ᠮᠣᠩᠭᠣᠯᠴᠤᠳ ᠠᠵᠢᠯ ᠦᠢᠯᠡᠰ ᠡᠷᠬᠢᠯᠡᠬᠦ ᠳ᠋ᠦ᠍ ᠠᠩᠬᠠᠷᠬᠤ ᠵᠦᠢᠯ-ᠬᠣᠨᠢᠴᠢᠨ ᠦᠯᠵᠡᠢᠰᠦ᠋ᠷᠤᠩ Монголчууд ажил үйлс эргэлэхэд анхаарах зүйл ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯᠴᠤᠳ ᠠᠵᠢᠯ ᠦᠢᠯᠡᠰ ᠡᠷᠬᠢᠯᠡᠬᠦ ᠳ᠋ᠦ᠍ ᠠᠩᠬᠠᠷᠬᠤ ᠵᠦᠢᠯ-ᠬᠣᠨᠢᠴᠢᠨ ᠦᠯᠵᠡᠢᠰᠦ᠋ᠷᠤᠩ Монголчууд ажил үйлс эргэлэхэд анхаарах зүйл

ᠮᠣᠩᠭᠣᠯᠴᠤᠳ ᠠᠵᠢᠯ ᠦᠢᠯᠡᠰ ᠡᠷᠬᠢᠯᠡᠬᠦ ᠳ᠋ᠦ᠍ ᠠᠩᠬᠠᠷᠬᠤ ᠵᠦᠢᠯ-ᠬᠣᠨᠢᠴᠢᠨ ᠦᠯᠵᠡᠢᠰᠦ᠋ᠷᠤᠩ Монголчууд ажил үйлс эргэлэхэд анхаарах зүйл

2025-07-27

680

ᠮᠣᠩᠭᠣᠯᠴᠤᠳ ᠠᠵᠢᠯ ᠦᠢᠯᠡᠰ ᠡᠷᠬᠢᠯᠡᠬᠦ ᠳ᠋ᠦ᠍ ᠠᠩᠬᠠᠷᠬᠤ ᠵᠦᠢᠯ

            ᠳ᠋ᠣᠺᠲ᠋ᠣᠷ ᠬᠣᠨᠢᠴᠢᠨ ᠦᠯᠵᠡᠢᠰᠦ᠋ᠷᠤᠩ 

       ᠬᠥᠮᠦᠨ ᠪᠦᠬᠦᠨ ᠥᠪᠡᠷ ᠦ᠋ᠨ ᠡᠷᠬᠢᠯᠡᠭᠰᠡᠨ ᠠᠵᠢᠯ ᠦᠢᠯᠡᠰ  ᠲᠡᠢ ᠂ ᠭᠡᠬᠦ ᠳ᠋ᠡᠭᠡᠨ ᠬᠥᠭᠵᠢᠯᠲᠡ ᠨᠢ ᠥᠭᠡᠷ᠎ᠡ ᠥᠭᠡᠷ᠎ᠡ ᠪᠠᠢᠳᠠᠭ ᠃ ᠡᠳᠡᠭᠡᠷ ᠪᠣᠯ ᠡᠷᠬᠢᠯᠡᠭᠰᠡᠨ ᠠᠵᠢᠯ ᠤ᠋ᠨ ᠰᠠᠢᠨ ᠮᠠᠭᠤ ᠳ᠋ᠤ᠌ ᠪᠠᠢᠭ᠎ᠠ ᠪᠢᠰᠢ ᠂ ᠬᠠᠷᠢᠨ ᠪᠢᠳᠡᠨ ᠦ᠌ ᠥᠪᠡᠷ ᠦ᠋ᠨ ᠡᠷᠬᠢᠯᠡᠭᠰᠡᠨ ᠠᠵᠢᠯ ᠦᠢᠯᠡᠰ ᠲᠡᠭᠡᠨ ᠵᠣᠷᠢᠭᠤᠯᠤᠭᠰᠠᠨ ᠬᠦᠴᠦ ᠬᠥᠳᠡᠯᠮᠦᠷᠢ ᠂ ᠬᠢᠴᠢᠶᠡᠯ ᠵᠢᠳᠬᠦᠯ ᠡᠴᠡ ᠭᠠᠳᠠᠨ᠎ᠠ ᠂ ᠬᠥᠮᠦᠰ ᠦ᠋ᠨ ᠨᠢᠭᠡ ᠶᠡᠬᠡ ᠠᠩᠵᠠᠭᠠᠷᠠᠳᠠᠭ ᠦᠭᠡᠢ ᠬᠢᠷᠢ ᠨᠢ ᠠᠵᠢᠯ ᠦᠢᠯᠡᠰ ᠡᠷᠬᠢᠯᠡᠬᠦ ᠳ᠋ᠦ᠍ ᠭᠣᠣᠯᠯᠠᠬᠤ ᠨᠥᠯᠥᠭᠡ ᠦᠵᠡᠭᠦᠯᠳᠡᠭ ᠭᠤᠷᠪᠠᠨ ᠵᠦᠢᠯ ᠦ᠋ᠨ ᠳᠣᠲᠣᠭᠠᠳᠤ ᠬᠦᠴᠦᠨ ᠡᠴᠡ ᠪᠣᠯᠤᠭᠰᠠᠨ ᠪᠠᠢᠳᠠᠭ ᠃ ᠡᠨᠡ ᠪᠣᠯ ᠪᠢᠳᠡᠨ ᠦ᠌ ᠮᠥᠩᠭᠥ ᠲᠥᠭᠥᠷᠢᠭ ᠂ ᠬᠥᠳᠡᠯᠮᠦᠷᠢ ᠵᠢᠴᠢ ᠠᠷᠠᠯᠵᠢᠶ᠎ᠠ ᠬᠤᠳᠠᠯᠳᠤᠭᠠᠨ ᠤ᠋ ᠲᠤᠬᠠᠢ ᠶᠢᠷᠲᠢᠨᠴᠦ ᠶ᠋ᠢᠨ ᠦᠵᠡᠯᠲᠡ ᠪᠣᠯᠤᠨ᠎ᠠ ᠃ ᠮᠣᠩᠭᠣᠯᠴᠤᠳ ᠮᠢᠩᠭ᠎ᠠ ᠮᠢᠩᠭᠠᠨ ᠵᠢᠯ ᠦ᠋ᠨ ᠬᠥᠭᠵᠢᠯᠲᠡ ᠶ᠋ᠢᠨ ᠶᠠᠪᠤᠴᠠ ᠳ᠋ᠠᠭᠠᠨ ᠥᠪᠡᠷ ᠦ᠋ᠨ ᠭᠡᠰᠡᠨ ᠶᠢᠷᠲᠢᠨᠴᠦ ᠶ᠋ᠢᠨ ᠦᠵᠡᠯᠲᠡ ᠲᠡᠢ ᠪᠣᠯᠤᠭᠰᠠᠨ ᠨᠢ ᠦᠨᠡᠨ ᠂ ᠭᠡᠲᠡᠯ᠎ᠡ ᠡᠳᠡᠭᠡᠷ ᠦᠵᠡᠯᠲᠡ ᠶ᠋ᠢᠨ ᠵᠠᠷᠢᠮ ᠲᠠᠯ᠎ᠠ ᠨᠢ ᠣᠳᠣᠬᠢ ᠵᠠᠬ᠎ᠠ ᠳᠡᠯᠭᠡᠭᠦᠷ ᠦ᠋ᠨ ᠠᠵᠤ ᠠᠬᠤᠢ ᠶ᠋ᠢᠨ ᠡᠷᠡᠨ ᠳ᠋ᠦ᠍ ᠵᠣᠬᠢᠴᠠᠯ ᠢ᠋ᠶ᠋ᠠᠨ ᠠᠯᠳᠠᠵᠤ ᠂ ᠳᠠᠬᠢᠭᠠᠳ ᠪᠢᠳᠡᠨ ᠦ᠌ ᠬᠢᠵᠦ ᠡᠷᠬᠢᠯᠡᠵᠦ ᠪᠠᠢᠭ᠎ᠠ ᠠᠵᠢᠯ ᠦᠢᠯᠡᠰ ᠲᠦ᠍ ᠬᠠᠷᠰᠢᠯᠳᠤᠬᠤ ᠲᠠᠯ᠎ᠠ ᠭᠠᠷᠴᠤ ᠪᠣᠢ ᠃ ᠪᠢᠳᠡ ᠡᠭᠦᠨ ᠢ᠋ ᠤᠬᠠᠭᠠᠷᠠᠵᠤ ᠂ ᠵᠥᠪ ᠲᠠᠨᠢᠵᠤ ᠴᠢᠳᠠᠪᠠᠯ ᠰᠠᠶᠢ ᠣᠳᠣᠬᠢ ᠨᠡᠢᠭᠡᠮ ᠦ᠋ᠨ ᠬᠥᠭᠵᠢᠯᠲᠡ ᠶ᠋ᠢᠨ ᠤᠷᠤᠰᠬᠠᠯ ᠢ᠋ ᠵᠥᠪ ᠲᠠᠨᠢᠵᠤ ᠂  ᠲᠡᠭᠦᠨ ᠳ᠋ᠦ᠍ ᠵᠣᠬᠢᠴᠠᠭᠰᠠᠨ ᠦᠵᠡᠯ ᠪᠣᠳᠣᠯ ᠲᠠᠢ ᠪᠣᠯᠤᠭᠰᠠᠨ ᠤ᠋ ᠤᠯᠠᠮ ᠠ᠋ᠴᠠ ᠂ ᠡᠷᠬᠢᠯᠡᠵᠦ ᠪᠠᠢᠭ᠎ᠠ ᠠᠵᠢᠯ ᠦᠢᠯᠡᠰ ᠢ᠋ᠶ᠋ᠡᠨ ᠢᠯᠡᠭᠦᠦ ᠬᠥᠭᠵᠢᠯᠲᠡ ᠲᠡᠢ ᠪᠣᠯᠭᠠᠵᠤ ᠂ ᠠᠮᠵᠢᠯᠲᠠ ᠳ᠋ᠤ᠌ ᠬᠦᠷᠭᠡᠵᠦ ᠴᠢᠳᠠᠨ᠎ᠠ ᠃ ᠪᠢᠳᠡ ᠡᠨᠡᠬᠦ ᠭᠤᠷᠪᠠᠨ ᠭᠣᠣᠯᠯᠠᠬᠤ ᠨᠥᠯᠥᠭᠡ ᠦᠵᠡᠭᠦᠯᠵᠦ ᠪᠠᠢᠭ᠎ᠠ ᠦᠵᠡᠯᠲᠡ ᠲᠡᠢ ᠲᠠᠨᠢᠯᠴᠠᠶ᠎ᠠ ᠃
       ᠨᠢᠭᠡ ᠂ ᠮᠥᠩᠭᠥ ᠲᠥᠭᠥᠷᠢᠭ ᠦ᠋ᠨ ᠲᠤᠬᠠᠢ ᠦᠵᠡᠯᠲᠡ 
       ᠳᠡᠭᠡᠷ᠎ᠡ ᠬᠢᠴᠢᠶᠡᠯ ᠦ᠋ᠳ ᠡᠴᠡ ᠠᠵᠢᠯ ᠦᠢᠯᠡᠰ ᠪᠣᠰᠠᠬᠠᠬᠤ ᠳ᠋ᠤ᠌ ᠮᠥᠩᠭᠥ ᠲᠥᠭᠥᠷᠢᠭ ᠶᠠᠮᠠᠷ ᠬᠡᠷᠡᠭᠴᠡᠭᠡ ᠲᠡᠢ ᠪᠣᠯᠬᠤ ᠶ᠋ᠢ ᠨᠠᠷᠢᠯᠢᠭ ᠣᠢᠯᠠᠭᠠᠭᠰᠠᠨ ᠨᠢ ᠯᠠᠪᠲᠠᠢ ᠃ ᠪᠢᠳᠡ ᠮᠥᠩᠭᠥ ᠲᠥᠭᠥᠷᠢᠭ ᠲᠦ᠍ ᠶᠠᠮᠠᠷ ᠦᠵᠡᠯᠲᠡ ᠲᠡᠢ ᠪᠠᠢᠪᠠᠯ ᠰᠠᠶᠢ ᠡᠨᠡᠬᠦ ᠦᠢᠯᠡᠳᠦᠯ ᠢ᠋ ᠨᠢ ᠪᠠᠳᠠᠷᠠᠭᠤᠯᠵᠤ ᠴᠢᠳᠠᠬᠤ ᠪᠣᠢ ᠣᠳᠣ ᠦᠶ᠎ᠡ ᠶ᠋ᠢᠨ ᠵᠠᠬ᠎ᠠ ᠳᠡᠯᠭᠡᠭᠦᠷ ᠦ᠋ᠨ ᠠᠵᠤ ᠠᠬᠤᠢ ᠶ᠋ᠢᠨ ᠨᠥᠬᠥᠴᠡᠯ ᠳ᠋ᠦ᠍ ᠮᠥᠩᠭᠥ ᠲᠥᠭᠥᠷᠢᠭ ᠪᠣᠯ ᠪᠠᠶᠠᠯᠢᠭ ᠤ᠋ᠨ ᠢᠯᠡᠷᠬᠡᠢᠯᠡᠯ ᠪᠣᠯᠬᠤ ᠶᠤᠮ ᠃ ᠪᠢᠳᠡ ᠶᠠᠮᠠᠷ ᠨᠢᠭᠡᠨ ᠠᠵᠢᠯ ᠦᠢᠯᠡᠰ ᠡᠷᠬᠢᠯᠡᠬᠦ ᠵᠢᠴᠢ ᠬᠥᠭᠵᠢᠭᠦᠯᠬᠦ ᠶᠠᠪᠤᠴᠠ ᠳ᠋ᠤ᠌ ᠣᠯᠠᠨ ᠵᠦᠢᠯ ᠦ᠋ᠨ ᠬᠠᠷᠰᠢᠯᠠᠬᠤ ᠬᠦᠴᠦᠨ ᠵᠦᠢᠯ ᠳ᠋ᠦ᠍ ᠲᠤᠯᠭᠠᠷᠠᠬᠤ ᠲᠣᠬᠢᠶᠠᠯᠳᠤᠯ ᠪᠣᠢ ᠃ ᠡᠨᠡᠬᠦ ᠲᠣᠬᠢᠶᠠᠯᠳᠤᠯ ᠳ᠋ᠤ᠌ ᠪᠢᠳᠡᠨ ᠦ᠌ ᠮᠥᠩᠭᠥᠨ ᠦ᠌ ᠲᠤᠬᠠᠢ ᠦᠵᠡᠯᠲᠡ ᠵᠥᠪ ᠪᠠᠢᠬᠤ ᠨᠢ ᠮᠠᠰᠢ ᠴᠢᠬᠤᠯᠠ ᠃ ᠵᠠᠬ᠎ᠠ ᠳᠡᠯᠭᠡᠭᠦᠷ ᠦ᠋ᠨ ᠨᠥᠬᠥᠴᠡᠯ ᠳ᠋ᠦ᠍ ᠠᠵᠢᠯ ᠦᠢᠯᠡᠰ ᠢ᠋ᠶ᠋ᠡᠨ ᠬᠥᠭᠵᠢᠭᠦᠯᠬᠦ ᠳ᠋ᠦ᠍ ᠵᠠᠪᠰᠢᠶᠠᠨ ᠪᠣᠯᠤᠨ ᠠᠶᠤᠯ ᠲᠦᠭᠰᠢᠭᠦᠷᠢ ᠵᠡᠷᠭᠡ ᠪᠡᠷ ᠣᠷᠣᠰᠢᠵᠤ ᠪᠠᠢᠳᠠᠭ ᠃ ᠵᠠᠪᠰᠢᠶᠠᠨ ᠢ᠋ ᠠᠳᠬᠤᠵᠤ ᠴᠢᠳᠠᠭᠰᠠᠨ ᠢ᠋ᠶ᠋ᠠᠷ ᠢᠯᠡᠭᠦᠦ ᠶᠡᠬᠡ ᠬᠥᠭᠵᠢᠵᠦ ᠴᠢᠳᠠᠳᠠᠭ ᠪᠣᠯ ᠠᠶᠤᠯ ᠲᠦᠭᠰᠢᠭᠦᠷᠢ ᠶ᠋ᠢ ᠵᠥᠪ ᠵᠣᠬᠢᠰᠲᠠᠢ ᠰᠢᠢᠳᠪᠦᠷᠢᠯᠡᠵᠦ ᠴᠢᠳᠠᠭᠰᠠᠨ ᠢ᠋ᠶ᠋ᠠᠷ ᠬᠥᠭᠵᠢᠯᠲᠡ ᠪᠡᠨ ᠪᠠᠲᠤᠯᠠᠵᠤ ᠴᠢᠳᠠᠨ᠎ᠠ ᠃ ᠡᠨᠡ ᠬᠣᠶᠠᠷ ᠲᠣᠬᠢᠶᠠᠯᠳᠤᠯ ᠳ᠋ᠤ᠌ ᠮᠥᠩᠭᠥ ᠵᠠᠩᠭᠢᠯᠠᠭ᠎ᠠ ᠶ᠋ᠢᠨ ᠴᠢᠨᠠᠷ ᠲᠠᠢ ᠦᠢᠯᠡᠳᠦᠯ ᠦᠵᠡᠭᠦᠯᠳᠡᠭ ᠃ ᠮᠥᠩᠭᠥ ᠪᠠᠢᠵᠤ ᠠᠵᠤ ᠠᠬᠤᠢ ᠶ᠋ᠢᠨ ᠵᠠᠪᠰᠢᠶᠠᠨ ᠢ᠋ ᠴᠠᠭ ᠲᠤᠬᠠᠢ ᠳ᠋ᠤᠨᠢ ᠠᠳᠬᠤᠨ ᠠᠪᠴᠤ ᠂ ᠠᠵᠤ ᠠᠬᠤᠢ ᠶ᠋ᠢᠨ ᠠᠶᠤᠯ ᠲᠦᠭᠰᠢᠭᠦᠷᠢ ᠶ᠋ᠢ ᠵᠣᠬᠢᠰᠲᠠᠢ ᠬᠢᠵᠠᠭᠠᠷᠯᠠᠵᠤ ᠴᠢᠳᠠᠨ᠎ᠠ ᠃ ᠶᠠᠭ ᠡᠢᠮᠦ ᠡᠴᠡ ᠨᠡᠢᠭᠡᠮ ᠦ᠋ᠨ ᠬᠥᠭᠵᠢᠯᠲᠡ ᠳ᠋ᠦ᠍ ᠵᠣᠬᠢᠴᠠᠬᠤ ᠶ᠋ᠢᠨ ᠲᠥᠯᠥᠭᠡ ᠵᠣᠭᠣᠰ ᠮᠥᠩᠭᠥ ᠶ᠋ᠢ ᠭᠠᠳᠠᠭᠤᠷᠰᠢᠶᠠᠬᠤ ᠪᠢᠰᠢ ᠂ ᠬᠠᠷᠢᠨ ᠮᠥᠩᠭᠥ ᠬᠤᠷᠠᠮᠳᠤᠭᠤᠯᠬᠤ ᠦᠵᠡᠯᠲᠡ ᠲᠡᠢ ᠪᠣᠯᠬᠤ ᠬᠡᠷᠡᠭᠲᠡᠢ ᠃ 
       ᠬᠣᠶᠠᠷ ᠂ ᠬᠥᠳᠡᠯᠮᠦᠷᠢ ᠶ᠋ᠢᠨ ᠲᠤᠬᠠᠢ ᠦᠵᠡᠯᠲᠡ 
       ᠮᠠᠨᠤᠰ ᠬᠥᠳᠡᠯᠮᠦᠷᠢ ᠪᠣᠯ ᠵᠥᠪᠬᠡᠨ ᠬᠦᠴᠦ ᠬᠥᠳᠡᠯᠮᠦᠷᠢ ᠪᠡᠷ ᠢ᠋ᠶ᠋ᠡᠨ ᠠᠮᠢᠳᠤᠷᠠᠯ ᠳ᠋ᠤ᠌ ᠬᠡᠷᠡᠭᠲᠡᠢ ᠵᠦᠢᠯ ᠢ᠋ᠶ᠋ᠡᠨ ᠣᠯᠬᠤ ᠶᠠᠭᠤᠮ᠎ᠠ ᠭᠡᠵᠦ ᠳᠥᠭᠥᠮ ᠢᠪᠴᠤᠤ ᠪᠠᠷ ᠣᠢᠯᠭᠠᠳᠠᠭ ᠃ ᠭᠡᠲᠡᠯ᠎ᠡ ᠶᠠᠫᠣᠨ ᠤ᠋ ᠠᠵᠤ ᠠᠬᠤᠢ ᠶ᠋ᠢᠨ ᠤᠬᠠᠭᠠᠨᠲᠠᠨ ᠢᠨᠡᠮᠤᠷᠢ ᠬᠡᠯᠡᠬᠦ ᠳ᠋ᠡᠭᠡᠨ« ᠬᠥᠳᠡᠯᠮᠦᠷᠢ ᠪᠣᠯ ᠪᠢᠰᠢᠯᠭᠠᠯ ᠮᠥᠨ » ᠭᠡᠰᠡᠨ ᠨᠢ ᠬᠥᠳᠡᠯᠮᠦᠷᠢ ᠶ᠋ᠢᠨ ᠵᠢᠩᠬᠢᠨᠢ ᠦᠨ᠎ᠡ ᠴᠠᠨ᠎ᠠ ᠶ᠋ᠢᠨ ᠲᠠᠯ᠎ᠠ ᠠ᠋ᠴᠠ ᠶᠠᠷᠢᠭᠰᠠᠨ ᠶᠠᠪᠤᠳᠠᠯ ᠪᠣᠯᠬᠤ ᠶᠤᠮ ᠃ ᠬᠥᠳᠡᠯᠮᠦᠷᠢ ᠶ᠋ᠢ ᠵᠥᠪᠬᠡᠨ ᠴᠠᠭ ᠢ᠋ᠶ᠋ᠠᠷ ᠬᠡᠮᠵᠢᠵᠦ᠂  ᠠᠮᠢᠳᠤᠷᠠᠯ ᠤ᠋ᠨ ᠢ᠋ᠶ᠋ᠠᠨ ᠬᠡᠷᠡᠭᠴᠡᠭᠡᠨ ᠡᠴᠡ ᠠᠪᠴᠤ ᠦᠵᠡᠬᠦ ᠪᠣᠯ ᠂ ᠬᠢᠵᠦ ᠪᠠᠢᠭ᠎ᠠ ᠠᠵᠢᠯ ᠦᠢᠯᠡᠰ ᠢ᠋ ᠨᠢᠳᠦᠨ ᠡᠮᠦᠨᠡᠬᠢ ᠪᠠᠢᠳᠠᠯ ᠳ᠋ᠤ᠌ ᠯᠠ ᠬᠢᠵᠠᠭᠠᠷᠯᠠᠵᠤ ᠂ ᠬᠥᠭᠵᠢᠬᠦ ᠪᠣᠯᠤᠮᠵᠢ ᠶ᠋ᠢ ᠬᠠᠭᠠᠳᠠᠭ ᠃ ᠬᠠᠷᠢᠨ ᠠᠵᠢᠯ ᠦᠢᠯᠡᠰ ᠡᠷᠬᠢᠯᠡᠬᠦ ᠶᠠᠪᠤᠴᠠ ᠳ᠋ᠠᠭᠠᠨ ᠥᠪᠡᠷ ᠦ᠋ᠨ ᠬᠢᠵᠦ ᠪᠠᠢᠭ᠎ᠠ ᠬᠥᠳᠡᠯᠮᠦᠷᠢ  ᠶ᠋ᠢᠨ ᠵᠢᠩᠬᠢᠨᠢ ᠮᠥᠨ ᠴᠢᠨᠠᠷ ᠢ᠋ ᠮᠡᠳᠡᠷᠡᠵᠦ ᠂ ᠲᠡᠭᠦᠨ ᠡᠴᠡ ᠠᠮᠢᠳᠤᠷᠠᠬᠤ ᠶ᠋ᠢᠨ ᠣᠶᠤᠨ ᠤᠬᠠᠭᠠᠨ ᠂ ᠤᠳᠬ᠎ᠠ ᠠᠭᠤᠯᠭ᠎ᠠ ᠣᠯᠬᠤ ᠨᠢ ᠶᠠᠭᠤ ᠶᠠᠭᠤᠨ ᠠ᠋ᠴᠠ ᠡᠷᠬᠢᠮ ᠃ ᠡᠢᠮᠦᠷᠬᠦᠦ ᠬᠥᠳᠡᠯᠮᠦᠷᠢ ᠶ᠋ᠢᠨ ᠦᠵᠡᠯᠲᠡ ᠲᠡᠢ ᠪᠠᠢᠵᠤ ᠬᠥᠳᠡᠯᠮᠦᠷᠢ ᠳ᠋ᠦ᠍ ᠦᠨᠡᠨᠴᠢ ᠬᠠᠨᠳᠤᠵᠤ ᠂ ᠡᠷᠬᠢᠯᠡᠭᠰᠡᠨ ᠠᠵᠢᠯ ᠦᠢᠯᠡᠰ ᠢ᠋ᠶ᠋ᠡᠨ ᠵᠥᠪ ᠴᠢᠭᠯᠡᠯ ᠳ᠋ᠦ᠍ ᠬᠥᠭᠵᠢᠭᠦᠯᠵᠦ ᠴᠢᠳᠠᠨ᠎ᠠ ᠃ 
       ᠭᠤᠷᠪᠠ ᠂ ᠠᠷᠠᠯᠵᠢᠶ᠎ᠠ ᠬᠤᠳᠠᠯᠳᠤᠭᠠᠨ ᠤ᠋ ᠲᠤᠬᠠᠢ ᠦᠵᠡᠯᠲᠡ 
       ᠠᠷᠠᠯᠵᠢᠶ᠎ᠠ ᠬᠤᠳᠠᠯᠳᠤᠭ᠎ᠠ ᠭᠡᠳᠡᠭ ᠪᠣᠯ ᠮᠥᠨ ᠴᠢᠨᠠᠷ ᠲᠠᠭᠠᠨ ᠪᠣᠳᠠᠰ ᠤ᠋ᠨ ᠰᠣᠯᠢᠯᠴᠠᠭ᠎ᠠ ᠶᠤᠮ ᠃ ᠣᠳᠣᠬᠢ ᠵᠠᠬ᠎ᠠ ᠵᠡᠭᠡᠯᠢ ᠶ᠋ᠢᠨ ᠠᠵᠤ ᠠᠬᠤᠢ ᠶ᠋ᠢᠨ ᠨᠥᠬᠥᠴᠡᠯ ᠳ᠋ᠦ᠍ ᠠᠷᠠᠯᠵᠢᠶ᠎ᠠ ᠬᠤᠳᠠᠯᠳᠤᠭ᠎ᠠ ᠪᠣᠯ ᠳᠤᠲᠠᠭᠳᠠᠵᠤ ᠪᠣᠯᠣᠰᠢ ᠦᠭᠡᠢ ᠨᠡᠢᠭᠡᠮ ᠦ᠋ᠨ ᠬᠥᠭᠵᠢᠯᠲᠡ ᠶ᠋ᠢ ᠠᠬᠢᠭᠤᠯᠤᠭᠴᠢ ᠬᠦᠴᠦᠨ ᠵᠦᠢᠯ ᠪᠣᠯᠤᠭᠰᠠᠨ ᠪᠠᠢᠳᠠᠭ ᠃ ᠪᠢᠳᠡ ᠶᠠᠮᠠᠷ ᠠᠵᠢᠯ ᠦᠢᠯᠡᠰ ᠡᠷᠬᠢᠯᠡᠵᠦ ᠬᠢᠭᠰᠡᠨ ᠴᠦ᠍ ᠂ ᠥᠪᠡᠷ ᠦ᠋ᠨ ᠬᠥᠳᠡᠯᠮᠦᠷᠢ ᠶ᠋ᠢᠨ ᠦᠷ᠎ᠡ ᠪᠦᠲᠦᠭᠡᠯ ᠢ᠋ᠶ᠋ᠡᠷ ᠥᠪᠡᠷ ᠲᠦ᠍ ᠬᠡᠷᠡᠭᠲᠡᠢ ᠵᠦᠢᠯ ᠢ᠋ᠶ᠋ᠡᠨ ᠰᠣᠯᠢᠯᠴᠠᠳᠠᠭ ᠂ ᠡᠭᠦᠨ ᠳ᠋ᠦ᠍ ᠮᠥᠩᠭᠥ ᠪᠣᠯ ᠵᠠᠭᠤᠴᠢ ᠶ᠋ᠢᠨ ᠦᠢᠯᠡᠳᠦᠯ ᠦᠵᠡᠭᠦᠯᠳᠡᠭ ᠃ ᠲᠡᠢᠮᠦ ᠡᠴᠡ ᠠᠷᠠᠯᠵᠢᠶ᠎ᠠ ᠬᠤᠳᠠᠯᠳᠤᠭ᠎ᠠ ᠨᠢ ᠨᠡᠢᠭᠡᠮ ᠦ᠋ᠨ ᠪᠣᠳᠠᠰ ᠤ᠋ᠨ ᠰᠣᠯᠢᠯᠴᠠᠭ᠎ᠠ ᠶ᠋ᠢ ᠲᠦᠷᠭᠡᠳᠬᠡᠵᠦ ᠂ ᠬᠥᠳᠡᠯᠮᠦᠷᠢ ᠶ᠋ᠢᠨ ᠦᠷ᠎ᠡ ᠠᠰᠢᠭ ᠢ᠋ ᠳᠡᠭᠡᠭᠰᠢᠯᠡᠭᠦᠯᠵᠦ ᠂ ᠡᠴᠦᠰ ᠦ᠋ᠨ ᠡᠴᠦᠰ ᠲᠡᠭᠡᠨ ᠠᠵᠤ ᠠᠬᠤᠢ ᠶ᠋ᠢᠨ ᠬᠥᠭᠵᠢᠯᠲᠡ ᠶ᠋ᠢ ᠠᠬᠢᠭᠤᠯᠬᠤ ᠬᠠᠮᠤᠭ ᠴᠢᠬᠤᠯᠠ ᠡᠯᠧᠮᠧᠨ᠋ᠲ ᠪᠣᠯᠳᠠᠭ ᠃ ᠡᠢᠮᠦ ᠡᠴᠡ ᠠᠷᠠᠯᠵᠢᠶ᠎ᠠ ᠬᠤᠳᠠᠯᠳᠤᠭ᠎ᠠ ᠶ᠋ᠢ ᠵᠥᠪ ᠣᠢᠯᠭᠠᠵᠤ ᠥᠪᠡᠷ ᠲᠡᠭᠡᠨ ᠦᠢᠯᠡᠴᠢᠯᠡᠭᠦᠯᠬᠦ ᠨᠢ ᠠᠵᠢᠯ ᠦᠢᠯᠡᠰ ᠢ᠋ᠶ᠋ᠡᠨ ᠬᠥᠭᠵᠢᠭᠦᠯᠬᠦ ᠪᠠᠰᠠ ᠨᠢᠭᠡ ᠬᠦᠴᠦᠨ ᠵᠦᠢᠯ ᠪᠣᠯᠤᠨ᠎ᠠ ᠃ 
ᠳᠡᠭᠡᠷ᠎ᠡ ᠶᠠᠷᠢᠭᠰᠠᠨ ᠭᠤᠷᠪᠠᠨ ᠬᠦᠴᠦᠨ ᠵᠦᠢᠯ ᠡᠴᠡ ᠠᠵᠢᠯ ᠦᠢᠯᠡᠰ ᠡᠷᠬᠢᠯᠡᠬᠦ ᠳ᠋ᠦ᠍ ᠠᠯᠢ ᠨᠢᠭᠡ ᠨᠢ ᠴᠦ᠍ ᠳᠤᠲᠠᠭᠳᠠᠵᠤ ᠪᠣᠯᠣᠰᠢ ᠦᠭᠡᠢ ᠪᠠᠢᠳᠠᠭ ᠃ ᠡᠢᠮᠦ ᠡᠴᠡ ᠡᠳᠡᠭᠡᠷ ᠢ᠋ ᠵᠥᠪ ᠣᠢᠯᠭᠠᠵᠤ ᠂ ᠥᠪᠡᠷ ᠲᠡᠭᠡᠨ ᠦᠢᠯᠡᠴᠢᠯᠡᠭᠦᠯᠪᠡᠯ ᠵᠠᠬ᠎ᠠ ᠳᠡᠯᠭᠡᠭᠦᠷ ᠦ᠋ᠨ ᠨᠥᠬᠥᠴᠡᠯ ᠳᠣᠣᠷ᠎ᠠ ᠠᠵᠢᠯᠯᠠᠵᠤ ᠠᠮᠢᠳᠤᠷᠠᠵᠤ ᠪᠠᠢᠭ᠎ᠠ ᠴᠢ ᠪᠢᠳᠡᠨ ᠳ᠋ᠦ᠍ ᠦᠨᠡᠲᠡᠢ ᠵᠦᠢᠯ ᠪᠣᠯᠬᠤ ᠶᠤᠮ᠃ 

        ᠦᠰᠦᠭ ᠬᠥᠷᠪᠡᠭᠦᠯᠦᠭᠴᠢ ᠄ ᠤᠷᠢᠶᠠᠩᠬᠠᠢ ᠨᠠᠷᠠᠨᠮᠠᠨᠳᠠ