ᠲᠤ᠌ ᠮᠦ᠍ ᠪᠣᠦ ᠶᠢᠨ ᠳᠠᠢᠨ ᠪᠠᠢᠯᠳᠤᠭᠠᠨТу му боогийн дайн байлдаан ᠲᠡᠥᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤ᠌ ᠮᠦ᠍ ᠪᠣᠦ ᠶᠢᠨ ᠳᠠᠢᠨ ᠪᠠᠢᠯᠳᠤᠭᠠᠨТу му боогийн дайн байлдаан

ᠲᠤ᠌ ᠮᠦ᠍ ᠪᠣᠦ ᠶᠢᠨ ᠳᠠᠢᠨ ᠪᠠᠢᠯᠳᠤᠭᠠᠨТу му боогийн дайн байлдаан

ᠠᠩᠭᠢᠯᠠᠯ:ᠲᠡᠥᠬᠡ ᠰᠣᠶᠣᠯ
2022-09-24

276

  ᠮᠣᠩᠭᠣᠯ ᠤᠨ ᠴᠡᠷᠢᠭ 4 ᠵᠠᠮ ᠢᠶᠠᠷ ᠳᠣᠪᠲᠣᠯᠵᠤ ᠰᠠᠭᠠᠳ ᠦᠭᠡᠢ ᠳᠠᠪᠰᠢᠵᠤ ᠪᠠᠢᠭ᠎ᠠ ᠮᠡᠳᠡᠭᠡ ᠪᠡᠭᠡᠵᠢᠩ ᠳᠦ ᠬᠦᠷᠬᠦ ᠳᠦ᠂ ᠡᠵᠡᠨ ᠬᠠᠭᠠᠨ 50 ᠲᠦᠮᠡᠨ ᠴᠡᠷᠢᠭ ᠳᠠᠢᠴᠢᠯᠠᠵᠤ᠂ ᠴᠠᠪᠴᠢᠶᠠᠯ ᠪᠣᠭᠣᠮᠲᠠ ᠪᠠᠷ ᠭᠠᠷᠴᠤ᠂ ᠰᠸᠠᠨᠹᠦ᠋ ᠬᠦᠷᠴᠡᠢ᠃ ᠰᠠᠨᠳᠤ ᠮᠡᠨᠳᠦ ᠬᠥᠳᠡᠯᠦᠭᠰᠡᠨ ᠮᠢᠩ ᠤᠯᠤᠰ ᠤᠨ ᠶᠡᠬᠡ ᠴᠡᠷᠢᠭ ᠵᠠᠮ ᠳᠤ ᠪᠠᠨ ᠰᠠᠯᠬᠢ ᠪᠣᠷᠣᠭᠠᠨ ᠳᠤ ᠴᠣᠬᠢᠭᠳᠠᠨ ᠲᠠᠪᠠ ᠦᠭᠡᠢᠳᠡᠬᠦ ᠳᠦ ᠮᠣᠳᠣ ᠡᠪᠡᠰᠦ ᠪᠦᠬᠦᠨ ᠮᠣᠩᠭᠣᠯ ᠴᠡᠷᠢᠭ ᠪᠣᠯᠤᠨ ᠬᠠᠷᠠᠭᠳᠠᠵᠤ᠂ ᠮᠢᠩ ᠤᠯᠤᠰ ᠤᠨ ᠤᠷᠢᠳᠤ ᠨᠢ ᠠᠯᠠᠭᠳᠠᠭᠰᠠᠨ ᠴᠡᠷᠢᠭ ᠦᠳ ᠦᠨ ᠦᠭᠦᠳᠡᠯ ᠡᠨᠳᠡ ᠲᠡᠨᠳᠡ ᠦᠭᠡᠢ ᠲᠠᠭᠠᠷᠠᠯᠳᠤᠬᠤ ᠪᠣᠯᠤᠭᠰᠠᠨ ᠲᠡᠳᠦᠢ ᠦᠭᠡᠢ ᠴᠡᠷᠢᠭ ᠦᠨ ᠬᠦᠨᠡᠰᠦ ᠬᠣᠭᠣᠯᠠ ᠳᠤᠲᠠᠵᠤ ᠡᠬᠢᠯᠡᠪᠡ᠃ ᠳ᠋ᠠᠲ᠋ᠦ᠋ᠩ ᠬᠦᠷᠬᠦ ᠳᠦ ᠮᠣᠩᠭᠣᠯ ᠴᠡᠷᠢᠭ ᠳᠡᠢᠯᠳᠡᠭᠰᠡᠨ ᠠᠶᠠᠲᠠᠢ ᠤᠬᠤᠷᠢᠬᠤ ᠳᠤ ᠣᠲᠣᠭᠠᠨ ᠳᠤ ᠣᠷᠣᠵᠤ ᠪᠣᠯᠵᠣᠰᠢ ᠦᠭᠡᠢ ᠬᠡᠮᠡᠨ ᠰᠸᠠᠨᠹ ᠤᠳ ᠪᠤᠴᠠᠵᠤ ᠢᠷᠡᠬᠦ ᠳᠦ ᠮᠣᠩᠭᠣᠯ ᠴᠡᠷᠢᠭ ᠠᠷᠤ ᠠᠴᠠ ᠨᠢ ᠨᠡᠬᠡᠵᠦ ᠪᠠᠢᠯᠳᠤᠪᠠ᠃ ᠮᠢᠩ ᠦᠨ ᠢᠩᠽᠣ᠍ᠢᠩ ᠬᠠᠭᠠᠨ ᠵᠤ᠌ ᠴᠢ ᠵᠸᠠ ᠦᠯᠡᠮᠵᠢ ᠨᠡᠷ᠎ᠡ ᠬᠦᠨᠳᠦᠲᠡᠢ ᠬᠦᠮᠦᠰ ᠲᠦ 4 ᠲᠦᠮᠡᠨ ᠴᠡᠷᠢᠭ ᠥᠭᠴᠦ ᠪᠠᠢᠯᠳᠤᠭᠤᠯᠤᠭᠰᠠᠨ ᠪᠣᠯᠪᠠᠴᠤ ᠴᠥᠮ ᠪᠦᠰᠡᠯᠡᠭᠳᠡᠨ ᠴᠣᠬᠢᠭᠤᠯᠵᠠᠢ᠃ 8 ᠳ᠋ᠤᠭᠠᠷ ᠰᠠᠷ᠎ᠠ ᠶᠢᠨ 31 ᠳᠦ ᠮᠢᠩ ᠦᠨ ᠶᠡᠬᠡ ᠴᠡᠷᠢᠭ ᠤᠬᠤᠷᠢᠭᠰᠠᠭᠠᠷ ᠲᠤ᠌ ᠮᠤ᠌ ᠭᠡᠳᠡᠭ ᠭᠠᠵᠠᠷ ᠢᠷᠡᠭᠡᠳ ᠬᠣᠷᠢᠭᠯᠠᠨ ᠪᠠᠢᠯᠳᠤᠬᠤ ᠶᠢ ᠬᠢᠴᠢᠶᠡᠭᠰᠡᠨ ᠠᠪᠴᠤ ᠪᠦᠷᠢᠮᠦᠰᠦᠨ ᠪᠤᠲᠠᠷᠠᠵᠤ ᠡᠵᠡᠨ ᠬᠠᠭᠠᠨ ᠵᠤ᠌ ᠴᠢ ᠵᠸᠠ ᠥᠪᠡᠷ ᠢᠶᠡᠨ ᠮᠣᠩᠭᠣᠯᠴᠤᠳ ᠲᠤ ᠣᠯᠵᠠᠯᠠᠭᠳᠠᠭᠰᠠᠨ ᠪᠠᠢᠨ᠎ᠠ᠃
 ᠡᠨᠡ ᠦᠶ᠎ᠡ ᠳᠦ ᠮᠢᠩ ᠤᠯᠤᠰ ᠤᠨ ᠲᠥᠷᠦ ᠠᠶᠤᠨ ᠰᠠᠨᠳᠤᠷᠴᠤ᠌᠂ ᠲᠦᠰᠢᠮᠡᠳ ᠨᠢ ᠪᠦᠭᠦᠳᠡ᠎ᠪᠡᠷ ᠶᠡᠬᠡᠳᠡ ᠤᠬᠢᠯᠠᠯᠳᠤᠨ ᠶᠠᠭᠠᠬᠢᠬᠤ ᠪᠠᠨ ᠮᠡᠳᠡᠬᠦ ᠦᠭᠡᠢ ᠪᠣᠯᠤᠭᠰᠠᠨ ᠭᠡᠳᠡᠭ᠃ ᠬᠠᠭᠠᠨ ᠤ ᠬᠠᠲᠤᠳ᠂ ᠣᠢᠷ᠎ᠠ ᠲᠥᠷᠥᠯ ᠦᠨ ᠬᠦᠮᠦᠰ ᠢᠩᠽᠣ᠍ᠢᠩ ᠬᠠᠭᠠᠨ ᠵᠤ᠌ ᠴᠢ ᠵᠸᠠ ᠪᠠᠨ ᠠᠯᠲᠠ ᠮᠥᠩᠭᠥ᠂ ᠦᠨᠡᠲᠦ ᠡᠳ᠋ᠯᠡᠯ ᠢᠶᠡᠷ ᠰᠤᠯᠢᠵᠤ ᠠᠪᠬᠤ ᠪᠠᠷ ᠶᠠᠭᠠᠷᠠᠵᠤ᠂ ᠣᠷᠳᠣᠨ ᠠᠴᠠ ᠦᠯᠡᠮᠵᠢ ᠬᠡᠮᠵᠢᠶᠡᠨ ᠦ ᠡᠷᠳᠡᠨᠢᠰ ᠴᠤᠭᠯᠠᠭᠤᠯᠤᠨ ᠮᠣᠩᠭᠣᠯ ᠤᠷᠤᠭᠤ ᠶᠠᠪᠤᠭᠤᠯᠵᠠᠢ᠃ ᠡᠰᠡᠨ ᠲᠠᠢᠰᠢ ᠴᠢᠨᠠᠭᠰᠢᠳᠠ ᠪᠠᠨ ᠢᠩᠽᠣ᠍ᠢᠩ ᠬᠠᠭᠠᠨ ᠵᠤ᠌ ᠴᠢ ᠵᠸᠠ ᠢᠶᠠᠷ ᠶᠡᠬᠡ ᠠᠰᠢᠭ ᠣᠯᠤᠨ᠎ᠠ ᠬᠡᠮᠡᠨ ᠰᠡᠳᠬᠢᠵᠦ ᠪᠠᠢᠭᠰᠠᠨ ᠴᠤ᠌ ᠲᠡᠷᠡ ᠨᠢ ᠪᠦᠲᠦᠯ ᠮᠠᠭᠤ ᠲᠠᠢ ᠪᠣᠯᠵᠤ᠂ ᠮᠢᠩ ᠦᠨ ᠬᠢᠨ ᠰᠢᠨ᠎ᠡ ᠬᠠᠨ ᠢᠶᠠᠭᠠᠷᠠᠯᠲᠠᠢ ᠡᠷᠭᠦᠮᠵᠢᠯᠡᠭᠰᠡᠨ ᠪᠠᠢᠨ᠎ᠠ᠃ ᠡᠢᠮᠦ ᠡᠴᠡ ᠲᠡᠷᠡᠪᠡᠷ 1450 ᠣᠨ ᠳᠤ ᠮᠢᠩ ᠤᠯᠤᠰ ᠤᠨ ᠬᠢᠯᠢ ᠳᠦ 4 ᠤᠳᠠᠭ᠎ᠠ ᠴᠡᠷᠢᠭᠯᠡᠨ ᠬᠠᠯᠠᠳᠠᠵᠤ᠂ ᠰᠢᠬᠠᠮᠳᠠᠭᠤᠯᠤᠭᠰᠠᠨ ᠲᠤᠯᠠ ᠠᠷᠭ᠎ᠠ ᠦᠭᠡᠢ ᠶᠢᠨ ᠡᠷᠬᠡᠨ ᠳᠦ ᠨᠠᠢᠷᠠᠮᠳᠠᠯ ᠪᠠᠢᠭᠤᠯᠵᠤ ᠬᠠᠭᠠᠨ ᠠᠰᠤᠨ ᠢᠶᠠᠨ ᠡᠷᠭᠢᠭᠦᠯᠦᠨ ᠬᠦᠯᠢᠶᠡᠨ ᠠᠪᠴᠠᠢ᠃
 ᠢᠩᠽᠣ᠍ᠢᠩ ᠬᠠᠭᠠᠨ ᠵᠤ᠌ ᠴᠢ ᠵᠸᠠ ᠢ ᠪᠤᠴᠠᠭᠠᠨ ᠥᠭᠭᠦᠭᠰᠡᠨ ᠨᠢ ᠲᠡᠷᠡ ᠦᠶ᠎ᠡ ᠶᠢᠨ ᠮᠣᠩᠭᠣᠯ ᠬᠢᠲᠠᠳ ᠤᠨ ᠬᠠᠷᠢᠯᠴᠠᠭᠠᠨ ᠤ ᠬᠤᠷᠴᠠᠳᠤᠮᠠᠯ ᠪᠠᠢᠳᠠᠯ ᠢ ᠨᠠᠮᠵᠢᠭᠠᠵᠤ᠂ 1449-1450 ᠣᠨ ᠤ 2 ᠵᠢᠯ ᠦᠨ ᠳᠠᠢᠨ ᠢ ᠵᠣᠭᠰᠣᠭᠠᠵᠤ᠂ ᠨᠠᠢᠷᠰᠠᠭ ᠬᠥᠷᠰᠢ ᠶᠢᠨ ᠬᠠᠷᠢᠯᠴᠠᠭ᠎ᠠ ᠲᠣᠭᠲᠠᠭᠠᠬᠤ ᠴᠢᠬᠤᠯᠠ ᠠᠯᠬᠤᠮ ᠪᠣᠯᠵᠠᠢ᠃ ᠡᠨᠡ ᠦᠶ᠎ᠡ ᠳᠦ ᠮᠣᠩᠭᠣᠯ ᠤᠯᠤᠰ ᠤᠨ ᠲᠥᠷᠥ ᠵᠡᠭᠦᠨ ᠲᠡᠰᠢ ᠪᠡᠨ ᠵᠦᠷᠴᠢᠳ᠂ ᠪᠠᠷᠠᠭᠤᠨ ᠲᠡᠰᠢ ᠪᠡᠨ ᠬᠠᠮᠢᠯ᠂ ᠲᠡᠭᠦᠨ ᠡᠴᠡ ᠪᠠᠷᠠᠭᠤᠨ ᠲᠠᠯ᠎ᠠ ᠳᠤ ᠪᠤᠢ ᠶᠦᠯᠲᠤᠰ ᠭᠣᠣᠯ ᠤᠨ ᠰᠠᠪᠠ ᠬᠦᠷᠲᠡᠯ᠎ᠡ᠂ ᠤᠮᠠᠷ᠎ᠠ ᠵᠦᠭ ᠶᠡᠨᠢᠰᠧᠢ ᠮᠥᠷᠡᠨ ᠦ ᠳᠡᠭᠡᠳᠦ ᠰᠠᠪᠠ ᠭᠠᠵᠠᠷ᠂ ᠡᠮᠦᠨ᠎ᠡ ᠵᠦᠭ ᠴᠠᠭᠠᠨ ᠬᠡᠷᠡᠮ ᠬᠦᠷᠲᠡᠯᠡᠬᠢ ᠭᠠᠵᠠᠷ ᠢ ᠵᠠᠬᠢᠷᠴᠤ ᠪᠠᠢᠭᠰᠠᠨ ᠨᠢ ᠮᠣᠩᠭᠣᠯ ᠤᠨ ᠤᠯᠤᠰ ᠲᠥᠷᠥ ᠶᠢᠨ ᠬᠦᠴᠦᠨ ᠨᠦᠭᠦᠳ ᠦᠨ ᠤᠯᠤᠰ ᠣᠷᠣᠨ ᠢᠶᠠᠨ ᠨᠢᠭᠡᠳᠬᠡᠬᠦ ᠨᠢᠭᠡᠳᠦᠮᠡᠯ ᠵᠣᠷᠢᠯᠲᠠ ᠪᠠᠨ ᠪᠡᠶᠡᠯᠡᠭᠦᠯᠬᠦ ᠶᠢᠨ ᠲᠤᠯᠠᠳᠠ ᠨᠡᠢᠲᠡ ᠪᠡᠷ ᠢᠶᠡᠨ ᠴᠢᠷᠮᠠᠢᠨ ᠲᠡᠮᠡᠴᠡᠭᠰᠡᠨ ᠦ ᠦᠷ᠎ᠡ ᠳ᠋ᠦᠩ ᠪᠠᠢᠪᠠ᠃ ᠡᠨᠡ ᠲᠡᠮᠡᠴᠡᠯ ᠳᠦ ᠡᠰᠡᠨ ᠲᠠᠢᠰᠢ ᠭᠣᠣᠯ ᠬᠢᠴᠢᠶᠡᠯ ᠵᠢᠳᠬᠦᠯ ᠢ ᠭᠠᠷᠭᠠᠭᠰᠠᠨ ᠪᠠᠢᠨ᠎ᠠ᠃

ᠳᠠᠯᠠᠢ ᠶᠢᠨ ᠮᠣᠩᠭᠣᠯ ᠲᠡᠦᠬᠡ ᠶᠢᠨ ᠥᠷᠥᠭᠡ ᠳᠦ  ᠪᠤᠴᠠᠬᠤДалайн монгол түүхийн өрөөд буцах