ᠲᠥᠯᠥᠪᠯᠡᠭᠡ ᠪᠡᠨ ᠬᠡᠷᠬᠢᠨ ᠬᠡᠷᠡᠭᠵᠢᠭᠦᠯᠬᠦ ᠪᠣᠢ- ᠬᠣᠨᠢᠴᠢᠨ ᠦᠯᠵᠡᠢᠰᠦ᠋ᠷᠥᠩ Төлөвлөөгөө хэрхэн хэрэгжүүлэх бэ- Хоньчин Өлзийсүрэн ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠥᠯᠥᠪᠯᠡᠭᠡ ᠪᠡᠨ ᠬᠡᠷᠬᠢᠨ ᠬᠡᠷᠡᠭᠵᠢᠭᠦᠯᠬᠦ ᠪᠣᠢ- ᠬᠣᠨᠢᠴᠢᠨ ᠦᠯᠵᠡᠢᠰᠦ᠋ᠷᠥᠩ Төлөвлөөгөө хэрхэн хэрэгжүүлэх бэ- Хоньчин Өлзийсүрэн

ᠲᠥᠯᠥᠪᠯᠡᠭᠡ ᠪᠡᠨ ᠬᠡᠷᠬᠢᠨ ᠬᠡᠷᠡᠭᠵᠢᠭᠦᠯᠬᠦ ᠪᠣᠢ- ᠬᠣᠨᠢᠴᠢᠨ ᠦᠯᠵᠡᠢᠰᠦ᠋ᠷᠥᠩ Төлөвлөөгөө хэрхэн хэрэгжүүлэх бэ- Хоньчин Өлзийсүрэн

2025-07-26

593

ᠲᠥᠯᠥᠪᠯᠡᠭᠡ ᠪᠡᠨ ᠬᠡᠷᠬᠢᠨ ᠬᠡᠷᠡᠭᠵᠢᠭᠦᠯᠬᠦ ᠪᠣᠢ

         ᠳ᠋ᠣᠺᠲ᠋ᠣᠷ ᠬᠣᠨᠢᠴᠢᠨ ᠦᠯᠵᠡᠢᠰᠦ᠋ᠷᠤᠩ 

ᠲᠥᠯᠥᠪᠯᠡᠭᠡ ᠶᠠᠭᠤᠨ ᠤ᠋ ᠲᠥᠯᠥᠭᠡ ᠣᠷᠣᠰᠢᠳᠠᠭ ᠪᠣᠢ ᠭᠡᠪᠡᠯ᠂ ᠵᠣᠷᠢᠯᠲᠠ ᠪᠠᠨ ᠪᠡᠶᠡᠯᠡᠭᠦᠯᠬᠦ ᠶ᠋ᠢᠨ ᠲᠥᠯᠥᠭᠡ ᠲᠥᠯᠥᠪᠯᠡᠭᠡ ᠣᠷᠣᠰᠢᠳᠠᠭ ᠢ᠋ ᠪᠢᠳᠡ ᠪᠦᠬᠦᠨ ᠰᠠᠢᠨ ᠮᠡᠳᠡᠨ᠎ᠡ᠃ ᠬᠠᠷᠢᠨ ᠵᠣᠷᠢᠯᠲᠠ ᠬᠢᠭᠡᠳ ᠲᠥᠯᠥᠪᠯᠡᠭᠡ ᠭᠡᠵᠦ ᠶᠠᠭ ᠶᠠᠭᠤ ᠶ᠋ᠢ ᠵᠢᠭᠠᠳᠠᠭ ᠢ᠋ ᠡᠬᠢᠯᠡᠭᠡᠳ ᠮᠡᠳᠡᠬᠦ ᠴᠢᠬᠤᠯᠠ ᠲᠠᠢ᠃ ᠡᠨᠳᠡ ᠶᠠᠷᠢᠬᠤ ᠭᠡᠵᠦ ᠪᠠᠢᠭ᠎ᠠ ᠵᠣᠷᠢᠯᠲᠠ ᠪᠣᠯ ᠵᠥᠪᠬᠡᠨ ᠴᠢᠨᠦ ᠬᠢᠬᠦ ᠭᠡᠵᠦ ᠵᠣᠷᠢᠵᠤ ᠪᠠᠢᠭ᠎ᠠ ᠳ᠋ᠤ᠌ ᠬᠡᠷᠡᠭᠲᠡᠢ᠂ ᠢᠷᠡᠭᠡᠳᠦᠢ ᠳ᠋ᠦ᠍ ᠬᠢᠵᠦ ᠴᠢᠳᠠᠬᠤ ᠭᠤᠷᠪᠠᠨ ᠨᠥᠬᠥᠴᠡᠯ ᠢ᠋ ᠪᠦᠷᠢᠯᠳᠦᠭᠦᠯᠦᠭᠰᠡᠨ ᠵᠦᠢᠯ ᠢ᠋ ᠵᠢᠭᠠᠳᠠᠭ᠃ ᠬᠠᠷᠢᠨ ᠲᠥᠯᠥᠪᠯᠡᠭᠡ ᠪᠣᠯ ᠵᠣᠷᠢᠯᠲᠠ ᠶ᠋ᠢᠨ ᠢ᠋ᠶ᠋ᠡᠨ ᠲᠥᠯᠥᠭᠡ ᠲᠣᠭᠲᠠᠭᠠᠭᠰᠠᠨ ᠪᠠᠢᠳᠠᠭ᠃ ᠨᠢᠭᠡᠨᠲᠡ ᠲᠣᠭᠲᠠᠭᠠᠭᠰᠠᠨ ᠲᠥᠯᠥᠪᠯᠡᠭᠡ ᠬᠤᠪᠢᠷᠠᠰᠢ ᠦᠭᠡᠢ ᠪᠢᠰᠢ᠂ ᠬᠠᠷᠢᠨ ᠲᠡᠭᠦᠨ ᠢ᠋ ᠪᠡᠨ ᠬᠡᠷᠡᠭᠵᠢᠭᠦᠯᠬᠦ ᠳᠤᠮᠳᠠ ᠰᠢᠯᠭᠠᠨ᠂ ᠰᠢᠯᠭᠠᠭᠰᠠᠨ ᠤ᠋ ᠡᠴᠦᠰ ᠲᠦ᠍ ᠳᠠᠬᠢᠨ ᠥᠭᠡᠷᠡᠴᠢᠯᠡᠵᠦ᠂ ᠠᠯᠬᠤᠮ ᠠᠯᠭᠤᠮ ᠢ᠋ᠶ᠋ᠠᠷ ᠬᠠᠯᠠᠨ ᠰᠠᠢᠵᠢᠷᠠᠭᠤᠯᠬᠤ ᠡᠷᠭᠢᠯᠲᠡ ᠶ᠋ᠢᠨ ᠰᠢᠰᠲ᠋ᠧᠮ ᠲᠡᠢ ᠪᠠᠢᠳᠠᠭ᠃ ᠳᠣᠣᠷ᠎ᠠ ᠪᠢᠳᠡ ᠵᠣᠷᠢᠯᠲᠠ ᠶ᠋ᠢᠨ ᠭᠤᠷᠪᠠᠨ ᠦᠨᠳᠦᠰᠳ ᠨᠥᠬᠥᠴᠡᠯ ᠬᠢᠭᠡᠳ ᠲᠥᠯᠥᠪᠯᠡᠭᠡ ᠶ᠋ᠢᠨ ᠳᠥᠷᠪᠡᠨ ᠨᠥᠬᠥᠴᠡᠯ ᠢ᠋ᠶ᠋ᠡᠷ ᠪᠦᠷᠢᠯᠳᠦᠭᠰᠡᠨ ᠡᠷᠭᠢᠯᠲᠡ ᠶ᠋ᠢᠨ ᠰᠢᠰᠲ᠋ᠧᠮ ᠲᠡᠢ ᠨᠠᠷᠢᠨ ᠲᠠᠨᠢᠯᠴᠠᠶ᠎ᠠ᠃ 

ᠵᠣᠷᠢᠯᠲᠠ ᠶ᠋ᠢᠨ ᠭᠤᠷᠪᠠᠨ ᠦᠨᠳᠦᠰᠦᠨ ᠨᠥᠬᠥᠴᠡᠯ ᠄ 
ᠨᠢᠭᠡ᠂ ᠳᠤᠷ᠎ᠠ ᠪᠠᠬ᠎ᠠ ᠲᠠᠢ ᠵᠦᠢᠯ ᠪᠠᠢᠬᠤ᠃ 
ᠵᠣᠷᠢᠯᠲᠠ ᠪᠠᠨ ᠲᠣᠭᠲᠠᠭᠠᠬᠤ ᠳ᠋ᠤ᠌ ᠵᠠᠪᠠᠯ ᠡᠬᠢᠯᠡᠭᠡᠳ ᠥᠪᠡᠷ ᠦ᠋ᠨ ᠳᠤᠷ᠎ᠠ ᠪᠠᠬ᠎ᠠ ᠲᠠᠢ ᠵᠦᠢᠯ ᠢ᠋ᠶ᠋ᠡᠨ ᠰᠣᠩᠭᠣᠬᠤ ᠯᠠ ᠬᠡᠷᠡᠭᠲᠡᠢ᠃ ᠬᠥᠮᠦᠨ ᠥᠪᠡᠷ ᠦ᠋ᠨ ᠳᠤᠷ᠎ᠠ ᠪᠠᠬ᠎ᠠ ᠲᠠᠢ ᠵᠦᠢᠯ ᠳ᠋ᠡᠭᠡᠨ ᠢᠯᠡᠭᠦᠦ ᠰᠢᠮᠳᠠᠵᠤ᠂ ᠲᠡᠭᠦᠨ ᠢ᠋ ᠪᠡᠨ ᠪᠡᠶᠡᠯᠡᠭᠦᠯᠬᠦ ᠶ᠋ᠢᠨ ᠲᠥᠯᠥᠭᠡ ᠴᠢᠷᠮᠠᠢᠳᠠᠭ᠃ ᠭᠡᠬᠦ ᠳ᠋ᠡᠭᠡᠨ ᠭᠠᠭᠴᠠ ᠳᠤᠷ᠎ᠠ ᠲᠠᠢ ᠵᠦᠢᠯ ᠢ᠋ᠶ᠋ᠡᠨ ᠬᠢᠭᠡᠳ ᠪᠤᠰᠤᠳ ᠨᠥᠬᠥᠴᠡᠯ ᠦ᠋ᠳ ᠢ᠋ ᠣᠮᠲᠣᠭᠠᠢᠯᠠᠪᠠᠯ ᠲᠡᠷᠡ ᠨᠢ ᠵᠥᠪᠬᠡᠨ ᠴᠢᠨᠦ ᠳᠤᠷ᠎ᠠ ᠰᠣᠨᠢᠷᠬᠠᠯ ᠪᠣᠯᠵᠤ ᠬᠤᠪᠢᠷᠠᠨ᠎ᠠ᠃ 
ᠬᠣᠶᠠᠷ᠂ ᠢᠷᠡᠭᠡᠳᠦᠢ ᠳ᠋ᠦ᠍ ᠬᠢᠵᠦ ᠴᠢᠳᠠᠬᠤ ᠵᠦᠢᠯ ᠪᠠᠢᠬᠤ᠃ 
ᠵᠣᠷᠢᠯᠲᠠ ᠪᠣᠯ ᠭᠠᠭᠴᠠ ᠥᠨᠥ ᠮᠠᠷᠭᠠᠰᠢ ᠳ᠋ᠤ᠌ ᠦᠢᠯᠡᠴᠢᠯᠡᠳᠡᠭ ᠵᠦᠢᠯ ᠣᠭᠲᠣ ᠪᠢᠰᠢ ᠂ ᠬᠠᠷᠢᠨ ᠢᠷᠡᠭᠡᠳᠦᠢ ᠳ᠋ᠦ᠍ ᠬᠠᠨᠳᠤᠭᠰᠠᠨ᠂ ᠬᠣᠵᠢᠮ ᠴᠢᠨᠦ ᠬᠢᠶ᠎ᠡ ᠭᠡᠵᠦ ᠪᠣᠳᠣᠭᠰᠠᠨ ᠵᠣᠷᠢᠭᠰᠠᠨ ᠵᠦᠢᠯ ᠪᠣᠯᠬᠤ ᠶᠤᠮ᠃ ᠲᠡᠢᠮᠦ ᠡᠴᠡ ᠵᠣᠷᠢᠯᠲᠠ ᠨᠢ ᠵᠠᠪᠠᠯ ᠢᠷᠡᠭᠡᠳᠦᠢ ᠶ᠋ᠢᠨ ᠴᠢᠨᠦ ᠬᠢᠵᠦ ᠴᠢᠳᠠᠬᠤ᠂ ᠬᠢᠬᠦ ᠶ᠋ᠢ ᠵᠣᠷᠢᠭᠰᠠᠨ ᠵᠦᠢᠯ ᠪᠠᠢᠵᠤ᠂ ᠣᠳᠣ ᠶ᠋ᠢᠨ ᠥᠪᠡᠷ ᠦ᠋ᠨ ᠴᠢᠨᠢ ᠲᠦᠪᠰᠢᠨ ᠡᠴᠡ ᠥᠨᠳᠥᠷ ᠪᠠᠢᠬᠤ ᠨᠢ ᠯᠠᠪᠲᠠᠢ᠃ 
ᠭᠤᠷᠪᠠ᠂ ᠨᠡᠢᠭᠡᠮ ᠳ᠋ᠦ᠍ ᠬᠡᠷᠡᠭᠲᠡᠢ ᠵᠦᠢᠯ ᠪᠠᠢᠬᠤ 
ᠥᠪᠡᠷ ᠦ᠋ᠨ ᠴᠢᠨᠢ ᠵᠣᠷᠢᠭᠰᠠᠨ ᠵᠣᠷᠢᠯᠲᠠ ᠨᠡᠢᠭᠡᠮ ᠨᠡᠢᠲᠡ ᠳ᠋ᠦ᠍ ᠬᠡᠷᠡᠭᠲᠡᠢ᠂ ᠲᠤᠰᠠ ᠲᠠᠢ ᠵᠦᠢᠯ ᠪᠠᠢᠵᠤ ᠣᠷᠣᠭᠰᠠᠢ ᠠᠬᠢᠵᠤ ᠴᠢᠳᠠᠨ᠎ᠠ᠃ ᠲᠡᠢᠮᠦ ᠪᠢᠰᠢ ᠭᠠᠭᠴᠠ ᠥᠪᠡᠷ ᠲᠦ᠍ ᠴᠢᠨᠢ ᠪᠤᠶᠤ ᠴᠥᠭᠡᠨ ᠬᠡᠨ ᠨᠢᠭᠡᠨ ᠳ᠋ᠦ᠍ ᠦᠢᠯᠡᠴᠢᠯᠡᠭᠰᠡᠨ ᠢ᠋ᠶ᠋ᠡᠷ ᠵᠣᠷᠢᠯᠲᠠ ᠴᠢᠨᠢ ᠪᠡᠶᠡᠯᠡᠭᠰᠡᠨ ᠴᠦ᠍ ᠤᠳᠠᠭᠠᠨ ᠲᠣᠭᠲᠠᠨᠢᠵᠤ ᠴᠢᠳᠠᠬᠤ ᠦᠭᠡᠢ᠃ 

ᠲᠥᠯᠥᠪᠯᠡᠭᠡ ᠪᠡᠨ ᠬᠡᠷᠡᠭᠵᠢᠭᠦᠯᠬᠦ ᠡᠷᠭᠢᠯᠲᠡ ᠶ᠋ᠢᠨ ᠰᠢᠰᠲ᠋ᠧᠮ ᠄ 
ᠨᠢᠭᠡ᠂ ᠲᠥᠯᠥᠪᠯᠡᠭᠡ ᠪᠡᠨ ᠲᠣᠭᠲᠠᠭᠠᠬᠤ 
ᠲᠥᠯᠥᠪᠯᠡᠭᠡ ᠪᠡᠨ ᠲᠣᠭᠲᠠᠭᠠᠬᠤ ᠪᠣᠯ ᠵᠣᠷᠢᠯᠲᠠ ᠪᠠᠨ ᠪᠡᠶᠡᠯᠡᠭᠦᠯᠬᠦ ᠶ᠋ᠢᠨ ᠠᠩᠬᠠᠨ ᠤ᠋ ᠠᠯᠬᠤᠮ ᠶᠤᠮ᠃ ᠨᠢᠭᠡᠨ ᠰᠠᠢᠨ ᠵᠣᠷᠢᠯᠲᠠ ᠳ᠋ᠤ᠌ ᠨᠢᠭᠡᠨ ᠰᠠᠢᠨ ᠲᠥᠯᠥᠪᠯᠡᠭᠡ ᠪᠠᠢᠵᠤ ᠪᠡᠶᠡᠯᠡᠯ ᠢ᠋ᠶ᠋ᠡᠨ ᠣᠯᠳᠠᠭ᠃ ᠶᠠᠫᠣᠨᠴᠤᠳ ᠤ᠋ᠨ ᠠᠵᠢᠯ ᠤ᠋ᠨ ᠪᠦᠲᠦᠮᠵᠢ ᠥᠨᠳᠥᠷ ᠪᠠᠢᠳᠠᠭ ᠤ᠋ᠨ ᠨᠢᠭᠡᠨ ᠴᠢᠬᠤᠯᠠ ᠰᠢᠯᠲᠠᠭᠠᠨ ᠨᠢ ᠲᠡᠳᠡ ᠵᠣᠷᠢᠯᠲᠠ ᠲᠥᠯᠥᠪᠯᠡᠭᠡ ᠪᠡᠨ ᠡᠳᠦᠷ ᠡᠳᠦᠷ ᠭᠠᠷᠭᠠᠵᠤ᠂ ᠡᠭᠦᠨ ᠢ᠋ ᠪᠡᠶᠡᠯᠡᠭᠦᠯᠬᠦ ᠶ᠋ᠢᠨ ᠲᠥᠯᠥᠭᠡ ᠴᠢᠷᠮᠠᠢᠳᠠᠭ ᠲᠤ᠌ ᠪᠠᠢᠳᠠᠭ᠃ 
ᠬᠣᠶᠠᠷ᠂ ᠲᠥᠯᠥᠪᠯᠡᠭᠡ ᠪᠡᠨ ᠬᠡᠷᠡᠭᠵᠢᠭᠦᠯᠬᠦ 
ᠪᠢᠳᠡ ᠵᠣᠷᠢᠯᠲᠠ ᠪᠠᠨ ᠲᠣᠭᠲᠠᠭᠠᠭᠠᠳᠨ ᠲᠥᠯᠥᠪᠯᠡᠭᠡ ᠪᠡᠨ ᠪᠢᠴᠢᠭᠡᠳ ᠶᠠᠭᠤ ᠴᠤ᠌ ᠬᠢᠬᠦ ᠦᠭᠡᠢ ᠰᠠᠭᠤᠵᠤ ᠪᠣᠯᠬᠤ ᠦᠭᠡᠢ᠃ ᠢᠩᠭᠢᠵᠦ ᠰᠠᠭᠤᠪᠠᠯ ᠴᠢᠨᠦ ᠵᠣᠷᠢᠭᠰᠠᠨ ᠵᠣᠷᠢᠯᠲᠠ ᠨᠢ ᠬᠡᠢ ᠬᠤᠭᠣᠰᠳ ᠵᠦᠢᠯ ᠪᠣᠯᠵᠤ ᠬᠤᠪᠢᠷᠠᠨ᠎ᠠ ᠭᠡᠳᠡᠭ ᠢ᠋ ᠲᠠ ᠪᠢᠳᠡ ᠬᠡᠨ ᠢ᠋ᠶ᠋ᠡᠷ ᠴᠦ᠍ ᠬᠡᠯᠡᠭᠦᠯᠦᠯ ᠦᠭᠡᠢ ᠮᠡᠳᠡᠨ᠎ᠡ᠃ ᠲᠡᠢᠮᠦ ᠡᠴᠡ ᠵᠠᠪᠠᠯ ᠲᠥᠯᠥᠪᠯᠡᠭᠡ ᠶᠣᠰᠡᠭᠠᠷ ᠢ᠋ᠶ᠋ᠠᠨ ᠬᠢᠵᠦ ᠬᠡᠷᠡᠭᠵᠢᠭᠦᠯᠬᠦ ᠬᠡᠷᠡᠭᠲᠡᠢ᠃ ᠢᠩᠭᠢᠵᠦ ᠪᠠᠢᠵᠤ ᠲᠥᠯᠥᠪᠯᠡᠭᠡ ᠴᠢᠨᠢ ᠠᠩᠬ᠎ᠠ ᠠᠯᠬᠤᠮ ᠪᠡᠶᠡᠯᠡᠯ ᠢ᠋ᠶ᠋ᠡᠨ ᠣᠯᠳᠠᠭ᠃ 
ᠭᠤᠷᠪᠠ᠂ ᠲᠥᠯᠥᠪᠯᠡᠭᠡ ᠪᠡᠨ ᠰᠢᠯᠭᠠᠬᠤ 
ᠵᠣᠷᠢᠯᠲᠠ ᠪᠣᠯ ᠢᠷᠡᠭᠡᠳᠦᠢ ᠳ᠋ᠦ᠍ ᠵᠣᠷᠢᠭᠤᠯᠤᠭᠰᠠᠨ ᠵᠦᠢᠯ ᠪᠣᠯᠬᠣᠷ ᠣᠳᠣ ᠴᠢᠨᠦ ᠲᠥᠯᠥᠪᠯᠡᠵᠦ ᠬᠢᠭᠰᠡᠨ ᠵᠦᠢᠯ ᠠᠯᠳᠠᠭ᠎ᠠ ᠳᠤᠲᠠᠭᠳᠠᠯ ᠲᠠᠢ ᠪᠠᠢᠬᠤ ᠨᠢ ᠵᠠᠢᠯᠠᠰᠢ ᠦᠭᠡᠢ᠃ ᠲᠥᠯᠥᠪᠯᠡᠭᠡ ᠪᠡᠨ ᠬᠢᠵᠦ ᠬᠡᠷᠡᠭᠵᠢᠭᠦᠯᠬᠦ ᠶᠠᠪᠤᠴᠠ ᠳ᠋ᠤ᠌ ᠬᠦᠷᠦᠯᠴᠡᠬᠦ ᠦᠭᠡᠢ ᠲᠠᠯ᠎ᠠ ᠨᠢ ᠢᠯᠡ ᠪᠣᠯᠵᠤ ᠭᠠᠷᠴᠤ ᠢᠷᠡᠨ᠎ᠡ᠃ ᠢᠩᠭᠢᠵᠦ ᠬᠡᠷᠡᠭᠵᠢᠭᠦᠯᠬᠦ ᠪᠡᠷ ᠳᠠᠮᠵᠢᠨ ᠪᠢᠳᠡ ᠲᠥᠯᠥᠪᠯᠡᠭᠡ ᠪᠡᠨ ᠬᠢᠨᠠᠨ ᠰᠢᠯᠭᠠᠵᠤ ᠠᠯᠳᠠᠭ᠎ᠠ ᠮᠠᠳᠠᠭ ᠢ᠋ ᠨᠢ ᠰᠢᠭᠦᠨ ᠭᠠᠷᠭᠠᠵᠤ ᠳᠠᠷᠠᠭ᠎ᠠ ᠶ᠋ᠢᠨ ᠠᠯᠬᠤᠮ ᠳ᠋ᠠᠭᠠᠨ ᠰᠠᠭᠤᠷᠢ ᠲᠠᠯᠪᠢᠨ᠎ᠠ᠃ 
ᠳᠥᠷᠪᠡ᠂ ᠲᠥᠯᠥᠪᠯᠡᠭᠡ ᠪᠡᠨ ᠥᠭᠡᠷᠡᠴᠢᠯᠡᠬᠦ 
ᠡᠨᠳᠡ ᠬᠡᠯᠡᠵᠦ ᠪᠠᠢᠭ᠎ᠠ ᠲᠥᠯᠥᠪᠯᠡᠭᠡ ᠪᠡᠨ ᠥᠭᠡᠷᠡᠴᠢᠯᠡᠬᠦ ᠭᠡᠳᠡᠭ ᠨᠢ ᠲᠥᠯᠥᠪᠯᠡᠭᠡ ᠪᠡᠨ ᠪᠦᠷᠢᠨ ᠦᠭᠡᠷᠲᠡᠭᠦᠯᠬᠦ ᠶ᠋ᠢ ᠵᠢᠭᠠᠵᠤ ᠪᠠᠢᠭ᠎ᠠ ᠪᠢᠰᠢ᠂ ᠬᠠᠷᠢᠨ ᠪᠢᠳᠡ ᠲᠥᠯᠥᠪᠯᠡᠭᠡ ᠪᠡᠨ ᠬᠡᠷᠡᠭᠵᠢᠭᠦᠯᠬᠦ ᠪᠡᠷ ᠳᠠᠮᠵᠢᠨ ᠠᠯᠳᠠᠭ᠎ᠠ ᠳᠤᠲᠠᠭᠳᠠᠯ ᠢ᠋ ᠨᠢ ᠰᠢᠭᠦᠨ ᠭᠠᠷᠭᠠᠭᠰᠠᠨ ᠤ᠋ ᠪᠠᠨ ᠳᠠᠷᠠᠭ᠎ᠠ᠂ ᠲᠡᠭᠦᠨ ᠳ᠋ᠡᠭᠡᠨ ᠦᠨᠳᠦᠰᠦᠯᠡᠨ ᠬᠠᠯᠠᠨ ᠰᠠᠢᠵᠢᠷᠠᠭᠤᠯᠬᠤ ᠶᠠᠪᠤᠴᠠ ᠶ᠋ᠢ ᠬᠡᠯᠡᠵᠦ ᠪᠠᠢᠭ᠎ᠠ ᠶᠤᠮ᠃ ᠲᠥᠯᠥᠪᠯᠡᠭᠡ ᠢᠩᠭᠢᠵᠦ ᠬᠠᠯᠠᠨ ᠥᠭᠡᠷᠡᠴᠢᠯᠡᠬᠦ ᠪᠡᠷ ᠳᠠᠮᠵᠢᠨ ᠤᠯᠠᠮ ᠤᠯᠠᠮ ᠪᠣᠳᠠᠲᠠᠢ᠂ ᠢᠷᠡᠭᠡᠳᠦᠢ ᠪᠡᠨ ᠨᠡᠩ ᠣᠨᠣᠪᠴᠢᠲᠠᠢ ᠣᠯᠤᠭᠰᠠᠨ ᠰᠠᠢᠨ ᠲᠥᠯᠥᠪᠯᠡᠭᠡ ᠪᠣᠯᠵᠤ ᠴᠢᠳᠠᠨ᠎ᠠ᠃ 
ᠡᠳᠡᠭᠡᠷ ᠪᠣᠯ ᠮᠠᠨ ᠤ᠋ ᠭᠡᠷ ᠪᠦᠯᠢ ᠶ᠋ᠢᠨ ᠠᠮᠢᠳᠤᠷᠠᠯ ᠠ᠋ᠴᠠ ᠠᠵᠢᠯ ᠦᠢᠯᠡᠰ ᠦ᠋ᠨ ᠵᠣᠷᠢᠯᠲᠠ ᠪᠠᠨ ᠲᠣᠭᠲᠠᠭᠠᠵᠤ᠂ ᠲᠥᠯᠥᠪᠯᠡᠭᠡ ᠪᠡᠨ ᠬᠡᠷᠡᠭᠵᠢᠭᠦᠯᠵᠦ ᠵᠣᠷᠢᠯᠭ᠎ᠠ ᠳ᠋ᠠᠭᠠᠨ ᠬᠦᠷᠬᠦ ᠶ᠋ᠢᠨ ᠦᠨᠳᠦᠰᠦᠨ ᠵᠠᠷᠴᠢᠮ ᠬᠢᠭᠡᠳ ᠨᠥᠬᠥᠴᠡᠯ ᠦ᠋ᠳ ᠪᠣᠯᠤᠨ᠎ᠠ᠃ ᠶᠠᠭ ᠡᠨᠡᠬᠦ ᠵᠠᠷᠴᠢᠮ ᠢ᠋ᠶ᠋ᠠᠷ ᠭᠤᠷᠪᠠᠨ ᠰᠠᠷ᠎ᠠ ᠠᠵᠢᠯᠯᠠᠬᠤ ᠳ᠋ᠤ᠌ ᠲᠠ ᠪᠢᠳᠡ ᠴᠠᠭ ᠢ᠋ᠶ᠋ᠠᠨ ᠵᠥᠪ ᠵᠠᠷᠤᠴᠠᠭᠤᠯᠵᠤ᠂ ᠨᠢᠭᠡᠨ ᠴᠢᠭᠯᠡᠯ ᠢ᠋ᠶ᠋ᠡᠷ ᠵᠢᠳᠬᠦᠵᠦ ᠴᠢᠳᠠᠭᠰᠠᠨ ᠢ᠋ᠶ᠋ᠠᠷ ᠠᠮᠢᠳᠤᠷᠠᠯ ᠦᠢᠯᠡᠰ ᠴᠢᠨᠢ ᠮᠠᠰᠢ ᠲᠣᠮᠣ ᠥᠭᠡᠷᠡᠴᠢᠯᠡᠯᠲᠡ ᠭᠠᠷᠬᠤ ᠨᠢ ᠲᠣᠳᠣᠷᠬᠠᠢ᠃ 

     ᠦᠰᠦᠭ ᠬᠥᠷᠪᠡᠭᠦᠯᠦᠭᠴᠢ ᠄ ᠤᠷᠢᠶᠠᠩᠬᠠᠢ ᠨᠠᠷᠠᠨᠮᠠᠨᠳᠠ