ᠬᠠᠮᠤᠭ ᠢ᠋ ᠠᠪᠤᠷᠠᠭᠴᠢ ᠬᠠᠭᠠᠨ ᠰᠦᠮ᠎ᠡ -ᠳᠥᠷᠪᠡᠳ ᠡᠷᠳᠡᠨᠢᠪᠠᠶᠠᠷ Хамгийг аврагч хаан сүм-Дөрвөд Эрдэнэбаяр
ᠬᠠᠮᠤᠭ ᠢ᠋ ᠠᠪᠤᠷᠠᠭᠴᠢ ᠬᠠᠭᠠᠨ ᠰᠦᠮ᠎ᠡ
ᠳᠥᠷᠪᠡᠳ ᠡᠷᠳᠡᠨᠢᠪᠠᠶᠠᠷ
ᠬᠠᠨ ᠠᠭᠤᠯᠠ ᠶ᠋ᠢᠨ ᠬᠣᠷᠮᠣᠢ ᠡᠨᠳᠡ ᠠᠮᠤᠷᠯᠠᠬᠤᠢ ᠴᠠᠭᠠᠨ ᠳᠡᠪᠰᠡᠭᠲᠦ
ᠬᠣᠶᠠᠷ ᠯᠤᠤ ᠶ᠋ᠢᠨ ᠷᠠᠰᠢᠶᠠᠨ ᠡᠨᠳᠡ ᠰᠦᠯᠡᠯᠳᠦᠬᠦᠢ ᠬᠠᠬᠢᠷ ᠳ᠋ᠠᠯᠠᠷ
ᠬᠣᠷᠸ᠎ᠠ ᠳ᠋ᠤ᠌ ᠬᠣᠣᠰ ᠦᠭᠡᠢ ᠪᠠᠢᠭᠠᠯᠢ ᠶ᠋ᠢᠨ ᠬᠣᠪᠣᠷ ᠨᠢᠭᠡᠨ ᠲᠣᠭᠲᠠᠴᠠ
ᠬᠠᠮᠤᠭ ᠢ᠋ ᠠᠪᠤᠷᠠᠭᠴᠢ ᠬᠠᠭᠠᠨ ᠰᠦᠮ᠎ᠡ ᠪᠤᠷᠬᠠᠨ ᠤ᠋ ᠠᠷᠢᠭᠤᠨ ᠣᠷᠣᠨ
ᠪᠤᠷᠬᠠᠨ ᠤ᠋ ᠠᠢᠯᠠᠳᠤᠭᠰᠠᠨ ᠵᠠᠷᠯᠢᠭ ᠢ᠋ ᠬᠡᠰᠢᠭ ᠢ᠋ᠶ᠋ᠡᠷ ᠰᠢᠲᠦᠭᠴᠢ ᠰᠦᠮ᠎ᠡ
ᠪᠤᠷᠬᠠᠨ ᠤ᠋ ᠨᠣᠮᠯᠠᠭᠰᠠᠨ ᠵᠠᠷᠯᠢᠭ ᠢ᠋ ᠬᠡᠰᠢᠭ ᠢ᠋ᠶ᠋ᠡᠷ ᠰᠢᠲᠦᠭᠴᠢ ᠰᠦᠮ᠎ᠡ
ᠪᠤᠷᠬᠠᠨ ᠤ᠋ ᠰᠤᠷᠭᠠᠭᠰᠠᠨ ᠵᠠᠷᠯᠢᠭ ᠢ᠋ ᠬᠡᠰᠢᠭ ᠢ᠋ᠶ᠋ᠡᠷ ᠰᠢᠲᠦᠭᠴᠢ ᠰᠦᠮ᠎ᠡ
ᠪᠤᠷᠬᠠᠨ ᠤ᠋ ᠪᠠᠭᠤᠯᠭᠠᠭᠰᠠᠨ ᠵᠠᠷᠯᠢᠭ ᠢ᠋ ᠬᠡᠰᠢᠭ ᠢ᠋ᠶ᠋ᠡᠷ ᠰᠢᠲᠦᠭᠴᠢ ᠰᠦᠮ᠎ᠡ
ᠠᠯᠲᠠᠨ ᠭᠠᠨᠵᠤᠤᠷ ᠣᠷᠴᠢᠭᠤᠯᠤᠭᠰᠠᠨ ᠬᠤᠲᠤᠭᠲᠤ ᠭᠡᠭᠡᠨ ᠨᠢ ᠠᠯᠳᠠᠷᠲᠠᠢ
ᠠᠯᠲᠠᠨ ᠠᠮᠢ ᠶ᠋ᠢ ᠲᠡᠳᠬᠦᠭᠰᠡᠨ ᠮᠠᠷᠠᠮᠪᠠ ᠶᠥᠭᠡᠵᠡᠷᠢ ᠨᠢ ᠠᠯᠳᠠᠷᠲᠠᠢ
ᠠᠯᠲᠠᠨ ᠰᠤᠷᠭᠠᠯ ᠢ᠋ᠶ᠋ᠠᠨ ᠠᠢᠯᠠᠳᠤᠭᠰᠠᠨ ᠭᠤᠷᠪᠠᠨ ᠭᠡᠭᠡᠨ ᠨᠢ ᠠᠯᠳᠠᠷᠲᠠᠢ
ᠠᠯᠲᠠᠨ ᠪᠤᠷᠬᠠᠨ ᠨᠢ ᠭᠡᠷᠡᠯᠲᠦᠭᠰᠡᠨ ᠠᠪᠤᠷᠠᠯ ᠨᠣᠮ ᠨᠢ ᠠᠯᠳᠠᠷᠲᠠᠢ
ᠬᠣᠷᠢᠨ ᠳᠥᠷᠪᠡᠨ ᠰᠦᠮ᠎ᠡ ᠨᠢ ᠴᠤᠭᠯᠠᠵᠤ ᠬᠤᠷᠠᠳᠠᠭ ᠬᠠᠭᠠᠨ ᠰᠦᠮ᠎ᠡ
ᠬᠣᠷᠢᠨ ᠳᠥᠷᠪᠡᠨ ᠰᠦᠮ᠎ᠡ ᠨᠢ ᠨᠡᠢᠯᠡᠵᠦ ᠬᠤᠷᠠᠳᠠᠭ ᠬᠠᠭᠠᠨ ᠰᠦᠮ᠎ᠡ
ᠠᠷᠤ ᠬᠣᠷᠴᠢᠨ ᠰᠦᠮ᠎ᠡ ᠬᠡᠢᠳ ᠵᠤᠨ ᠳ᠋ᠤ᠌ ᠪᠠᠨ ᠨᠢᠭᠡ ᠡᠨᠳᠡ ᠬᠤᠷᠠᠳᠠᠭ
ᠠᠷᠤ ᠬᠣᠷᠴᠢᠨ ᠰᠦᠮ᠎ᠡ ᠬᠡᠢᠳ ᠵᠢᠯ ᠳ᠋ᠦ᠍ ᠪᠡᠨ ᠨᠢᠭᠡ ᠡᠨᠳᠡ ᠬᠤᠷᠠᠳᠠᠭ
ᠭᠤᠷᠪᠠᠨ ᠡᠷᠳᠡᠨᠢ ᠪᠡᠨ ᠬᠠᠮᠠᠭᠠᠯᠠᠭᠰᠠᠨ ᠭᠣᠮᠪᠣ ᠴᠣᠢᠵᠣᠩ ᠢᠯᠠᠭᠤᠭᠰᠠᠨ
ᠭᠤᠷᠪᠠᠨ ᠡᠷᠳᠡᠨᠢ ᠪᠡᠨ ᠲᠡᠳᠬᠦᠭᠰᠡᠨ ᠶᠠᠮᠠᠨᠳᠠᠭ ᠴᠣᠢᠵᠣᠩ ᠢᠯᠠᠭᠤᠭᠰᠠᠨ
ᠭᠤᠷᠪᠠᠨ ᠡᠷᠳᠡᠨᠢ ᠪᠡᠨ ᠰᠠᠬᠢᠭᠰᠠᠨ ᠵᠠᠮᠰᠡᠷᠡᠩ ᠴᠣᠢᠵᠣᠩ ᠢᠯᠠᠭᠤᠭᠰᠠᠨ
ᠭᠤᠷᠪᠠᠨ ᠡᠷᠳᠡᠨᠢ ᠪᠡᠨ ᠡᠷᠭᠦᠭᠰᠡᠨ ᠰᠡᠷᠡᠪ ᠴᠣᠢᠵᠣᠩ ᠢᠯᠠᠭᠤᠭᠰᠠᠨ
ᠥᠪᠡᠷ ᠦ᠋ᠨ ᠪᠡᠶ᠎ᠡ ᠶ᠋ᠢ ᠨᠠᠮᠠᠨᠴᠢᠯᠠᠪᠠᠯ ᠪᠤᠷᠬᠠᠨ ᠤ᠋ ᠠᠪᠤᠷᠠᠯ ᠲᠡᠷᠡ ᠮᠥᠨ
ᠥᠪᠡᠷ ᠦ᠋ᠨ ᠬᠡᠯᠡ ᠶ᠋ᠢ ᠨᠠᠮᠠᠨᠴᠢᠯᠠᠪᠠᠯ ᠪᠤᠷᠬᠠᠨ ᠤ᠋ ᠠᠪᠤᠷᠠᠯ ᠲᠡᠷᠡ ᠮᠥᠨ
ᠥᠪᠡᠷ ᠦ᠋ᠨ ᠰᠡᠳᠬᠢᠯ ᠢ᠋ ᠨᠠᠮᠠᠨᠴᠢᠯᠠᠪᠠᠯ ᠪᠤᠷᠬᠠᠨ ᠤ᠋ ᠠᠪᠤᠷᠠᠯ ᠲᠡᠷᠡ ᠮᠥᠨ
ᠥᠪᠡᠷ ᠦ᠋ᠨ ᠦᠢᠯᠡ ᠶ᠋ᠢ ᠨᠠᠮᠠᠨᠴᠢᠯᠠᠪᠠᠯ ᠪᠤᠷᠬᠠᠨ ᠤ᠋ ᠠᠪᠤᠷᠠᠯ ᠲᠡᠷᠡ ᠮᠥᠨ
ᠨᠣᠮ ᠤ᠋ᠨ ᠳᠠᠭᠤᠨ ᠢ᠋ ᠲᠠᠨᠠᠷ ᠵᠠᠯᠪᠠᠷᠢᠵᠤ ᠬᠢᠴᠢᠶᠡᠵᠦ ᠰᠣᠨᠣᠰᠤᠭᠲᠤᠨ
ᠨᠣᠮ ᠤ᠋ᠨ ᠤᠳᠬ᠎ᠠ ᠶ᠋ᠢ ᠲᠠᠨᠠᠷ ᠵᠠᠯᠪᠠᠷᠢᠵᠤ ᠰᠢᠨᠵᠢᠯᠡᠵᠦ ᠰᠣᠨᠣᠰᠤᠭᠲᠤᠨ
ᠨᠣᠮ ᠤ᠋ᠨ ᠦᠢᠯᠡ ᠶ᠋ᠢ ᠲᠠᠨᠠᠷ ᠵᠠᠯᠪᠠᠷᠢᠵᠤ ᠬᠢᠴᠢᠶᠡᠵᠦ ᠬᠢᠭᠲᠦᠨ
ᠨᠣᠮ ᠤ᠋ᠨ ᠴᠢᠨᠠᠷ ᠢ᠋ ᠲᠠᠨᠠᠷ ᠵᠠᠯᠪᠠᠷᠢᠵᠤ ᠰᠢᠩᠭᠡᠭᠡᠵᠦ ᠠᠪᠤᠭᠲᠤᠨ
ᠵᠣᠪᠠᠯᠠᠩ ᠲᠠᠨ ᠳ᠋ᠤ᠌ ᠢᠷᠡᠪᠡᠯ ᠥᠪᠡᠷ ᠦ᠋ᠨ ᠪᠡᠶ᠎ᠡ ᠶ᠋ᠢ ᠰᠢᠨᠵᠢᠭᠡᠷᠡᠢ
ᠵᠣᠪᠠᠯᠠᠩ ᠲᠠᠨ ᠳ᠋ᠤ᠌ ᠲᠠᠭᠠᠷᠠᠪᠠᠯ ᠤᠴᠢᠷ ᠰᠢᠯᠲᠠᠭᠠᠨ ᠢ᠋ ᠡᠷᠢᠭᠡᠷᠡᠢ
ᠵᠣᠪᠠᠯᠠᠩ ᠲᠠᠨ ᠳ᠋ᠤ᠌ ᠤᠴᠠᠷᠠᠪᠠᠯ ᠥᠪᠡᠷ ᠦ᠋ᠨ ᠰᠡᠳᠬᠢᠯ ᠢ᠋ ᠰᠢᠨᠵᠢᠭᠡᠷᠡᠢ
ᠵᠣᠪᠠᠯᠠᠩ ᠲᠠᠨ ᠳ᠋ᠤ᠌ ᠪᠠᠢᠪᠠᠯ ᠪᠤᠷᠬᠠᠨ ᠤ᠋ ᠰᠤᠷᠭᠠᠯ ᠢ᠋ ᠰᠣᠨᠣᠰᠤᠭᠠᠷᠠᠢ
ᠡᠷᠲᠡ ᠳᠡᠭᠡᠳᠦ ᠲᠡᠦᠬᠡᠨ ᠡᠴᠡ ᠪᠤᠷᠬᠠᠨ ᠵᠠᠯᠠᠷᠠᠭᠰᠠᠨ ᠬᠠᠭᠠᠨ ᠰᠦᠮ᠎ᠡ
ᠡᠷᠲᠡ ᠳᠡᠭᠡᠳᠦ ᠲᠡᠦᠬᠡᠨ ᠡᠴᠡ ᠨᠣᠮ ᠵᠠᠯᠠᠷᠠᠭᠰᠠᠨ ᠬᠠᠭᠠᠨ ᠰᠦᠮ᠎ᠡ
ᠡᠷᠲᠡ ᠳᠡᠭᠡᠳᠦ ᠲᠡᠦᠬᠡᠨ ᠡᠴᠡ ᠯᠠᠮᠠ ᠵᠠᠯᠠᠷᠠᠭᠰᠠᠨ ᠬᠠᠭᠠᠨ ᠰᠦᠮ᠎ᠡ
ᠡᠷᠲᠡ ᠳᠡᠭᠡᠳᠦ ᠲᠡᠦᠬᠡᠨ ᠡᠴᠡ ᠰᠢᠲᠦᠭᠡᠨ ᠪᠣᠯᠤᠭᠰᠠᠨ ᠬᠠᠭᠠᠨ ᠰᠦᠮ᠎ᠡ
ᠠᠮᠢᠲᠠᠨ ᠪᠦᠬᠦᠨ ᠢ᠋ ᠡᠬᠡ ᠮᠡᠲᠦ ᠰᠠᠨᠠᠬᠤ ᠠᠪᠤᠷᠠᠯ ᠤ᠋ᠨ ᠳᠡᠭᠡᠳᠦ ᠮᠥᠨ
ᠠᠮᠢᠲᠠᠨ ᠪᠦᠬᠦᠨ ᠢ᠋ ᠡᠬᠡ ᠮᠡᠲᠦ ᠬᠠᠢᠷᠠᠯᠠᠬᠤ ᠠᠪᠤᠷᠠᠯ ᠤ᠋ᠨ ᠳᠡᠭᠡᠳᠦ ᠮᠥᠨ
ᠠᠮᠢᠲᠠᠨ ᠪᠦᠬᠦᠨ ᠢ᠋ ᠡᠬᠡ ᠮᠡᠲᠦ ᠬᠦᠨᠳᠦᠯᠡᠬᠦ ᠠᠪᠤᠷᠠᠯ ᠤ᠋ᠨ ᠳᠡᠭᠡᠳᠦ ᠮᠥᠨ
ᠠᠮᠢᠲᠠᠨ ᠪᠦᠬᠦᠨ ᠢ᠋ ᠡᠬᠡ ᠮᠡᠲᠦ ᠳᠡᠭᠡᠳᠦᠯᠡᠬᠦ ᠠᠪᠤᠷᠠᠯ ᠤ᠋ᠨ ᠳᠡᠭᠡᠳᠦ ᠮᠥᠨ
ᠪᠤᠰᠤᠳ ᠤ᠋ᠨ ᠪᠡᠶ᠎ᠡ ᠶ᠋ᠢ ᠥᠪᠡᠷ ᠦ᠋ᠨ ᠬᠢ ᠮᠡᠲᠦ ᠡᠨᠡᠷᠢᠬᠦ ᠳᠡᠭᠡᠳᠦ ᠨᠣᠮ
ᠪᠤᠰᠤᠳ ᠤ᠋ᠨ ᠬᠡᠯᠡ ᠶ᠋ᠢ ᠥᠪᠡᠷ ᠦ᠋ᠨ ᠬᠢ ᠮᠡᠲᠦ ᠡᠨᠡᠷᠢᠬᠦ ᠳᠡᠭᠡᠳᠦ ᠨᠣᠮ
ᠪᠤᠰᠤᠳ ᠤ᠋ᠨ ᠰᠡᠳᠬᠢᠯ ᠢ᠋ ᠥᠪᠡᠷ ᠦ᠋ᠨ ᠬᠢ ᠮᠡᠲᠦ ᠡᠨᠡᠷᠢᠬᠦ ᠳᠡᠭᠡᠳᠦ ᠨᠣᠮ
ᠪᠤᠰᠤᠳ ᠤ᠋ᠨ ᠦᠢᠯᠡ ᠶ᠋ᠢ ᠥᠪᠡᠷ ᠦ᠋ᠨ ᠬᠢ ᠮᠡᠲᠦ ᠡᠨᠡᠷᠢᠬᠦ ᠳᠡᠭᠡᠳᠦ ᠨᠣᠮ
ᠪᠤᠷᠬᠠᠨ ᠤ᠋ ᠵᠠᠷᠯᠢᠭ ᠢ᠋ ᠬᠡᠰᠢᠭ ᠢ᠋ᠶ᠋ᠡᠷ ᠰᠣᠶᠣᠷᠬᠠᠭᠴᠢ ᠬᠠᠭᠠᠨ ᠰᠦᠮ᠎ᠡ ᠬᠡᠷᠡᠯᠳᠦᠬᠦᠢ
ᠪᠤᠷᠬᠠᠨ ᠤ᠋ ᠵᠠᠷᠯᠢᠭ ᠢ᠋ ᠬᠡᠰᠢᠭ ᠢ᠋ᠶ᠋ᠡᠷ ᠢᠪᠡᠭᠡᠭᠴᠢ ᠬᠠᠭᠠᠨ ᠰᠦᠮ᠎ᠡ ᠰᠠᠴᠤᠷᠠᠬᠤᠢ
ᠪᠤᠷᠬᠠᠨ ᠤ᠋ ᠵᠠᠷᠯᠢᠭ ᠢ᠋ ᠬᠡᠰᠢᠭ ᠢ᠋ᠶ᠋ᠡᠷ ᠲᠦᠭᠡᠭᠡᠭᠴᠢ ᠬᠠᠭᠠᠨ ᠰᠦᠮ᠎ᠡ ᠲᠤᠶᠠᠭᠠᠷᠠᠬᠤᠢ
ᠪᠤᠷᠬᠠᠨ ᠤ᠋ ᠵᠠᠷᠯᠢᠭ ᠢ᠋ ᠬᠡᠰᠢᠭ ᠢ᠋ᠶ᠋ᠡᠷ ᠰᠢᠲᠦᠭᠴᠢ ᠬᠠᠭᠠᠨ ᠰᠦᠮ᠎ᠡ ᠮᠠᠨᠳᠤᠬᠤᠢ ᠃
ᠦᠰᠦᠭ ᠬᠥᠷᠪᠡᠭᠦᠯᠦᠭᠴᠢ ᠄ ᠤᠷᠢᠶᠠᠩᠬᠠᠢ ᠨᠠᠷᠠᠨᠮᠠᠨᠳᠠ
