᠢ ᠡᠪ ᠢ᠋ᠶ᠋ᠡᠷ ᠵᠣᠬᠢᠴᠠᠭᠤᠯᠬᠤ ᠶ᠋ᠢ ᠬᠢᠴᠢᠶᠡᠵᠦ ᠲᠡᠮᠦᠵᠢᠨ ᠬᠠᠰᠠᠷ ᠬᠣᠶᠠᠷ ᠢ᠋ ᠣᠢᠯᠠᠭᠠᠭᠤᠯᠵᠤ ᠤᠬᠠᠭᠠᠷᠠᠭᠤᠯᠬᠤ ᠶ᠋ᠢ ᠵᠣᠷᠢᠭᠰᠠᠨ ᠶᠤᠮ᠃《ᠦᠷᠭᠦᠯᠵᠢ ᠢᠩᠭᠢᠵᠦ ᠳᠠᠷᠤᠯᠠᠭᠳᠠᠵᠤ᠂ ᠣᠯᠵᠠ ᠪᠠᠨ ᠪᠤᠯᠢᠶᠠᠯᠭᠠᠵᠤ ᠶᠠᠭᠠᠬᠢᠵᠤ ᠠᠮᠢᠳᠤᠷᠠᠨ᠎ᠠ》 ᠭᠡᠵᠦ ᠲᠡᠮᠦᠵᠢᠨ ᠡᠷᠡᠰ ᠡᠰᠡᠷᠭᠦᠴᠡᠨ ᠬᠡᠷᠡᠯᠳᠦᠭᠡᠳ ᠡᠭᠦᠳᠡ ᠰᠢᠳᠡᠨ ᠭᠠᠷᠤᠭᠰᠠᠨ ᠠ᠋ᠴᠠ ᠬᠣᠢᠰᠢ ᠡᠬᠡ ᠶ᠋ᠢᠨ ᠢ᠋ᠶ᠋ᠡᠨ ᠦᠭᠡ ᠶ᠋ᠢ ᠰᠣᠨᠣᠰᠬᠤ ᠪᠠᠨ ᠪᠣᠯᠢᠵᠤ ᠲᠡᠭᠡᠭᠡᠳ ᠤᠳᠠᠯ ᠦᠭᠡᠢ ᠡᠨᠡ ᠠᠶᠤᠮᠰᠢᠭᠲᠤ ᠬᠡᠷᠡᠭ ᠪᠣᠯᠵᠠᠢ᠃ ᠡᠭᠦᠨ ᠡᠴᠡ ᠬᠡᠳᠦ ᠬᠣᠨᠣᠭ ᠤ᠋ᠨ ᠡᠮᠦᠨ᠎ᠡ ᠥᠭᠡᠯᠦᠨ ᠨᠢᠭᠡ ᠡᠴᠢᠭᠡ ᠶ᠋ᠢᠨ ᠬᠥᠪᠡᠭᠦᠳ ᠡᠪᠲᠡᠢ ᠪᠠᠢᠬᠤ ᠦᠭᠡᠢ ᠪᠣᠯ ᠬᠡᠨ ᠲᠠ ᠨᠠᠷ ᠲᠤ᠌ ᠲᠤᠰᠠᠯᠠᠨ᠎ᠠ ᠭᠡᠵᠦ ᠤᠴᠢᠷᠯᠠᠬᠤ ᠳ᠋ᠠᠭᠠᠨ ᠠᠯᠤᠩᠭᠤᠸ᠎ᠠ ᠡᠬᠡ ᠶ᠋ᠢᠨ ᠲᠠᠪᠤᠨ ᠬᠥᠪᠡᠭᠦᠨ ᠦ᠌ ᠲᠤᠬᠠᠢ ᠳᠣᠮᠣᠭ ᠢ᠋ ᠶᠠᠷᠢᠵᠤ ᠥᠭᠴᠡᠢ᠃《ᠡᠷᠲᠡ ᠴᠠᠭ ᠲᠤ᠌ ᠲᠠ ᠨᠠᠷ ᠤ᠋ᠨ ᠳᠡᠭᠡᠳᠦ ᠡᠪᠦᠭᠡ ᠳᠣᠪᠣ ᠮᠡᠷᠭᠡᠨ ᠬᠣᠷᠢ ᠲᠦᠮᠡᠳ ᠦ᠋ᠨ ᠬᠤᠷᠢᠯᠠᠳᠠᠢ ᠮᠡᠷᠭᠡᠨ ᠦ᠌ ᠥᠬᠢᠨ᠂ ᠠᠷᠢᠭ ᠤᠰᠤᠨ  ᠠ᠋ᠴᠠ ᠲᠥᠷᠥᠭᠰᠡᠨ ᠠᠯᠤᠩᠭᠤᠸ᠎ᠠ ᠬᠡᠮᠡᠬᠦ ᠦᠵᠡᠰᠬᠦᠯᠡᠩᠲᠦ ᠡᠮ᠎ᠡ ᠶ᠋ᠢ ᠭᠡᠷᠭᠡᠢ ᠪᠣᠯᠭᠠᠵᠤ ᠪᠦᠭᠦᠨᠦᠲᠡᠢ᠂ ᠪᠡᠯᠭᠦᠨᠦᠲᠡᠢ ᠭᠡᠳᠡᠭ ᠬᠣᠶᠠᠷ ᠬᠥᠪᠡᠭᠦᠨ ᠲᠡᠢ ᠪᠣᠯᠵᠠᠢ᠃ ᠤᠳᠠᠯ ᠦᠭᠡᠢ ᠳᠣᠪᠣ ᠮᠡᠷᠭᠡᠨ ᠦᠬᠦᠵᠦ᠂ ᠠᠯᠤᠩᠭᠤᠸ᠎ᠠ ᠬᠠᠲᠤᠨ ᠪᠡᠯᠪᠡᠰᠦᠨ ᠪᠥᠭᠡᠲᠡᠯ᠎ᠡ ᠳᠠᠬᠢᠵᠤ ᠪᠤᠬ᠎ᠠ ᠬᠠᠲᠠᠭᠢ᠂ ᠪᠤᠬᠠᠲᠤ ᠰᠠᠯᠵᠢ᠂ ᠪᠣᠳᠣᠨᠴᠠᠷ ᠮᠤᠩᠬᠠᠭ ᠭᠡᠳᠡᠭ ᠭᠤᠷᠪᠠᠨ ᠬᠥᠪᠡᠭᠦᠨ ᠲᠥᠷᠥᠭᠦᠯᠵᠡᠢ᠃ ᠲᠡᠷᠡ ᠦᠶ᠎ᠡ ᠳ᠋ᠦ᠍ ᠳᠣᠪᠣ ᠮᠡᠷᠭᠡᠨ ᠢ᠋ ᠠᠮᠢᠳᠤ ᠠᠬᠤᠢ ᠳ᠋ᠤ᠌ ᠲᠥᠷᠥᠭᠰᠡᠨ ᠪᠦᠭᠦᠨᠦᠲᠡᠢ᠂ ᠪᠡᠯᠭᠦᠨᠦᠲᠡᠢ ᠬᠣᠶᠠᠷ ᠠᠯᠤᠩᠭᠤᠸ᠎ᠠ ᠡᠬᠡ ᠡᠴᠡ ᠪᠡᠨ ᠠᠩᠭᠢᠳᠠ ᠢᠩᠭᠢᠵᠦ ᠬᠡᠯᠡᠯᠴᠡᠵᠡᠢ᠃ 
       | ᠪᠢᠳᠡᠨ ᠦ᠌ ᠡᠬᠡ ᠣᠢᠷ᠎ᠠ ᠲᠥᠷᠥᠯ ᠦ᠋ᠨ ᠡᠷᠡᠭᠲᠡᠢ ᠬᠥᠮᠦᠨ ᠦᠭᠡᠢ ᠭᠡᠷ ᠲᠦ᠍᠂ ᠡᠷ᠎ᠡ ᠦᠭᠡᠢ ᠪᠥᠭᠡᠲᠡᠯ᠎ᠡ ᠡᠨᠡ ᠭᠤᠷᠪᠠᠨ ᠬᠥᠪᠡᠭᠦᠨ ᠢ᠋ ᠲᠥᠷᠥᠭᠦᠯᠪᠡ᠃ ᠭᠡᠷ ᠲᠦ᠍ ᠭᠠᠭᠴᠠᠬᠠᠨ ᠮᠠᠭᠠᠯᠢᠭ ᠪᠠᠶᠠᠭᠤᠳ ᠣᠪᠣᠭ ᠤ᠋ᠨ ᠭᠠᠭᠴᠠ ᠵᠠᠷᠤᠴᠠ ᠡᠷ᠎ᠡ ᠪᠠᠢᠨ᠎ᠠ᠃ ᠡᠨᠡ ᠭᠤᠷᠪᠠᠨ ᠬᠥᠪᠡᠭᠦᠨ ᠯᠠᠪ ᠲᠡᠭᠦᠨ ᠦ᠌ ᠬᠡᠦᠬᠡᠳ ᠪᠢᠵᠡ ᠭᠡᠵᠦ ᠶᠠᠷᠢᠬᠤ ᠶ᠋ᠢ ᠠᠯᠤᠩᠭᠤᠸ᠎ᠠ ᠰᠣᠨᠣᠰᠴᠠᠢ᠃ ᠬᠠᠪᠤᠷ ᠤ᠋ᠨ ᠨᠢᠭᠡ ᠡᠳᠦᠷ ᠬᠣᠨᠢᠨ ᠤ᠋ ᠪᠣᠷᠴᠠ ᠴᠢᠨᠠᠵᠤ ᠪᠦᠭᠦᠨᠦᠲᠡᠢ᠂ ᠪᠡᠯᠭᠦᠨᠦᠲᠡᠢ᠂ ᠪᠤᠬ᠎ᠠ ᠬᠠᠲᠠᠭᠢ᠂ ᠪᠤᠬᠠᠲᠤ ᠰᠠᠯᠵᠢ᠂ ᠪᠣᠳᠣᠨᠴᠠᠷ ᠮᠤᠩᠬᠠᠭ ᠲᠠᠪᠤᠨ ᠬᠥᠪᠡᠭᠦᠨ ᠢ᠋ᠶ᠋ᠡᠨ ᠵᠡᠷᠭᠡᠴᠡᠭᠦᠯᠦᠨ ᠰᠠᠭᠤᠯᠭᠠᠭᠠᠳ ᠬᠥᠮᠦᠨ ᠪᠦᠷᠢ ᠳ᠋ᠦ᠍ ᠨᠢᠭᠡ ᠨᠢᠭᠡ ᠰᠤᠮᠤ ᠥᠭᠴᠦ《ᠬᠤᠭᠤᠯ》 ᠭᠡᠪᠡᠯ ᠲᠡᠳᠡ ᠬᠢᠯᠪᠠᠷᠬᠠᠨ ᠢ᠋ᠶ᠋ᠠᠷ ᠬᠤᠭᠤᠯᠵᠠᠢ᠃ ᠪᠠᠰᠠ ᠲᠠᠪᠤᠨ ᠰᠤᠮᠤ ᠶ᠋ᠢ ᠪᠠᠭᠯᠠᠵᠤ《ᠬᠤᠭᠤᠯ》 ᠭᠡᠵᠦ ᠥᠭᠪᠡᠯ ᠬᠡᠨ ᠨᠢ ᠴᠦ᠍ ᠡᠰᠡ ᠴᠢᠳᠠᠵᠠᠢ᠃ ᠠᠯᠤᠩᠭᠤᠸ᠎ᠠ ᠡᠭᠦᠨ ᠢ᠋ ᠦᠵᠡᠭᠡᠳ 
       | ᠪᠦᠭᠦᠨᠦᠲᠡᠢ᠂ ᠪᠡᠯᠭᠦᠨᠦᠲᠡᠢ ᠲᠠ ᠬᠣᠶᠠᠷ ᠶᠠᠭᠤ ᠬᠡᠯᠡᠯᠴᠡᠭᠰᠡᠨ ᠢ᠋ ᠪᠢ ᠰᠣᠨᠣᠰᠪᠠ᠃ ᠲᠠ ᠬᠣᠶᠠᠷ ᠨᠠᠮᠠᠶ᠋ᠢ ᠡᠨᠡ ᠭᠤᠷᠪᠠᠨ ᠬᠥᠪᠡᠭᠦᠨ ᠢ᠋ ᠶᠠᠭᠠᠬᠢᠵᠤ ᠲᠥᠷᠥᠭᠦᠯᠪᠡ ᠭᠡᠵᠦ ᠰᠡᠵᠢᠭᠯᠡᠵᠦ ᠪᠠᠢᠨ᠎ᠠ᠃ ᠢᠩᠭᠢᠬᠦ ᠴᠢᠨᠢ ᠵᠥᠪ ᠪᠢᠵᠡ᠃ ᠭᠡᠪᠡᠴᠦ ᠲᠠ ᠨᠠᠷ ᠤᠴᠢᠷ ᠢ᠋ ᠮᠡᠳᠡᠬᠦ ᠦᠭᠡᠢ᠃ ᠰᠥᠨᠢ ᠪᠦᠷᠢ ᠴᠠᠭᠠᠨ ᠰᠢᠷ᠎ᠠ ᠬᠥᠮᠦᠨ ᠭᠡᠷ ᠦ᠋ᠨ ᠡᠷᠦᠬᠡ ᠲᠣᠲᠣᠭᠣ ᠪᠠᠷ ᠭᠡᠢᠭᠦᠯᠦᠨ ᠣᠷᠣᠵᠤ ᠢᠷᠡᠭᠡᠳ ᠮᠢᠨᠦ ᠬᠡᠪᠡᠯᠢ ᠶ᠋ᠢ ᠢᠯᠢᠬᠦ ᠳ᠋ᠦ᠍ ᠲᠡᠭᠦᠨ ᠦ᠌ ᠭᠡᠷᠡᠯ ᠮᠢᠨᠦ ᠬᠡᠪᠡᠯᠢ ᠳ᠋ᠦ᠍ ᠰᠢᠩᠭᠡᠬᠦ ᠪᠥᠯᠥᠭᠡ᠃ ᠲᠡᠷᠡ ᠬᠥᠮᠦᠨ ᠰᠠᠷᠠ ᠵᠢᠷᠭᠠᠮᠠᠭᠴᠠ ᠭᠠᠷᠴᠤ ᠣᠳᠤᠨ᠎ᠠ᠃ ᠲᠡᠭᠦᠨ ᠢ᠋ ᠦᠵᠡᠪᠡᠯ ᠡᠳᠡ ᠯᠠᠪ ᠲᠩᠷᠢ ᠶ᠋ᠢᠨ ᠬᠥᠪᠡᠭᠦᠳ ᠪᠢᠵᠡ᠃ ᠬᠠᠷᠠᠴᠤ ᠬᠥᠮᠦᠨ ᠲᠡᠢ ᠠᠳᠠᠯᠢᠳᠬᠠᠵᠤ ᠶᠠᠭᠠᠬᠢᠵᠤ ᠪᠣᠯᠤᠨ᠎ᠠ᠃ ᠬᠠᠮᠤᠭ ᠤ᠋ᠨ ᠬᠠᠭᠠᠳ  ᠪᠣᠯᠬᠤ ᠴᠠᠭ ᠲᠤ᠌ ᠬᠠᠷᠠᠴᠤ ᠬᠥᠮᠦᠨ ᠰᠠᠶᠢ ᠤᠴᠢᠷ ᠢ᠋ ᠮᠡᠳᠡᠨ᠎ᠡ᠃ ᠲᠠ ᠨᠠᠷ ᠲᠠᠪᠤᠭᠤᠯᠠ ᠮᠢᠨᠦ ᠬᠥᠪᠡᠭᠦᠳ᠃ ᠮᠢᠨᠦ ᠬᠡᠪᠡᠯᠢ ᠡᠴᠡ ᠴᠤᠪᠤᠷᠠᠵᠤ ᠲᠥᠷᠥᠭᠰᠡᠨ ᠪᠢᠰᠢ ᠤᠤ? ᠲᠠ ᠨᠠᠷ ᠭᠠᠭᠴᠠ ᠨᠢᠭᠡ ᠪᠡᠷ ᠰᠠᠯᠪᠠᠯ ᠨᠢᠭᠡ ᠰᠤᠮᠤ ᠮᠡᠲᠦ ᠬᠡᠨ ᠬᠥᠮᠦᠨ ᠳ᠋ᠦ᠍ ᠬᠢᠯᠪᠠᠷ ᠲᠠᠢᠯᠳᠠᠨ᠎ᠠ᠃ ᠲᠠ ᠨᠠᠷ ᠡᠪ ᠡᠶ᠎ᠡ ᠪᠡᠨ ᠨᠢᠭᠡᠳᠬᠡᠪᠡᠯ ᠪᠠᠭᠯᠠᠭᠰᠠᠨ ᠰᠤᠮᠤ ᠰᠢᠭ᠋ ᠪᠠᠲᠤ ᠪᠡᠬᠢ ᠪᠣᠯᠵᠤ ᠬᠡᠨ ᠳ᠋ᠦ᠍ ᠴᠦ᠍ ᠬᠢᠯᠪᠠᠷ ᠳᠡᠢᠯᠳᠡᠬᠦ ᠦᠭᠡᠢ ᠪᠣᠯᠤᠨ᠎ᠠ 》 ᠭᠡᠰᠡᠨ ᠳᠣᠮᠣᠭ ᠢ᠋ ᠥᠭᠡᠯᠦᠨ ᠥᠪᠡᠷ ᠦ᠋ᠨ ᠳᠥᠷᠪᠡᠨ ᠬᠥᠪᠡᠭᠦᠨ ᠳ᠋ᠡᠭᠡᠨ ᠰᠠᠢᠲᠤᠷ ᠤᠬᠠᠭᠤᠯᠤᠨ ᠶᠠᠷᠢᠵᠤ ᠥᠭᠴᠡᠢ᠃ ᠬᠥᠪᠡᠭᠦᠳ ᠨᠢ ᠪᠣᠳᠣᠯ ᠳ᠋ᠤ᠌ ᠠᠪᠲᠠᠨ ᠲᠣᠪ ᠳᠤᠭᠤᠢ ᠰᠠᠭᠤᠵᠠᠭᠠᠪᠠ᠃ ᠠᠮᠠ ᠲᠦᠷᠭᠡᠨ ᠬᠠᠰᠠᠷ ᠴᠤ᠌ ᠳᠤᠤᠭᠠᠷᠤᠭᠰᠠᠨ ᠦᠭᠡᠢ ᠳ᠋ᠦ᠍ ᠥᠭᠡᠯᠦᠨ ᠬᠥᠪᠡᠭᠦᠳ ᠤᠬᠠᠭᠠᠷᠠᠵᠤ ᠮᠡᠳᠡᠪᠡ ᠭᠡᠵᠦ ᠪᠠᠶᠠᠰᠴᠠᠢ᠃ ᠭᠡᠲᠡᠯ᠎ᠡ ᠲᠡᠷᠡ ᠳᠡᠯᠢᠮ ᠡᠨᠳᠡᠭᠦᠷᠡᠭᠰᠡᠨ ᠢ᠋ᠶ᠋ᠡᠨ ᠬᠣᠵᠢᠮ ᠣᠢᠯᠠᠭᠠᠭᠰᠠᠨ ᠪᠢᠯᠡ᠃ ᠡᠨᠡ ᠳᠣᠮᠣᠭ ᠢ᠋ ᠲᠡᠮᠦᠵᠢᠨ ᠲᠡᠭᠡᠬᠦ ᠳ᠋ᠦ᠍ ᠠᠩᠬ᠎ᠠ ᠤᠳᠠᠭ᠎ᠠ ᠰᠣᠨᠣᠰᠴᠠᠢ᠃ ᠪᠣᠳᠣᠨᠴᠠᠷ ᠪᠣᠭᠳᠠ ᠠ᠋ᠴᠠ ᠬᠥᠭᠡᠭᠡᠨ ᠪᠣᠳᠣᠵᠤ ᠦᠵᠡᠪᠡᠯ ᠲᠡᠮᠦᠵᠢᠨ ᠦ᠌ ᠤᠭ ᠭᠠᠷᠪᠠᠯᠢ ᠠᠯᠤᠩᠭᠤᠸ᠎ᠠ ᠡᠬᠡ ᠳ᠋ᠦ᠍ ᠣᠯᠳᠠᠭᠰᠠᠨ ᠲᠩᠷᠢ ᠶ᠋ᠢᠨ ᠦᠷ᠎ᠡ ᠰᠠᠲᠤ ᠪᠣᠯᠬᠤ ᠠᠵᠢ᠃ ᠡᠨᠡ ᠯᠡ ᠲᠡᠮᠦᠵᠢᠨ ᠳ᠋ᠦ᠍ ᠲᠤᠢᠯ ᠦᠭᠡᠢ ᠳᠣᠲᠣᠨᠣ ᠦᠨᠡᠮᠰᠢᠯᠲᠡᠢ ᠰᠠᠨᠠᠭᠳᠠᠪᠠ᠃ ᠦᠨᠡᠬᠡᠷ ᠲᠡᠳᠡᠨ ᠦ᠌ ᠤᠳᠤᠮ ᠲᠩᠷᠢ ᠡᠴᠡ ᠲᠥᠷᠥᠭᠰᠡᠨ ᠪᠣᠯ ᠲᠡᠷᠡ ᠥᠪᠡᠷ ᠢ᠋ᠶ᠋ᠡᠨ ᠬᠡᠨ ᠪᠣᠯᠬᠤ ᠪᠢᠯᠡ᠃《ᠬᠣᠵᠢᠮ ᠬᠣᠢᠨ᠎ᠠ ᠬᠠᠮᠤᠭ ᠤ᠋ᠨ ᠬᠠᠭᠠᠳ ᠪᠣᠯᠬᠤ ᠴᠠᠭ ᠲᠤ᠌ ᠬᠠᠷᠠᠴᠤ ᠬᠥᠮᠦᠨ ᠰᠠᠶᠢ ᠤᠴᠢᠷ ᠢ᠋ ᠮᠡᠳᠡᠨ᠎ᠡ》 ᠭᠡᠵᠦ ᠠᠯᠤᠩᠭᠤᠸ᠎ᠠ ᠡᠬᠡ ᠬᠡᠯᠡᠵᠡᠢ᠃ ᠬᠣᠵᠢᠮ ᠬᠣᠢᠨ᠎ᠠ ᠭᠡᠳᠡᠭ ᠨᠢ ᠬᠡᠵᠢᠶ᠎ᠡ ᠪᠣᠢ᠂ ᠬᠠᠮᠤᠭ ᠤ᠋ᠨ ᠬᠠᠭᠠᠳ ᠭᠡᠵᠦ ᠬᠡᠨ ᠢ᠋ ᠬᠡᠯᠡᠨ᠎ᠡ᠃ ᠶᠢᠰᠦᠭᠡᠢ ᠡᠴᠢᠭᠡ ᠡᠴᠡ ᠡᠮᠦᠨ᠎ᠡ ᠲᠡᠢᠮᠦ ᠬᠠᠮᠤᠭ ᠤ᠋ᠨ ᠬᠠᠭᠠᠳ ᠪᠠᠢᠭᠰᠠᠨ ᠢ᠋ ᠲᠡᠷᠡ ᠪᠠᠰᠠ ᠲᠣᠳᠣᠷᠬᠠᠢᠯᠠᠵᠤ ᠮᠡᠳᠡᠬᠦ ᠦᠭᠡᠢ ᠪᠠᠢᠯ᠎ᠠ᠃ ᠡᠴᠢᠭᠡ ᠶ᠋ᠢᠨ ᠶᠠᠷᠢᠶᠠᠨ ᠠ᠋ᠴᠠ ᠰᠣᠨᠣᠰᠤᠭᠰᠠᠨ ᠢ᠋ᠶ᠋ᠠᠨ ᠪᠣᠳᠣᠪᠠᠯ ᠲᠠᠲ᠋ᠠᠷ ᠲᠤ᠌ ᠪᠠᠷᠢᠭᠳᠠᠵᠤ ᠠᠯᠲᠠᠨ ᠤᠯᠤᠰ ᠲᠦ᠍ ᠬᠣᠷᠣᠭᠠᠭᠳᠠᠭᠰᠠᠨ ᠠᠮᠪᠠᠭᠠᠢ ᠬᠠᠭᠠᠨ ᠢ᠋ ᠡᠰᠡ ᠲᠣᠭᠠᠴᠠᠪᠠᠯ ᠶᠡᠷᠦ ᠶᠡᠬᠡ ᠬᠠᠭᠠᠨ ᠦᠭᠡᠢ ᠮᠡᠲᠦ᠃ ᠭᠡᠲᠡᠯ᠎ᠡ ᠡᠨᠡ ᠳᠣᠮᠣᠭ ᠲᠤ᠌ ᠶᠠᠭᠠᠬᠢᠬᠤ ᠠᠷᠭ᠎ᠠ ᠦᠭᠡᠢ ᠲᠡᠭᠦᠨ ᠦ᠌ ᠤᠳᠤᠮ《ᠬᠠᠮᠤᠭ ᠤ᠋ᠨ ᠬᠠᠭᠠᠨ ᠰᠠᠭᠤᠨ᠎ᠠ》 ᠭᠡᠵᠦ ᠬᠡᠯᠡᠵᠡᠢ᠃ ᠡᠴᠢᠭᠡ ᠨᠢ ᠯᠠᠪᠲᠠᠢ ᠶᠡᠬᠡ ᠬᠠᠭᠠᠨ ᠪᠣᠯᠤᠭᠰᠠᠨ ᠦᠭᠡᠢ᠃ ᠪᠦᠷ ᠪᠣᠷᠵᠢᠭᠢᠨ ᠠᠢᠮᠠᠭ ᠢ᠋ᠶ᠋ᠠᠨ ᠴᠦ᠍ ᠠᠯᠳᠠᠵᠠᠢ᠃ ᠣᠳᠣ ᠲᠡᠮᠦᠵᠢᠨ ᠪᠣᠯ ᠶᠠᠭᠠᠬᠢᠬᠤ ᠠᠷᠭ᠎ᠠ ᠦᠭᠡᠢ ᠡᠬᠡ ᠶ᠋ᠢᠨ ᠥᠭᠦᠯᠡᠭᠰᠡᠨ ᠳᠣᠮᠣᠭ ᠤ᠋ᠨ ᠶᠣᠰᠣᠭᠠᠷ ᠲᠩᠷᠢ ᠡᠴᠡ ᠭᠠᠷᠤᠯᠲᠤ ᠬᠥᠮᠦᠨ ᠪᠣᠳᠣᠨᠴᠠᠷ ᠪᠣᠭᠳᠠ ᠶ᠋ᠢᠨ ᠦᠷ᠎ᠡ ᠤᠳᠤᠮ᠂ ᠵᠠᠯᠭᠠᠮᠵᠢ ᠪᠣᠯᠬᠤ ᠠᠵᠢ᠃ ᠲᠡᠭᠦᠨ ᠢ᠋ ᠮᠠᠭᠤ ᠶᠠᠪᠤᠬᠤ ᠠᠪᠠᠰᠤ ᠬᠣᠵᠢᠮ ᠡᠨᠡ ᠮᠡᠲᠦ ᠥᠭᠦᠯᠡᠵᠦ ᠶᠠᠷᠢᠬᠤ ᠶᠣᠰᠣᠲᠠᠢ ᠶ᠋ᠢ ᠲᠡᠷᠡ ᠦᠨᠡᠨ ᠲᠣᠳᠣ ᠪᠠᠷ ᠮᠡᠳᠡᠪᠡ᠃ ᠲᠡᠷᠡ ᠶᠠᠭᠠᠬᠢᠪᠠᠯ ᠬᠣᠵᠢᠮ ᠬᠣᠢᠨ᠎ᠠ ᠰᠠᠢᠨ ᠰᠠᠢᠬᠠᠨ ᠢ᠋ᠶ᠋ᠠᠷ ᠳᠤᠷᠠᠰᠤᠭᠳᠠᠬᠤ ᠪᠢᠯᠡ ᠭᠡᠵᠦ ᠭᠣᠣᠯ ᠤ᠋ᠨ ᠡᠷᠭᠢ ᠶ᠋ᠢᠨ ᠵᠥᠭᠡᠯᠡᠨ ᠨᠣᠭᠣᠭᠠᠨ ᠳᠡᠭᠡᠷ᠎ᠡ ᠬᠡᠪᠲᠡᠭᠡᠳ ᠲᠩᠷᠢ ᠳ᠋ᠦ᠍ ᠡᠷᠭᠢᠯᠳᠦᠬᠦ ᠪᠦᠷᠭᠦᠳ ᠢ᠋ ᠬᠠᠷᠠᠨ ᠪᠣᠳᠣᠵᠤ ᠬᠡᠪᠲᠡᠪᠡ᠃ ᠣᠳᠣ ᠲᠡᠭᠦᠨ ᠦ᠌ ᠠᠮᠢᠳᠤᠷᠠᠯ ᠣᠭᠲᠣ ᠥᠭᠡᠷ᠎ᠡ ᠵᠣᠷᠢᠯᠭ᠎ᠠ ᠤᠴᠢᠷ ᠲᠠᠢ ᠮᠡᠲᠦ ᠰᠠᠨᠠᠭᠳᠠᠵᠠᠢ᠃ ᠲᠡᠭᠦᠨ ᠦ᠌ ᠡᠮᠦᠨ᠎ᠡ ᠣᠭᠲᠣ ᠬᠦᠷᠲᠡᠭᠡᠯ ᠦᠭᠡᠢ ᠠᠩᠵᠠᠭᠠᠷᠠᠳᠠᠭ ᠦᠭᠡᠢ ᠵᠠᠷᠢᠮ ᠨᠢᠭᠡ ᠵᠦᠢᠯᠡᠰ ᠦ᠋ᠨ ᠤᠳᠬ᠎ᠠ ᠤᠴᠢᠷ ᠲᠣᠳᠣᠷᠠᠬᠤ ᠰᠢᠭ᠋ ᠰᠠᠨᠠᠭᠳᠠᠨ᠎ᠠ᠃ ᠮᠡᠩᠯᠢᠭ ᠦ᠋ᠨ ᠳᠤᠮᠳᠠ ᠬᠥᠪᠡᠭᠦᠨ ᠪᠠᠯᠴᠢᠷ ᠬᠥᠭᠡᠴᠦ ᠴᠦ᠍ ᠪᠠᠰᠠ ᠲᠡᠭᠦᠨ ᠢ᠋《ᠬᠠᠨ ᠪᠣᠯᠤᠨ᠎ᠠ》 ᠭᠡᠵᠦ ᠬᠡᠯᠡᠭᠰᠡᠨ ᠪᠢᠯᠡ᠃ ᠭᠡᠲᠡᠯ᠎ᠡ ᠲᠡᠷᠡ ᠬᠥᠭᠡᠴᠦ ᠶ᠋ᠢᠨ ᠦᠭᠡ ᠶ᠋ᠢ ᠠᠯᠤᠩᠭᠤᠸ᠎ᠠ ᠡᠬᠡ ᠶ᠋ᠢᠨ ᠳᠣᠮᠣᠭ ᠲᠤ᠌ ᠬᠡᠯᠡᠭᠰᠡᠨ ᠲᠡᠢ ᠬᠣᠯᠪᠣᠨ ᠪᠣᠳᠣᠵᠤ ᠦᠵᠡᠪᠡᠯ ᠨᠡᠩ ᠪᠠᠬᠠᠷᠬᠠᠯᠲᠠᠢ ᠤᠴᠢᠷ ᠢ᠋ ᠲᠣᠳᠣᠷᠠᠭᠤᠯᠬᠤ ᠮᠡᠲᠦ᠃ ᠶᠡᠷᠦ ᠨᠢ ᠬᠥᠭᠡᠴᠦ ᠶ᠋ᠢᠨ ᠭᠠᠢᠬᠠᠯᠲᠠᠢ ᠡᠲᠡᠭᠡᠳ ᠴᠢᠳᠠᠪᠤᠷᠢ ᠨᠢ ᠬᠡᠯᠡᠬᠦ ᠦᠭᠡ ᠶ᠋ᠢ ᠨᠢ ᠦᠨᠡᠮᠰᠢᠯᠲᠡᠢ ᠪᠣᠯᠭᠠᠳᠠᠭ ᠪᠢᠯᠡ᠃ ᠬᠥᠭᠡᠴᠦ ᠶ᠋ᠢᠨ ᠬᠡᠯᠡᠭᠰᠡᠨ ᠢ᠋ ᠰᠣᠨᠣᠰᠤᠭᠠᠳ ᠲᠡᠮᠦᠵᠢᠨ ᠨᠢᠭᠡ ᠶᠡᠬᠡᠳᠡ ᠲᠣᠭᠣᠵᠤ ᠪᠣᠳᠣᠭ᠎ᠠ ᠦᠭᠡᠢ ᠴᠦ᠍ ᠮᠠᠷᠲᠠᠬᠤ ᠦᠭᠡᠢ ᠪᠡᠷ ᠰᠠᠨᠠᠵᠤ ᠠᠪᠤᠭᠰᠠᠨ ᠪᠢᠯᠡ᠃ ᠬᠠᠷᠢᠨ ᠰᠠᠶᠢ ᠡᠬᠡ ᠶ᠋ᠢᠨ ᠥᠭᠦᠯᠡᠭᠰᠡᠨ ᠳᠣᠮᠣᠭ ᠲᠤ᠌ ᠭᠠᠷᠬᠤ ᠪᠣᠳᠣᠨᠴᠠᠷ ᠮᠤᠩᠬᠠᠭ ᠪᠣᠯ ᠶᠠᠭᠠᠬᠢᠬᠤ ᠠᠷᠭ᠎ᠠ ᠦᠭᠡᠢ ᠲᠡᠭᠦᠨ ᠦ᠌ ᠡᠪᠦᠭᠡ᠂ ᠪᠠᠰᠠ ᠲᠩᠷᠢ ᠵᠠᠶᠠᠭᠠᠲᠤ ᠬᠥᠮᠦᠨ ᠪᠣᠯᠬᠤ ᠠᠵᠢ᠃ ᠪᠠᠰᠠ ᠬᠣᠵᠢᠮ ᠬᠣᠢᠨ᠎ᠠ ᠭᠡᠳᠡᠭ ᠨᠢ ᠯᠠᠪ ᠥᠪᠡᠷ ᠢ᠋ ᠨᠢ ᠬᠡᠯᠡᠭᠰᠡᠨ ᠮᠡᠲᠦ ᠰᠠᠨᠠᠭᠳᠠᠭᠠᠳ ᠲᠡᠮᠦᠵᠢᠨ ᠶᠡᠬᠡ ᠵᠦᠢᠯ ᠢ᠋ ᠪᠣᠳᠣᠵᠠᠢ᠃ ᠮᠠᠭᠠᠳ ᠦᠭᠡᠢ ᠲᠩᠷᠢ ᠬᠥᠭᠡᠴᠦ ᠳ᠋ᠦ᠍ ᠬᠡᠯᠡᠭᠰᠡᠨ ᠨᠢ ᠦᠨᠡᠨ ᠪᠠᠢᠵᠤ ᠮᠡᠳᠡᠨ᠎ᠡ᠃ ᠲᠡᠢᠨ ᠪᠣᠳᠣᠪᠠᠯ ᠠᠯᠤᠩᠭᠤᠸ᠎ᠠ ᠡᠬᠡ ᠶ᠋ᠢᠨ ᠳᠣᠮᠣᠭ ᠲᠤ᠌ ᠯᠠᠪ ᠲᠡᠮᠦᠵᠢᠨ ᠦ᠌ ᠲᠤᠬᠠᠢ ᠥᠭᠦᠯᠡᠭᠰᠡᠨ ᠪᠠᠢᠪᠠᠯ ᠶᠠᠭᠠᠬᠢᠨ᠎ᠠ ᠭᠡᠵᠦ ᠪᠣᠳᠣᠭᠳᠠᠭᠠᠳ ᠪᠣᠯᠤᠭᠰᠠᠨ ᠦᠭᠡᠢ᠃ ᠭᠡᠷ ᠡᠴᠡ ᠭᠠᠷᠤᠮᠠᠭᠴᠠ ᠲᠡᠮᠦᠵᠢᠨ ᠬᠥᠪᠡᠭᠦᠨ ᠨᠢ ᠭᠣᠣᠯ ᠤ᠋ᠨ ᠵᠦᠭ ᠲᠣᠪ ᠳᠤᠭᠤᠢ ᠶᠠᠪᠤᠵᠤ ᠣᠳᠬᠤ ᠶ᠋ᠢ ᠥᠭᠡᠯᠦᠨ ᠡᠬᠡ ᠬᠣᠢᠨ᠎ᠠ ᠠ᠋ᠴᠠ ᠨᠢ ᠬᠠᠷᠠᠵᠤ ᠵᠣᠭᠰᠣᠪᠠ᠃ ᠠᠯᠤᠩᠭᠤᠸ᠎ᠠ ᠡᠬᠡ ᠶ᠋ᠢᠨ ᠥᠭᠦᠯᠡᠭᠰᠡᠨ ᠡᠪ ᠨᠢᠭᠡᠳᠦᠯ ᠦ᠋ᠨ ᠲᠤᠬᠠᠢ ᠳᠣᠮᠣᠭ ᠢ᠋ ᠤᠬᠠᠭᠠᠷᠠᠨ ᠣᠢᠯᠠᠭᠠᠵᠤ᠂ ᠭᠡᠮᠰᠢᠯ ᠦ᠋ᠨ ᠪᠣᠳᠣᠯ ᠳ᠋ᠤ᠌ ᠠᠪᠲᠠᠵᠠᠢ ᠭᠡᠵᠦ ᠳᠠᠭᠠᠬᠤ ᠳ᠋ᠠᠭᠠᠨ ᠲᠡᠮᠦᠵᠢᠨ ᠬᠥᠪᠡᠭᠦᠨ ᠦ᠌ ᠪᠡᠨ ᠤᠬᠠᠭᠠᠨ ᠰᠡᠢᠷᠡᠭ ᠲᠦ᠍ ᠪᠠᠬᠠᠳᠤᠪᠠ᠃ ᠬᠠᠷᠢᠨ ᠦᠳᠡᠰᠢ ᠬᠡᠳᠦᠨ ᠠᠭᠲᠠ ᠪᠠᠨ ᠢᠳᠡᠰᠢᠯᠡᠭᠦᠯᠵᠦ ᠢᠷᠡᠭᠡᠳ ᠬᠣᠲᠠᠨ ᠤ᠋ ᠵᠠᠬ᠎ᠠ ᠳ᠋ᠤ᠌ ᠲᠡᠮᠦᠵᠢᠨ ᠬᠠᠰᠠᠷ ᠬᠣᠶᠠᠷ ᠤᠳᠠᠭᠠᠨ ᠰᠠᠭᠤᠵᠤ ᠨᠢᠭᠡᠨ ᠵᠦᠢᠯ ᠢ᠋ ᠴᠢᠬᠤᠯᠠᠴᠢᠯᠠᠨ ᠶᠠᠷᠢᠯᠴᠠᠬᠤ ᠶ᠋ᠢ ᠦᠵᠡᠪᠡᠯ ᠪᠦᠷ ᠲᠣᠮᠣ ᠬᠥᠮᠦᠨ ᠪᠣᠯᠤᠭᠰᠠᠨ ᠭᠡᠮᠡᠷ᠃ ᠥᠭᠡᠯᠦᠨ ᠠᠵᠠ ᠵᠢᠷᠭᠠᠯ ᠲᠠᠢ ᠪᠣᠯᠪᠠ᠃ ᠬᠥᠪᠡᠭᠦᠳ ᠨᠢ ᠬᠣᠭᠣᠷᠣᠨᠳᠣ ᠪᠠᠨ ᠯᠠᠪᠲᠠᠢ ᠬᠡᠷᠡᠯᠳᠦᠵᠦ ᠵᠣᠳᠣᠯᠳᠤᠬᠤ ᠦᠭᠡᠢ ᠨᠢ ᠯᠠᠪᠲᠠᠢ ᠪᠣᠯᠪᠠ ᠭᠡᠵᠦ ᠪᠠᠶᠠᠷᠯᠠᠵᠠᠢ᠃ ᠭᠡᠲᠡᠯ᠎ᠡ ᠥᠭᠡᠯᠦᠨ ᠬᠡᠴᠢᠨᠡᠨ ᠬᠣᠯᠠ ᠠᠨᠳᠠᠭᠤᠷᠠᠭᠰᠠᠨ ᠢ᠋ᠶ᠋ᠠᠨ ᠮᠠᠷᠭᠠᠰᠢ ᠨᠢ ᠮᠡᠳᠡᠭᠰᠡᠨ ᠪᠢᠯᠡ᠃ ᠲᠡᠮᠦᠵᠢᠨ ᠲᠡᠷᠡ ᠦᠳᠡᠰᠢ ᠪᠡᠭᠲᠡᠷ ᠢ᠋ ᠠᠯᠠᠬᠤ ᠦᠭᠡᠢ ᠪᠡᠷ ᠶᠢᠰᠦᠭᠡᠢ ᠶ᠋ᠢᠨ ᠡᠷᠦᠬᠡ ᠨᠢᠭᠡ ᠴᠦ᠍ ᠡᠳᠦᠷ ᠣᠷᠣᠰᠢᠵᠤ ᠴᠢᠳᠠᠬᠤ ᠦᠭᠡᠢ ᠪᠣᠯᠤᠭᠰᠠᠨ ᠢ᠋ ᠬᠠᠰᠠᠷ ᠲᠤ᠌ ᠬᠡᠯᠡᠵᠦ ᠲᠡᠭᠦᠨ ᠢ᠋ ᠬᠠᠷᠪᠤᠬᠤ ᠶ᠋ᠢ ᠱᠠᠭᠠᠷᠳᠠᠵᠤ ᠲᠡᠳᠡ ᠡᠢᠨ ᠤᠳᠠᠲᠠᠯ᠎ᠠ ᠰᠠᠭᠤᠵᠠᠭᠠᠭᠰᠠᠨ ᠠᠵᠢ᠃ ᠬᠠᠰᠠᠷ ᠨᠠᠰᠤ ᠪᠠᠷ ᠳᠡᠭᠦᠦ ᠪᠠᠰᠠ ᠡᠵᠢ ᠶ᠋ᠢᠨ ᠢ᠋ᠶ᠋ᠡᠨ ᠰᠡᠳᠬᠢᠯ ᠢ᠋ ᠶᠡᠬᠡᠳᠡ ᠬᠦᠨᠳᠦᠳᠬᠡᠨ ᠠᠶᠤᠬᠤ ᠲᠤᠯᠠ ᠲᠡᠮᠦᠵᠢᠨ ᠦ᠌ ᠱᠠᠭᠠᠷᠳᠠᠯᠭ᠎ᠠ ᠳ᠋ᠤ᠌ ᠲᠡᠢᠮᠦ ᠠᠮᠠᠷ ᠬᠢᠯᠪᠠᠷ ᠠᠪᠲᠠᠭᠳᠠᠭᠰᠠᠨ ᠦᠭᠡᠢ ᠴᠦ᠍ ᠠᠷᠭ᠎ᠠ ᠦᠭᠡᠢᠳᠡᠨ ᠵᠥᠪᠰᠢᠶᠡᠷᠡᠪᠡ᠃ ᠭᠡᠬᠦ ᠳ᠋ᠡᠭᠡᠨ ᠲᠡᠮᠦᠵᠢᠨ ᠲᠩᠷᠢ ᠶ᠋ᠢᠨ ᠤᠳᠤᠮ ᠪᠣᠯᠤᠭᠠᠳ《ᠬᠠᠮᠤᠭ ᠤ᠋ᠨ ᠬᠠᠭᠠᠨ》 ᠪᠣᠯᠬᠤ ᠲᠤᠬᠠᠢ ᠪᠣᠳᠣᠯ᠎ᠠ᠃ ᠬᠠᠰᠠᠷ ᠲᠤ᠌ ᠳᠤᠷᠠᠳᠤᠭᠰᠠᠨ ᠦᠭᠡᠢ᠃ ᠪᠠᠰᠠ ᠪᠡᠭᠲᠡᠷ ᠢ᠋ ᠠᠯᠠᠬᠤ ᠬᠡᠷᠡᠭᠲᠡᠢ ᠭᠡᠵᠦ ᠬᠥᠭᠡᠴᠦ ᠶ᠋ᠢᠨ ᠬᠡᠯᠡᠭᠰᠡᠨ ᠢ᠋ ᠴᠦ᠍ ᠴᠤᠬᠤᠢᠯᠭᠠᠭᠰᠠᠨ ᠦᠭᠡᠢ᠃ ᠬᠠᠰᠠᠷ ᠤᠭ ᠠ᠋ᠴᠠ ᠬᠥᠭᠡᠴᠦ ᠶ᠋ᠢ ᠦᠯᠦ ᠲᠣᠭᠣᠳᠠᠭ ᠪᠢᠯᠡ᠃ ᠭᠠᠭᠴᠠᠬᠠᠨ ᠭᠡᠷ ᠦ᠋ᠨ ᠳᠣᠲᠣᠷᠠᠬᠢ ᠡᠷᠬᠡ ᠶ᠋ᠢ ᠠᠪᠤᠮᠠᠭᠴᠠ ᠬᠠᠰᠠᠷ ᠢ᠋ ᠥᠪᠡᠷ ᠦ᠋ᠨ ᠦᠨᠡᠨᠴᠢ ᠨᠥᠬᠥᠷ ᠢ᠋ᠶ᠋ᠡᠨ ᠭᠡᠵᠦ ᠦᠵᠡᠨ ᠤᠳᠠᠭᠠᠬᠢ ᠡᠷᠬᠡ ᠶ᠋ᠢ ᠣᠯᠭᠣᠬᠤ ᠲᠤᠬᠠᠢ ᠯᠠ ᠠᠮᠠᠯᠠᠵᠠᠢ᠃ ᠬᠠᠰᠠᠷ ᠡᠭᠦᠨ ᠢ᠋ ᠵᠥᠪᠰᠢᠶᠡᠷᠡᠵᠦ ᠲᠡᠳᠡ ᠮᠠᠷᠭᠠᠰᠢ ᠨᠢ ᠪᠡᠭᠲᠡᠷ ᠢ᠋ ᠬᠠᠷᠪᠤᠨ ᠠᠯᠠᠭᠰᠠᠨ ᠪᠢᠯᠡ᠃ ᠬᠥᠪᠡᠭᠦᠳ ᠦ᠋ᠨ ᠬᠣᠭᠣᠷᠣᠨᠳᠣᠬᠢ ᠵᠥᠷᠢᠴᠡᠯ ᠡᠢᠨ ᠰᠢᠢᠳᠦᠭᠳᠡᠭᠰᠡᠨ ᠨᠢ ᠴᠣᠴᠢᠷ ᠡᠮᠭᠡᠨᠢᠯᠲᠡᠢ ᠪᠠᠢᠭᠰᠠᠨ ᠴᠤ᠌ ᠶᠠᠪᠤᠭᠠᠨ ᠳ᠋ᠠᠭᠠᠨ ᠡᠨᠡ ᠨᠢ ᠭᠠᠷᠴᠠᠭ᠎ᠠ ᠦᠭᠡᠢ ᠵᠥᠪ ᠪᠠᠢᠭᠰᠠᠨ ᠢ᠋ ᠥᠭᠡᠯᠦᠨ ᠣᠢᠯᠠᠭᠠᠵᠤ ᠨᠢᠯᠬ᠎ᠠ ᠪᠠᠭ᠎ᠠ ᠬᠡᠯᠲᠡ ᠦᠭᠡᠢ ᠲᠡᠮᠦᠵᠢᠨ ᠦ᠌ ᠵᠣᠷᠢᠭ᠂ ᠤᠬᠠᠭᠠᠨ ᠳ᠋ᠤ᠌ ᠪᠢᠰᠢᠷᠡᠪᠡ᠃ ᠦᠨᠡᠬᠡᠷ ᠲᠡᠮᠦᠵᠢᠨ ᠳ᠋ᠦ᠍ ᠠᠯᠤᠩᠭᠤᠸ᠎ᠠ ᠡᠬᠡ ᠶ᠋ᠢᠨ ᠳᠣᠮᠣᠭ ᠢ᠋ ᠬᠡᠷᠡᠭᠵᠢᠭᠦᠯᠬᠦ ᠳ᠋ᠦ᠍ᠨᠢ ᠰᠠᠭᠠᠳ ᠪᠣᠯᠤᠭᠰᠠᠨ ᠠᠩᠬᠠᠨ ᠤ᠋ ᠳᠠᠢᠰᠤᠨ ᠨᠢ ᠪᠡᠭᠲᠡᠷ ᠪᠠᠢᠪᠠ᠃ ᠪᠡᠭᠲᠡᠷ ᠲᠦ᠍ ᠥᠪᠡᠷ ᠦ᠋ᠨ ᠬᠤᠪᠢ ᠵᠣᠬᠢᠶᠠᠯ ᠢ᠋ ᠠᠯᠳᠠᠵᠤ ᠪᠣᠯᠬᠤ ᠦᠭᠡᠢ ᠶ᠋ᠢ ᠲᠡᠮᠦᠵᠢᠨ ᠤᠬᠠᠭᠠᠷᠠᠵᠤ ᠡᠢᠮᠦ ᠡᠷᠡᠰ ᠵᠣᠷᠢᠭᠲᠠᠢ᠂ ᠪᠦᠷ ᠠᠶᠤᠮᠰᠢᠭᠲᠠᠢ ᠵᠡᠷᠯᠢᠭ ᠭᠡᠮᠡᠷ ᠦᠢᠯᠡ ᠬᠢᠭᠰᠡᠨ ᠢ᠋ ᠥᠭᠡᠯᠦᠨ ᠣᠢᠯᠠᠭᠠᠭ᠎ᠠ ᠦᠭᠡᠢ ᠶᠦᠮ᠃ ᠲᠡᠷᠡ ᠬᠥᠪᠡᠭᠦᠨ ᠢ᠋ᠶ᠋ᠡᠨ ᠠᠭᠤᠷ ᠤ᠋ᠨ ᠴᠣᠴᠢᠷ ᠲᠤ᠌ ᠬᠢᠪᠡ ᠭᠡᠵᠦ ᠰᠠᠨᠠᠭᠰᠠᠨ ᠪᠢᠯᠡ᠃ ᠰᠣᠴᠢᠭᠠᠯ ᠤ᠋ᠨ ᠣᠢ ᠭᠠᠰᠢᠭᠤ ᠶ᠋ᠢ ᠲᠠᠢᠳᠬᠤᠷᠠᠭᠤᠯᠬᠤ ᠬᠡᠴᠡᠭᠦᠦ ᠪᠠᠢᠭᠰᠠᠨ ᠴᠤ᠌ ᠥᠨᠥᠴᠢᠨ ᠭᠠᠭᠴᠠ ᠦᠯᠡᠳᠡᠭᠰᠡᠨ ᠪᠡᠯᠭᠦᠳᠡᠢ ᠬᠥᠪᠡᠭᠦᠨ ᠢ᠋ᠶ᠋ᠡᠨ ᠳᠠᠬᠢᠨ ᠠᠯᠳᠠᠬᠤ ᠦᠭᠡᠢ ᠶ᠋ᠢᠨ ᠲᠤᠯᠠᠳᠠ ᠲᠡᠮᠦᠵᠢᠨ ᠳ᠋ᠦ᠍ ᠪᠠᠭᠤᠵᠤ ᠥᠭᠬᠦ ᠡᠴᠡ ᠥᠭᠡᠷ᠎ᠡ ᠵᠠᠮ ᠲᠡᠷᠡ ᠡᠮ᠎ᠡ ᠳ᠋ᠦ᠍ ᠦᠯᠡᠳᠡᠭᠰᠡᠨ ᠦᠭᠡᠢ᠃ 
       | ᠴᠢ ᠦᠷᠭᠦᠯᠵᠢ ᠨᠠᠳᠠᠳᠤ ᠦᠨᠡᠨᠴᠢ ᠵᠢᠳᠬᠦᠨ᠎ᠡ ᠭᠡᠵᠦ ᠠᠨᠳᠠᠭᠠᠢᠯᠠᠪᠠᠯ ᠪᠢᠳᠡ ᠴᠢᠮᠠᠶ᠋ᠢ ᠠᠮᠢᠳᠤ ᠦᠯᠡᠳᠡᠭᠡᠶ᠎ᠡ᠃ ᠦᠭᠡᠢ ᠪᠣᠯ ᠴᠢᠮᠠᠶ᠋ᠢ ᠪᠡᠭᠲᠡᠷ ᠦ᠋ᠨ ᠠᠳᠠᠯᠢ ᠦᠬᠦᠭᠦᠯᠦᠶ᠎ᠡ ᠭᠡᠵᠦ ᠲᠡᠮᠦᠵᠢᠨ ᠪᠡᠯᠭᠦᠳᠡᠢ ᠳ᠋ᠦ᠍ ᠬᠡᠯᠡᠵᠡᠢ᠃ ᠡᠨᠡ ᠦᠭᠡ ᠶ᠋ᠢ ᠥᠭᠡᠯᠦᠨ ᠰᠣᠴᠢᠭᠠᠯ ᠬᠣᠶᠠᠷ ᠬᠣᠶᠠᠭᠤᠯᠠ ᠰᠣᠨᠣᠰᠤᠭᠰᠠᠨ ᠪᠢᠯᠡ᠃ ᠢᠩᠭᠢᠵᠦ ᠠᠷᠪᠠᠨ ᠭᠤᠷᠪᠠᠨ ᠨᠠᠰᠤᠲᠠᠢ ᠳ᠋ᠠᠭᠠᠨ ᠲᠡᠮᠦᠵᠢᠨ ᠦ᠌ ᠠᠩᠬ᠎ᠠ ᠤᠳᠠᠭ᠎ᠠ ᠬᠢᠭᠰᠡᠨ ᠠᠯᠠᠯᠭ᠎ᠠ ᠶ᠋ᠢᠨ ᠬᠦᠴᠦ ᠪᠡᠷ ᠶᠢᠰᠦᠭᠡᠢ ᠶ᠋ᠢᠨ ᠡᠷᠦᠬᠡ ᠭᠡᠷ ᠲᠦ᠍ ᠬᠡᠷᠡᠭᠦᠯ ᠵᠥᠷᠢᠴᠡᠯ ᠦᠭᠡᠢ ᠪᠣᠯᠪᠠ᠃ ᠪᠠᠰᠠ ᠡᠨᠡ ᠬᠡᠷᠡᠭ᠂ ᠳᠣᠮᠣᠭ ᠲᠤ᠌ ᠥᠭᠦᠯᠡᠭᠰᠡᠨ ᠰᠢᠭ ᠲᠡᠭᠦᠨ ᠢ᠋ ᠲᠩᠷᠢ ᠡᠴᠡ ᠵᠠᠶᠠᠭᠠᠲᠠᠢ ᠪᠣᠯᠬᠤ ᠶ᠋ᠢ ᠨᠢ ᠨᠤᠲᠠᠯᠠᠭᠰᠠᠨ ᠮᠡᠲᠦ ᠲᠡᠮᠦᠵᠢᠨ ᠳ᠋ᠦ᠍ ᠰᠠᠨᠠᠭᠳᠠᠵᠠᠢ᠃ ᠡᠷᠦᠬᠡ ᠭᠡᠷ ᠦ᠋ᠨ ᠳᠣᠲᠣᠷ᠎ᠠ ᠲᠡᠭᠦᠨ ᠢ᠋ ᠡᠰᠡᠷᠭᠦᠴᠡᠨ ᠲᠡᠮᠡᠴᠡᠬᠦ ᠬᠥᠮᠦᠨ ᠦᠭᠡᠢ ᠪᠣᠯᠤᠭᠰᠠᠨ ᠨᠢ ᠰᠠᠢᠨ ᠬᠡᠷᠡᠭ ᠴᠦ᠍ ᠨᠡᠷ᠎ᠡ ᠲᠥᠷᠥ᠂ ᠬᠦᠴᠦ ᠴᠢᠳᠠᠯ ᠲᠠᠢ ᠪᠣᠯᠤᠨ᠎ᠠ ᠭᠡᠳᠡᠭ ᠥᠪᠡᠷ ᠢ᠋ᠶ᠋ᠡᠨ ᠣᠯᠠᠨ ᠣᠯᠠᠨ ᠳᠠᠢᠰᠤᠨ ᠢ᠋ ᠬᠥᠯ ᠦ᠋ᠨ ᠳᠣᠣᠷᠠᠬᠢ ᠨᠣᠭᠣᠭ᠎ᠠ ᠰᠢᠭ᠋ ᠤᠷᠭᠤᠭᠤᠯᠤᠨ ᠲᠥᠯᠵᠢᠭᠦᠯᠳᠡᠭ ᠢ᠋ ᠲᠡᠮᠦᠵᠢᠨ ᠮᠡᠳᠡᠬᠦ ᠪᠣᠯᠤᠭ᠎ᠠ ᠦᠭᠡᠢ ᠪᠠᠢᠯ᠎ᠠ᠃ ᠥᠭᠡᠯᠦᠨ ᠮᠡᠩᠯᠢᠭ ᠡᠴᠡ ᠰᠠᠯᠤᠭᠰᠠᠨ ᠢ᠋ᠶ᠋ᠠᠷ ᠬᠠᠮᠤᠭ ᠵᠣᠪᠠᠯᠠᠩ ᠪᠡᠷᠬᠡᠰᠢᠶᠡᠯ ᠢ᠋ ᠥᠪᠡᠷ ᠦ᠋ᠨ ᠶᠠᠳᠠᠭᠤ ᠪᠡᠶ᠎ᠡ ᠳ᠋ᠦ᠍ ᠡᠭᠦᠷᠦᠭᠰᠡᠨ ᠴᠦ᠍ ᠶᠠᠭᠤ ᠪᠠᠷ ᠴᠦ᠍ ᠰᠣᠯᠢᠵᠤ ᠦᠨᠡᠯᠡᠵᠦ ᠪᠣᠯᠬᠤ ᠦᠭᠡᠢ ᠶᠢᠰᠦᠭᠡᠢ ᠶ᠋ᠢᠨ ᠨᠡᠷ᠎ᠡ ᠲᠥᠷᠥ ᠶ᠋ᠢ ᠲᠡᠮᠦᠵᠢᠨ ᠬᠥᠪᠡᠭᠦᠨ ᠳ᠋ᠡᠭᠡᠨ ᠥᠪᠯᠡᠭᠦᠯᠦᠨ ᠦᠯᠡᠳᠡᠭᠡᠵᠦ ᠴᠢᠳᠠᠭᠰᠠᠨ ᠳ᠋ᠠᠭᠠᠨ ᠪᠠᠬᠠᠷᠬᠠᠯᠲᠠᠢ ᠪᠠᠢᠯ᠎ᠠ᠃ ᠣᠳᠣ ᠭᠠᠭᠴᠠᠬᠠᠨ ᠠᠮᠢᠳᠤ ᠦᠯᠡᠳᠡᠬᠦ᠂ ᠬᠥᠪᠡᠭᠦᠨ ᠢ᠋ᠶ᠋ᠡᠨ ᠥᠪᠡᠷ ᠢ᠋ ᠪᠡᠨ ᠬᠠᠮᠠᠭᠠᠯᠠᠬᠤ ᠴᠢᠳᠠᠯᠲᠠᠢ ᠪᠣᠯᠭᠠᠬᠤ ᠯᠠ ᠦᠯᠡᠳᠡᠵᠡᠢ᠃ ᠮᠡᠩᠯᠢᠭ ᠭᠡᠨᠡᠳᠲᠡ ᠨᠡᠭᠦᠵᠦ ᠣᠳᠤᠭᠰᠠᠨ ᠳ᠋ᠤ᠌ ᠥᠭᠡᠷ᠎ᠡ ᠪᠠᠰᠠ ᠨᠢᠭᠡ ᠤᠴᠢᠷ ᠪᠠᠢᠭᠰᠠᠨ ᠢ᠋ ᠲᠡᠷᠡ ᠪᠡᠷ ᠠᠭᠤᠷᠰᠠᠭᠰᠠᠨ ᠳ᠋ᠠᠭᠠᠨ ᠬᠡᠯᠡᠯ ᠦᠭᠡᠢ ᠣᠳᠤᠭᠰᠠᠨ ᠪᠢᠯᠡ᠃ ᠡᠨᠡ ᠪᠣᠯ ᠲᠠᠢᠴᠢᠭᠤᠳ ᠤ᠋ᠨ ᠲᠤᠬᠠᠢ ᠶᠤᠮ᠃ ᠳ᠋ᠠᠢ ᠰᠡᠴᠡᠨ ᠦ᠌ ᠭᠡᠷ ᠡᠴᠡ ᠲᠡᠮᠦᠵᠢᠨ ᠢ᠋ ᠳᠠᠭᠠᠭᠤᠯᠤᠨ ᠪᠤᠴᠠᠬᠤ ᠵᠠᠮ ᠳ᠋ᠤ᠌ ᠶᠢᠰᠦᠭᠡᠢ ᠶ᠋ᠢᠨ ᠠᠭᠳᠠᠴᠢ ᠪᠠᠢᠭᠰᠠᠨ ᠲᠤᠷᠬᠠᠢ ᠡᠪᠦᠭᠡᠨ ᠬᠡᠭᠡᠷ᠎ᠡ ᠲᠠᠭᠠᠷᠠᠵᠤ᠂ ᠭᠡᠷ ᠲᠡᠭᠡᠨ ᠬᠠᠷᠢᠨ᠎ᠠ ᠭᠡᠬᠦ ᠡᠴᠡ ᠪᠠᠢᠵᠤ ᠶᠠᠳᠠᠨ ᠲᠦᠷᠦᠭᠦᠯᠡᠨ ᠳᠠᠪᠬᠢᠵᠤ ᠣᠳᠤᠭᠰᠠᠨ ᠲᠡᠮᠦᠵᠢᠨ ᠦ᠌ ᠬᠣᠢᠨ᠎ᠠ ᠠ᠋ᠴᠠ ᠬᠠᠷᠠᠵᠤ ᠵᠣᠭᠰᠣᠭᠠᠳ 
       | ᠶᠢᠰᠦᠭᠡᠢ ᠶ᠋ᠢᠨ ᠬᠥᠪᠡᠭᠦᠨ ᠬᠤᠷᠠᠭ᠎ᠠ ᠰᠢᠭ᠋ ᠪᠣᠢᠵᠢᠵᠤ ᠲᠥᠯᠥᠭᠡ ᠰᠢᠭ ᠲᠥᠯᠵᠢᠵᠡᠢ᠃ ᠤᠳᠠᠬᠤ ᠦᠭᠡᠢ ᠲᠠᠷᠭᠤᠲᠠᠢ ᠪᠠᠷᠢᠵᠤ ᠠᠪᠠᠴᠢᠵᠤ ᠵᠠᠷᠤᠴᠠᠯᠠᠨ᠎ᠠ ᠳᠠ ᠴᠢᠮᠠᠶ᠋ᠢ ᠭᠡᠵᠦ ᠬᠡᠯᠡᠭᠰᠡᠨ ᠪᠢᠯᠡ᠃ 
       | ᠮᠡᠩᠯᠢᠭ ᠮᠢᠨᠢ᠂ ᠪᠢ ᠴᠢᠨᠦ ᠡᠴᠢᠭᠡ ᠶ᠋ᠢᠨ ᠬᠠᠮᠲᠤ ᠶᠢᠰᠦᠭᠡᠢ ᠶ᠋ᠢᠨ ᠠᠭᠲᠠ ᠶ᠋ᠢᠨ ᠳᠣᠭᠰᠢᠨ ᠢ᠋ ᠰᠤᠷᠭᠠᠵᠤ᠂ ᠲᠠᠷᠬᠠᠭᠰᠠᠨ ᠢ᠋ ᠬᠤᠷᠢᠶᠠᠵᠤ ᠶᠠᠪᠤᠭᠰᠠᠨ ᠲᠤᠯᠠ ᠴᠢᠮᠠᠶ᠋ᠢ ᠬᠥᠪᠡᠭᠦᠨ ᠰᠢᠭ ᠢ᠋ᠶ᠋ᠡᠨ ᠰᠠᠨᠠᠵᠤ ᠶᠠᠭᠤ ᠴᠤ᠌ ᠦᠯᠦ ᠨᠢᠭᠤᠨ᠎ᠠ᠃ ᠪᠢ ᠰᠠᠶᠢ ᠴᠢᠮ᠎ᠠ ᠳ᠋ᠤ᠌ ᠲᠠᠢᠴᠢᠭᠤᠳ ᠤ᠋ᠨ ᠶᠡᠬᠡᠰ ᠦ᠋ᠨ ᠨᠠᠢᠷ ᠤ᠋ᠨ ᠳᠡᠭᠡᠷ᠎ᠡ ᠲᠠᠷᠭᠤᠲᠠᠢ ᠶ᠋ᠢᠨ ᠬᠡᠯᠡᠭᠰᠡᠨ ᠢ᠋ ᠰᠣᠨᠣᠰᠤᠭᠰᠠᠨ ᠢ᠋ᠶ᠋ᠠᠨ ᠬᠡᠯᠡᠪᠡ᠃ ᠲᠡᠷᠡ ᠲᠠᠷᠭᠤᠲᠠᠢ ᠶᠢᠰᠦᠭᠡᠢ ᠶ᠋ᠢᠨ ᠡᠷᠬᠡᠨ ᠳ᠋ᠦ᠍ ᠶᠠᠪᠤᠭᠰᠠᠨ ᠢ᠋ᠶ᠋ᠠᠨ ᠦᠰ ᠰᠠᠨᠠᠵᠤ ᠣᠳᠣ ᠬᠥᠪᠡᠭᠦᠳ ᠢ᠋ ᠨᠢ ᠠᠮᠠᠨ ᠤ᠋ ᠠᠯᠴᠢᠭᠤᠷ᠂ ᠠᠳᠠᠰᠬᠠᠨ ᠤ᠋ ᠰᠢᠷᠣᠢ ᠪᠣᠯᠭᠠᠬᠤ ᠶ᠋ᠢ ᠬᠦᠰᠡᠵᠦ ᠪᠠᠢᠨ᠎ᠠ᠃ ᠴᠢᠮᠠᠶ᠋ᠢ ᠲᠡᠳᠡᠨ ᠲᠡᠢ ᠬᠠᠮᠲᠤ ᠪᠠᠢᠬᠤ ᠶ᠋ᠢ ᠦᠵᠡᠪᠡᠯ ᠯᠠᠪ ᠠᠮᠢᠳᠤ ᠦᠯᠡᠳᠡᠭᠡᠬᠦ ᠦᠭᠡᠢ ᠪᠢᠵᠡ᠃ ᠬᠦᠦ ᠮᠢᠨᠢ ᠴᠢ ᠰᠠᠢᠨ ᠪᠤᠳᠤᠭᠲᠤᠨ ᠭᠡᠰᠡᠨ ᠪᠢᠯᠡ᠃ ᠡᠪᠦᠭᠡᠨ ᠲᠤᠷᠬᠠᠢ ᠶ᠋ᠢᠨ ᠦᠭᠡ ᠲᠤᠢᠯᠪᠤᠷᠢ ᠦᠭᠡᠢ ᠦᠨᠡᠨ ᠲᠤᠯᠠ ᠮᠡᠩᠯᠢᠭ ᠬᠡᠨ ᠳ᠋ᠦ᠍ ᠴᠦ᠍ ᠬᠡᠯᠡᠯ ᠦᠭᠡᠢ ᠠᠮᠢ ᠪᠠᠨ ᠪᠣᠳᠣᠨ ᠣᠳᠴᠠᠢ᠃ ᠬᠡᠨ ᠲᠡᠭᠦᠨ ᠢ᠋ ᠢᠩᠭᠢᠪᠡ ᠭᠡᠵᠦ ᠰᠢᠭᠦᠮᠵᠢᠯᠡᠬᠦ ᠪᠢᠯᠡ᠃ ᠦᠨᠡᠬᠡᠷ ᠲᠤᠷᠬᠠᠢ ᠡᠪᠦᠭᠡᠨ ᠦ᠌ ᠬᠡᠯᠡᠭᠰᠡᠨ ᠢ᠋ᠶ᠋ᠡᠷ ᠲᠠᠷᠭᠤᠲᠠᠢ ᠲᠠᠢᠴᠢᠭᠤᠳ ᠢ᠋ᠶ᠋ᠠᠨ ᠳᠠᠭᠠᠭᠤᠯᠤᠨ ᠢᠷᠡᠵᠦ ᠲᠡᠮᠦᠵᠢᠨ ᠢ᠋ ᠪᠠᠷᠢᠵᠤ ᠣᠳᠪᠠ᠃ ᠲᠡᠮᠦᠵᠢᠨ ᠢ᠋ ᠨᠡᠩ ᠶᠡᠬᠡ ᠭᠠᠢᠬᠠᠭᠤᠯᠤᠭᠰᠠᠨ ᠵᠦᠢᠯ ᠨᠢ ᠪᠦᠬᠦ ᠬᠡᠷᠡᠭ ᠬᠡᠳᠦᠨ ᠵᠢᠯ ᠦ᠋ᠨ ᠡᠮᠦᠨ᠎ᠡ ᠬᠥᠭᠡᠴᠦ ᠰᠠᠯᠵᠤ ᠣᠳᠬᠤ ᠳ᠋ᠠᠭᠠᠨ ᠬᠡᠯᠡᠭᠰᠡᠨ ᠶᠣᠰᠣᠭᠠᠷ ᠪᠣᠯᠤᠭᠰᠠᠨ ᠶᠠᠪᠤᠳᠠᠯ ᠮᠥᠨ᠃ ᠬᠥᠭᠡᠴᠦ ᠶ᠋ᠢᠨ ᠬᠡᠯᠡᠭᠰᠡᠨ ᠢ᠋ᠶ᠋ᠡᠷ ᠲᠡᠷᠡ ᠪᠡᠭᠲᠡᠷ ᠢ᠋ ᠠᠯᠠᠵᠤ᠂ ᠳᠠᠷᠠᠭ᠎ᠠ ᠨᠢ ᠲᠠᠷᠭᠤᠲᠠᠢ ᠳᠣᠪᠲᠣᠯᠤᠨ ᠢᠷᠡᠵᠡᠢ᠃ ᠬᠡᠷᠪᠡ ᠬᠥᠭᠡᠴᠦ ᠦᠨᠡᠨ ᠬᠡᠯᠡᠭᠰᠡᠨ ᠪᠣᠯ ᠲᠠᠷᠭᠤᠲᠠᠢ ᠲᠡᠭᠦᠨ ᠢ᠋ ᠠᠯᠠᠬᠤ ᠦᠭᠡᠢ ᠠᠵᠢ᠃ ᠬᠥᠪᠡᠭᠦᠨ ᠢ᠋ᠶ᠋ᠡᠨ ᠠᠯᠳᠠᠭᠰᠠᠨ ᠬᠣᠢᠨ᠎ᠠ ᠥᠭᠡᠯᠦᠨ ᠳᠠᠬᠢᠭᠠᠳ ᠯᠠ ᠥᠪᠡᠷ ᠦ᠋ᠨ ᠰᠢᠢᠳᠪᠦᠷᠢ ᠵᠥᠪ ᠡᠰᠡᠬᠦ ᠳ᠋ᠦ᠍ ᠡᠷᠡᠭᠡᠯᠵᠡᠵᠦ ᠥᠪᠡᠷ ᠢ᠋ ᠪᠡᠨ ᠬᠠᠷᠢᠶᠠᠵᠤ ᠵᠥᠭᠡᠬᠦ ᠪᠣᠯᠪᠠ᠃ ᠶᠠᠭᠤᠨ ᠳ᠋ᠤ᠌ ᠲᠡᠮᠦᠵᠢᠨ ᠢ᠋ ᠳ᠋ᠠᠢ ᠰᠡᠴᠡᠨ ᠦ᠌ ᠭᠡᠷ ᠡᠴᠡ ᠳᠠᠭᠤᠳᠠᠨ ᠢᠷᠡᠪᠡ᠃ ᠳᠡᠭᠡᠭᠡ ᠦᠭᠡᠢ ᠪᠣᠯ ᠬᠥᠪᠡᠭᠦᠨ ᠨᠢ ᠵᠥᠪ ᠵᠦᠭᠡᠷ ᠡᠰᠡᠨ ᠮᠡᠨᠳᠦ ᠪᠠᠢᠬᠤ ᠪᠠᠢᠪᠠ᠃ ᠥᠭᠡᠯᠦᠨ ᠬᠡᠷᠡᠭ ᠦ᠋ᠨ ᠪᠦᠬᠦ ᠪᠤᠷᠤᠭᠤ ᠪᠤᠯᠢᠬᠠᠢ ᠶ᠋ᠢ ᠥᠪᠡᠷ ᠲᠡᠭᠡᠨ ᠠᠪᠴᠠᠢ᠃ ᠪᠦᠷ ᠬᠠᠰᠠᠷ ᠬᠦᠷᠲᠡᠯ᠎ᠡ ᠡᠬᠡ ᠶ᠋ᠢ ᠪᠡᠨ ᠵᠢᠮᠡᠯᠡᠬᠦ ᠪᠣᠯᠪᠠ᠃ ᠣᠳᠣ ᠲᠡᠭᠦᠨ ᠳ᠋ᠦ᠍ ᠲᠠᠷᠭᠤᠲᠠᠢ ᠬᠡᠳᠦᠢ ᠬᠠᠷᠭᠢᠰ ᠬᠠᠬᠢᠷᠴᠢ ᠭᠡᠯ᠎ᠡ ᠬᠥᠪᠡᠭᠦᠨ ᠢ᠋ ᠨᠢ ᠠᠷᠠᠢ ᠠᠯᠠᠬᠤ ᠦᠭᠡᠢ ᠪᠢᠵᠡ ᠭᠡᠰᠡᠨ ᠬᠠᠭᠠᠰ ᠳᠤᠲᠠᠭᠤ ᠢᠲᠡᠭᠡᠯ ᠭᠣᠷᠢᠳᠠᠯᠭ᠎ᠠ ᠦᠯᠡᠳᠡᠵᠡᠢ᠃ ᠣᠳᠣ ᠲᠡᠷᠡ ᠬᠠᠮᠢᠭ᠎ᠠ ᠣᠴᠢᠵᠤ ᠬᠡᠨ ᠳ᠋ᠦ᠍ ᠬᠡᠯᠡᠬᠦ ᠪᠢᠯᠡ᠃   

        ᠦᠰᠦᠭ ᠠᠮᠢᠯᠠᠭᠤᠯᠤᠭᠴᠢ᠄  ᠭᠡᠷᠡᠯ᠂ ᠬᠡᠷᠡᠶ᠋ᠢᠳ ᠮᠥᠩᠬᠡᠨᠠᠰᠤᠨ᠂ ᠬᠡᠯᠡᠰᠣᠶᠤᠯ᠂ ( ᠪᠤᠤ ᠸᠸᠨ ᠬᠤᠸᠠ)᠂ ᠱᠠᠭᠰᠠᠯ᠂ 
                                  ᠠᠯᠲᠠᠨᠴᠡᠴᠡᠭ᠂ ᠨᠠᠷᠠᠨᠲᠤᠶᠠᠭ᠎ᠠ᠂ ᠰᠡᠴᠡᠨᠴᠢᠮᠡᠭ᠂ ᠵᠢᠩᠯᠢᠬᠤᠸᠠᠷ᠂ ᠡᠩᠬᠡᠪᠠᠲᠤ᠂ ᠠᠷᠢᠭᠤᠨ᠂ 
                                  ᠮᠥᠩᠭᠥᠨ᠂ ᠴᠡᠴᠡᠭ᠂ ᠪᠠᠶᠠᠨᠰᠡᠷᠡᠩ᠂ ᠣᠶᠤᠨᠪᠢᠯᠢᠭ᠌᠂ ᠳᠡᠭᠦᠵᠠᠶᠠᠭ᠎ᠠ
           ᠬᠢᠨᠠᠭᠴᠢ᠄ ᠣᠳᠬᠠᠨᠰᠣ᠎ᠠ᠂ ᠰᠡᠬᠡᠭᠡᠷᠡᠯ᠂ ᠮᠣᠩᠭᠣᠯ ᠰᠦᠨᠡᠰᠦ᠂ ᠠᠷᠢᠭᠤᠨ᠂ ᠭᠠᠷᠮ᠎ᠠ᠂ ᠨᠠᠷᠠᠨ᠂ 
                        ᠰᠡᠴᠡᠨᠴᠢᠮᠡᠭ᠂ ᠲ·ᠬᠦᠮᠦᠵᠢᠯᠲᠦ᠂ ᠱᠠᠭᠰᠠᠯ᠂ ᠪᠠᠶᠠᠨᠴᠡᠴᠡᠭ᠂ ᠬᠡᠯᠡᠰᠣᠶᠤᠯ᠂ ᠬᠠᠢ ᠵᠢᠶᠦ᠋ᠨ