ᠮᠠᠨ ᠤ᠋ ᠤᠯᠤᠰ ᠤ᠋ᠨ ᠭᠣᠣᠯ ᠪᠣᠯᠬᠤ ᠬᠣᠨᠢᠨ ᠤ᠋ ᠡᠭᠦᠯᠳᠡᠷ ᠦ᠋ᠳМанай улсын гол болох хонны үүлдрүүд
ᠨᠢᠭᠡ᠂ ᠨᠠᠷᠢᠨ ᠨᠣᠣᠰᠣᠲᠤ ᠬᠣᠨᠢᠨ ᠤ᠋ ᠡᠭᠦᠯᠳᠡᠷ ᠦ᠋ᠳ
1. ᠰᠢᠨᠵᠢᠶᠠᠩ ᠤ᠋ᠨ ᠨᠣᠣᠰᠣ ᠮᠢᠬᠠᠨ ᠤ᠋ ᠬᠡᠷᠡᠭᠴᠡᠭᠡᠲᠦ ᠨᠠᠷᠢᠨ ᠨᠣᠣᠰᠣᠲᠤ ᠬᠣᠨᠢ᠄ ᠰᠢᠨᠵᠢᠶᠠᠩ ᠤ᠋ᠨ ᠨᠣᠣᠰᠣ ᠮᠢᠬᠠᠨ ᠤ᠋ ᠬᠡᠷᠡᠭᠴᠡᠭᠡᠲᠦ ᠨᠠᠷᠢᠨ ᠨᠣᠣᠰᠣᠲᠤ ᠬᠣᠨᠢ(ᠰᠢᠨᠵᠢᠶᠠᠩ ᠤ᠋ᠨ ᠨᠠᠷᠢᠨ ᠨᠣᠣᠰᠣᠲᠤ ᠭᠡᠵᠦ ᠳᠥᠭᠥᠮᠴᠢᠯᠡᠵᠦ ᠪᠣᠯᠤᠨ᠎ᠠ) ᠶ᠋ᠢ ᠪᠣᠯ ᠰᠢᠨᠵᠢᠶᠠᠩ ᠤ᠋ᠨ ᠤᠢᠭᠤᠷ ᠤ᠋ᠨ ᠥᠪᠡᠷᠲᠡᠭᠡᠨ ᠵᠠᠰᠠᠬᠤ ᠣᠷᠣᠨ ᠤ᠋ ᠢᠯᠢ ᠭᠠᠵᠠᠷ ᠣᠷᠣᠨ ᠤ᠋ 《ᠭᠦᠩᠨᠡᠢᠼᠢ ᠦᠷᠡᠵᠢᠯ ᠦ᠋ᠨ ᠬᠣᠨᠢᠨ ᠤ᠋ ᠲᠠᠯᠠᠪᠠᠢ》 ᠳ᠋ᠤ᠌ ᠪᠣᠢᠵᠢᠭᠤᠯᠤᠨ ᠭᠠᠷᠭᠠᠭᠰᠠᠨ ᠶᠤᠮ᠃ ᠰᠢᠨᠵᠢᠶᠠᠩ ᠤ᠋ᠨ ᠨᠠᠷᠢᠨ ᠨᠣᠣᠰᠣᠲᠤ ᠬᠣᠨᠢ ᠪᠣᠯ ᠮᠠᠨ ᠤ᠋ ᠤᠯᠤᠰ ᠤ᠋ᠨ ᠥᠪᠡᠷᠲᠡᠭᠡᠨ ᠪᠣᠢᠵᠢᠭᠤᠯᠤᠭᠰᠠᠨ ᠬᠠᠮᠤᠭ ᠠᠩᠬᠠᠳᠤᠭᠴᠢ ᠨᠠᠷᠢᠨ ᠨᠣᠣᠰᠣᠲᠤ ᠡᠭᠦᠯᠳᠡᠷ ᠦ᠋ᠨ ᠬᠣᠨᠢ ᠮᠥᠨ᠃ ᠣᠳᠣᠬᠠᠨ ᠳ᠋ᠤ᠌᠂ ᠮᠠᠨ ᠤ᠋ ᠤᠯᠤᠰ ᠤ᠋ᠨ ᠡᠯ᠎ᠡ ᠮᠣᠵᠢ ᠣᠷᠣᠨ ᠨᠤᠭᠤᠳ ᠲᠤ᠌ ᠨᠡᠢᠳᠡᠮ ᠲᠠᠷᠬᠠᠵᠤ ᠪᠠᠢᠬᠤ ᠪᠥᠭᠡᠳ ᠡᠯ᠎ᠡ ᠭᠠᠵᠠᠷ ᠣᠷᠣᠨ ᠤ᠋ ᠬᠣᠨᠢᠨ ᠤ᠋ ᠡᠭᠦᠯᠳᠡᠷ ᠤᠭᠰᠠᠭ᠎ᠠ ᠶ᠋ᠢ ᠡᠷᠯᠢᠰᠡᠵᠢᠭᠦᠯᠦᠨ ᠥᠭᠡᠷᠡᠴᠢᠯᠡᠬᠦ ᠳ᠋ᠦ᠍ ᠬᠡᠷᠡᠭᠯᠡᠵᠦ ᠪᠠᠢᠨ᠎ᠠ ᠃
ᠡᠭᠦᠯᠳᠡᠷ ᠪᠣᠢᠵᠢᠭᠤᠯᠤᠭᠰᠠᠨ ᠳᠥᠭᠥᠮ ᠲᠡᠦᠬᠡ ᠄ ᠰᠢᠨᠵᠢᠶᠠᠩ ᠤ᠋ᠨ ᠨᠠᠷᠢᠨ ᠨᠣᠣᠰᠣᠲᠤ ᠬᠣᠨᠢᠨ ᠤ᠋ ᠡᠭᠦᠯᠳᠡᠷ ᠪᠣᠢᠵᠢᠭᠤᠯᠤᠭᠠ ᠶ᠋ᠢᠨ ᠠᠵᠢᠯ ᠨᠢ᠂ 1935 ᠣᠨ ᠳ᠋ᠤ᠌ ᠦᠷᠦᠮᠴᠢ ᠶ᠋ᠢᠨ ᠬᠠᠪᠢ ᠳ᠋ᠠᠬᠢ 《ᠳᠢ ᠬᠤᠸᠠ ᠦᠷᠡᠵᠢᠯ ᠦ᠋ᠨ ᠮᠠᠯ ᠤ᠋ᠨ ᠲᠠᠯᠠᠪᠠᠢ》 ᠠ᠋ᠴᠠ ᠡᠬᠢᠯᠡᠵᠦ᠂ ᠰᠡᠭᠦᠯᠡᠷ ᠨᠢ 1939 ᠣᠨ ᠳ᠋ᠤ᠌ ᠢᠯᠡᠢ ᠶ᠋ᠢᠨ 《ᠭᠦᠩᠨᠡᠢᠼᠢ ᠦᠷᠡᠵᠢᠯ ᠦ᠋ᠨ ᠬᠣᠨᠢᠨ ᠤ᠋ ᠲᠠᠯᠠᠪᠠᠢ》 ᠳ᠋ᠤ᠌ ᠰᠢᠯᠵᠢᠵᠡᠢ᠃ ᠲᠡᠳᠡᠨ᠂ ᠵᠥᠪᠯᠡᠯᠲᠦ ᠶ᠋ᠢᠨ ᠡᠷᠳᠡᠮᠲᠡᠳ ᠦ᠋ᠨ ᠵᠢᠯᠣᠭᠣᠳᠤᠯᠭ᠎ᠠ ᠳᠣᠣᠷ᠎ᠠ ᠡᠭᠡᠯᠡᠩᠭᠦᠲᠡ ᠪᠡᠨ ᠺᠡᠥ᠋ᠻᠡᠰ ᠪᠣᠯᠤᠨ ᠹᠧᠷᠺᠥ᠋ᠰ ᠬᠤᠴᠠ ᠪᠠᠷ ᠲᠤᠰ ᠭᠠᠵᠠᠷ ᠳᠠᠬᠢ ᠬᠠᠰᠠᠭ ᠪᠠ ᠮᠣᠩᠭᠣᠯ ᠡᠮ᠎ᠡ ᠬᠣᠨᠢ ᠶ᠋ᠢ ᠡᠷᠯᠢᠰᠡᠵᠢᠭᠦᠯᠵᠦ᠂ 1941 ᠣᠨ ᠳ᠋ᠤ᠌ ᠺᠡᠥ᠋ᠻᠡᠰ ᠦ᠋ᠨ ᠳᠦᠷᠪᠡᠲᠦᠭᠡᠢ ᠦᠶ᠎ᠡ ᠶ᠋ᠢᠨ ᠡᠷᠯᠢᠰᠡ ᠡᠴᠡ 《9》 ᠳ᠋ᠦ᠍ᠭᠡᠷ ᠨᠣᠮᠧᠷᠲᠦ ᠬᠤᠴᠠ ᠶ᠋ᠢ ᠰᠢᠯᠢᠨ ᠠᠪᠴᠤ᠂350 ᠲᠣᠯᠣᠭᠠᠢ ᠳᠥᠷᠪᠡᠳᠦᠭᠡᠷ ᠦᠶ᠎ᠡ ᠡᠮ᠎ᠡ ᠬᠣᠨᠢᠨ ᠳ᠋ᠤ᠌ ᠬᠡᠭᠡᠯᠲᠦᠭᠦᠯᠦᠭᠡ ᠬᠢᠵᠦ᠂ ᠲᠣᠭᠲᠠᠪᠤᠷᠢᠵᠢᠭᠤᠯᠬᠤ ᠦᠷᠡᠵᠢᠯᠭᠡ ᠶ᠋ᠢᠨ ᠠᠵᠢᠯ ᠢ᠋ᠶ᠋ᠠᠨ ᠡᠬᠢᠯᠡᠭᠰᠡᠨ ᠶᠤᠮ᠃ 1944 ᠣᠨ ᠳ᠋ᠤ᠌ ᠵᠥᠪᠯᠡᠯᠲᠦ ᠶ᠋ᠢᠨ ᠡᠷᠳᠡᠮᠲᠡᠨ ᠤᠯᠤᠰ ᠲᠠᠭᠠᠨ ᠪᠤᠴᠠᠭᠰᠠᠨ ᠤ᠋ ᠳᠠᠷᠠᠭ᠎ᠠ᠂ ᠡᠭᠦᠯᠳᠡᠷ ᠪᠣᠢᠵᠢᠭᠤᠯᠤᠭᠠ ᠶ᠋ᠢᠨ ᠠᠵᠢᠯ ᠨᠢᠭᠡ ᠦᠶ᠎ᠡ ᠶᠡᠬᠡ ᠬᠡᠮᠵᠢᠶᠡᠨ ᠦ᠌ ᠰᠠᠭᠠᠳᠤᠯ ᠳ᠋ᠤ᠌ ᠤᠴᠠᠷᠠᠭᠰᠠᠨ ᠪᠠᠢᠨ᠎ᠠ᠃ 1949 ᠣᠨ ᠳ᠋ᠤ᠌ ᠰᠢᠨᠵᠢᠶᠠᠩ ᠴᠢᠯᠥᠭᠡᠯᠡᠭᠳᠡᠵᠦ᠂ ᠨᠠᠮ ᠵᠠᠰᠠᠭ ᠤ᠋ᠨ ᠭᠠᠵᠠᠷ ᠠ᠋ᠴᠠ ᠲᠤᠰ ᠠᠵᠢᠯ ᠢ᠋ ᠬᠦᠨᠳᠦᠳᠬᠡᠨ ᠦᠵᠡᠵᠦ ᠴᠢᠩᠭ᠎ᠠ ᠠᠳᠬᠤᠭᠰᠠᠨ ᠢ᠋ᠶ᠋ᠠᠷ᠂ ᠰᠢᠨᠵᠢᠶᠠᠩ ᠤ᠋ᠨ ᠨᠠᠷᠢᠨ ᠨᠣᠣᠰᠣᠲᠤ ᠬᠣᠨᠢᠨ ᠤ᠋ ᠪᠡᠶ᠎ᠡ ᠶ᠋ᠢᠨ ᠬᠡᠯᠪᠡᠷᠢ ᠪᠠ ᠠᠰᠢᠭ ᠰᠢᠮ᠎ᠡ ᠶ᠋ᠢᠨ ᠭᠠᠷᠤᠯᠲᠠ ᠨᠢ ᠠᠷᠠᠴᠢᠯᠠᠭ᠎ᠠ ᠮᠠᠯᠵᠢᠯᠭ᠎ᠠ ᠶ᠋ᠢᠨ ᠰᠠᠢᠵᠢᠷᠠᠭᠤᠯᠤᠯᠲᠠ ᠪᠠ ᠵᠣᠬᠢᠬᠤ ᠬᠤᠭᠤᠴᠠᠭᠠᠨ ᠤ᠋ ᠴᠢᠩᠭ᠎ᠠ ᠰᠢᠯᠢᠯᠲᠡ ᠪᠡᠷ ᠳᠠᠮᠵᠢᠨ ᠦᠨᠳᠦᠰᠦᠨ ᠳ᠋ᠡᠭᠡᠨ ᠠᠳᠠᠯᠢ ᠪᠣᠯᠤᠭᠰᠠᠨ ᠪᠠᠢᠨ᠎ᠠ᠃ 1953 ᠣᠨ ᠤ᠋ ᠡᠪᠦᠯ ᠲᠥᠪ ᠦ᠋ᠨ ᠲᠠᠷᠢᠶᠠᠯᠠᠩ ᠤ᠋ᠨ ᠶᠠᠮᠤᠨ ᠪᠣᠯᠤᠨ ᠪᠠᠷᠠᠭᠤᠨ ᠬᠣᠢᠲᠤ ᠶ᠋ᠢᠨ ᠮᠠᠯ ᠠᠵᠤ ᠠᠬᠤᠢ ᠶ᠋ᠢᠨ ᠲᠣᠪᠴᠢᠶ᠎ᠠ ᠂ᠰᠢᠨᠵᠢᠶᠠᠩ ᠤ᠋ᠨ ᠮᠠᠯ ᠠᠵᠤ ᠠᠬᠤᠢ ᠶ᠋ᠢᠨ ᠲᠢᠩᠬᠢᠮ ᠡᠴᠡ ᠬᠠᠮᠲᠤᠷᠠᠨ ᠠᠵᠢᠯᠯᠠᠬᠤ ᠠᠩᠭᠢ ᠵᠣᠬᠢᠶᠠᠨ ᠪᠠᠢᠭᠤᠯᠤᠭᠠᠳ ᠂ ᠰᠢᠨᠵᠢᠶᠠᠩ ᠤ᠋ᠨ ᠨᠠᠷᠢᠨ ᠨᠣᠣᠰᠣᠲᠤ ᠬᠣᠨᠢᠨ ᠳ᠋ᠤ᠌ ᠬᠢᠨᠠᠨ ᠲᠣᠭᠲᠠᠭᠠᠯ ᠬᠢᠵᠦ ᠂ ᠰᠢᠨᠵᠢᠶᠠᠩ ᠤ᠋ᠨ ᠨᠠᠷᠢᠨ ᠨᠣᠣᠰᠣᠲᠤ ᠬᠣᠨᠢᠨ ᠤ᠋ ᠠᠰᠢᠭ ᠰᠢᠮ᠎ᠡ ᠶ᠋ᠢᠨ ᠭᠠᠷᠤᠯᠲᠠ ᠨᠢ ᠣᠳᠣᠬᠠᠨ ᠤ᠋ ᠤᠯᠤᠰ ᠠᠷᠠᠳ ᠤ᠋ᠨ ᠠᠵᠤ ᠠᠬᠤᠢ ᠶ᠋ᠢᠨ ᠱᠠᠭᠠᠷᠳᠠᠯᠭ᠎ᠠ ᠶ᠋ᠢ ᠬᠠᠩᠭᠠᠵᠤ ᠴᠢᠳᠠᠬᠤ ᠶ᠋ᠢᠨ ᠬᠠᠮᠲᠤ ᠪᠠᠰᠠ ᠤᠳᠤᠮᠰᠢᠯ ᠤ᠋ᠨ ᠴᠢᠨᠠᠷ ᠨᠢ ᠲᠣᠭᠲᠠᠭᠤᠨ ᠪᠥᠭᠡᠳ ᠵᠣᠬᠢᠴᠠᠬᠤ ᠴᠢᠳᠠᠪᠤᠷᠢ ᠲᠠᠢ ᠪᠠᠢᠨ᠎ᠠ ᠭᠡᠵᠦ ᠦᠵᠡᠭᠰᠡᠨ ᠶᠦ᠍ᠮ ᠃ ᠡᠭᠦᠨ ᠦ᠌ ᠳᠠᠷᠠᠭ᠎ᠠ ᠪᠠᠷ 1954 ᠣᠨ ᠳ᠋ᠤ᠌᠂ ᠲᠥᠪ ᠦ᠋ᠨ ᠲᠠᠷᠢᠶᠠᠯᠠᠩ ᠤ᠋ᠨ ᠶᠠᠮᠤᠨ ᠠ᠋ᠴᠠ ᠰᠢᠨᠵᠢᠶᠠᠩ ᠤ᠋ᠨ ᠨᠠᠷᠢᠨ ᠨᠣᠣᠰᠣᠲᠤ ᠬᠣᠨᠢ ᠶ᠋ᠢ ᠨᠢᠭᠡᠨ ᠰᠢᠨ᠎ᠡ ᠡᠭᠦᠯᠳᠡᠷ ᠦ᠋ᠨ ᠬᠣᠨᠢ ᠪᠠᠷ ᠵᠥᠪᠰᠢᠶᠡᠷᠡᠵᠦ ᠂ 《ᠰᠢᠨᠵᠢᠶᠠᠩ ᠤ᠋ᠨ ᠨᠣᠣᠰᠣ ᠮᠢᠬᠠᠨ ᠤ᠋ ᠬᠡᠷᠡᠭᠴᠡᠭᠡᠲᠦ ᠨᠠᠷᠢᠨ ᠨᠣᠣᠰᠣᠲᠤ ᠬᠣᠨᠢ》 ᠭᠡᠵᠦ ᠵᠢᠩᠬᠢᠨᠢ ᠪᠡᠷ ᠨᠡᠷᠡᠢᠳᠪᠡ᠃
ᠰᠢᠨᠵᠢ ᠪᠠᠢᠳᠠᠯ᠄ ᠰᠢᠨᠵᠢᠶᠠᠩ ᠤ᠋ᠨ ᠨᠠᠷᠢᠨ ᠨᠣᠣᠰᠣᠲᠤ ᠬᠣᠨᠢ ᠪᠣᠯ ᠪᠡᠶ᠎ᠡ ᠪᠡᠷ ᠳᠤᠮᠳᠠ ᠵᠡᠷᠭᠡ ᠂ ᠪᠡᠶ᠎ᠡ ᠴᠣᠭᠴᠠ ᠪᠠᠷ ᠴᠢᠭᠢᠷᠠᠭ ᠂ ᠶᠡᠬᠡ ᠪᠡᠶ᠎ᠡ ᠨᠢ ᠨᠡᠯᠢᠶᠡᠳ ᠥᠷᠭᠡᠨ ᠂ ᠳᠥᠷᠪᠡᠨ ᠬᠥᠯ ᠨᠢ ᠲᠡᠭᠰᠢ ᠂ᠲᠤᠭᠤᠷᠠᠢ ᠨᠢ ᠰᠠᠢᠨ ᠃ ᠬᠤᠴᠠᠨ ᠤ᠋ ᠬᠠᠮᠠᠷ ᠨᠢ ᠪᠠᠭ᠎ᠠ ᠰᠢᠭ᠋ ᠮᠥᠭᠡᠷᠡᠨ᠂ ᠣᠯᠠᠩᠬᠢ ᠬᠤᠴᠠ ᠨᠢ ᠤᠭᠠᠯᠵᠠᠨ ᠡᠪᠡᠷ ᠲᠡᠢ ᠂ ᠬᠦᠵᠦᠭᠦᠨ ᠳ᠋ᠡᠭᠡᠨ1 — 2 ᠨᠤᠭᠤᠯᠤᠭᠠᠰᠤ ᠲᠠᠢ᠃ ᠡᠮ᠎ᠡ ᠬᠣᠨᠢ ᠨᠢ ᠡᠪᠡᠷ ᠦᠭᠡᠢ ᠪᠤᠶᠤ ᠪᠠᠭ᠎ᠠ ᠡᠪᠡᠷ ᠲᠡᠢ ᠂ ᠬᠦᠵᠦᠭᠦᠨ ᠳ᠋ᠡᠭᠡᠨ ᠨᠢᠭᠡᠨ ᠭᠤᠯᠳᠤ ᠨᠤᠭᠤᠯᠤᠭᠠᠰᠤ ᠲᠠᠢ ᠃ ᠨᠣᠣᠰᠣᠨ ᠤᠷᠭᠤᠯᠲᠠ ᠨᠢ ᠰᠠᠢᠨ ᠂ ᠬᠤᠴᠢᠮᠠᠯ ᠨᠣᠣᠰᠣ ᠨᠢ ᠮᠠᠩᠨᠠᠢ ᠪᠠᠨ ᠪᠦᠷᠬᠦᠭᠰᠡᠨ ᠪᠥᠭᠡᠳ ᠡᠪᠦᠳᠦᠭ᠂ ᠪᠣᠷᠪᠢ ᠳ᠋ᠠᠭᠠᠨ ᠲᠤᠯᠤᠭᠰᠠᠨ ᠪᠠᠢᠳᠠᠭ᠃ ᠬᠡᠪᠡᠯᠢ ᠶ᠋ᠢᠨ ᠨᠣᠣᠰᠣ ᠨᠢ ᠤᠷᠭᠤᠴᠠ ᠪᠠᠷ ᠪᠠᠷᠤᠭᠲᠠᠢ ᠶᠤᠮ᠃
ᠠᠰᠢᠭ ᠰᠢᠮ᠎ᠡ ᠶ᠋ᠢᠨ ᠭᠠᠷᠤᠯᠲᠠ᠄ ᠬᠤᠴᠠᠨ ᠤ᠋ ᠠᠮᠢᠳᠤ ᠶ᠋ᠢᠨ ᠵᠢᠩ ᠨᠢ ᠳᠤᠮᠳᠠᠴᠢ ᠪᠠᠷ 92.35 ᠺᠢᠯᠣᠭ᠌ᠷᠠᠮ᠂ ᠡᠮ᠎ᠡ ᠬᠣᠨᠢ ᠨᠢ 51.11 ᠺᠢᠯᠣᠭ᠌ᠷᠠᠮ; ᠨᠣᠣᠰᠣᠨ ᠤ᠋ ᠭᠠᠷᠤᠯᠲᠠ᠄ ᠬᠤᠴᠠ ᠳᠤᠮᠳᠠᠴᠢ ᠪᠠᠷ 13.22 ᠺᠢᠯᠣᠭ᠌ᠷᠠᠮ( ᠴᠡᠪᠡᠷ ᠨᠣᠣᠰᠣ ᠪᠠᠷ ᠪᠣᠳᠣᠪᠠᠯ᠂ 5.54 ᠺᠢᠯᠣᠭ᠌ᠷᠠᠮ ); ᠡᠮ᠎ᠡ ᠬᠣᠨᠢ ᠳᠤᠮᠳᠠᠴᠢ ᠪᠠᠷ 5.37 ᠺᠢᠯᠣᠭ᠌ᠷᠠᠮ; ᠨᠣᠣᠰᠣᠨ ᠤ᠋ ᠤᠷᠲᠤ ᠨᠢ᠄ ᠬᠤᠴᠠ ᠳᠤᠮᠳᠠᠴᠢ ᠪᠠᠷ 9.31 ᠰᠡᠨᠲ᠋ᠢᠮᠧᠲ᠋ᠷ᠂ ᠡᠮ᠎ᠡ ᠬᠣᠨᠢ ᠳᠤᠮᠳᠠᠴᠢ ᠪᠠᠷ 7·28 ᠰᠡᠨᠲ᠋ᠢᠮᠧᠲ᠋ᠷ; ᠨᠣᠣᠰᠣᠨ ᠤ᠋ ᠨᠠᠷᠢᠨ ᠨᠢ 60— 64 ᠰᠢᠷᠬᠡᠭ᠂ ᠴᠡᠪᠡᠷ ᠨᠣᠣᠰᠣᠨ ᠤ᠋ ᠨᠣᠷᠮ᠎ᠠ ᠨᠢ 47.22% ᠂ ᠦᠷᠡᠵᠢᠯᠲᠡ ᠶ᠋ᠢᠨ ᠨᠣᠷᠮ᠎ᠠ ᠨᠢ 139·35%᠂ ᠨᠢᠲᠤᠯᠭᠠ ᠶ᠋ᠢᠨ ᠭᠠᠷᠤᠴᠠ ᠨᠢ 49.46%᠃ ᠴᠤᠯᠤ ᠮᠢᠬᠠᠨ ᠤ᠋ ᠭᠠᠷᠤᠯᠲᠠ ᠨᠢ 43.46% ᠪᠣᠯᠤᠨ᠎ᠠ᠃
ᠰᠢᠨᠵᠢᠶᠠᠩ ᠤ᠋ᠨ ᠨᠠᠷᠢᠨ ᠨᠣᠣᠰᠣᠲᠤ ᠬᠣᠨᠢ ᠨᠢ ᠬᠠᠬᠢᠷ ᠬᠦᠢᠲᠡᠨ ᠠᠭᠤᠷ ᠠᠮᠢᠰᠬᠤᠯ ᠲᠠᠢ ᠣᠷᠴᠢᠨ ᠠᠬᠤᠢ ᠪᠠ ᠵᠢᠯ ᠳ᠋ᠡᠭᠡᠨ ᠬᠠᠷᠢᠭᠤᠯᠤᠨ ᠮᠠᠯᠵᠢᠬᠤ ᠪᠠᠷ ᠭᠣᠣᠯ ᠪᠣᠯᠭᠠᠭᠰᠠᠨ ᠪᠦᠳᠦᠭᠦᠯᠢᠭ ᠮᠠᠯᠵᠢᠯᠭ᠎ᠠ ᠶ᠋ᠢᠨ ᠨᠥᠬᠥᠴᠡᠯ ᠳᠣᠣᠷ᠎ᠠ ᠪᠣᠢᠵᠢᠭᠰᠠᠨ ᠪᠣᠯᠬᠣᠷ ᠮᠠᠨ ᠤ᠋ ᠤᠯᠤᠰ ᠤ᠋ᠨ ᠡᠯ᠎ᠡ ᠮᠣᠵᠢ ᠣᠷᠣᠨ ᠤ᠋ ᠠᠭᠤᠷ ᠠᠮᠢᠰᠬᠤᠯ ᠪᠠᠢᠭᠠᠯᠢ ᠶ᠋ᠢᠨ ᠨᠥᠬᠥᠴᠡᠯ ᠳ᠋ᠦ᠍ ᠪᠦᠷ ᠵᠣᠬᠢᠴᠠᠵᠤ ᠴᠢᠳᠠᠳᠠᠭ ᠂ ᠤᠳᠤᠮᠰᠢᠬᠤ ᠴᠢᠨᠠᠷ ᠨᠢ ᠴᠦ᠍ ᠮᠠᠰᠢ ᠲᠣᠭᠲᠠᠭᠤᠨ ᠪᠠᠢᠵᠤ ᠲᠤᠬᠠᠢ ᠶ᠋ᠢᠨ ᠭᠠᠵᠠᠷ ᠣᠷᠣᠨ ᠤ᠋ ᠬᠣᠨᠢᠨ ᠤ᠋ ᠡᠭᠦᠯᠳᠡᠷ ᠤᠭᠰᠠᠭ᠎ᠠ ᠶ᠋ᠢ ᠬᠠᠯᠠᠨ ᠰᠠᠢᠵᠢᠷᠠᠭᠤᠯᠬᠤ ᠳ᠋ᠤ᠌ ᠮᠡᠳᠡᠭᠳᠡᠬᠦᠢᠴᠡ ᠦᠢᠯᠡᠳᠦᠯ ᠪᠦᠲᠦᠮᠵᠢ ᠶ᠋ᠢ ᠭᠠᠷᠭᠠᠭᠰᠠᠨ ᠶᠤᠮ᠃ ᠭᠡᠪᠡᠴᠦ ᠬᠣᠢᠰᠢᠳᠠ ᠰᠢᠨᠵᠢᠶᠠᠩ ᠤ᠋ᠨ ᠨᠠᠷᠢᠨ ᠨᠣᠣᠰᠣᠲᠤ ᠬᠣᠨᠢᠨ ᠤ᠋ ᠨᠣᠣᠰᠣᠨ ᠤ᠋ ᠶᠠᠰᠤ ᠴᠢᠨᠠᠷ ᠪᠠ ᠬᠡᠪᠡᠯᠢ ᠶ᠋ᠢᠨ ᠨᠣᠣᠰᠣ ᠶ᠋ᠢ ᠤᠯᠠᠮ ᠴᠢᠨᠠᠭᠰᠢᠳᠠ ᠰᠠᠢᠵᠢᠷᠠᠭᠤᠯᠬᠤ ᠠᠵᠢᠯ ᠢ᠋ ᠦᠷᠭᠦᠯᠵᠢᠯᠡᠨ ᠰᠠᠢᠲᠤᠷ ᠬᠢᠬᠦ ᠬᠡᠷᠡᠭᠲᠡᠢ᠃

2.ᠵᠡᠭᠦᠨ ᠬᠣᠢᠲᠤ ᠣᠷᠣᠨ ᠤ᠋ ᠨᠣᠣᠰᠣ ᠮᠢᠬᠠᠨ ᠤ᠋ ᠬᠡᠷᠡᠭᠴᠡᠭᠡᠲᠦ ᠨᠠᠷᠢᠨ ᠨᠣᠣᠰᠣᠲᠤ ᠬᠣᠨᠢ᠄ ᠵᠡᠭᠦᠨ ᠬᠣᠢᠲᠤ ᠣᠷᠣᠨ ᠤ᠋ ᠨᠣᠣᠰᠣ ᠮᠢᠬᠠᠨ ᠤ᠋ ᠬᠡᠷᠡᠭᠴᠡᠭᠡᠲᠦ ᠨᠠᠷᠢᠨ ᠨᠣᠣᠰᠣᠲᠤ ᠬᠣᠨᠢ( ᠳᠣᠣᠷ᠎ᠠ ᠵᠡᠭᠦᠨ ᠬᠣᠢᠲᠤ ᠶ᠋ᠢᠨ ᠨᠠᠷᠢᠨ ᠨᠣᠣᠰᠣᠲᠤ ᠬᠣᠨᠢ ᠭᠡᠵᠦ ᠳᠥᠭᠥᠮᠴᠢᠯᠡᠶᠡ ) ᠪᠣᠯ ᠬᠠᠷᠠᠮᠦ᠋ᠷᠡᠨ ᠬᠢᠷᠢᠨ ᠯᠢᠶᠣᠤᠨᠢᠩ ᠵᠡᠷᠭᠡ ᠭᠤᠷᠪᠠᠨ ᠮᠣᠵᠢ ᠳ᠋ᠤ᠌ ᠪᠣᠢᠵᠢᠭᠤᠯᠤᠨ ᠭᠠᠷᠭᠠᠭᠰᠠᠨ᠂ ᠮᠠᠨ ᠤ᠋ ᠤᠯᠤᠰ ᠤ᠋ᠨ ᠬᠣᠶᠠᠳᠠᠭᠴᠢ ᠨᠠᠷᠢᠨ ᠨᠣᠣᠰᠣᠲᠤ ᠡᠭᠦᠯᠳᠡᠷ ᠦ᠋ᠨ ᠬᠣᠨᠢ ᠮᠥᠨ᠃ ᠲᠤᠰ ᠬᠣᠨᠢ ᠪᠣᠯ ᠣᠳᠣᠬᠠᠨ ᠳ᠋ᠤ᠌ ᠮᠠᠨ ᠤ᠋ ᠤᠯᠤᠰ ᠤ᠋ᠨ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ᠂ ᠾᠧᠪᠧᠢ᠂ ᠱᠠᠨᠳᠦ᠋ᠩ᠂ ᠾᠧᠨᠠᠨ ᠵᠡᠷᠭᠡ ᠠᠷᠪᠠᠨ ᠬᠡᠳᠦᠨ ᠮᠣᠵᠢ ᠣᠷᠣᠨ ᠢ᠋ᠶ᠋ᠠᠷ ᠲᠠᠷᠬᠠᠵᠤ ᠪᠣᠢ᠃
ᠡᠭᠦᠯᠳᠡᠷ ᠪᠣᠢᠵᠢᠭᠤᠯᠤᠭᠰᠠᠨ ᠳᠥᠭᠥᠮ ᠲᠡᠦᠬᠡ᠄ ᠵᠡᠭᠦᠨ ᠬᠣᠢᠲᠤ ᠣᠷᠣᠨ ᠤ᠋ ᠨᠠᠷᠢᠨ ᠨᠣᠣᠰᠣᠲᠤ ᠬᠣᠨᠢ ᠶ᠋ᠢ ᠪᠣᠢᠵᠢᠭᠤᠯᠬᠤ ᠭᠤᠷᠪᠠᠨ ᠮᠣᠵᠢ ᠶ᠋ᠢᠨ ᠬᠣᠯᠪᠣᠭᠠᠲᠤ ᠵᠥᠪᠯᠡᠯ ᠨᠢ ᠲᠥᠪ ᠦ᠋ᠨ ᠲᠠᠷᠢᠶᠠᠯᠠᠩ ᠤ᠋ᠨ ᠶᠠᠮᠤᠨ ᠤ᠋ ᠡᠷᠭᠢᠯᠡᠯᠭᠡ ᠪᠡᠷ ᠤᠤᠯ ᠤ᠋ᠨ ᠪᠠᠢᠭᠰᠠᠨ ᠡᠷᠯᠢᠰᠡ ᠬᠣᠨᠢ ᠪᠠᠷ ᠰᠠᠭᠤᠷᠢ ᠪᠣᠯᠭᠠᠵᠤ ᠂ ᠵᠠᠰᠠᠭ ᠵᠠᠬᠢᠷᠭ᠎ᠠ᠂ ᠰᠢᠨᠵᠢᠯᠡᠬᠦ ᠤᠬᠠᠭᠠᠨ ᠤ᠋ ᠰᠤᠳᠤᠯᠤᠯ ᠤ᠋ᠨ ᠪᠠᠢᠭᠤᠯᠤᠯᠭ᠎ᠠ ᠪᠣᠯᠤᠨ ᠰᠤᠷᠭᠠᠭᠤᠯᠢ ᠵᠢᠴᠢ ᠦᠷᠡᠵᠢᠯᠭᠡ ᠶ᠋ᠢᠨ ᠲᠠᠯᠠᠪᠠᠢ ᠂ ᠵᠠᠷᠢᠮ ᠠᠷᠠᠳ ᠤ᠋ᠨ ᠨᠢᠭᠡᠳᠦᠯ ᠬᠠᠮᠲᠤᠷᠠᠨ ᠠᠵᠢᠯᠯᠠᠵᠤ ᠨᠠᠷᠢᠨ ᠪᠤᠳᠤᠯᠢᠶᠠᠨᠲᠠᠢ ᠦᠷᠡᠵᠢᠯᠭᠡ ᠶ᠋ᠢᠨ ᠠᠷᠭ᠎ᠠ ᠶ᠋ᠢ ᠬᠡᠷᠡᠭᠯᠡᠵᠦ ᠣᠯᠠᠨ ᠵᠢᠯ ᠲᠤᠷᠰᠢᠬᠢ ᠬᠠᠲᠠᠭᠤᠵᠢᠯᠲᠠᠢ ᠪᠠᠷ ᠡᠭᠦᠯᠳᠡᠷ ᠪᠣᠢᠵᠢᠭᠤᠯᠤᠭᠠ ᠶ᠋ᠢᠨ ᠠᠵᠢᠯ ᠢ᠋ ᠬᠢᠭᠰᠡᠨ ᠦ᠌ ᠬᠠᠮᠲᠤ ᠂ ᠠᠷᠠᠴᠢᠯᠠᠭ᠎ᠠ ᠮᠠᠯᠵᠢᠯᠭ᠎ᠠ ᠶ᠋ᠢ ᠴᠢᠩᠭᠠᠳᠬᠠᠨ ᠰᠠᠢᠵᠢᠷᠠᠭᠤᠯᠤᠭᠰᠠᠨ ᠢ᠋ᠶ᠋ᠠᠷ
ᠳᠡᠮᠵᠢᠵᠦ ᠂1972 ᠣᠨ ᠳ᠋ᠤ᠌ ᠵᠡᠭᠦᠨ ᠬᠣᠢᠲᠤ ᠣᠷᠣᠨ ᠤ᠋ ᠨᠣᠣᠰᠣ ᠮᠢᠬᠠᠨ ᠤ᠋ ᠬᠡᠷᠡᠭᠴᠡᠭᠡᠲᠦ ᠨᠠᠷᠢᠨ ᠨᠣᠣᠰᠣᠲᠤ ᠬᠣᠨᠢ ᠶ᠋ᠢ ᠪᠣᠢᠵᠢᠭᠤᠯᠤᠨ ᠭᠠᠷᠭᠠᠪᠠ ᠃
ᠵᠡᠭᠦᠨ ᠬᠣᠢᠲᠤ ᠶ᠋ᠢᠨ ᠨᠠᠷᠢᠨ ᠨᠣᠣᠰᠣᠲᠤ ᠬᠣᠨᠢ ᠶ᠋ᠢ ᠪᠣᠢᠵᠢᠭᠤᠯᠬᠤ ᠳ᠋ᠤ᠌ ᠬᠠᠮᠤᠭ ᠡᠬᠢᠨ ᠳ᠋ᠡᠭᠡᠨ ᠂ ᠹᠷᠠᠨᠼᠢ ᠶ᠋ᠢᠨ ᠷᠡᠩᠪᠥ᠋ᠯᠢ ᠮᠧᠷᠢᠨᠣᠰ ᠬᠤᠴᠠ ᠪᠠᠷ ᠲᠤᠰ ᠣᠷᠣᠨ ᠤ᠋ ᠮᠣᠩᠭᠣᠯ ᠬᠣᠨᠢ ᠶ᠋ᠢ ᠡᠷᠯᠢᠰᠡᠵᠢᠭᠦᠯᠦᠨ ᠦᠷᠡᠵᠢᠭᠦᠯᠵᠦ᠂ 1952 ᠣᠨ ᠠ᠋ᠴᠠ ᠬᠣᠢᠰᠢ ᠂ ᠡᠯ᠎ᠡ ᠦᠷᠡᠵᠢᠯᠭᠡ ᠶ᠋ᠢᠨ ᠲᠠᠯᠠᠪᠠᠢ ᠨᠢ ᠵᠥᠪᠯᠡᠯᠲᠦ ᠶ᠋ᠢᠨ ᠮᠧᠷᠢᠨᠣᠰ᠂ ᠺᠡᠥ᠋ᠺᠡᠰ᠂ ᠰᠲ᠋ᠡᠪᠷᠦᠹᠦᠯᠢ᠂ ᠰᠢᠨᠵᠢᠶᠠᠩ ᠤ᠋ᠨ ᠨᠠᠷᠢᠨ ᠨᠣᠣᠰᠣᠲᠤ ᠬᠤᠴᠠ ᠶ᠋ᠢ ᠬᠡᠷᠡᠭᠯᠡᠵᠦ ᠡᠷᠯᠢᠰᠡᠵᠢᠭᠦᠯᠪᠡ᠃ ᠡᠳᠡᠭᠡᠷ ᠦ᠋ᠨ ᠳᠣᠲᠣᠷ᠎ᠠ ᠠ᠋ᠴᠠ ᠰᠲ᠋ᠡᠪᠷᠦᠹᠦᠯᠢ ᠬᠤᠴᠠ ᠶ᠋ᠢ ᠭᠣᠣᠯ ᠪᠣᠯᠭᠠᠨ ᠬᠡᠷᠡᠭᠯᠡᠵᠡᠢ᠃
ᠰᠢᠨᠵᠢ ᠪᠠᠢᠳᠠᠯ᠄ ᠵᠡᠭᠦᠨ ᠬᠣᠢᠲᠤ ᠶ᠋ᠢᠨ ᠨᠠᠷᠢᠨ ᠨᠣᠣᠰᠣᠲᠤ ᠬᠣᠨᠢᠨ ᠤ᠋ ᠪᠡᠶ᠎ᠡ ᠴᠣᠭᠴᠠ ᠨᠢ
ᠴᠢᠭᠢᠷᠠᠭ ᠂ᠪᠡᠶ᠎ᠡ ᠶ᠋ᠢᠨ ᠪᠦᠲᠦᠴᠡ ᠨᠢ ᠲᠡᠩᠴᠡᠭᠦᠨ ᠂ ᠲᠣᠯᠣᠭᠠᠢ ᠶ᠋ᠢᠨ ᠬᠡᠯᠪᠡᠷᠢ ᠨᠢ ᠬᠡᠪ ᠦ᠋ᠨ ᠂ᠬᠤᠴᠠᠨ ᠤ᠋ ᠬᠠᠮᠠᠷ ᠨᠢ ᠪᠠᠭ᠎ᠠ ᠰᠢᠭ᠋ ᠮᠥᠭᠡᠷᠡᠨ ᠤᠭᠠᠯᠵᠠᠯᠠᠭᠰᠠᠨ ᠡᠪᠡᠷ ᠲᠡᠢ ᠂ ᠬᠦᠵᠦᠭᠦᠨ ᠳ᠋ᠡᠭᠡᠨ 1 — 2 ᠬᠥᠨᠳᠡᠯᠡᠨ ᠨᠤᠭᠤᠯᠤᠭᠠᠰᠤ ᠲᠠᠢ; ᠡᠮ᠎ᠡ ᠬᠣᠨᠢ ᠨᠢ ᠡᠪᠡᠷ ᠦᠭᠡᠢ ᠂ ᠬᠦᠵᠦᠭᠦᠨ ᠳ᠋ᠡᠭᠡᠨ ᠬᠥᠭᠵᠢᠯᠲᠡ ᠪᠡᠷ ᠰᠠᠢᠨ ᠭᠤᠯᠳᠤ ᠨᠤᠭᠤᠯᠤᠭᠠᠰᠤ ᠲᠠᠢ ᠂ ᠠᠷᠠᠰᠤ ᠨᠢ ᠰᠤᠯᠠᠪᠲᠤᠷ ; ᠨᠣᠣᠰᠣᠨ ᠤ᠋ ᠤᠷᠭᠤᠯᠲᠠ ᠨᠢ ᠰᠠᠢᠨ᠂ ᠶᠡᠬᠡ ᠪᠡᠶ᠎ᠡ ᠶ᠋ᠢᠨ ᠬᠤᠴᠢᠮᠠᠯ ᠨᠣᠣᠰᠣ ᠨᠢ ᠮᠠᠩᠨᠠᠢ ᠪᠠᠨ ᠪᠦᠷᠬᠦᠭᠰᠡᠨ ᠪᠥᠭᠡᠳ ᠡᠪᠦᠳᠦᠭ ᠪᠣᠷᠪᠢ ᠳ᠋ᠠᠭᠠᠨ ᠲᠤᠯᠤᠭᠰᠠᠨ ᠪᠠᠢᠳᠠᠭ᠃ ᠪᠦᠬᠦ ᠪᠡᠶ᠎ᠡ ᠨᠢ ᠴᠠᠭᠠᠨ᠂ ᠨᠣᠣᠰᠣᠨ ᠪᠠᠭᠴᠠ ᠨᠢ

ᠪᠢᠲᠡᠭᠦᠦ ᠬᠡᠯᠪᠡᠷᠢᠲᠡᠢ᠂ ᠴᠡᠭᠡᠵᠢ ᠨᠢ ᠥᠷᠭᠡᠨ᠂ ᠨᠢᠷᠤᠭᠤ ᠨᠢ ᠰᠢᠯᠤᠭᠤᠨ᠂ ᠳᠥᠷᠪᠡᠨ ᠬᠥᠯ ᠨᠢ ᠲᠡᠭᠰᠢ᠃
ᠠᠰᠢᠭ ᠰᠢᠮ᠎ᠡ ᠶ᠋ᠢᠨ ᠭᠠᠷᠤᠯᠲᠠ ᠄ ᠬᠤᠴᠠ ᠶ᠋ᠢᠨ ᠠᠮᠢᠳᠤ ᠶ᠋ᠢᠨ ᠵᠢᠩ ᠨᠢ ᠳᠤᠮᠳᠠᠴᠢ ᠪᠠᠷ 92 — 95 ᠺᠢᠯᠣᠭ᠌ᠷᠠᠮ᠂ ᠡᠮ᠎ᠡ ᠬᠣᠨᠢ 49.29 ᠺᠢᠯᠣᠭ᠌ᠷᠠᠮ; ᠬᠤᠴᠠ ᠶ᠋ᠢᠨ ᠨᠣᠣᠰᠣᠨ ᠤ᠋ ᠤᠷᠲᠤ ᠨᠢ ᠳᠤᠮᠳᠠᠴᠢ ᠪᠠᠷ 8.7 ᠰᠡᠨᠲ᠋ᠢᠮᠧᠲ᠋ᠷ᠂ ᠡᠮ᠎ᠡ ᠬᠣᠨᠢ 7 ᠰᠡᠨᠲ᠋ᠢᠮᠧᠲ᠋ᠷ; ᠬᠤᠴᠠ ᠶ᠋ᠢᠨ ᠨᠣᠣᠰᠣᠨ ᠤ᠋ ᠭᠠᠷᠤᠯᠲᠠ ᠨᠢ ᠳᠤᠮᠳᠠᠴᠢ ᠪᠠᠷ 13 ᠺᠢᠯᠣᠭ᠌ᠷᠠᠮ᠂ ᠡᠮ᠎ᠡ ᠬᠣᠨᠢ 6 ᠺᠢᠯᠣᠭ᠌ᠷᠠᠮ; ᠨᠣᠣᠰᠣᠨ ᠤ᠋ ᠨᠠᠷᠢᠨ ᠨᠢ 60 — 64 ᠰᠢᠷᠬᠡᠭ; ᠵᠤᠩᠭᠠᠭ ᠨᠢ ᠳᠤᠮᠳᠠ ᠵᠡᠷᠭᠡ᠂ ᠨᠢᠲᠤᠯᠭᠠ ᠶ᠋ᠢᠨ ᠭᠠᠷᠤᠴᠠ ᠨᠢ 48%᠂ ᠦᠷᠡᠵᠢᠯᠲᠡ ᠶ᠋ᠢᠨ ᠨᠣᠷᠮ᠎ᠠ ᠨᠢ 121.6% ᠪᠣᠯᠤᠨ᠎ᠠ᠃
ᠵᠡᠭᠦᠨ ᠬᠣᠢᠲᠤ ᠶ᠋ᠢᠨ ᠨᠠᠷᠢᠨ ᠨᠣᠣᠰᠣᠲᠤ ᠬᠣᠨᠢᠨ ᠤ᠋ ᠳᠠᠪᠠᠭᠤᠯᠢᠭ ᠭᠠᠵᠠᠷ ᠪᠠ ᠳᠤᠲᠠᠭᠳᠠᠯ ᠄ ᠲᠤᠰ ᠬᠣᠨᠢ ᠪᠣᠯ ᠪᠡᠯᠴᠢᠭᠡᠷᠯᠡᠭᠦᠯᠦᠨ ᠮᠠᠯᠵᠢᠬᠤ ᠪᠠ ᠬᠤᠪᠢᠷᠠᠯᠲᠠ ᠶᠡᠬᠡᠲᠡᠢ ᠠᠭᠤᠷ ᠠᠮᠢᠰᠬᠤᠯ ᠤ᠋ᠨ ᠨᠥᠬᠥᠴᠡᠯ ᠳ᠋ᠦ᠍ ᠳᠠᠭᠠᠭᠠᠴᠠ ᠪᠠᠷ ᠰᠠᠢᠨ ᠪᠠᠢᠳᠠᠭ ᠃ ᠶᠡᠷᠦ ᠶ᠋ᠢᠨ ᠪᠡᠯᠴᠢᠭᠡᠷ ᠪᠠ ᠲᠠᠷᠢᠶᠠᠯᠠᠬᠤ ᠣᠷᠣᠨ ᠪᠣᠯᠤᠨ ᠠᠭᠤᠯᠠᠷᠬᠠᠭ ᠰᠢᠭᠤᠢᠲᠤ ᠣᠷᠣᠨ ᠳ᠋ᠤ᠌ ᠪᠦᠷ ᠵᠣᠬᠢᠴᠠᠨ᠎ᠠ ᠃ᠵᠡᠭᠦᠨ ᠬᠣᠢᠲᠤ ᠶ᠋ᠢᠨ ᠨᠠᠷᠢᠨ ᠨᠣᠣᠰᠣᠲᠤ ᠬᠣᠨᠢ ᠪᠣᠯ ᠳᠡᠭᠡᠷᠡᠬᠢ ᠮᠡᠲᠦ ᠳᠠᠪᠠᠭᠤᠯᠢᠭ ᠭᠠᠵᠠᠷ ᠲᠠᠢ ᠪᠣᠯᠪᠠᠴᠤ ᠴᠡᠪᠡᠷ ᠨᠣᠣᠰᠣᠨ ᠤ᠋ ᠨᠣᠷᠮ᠎ᠠ ᠨᠢ ᠳᠣᠣᠷ᠎ᠠ ᠂ ᠬᠡᠪᠡᠯᠢ ᠶ᠋ᠢᠨ ᠨᠣᠣᠰᠣ ᠨᠢ ᠪᠠᠷᠤᠭᠲᠠᠢ᠂ ᠭᠠᠳᠠᠷ ᠰᠢᠨᠵᠢ ᠨᠢ ᠠᠳᠠᠯᠢᠬᠠᠨ ᠪᠣᠯᠵᠤ ᠴᠢᠳᠠᠭᠠᠳᠤᠢ ᠵᠡᠷᠭᠡ ᠳᠤᠲᠠᠭᠳᠠᠯ ᠤ᠋ᠳ ᠣᠷᠣᠰᠢᠭᠰᠠᠭᠠᠷ ᠪᠠᠢᠨ᠎ᠠ᠃ᠡᠳᠡᠭᠡᠷ ᠳᠤᠲᠠᠭᠳᠠᠯ ᠢ᠋ ᠥᠭᠡᠷᠡᠴᠢᠯᠡᠨ ᠰᠠᠢᠵᠢᠷᠠᠭᠤᠯᠬᠤ ᠶ᠋ᠢᠨ ᠲᠥᠯᠥᠭᠡ ᠠᠦᠢᠰᠲ᠋ᠷᠠᠯᠢᠶ᠎ᠠ ᠶ᠋ᠢᠨ ᠮᠧᠷᠢᠨᠣᠰ ᠢ᠋ᠶ᠋ᠠᠷ ᠴᠢᠰᠤᠵᠢᠭᠤᠯᠵᠤ ᠪᠠᠢᠬᠤ ᠶ᠋ᠢᠨ
ᠬᠠᠮᠲᠤ ᠂ ᠰᠣᠩᠭᠣᠨ ᠦᠷᠡᠵᠢᠭᠦᠯᠬᠦ ᠠᠵᠢᠯ ᠢ᠋ᠶ᠋ᠠᠨ ᠴᠢᠩᠭᠠᠳᠬᠠᠵᠤ ᠣᠬᠣᠷᠬᠠᠨ ᠬᠤᠭᠤᠴᠠᠭᠠᠨ᠎ᠠ ᠬᠣᠨᠢᠨ ᠤ᠋ ᠶᠠᠰᠤ ᠴᠢᠨᠠᠷ ᠢ᠋ᠶ᠋ᠠᠨ ᠳᠡᠭᠡᠭᠰᠢᠯᠡᠭᠦᠯᠬᠦ ᠪᠡᠷ ᠴᠢᠷᠮᠠᠢᠬᠤ ᠬᠡᠷᠡᠭᠲᠡᠢ ᠶᠦ᠍ᠮ ᠃
3.ᠥᠪᠥᠷ ᠮᠣᠩᠭᠣᠯ ᠤ᠋ᠨ ᠨᠣᠣᠰᠣ ᠮᠢᠬᠠᠨ ᠤ᠋ ᠬᠡᠷᠡᠭᠴᠡᠭᠡᠲᠦ ᠨᠠᠷᠢᠨ ᠨᠣᠣᠰᠣᠲᠤ ᠬᠣᠨᠢ ᠄ ᠥᠪᠥᠷ ᠮᠣᠩᠭᠣᠯ ᠤ᠋ᠨ ᠨᠣᠣᠰᠣ ᠮᠢᠬᠠᠨ ᠤ᠋ ᠬᠡᠷᠡᠭᠴᠡᠭᠡᠲᠦ ᠨᠠᠷᠢᠨ ᠨᠣᠣᠰᠣᠲᠤ ᠬᠣᠨᠢ (ᠥᠪᠥᠷ ᠮᠣᠩᠭᠣᠯ ᠤ᠋ᠨ ᠨᠠᠷᠢᠨ ᠨᠣᠣᠰᠣᠲᠤ ᠬᠣᠨᠢ ᠭᠡᠵᠦ ᠳᠥᠭᠥᠮᠴᠢᠯᠡᠶᠡ ) ᠪᠣᠯ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠰᠢᠯᠢ ᠶ᠋ᠢᠨ ᠭᠣᠣᠯ ᠠᠢᠮᠠᠭ ᠲᠤ᠌ ᠪᠣᠢᠵᠢᠭᠤᠯᠤᠭᠰᠠᠨ ᠂ ᠮᠠᠨ ᠤ᠋ ᠤᠯᠤᠰ ᠤ᠋ᠨ ᠭᠤᠷᠪᠠᠳᠠᠭᠴᠢ ᠨᠠᠷᠢᠨ ᠨᠣᠣᠰᠣᠲᠤ ᠡᠭᠦᠯᠳᠡᠷ ᠦ᠋ᠨ ᠬᠣᠨᠢ ᠮᠥᠨ᠃
ᠡᠭᠦᠯᠳᠡᠷ ᠪᠣᠢᠵᠢᠭᠤᠯᠤᠭᠰᠠᠨ ᠳᠥᠭᠥᠮ ᠲᠡᠦᠬᠡ ᠄ ᠥᠪᠥᠷ ᠮᠣᠩᠭᠣᠯ ᠤ᠋ᠨ ᠨᠠᠷᠢᠨ ᠨᠣᠣᠰᠣᠲᠤ ᠬᠣᠨᠢᠨ ᠤ᠋ ᠡᠭᠦᠯᠳᠡᠷ ᠪᠣᠢᠵᠢᠭᠤᠯᠤᠭᠠ ᠶ᠋ᠢᠨ ᠠᠵᠢᠯ ᠢ᠋ 《1952 — 1953 ᠣᠨ ᠳ᠋ᠤ᠌5.1》ᠦᠷᠡᠵᠢᠯ ᠦ᠋ᠨ ᠮᠠᠯ ᠤ᠋ᠨ ᠲᠠᠯᠠᠪᠠᠢ ᠪᠠ ᠪᠠᠶᠠᠨᠰᠢᠯᠢ ᠦᠷᠡᠵᠢᠯ ᠦ᠋ᠨ ᠮᠠᠯ ᠤ᠋ᠨ ᠲᠠᠯᠠᠪᠠᠢ ᠳ᠋ᠤ᠌ ᠡᠬᠢᠯᠡᠵᠦ᠂ ᠲᠤᠰ ᠲᠠᠯᠠᠪᠠᠢ ᠶ᠋ᠢᠨ ᠣᠷᠴᠢᠨ ᠳ᠋ᠠᠬᠢ ᠬᠣᠰᠢᠭᠤ ᠰᠢᠶᠠᠨ ᠤ᠋ ᠨᠢᠭᠡᠳᠦᠯ ᠦ᠋ᠳ ᠲᠦ᠍ ᠠᠯᠭᠤᠷ ᠢ᠋ᠶ᠋ᠠᠷ ᠥᠷᠭᠡᠳᠬᠡᠨ ᠬᠢᠵᠦ᠂ 1958 ᠣᠨ ᠠ᠋ᠴᠠ ᠬᠣᠢᠰᠢ᠂ ᠪᠦᠬᠦ ᠠᠢᠮᠠᠭ ᠤ᠋ᠨ ᠬᠡᠪᠴᠢᠶᠡᠨ᠎ᠡ ᠮᠣᠩᠭᠣᠯ ᠬᠣᠨᠢ ᠶ᠋ᠢ ᠡᠷᠯᠢᠰᠡᠵᠢᠭᠦᠯᠦᠨ ᠥᠭᠡᠷᠡᠴᠢᠯᠡᠬᠦ ᠠᠵᠢᠯ ᠢ᠋ ᠨᠡᠢᠳᠡᠮ ᠳ᠋ᠦ᠍ᠨᠢ ᠬᠢᠪᠡ ᠃ 1960 ᠣᠨ ᠳ᠋ᠤ᠌ ᠪᠣᠯᠤᠭᠰᠠᠨ ᠪᠦᠬᠦ ᠣᠷᠣᠨ ᠤ᠋ ᠮᠠᠯ ᠤ᠋ᠨ ᠡᠭᠦᠯᠳᠡᠷ ᠪᠣᠢᠵᠢᠭᠤᠯᠤᠭᠠ ᠶ᠋ᠢᠨ ᠠᠵᠢᠯ ᠤ᠋ᠨ ᠬᠤᠷᠠᠯᠳᠤᠭᠠᠨ ᠠ᠋ᠴᠠ 《5.1》 ᠦᠷᠡᠵᠢᠯ ᠦ᠋ᠨ ᠮᠠᠯ ᠤ᠋ᠨ ᠲᠠᠯᠠᠪᠠᠢ ᠪᠠ ᠪᠠᠶᠠᠨᠰᠢᠯᠢ ᠦᠷᠡᠵᠢᠯ ᠦ᠋ᠨ ᠮᠠᠯ ᠤ᠋ᠨ ᠲᠠᠯᠠᠪᠠᠢ ᠵᠢᠴᠢ ᠲᠡᠭᠦᠨ ᠦ᠌ ᠣᠷᠴᠢᠨ ᠳ᠋ᠠᠬᠢ ᠠᠷᠠᠳ ᠤ᠋ᠨ ᠨᠢᠭᠡᠳᠦᠯ ᠦ᠋ᠳ ᠲᠦ᠍ 《ᠰᠢᠯᠢ ᠶ᠋ᠢᠨ ᠭᠣᠣᠯ ᠤ᠋ᠨ ᠨᠠᠷᠢᠨ ᠨᠣᠣᠰᠣᠲᠤ ᠡᠭᠦᠯᠳᠡᠷ ᠦ᠋ᠨ ᠬᠣᠨᠢ》 ᠶ᠋ᠢ ᠪᠣᠢᠵᠢᠭᠤᠯᠬᠤ ᠪᠠᠷ ᠲᠣᠭᠲᠠᠵᠤ᠂ ᠲᠤᠰ ᠣᠷᠣᠨ ᠤ᠋ ᠮᠣᠩᠭᠣᠯ ᠬᠣᠨᠢ ᠪᠠᠷ ᠡᠬᠡ ᠤᠳᠤᠮ ᠪᠣᠯᠭᠠᠵᠤ᠂ ᠮᠧᠷᠢᠨᠣᠰ᠂ ᠺᠡᠥ᠋ᠺᠡᠰ᠂ ᠺᠣᠷᠸᠸᠷᠢᠯ᠂ ᠠᠰᠺᠢᠨᠢ ᠂ ᠰᠢᠨᠵᠢᠶᠠᠩ ᠵᠡᠷᠭᠡ ᠨᠠᠷᠢᠨ ᠨᠣᠣᠰᠣᠲᠤ ᠰᠢᠯᠢᠳᠡᠭ ᠡᠭᠦᠯᠳᠡᠷ ᠦ᠋ᠨ ᠬᠤᠴᠠ ᠪᠠᠷ ᠡᠴᠢᠭᠡ ᠤᠳᠤᠮ ᠪᠣᠯᠭᠠᠵᠤ᠂ ᠨᠠᠷᠢᠨ ᠪᠤᠳᠤᠯᠢᠶᠠᠨ ᠲᠠᠢ ᠦᠷᠡᠵᠢᠯ ᠦ᠋ᠨ ᠠᠷᠭ᠎ᠠ ᠶ᠋ᠢ ᠬᠡᠷᠡᠭᠯᠡᠨ ᠂ ᠲᠡᠳᠡᠭᠡᠷ ᠦ᠋ᠨ ᠳᠠᠪᠠᠭᠤᠯᠢᠭ ᠲᠠᠯ᠎ᠠ ᠨᠤᠭᠤᠳ ᠢ᠋ ᠨᠢᠭᠡᠳᠬᠡᠬᠦ ᠳ᠋ᠦ᠍ ᠶᠡᠬᠡᠬᠡᠨ ᠠᠩᠬᠠᠷᠤᠯ ᠢ᠋ᠶ᠋ᠠᠨ ᠲᠠᠯᠪᠢᠵᠤ᠂ ᠠᠷᠠᠴᠢᠯᠠᠭ᠎ᠠ ᠮᠠᠯᠵᠢᠯᠭ᠎ᠠ ᠶ᠋ᠢᠨ ᠲᠠᠯ᠎ᠠ ᠪᠠᠷ ᠬᠠᠷᠢᠭᠤᠯᠤᠯᠭ᠎ᠠ ᠶ᠋ᠢ ᠭᠣᠣᠯ ᠪᠣᠯᠭᠠᠵᠤ᠂ ᠡᠪᠦᠯ ᠬᠠᠪᠤᠷ ᠤ᠋ᠨ ᠭᠠᠴᠢᠭ ᠤᠯᠠᠷᠢᠯ ᠳ᠋ᠤ᠌ ᠪᠠᠭ᠎ᠠ ᠰᠠᠭ᠎ᠠ ᠨᠥᠬᠥᠪᠥᠷᠢ ᠲᠡᠵᠢᠭᠡᠯ ᠥᠭᠬᠦ ᠠᠷᠭ᠎ᠠ ᠬᠡᠮᠵᠢᠶ᠎ᠡ ᠨᠦ᠍ᠭᠦᠳ ᠢ᠋ ᠠᠪᠴᠠᠢ ᠃ 1964 ᠣᠨ ᠠ᠋ᠴᠠ 《5.1》ᠦᠷᠡᠵᠢᠯ ᠦ᠋ᠨ ᠮᠠᠯ ᠤ᠋ᠨ ᠲᠠᠯᠠᠪᠠᠢ ᠪᠠ ᠪᠠᠶᠠᠨᠰᠢᠯᠢ ᠦᠷᠡᠵᠢᠯ ᠦ᠋ᠨ ᠮᠠᠯ ᠤ᠋ᠨ ᠲᠠᠯᠠᠪᠠᠢ ᠲᠣᠭᠲᠠᠪᠤᠷᠢᠵᠢᠭᠤᠯᠬᠤ ᠦᠷᠡᠵᠢᠯᠭᠡ ᠶ᠋ᠢ ᠡᠬᠢᠯᠡᠨ ᠬᠢᠵᠦ ᠂ 1965 ᠣᠨ ᠪᠣᠯᠬᠤ ᠳ᠋ᠤ᠌ ᠪᠦᠬᠦ ᠠᠢᠮᠠᠭ ᠤ᠋ᠨ ᠬᠡᠪᠴᠢᠶᠡᠨ ᠳ᠋ᠦ᠍ ᠡᠷᠯᠢᠰᠡᠵᠢᠭᠦᠯᠦᠨ ᠰᠠᠢᠵᠢᠷᠠᠭᠤᠯᠤᠭᠰᠠᠨ ᠬᠣᠨᠢ 94 ᠲᠦᠮᠡᠨ ᠲᠣᠯᠣᠭᠠᠢ ᠳ᠋ᠤ᠌ ᠬᠦᠷᠴᠦ᠂ ᠡᠭᠦᠨ ᠦ᠌ ᠳᠣᠲᠣᠷ᠎ᠠ ᠪᠠᠷᠢᠮᠵᠢᠶ᠎ᠠ ᠳ᠋ᠤ᠌ ᠬᠦᠷᠦᠭᠰᠡᠨ ᠨᠠᠷᠢᠨ ᠨᠣᠣᠰᠣᠲᠤ ᠬᠣᠨᠢ 2 ᠲᠦᠮᠡ ᠰᠢᠬᠠᠮ ᠪᠣᠯᠪᠠ᠃ 1971 ᠣᠨ ᠳ᠋ᠤ᠌ ᠥᠪᠡᠷᠲᠡᠭᠡᠨ ᠵᠠᠰᠠᠬᠤ ᠣᠷᠣᠨ ᠠ᠋ᠴᠠ ᠲᠥᠪ ᠦ᠋ᠨ ᠲᠠᠷᠢᠶᠠᠯᠠᠩ ᠂ᠣᠢ ᠰᠢᠭᠤᠢ ᠶ᠋ᠢᠨ ᠶᠠᠮᠤᠨ ᠤ᠋ ᠵᠥᠪᠰᠢᠶᠡᠷᠡᠯ ᠢ᠋ ᠣᠯᠵᠤ᠂ 《ᠰᠢᠯᠢ ᠶ᠋ᠢᠨ ᠭᠣᠣᠯ ᠤ᠋ᠨ ᠨᠠᠷᠢᠨ ᠨᠣᠣᠰᠣᠲᠤ ᠬᠣᠨᠢ》 ᠶ᠋ᠢ 《ᠥᠪᠥᠷ ᠮᠣᠩᠭᠣᠯ ᠤ᠋ᠨ ᠨᠣᠣᠰᠣ ᠮᠢᠬᠠᠨ ᠤ᠋ ᠬᠠᠪᠰᠤᠷᠤᠭᠰᠠᠨ ᠬᠡᠷᠡᠭᠴᠡᠭᠡᠲᠦ ᠨᠠᠷᠢᠨ ᠨᠣᠣᠰᠣᠲᠤ ᠬᠣᠨᠢ》 ᠭᠡᠵᠦ ᠨᠡᠷ᠎ᠡ ᠶ᠋ᠢ ᠨᠢ ᠬᠠᠯᠠᠵᠤ ᠂ᠪᠦᠬᠦ ᠣᠷᠣᠨ ᠤ᠋ ᠤᠯᠤᠰ ᠠᠷᠠᠳ ᠤ᠋ᠨ ᠠᠵᠤ ᠠᠬᠤᠢ ᠶ᠋ᠢᠨ ᠲᠥᠯᠥᠪᠯᠡᠭᠡ ᠪᠣᠯᠤᠨ ᠤᠯᠤᠰ ᠤ᠋ᠨ ᠭᠣᠣᠯᠳᠠᠯᠭ᠎ᠠ ᠲᠠᠢ ᠰᠢᠨᠵᠢᠯᠡᠬᠦ ᠤᠬᠠᠭᠠᠨ ᠤ᠋ ᠰᠤᠳᠤᠯᠤᠯᠲᠠ ᠶ᠋ᠢᠨ ᠰᠡᠳᠦᠪ ᠲᠦ᠍ ᠣᠷᠣᠭᠤᠯᠤᠨ ᠴᠢᠩᠭ᠎ᠠ ᠠᠳᠬᠤᠭᠰᠠᠨ ᠢ᠋ᠶ᠋ᠠᠷ ᠣᠬᠣᠷᠬᠠᠨ ᠬᠤᠭᠤᠴᠠᠭᠠᠨ ᠤ᠋ ᠳᠣᠲᠣᠷ᠎ᠠ ᠲᠣᠭ᠎ᠠ ᠲᠣᠯᠣᠭᠠᠢ ᠪᠠ ᠶᠠᠰᠤ ᠴᠢᠨᠠᠷ ᠢ᠋ ᠲᠤᠩ ᠲᠦᠷᠭᠡᠨ ᠳᠡᠭᠡᠭᠰᠢᠯᠡᠭᠦᠯᠦᠭᠰᠡᠨ ᠪᠠᠢᠨ᠎ᠠ ᠃
1975 ᠣᠨ ᠪᠣᠯᠬᠤ ᠳ᠋ᠤ᠌ ᠂ ᠪᠦᠬᠦ ᠠᠢᠮᠠᠭ ᠤ᠋ᠨ ᠡᠷᠯᠢᠰᠡᠵᠢᠭᠦᠯᠦᠨ ᠰᠠᠢᠵᠢᠷᠠᠭᠤᠯᠤᠭᠰᠠᠨ ᠬᠣᠨᠢ 222 ᠲᠦᠮᠡᠨ ᠲᠣᠯᠣᠭᠠᠢ ᠪᠣᠯᠵᠤ᠂ ᠲᠡᠭᠦᠨ ᠦ᠌ ᠳᠣᠲᠣᠷ᠎ᠠ ᠢᠵᠢᠯ ᠴᠢᠨᠠᠷ ᠤ᠋ᠨ ᠨᠠᠷᠢᠨ ᠨᠣᠣᠰᠣᠲᠤ ᠬᠣᠨᠢ 20 ᠲᠦᠮᠡᠨ ᠲᠣᠯᠣᠭᠠᠢ ᠪᠣᠯᠵᠤ᠂ ᠲᠣᠭᠲᠠᠪᠤᠷᠢᠵᠢᠭᠤᠯᠬᠤ ᠦᠷᠡᠵᠢᠯ ᠢ᠋ᠶ᠋ᠡᠷ ᠳᠠᠮᠵᠢᠨ᠂ ᠥᠪᠥᠷ ᠮᠣᠩᠭᠣᠯ ᠤ᠋ᠨ ᠨᠠᠷᠢᠨ ᠨᠣᠣᠰᠣᠲᠤ ᠬᠣᠨᠢᠨ ᠤ᠋ ᠪᠠᠷᠢᠮᠵᠢᠶ᠎ᠠ ᠳ᠋ᠤ᠌ ᠨᠡᠢᠴᠡᠭᠰᠡᠨ ᠬᠣᠨᠢ 5 ᠲᠦᠮᠡᠨ ᠲᠣᠯᠣᠭᠠᠢ ᠳ᠋ᠤ᠌ ᠬᠦᠷᠦᠭᠰᠡᠨ ᠪᠠᠢᠨ᠎ᠠ᠃ ᠰᠢᠯᠭᠠᠨ ᠪᠠᠢᠴᠠᠭᠠᠯᠲᠠ ᠶ᠋ᠢ ᠦᠨᠳᠦᠰᠦᠯᠡᠪᠡᠯ ᠡᠳᠡᠭᠡᠷ ᠬᠣᠨᠢ ᠪᠣᠯ ᠡᠯ᠎ᠡ ᠲᠠᠯ᠎ᠠ ᠪᠠᠷ ᠦᠨᠳᠦᠰᠦᠨ ᠳ᠋ᠡᠭᠡᠨ ᠡᠭᠦᠯᠳᠡᠷ ᠪᠣᠢᠵᠢᠭᠤᠯᠤᠭᠠ ᠶ᠋ᠢᠨ ᠪᠠᠷᠢᠮᠵᠢᠶ᠎ᠠ
ᠳ᠋ᠤ᠌ ᠬᠦᠷᠦᠭᠰᠡᠨ ᠪᠥᠭᠡᠳ ᠵᠣᠬᠢᠴᠠᠬᠤ ᠴᠢᠳᠠᠪᠤᠷᠢ ᠨᠢ ᠶᠡᠬᠡ ᠰᠠᠢᠨ ᠤᠳᠤᠮᠰᠢᠬᠤ ᠴᠢᠨᠠᠷ ᠨᠢ ᠲᠣᠭᠲᠠᠭᠤᠨ ᠪᠣᠯᠵᠠᠢ ᠃ ᠡᠢᠮᠦ ᠡᠴᠡ 1976 ᠣᠨ ᠤ᠋ 11 ᠰᠠᠷ᠎ᠠ ᠳ᠋ᠤ᠌ ᠥᠪᠥᠷ ᠮᠣᠩᠭᠣᠯ ᠥᠪᠡᠷᠲᠡᠭᠡᠨ ᠵᠠᠰᠠᠬᠤ ᠣᠷᠣᠨ ᠠ᠋ᠴᠠ 《ᠥᠪᠥᠷ ᠮᠣᠩᠭᠣᠯ ᠤ᠋ᠨ ᠨᠣᠣᠰᠣ ᠮᠢᠬᠠᠨ ᠤ᠋ ᠬᠡᠷᠡᠭᠴᠡᠭᠡᠲᠦ ᠨᠠᠷᠢᠨ ᠨᠣᠣᠰᠣᠲᠤ ᠬᠣᠨᠢ》 ᠭᠡᠵᠦ ᠵᠢᠩᠬᠢᠨᠢ ᠪᠡᠷ ᠨᠡᠷᠡᠢᠳᠪᠡ᠃
ᠰᠢᠨᠵᠢ ᠪᠠᠢᠳᠠᠯ᠄ ᠥᠪᠥᠷ ᠮᠣᠩᠭᠣᠯ ᠤ᠋ᠨ ᠨᠠᠷᠢᠨ ᠨᠣᠣᠰᠣᠲᠤ ᠬᠣᠨᠢ ᠪᠣᠯ ᠪᠡᠶ᠎ᠡ ᠴᠣᠭᠴᠠ ᠪᠠᠷ ᠴᠢᠭᠢᠷᠠᠭ᠂ ᠪᠡᠶ᠎ᠡ ᠶ᠋ᠢᠨ ᠪᠦᠲᠦᠴᠡ ᠨᠢ ᠲᠡᠩᠴᠡᠭᠦᠨ ᠂ ᠲᠣᠯᠣᠭᠠᠢ ᠨᠢ ᠲᠣᠬᠢᠯᠢᠭ ᠂ ᠡᠪᠡᠷ ᠨᠢ ᠬᠥᠭᠵᠢᠯᠲᠡᠢ ᠂ᠴᠡᠭᠡᠵᠢ ᠨᠢ ᠥᠷᠭᠡᠨ ᠲᠡᠨᠢᠭᠦᠨ᠂ ᠨᠢᠷᠤᠭᠤ ᠨᠢ ᠰᠢᠯᠤᠭᠤᠨ ᠂ ᠳᠥᠷᠪᠡᠨ ᠬᠥᠯ ᠦ᠋ᠨ ᠭᠢᠰᠬᠢᠯᠲᠡ ᠨᠢ ᠲᠥᠪ ᠂ ᠬᠤᠴᠠ ᠨᠢ ᠤᠭᠠᠯᠵᠠᠯᠠᠭᠰᠠᠨ ᠡᠪᠡᠷ ᠲᠡᠢ ᠬᠦᠵᠦᠭᠦᠨ ᠳ᠋ᠡᠭᠡᠨ 1 — 2 ᠬᠥᠨᠳᠡᠯᠡᠨ ᠨᠤᠭᠤᠯᠤᠭᠠᠰᠤ ᠲᠠᠢ ; ᠡᠮ᠎ᠡ ᠬᠣᠨᠢ ᠨᠢ ᠡᠪᠡᠷ ᠦᠭᠡᠢ ᠪᠤᠶᠤ ᠵᠢᠵᠢᠭ ᠡᠪᠡᠷ ᠲᠡᠢ ᠂ ᠬᠦᠵᠦᠭᠦᠨ ᠳ᠋ᠡᠭᠡᠨ ᠬᠥᠭᠵᠢᠯᠲᠡ ᠪᠡᠷ ᠰᠠᠢᠨ ᠭᠤᠯᠳᠤ ᠨᠤᠭᠤᠯᠤᠭᠠᠰᠤ ᠲᠠᠢ ᠂ ᠨᠣᠣᠰᠣᠨ ᠤ᠋ ᠤᠷᠭᠤᠯᠲᠠ ᠨᠢ ᠰᠠᠢᠨ ᠂ ᠶᠡᠬᠡ ᠪᠡᠶ᠎ᠡ ᠶ᠋ᠢᠨ ᠬᠤᠴᠢᠮᠠᠯ ᠨᠣᠣᠰᠣ ᠨᠢ ᠮᠠᠩᠨᠠᠢ ᠶ᠋ᠢ ᠪᠦᠷᠬᠦᠭᠰᠡᠨ ᠪᠥᠭᠡᠳ ᠡᠪᠦᠳᠦᠭ᠂ ᠪᠣᠷᠪᠢ ᠳ᠋ᠠᠭᠠᠨ ᠲᠤᠯᠤᠭᠰᠠᠨ ᠪᠠᠢᠳᠠᠭ᠃ ᠨᠣᠣᠰᠣᠨ ᠤ᠋ ᠪᠠᠭᠴᠠ ᠨᠢ ᠪᠢᠲᠡᠭᠦᠦ ᠬᠡᠯᠪᠡᠷᠢᠲᠡᠢ᠃
ᠠᠰᠢᠭ ᠰᠢᠮ᠎ᠡ ᠶ᠋ᠢᠨ ᠭᠠᠷᠤᠯᠲᠠ᠄ ᠠᠮᠢᠳᠤ ᠶ᠋ᠢᠨ ᠵᠢᠩ ᠨᠢ ᠳᠤᠮᠳᠠᠴᠢ ᠪᠠᠷ᠂ ᠬᠤᠴᠠ 88.5 ᠺᠢᠯᠣᠭ᠌ᠷᠠᠮ᠂ ᠡᠮ᠎ᠡ ᠬᠣᠨᠢ ᠳᠤᠮᠳᠠᠴᠢ ᠪᠠᠷ 46.5 ᠺᠢᠯᠣᠭ᠌ᠷᠠᠮ᠃ ᠨᠣᠣᠰᠣᠨ ᠭᠠᠷᠤᠯᠲᠠ ᠨᠢ ᠳᠤᠮᠳᠠᠴᠢ ᠪᠠᠷ ᠬᠤᠴᠠ12 ᠺᠢᠯᠣᠭ᠌ᠷᠠᠮ᠂ ᠡᠮ᠎ᠡ ᠬᠣᠨᠢ 5.5 ᠺᠢᠯᠣᠭ᠌ᠷᠠᠮ; ᠨᠣᠣᠰᠣ ᠶ᠋ᠢᠨ ᠤᠷᠲᠤ ᠨᠢ ᠳᠤᠮᠳᠠᠴᠢ ᠪᠠᠷ ᠬᠤᠴᠠ 7.5 ᠰᠡᠨᠲ᠋ᠢᠮᠧᠲ᠋ᠷ᠂ ᠡᠮ᠎ᠡ ᠬᠣᠨᠢ 7 ᠰᠡᠨᠲ᠋ᠢᠮᠧᠲ᠋ᠷ; ᠨᠣᠣᠰᠣᠨ ᠤ᠋ ᠨᠠᠷᠢᠨ ᠨᠢ 60— 64 ᠰᠢᠷᠬᠡᠭ; ᠴᠡᠪᠡᠷ ᠨᠣᠣᠰᠣᠨ ᠤ᠋ ᠨᠣᠷᠮ᠎ᠠ ᠨᠢ 40% ; ᠨᠢᠲᠤᠯᠭᠠ ᠶ᠋ᠢᠨ ᠭᠠᠷᠤᠴᠠ 45 —50%; ᠦᠷᠡᠵᠢᠯᠲᠡ ᠶ᠋ᠢᠨ ᠨᠣᠷᠮ᠎ᠠ ᠨᠢ 110 — 120% ᠪᠣᠯᠤᠨ᠎ᠠ᠃
ᠵᠣᠬᠢᠴᠠᠬᠤ ᠴᠢᠳᠠᠪᠤᠷᠢ ᠶ᠋ᠢᠨ ᠲᠠᠯ᠎ᠠ ᠪᠠᠷ ᠄ ᠥᠪᠥᠷ ᠮᠣᠩᠭᠣᠯ ᠤ᠋ᠨ ᠨᠠᠷᠢᠨ ᠨᠣᠣᠰᠣᠲᠤ ᠬᠣᠨᠢ ᠠᠭᠤᠷ ᠠᠮᠢᠰᠬᠤᠯ ᠬᠦᠢᠲᠡᠨ᠂ ᠭᠠᠩ ᠬᠠᠪᠰᠠᠷᠭ᠎ᠠ ᠶᠡᠬᠡ ᠲᠡᠢ ᠪᠠᠢᠭᠠᠯᠢ ᠶ᠋ᠢᠨ ᠣᠷᠴᠢᠨ ᠠᠬᠤᠢ ᠳ᠋ᠤ᠌ ᠪᠣᠢᠵᠢᠭᠰᠠᠨ ᠪᠣᠯᠬᠣᠷ᠂ ᠨᠥᠬᠥᠴᠡᠯ ᠪᠠᠷᠤᠭᠲᠠᠢ ᠣᠷᠴᠢᠨ ᠲᠣᠭᠣᠷᠢᠨ ᠳ᠋ᠤ᠌ ᠵᠣᠬᠢᠴᠠᠵᠤ ᠴᠢᠳᠠᠳᠠᠭ ᠪᠥᠭᠡᠳ ᠲᠠᠴᠢᠷ ᠨᠢᠮᠭᠡᠨ ᠪᠡᠯᠴᠢᠭᠡᠷ ᠲᠡᠢ ᠭᠠᠵᠠᠷ ᠴᠤ᠌ ᠡᠳᠦᠷ ᠲᠦ᠍ 20 — 25 ᠭᠠᠵᠠᠷ ᠢᠳᠡᠰᠢᠯᠡᠨ ᠪᠡᠯᠴᠢᠭᠡᠷᠯᠡᠵᠦ ᠴᠢᠳᠠᠨ᠎ᠠ᠃ ᠡᠪᠦᠯ ᠳ᠋ᠡᠭᠡᠨ -30 — - 40℃ ᠤ᠋ᠨ ᠬᠦᠢᠲᠡᠨ ᠳ᠋ᠦ᠍᠂20 ᠰᠡᠨᠲ᠋ᠢᠮᠧᠲ᠋ᠷ ᠣᠷᠴᠢᠮ ᠭᠦᠨ ᠴᠠᠰᠤᠨ ᠳ᠋ᠤ᠌ ᠴᠠᠰᠤ ᠮᠠᠯᠲᠠᠨ ᠢᠳᠡᠰᠢᠯᠡᠵᠦ ᠴᠢᠳᠠᠳᠠᠭ᠃ ᠥᠪᠥᠷ ᠮᠣᠩᠭᠣᠯ ᠤ᠋ᠨ ᠨᠠᠷᠢᠨ ᠨᠣᠣᠰᠣᠲᠤ ᠬᠣᠨᠢ ᠪᠣᠯ ᠲᠠᠷᠭᠤ ᠠᠪᠬᠤ ᠨᠢ ᠲᠦᠷᠭᠡᠨ᠂ ᠡᠪᠡᠳᠴᠢᠨ ᠭᠡᠮ ᠳ᠋ᠦ᠍ ᠲᠡᠰᠪᠦᠷᠢᠲᠡᠢ ᠵᠡᠷᠭᠡ ᠣᠨᠴᠠᠯᠢᠭ ᠲᠠᠢ ᠶᠤᠮ᠃

ᠥᠪᠥᠷ ᠮᠣᠩᠭᠣᠯ ᠤ᠋ᠨ ᠨᠠᠷᠢᠨ ᠨᠣᠣᠰᠣᠲᠤ ᠬᠣᠨᠢ ᠪᠣᠯ ᠳᠡᠭᠡᠷᠡᠬᠢ ᠮᠡᠲᠦ ᠳᠠᠪᠠᠭᠤᠯᠢᠭ ᠲᠠᠯ᠎ᠠ ᠲᠠᠢ ᠪᠣᠯᠬᠣᠷ᠂ ᠪᠦᠬᠦ ᠣᠷᠣᠨ ᠤ᠋ ᠬᠡᠪᠴᠢᠶᠡᠨ᠎ᠡ ᠲᠠᠷᠬᠠᠵᠤ ᠪᠠᠢᠬᠤ ᠪᠠᠷ ᠪᠠᠷᠠᠬᠤ ᠦᠭᠡᠢ ᠪᠠᠰᠠ᠂ ᠾᠧᠪᠧᠢ᠂ ᠾᠧᠨᠠᠨ᠂ ᠱᠠᠨᠳᠦ᠋ᠩ᠂ ᠵᠢᠶᠠᠩᠰᠦ᠂ ᠱᠠᠨ ᠰᠢ᠂ ᠱᠨᠨᠰᠢ᠂ ᠠᠨᠾᠥ᠋ᠢ᠂ ᠶᠦᠨᠨᠠᠨ ᠵᠡᠷᠭᠡ ᠮᠣᠵᠢ ᠨᠤᠭᠤᠳ ᠲᠤ᠌ ᠠᠪᠠᠴᠢᠨ ᠦᠷᠡᠵᠢᠯᠭᠡ ᠳ᠋ᠦ᠍ ᠬᠡᠷᠡᠭᠯᠡᠵᠦ ᠪᠠᠢᠨ᠎ᠠ᠃
ᠬᠣᠢᠰᠢᠳᠠ ᠥᠪᠥᠷ ᠮᠣᠩᠭᠣᠯ ᠤ᠋ᠨ ᠨᠠᠷᠢᠨ ᠨᠣᠣᠰᠣᠲᠤ ᠬᠣᠨᠢᠨ ᠤ᠋ ᠶᠠᠰᠤ ᠴᠢᠨᠠᠷ ᠢ᠋ ᠤᠯᠠᠮ ᠨᠢᠭᠡ ᠠᠯᠬᠤᠮ ᠳᠡᠭᠡᠭᠰᠢᠯᠡᠭᠦᠯᠬᠦ ᠳ᠋ᠡᠭᠡᠨ ᠂ ᠪᠡᠶ᠎ᠡ ᠪᠢᠯᠳᠠᠷ ᠪᠠ ᠨᠣᠣᠰᠣᠨ ᠤ᠋ ᠶᠠᠰᠤ ᠴᠢᠨᠠᠷ ᠵᠡᠷᠭᠡ ᠶ᠋ᠢ ᠰᠠᠢᠵᠢᠷᠠᠭᠤᠯᠬᠤ ᠲᠠᠯ᠎ᠠ ᠪᠠᠷ ᠮᠠᠰᠢ ᠶᠡᠬᠡ ᠬᠦᠴᠦ ᠲᠠᠯᠪᠢᠬᠤ ᠬᠡᠷᠡᠭᠲᠡᠢ᠃
ᠦᠰᠦᠭ ᠠᠮᠢᠯᠠᠭᠤᠯᠤᠭᠴᠢ ᠠ· ᠰᠠᠷᠠᠨᠭᠡᠷᠡᠯ᠂ ᠬᠢᠨᠠᠭᠴᠢ ᠪᠠᠭᠰᠢ ᠄ ᠠᠵᠠ ᠵᠠᠶᠠᠭ᠎ᠠ
4·ᠠᠤᠬᠠᠨ ᠤ᠋ ᠨᠣᠣᠰᠣ ᠮᠢᠬᠠᠨ ᠤ᠋ ᠬᠡᠷᠡᠭᠴᠡᠭᠡᠲᠦ ᠨᠠᠷᠢᠨ ᠨᠣᠣᠰᠣᠲᠤ ᠬᠣᠨᠢ᠄ ᠠᠤᠬᠠᠨ ᠤ᠋ ᠨᠠᠷᠢᠨ᠂ ᠨᠣᠣᠰᠣᠲᠤ ᠬᠣᠨᠢ ᠪᠣᠯ᠂ᠤᠯᠠᠭᠠᠨᠬᠠᠳᠠ ᠬᠣᠲᠠ ᠶ᠋ᠢᠨ ᠠᠤᠬᠠᠨ ᠬᠤᠰᠢᠭᠤᠨ ᠤ᠋ ᠠᠤᠬᠠᠨ ᠦᠷᠡᠵᠢᠯ ᠦ᠋ᠨ ᠬᠣᠨᠢᠨ ᠲᠠᠯᠠᠪᠠᠢ ᠪᠠᠷ ᠭᠣᠣᠯᠳᠠᠯᠭ᠎ᠠ ᠪᠣᠯᠭᠠᠵᠤ᠂ ᠣᠩᠨᠢᠭᠤᠳ᠂ᠤᠯᠠᠭᠠᠨᠬᠠᠳᠠ᠂ ᠬᠠᠷᠠᠴᠢᠨ ᠂ᠨᠢᠩᠴᠧᠩ ᠵᠡᠷᠭᠡ ᠬᠣᠰᠢᠭᠤ ᠰᠢᠶᠠᠨ ᠳ᠋ᠤ᠌ ᠪᠣᠢᠵᠢᠭᠤᠯᠤᠨ ᠭᠠᠷᠭᠠᠭᠰᠠᠨ ᠰᠢᠨ᠎ᠡ ᠨᠢᠭᠡᠨ ᠨᠣᠣᠰᠣ ᠮᠢᠬᠠᠨ ᠤ᠋ ᠬᠡᠷᠡᠭᠴᠡᠭᠡᠲᠦ ᠨᠠᠷᠢᠨ ᠨᠣᠣᠰᠣᠲᠤ ᠡᠭᠦᠯᠳᠡᠷ ᠦ᠋ᠨ ᠬᠣᠨᠢ ᠪᠣᠯᠤᠨ᠎ᠠ ᠃ ᠲᠤᠰ ᠡᠭᠦᠯᠳᠡᠷ ᠢ᠋ 1982 ᠣᠨ ᠤ᠋ 5 ᠰᠠᠷ᠎ᠠ ᠳ᠋ᠤ᠌᠂ ᠥᠪᠡᠷᠲᠡᠭᠡᠨ ᠵᠠᠰᠠᠬᠤ ᠣᠷᠣᠨ ᠤ᠋ ᠠᠷᠠᠳ ᠤ᠋ᠨ ᠵᠠᠰᠠᠭ ᠤ᠋ᠨ ᠣᠷᠳᠣᠨ ᠠ᠋ᠴᠠ 《ᠠᠤᠬᠠᠨ ᠤ᠋ ᠨᠣᠣᠰᠣ ᠮᠢᠬᠠᠨ ᠤ᠋ ᠬᠡᠷᠡᠭᠴᠡᠭᠡᠲᠦ ᠨᠠᠷᠢᠨ ᠨᠣᠣᠰᠣᠲᠤ ᠬᠣᠨᠢ》 ᠭᠡᠵᠦ ᠵᠢᠩᠬᠢᠨᠢ ᠪᠡᠷ ᠨᠡᠷᠡᠢᠳᠪᠡ᠃
ᠲᠤᠰ ᠬᠣᠨᠢᠨ ᠤ᠋ ᠡᠭᠦᠯᠳᠡᠷ ᠪᠣᠢᠵᠢᠭᠤᠯᠬᠤ ᠠᠵᠢᠯ ᠢ᠋ 1951 ᠣᠨ ᠳ᠋ᠤ᠌ ᠠᠤᠬᠠᠨ ᠦᠷᠡᠵᠢᠯ ᠦ᠋ᠨ ᠬᠣᠨᠢᠨ ᠤ᠋ ᠲᠠᠯᠠᠪᠠᠢ ᠳ᠋ᠤ᠌ ᠡᠬᠢᠯᠡᠪᠡ᠃ ᠡᠬᠢᠯᠡᠬᠦ ᠳ᠋ᠡᠭᠡᠨ ᠨᠢᠭᠡ ᠪᠦᠯᠦᠭ ᠮᠣᠩᠭᠣᠯ ᠡᠮ᠎ᠡ ᠬᠣᠨᠢ ᠪᠠ ᠴᠥᠭᠡᠨ ᠲᠣᠭᠠᠨ ᠤ᠋ ᠡᠷᠯᠢᠰᠡ ᠡᠮ᠎ᠡ ᠬᠣᠨᠢ ᠪᠠᠷ ᠰᠠᠭᠤᠷᠢ ᠪᠣᠯᠭᠠᠵᠤ᠂ ᠵᠥᠪᠯᠡᠯᠲᠦ ᠶ᠋ᠢᠨ ᠮᠧᠷᠢᠨᠣᠰ᠂ ᠺᠡᠥ᠋ᠻᠡᠰ ᠂ ᠰᠲ᠋ᠡᠪᠷᠦᠹᠦᠯᠢ᠂ ᠰᠠᠯᠢᠰᠺᠠ ᠵᠡᠷᠭᠡ ᠨᠠᠷᠢᠨ ᠨᠣᠣᠰᠣᠲᠤ ᠡᠭᠦᠯᠳᠡᠷ ᠦ᠋ᠨ ᠬᠤᠴᠠ ᠶ᠋ᠢ ᠬᠡᠷᠡᠭᠯᠡᠨ ᠡᠷᠯᠢᠰᠡᠵᠢᠭᠦᠯᠵᠦ ᠂ 1955 ᠣᠨ ᠠ᠋ᠴᠠ ᠬᠣᠢᠰᠢ ᠵᠥᠪᠯᠡᠯᠲᠦ ᠶ᠋ᠢᠨ ᠮᠧᠷᠢᠨᠣᠰ ᠬᠣᠨᠢ ᠶ᠋ᠢ ᠭᠣᠣᠯᠴᠢᠯᠠᠨ ᠬᠡᠷᠡᠭᠯᠡᠪᠡ᠃ 1956 ᠣᠨ ᠳ᠋ᠤ᠌᠂ ᠰᠢᠨᠵᠢ ᠪᠠᠢᠳᠠᠯ ᠪᠣᠯᠤᠨ ᠨᠣᠣᠰᠣᠨ ᠤ᠋ ᠶᠠᠰᠤ ᠴᠢᠨᠠᠷ ᠤ᠋ᠨ ᠲᠠᠯ᠎ᠠ ᠪᠠᠷ ᠦᠨᠳᠦᠰᠦᠨ ᠳ᠋ᠡᠭᠡᠨ ᠨᠠᠷᠢᠨ ᠨᠣᠣᠰᠣᠲᠤ ᠬᠣᠨᠢᠨ ᠤ᠋ ᠱᠠᠭᠠᠷᠳᠠᠯᠭ᠎ᠠ ᠳ᠋ᠤ᠌ ᠨᠡᠢᠴᠡᠭᠰᠡᠨ ᠨᠢᠭᠡ ᠪᠦᠯᠦᠭ ᠡᠷᠯᠢᠰᠡ ᠬᠤᠴᠠ ᠪᠠ ᠡᠮ᠎ᠡ ᠬᠣᠨᠢ ᠶ᠋ᠢ ᠰᠢᠯᠢᠨ ᠭᠠᠷᠭᠠᠵᠤ ᠂ ᠲᠣᠭᠲᠠᠪᠤᠷᠢᠵᠢᠭᠤᠯᠬᠤ ᠦᠷᠡᠵᠢᠯᠭᠡ ᠬᠢᠵᠦ ᠮᠠᠰᠢ ᠰᠠᠢᠨ ᠪᠦᠲᠦᠮᠵᠢ ᠶ᠋ᠢ ᠣᠯᠤᠭᠰᠠᠨ ᠪᠠᠢᠨ᠎ᠠ ᠃
1959 ᠣᠨ ᠠ᠋ᠴᠠ ᠬᠣᠢᠰᠢ ᠱᠠᠭᠠᠷᠳᠠᠯᠭ᠎ᠠ ᠳ᠋ᠤ᠌ ᠨᠡᠢᠴᠡᠭᠰᠡᠨ ᠬᠣᠨᠢᠨ ᠳ᠋ᠠᠭᠠᠨ ᠨᠡᠢᠳᠡᠮ ᠳ᠋ᠦ᠍ᠨᠢ ᠲᠣᠭᠲᠠᠪᠤᠷᠢᠵᠢᠭᠤᠯᠬᠤ ᠦᠷᠡᠵᠢᠯᠭᠡ ᠬᠢᠵᠦ᠂ 1964 ᠣᠨ ᠠ᠋ᠴᠠ ᠦᠨᠳᠦᠰᠦᠨ ᠳ᠋ᠡᠭᠡᠨ ᠡᠭᠦᠯᠳᠡᠷ ᠦ᠋ᠨ ᠳᠣᠲᠣᠷ᠎ᠠ ᠨᠢ ᠰᠢᠯᠢᠵᠦ ᠦᠷᠡᠵᠢᠭᠦᠯᠬᠦ ᠠᠷᠭ᠎ᠠ ᠶ᠋ᠢ ᠠᠪᠤᠭᠰᠠᠨ ᠤ᠋ ᠬᠠᠮᠲᠤ ᠂ ᠠᠷᠠᠴᠢᠯᠠᠭ᠎ᠠ ᠮᠠᠯᠵᠢᠯᠭ᠎ᠠ ᠶ᠋ᠢᠨ ᠨᠥᠬᠥᠴᠡᠯ ᠢ᠋ ᠰᠠᠢᠵᠢᠷᠠᠭᠤᠯᠪᠠ᠃ ᠡᠭᠦᠨ ᠦ᠌ ᠳᠠᠭᠠᠤ ᠨᠣᠣᠰᠣᠨ ᠤ᠋ ᠤᠷᠲᠤ ᠪᠣᠯᠤᠨ ᠨᠢᠭ ᠦ᠋ᠨ ᠬᠡᠮᠵᠢᠶ᠎ᠡ ᠶ᠋ᠢ ᠨᠢ ᠤᠯᠠᠮ ᠴᠢᠨᠠᠭᠰᠢᠳᠠ ᠨᠡᠮᠡᠭᠳᠡᠭᠦᠯᠬᠦ ᠶ᠋ᠢᠨ ᠲᠥᠯᠥᠭᠡ ᠂ 1967 ᠣᠨ ᠪᠣᠯᠤᠨ 1972 ᠣᠨ ᠳ᠋ᠤ᠌ ᠫᠣᠯᠸᠠᠷᠲ᠋᠂ ᠠᠦ᠋ᠰᠲ᠋ᠷᠠᠯᠢᠶ᠎ᠠ ᠶ᠋ᠢᠨ ᠮᠧᠷᠢᠨᠣᠰ ᠢ᠋ᠶ᠋ᠠᠷ ᠴᠢᠰᠤᠵᠢᠭᠤᠯᠬᠤ ᠦᠷᠡᠵᠢᠯᠭᠡ ᠶ᠋ᠢ ᠬᠢᠪᠡ᠃ ᠡᠭᠦᠨ ᠳ᠋ᠦ᠍ ᠫᠣᠯᠸᠠᠷᠲ᠋ ᠬᠣᠨᠢ ᠶ᠋ᠢ ᠭᠣᠣᠯᠴᠢᠯᠠᠨ ᠠᠰᠢᠭᠯᠠᠵᠠᠢ᠃ ᠴᠢᠰᠤᠵᠢᠭᠤᠯᠤᠯᠲᠠ ᠶ᠋ᠢᠨ ᠶᠠᠪᠤᠴᠠ ᠳ᠋ᠠᠭᠠᠨ ᠭᠠᠳᠠᠭᠠᠳᠤ ᠡᠭᠦᠯᠳᠡᠷ ᠦ᠋ᠨ ᠤᠳᠤᠮ ᠢ᠋ 1/4 ᠪᠡᠷ ᠠᠭᠤᠯᠤᠭᠰᠠᠨ ᠬᠤᠴᠠ ᠪᠠ ᠡᠮ᠎ᠡ ᠬᠣᠨᠢ ᠶ᠋ᠢ ᠥᠷᠭᠡᠨ ᠢ᠋ᠶ᠋ᠡᠷ ᠠᠰᠢᠭᠯᠠᠭᠠᠳ᠂ ᠨᠣᠣᠰᠣᠨ ᠤ᠋ ᠤᠷᠲᠤ ᠶ᠋ᠢᠨ ᠬᠡᠮᠵᠢᠶ᠎ᠡ᠂ ᠨᠢᠭ ᠦ᠋ᠨ ᠬᠡᠮᠵᠢᠶ᠎ᠡ᠂ ᠬᠡᠪᠡᠯᠢ ᠶ᠋ᠢᠨ ᠨᠣᠣᠰᠣ᠂ ᠨᠣᠣᠰᠣᠨ ᠤ᠋ ᠠᠲᠤᠷᠢᠶᠠᠰᠤ ᠵᠡᠷᠭᠡ ᠲᠠᠯ᠎ᠠ ᠪᠠᠷ ᠮᠠᠰᠢ ᠰᠠᠢᠨ ᠦᠷ᠎ᠡ ᠪᠦᠲᠦᠭᠡᠯ ᠣᠯᠪᠠ᠃
ᠠᠤᠬᠠᠨ ᠨᠠᠷᠢᠨ ᠨᠣᠣᠰᠣᠲᠤ ᠬᠣᠨᠢ ᠪᠣᠯ ᠪᠡᠶ᠎ᠡ ᠴᠣᠭᠴᠠ ᠪᠠᠷ ᠴᠢᠭᠢᠷᠠᠭ᠂ ᠶᠠᠰᠤᠯᠢᠭ᠂ ᠥᠷᠭᠡᠨ ᠭᠦᠨ ᠴᠡᠭᠡᠵᠢ ᠲᠡᠢ᠂ ᠨᠢᠷᠤᠭᠤ ᠨᠢ ᠲᠡᠭᠰᠢ᠂ ᠥᠷᠭᠡᠨ ᠲᠠᠰᠢᠶ᠎ᠠ ᠲᠠᠢ᠂ ᠬᠥᠯ ᠦ᠋ᠨ ᠭᠢᠰᠬᠢᠯᠲᠡ ᠨᠢ ᠲᠥᠪ᠃ ᠬᠤᠴᠠ ᠨᠢ ᠡᠪᠡᠷ ᠲᠡᠢ᠂ ᠬᠦᠵᠦᠭᠦᠨ ᠳ᠋ᠡᠭᠡᠨ 1 — 2 ᠪᠦᠷᠢᠨ ᠪᠤᠶᠤ ᠪᠦᠷᠢᠨ ᠪᠤᠰᠤ ᠬᠥᠨᠳᠡᠯᠡᠨ ᠨᠤᠭᠤᠯᠤᠭᠠᠰᠤ ᠲᠠᠢ᠂ ᠡᠮ᠎ᠡ ᠬᠣᠨᠢᠨ ᠤ᠋ ᠣᠯᠠᠩᠬᠢ ᠨᠢ ᠡᠪᠡᠷ ᠦᠭᠡᠢ᠂ ᠬᠦᠵᠦᠭᠦᠨ ᠳ᠋ᠡᠭᠡᠨ ᠰᠤᠯᠠᠪᠲᠤᠷ ᠭᠤᠯᠳᠤ ᠨᠤᠭᠤᠯᠤᠭᠠᠰᠤ ᠲᠠᠢ᠃ ᠨᠣᠣᠰᠣᠨ ᠤᠷᠭᠤᠯᠲᠠ ᠨᠢ ᠲᠣᠯᠣᠭᠠᠢ ᠶ᠋ᠢᠨ ᠬᠢᠨᠢ ᠮᠠᠩᠨᠠᠢ ᠪᠠᠨ ᠪᠦᠷᠬᠦᠵᠦ᠂ ᠳᠥᠷᠪᠡᠨ ᠮᠥᠴᠢᠨ ᠦ᠌ ᠬᠢᠨᠢ ᠡᠪᠦᠳᠦᠭ᠂ ᠪᠣᠷᠪᠢ ᠳ᠋ᠠᠭᠠᠨ ᠲᠤᠯᠤᠭᠰᠠᠨ ᠪᠠᠢᠳᠠᠭ᠃
ᠠᠮᠢᠳᠤ ᠶ᠋ᠢᠨ ᠵᠢᠩ ᠨᠢ ᠳᠤᠮᠳᠠᠴᠢ ᠪᠠᠷ ᠬᠤᠴᠠ 91.3 ᠺᠢᠯᠣᠭ᠌ᠷᠠᠮ᠂ ᠡᠮ᠎ᠡ ᠬᠣᠨᠢ 49.9 ᠺᠢᠯᠣᠭ᠌ᠷᠠᠮ᠂ ᠰᠢᠳᠦᠯᠡᠩ ᠬᠤᠴᠠ 53.4 ᠺᠢᠯᠣᠭ᠌ᠷᠠᠮ᠂ ᠥᠬᠢᠨ ᠲᠥᠯᠥᠭᠡ 41.2 ᠺᠢᠯᠣᠭ᠌ᠷᠠᠮ᠂ ᠨᠣᠣᠰᠣᠨ ᠭᠠᠷᠤᠯᠲᠠ ᠨᠢ ᠳᠤᠮᠳᠠᠴᠢ ᠪᠠᠷ ᠬᠤᠴᠠ 16.7 ᠺᠢᠯᠣᠭ᠌ᠷᠠᠮ᠂ ᠡᠮ᠎ᠡ ᠬᠣᠨᠢ 6.9 ᠺᠢᠯᠣᠭ᠌ᠷᠠᠮ᠂ ᠰᠢᠳᠦᠯᠡᠩ ᠬᠤᠴᠠ 9.3 ᠺᠢᠯᠣᠭ᠌ᠷᠠᠮ᠂ ᠥᠬᠢᠨ ᠲᠥᠯᠥᠭᠡ 7.5 ᠺᠢᠯᠣᠭ᠌ᠷᠠᠮ ᠂ ᠨᠣᠣᠰᠣᠨ ᠤ᠋ ᠤᠷᠲᠤ ᠳᠤᠮᠳᠠᠴᠢ ᠪᠠᠷ ᠬᠤᠴᠠ 9.2 ᠰᠡᠨᠲ᠋ᠢᠮᠧᠲ᠋ᠷ᠂ ᠡᠮ᠎ᠡ ᠬᠣᠨᠢ 7.9 ᠰᠡᠨᠲ᠋ᠢᠮᠧᠲ᠋ᠷ ᠂ ᠨᠣᠣᠰᠣᠨ ᠤ᠋ ᠨᠠᠷᠢᠨ ᠨᠢ 60 — 64 ᠰᠢᠷᠬᠡᠭ᠃ ᠴᠡᠪᠡᠷ ᠨᠣᠣᠰᠣᠨ ᠤ᠋ ᠨᠣᠷᠮ᠎ᠠ ᠨᠢ 35% ᠠ᠋ᠴᠠ ᠳᠡᠭᠡᠭᠰᠢ᠂ ᠦᠷᠡᠵᠢᠯᠲᠡ ᠶ᠋ᠢᠨ ᠨᠣᠷᠮ᠎ᠠ ᠨᠢ 130% ᠠ᠋ᠴᠠ ᠳᠡᠭᠡᠭᠰᠢ᠂ ᠨᠢᠲᠤᠯᠭᠠ ᠶ᠋ᠢᠨ ᠭᠠᠷᠤᠴᠠ ᠨᠢ 45% ᠠ᠋ᠴᠠ ᠳᠡᠭᠡᠭᠰᠢ᠃
ᠠᠤᠬᠠᠨ ᠨᠠᠷᠢᠨ ᠨᠣᠣᠰᠣᠲᠤ ᠬᠣᠨᠢ ᠪᠣᠯ ᠪᠡᠶ᠎ᠡ ᠪᠡᠷ ᠪᠦᠳᠦᠭᠦᠨ ᠰᠢᠭ ᠨᠣᠣᠰᠣᠨ ᠭᠠᠷᠤᠯᠲᠠ ᠨᠢ ᠶᠡᠬᠡ᠂ ᠨᠣᠣᠰᠣᠨ ᠤ᠋ ᠴᠢᠨᠠᠷ ᠨᠢ ᠰᠠᠢᠨ᠂ ᠦᠷᠡᠵᠢᠯᠲᠡ ᠶ᠋ᠢᠨ ᠨᠣᠷᠮ᠎ᠠ ᠨᠢ ᠥᠨᠳᠥᠷ ᠵᠣᠬᠢᠴᠠᠬᠤ ᠴᠢᠨᠠᠷ ᠢ᠋ᠶ᠋ᠠᠷ ᠰᠠᠢᠨ᠂ ᠪᠦᠳᠦᠭᠦᠯᠢᠭ ᠮᠠᠯᠵᠢᠯᠭ᠎ᠠ ᠳ᠋ᠤ᠌ ᠳᠠᠭᠠᠭᠠᠴᠠ ᠲᠠᠢ ᠂ ᠬᠦᠢᠲᠡᠨ ᠳ᠋ᠦ᠍ ᠲᠡᠰᠪᠦᠷᠢᠲᠡᠢ ᠂ ᠤᠳᠤᠮᠰᠢᠬᠤ ᠴᠢᠨᠠᠷ ᠨᠢ ᠲᠣᠭᠲᠠᠭᠤᠨ ᠵᠡᠷᠭᠡ ᠳᠠᠪᠠᠭᠤᠯᠢᠭ ᠲᠠᠯ᠎ᠠ ᠲᠠᠢ ᠂ ᠲᠤᠰ ᠡᠭᠦᠯᠳᠡᠷ ᠦ᠋ᠨ ᠬᠣᠨᠢ ᠪᠣᠯ ᠵᠣᠣ ᠤᠳᠠ ᠶ᠋ᠢᠨ ᠰᠠᠯᠬᠢ ᠶᠡᠬᠡᠲᠡᠢ ᠭᠠᠩᠳᠠᠮᠠᠯ ᠬᠠᠭᠤᠷᠠᠢ ᠡᠯᠡᠰᠦᠷᠬᠡᠭ ᠣᠷᠴᠢᠨ ᠳ᠋ᠤ᠌ ᠰᠠᠢᠨ ᠵᠣᠬᠢᠴᠠᠬᠤ ᠪᠠᠷ ᠦᠯᠦ ᠪᠠᠷᠠᠮ ᠪᠠᠰᠠ ᠂ ᠬᠠᠷᠠᠮᠦ᠋ᠷᠡᠨ ᠂ᠬᠢᠷᠢᠨ᠂ ᠯᠢᠶᠣᠤᠨᠢᠩ ᠂ᠱᠠᠨ ᠰᠢ ᠂ᠾᠧᠪᠧᠢ ᠂ᠭᠤᠸᠠᠩᠰᠢ ᠂
ᠵᠢᠶᠠᠩᠰᠦ ᠂ᠠᠨᠾᠦ᠋ᠢ ᠂ᠰᠢᠨᠵᠢᠶᠠᠩ ᠵᠡᠷᠭᠡ ᠭᠠᠵᠠᠷ ᠣᠷᠣᠨ ᠳ᠋ᠤ᠌ ᠰᠠᠢᠲᠤᠷ ᠵᠣᠬᠢᠴᠠᠵᠤ ᠴᠢᠳᠠᠬᠤ ᠪᠥᠭᠡᠳ ᠤᠳᠤᠮᠰᠢᠬᠤ ᠴᠢᠨᠠᠷ ᠨᠢ ᠲᠣᠭᠲᠠᠭᠤᠨ ᠪᠠᠢᠳᠠᠭ ᠃
1982 ᠣᠨ ᠤ᠋ ᠪᠦᠷᠢᠳᠬᠡᠯ ᠢ᠋ ᠦᠨᠳᠦᠰᠦᠯᠡᠪᠡᠯ᠂ ᠠᠤᠬᠠᠨ ᠨᠠᠷᠢᠨ ᠨᠣᠣᠰᠣᠲᠤ ᠬᠣᠨᠢ ᠨᠢᠭᠡᠨᠲᠡ ᠭᠤᠴᠢᠨ ᠲᠦᠮᠡᠨ ᠲᠣᠯᠣᠭᠠᠢ ᠠ᠋ᠴᠠ ᠳᠠᠪᠠᠭᠰᠠᠨ ᠪᠥᠭᠡᠳ ᠣᠳᠣᠬᠠᠨ ᠳ᠋ᠤ᠌ ᠪᠡᠶ᠎ᠡ ᠪᠡᠷ ᠪᠦᠳᠦᠭᠦᠨ᠂ ᠤᠷᠲᠤ ᠨᠣᠣᠰᠣᠲᠤ ᠂ᠨᠢᠭ ᠨᠣᠣᠰᠣᠲᠤ ᠵᠡᠷᠭᠡ ᠲᠤᠰ ᠲᠤᠰ ᠤ᠋ᠨ ᠰᠢᠨᠵᠢ ᠣᠨᠴᠠᠯᠢᠭ ᠲᠠᠢ ᠬᠣᠨᠢᠳ ᠢ᠋ ᠬᠠᠷᠠᠯᠲᠠ ᠪᠣᠯᠭᠠᠨ ᠰᠢᠯᠢᠨ ᠪᠣᠢᠵᠢᠭᠤᠯᠵᠤ ᠂ ᠶᠠᠰᠤ ᠴᠢᠨᠠᠷ ᠢ᠋ ᠨᠢ ᠲᠠᠰᠤᠷᠠᠯᠲᠠ ᠦᠭᠡᠢ ᠪᠡᠷ ᠳᠡᠭᠡᠭᠰᠢᠯᠡᠭᠦᠯᠦᠨ᠂ ᠡᠭᠦᠯᠳᠡᠷ ᠦ᠋ᠨ ᠰᠠᠯᠪᠤᠷᠢ ᠶ᠋ᠢ ᠪᠣᠢᠵᠢᠭᠤᠯᠤᠨ ᠭᠠᠷᠭᠠᠬᠤ ᠳ᠋ᠤ᠌ ᠰᠠᠭᠤᠷᠢ ᠨᠥᠬᠥᠴᠡᠯ ᠪᠦᠷᠢᠯᠳᠦᠭᠦᠯᠵᠦ ᠪᠠᠢᠨ᠎ᠠ᠃
5.ᠣᠷᠳᠣᠰ ᠤ᠋ᠨ ᠨᠠᠷᠢᠨ ᠨᠣᠣᠰᠣᠲᠤ ᠬᠣᠨᠢ ᠄ᠣᠷᠳᠣᠰ ᠤ᠋ᠨ ᠨᠠᠷᠢᠨ ᠨᠣᠣᠰᠣᠲᠤ ᠬᠣᠨᠢ ᠪᠣᠯ ᠦᠦᠰᠢᠨ ᠬᠤᠰᠢᠭᠤᠨ ᠤ᠋ ᠭᠠᠯᠠᠭᠤᠲᠤ᠂ ᠱᠠᠷᠯᠢᠭ ᠂ ᠲᠣᠯᠢ ᠨᠢᠭᠡᠳᠦᠯ ᠢ᠋ᠶ᠋ᠡᠷ ᠭᠣᠣᠯ ᠪᠣᠯᠭᠠᠭᠰᠠᠨ ᠣᠲᠣᠭ᠂ ᠬᠠᠩᠭᠢᠨ᠂ ᠡᠵᠡᠨ ᠬᠣᠷᠣᠭ᠎ᠠ ᠵᠡᠷᠭᠡ ᠬᠤᠰᠢᠭᠤᠨ ᠤ᠋ ᠭᠤᠴᠢ ᠶᠢᠰᠦᠨ ᠠᠷᠠᠳ ᠤ᠋ᠨ ᠨᠢᠭᠡᠳᠦᠯ ᠦ᠋ᠨ ᠬᠡᠪᠴᠢᠶᠡᠨ᠎ᠡ ᠪᠣᠢᠵᠢᠭᠤᠯᠤᠭᠰᠠᠨ ᠨᠣᠣᠰᠣ ᠮᠢᠬᠠᠨ ᠤ᠋ ᠬᠡᠷᠡᠭᠴᠡᠭᠡᠲᠦ ᠨᠠᠷᠢᠨ ᠨᠣᠣᠰᠣᠲᠤ ᠡᠭᠦᠯᠳᠡᠷ ᠦ᠋ᠨ ᠬᠣᠨᠢ ᠪᠣᠯᠤᠨ᠎ᠠ᠃ ᠲᠤᠰ ᠡᠭᠦᠯᠳᠡᠷ ᠢ᠋ ᠪᠣᠢᠵᠢᠭᠤᠯᠬᠤ ᠠᠵᠢᠯ ᠢ᠋ 1952 ᠣᠨ ᠠ᠋ᠴᠠ ᠡᠬᠢᠯᠡᠵᠦ᠂ 1955 — 1958 ᠣᠨ ᠠ᠋ᠴᠠ ᠬᠣᠢᠰᠢ ᠨᠡᠯᠢᠶᠡᠳ ᠥᠷᠭᠡᠨ ᠬᠡᠪᠴᠢᠶᠡᠨ ᠳ᠋ᠦ᠍ ᠬᠢᠵᠡᠢ᠃ ᠡᠭᠦᠨ ᠳ᠋ᠦ᠍ ᠲᠤᠰ ᠣᠷᠣᠨ ᠤ᠋ ᠮᠣᠩᠭᠣᠯ ᠬᠣᠨᠢ ᠪᠠᠷ ᠡᠬᠡ ᠤᠳᠤᠮ ᠪᠣᠯᠭᠠᠵᠤ᠂ ᠰᠢᠨᠵᠢᠶᠠᠩ ᠤ᠋ᠨ ᠨᠠᠷᠢᠨ ᠨᠣᠣᠰᠣᠲᠤ ᠬᠤᠴᠠ ᠪᠠᠷ ᠡᠴᠢᠭᠡ ᠤᠳᠤᠮ ᠪᠣᠯᠭᠠᠵᠤ ᠡᠷᠯᠢᠰᠡᠵᠢᠭᠦᠯᠦᠭᠰᠡᠨ ᠦ᠌ ᠵᠡᠷᠭᠡᠴᠡᠭᠡ ᠪᠡᠷ ᠂ ᠵᠠᠷᠢᠮ ᠭᠠᠵᠠᠷ ᠤ᠋ᠳ ᠲᠤ᠌ ᠵᠥᠪᠯᠡᠯᠲᠦ ᠶ᠋ᠢᠨ ᠮᠧᠷᠢᠨᠣᠰ ᠂ ᠺᠡᠥ᠋ᠺᠡᠰ᠂ ᠼᠢᠭᠠᠢ᠂ ᠰᠲ᠋ᠡᠪᠷᠦᠹᠦᠯᠢ᠂ ᠠᠤᠬᠠᠨ ᠵᠡᠷᠭᠡ ᠡᠭᠦᠯᠳᠡᠷ ᠦ᠋ᠨ ᠬᠤᠴᠠ ᠶ᠋ᠢ ᠪᠠᠰᠠ ᠠᠳᠠᠯᠢ ᠪᠤᠰᠤ ᠬᠡᠪᠴᠢᠶ᠎ᠡ ᠪᠡᠷ ᠬᠡᠷᠡᠭᠯᠡᠭᠰᠡᠨ ᠪᠢᠯᠡ᠃ ᠡᠭᠦᠨ ᠡᠴᠡ ᠭᠠᠳᠠᠨ᠎ᠠ ᠪᠠᠰᠠ ᠡᠭᠦᠯᠳᠡᠷ ᠪᠣᠢᠵᠢᠭᠤᠯᠤᠭᠠ ᠶ᠋ᠢᠨ ᠶᠠᠪᠤᠴᠠ ᠳ᠋ᠠᠭᠠᠨ ᠨᠣᠣᠰᠣᠨ ᠤ᠋ ᠶᠠᠰᠤ ᠴᠢᠨᠠᠷ ᠢ᠋ ᠨᠢ ᠤᠯᠠᠮ ᠴᠢᠨᠠᠭᠰᠢᠳᠠ ᠰᠠᠢᠵᠢᠷᠠᠭᠤᠯᠬᠤ ᠶ᠋ᠢᠨ ᠲᠤᠰᠠᠳᠠ ᠂ ᠫᠣᠯᠸᠠᠷᠲ᠋ ᠬᠣᠨᠢᠨ ᠤ᠋ ᠤᠳᠤᠮ ᠢ᠋ 1/8 — 1/4 ᠪᠡᠷ ᠰᠢᠩᠭᠡᠨ ᠠᠰᠢᠭᠯᠠᠭᠠᠳ ᠮᠠᠰᠢ ᠰᠠᠢᠨ ᠠᠮᠢᠵᠢᠯᠲᠠ ᠪᠦᠲᠦᠭᠡᠯ ᠣᠯᠤᠭᠰᠠᠨ ᠪᠠᠢᠨ᠎ᠠ᠃
1970 ᠣᠨ ᠳ᠋ᠤ᠌ ᠴᠥᠭᠡᠨ ᠬᠡᠳᠦᠨ ᠡᠭᠦᠯᠳᠡᠷ ᠪᠣᠢᠵᠢᠭᠤᠯᠤᠭᠠ ᠶ᠋ᠢᠨ ᠭᠣᠣᠯᠳᠠᠯᠭ᠎ᠠ ᠲᠠᠢ ᠰᠦᠷᠦᠭ ᠲᠦ᠍ ᠲᠣᠭᠲᠠᠪᠤᠷᠢᠵᠢᠭᠤᠯᠬᠤ ᠦᠷᠡᠵᠢᠯᠭᠡ ᠶ᠋ᠢ ᠲᠤᠷᠰᠢᠨ ᠬᠢᠵᠦ ᠂ ᠳᠠᠷᠠᠭ᠎ᠠ ᠪᠠᠷ ᠨᠢ ᠲᠣᠭᠲᠠᠪᠤᠷᠢᠵᠢᠭᠤᠯᠬᠤ ᠦᠷᠡᠵᠢᠭᠦᠯᠭᠡ ᠶ᠋ᠢᠨ ᠬᠡᠪᠴᠢᠶ᠎ᠡ ᠪᠡᠨ ᠥᠷᠭᠡᠳᠬᠡᠵᠦ᠂ 1976 ᠣᠨ ᠠ᠋ᠴᠠ ᠡᠬᠢᠯᠡᠵᠦ ᠪᠦᠬᠦ ᠡᠭᠦᠯᠳᠡᠷ ᠪᠣᠢᠵᠢᠭᠤᠯᠤᠭᠠ ᠶ᠋ᠢᠨ ᠭᠣᠣᠯᠳᠠᠯᠭ᠎ᠠ ᠲᠠᠢ ᠰᠦᠷᠦᠭ ᠲᠦ᠍ ᠨᠡᠢᠳᠡᠮ ᠳ᠋ᠦ᠍ᠨᠢ ᠲᠣᠭᠲᠠᠪᠤᠷᠢᠵᠢᠭᠤᠯᠬᠤ ᠦᠷᠡᠵᠢᠭᠦᠯᠭᠡ ᠶ᠋ᠢ ᠬᠢᠪᠡ᠃ ᠡᠭᠦᠨ ᠦ᠌ ᠳᠠᠭᠠᠤ᠂ ᠦᠷᠡᠵᠢᠯ ᠦ᠋ᠨ ᠮᠠᠯ ᠢ᠋ ᠰᠢᠯᠢᠬᠦ᠂ ᠲᠣᠬᠢᠷᠠᠭᠤᠯᠤᠨ ᠬᠡᠭᠡᠯᠲᠦᠭᠦᠯᠬᠦ᠂ ᠠᠷᠠᠴᠢᠯᠠᠭ᠎ᠠ ᠮᠠᠯᠵᠢᠯᠭ᠎ᠠ ᠶ᠋ᠢ ᠨᠢ ᠰᠠᠢᠵᠢᠷᠠᠭᠤᠯᠬᠤ ᠵᠡᠷᠭᠡ ᠠᠵᠢᠯ ᠤ᠋ᠳ ᠢ᠋ ᠡᠷᠴᠢᠮᠲᠡᠢ ᠰᠠᠢᠨ ᠠᠳᠬᠤᠭᠰᠠᠨ ᠢ᠋ᠶ᠋ᠠᠷ᠂ ᠡᠭᠦᠯᠳᠡᠷ ᠦ᠋ᠨ ᠶᠠᠰᠤ ᠴᠢᠨᠠᠷ ᠨᠢ ᠳᠡᠭᠡᠭᠰᠢᠯᠡᠵᠦ᠂ ᠰᠢᠨᠵᠢ ᠣᠨᠴᠠᠯᠢᠭ ᠨᠢ ᠨᠡᠯᠢᠶᠡᠳ ᠲᠥᠯᠥᠪᠰᠢᠷᠡᠵᠦ᠂ ᠤᠳᠤᠮᠰᠢᠬᠤ ᠴᠢᠨᠠᠷ ᠨᠢ ᠲᠣᠭᠲᠠᠭᠤᠨ ᠪᠣᠯᠵᠠᠢ᠃ 1985 ᠣᠨ ᠤ᠋ ᠬᠠᠪᠤᠷ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠠ᠋ᠴᠠ ᠰᠢᠯᠭᠠᠨ ᠪᠠᠢᠴᠠᠭᠠᠯᠲᠠ ᠬᠢᠵᠦ ᠡᠭᠦᠯᠳᠡᠷ ᠦ᠋ᠨ ᠬᠢᠷᠢ ᠬᠡᠮᠵᠢᠶᠡᠨ ᠳ᠋ᠦ᠍ ᠨᠡᠢᠴᠡᠭᠰᠡᠨ ᠲᠤᠯᠠ ᠣᠷᠳᠣᠰ ᠤ᠋ᠨ ᠨᠣᠣᠰᠣ ᠮᠢᠬᠠᠨ ᠤ᠋ ᠬᠡᠷᠡᠭᠴᠡᠭᠡᠲᠦ ᠨᠠᠷᠢᠨ ᠨᠣᠣᠰᠣᠲᠤ ᠬᠣᠨᠢ ᠭᠡᠵᠦ ᠵᠢᠩᠬᠢᠨᠢ ᠪᠡᠷ ᠨᠡᠷᠡᠢᠳᠪᠡ ᠃
ᠣᠷᠳᠣᠰ ᠤ᠋ᠨ ᠨᠠᠷᠢᠨ ᠨᠣᠣᠰᠣᠲᠤ ᠬᠣᠨᠢ ᠪᠣᠯ ᠪᠡᠶ᠎ᠡ ᠴᠣᠭᠴᠠ ᠪᠠᠷ ᠴᠢᠭᠢᠷᠠᠭ ᠂ᠥᠷᠭᠡᠨ ᠭᠦᠨ ᠴᠡᠭᠡᠵᠢ ᠲᠡᠢ ᠂ ᠨᠢᠷᠤᠭᠤ ᠨᠢ ᠲᠡᠭᠰᠢ᠃ ᠣᠯᠠᠩᠬᠢ ᠬᠤᠴᠠ ᠨᠢ ᠡᠪᠡᠷ ᠲᠡᠢ ᠂ᠬᠦᠵᠦᠭᠦᠨ ᠳ᠋ᠡᠭᠡᠨ 1 — 2 ᠪᠦᠷᠢᠨ ᠪᠤᠶᠤ ᠪᠦᠷᠢᠨ ᠪᠤᠰᠤ ᠬᠥᠨᠳᠡᠯᠡᠨ ᠨᠤᠭᠤᠯᠤᠭᠠᠰᠤ ᠲᠠᠢ᠃ ᠡᠮ᠎ᠡ ᠬᠣᠨᠢ ᠨᠢ ᠡᠪᠡᠷ ᠦᠭᠡᠢ᠂ ᠬᠦᠵᠦᠭᠦᠨ ᠳ᠋ᠡᠭᠡᠨ ᠭᠤᠯᠳᠤ ᠨᠤᠭᠤᠯᠤᠭᠠᠰᠤ ᠲᠠᠢ᠃ᠨᠣᠣᠰᠣᠨ ᠤ᠋ ᠤᠷᠭᠤᠯᠲᠠ ᠨᠢ ᠲᠣᠯᠣᠭᠠᠢ ᠶ᠋ᠢᠨ ᠬᠢᠨᠢ ᠮᠠᠩᠨᠠᠢ ᠪᠠᠨ ᠪᠦᠷᠬᠦᠭᠰᠡᠨ ᠂ ᠳᠥᠷᠪᠡᠨ ᠮᠥᠴᠢᠨ ᠦ᠌ ᠬᠢᠨᠢ ᠡᠪᠦᠳᠦᠭ᠂ ᠪᠣᠷᠪᠢ ᠳ᠋ᠠᠭᠠᠨ ᠲᠤᠯᠤᠭᠰᠠᠨ ᠂ ᠪᠡᠶ᠎ᠡ ᠨᠣᠣᠰᠣ ᠨᠢ ᠤᠷᠭᠤᠯᠲᠠ ᠪᠠᠷ ᠨᠢᠭ ᠪᠥᠭᠡᠳ ᠨᠡᠯᠢᠶᠡᠳ ᠤᠷᠲᠤ᠃
ᠲᠤᠰ ᠡᠭᠦᠯᠳᠡᠷ ᠦ᠋ᠨ ᠬᠣᠨᠢᠨ ᠤ᠋ ᠠᠮᠢᠳᠤ ᠶ᠋ᠢᠨ ᠵᠢᠩ ᠨᠢ ᠳᠤᠮᠳᠠᠴᠢ ᠪᠠᠷ ᠬᠤᠴᠠ 64.7 ᠺᠢᠯᠣᠭ᠌ᠷᠠᠮ᠂ ᠡᠮ᠎ᠡ ᠬᠣᠨᠢ 38.6 ᠺᠢᠯᠣᠭ᠌ᠷᠠᠮ᠃ ᠨᠣᠣᠰᠣᠨ ᠭᠠᠷᠤᠯᠲᠠ ᠨᠢ ᠳᠤᠮᠳᠠᠴᠢ ᠪᠠᠷ ᠬᠤᠴᠠ 11.4 ᠺᠢᠯᠣᠭ᠌ᠷᠠᠮ᠂ ᠡᠮ᠎ᠡ ᠬᠣᠨᠢ 5.6 ᠺᠢᠯᠣᠭ᠌ᠷᠠᠮ᠃ ᠨᠣᠣᠰᠣᠨ ᠤ᠋ ᠤᠷᠲᠤ ᠨᠢ ᠬᠤᠴᠠ 9.4 ᠰᠡᠨᠲ᠋ᠢᠮᠧᠲ᠋ᠷ᠂ ᠡᠮ᠎ᠡ ᠬᠣᠨᠢ 7.9 ᠰᠡᠨᠲ᠋ᠢᠮᠧᠲ᠋ᠷ᠂ ᠨᠣᠣᠰᠣᠨ ᠤ᠋ ᠨᠠᠷᠢᠨ ᠨᠢ 60 — 64 ᠰᠢᠷᠬᠡᠭ᠃ ᠴᠡᠪᠡᠷ ᠨᠣᠣᠰᠣᠨ ᠤ᠋ ᠨᠣᠷᠮ᠎ᠠ 36% ᠠ᠋ᠴᠠ ᠳᠡᠭᠡᠭᠰᠢ᠃ ᠦᠷᠡᠵᠢᠯᠲᠡ ᠨᠢ 105% ᠠ᠋ᠴᠠ ᠳᠡᠭᠡᠭᠰᠢ ᠪᠣᠯᠤᠨ᠎ᠠ᠃
ᠡᠨᠡᠬᠦ ᠡᠭᠦᠯᠳᠡᠷ ᠦ᠋ᠨ ᠬᠣᠨᠢᠨ ᠤ᠋ ᠣᠨᠴᠠᠯᠢᠭ ᠭᠡᠪᠡᠯ᠂ ᠡᠯᠡᠰᠦᠷᠬᠡᠭ ᠣᠷᠣᠨ ᠤ᠋ ᠭᠠᠩᠳᠠᠮᠠᠯ ᠬᠠᠭᠤᠷᠠᠢ ᠲᠠᠴᠢᠷ ᠪᠡᠯᠴᠢᠭᠡᠷ ᠲᠦ᠍ ᠮᠠᠰᠢ ᠰᠠᠢᠨ ᠵᠣᠬᠢᠴᠠᠵᠤ ᠴᠢᠳᠠᠬᠤ ᠣᠨᠴᠠᠯᠢᠭ ᠲᠠᠢ ᠪᠥᠭᠡᠳ ᠪᠦᠳᠦᠭᠦᠯᠢᠭ ᠠᠷᠠᠴᠢᠯᠠᠯᠭ᠎ᠠ ᠮᠠᠯᠵᠢᠯᠭ᠎ᠠ ᠶ᠋ᠢᠨ ᠨᠥᠬᠥᠴᠡᠯ ᠳ᠋ᠦ᠍ ᠳᠠᠭᠠᠭᠠᠴᠠ ᠰᠠᠢᠲᠠᠢ ᠂ ᠲᠠᠷᠭᠤ ᠠᠪᠬᠤ ᠴᠢᠳᠠᠪᠤᠷᠢ ᠪᠠᠷ ᠰᠠᠢᠨ ᠪᠠᠢᠳᠠᠭ ᠃ ᠠᠩᠬᠠᠷᠤᠭᠤᠰᠢᠲᠠᠢ ᠵᠦᠢᠯ ᠭᠡᠪᠡᠯ᠂ ᠲᠤᠰ ᠡᠭᠦᠯᠳᠡᠷ ᠲᠦ᠍ ᠨᠢᠭᠡ ᠪᠦᠯᠦᠭ ᠲᠥᠷᠥᠯᠬᠢ ᠪᠣᠭᠣᠨᠢ ᠰᠡᠭᠦᠯᠲᠦ ᠬᠣᠨᠢ ᠭᠠᠷᠴᠤ ᠪᠠᠢᠬᠤ ᠪᠥᠭᠡᠳ ᠡᠨᠡᠬᠦ ᠰᠢᠨᠵᠢ ᠲᠡᠮᠳᠡᠭ ᠨᠢ ᠪᠠᠰᠠ ᠨᠢᠭᠡ ᠬᠡᠮᠵᠢᠶᠡᠨ᠎ᠡ᠂ ᠤᠳᠤᠮᠰᠢᠵᠤ ᠪᠠᠢᠭ᠎ᠠ ᠲᠤᠯᠠ ᠬᠣᠢᠰᠢᠳᠠ ᠤᠯᠠᠮ ᠰᠠᠢᠲᠤᠷ ᠰᠢᠯᠢᠵᠦ ᠪᠣᠢᠵᠢᠭᠤᠯᠬᠤ ᠶ᠋ᠢᠨ ᠬᠠᠮᠲᠤ ᠰᠤᠳᠤᠯᠤᠨ ᠰᠢᠨᠵᠢᠯᠡᠭᠦᠰᠢᠲᠡᠢ ᠪᠠᠢᠨ᠎ᠠ ᠃
ᠬᠣᠶᠠᠷ᠂ ᠨᠠᠷᠢᠪᠲᠤᠷ ᠨᠣᠣᠰᠣᠲᠤ ᠡᠭᠦᠯᠳᠡᠷ
ᠥᠪᠥᠷ ᠮᠣᠩᠭᠣᠯ ᠤ᠋ᠨ ᠨᠣᠣᠰᠣ ᠮᠢᠬᠠᠨ ᠤ᠋ ᠬᠡᠷᠡᠭᠴᠡᠭᠡᠲᠦ ᠨᠠᠷᠢᠪᠲᠤᠷ ᠨᠣᠣᠰᠣᠲᠤ ᠬᠣᠨᠢ ᠄ ᠥᠪᠥᠷ ᠮᠣᠩᠭᠣᠯ ᠤ᠋ᠨ ᠨᠠᠷᠢᠪᠲᠤᠷ ᠨᠣᠣᠰᠣᠲᠤ ᠬᠣᠨᠢᠨ ᠤ᠋ ᠡᠭᠦᠯᠳᠡᠷ ᠪᠣᠢᠵᠢᠭᠤᠯᠬᠤ ᠠᠵᠢᠯ ᠢ᠋ 1953 ᠣᠨ ᠠ᠋ᠴᠠ ᠡᠬᠢᠯᠡᠵᠦ᠂ ᠮᠤᠨᠢ ᠠᠭᠤᠯᠠᠨ ᠨᠢᠷᠤᠭᠤᠨ ᠤ᠋ ᠠᠷᠤ ᠨᠤᠲᠤᠭ ᠢ᠋ᠶ᠋ᠠᠷ ᠳᠠᠷᠤᠢ᠂ ᠳᠠᠷᠬᠠᠨ ᠮᠤᠤᠮᠢᠩᠭᠠᠨ᠂ ᠳᠥᠷᠪᠡᠳ᠂ ᠴᠠᠬᠠᠷ ᠪᠠᠷᠠᠭᠤᠨ ᠭᠠᠷᠤᠨ ᠬᠣᠢᠲᠤ ᠬᠣᠰᠢᠭᠤ᠂
ᠴᠠᠬᠠᠷ ᠪᠠᠷᠠᠭᠤᠨ ᠭᠠᠷᠤᠨ ᠳᠤᠮᠳᠠᠳᠤ ᠬᠣᠰᠢᠭᠤ ᠂ᠬᠤᠸᠠᠳᠧ ᠰᠢᠶᠠᠨ᠂ ᠦᠴᠦᠸᠠᠨ ᠰᠢᠶᠠᠨ᠂ ᠱᠠᠩᠳᠤ ᠰᠢᠶᠠᠨ᠂ ᠭᠦᠶᠡᠩ ᠰᠢᠶᠠᠨ᠂ ᠰᠥᠨᠢᠳ ᠪᠠᠷᠠᠭᠤᠨ ᠬᠣᠰᠢᠭᠤ᠂ ᠤᠷᠠᠳ ᠤ᠋ᠨ ᠳᠤᠮᠳᠠᠳᠤ ᠬᠣᠢᠲᠤ ᠬᠣᠯᠪᠣᠭᠠᠲᠤ ᠬᠣᠰᠢᠭᠤ᠂ ᠴᠣᠭ ᠬᠣᠰᠢᠭᠤ ᠵᠡᠷᠭᠡ ᠬᠣᠰᠢᠭᠤ ᠰᠢᠶᠠᠨ᠂ 《ᠬᠣᠩᠭᠣᠷᠲᠠᠯᠠ ᠦᠷᠡᠵᠢᠯ ᠦ᠋ᠨ ᠬᠣᠨᠢᠨ ᠲᠠᠯᠠᠪᠠᠢ》᠂ 《ᠲᠦᠩᠬᠡᠲᠦ ᠦᠷᠡᠵᠢᠯ ᠦ᠋ᠨ ᠬᠣᠨᠢᠨ ᠲᠠᠯᠠᠪᠠᠢ》 ᠪᠠᠷ ᠭᠣᠣᠯᠯᠠᠭᠴᠢ ᠬᠦᠴᠦ ᠪᠡᠨ ᠪᠣᠯᠭᠠᠵᠤ᠂ ᠮᠣᠩᠭᠣᠯ ᠡᠮ᠎ᠡ ᠬᠣᠨᠢ ᠶ᠋ᠢ ᠵᠥᠪᠯᠡᠯᠲᠦ ᠶ᠋ᠢᠨ ᠮᠧᠷᠢᠨᠣᠰ᠂ ᠼᠢᠭᠠᠢ ᠵᠡᠷᠭᠡ ᠬᠤᠴᠠ ᠪᠠᠷ ᠡᠷᠯᠢᠰᠡᠵᠢᠭᠦᠯᠵᠦ᠂ 1956 ᠣᠨ ᠠ᠋ᠴᠠ ᠨᠢᠭᠡ ᠪᠦᠯᠦᠭ ᠭᠠᠵᠠᠷ ᠲᠤ᠌ ᠰᠢᠨᠵᠢᠶᠠᠩ ᠤ᠋ᠨ ᠨᠠᠷᠢᠨ ᠨᠣᠣᠰᠣᠲᠤ ᠬᠤᠴᠠ ᠶ᠋ᠢ ᠪᠠᠰᠠ ᠪᠠᠭ᠎ᠠ ᠬᠡᠮᠵᠢᠶᠡᠨ ᠦ᠌ ᠡᠷᠯᠢᠰᠡᠵᠢᠭᠦᠯᠭᠡ ᠳ᠋ᠦ᠍ ᠬᠡᠷᠡᠭᠯᠡᠵᠦ ᠥᠩᠭᠡᠷᠡᠪᠡ᠃
ᠰᠡᠭᠦᠯᠴᠢ ᠶ᠋ᠢᠨ ᠵᠢᠯ ᠦ᠋ᠳ ᠲᠦ᠍ ᠡᠷᠯᠢᠰᠡᠵᠢᠭᠦᠯᠭᠡ ᠶ᠋ᠢᠨ ᠶᠠᠪᠤᠴᠠ ᠳ᠋ᠠᠭᠠᠨ ᠪᠦᠬᠦ ᠪᠡᠶ᠎ᠡ ᠶ᠋ᠢᠨ ᠨᠣᠣᠰᠣ ᠨᠢ ᠦᠨᠳᠦᠰᠦᠨ ᠳ᠋ᠡᠭᠡᠨ ᠨᠠᠷᠢᠨ ᠪᠤᠶᠤ ᠨᠠᠷᠢᠪᠲᠤᠷ ᠨᠣᠣᠰᠣ ᠲᠠᠢ ᠪᠣᠯᠤᠭᠰᠠᠨ ᠡᠷᠯᠢᠰᠡ ᠡᠮ᠎ᠡ ᠬᠣᠨᠢ ᠶ᠋ᠢ ᠰᠢᠯᠢᠵᠦ ᠂ ᠷᠤᠮᠨᠢ — ᠮᠠᠷᠱ᠂ ᠺᠣᠷᠸᠸᠳᠡᠯ ᠵᠡᠷᠭᠡ ᠡᠭᠦᠯᠳᠡᠷ ᠦ᠋ᠨ ᠬᠤᠴᠠ ᠪᠠᠷ ᠦᠷᠭᠦᠯᠵᠢᠯᠡᠨ ᠡᠷᠯᠢᠰᠡᠵᠢᠭᠦᠯᠵᠦ ᠡᠭᠦᠯᠳᠡᠷ ᠪᠣᠢᠵᠢᠭᠤᠯᠤᠭᠠ ᠶ᠋ᠢᠨ ᠱᠠᠭᠠᠷᠳᠠᠯᠭ᠎ᠠ ᠳ᠋ᠤ᠌ ᠨᠡᠢᠴᠡᠭᠰᠡᠨ ᠡᠷᠯᠢᠰᠡ ᠬᠤᠴᠠ ᠪᠠ ᠡᠮ᠎ᠡ ᠬᠣᠨᠢ ᠶ᠋ᠢ ᠰᠢᠯᠢᠨ ᠭᠠᠷᠭᠠᠵᠤ ᠲᠣᠭᠲᠠᠪᠤᠷᠢᠵᠢᠭᠤᠯᠬᠤ ᠦᠷᠡᠵᠢᠯᠭᠡ ᠬᠢᠪᠡ᠂ ᠳᠠᠷᠠᠭ᠎ᠠ ᠨᠢ ᠠᠯᠭᠤᠷ ᠢ᠋ᠶ᠋ᠠᠷ ᠲᠣᠭᠲᠠᠪᠤᠷᠢᠵᠢᠭᠤᠯᠬᠤ ᠦᠷᠡᠵᠢᠯᠭᠡ ᠬᠢᠬᠦ ᠬᠡᠪᠴᠢᠶ᠎ᠡ ᠪᠡᠨ ᠥᠷᠭᠡᠳᠬᠡᠵᠦ ᠂ᠦᠷᠡᠵᠢᠯ ᠦ᠋ᠨ ᠬᠣᠨᠢ ᠶ᠋ᠢ ᠰᠢᠯᠢᠬᠦ ᠪᠠ ᠲᠣᠬᠢᠷᠠᠭᠤᠯᠤᠨ ᠬᠡᠭᠡᠯᠲᠦᠭᠦᠯᠬᠦ ᠵᠡᠷᠭᠡ ᠠᠵᠢᠯ ᠤ᠋ᠳ ᠢ᠋ ᠰᠠᠢᠲᠤᠷ ᠠᠳᠬᠤᠨ ᠬᠢᠵᠦ᠂ ᠠᠷᠠᠴᠢᠯᠠᠭ᠎ᠠ ᠮᠠᠯᠵᠢᠯᠭ᠎ᠠ ᠶ᠋ᠢᠨ ᠨᠥᠬᠥᠴᠡᠯ ᠢ᠋ ᠰᠠᠢᠵᠢᠷᠠᠭᠤᠯᠤᠭᠰᠠᠨ ᠢ᠋ᠶ᠋ᠠᠷ᠂ ᠡᠭᠦᠯᠳᠡᠷ ᠪᠣᠢᠵᠢᠭᠤᠯᠤᠭᠠ ᠶ᠋ᠢᠨ ᠪᠠᠷᠢᠮᠵᠢᠶᠠᠨ ᠳ᠋ᠤ᠌ ᠬᠦᠷᠦᠭᠰᠡᠨ ᠬᠣᠨᠢ᠂ ᠣᠢᠷ᠎ᠠ ᠶ᠋ᠢᠨ ᠵᠢᠯ ᠦ᠋ᠳ ᠲᠦ᠍ ᠤᠯᠠᠮ ᠢ᠋ᠶ᠋ᠠᠷ ᠣᠯᠠᠰᠢᠷᠠᠵᠤ᠂ ᠶᠠᠰᠤ ᠴᠢᠨᠠᠷ ᠨᠢ ᠮᠡᠳᠡᠭᠳᠡᠬᠦᠢᠴᠡ ᠰᠠᠢᠵᠢᠷᠠᠵᠤ᠂ ᠡᠭᠦᠯᠳᠡᠷ ᠦ᠋ᠨ ᠰᠢᠨᠵᠢ ᠣᠨᠴᠠᠯᠢᠭ ᠨᠢ ᠲᠥᠯᠥᠪᠵᠢᠵᠦ᠂ ᠤᠳᠤᠮᠰᠢᠬᠤ ᠴᠢᠨᠠᠷ ᠨᠢ ᠲᠣᠭᠲᠠᠪᠤᠷᠢ ᠲᠠᠢ ᠪᠣᠯᠵᠤ ᠂ᠤᠳᠠᠯ ᠦᠭᠡᠢ ᠰᠢᠨ᠎ᠡ ᠨᠢᠭᠡᠨ ᠡᠭᠦᠯᠳᠡᠷ ᠢ᠋ ᠪᠣᠢᠵᠢᠭᠤᠯᠤᠨ ᠭᠠᠷᠭᠠᠬᠤ ᠪᠠᠷ ᠪᠠᠢᠨ᠎ᠠ ᠃
ᠥᠪᠥᠷ ᠮᠣᠩᠭᠣᠯ ᠤ᠋ᠨ ᠨᠠᠷᠢᠪᠲᠤᠷ ᠨᠣᠣᠰᠣᠲᠤ ᠬᠣᠨᠢ ᠪᠣᠯ ᠪᠡᠶ᠎ᠡ ᠴᠣᠭᠴᠠ ᠪᠠᠷ ᠴᠢᠭᠢᠷᠠᠭ ᠂ᠴᠣᠪᠣᠭᠣᠯᠢᠭ᠂ ᠴᠡᠭᠡᠵᠢ ᠨᠢ ᠥᠷᠭᠡᠨ ᠭᠦᠨ᠂ ᠨᠢᠷᠤᠭᠤ ᠨᠢ ᠲᠡᠭᠰᠢ ᠂ᠲᠠᠰᠢᠶ᠎ᠠ ᠨᠢ ᠥᠷᠭᠡᠨ᠂ ᠶᠡᠬᠡ ᠪᠡᠶ᠎ᠡ ᠨᠢ ᠬᠥᠨᠥᠭ ᠦ᠋ᠨ ᠬᠡᠯᠪᠡᠷᠢ ᠲᠡᠢ᠂ᠶᠡᠬᠡ ᠪᠡᠶ᠎ᠡ ᠶ᠋ᠢᠨ ᠠᠷᠠᠰᠤᠨ ᠳ᠋ᠠᠭᠠᠨ ᠨᠤᠭᠤᠯᠤᠭᠠᠰᠤ ᠦᠭᠡᠢ ᠂ ᠲᠤᠰ ᠡᠭᠦᠯᠳᠡᠷ ᠦ᠋ᠨ ᠬᠣᠨᠢ ᠶ᠋ᠢ ᠲᠡᠭᠦᠨ ᠦ᠌ ᠨᠣᠣᠰᠣᠨ ᠤ᠋ ᠨᠠᠷᠢᠨ ᠢ᠋ᠶ᠋ᠠᠷ ᠨᠢ 48 — 50 ᠰᠢᠷᠬᠡᠭ ᠦ᠋ᠨ᠂ 56 — 58 ᠰᠢᠷᠬᠡᠭ ᠦ᠋ᠨ ᠭᠡᠵᠦ ᠬᠣᠶᠠᠷ ᠲᠥᠷᠥᠯ ᠳ᠋ᠦ᠍ ᠬᠤᠪᠢᠶᠠᠵᠤ ᠪᠣᠯᠤᠨ᠎ᠠ᠃ ᠱᠠᠭᠠᠷᠳᠠᠯᠭ᠎ᠠ ᠳ᠋ᠤ᠌ ᠨᠡᠢᠴᠡᠬᠦ ᠬᠠᠮᠤᠭ ᠤ᠋ᠨ ᠳᠣᠣᠷ᠎ᠠ ᠪᠠᠷᠢᠮᠵᠢᠶ᠎ᠠ ᠶ᠋ᠢ ᠳᠣᠣᠷᠠᠬᠢ ᠬᠦᠰᠦᠨᠦᠭᠲᠦ ᠳ᠋ᠦ᠍ ᠦᠵᠡᠭᠦᠯᠦᠭᠰᠡᠨ ᠮᠡᠲᠦ᠃ ᠴᠡᠪᠡᠷ ᠨᠣᠣᠰᠣᠨ ᠤ᠋ ᠭᠠᠷᠤᠯᠲᠠ ᠶ᠋ᠢ 40 — 50% ᠪᠠᠷ ᠂ ᠨᠢᠲᠤᠯᠭᠠ ᠶ᠋ᠢᠨ ᠭᠠᠷᠤᠴᠠ ᠨᠢ 50% ᠪᠠᠷ ᠱᠠᠭᠠᠷᠳᠠᠨ᠎ᠠ᠃
ᠬᠦᠰᠦᠨᠦᠭᠲᠦ 26 ᠥᠪᠥᠷ ᠮᠣᠩᠭᠣᠯ ᠤ᠋ᠨ ᠨᠠᠷᠢᠪᠲᠤᠷ ᠨᠣᠣᠰᠣᠲᠤ ᠡᠭᠦᠯᠳᠡᠷ ᠦ᠋ᠨ ᠬᠣᠨᠢᠨ ᠤ᠋ ᠦᠢᠯᠡᠳᠪᠦᠷᠢᠯᠡᠯ ᠦ᠋ᠨ ᠴᠢᠳᠠᠯ ᠤ᠋ᠨ ᠬᠠᠮᠤᠭ ᠤ᠋ᠨ ᠳᠣᠣᠷ᠎ᠠ ᠪᠠᠷᠢᠮᠵᠢᠶ᠎ᠠ
ᠨᠢᠭᠡᠴᠡ᠄ ᠰᠡᠨᠲ᠋ᠢᠮᠧᠲ᠋ᠷ᠂ ᠺᠢᠯᠣᠭ᠌ᠷᠠᠮ

ᠥᠪᠥᠷ ᠮᠣᠩᠭᠣᠯ ᠤ᠋ᠨ ᠨᠠᠷᠢᠪᠲᠤᠷ ᠨᠣᠣᠰᠣᠲᠤ ᠬᠣᠨᠢ ᠪᠣᠯ ᠥᠪᠥᠷ ᠮᠣᠩᠭᠣᠯ ᠤ᠋ᠨ ᠥᠨᠳᠥᠷᠯᠢᠭ ᠣᠷᠣᠨ ᠤ᠋ ᠠᠭᠤᠷ ᠠᠮᠢᠰᠬᠤᠯ ᠂ ᠬᠠᠪᠤᠷ ᠨᠠᠮᠤᠷ ᠤ᠋ᠨ ᠶᠡᠬᠡ ᠰᠠᠯᠬᠢ᠂ ᠡᠪᠦᠯ ᠦ᠋ᠨ ᠲᠡᠰᠬᠢᠮ᠎ᠡ ᠬᠦᠢᠲᠡᠨ᠂ ᠵᠤᠨ ᠤ᠋ ᠰᠢᠳᠡᠮ᠎ᠡ ᠬᠠᠯᠠᠭᠤᠨ᠂ ᠬᠤᠷ᠎ᠠ ᠲᠤᠨᠤᠳᠠᠰᠤ ᠪᠠᠭ᠎ᠠ᠂ ᠭᠠᠩᠳᠠᠮᠠᠯ ᠬᠠᠭᠤᠷᠠᠢ ᠨᠤᠲᠤᠭ ᠪᠡᠯᠴᠢᠭᠡᠷ ᠲᠦ᠍ ᠪᠣᠢᠵᠢᠭᠰᠠᠨ ᠪᠣᠯᠬᠣᠷ᠂ ᠠᠨᠠᠢ ᠰᠢᠭ᠋ ᠪᠠᠢᠭᠠᠯᠢ ᠶ᠋ᠢᠨ ᠣᠷᠴᠢᠨ ᠠᠬᠤᠢ ᠨᠥᠬᠥᠴᠡᠯ ᠳ᠋ᠦ᠍ ᠵᠣᠬᠢᠴᠠᠵᠤ ᠴᠢᠳᠠᠳᠠᠭ ᠪᠥᠭᠡᠳ ᠭᠠᠩ ᠬᠠᠪᠰᠠᠷᠭᠠᠨ ᠳ᠋ᠤ᠌ ᠳᠠᠭᠠᠭᠠᠴᠠ ᠲᠠᠢ ᠂ ᠵᠢᠯ ᠳ᠋ᠡᠭᠡᠨ ᠪᠡᠯᠴᠢᠭᠡᠷᠯᠡᠭᠦᠯᠦᠨ ᠮᠠᠯᠵᠢᠵᠤ ᠪᠣᠯᠬᠤ ᠪᠥᠭᠡᠳ ᠲᠠᠷᠭᠤ ᠬᠦᠴᠦ ᠠᠪᠬᠤ ᠴᠢᠳᠠᠪᠤᠷᠢ ᠨᠢ ᠰᠠᠢᠨ ᠃
ᠮᠠᠨ ᠤ᠋ ᠤᠯᠤᠰ ᠲᠤ᠌ ᠥᠪᠥᠷ ᠮᠣᠩᠭᠣᠯ ᠤ᠋ᠨ ᠨᠠᠷᠢᠪᠲᠤᠷ ᠨᠣᠣᠰᠣᠲᠤ ᠬᠣᠨᠢᠨ ᠠ᠋ᠴᠠ ᠭᠠᠳᠠᠨ᠎ᠠ ᠪᠠᠰᠠ ᠂ ᠵᠡᠭᠦᠨ ᠬᠣᠢᠲᠤ ᠣᠷᠣᠨ ᠤ᠋ ᠨᠠᠷᠢᠪᠲᠤᠷ ᠨᠣᠣᠰᠣᠲᠤ ᠬᠣᠨᠢ ᠂ᠬᠥᠬᠡᠨᠠᠭᠤᠷ ᠤ᠋ᠨ ᠨᠠᠷᠢᠪᠲᠤᠷ ᠨᠣᠣᠰᠣᠲᠤ ᠬᠣᠨᠢ ᠵᠡᠷᠭᠡ ᠨᠠᠷᠢᠪᠲᠤᠷ ᠨᠣᠣᠰᠣᠲᠤ ᠡᠭᠦᠯᠳᠡᠷ ᠦ᠋ᠨ ᠬᠣᠨᠢ ᠶ᠋ᠢ ᠪᠣᠢᠵᠢᠭᠤᠯᠵᠤ ᠪᠠᠢᠨ᠎ᠠ ᠃
ᠭᠤᠷᠪᠠ᠂ ᠪᠦᠳᠦᠭᠦᠨ ᠨᠣᠣᠰᠣᠲᠤ ᠡᠭᠦᠯᠳᠡᠷ ᠦ᠋ᠨ ᠬᠣᠨᠢ
1. ᠮᠣᠩᠭᠣᠯ ᠬᠣᠨᠢ᠄ ᠮᠣᠩᠭᠣᠯ ᠬᠣᠨᠢ ᠪᠣᠯ ᠮᠣᠩᠭᠣᠯ ᠤ᠋ᠨ ᠥᠨᠳᠥᠷᠯᠢᠭ ᠣᠷᠣᠨ ᠳ᠋ᠤ᠌ ᠮᠠᠯᠴᠢᠨ ᠲᠦᠮᠡᠨ ᠠᠯᠢ ᠡᠷᠲᠡᠨ ᠡᠴᠡ ᠪᠣᠢᠵᠢᠭᠤᠯᠤᠭᠰᠠᠨ ᠡᠷᠲᠡᠨ ᠦ᠌ ᠡᠭᠦᠯᠳᠡᠷ ᠦ᠋ᠨ ᠬᠣᠨᠢ ᠮᠥᠨ᠃ᠮᠣᠩᠭᠣᠯ ᠬᠣᠨᠢᠨ ᠤ᠋ ᠲᠣᠭ᠎ᠠ ᠲᠣᠯᠣᠭᠠᠢ ᠨᠢ ᠪᠦᠬᠦ ᠤᠯᠤᠰ ᠤ᠋ᠨ ᠳᠣᠲᠣᠷ᠎ᠠ ᠬᠠᠮᠤᠭ ᠤ᠋ᠨ ᠣᠯᠠᠨ ᠪᠥᠭᠡᠳ ᠲᠠᠷᠬᠠᠴᠠ ᠪᠠᠷ ᠬᠠᠮᠤᠭ ᠤ᠋ᠨ ᠥᠷᠭᠡᠨ ᠳᠡᠯᠭᠡᠷ ᠪᠠᠢᠳᠠᠭ ᠃ ᠮᠣᠩᠭᠣᠯ ᠬᠣᠨᠢ ᠪᠣᠯ ᠥᠪᠥᠷ ᠮᠣᠩᠭᠣᠯ ᠪᠣᠯᠤᠨ ᠬᠠᠯᠬ᠎ᠠ ᠮᠣᠩᠭᠣᠯ ᠳ᠋ᠤ᠌ ᠲᠥᠪᠯᠡᠷᠡᠵᠦ ᠪᠠᠢᠬᠤ ᠠ᠋ᠴᠠ ᠭᠠᠳᠠᠨ᠎ᠠ ᠂ ᠮᠠᠨ ᠤ᠋ ᠤᠯᠤᠰ ᠤ᠋ᠨ ᠰᠢᠨᠵᠢᠶᠠᠩ᠂ ᠭᠠᠨᠰᠦ᠂ ᠨᠢᠩᠰᠢᠶᠠ᠂ ᠬᠥᠬᠡᠨᠠᠭᠤᠷ᠂ ᠱᠨᠨᠰᠢ᠂ ᠱᠠᠨ ᠰᠢ᠂ ᠾᠧᠪᠧᠢ ᠾᠧᠨᠠᠨ ᠂ᠱᠠᠨᠳᠦᠩ᠂ ᠯᠢᠶᠣᠤᠨᠢᠩ ᠂ᠠᠨᠾᠦ᠋ᠢ ᠂ᠬᠢᠷᠢᠨ᠂ ᠬᠠᠷᠠᠮᠦ᠋ᠷᠡᠨ ᠵᠡᠷᠭᠡ ᠮᠣᠵᠢ ᠣᠷᠣᠨ ᠳ᠋ᠤ᠌ ᠪᠠᠰᠠ ᠨᠡᠢᠳᠡᠮ ᠲᠠᠷᠬᠠᠵᠤ ᠪᠣᠢ᠃ ᠵᠥᠪᠯᠡᠯᠲᠦ᠂ ᠶᠠᠫᠣᠨ᠂ ᠰᠣᠯᠣᠩᠭᠣᠰ ᠲᠤ᠌ ᠪᠠᠰᠠ ᠮᠣᠩᠭᠣᠯ ᠬᠣᠨᠢ ᠪᠠᠢᠬᠤ ᠲᠡᠮᠳᠡᠭᠯᠡᠯ ᠪᠠᠢᠨ᠎ᠠ᠃
ᠮᠣᠩᠭᠣᠯ ᠬᠣᠨᠢᠨ ᠤ᠋ ᠲᠠᠷᠬᠠᠯᠲᠠ ᠶ᠋ᠢᠨ ᠬᠡᠪᠴᠢᠶ᠎ᠡ ᠨᠢ ᠮᠠᠰᠢ ᠥᠷᠭᠡᠨ ᠪᠣᠯᠬᠣᠷ ᠂ ᠡᠯ᠎ᠡ ᠭᠠᠵᠠᠷ ᠣᠷᠣᠨ ᠤ᠋ ᠠᠭᠤᠷ ᠠᠮᠢᠰᠬᠤᠯ᠂ ᠪᠠᠢᠭᠠᠯᠢ ᠶ᠋ᠢᠨ ᠣᠷᠴᠢᠨ ᠠᠬᠤᠢ ᠶ᠋ᠢᠨ ᠨᠥᠬᠥᠴᠡᠯ ᠪᠣᠯᠤᠨ ᠠᠷᠠᠴᠢᠯᠠᠭ᠎ᠠ ᠮᠠᠯᠵᠢᠯᠭ᠎ᠠ ᠶ᠋ᠢᠨ ᠨᠥᠬᠥᠴᠡᠯ ᠦ᠋ᠨ ᠵᠥᠷᠢᠶ᠎ᠡ ᠡᠴᠡ ᠪᠣᠯᠵᠤ ᠂ᠮᠣᠩᠭᠣᠯ ᠬᠣᠨᠢᠨ ᠤ᠋ ᠪᠡᠶ᠎ᠡ ᠪᠢᠯᠳᠠᠷ ᠪᠠ ᠰᠢᠨᠵᠢ ᠪᠠᠢᠳᠠᠯ ᠨᠢ ᠬᠣᠭᠣᠷᠣᠨᠳᠣ ᠪᠠᠨ ᠨᠡᠯᠢᠶᠡᠳ ᠶᠡᠬᠡ ᠵᠥᠷᠢᠶ᠎ᠡ ᠲᠡᠢ ᠪᠣᠯᠵᠠᠢ ᠃
ᠮᠣᠩᠭᠣᠯ ᠬᠣᠨᠢᠨ ᠤ᠋ ᠶᠡᠷᠦᠩᠬᠡᠢ ᠰᠢᠨᠵᠢ ᠪᠠᠢᠳᠠᠯ ᠭᠡᠪᠡᠯ᠄ ᠬᠤᠴᠠ ᠨᠢ ᠤᠭᠠᠯᠵᠠᠨ ᠡᠪᠡᠷ ᠲᠡᠢ ᠂ ᠡᠮ᠎ᠡ ᠬᠣᠨᠢᠨ ᠤ᠋ ᠣᠯᠠᠩᠬᠢ ᠨᠢ ᠡᠪᠡᠷ ᠦᠭᠡᠢ ᠃ᠬᠠᠮᠠᠷ ᠨᠢ ᠮᠥᠭᠡᠷᠡᠨ ᠂ᠲᠣᠯᠣᠭᠠᠢ ᠨᠢ ᠲᠡᠩᠴᠡᠭᠦᠨ ᠲᠣᠬᠢᠯᠢᠭ ᠂ ᠨᠢᠷᠤᠭᠤ ᠲᠡᠭᠰᠢ ᠂ ᠳᠥᠷᠪᠡᠨ ᠬᠥᠯ ᠦ᠋ᠨ ᠭᠢᠰᠬᠢᠯᠲᠡ ᠨᠢ ᠲᠥᠪ ᠂ᠰᠡᠭᠦᠯ ᠨᠢ ᠲᠣᠮᠣ ᠂ ᠭᠡᠪᠡᠴᠦ ᠬᠡᠯᠪᠡᠷᠢ ᠰᠢᠨᠵᠢ ᠨᠢ ᠠᠳᠠᠯᠢ ᠦᠭᠡᠢ ᠪᠠᠢᠳᠠᠭ ᠶᠤᠮ ᠃ ᠡᠯ᠎ᠡ ᠭᠠᠵᠠᠷ ᠣᠷᠣᠨ ᠳ᠋ᠠᠬᠢ ᠮᠣᠩᠭᠣᠯ ᠬᠣᠨᠢᠨ ᠤ᠋ ᠪᠡᠶ᠎ᠡ ᠪᠢᠯᠳᠠᠷ ᠤ᠋ᠨ ᠬᠡᠮᠵᠢᠶ᠎ᠡ ᠶ᠋ᠢ ᠳᠣᠣᠷᠠᠬᠢ ᠬᠦᠰᠦᠨᠦᠭᠲᠦ ᠳ᠋ᠦ᠍ ᠢᠯᠡᠳᠬᠡᠪᠡ ᠃ ᠮᠣᠩᠭᠣᠯ ᠬᠣᠨᠢᠨ ᠤ᠋ ᠣᠯᠠᠩᠬᠢ ᠨᠢ ᠬᠠᠷ᠎ᠠ ᠲᠡᠷᠢᠭᠦᠨ ᠪᠢᠰᠢ ᠪᠣᠯ ᠬᠦᠷᠡᠩ ᠲᠡᠷᠢᠭᠦᠨ ᠪᠠᠢᠵᠤ᠂ ᠳᠠᠩ ᠴᠠᠭᠠᠨ ᠵᠢᠰᠦ ᠲᠡᠢ ᠨᠢ 20% ᠭᠠᠷᠤᠢ ᠯᠠ ᠪᠠᠢᠳᠠᠭ᠃ ᠨᠣᠣᠰᠣᠨ ᠭᠠᠷᠤᠯᠲᠠ ᠪᠠ ᠶᠠᠰᠤ ᠴᠢᠨᠠᠷ ᠤ᠋ᠨ ᠲᠠᠯ᠎ᠠ ᠪᠠᠷ ᠬᠤᠴᠠᠨ ᠤ᠋ ᠨᠣᠣᠰᠣᠨ ᠤ᠋ ᠭᠠᠷᠤᠯᠲᠠ ᠨᠢ ᠳᠤᠮᠳᠠᠴᠢ ᠪᠠᠷ
ᠬᠦᠰᠦᠨᠦᠭᠲᠦ 27 ᠡᠯ᠎ᠡ ᠭᠠᠵᠠᠷ ᠣᠷᠣᠨ ᠳ᠋ᠠᠬᠢ ᠮᠣᠩᠭᠣᠯ ᠬᠣᠨᠢᠨ ᠤ᠋ ᠪᠡᠶ᠎ᠡ ᠶ᠋ᠢᠨ ᠬᠡᠮᠵᠢᠯᠲᠡ

1.5 ᠺᠢᠯᠣᠭ᠌ᠷᠠᠮ ᠡᠮ᠎ᠡ ᠬᠣᠨᠢᠨ ᠨᠣᠣᠰᠣᠨ ᠭᠠᠷᠤᠯᠲᠠ ᠨᠢ ᠳᠤᠮᠳᠠᠴᠢ ᠪᠠᠷ 1.0 ᠺᠢᠯᠣᠭ᠌ᠷᠠᠮ᠂ ᠴᠡᠪᠡᠷ ᠨᠣᠣᠰᠣᠨ ᠭᠠᠷᠤᠯᠲᠠ ᠨᠢ 77.3%᠂《5.1》 ᠦᠷᠡᠵᠢᠯ ᠦ᠋ᠨ ᠮᠠᠯ ᠤ᠋ᠨ ᠲᠠᠯᠠᠪᠠᠢ ᠳ᠋ᠤ᠌ ᠬᠢᠭᠰᠡᠨ ᠰᠤᠳᠤᠯᠤᠯᠲᠠ ᠮᠠᠲ᠋ᠧᠷᠢᠶᠠᠯ ᠢ᠋ ᠦᠨᠳᠦᠰᠦᠯᠡᠪᠡᠯ᠂ ᠮᠣᠩᠭᠣᠯ ᠬᠣᠨᠢᠨ ᠤ᠋ ᠨᠣᠣᠰᠣᠨ ᠤ᠋49.23% ᠨᠢ ᠭᠣᠣᠯ ᠲᠠᠢ ᠨᠣᠣᠰᠣ᠂ 2.18% ᠨᠢ ᠵᠠᠪᠰᠠᠷ ᠤ᠋ᠨ ᠴᠢᠨᠠᠷᠲᠠᠢ ᠨᠣᠣᠰᠣ( ᠪᠡᠰᠡᠷᠡᠭ ᠨᠣᠣᠰᠣ )᠂ 48.59% ᠨᠢ ᠨᠣᠯᠤᠤᠷ ᠪᠣᠯᠤᠨ᠎ᠠ᠃ ᠭᠣᠣᠯ ᠲᠠᠢ ᠨᠣᠣᠰᠣᠨ ᠤ᠋ ᠨᠠᠷᠢᠨ ᠤ᠋ ᠬᠡᠮᠵᠢᠶ᠎ᠡ ᠨᠢ109.46 ᠮᠢᠺᠷᠣᠨ᠂ ᠪᠡᠰᠡᠷᠡᠭ ᠨᠣᠣᠰᠣᠨ ᠤ᠋ ᠨᠠᠷᠢᠨ ᠤ᠋ ᠬᠡᠮᠵᠢᠶ᠎ᠡ ᠨᠢ37.93 ᠮᠢᠺᠷᠣᠨ᠂ ᠨᠣᠯᠤᠤᠷ ᠤ᠋ᠨ ᠨᠠᠷᠢᠨ ᠤ᠋ ᠬᠡᠮᠵᠢᠶ᠎ᠡ ᠨᠢ25.65 ᠮᠢᠺᠷᠣᠨ ᠪᠠᠢᠵᠤ᠂ ᠪᠡᠬᠢᠯᠢᠭ ᠦ᠋ᠨ ᠬᠡᠮᠵᠢᠶ᠎ᠡ ᠨᠢ ᠲᠤᠰ ᠲᠤᠰ25.55 ᠭᠷᠠᠮ᠂ 15.28 ᠭᠷᠠᠮ ᠂ 8.06 ᠬᠡᠷᠡᠮ ᠪᠣᠯᠤᠨ᠎ᠠ᠃ ᠨᠣᠣᠰᠣᠨ ᠤ᠋ ᠨᠢᠭ ᠦ᠋ᠨ ᠬᠡᠮᠵᠢᠶ᠎ᠡ ᠨᠢ ᠨᠢᠭᠡ ᠬᠠᠪᠲᠠᠭᠠᠢ ᠳᠥᠷᠪᠡᠯᠵᠢᠨ ᠰᠡᠨᠲ᠋ᠢᠮᠧᠲ᠋ᠷ ᠲᠦ᠍ 1500 — 3400 ᠰᠢᠷᠬᠡᠭ ᠪᠣᠢ᠃
ᠰᠠᠶᠢ ᠭᠠᠷᠤᠭᠰᠠᠨ ᠨᠢᠯᠬ᠎ᠠ ᠬᠤᠷᠠᠭᠠᠨ ᠤ᠋ ᠪᠡᠶ᠎ᠡ ᠶ᠋ᠢᠨ ᠬᠦᠨᠳᠦ ᠨᠢ᠂ ᠡᠷ᠎ᠡ ᠬᠤᠷᠠᠭ᠎ᠠ ᠳᠤᠮᠳᠠᠴᠢ ᠪᠠᠷ 3.41 ᠺᠢᠯᠣᠭ᠌ᠷᠠᠮ᠂ ᠥᠬᠢᠨ ᠬᠤᠷᠠᠭ᠎ᠠ
ᠳᠤᠮᠳᠠᠴᠢ ᠪᠠᠷ 3.22 ᠺᠢᠯᠣᠭ᠌ᠷᠠᠮ ᠪᠠᠢᠵᠤ᠂ 3.0 ᠺᠢᠯᠣᠭ᠌ᠷᠠᠮ ᠡᠴᠡ ᠳᠡᠭᠡᠭᠰᠢᠬᠢ ᠨᠢ ᠪᠦᠬᠦ ᠬᠤᠷᠠᠭᠠᠨ ᠤ᠋ ᠪᠠᠨ 42.3% ᠶ᠋ᠢ ᠡᠵᠡᠯᠡᠨ᠎ᠡ᠃
ᠮᠣᠩᠭᠣᠯ ᠬᠣᠨᠢ ᠪᠣᠯ ᠮᠢᠬᠠᠨ ᠤ᠋ ᠭᠠᠷᠤᠯᠲᠠ ᠪᠠᠷ ᠶᠡᠬᠡ ᠰᠠᠢᠨ ᠪᠠᠢᠳᠠᠭ᠃ ᠲᠡᠭᠦᠨ ᠦ᠌ ᠨᠢᠲᠤᠯᠭᠠ ᠶ᠋ᠢᠨ ᠭᠠᠷᠤᠴᠠ ᠨᠢ 40 — 50%᠂ ᠣᠨᠴᠠᠭᠠᠢ ᠵᠠᠷᠢᠮ ᠨᠢ ᠪᠠᠰᠠ 60% ᠳ᠋ᠤ᠌ ᠬᠦᠷᠬᠦ ᠴᠦ᠍ ᠪᠠᠢᠳᠠᠭ ᠶᠤᠮ᠃ ᠮᠣᠩᠭᠣᠯ ᠬᠣᠨᠢᠨ ᠤ᠋ ᠠᠷᠠᠰᠤ ᠨᠢ ᠬᠥᠷᠥᠰᠥᠯᠢᠭ ᠪᠥᠬᠡ ᠪᠥᠭᠡᠳ ᠦᠰᠦ ᠨᠢ ᠢᠰᠡᠭᠡᠢᠷᠡᠨ ᠪᠥᠭᠡᠮᠨᠡᠷᠡᠳᠡᠭ ᠦᠭᠡᠢ ᠪᠣᠯᠬᠣᠷ ᠮᠠᠯᠵᠢᠬᠤ ᠣᠷᠣᠨ ᠳ᠋ᠤ᠌ ᠳᠡᠪᠡᠯ ᠬᠢᠵᠦ ᠡᠳ᠋ᠯᠡᠬᠦ ᠳ᠋ᠦ᠍ ᠮᠠᠰᠢ ᠲᠣᠬᠢᠷᠠᠮᠵᠢᠲᠠᠢ ᠶᠤᠮ᠃ ᠬᠤᠷᠠᠭᠠᠨ ᠤ᠋ ᠠᠷᠠᠰᠤ ᠨᠢ ᠴᠦ᠍ ᠮᠥᠨ ᠬᠥᠷᠥᠰᠥ ᠰᠠᠢᠲᠠᠢ ᠮᠥᠷᠲᠡᠭᠡᠨ ᠭᠣᠶᠣᠮᠰᠣᠭ ᠰᠠᠢᠬᠠᠨ ᠦᠰᠦ ᠲᠡᠢ ᠪᠣᠯᠬᠣᠷ᠂ ᠡᠭᠦᠨ ᠢ᠋ᠶ᠋ᠡᠷ ᠬᠢᠭᠰᠡᠨ ᠬᠤᠪᠴᠠᠰᠤ ᠨᠢ ᠬᠥᠩᠭᠡᠨ ᠳᠤᠯᠠᠭᠠᠨ ᠪᠥᠭᠡᠳ ᠦᠵᠡᠮᠵᠢ ᠲᠡᠢ ᠪᠠᠢᠳᠠᠭ᠃
ᠮᠣᠩᠭᠣᠯ ᠬᠣᠨᠢ ᠪᠣᠯ ᠤᠷᠲᠤ ᠤᠳᠠᠭᠠᠨ ᠬᠤᠭᠤᠴᠠᠭᠠᠨ ᠤ᠋ ᠲᠤᠷᠰᠢ ᠳ᠋ᠤ᠌ ᠠᠵᠢᠯᠴᠢ ᠬᠥᠳᠡᠯᠮᠦᠷᠢᠴᠢ ᠮᠣᠩᠭᠣᠯᠴᠤᠳ ᠤ᠋ᠨ ᠣᠲᠣᠷᠯᠠᠨ ᠮᠠᠯᠵᠢᠬᠤ ᠪᠠ ᠵᠣᠷᠢᠭᠤᠳᠠ ᠶ᠋ᠢᠨ ᠰᠢᠯᠭᠠᠷᠠᠯ ᠢ᠋ᠶ᠋ᠠᠷ ᠳᠠᠮᠵᠢᠭᠰᠠᠨ ᠲᠤᠯᠠ ᠦᠢᠯᠡᠳᠪᠦᠷᠢᠯᠡᠯ ᠦ᠋ᠨ ᠴᠢᠳᠠᠯ ᠨᠡᠯᠢᠶᠡᠳ ᠥᠨᠳᠥᠷ ᠪᠥᠭᠡᠳ ᠵᠣᠬᠢᠴᠠᠯᠳᠤᠬᠤ ᠴᠢᠳᠠᠪᠤᠷᠢ ᠨᠢ ᠴᠢᠩᠭ᠎ᠠ᠂ ᠲᠠᠷᠭᠤ ᠠᠪᠬᠤ ᠨᠢ ᠲᠦᠷᠭᠡᠨ᠂ ᠪᠡᠶ᠎ᠡ ᠴᠣᠭᠴᠠ ᠨᠢ ᠴᠢᠭᠢᠷᠠᠭ᠂ ᠡᠪᠡᠳᠴᠢᠨ ᠭᠡᠮ ᠳ᠋ᠦ᠍ ᠳᠠᠭᠠᠭᠠᠴᠠ ᠲᠠᠢ᠂ ᠪᠠᠢᠳᠠᠭ᠃
ᠮᠣᠩᠭᠣᠯ ᠬᠣᠨᠢᠨ ᠤ᠋ ᠳᠤᠲᠠᠮᠠᠭ ᠲᠠᠯ᠎ᠠ ᠭᠡᠪᠡᠯ᠂ ᠨᠣᠣᠰᠣᠨ ᠤ᠋ ᠴᠢᠨᠠᠷ ᠨᠢ ᠮᠠᠭᠤ ᠪᠥᠭᠡᠳ ᠭᠠᠷᠤᠯᠲᠠ ᠨᠢ ᠳᠣᠣᠷ᠎ᠠ᠂ ᠰᠤᠷ ᠦᠰᠦ ᠠᠷᠪᠢᠨ ᠲᠠᠢ᠂ ᠦᠷᠡᠵᠢᠯᠲᠡ ᠶ᠋ᠢᠨ ᠨᠣᠷᠮ᠎ᠠ ᠨᠢ ᠰᠠᠶᠢ 100% ᠡᠴᠡ ᠳᠡᠭᠡᠭᠰᠢ ᠪᠠᠢᠳᠠᠭ᠃
ᠡᠢᠮᠦ ᠡᠴᠡ ᠬᠣᠢᠰᠢᠳᠠ ᠭᠠᠵᠠᠷ ᠣᠷᠣᠨ ᠤ᠋ ᠪᠠᠨ ᠪᠣᠳᠠᠲᠤ ᠪᠠᠢᠳᠠᠯ ᠳ᠋ᠤ᠌ ᠲᠣᠬᠢᠷᠠᠭᠤᠯᠤᠨ᠂ ᠨᠢᠭᠡ ᠪᠦᠯᠦᠭ ᠮᠣᠩᠭᠣᠯ ᠬᠣᠨᠢ ᠨᠤᠭᠤᠳ ᠢ᠋ ᠡᠷᠯᠢᠰᠡᠵᠢᠭᠦᠯᠦᠨ᠂ ᠨᠣᠣᠰᠣ ᠮᠢᠬᠠᠨ ᠤ᠋ ᠬᠡᠷᠡᠭᠴᠡᠭᠡᠲᠦ ᠨᠠᠷᠢᠨ ᠨᠣᠣᠰᠣᠲᠤ ᠪᠤᠶᠤ ᠨᠠᠷᠢᠪᠲᠤᠷ ᠨᠣᠣᠰᠣᠲᠤ ᠬᠣᠨᠢ ᠪᠣᠯᠭᠠᠨ ᠥᠭᠡᠷᠡᠴᠢᠯᠡᠵᠦ ᠪᠣᠯᠤᠨ᠎ᠠ᠃ ᠡᠰᠡᠬᠦᠯ᠎ᠡ ᠮᠢᠬ᠎ᠠ ᠨᠣᠣᠰᠣᠨ ᠤ᠋ ᠬᠡᠷᠡᠭᠴᠡᠭᠡ ᠥᠭᠡᠳᠡ ᠰᠢᠯᠢᠵᠦ ᠪᠣᠢᠵᠢᠭᠤᠯᠵᠤ᠂ ᠮᠢᠬᠠᠨ ᠤ᠋ ᠭᠠᠷᠤᠯᠲᠠ ᠪᠠ ᠨᠣᠣᠰᠣᠨ ᠤ᠋ ᠶᠠᠰᠤ ᠴᠢᠨᠠᠷ ᠢ᠋ ᠳᠡᠭᠡᠭᠰᠢᠯᠡᠭᠦᠯᠵᠦ ᠪᠣᠯᠤᠨ᠎ᠠ᠃ ᠡᠭᠦᠨ ᠳ᠋ᠦ᠍ ᠣᠯᠠᠩᠬᠢ ᠲᠣᠭᠠᠨ ᠤ᠋ ᠮᠣᠩᠭᠣᠯ ᠬᠣᠨᠢ ᠶ᠋ᠢ ᠪᠣᠯ ᠬᠠᠰᠢ ᠯᠠ ᠡᠭᠦᠯᠳᠡᠷ ᠦ᠋ᠨ ᠳᠣᠲᠣᠷ᠎ᠠ ᠨᠢ ᠰᠣᠩᠭᠣᠨ ᠦᠷᠡᠵᠢᠭᠦᠯᠵᠦ᠂ ᠶᠠᠰᠤ ᠴᠢᠨᠠᠷ ᠢ᠋ ᠨᠢ

ᠲᠠᠰᠤᠷᠠᠯᠲᠠ ᠦᠭᠡᠢ ᠰᠠᠢᠵᠢᠷᠠᠭᠤᠯᠵᠤ᠂ ᠮᠣᠩᠭᠣᠯ ᠬᠣᠨᠢᠨ ᠤ᠋ ᠡᠭᠦᠯᠳᠡᠷ ᠦ᠋ᠨ ᠡᠬᠢ ᠪᠠᠶᠠᠯᠢᠭ ᠢ᠋ ᠰᠠᠢᠲᠤᠷ ᠬᠠᠮᠠᠭᠠᠯᠠᠬᠤ ᠬᠡᠷᠡᠭᠲᠡᠢ᠃ ᠮᠣᠩᠭᠣᠯ ᠬᠣᠨᠢᠨ ᠳᠣᠲᠣᠷᠠᠬᠢ ᠭᠠᠵᠠᠷ ᠣᠷᠣᠨ ᠤ᠋ ᠰᠢᠯᠢᠳᠡᠭ ᠡᠭᠦᠯᠳᠡᠷ ᠪᠣᠯᠬᠤ — ᠦᠵᠦᠮᠦᠴᠢᠨ ᠬᠣᠨᠢ ᠶ᠋ᠢ ᠤᠯᠠᠮ ᠰᠠᠢᠲᠤᠷ ᠦᠷᠡᠵᠢᠭᠦᠯᠦᠨ ᠪᠣᠢᠵᠢᠭᠤᠯᠬᠤ ᠬᠡᠷᠡᠭᠲᠡᠢ᠃
2.ᠲᠥᠪᠡᠳ ᠬᠣᠨᠢ᠄ ᠲᠥᠪᠡᠳ ᠬᠣᠨᠢ ᠪᠣᠯ ᠲᠥᠪᠡᠳ ᠦ᠋ᠨ ᠥᠨᠳᠥᠷᠯᠢᠭ ᠲᠦ᠍ ᠪᠣᠢ ᠪᠣᠯᠤᠭᠰᠠᠨ ᠭᠠᠵᠠᠷ ᠣᠷᠣᠨ ᠤ᠋ ᠡᠭᠦᠯᠳᠡᠷ ᠮᠥᠨ ᠃ ᠲᠤᠰ ᠬᠣᠨᠢ ᠪᠣᠯ ᠲᠣᠭ᠎ᠠ ᠲᠣᠯᠣᠭᠠᠢ ᠶ᠋ᠢᠨ ᠣᠯᠠᠨ ᠢ᠋ᠶ᠋ᠠᠷ ᠢ᠋ᠶ᠋ᠠᠨ ᠮᠣᠩᠭᠣᠯ ᠬᠣᠨᠢᠨ ᠤ᠋ ᠳᠠᠷᠠᠭ᠎ᠠ ᠣᠷᠣᠨ᠎ᠠ᠃ ᠲᠥᠪᠡᠳ ᠦ᠋ᠨ ᠥᠪᠡᠷᠲᠡᠭᠡᠨ ᠵᠠᠰᠠᠬᠤ ᠣᠷᠣᠨ ᠂ ᠬᠥᠬᠡᠨᠠᠭᠤᠷ ᠂ᠰᠧᠴᠤᠸᠠᠨ ᠵᠡᠷᠭᠡ ᠮᠣᠵᠢ ᠳ᠋ᠤ᠌ ᠮᠠᠯᠵᠢᠵᠤ ᠪᠠᠢᠬᠤ ᠪᠥᠭᠡᠳ ᠭᠠᠨᠰᠦ ᠮᠣᠵᠢ ᠶ᠋ᠢᠨ ᠵᠡᠭᠦᠨ ᠡᠮᠦᠨᠡᠲᠦ ᠬᠡᠰᠡᠭ ᠵᠢᠴᠢ᠂ ᠶᠦᠨᠨᠠᠨ᠂ ᠭᠦᠢᠵᠧᠦ ᠮᠣᠵᠢ ᠶ᠋ᠢᠨ ᠠᠭᠤᠯᠠᠷᠬᠠᠭ ᠣᠷᠣᠨ ᠢ᠋ᠶ᠋ᠠᠷ ᠪᠠᠰᠠ ᠴᠥᠭᠡᠨ ᠲᠣᠭᠠᠨ ᠤ᠋ ᠲᠥᠪᠡᠳ ᠬᠣᠨᠢ ᠶ᠋ᠢ ᠮᠠᠯᠵᠢᠵᠤ ᠪᠠᠢᠨ᠎ᠠ ᠃
ᠲᠥᠪᠡᠳ ᠬᠣᠨᠢ ᠶ᠋ᠢ ᠮᠠᠯᠵᠢᠬᠤ ᠣᠷᠣᠨ ᠤ᠋ ᠪᠠ ᠲᠠᠷᠢᠶᠠᠯᠠᠬᠤ ᠣᠷᠣᠨ ᠤ᠋ ᠬᠡᠯᠪᠡᠷᠢ ᠶ᠋ᠢᠨ ᠭᠡᠵᠦ ᠬᠣᠶᠠᠷ ᠵᠦᠢᠯ ᠢ᠋ᠶ᠋ᠡᠷ ᠢᠯᠭᠠᠳᠠᠭ ᠃ ᠮᠠᠯᠵᠢᠬᠤ ᠣᠷᠣᠨ ᠤ᠋ ᠬᠡᠯᠪᠡᠷᠢ ᠶ᠋ᠢᠨ ᠲᠥᠪᠡᠳ ᠬᠣᠨᠢ ᠪᠣᠯ ᠪᠦᠷ ᠡᠪᠡᠷ ᠲᠡᠢ ᠂ᠲᠣᠯᠣᠭᠠᠢ ᠂ᠰᠡᠭᠦᠯ ᠂ ᠰᠢᠭᠢᠷ᠎ᠡ ᠠᠯᠠᠭ ᠨᠢ ᠣᠯᠠᠨ᠂ ᠳᠠᠩ ᠴᠠᠭᠠᠨ ᠵᠢᠰᠦ ᠲᠡᠢ ᠨᠢ ᠴᠥᠭᠡᠨ ᠪᠠᠢᠳᠠᠭ᠃ ᠲᠥᠪᠡᠳ ᠬᠣᠨᠢ ᠬᠡᠳᠦᠢᠪᠡᠷ ᠪᠦᠳᠦᠭᠦᠯᠢᠭ ᠨᠣᠣᠰᠣᠲᠤ ᠬᠣᠨᠢ ᠪᠣᠯᠪᠠᠴᠤ᠂ ᠲᠡᠭᠦᠨ ᠦ᠌ ᠨᠣᠣᠰᠣᠨ ᠪᠦᠲᠦᠴᠡ ᠳᠣᠲᠣᠷ᠎ᠠ ᠨᠣᠯᠤᠤᠷ ᠪᠣᠯᠤᠨ ᠵᠠᠪᠰᠠᠷ ᠤ᠋ᠨ ᠴᠢᠨᠠᠷᠲᠠᠢ ᠨᠣᠣᠰᠣ ᠶ᠋ᠢᠨ ᠬᠠᠷᠢᠴᠠᠯ ᠨᠢ ᠨᠡᠯᠢᠶᠡᠳ ᠶᠡᠬᠡ ᠪᠠᠢᠳᠠᠭ᠃ ᠵᠠᠷᠢᠮ ᠬᠣᠨᠢᠨ ᠤ᠋ ᠪᠦᠳᠦᠭᠦᠨ ᠨᠣᠣᠰᠣᠨ ᠤ᠋ ᠤᠷᠲᠤ ᠨᠢ 20 ᠰᠡᠨᠲ᠋ᠢᠮᠧᠲ᠋ᠷ ᠬᠦᠷᠬᠦ ᠴᠦ᠍ ᠪᠠᠢᠳᠠᠭ᠃ᠲᠠᠷᠢᠶᠠᠯᠠᠬᠤ ᠣᠷᠣᠨ ᠤ᠋ ᠲᠥᠪᠡᠳ ᠬᠣᠨᠢ ᠪᠣᠯ ᠪᠡᠶ᠎ᠡ ᠪᠡᠷ ᠮᠠᠯᠵᠢᠬᠤ ᠣᠷᠣᠨ ᠤ᠋ ᠬᠣᠨᠢ ᠡᠴᠡ ᠪᠠᠭ᠎ᠠ ᠂ ᠡᠮ᠎ᠡ ᠬᠣᠨᠢ ᠨᠢ ᠡᠪᠡᠷ ᠦᠭᠡᠢ᠂ ᠭᠡᠪᠡᠴᠦ ᠨᠣᠣᠰᠣᠨ ᠤ᠋ ᠶᠠᠰᠤ ᠴᠢᠨᠠᠷ ᠨᠢ ᠰᠠᠢᠨ ᠃
ᠠᠰᠢᠭ ᠰᠢᠮ᠎ᠡ ᠶ᠋ᠢᠨ ᠭᠠᠷᠤᠯᠲᠠ᠄ ᠲᠥᠪᠡᠳ ᠬᠣᠨᠢᠨ ᠤ᠋ ᠠᠮᠢᠳᠤ ᠶ᠋ᠢᠨ ᠵᠢᠩ ᠨᠢ ᠳᠤᠮᠳᠠᠴᠢ ᠪᠠᠷ ᠬᠤᠴᠠ 50.8 ᠺᠢᠯᠣᠭ᠌ᠷᠠᠮ᠂ ᠡᠮ᠎ᠡ ᠬᠣᠨᠢ 38.5 ᠺᠢᠯᠣᠭ᠌ᠷᠠᠮ;
ᠨᠣᠣᠰᠣᠨ ᠤ᠋ ᠭᠠᠷᠤᠯᠲᠠ ᠨᠢ ᠳᠤᠮᠳᠠᠴᠢ ᠪᠠᠷ ᠬᠤᠴᠠ 1.5 ᠺᠢᠯᠣᠭ᠌ᠷᠠᠮ᠂ ᠡᠮ᠎ᠡ ᠬᠣᠨᠢ 0.75 ᠺᠢᠯᠣᠭ᠌ᠷᠠᠮ; ᠴᠡᠪᠡᠷ ᠨᠣᠣᠰᠣᠨ ᠤ᠋ ᠭᠠᠷᠤᠯᠲᠠ ᠨᠢ 70%; ᠨᠢᠲᠤᠯᠭᠠ ᠶ᠋ᠢᠨ ᠭᠠᠷᠤᠴᠠ ᠨᠢ 48.68%; ᠦᠷᠡᠵᠢᠯᠲᠡ ᠶ᠋ᠢᠨ ᠨᠣᠷᠮ᠎ᠠ ᠨᠢ 70 — 80% ᠪᠣᠯᠤᠨ᠎ᠠ᠃
ᠲᠥᠪᠡᠳ ᠬᠣᠨᠢ ᠪᠣᠯ ᠥᠨᠳᠥᠷᠯᠢᠭ ᠣᠷᠣᠨ ᠪᠠ ᠠᠭᠤᠷ ᠠᠮᠢᠰᠬᠤᠯ ᠬᠤᠪᠢᠷᠠᠯᠲᠠ ᠶᠡᠬᠡ ᠲᠡᠢ ᠂ ᠨᠥᠬᠥᠴᠡᠯ ᠢ᠋ᠶ᠋ᠡᠷ ᠪᠠᠷᠤᠭᠲᠠᠢ ᠣᠷᠴᠢᠨ ᠠᠬᠤᠢ ᠳ᠋ᠤ᠌ ᠵᠣᠬᠢᠴᠠᠳᠠᠭ ᠪᠥᠭᠡᠳ ᠪᠦᠳᠦᠭᠦᠯᠢᠭ ᠮᠠᠯᠵᠢᠯᠭ᠎ᠠ ᠳ᠋ᠤ᠌ ᠳᠠᠭᠠᠭᠠᠴᠠ ᠰᠠᠢᠲᠠᠢ ᠪᠠᠢᠳᠠᠭ ᠃ᠲᠥᠪᠡᠳ ᠬᠣᠨᠢᠨ ᠤ᠋ ᠨᠣᠣᠰᠣ ᠨᠢ ᠤᠷᠲᠤ ᠪᠥᠭᠡᠳ ᠥᠩᠭᠡ ᠰᠠᠢᠲᠠᠢ ᠂ ᠪᠡᠰᠡᠷᠡᠭ ᠨᠣᠣᠰᠣ ᠨᠢ ᠳᠡᠢᠯᠦᠩᠭᠦᠢ ᠲᠤᠯᠠ ᠲᠡᠷᠡ ᠨᠢ ᠬᠡᠪᠢᠰ ᠦ᠋ᠨ ᠨᠡᠬᠡᠮᠡᠯ ᠦ᠋ᠨ ᠣᠨᠴᠠ ᠰᠠᠢᠨ ᠮᠠᠲ᠋ᠧᠷᠢᠶᠠᠯ ᠪᠣᠯᠤᠨ᠎ᠠ᠃
ᠬᠣᠢᠰᠢᠳᠠ᠂ ᠲᠥᠪᠡᠳ ᠬᠣᠨᠢ ᠶ᠋ᠢ ᠡᠭᠦᠯᠳᠡᠷ ᠦ᠋ᠨ ᠳᠣᠲᠣᠷ᠎ᠠ ᠨᠢ ᠰᠣᠩᠭᠣᠨ ᠦᠷᠡᠵᠢᠭᠦᠯᠵᠦ᠂ ᠡᠯ᠎ᠡ ᠲᠠᠯ᠎ᠠ ᠶ᠋ᠢᠨ ᠶᠠᠰᠤ ᠴᠢᠨᠠᠷ ᠢ᠋ ᠨᠢ ᠤᠯᠠᠮ ᠴᠢᠨᠠᠭᠰᠢᠳᠠ ᠰᠠᠢᠵᠢᠷᠠᠭᠤᠯᠬᠤ ᠶ᠋ᠢᠨ ᠬᠠᠮᠲᠤ ᠂ ᠨᠥᠬᠥᠴᠡᠯ ᠪᠣᠯᠤᠯᠴᠠᠭ᠎ᠠ ᠲᠠᠢ ᠭᠠᠵᠠᠷ ᠤ᠋ᠳ ᠲᠤ᠌ ᠨᠠᠷᠢᠨ ᠪᠤᠶᠤ ᠨᠠᠷᠢᠪᠲᠤᠷ ᠨᠣᠣᠰᠣᠲᠤ ᠡᠭᠦᠯᠳᠡᠷ ᠢ᠋ᠶ᠋ᠡᠷ ᠡᠷᠯᠢᠰᠡᠵᠢᠭᠦᠯᠵᠦ ᠪᠣᠯᠤᠨ᠎ᠠ ᠃ ᠬᠥᠬᠡᠨᠠᠭᠤᠷ ᠮᠣᠵᠢ ᠶ᠋ᠢᠨ ᠬᠦᠢ ᠳᠧ ᠣᠷᠣᠨ ᠳ᠋ᠠᠬᠢ ᠲᠥᠪᠡᠳ ᠬᠠᠷ᠎ᠠ ᠬᠣᠨᠢ ᠶ᠋ᠢ ᠤᠯᠠᠮ ᠰᠠᠢᠲᠤᠷ ᠰᠣᠩᠭᠣᠨ ᠦᠷᠡᠵᠢᠭᠦᠯᠵᠦ ᠂ ᠬᠦᠷᠡᠩ ᠬᠤᠷᠠᠭᠠᠨ ᠠᠷᠠᠰᠤᠨ ᠤ᠋ ᠬᠡᠷᠡᠭᠴᠡᠭᠡ ᠥᠭᠡᠳᠡ ᠬᠥᠭᠵᠢᠭᠦᠯᠵᠦ ᠪᠣᠯᠤᠨ᠎ᠠ᠃
3.ᠬᠠᠰᠠᠭ ᠬᠣᠨᠢ᠄ ᠬᠠᠰᠠᠭ ᠬᠣᠨᠢ ᠪᠣᠯ ᠠᠩᠬᠠᠨ ᠳ᠋ᠠᠭᠠᠨ ᠠᠽᠢᠶ᠎ᠠ ᠲᠢᠪ ᠦ᠋ᠨ ᠪᠠᠷᠠᠭᠤᠨ ᠡᠮᠦᠨᠡᠲᠦ ᠬᠡᠰᠡᠭ ᠦ᠋ᠨ ᠨᠤᠲᠤᠭ ᠤ᠋ᠳ ᠢ᠋ᠶ᠋ᠠᠷ ᠮᠠᠯᠵᠢᠵᠤ ᠪᠠᠢᠭᠰᠠᠨ ᠡᠴᠡ ᠪᠠᠨ ᠰᠡᠭᠦᠯᠡᠷ ᠨᠢ ᠳᠤᠮᠳᠠᠳᠤ ᠠᠽᠢᠶ᠎ᠠ ᠶ᠋ᠢᠨ ᠣᠯᠠᠩᠬᠢ ᠣᠷᠣᠨ ᠨᠤᠭᠤᠳ ᠢ᠋ᠶ᠋ᠠᠷ ᠲᠠᠷᠬᠠᠭᠰᠠᠨ ᠶᠤᠮ ᠃ ᠮᠠᠨ ᠤ᠋ ᠤᠯᠤᠰ ᠤ᠋ᠨ ᠰᠢᠨᠵᠢᠶᠠᠩ ᠤ᠋ᠨ ᠤᠢᠭᠤᠷ ᠤ᠋ᠨ ᠥᠪᠡᠷᠲᠡᠭᠡᠨ ᠵᠠᠰᠠᠬᠤ ᠣᠷᠣᠨ ᠤ᠋ ᠲᠡᠭᠷᠢ ᠠᠭᠤᠯᠠ ᠶ᠋ᠢᠨ ᠠᠷᠤ ᠪᠠ ᠠᠯᠲᠠᠢ ᠠᠭᠤᠯᠠ ᠶ᠋ᠢᠨ ᠡᠮᠦᠨᠡᠲᠦ ᠪᠡᠶ᠎ᠡ ᠂ ᠵᠦᠩᠭᠠᠷ ᠤ᠋ᠨ ᠬᠣᠲᠣᠭᠣᠷ ᠪᠣᠯᠤᠨ ᠲᠠ ᠴᠧᠩ ᠵᠡᠷᠭᠡ ᠭᠠᠵᠠᠷ ᠣᠷᠣᠨ ᠳ᠋ᠤ᠌ ᠬᠠᠰᠠᠭ ᠬᠣᠨᠢ ᠶ᠋ᠢ ᠶᠡᠬᠡ ᠪᠡᠷ ᠮᠠᠯᠵᠢᠵᠤ ᠪᠠᠢᠨ᠎ᠠ ᠃

ᠬᠠᠰᠠᠭ ᠬᠣᠨᠢ ᠪᠣᠯ ᠪᠡᠶ᠎ᠡ ᠪᠡᠷ ᠪᠦᠳᠦᠭᠦᠨ᠂ ᠪᠡᠶ᠎ᠡ ᠴᠣᠭᠴᠠ ᠴᠢᠭᠢᠷᠠᠭ ᠂ ᠬᠤᠴᠠ ᠨᠢ ᠲᠣᠮᠣ ᠪᠦᠳᠦᠭᠦᠨ ᠡᠪᠡᠷ
ᠲᠡᠢ ᠂ᠡᠮ᠎ᠡ ᠬᠣᠨᠢᠨ ᠤ᠋ ᠣᠯᠠᠩᠬᠢ ᠨᠢ ᠡᠪᠡᠷ ᠦᠭᠡᠢ᠃ ᠮᠥᠭᠡᠷᠡᠨ ᠬᠠᠮᠠᠷ ᠲᠠᠢ᠂ ᠨᠢᠷᠤᠭᠤ ᠨᠢ ᠥᠷᠭᠡᠨ᠂ ᠬᠥᠯ ᠨᠢ ᠥᠨᠳᠥᠷ᠂ ᠤᠭᠤᠴᠠᠨ ᠰᠡᠭᠦᠯ ᠲᠡᠢ᠂ ᠮᠢᠬᠠᠨ ᠤ᠋ ᠬᠡᠷᠡᠭᠴᠡᠭᠡᠲᠦ ᠪᠦᠳᠦᠭᠦᠨ ᠨᠣᠣᠰᠣᠲᠤ ᠬᠣᠨᠢ ᠪᠣᠯᠤᠨ᠎ᠠ ᠃ ᠬᠠᠰᠠᠭ ᠬᠣᠨᠢᠨ ᠤ᠋ ᠵᠢᠰᠦ ᠨᠢ ᠨᠢᠭᠡᠳᠦᠯᠲᠡᠢ ᠪᠢᠰᠢ᠂ ᠪᠣᠷᠣ ᠠᠯᠠᠭ ᠂ ᠬᠦᠷᠡᠩ ᠤᠯᠠᠭᠠᠨ ᠂ᠬᠠᠷ᠎ᠠ ᠵᠡᠷᠭᠡ ᠠᠳᠠᠯᠢ ᠪᠤᠰᠤ ᠵᠢᠰᠦ ᠲᠡᠢ᠂ ᠲᠤᠰ ᠬᠣᠨᠢ ᠬᠡᠳᠦᠢᠪᠡᠷ ᠪᠦᠳᠦᠭᠦᠨ ᠨᠣᠣᠰᠣ ᠲᠠᠢ
ᠪᠣᠯᠪᠠᠴᠤ ᠂ᠨᠣᠣᠰᠣᠨ ᠤ᠋ ᠪᠡᠬᠢᠯᠢᠭ ᠪᠣᠯᠤᠨ ᠭᠡᠷᠡᠯ ᠥᠩᠭᠡ ᠨᠢ ᠨᠡᠯᠢᠶᠡᠳ ᠰᠠᠢᠨ ᠪᠣᠯᠬᠣᠷ ᠬᠡᠪᠢᠰ ᠨᠡᠬᠡᠵᠦ ᠪᠣᠯᠳᠠᠭ ᠃
ᠠᠰᠢᠭ ᠰᠢᠮ᠎ᠡ ᠶ᠋ᠢᠨ ᠭᠠᠷᠤᠯᠲᠠ ᠄ ᠠᠮᠢᠳᠤ ᠶ᠋ᠢᠨ ᠵᠢᠩ ᠨᠢ ᠳᠤᠮᠳᠠᠴᠢ ᠪᠠᠷ᠂ ᠬᠤᠴᠠ 60 ᠺᠢᠯᠣᠭ᠌ᠷᠠᠮ᠂ ᠡᠮ᠎ᠡ ᠬᠣᠨᠢ 50 ᠺᠢᠯᠣᠭ᠌ᠷᠠᠮ; ᠨᠣᠣᠰᠣᠨ ᠭᠠᠷᠤᠯᠲᠠ ᠨᠢ ᠳᠤᠮᠳᠠᠴᠢ ᠪᠠᠷ ᠬᠤᠴᠠ 2.61 ᠺᠢᠯᠣᠭ᠌ᠷᠠᠮ᠂ ᠴᠡᠪᠡᠷ ᠨᠣᠣᠰᠣ ᠨᠢ 57.8%᠂ ᠡᠮ᠎ᠡ ᠬᠣᠨᠢ 1.88 ᠺᠢᠯᠣᠭ᠌ᠷᠠᠮ᠂
ᠴᠡᠪᠡᠷ ᠨᠣᠣᠰᠣ ᠨᠢ 68.9%; ᠨᠢᠲᠤᠯᠭᠠ ᠶ᠋ᠢᠨ ᠭᠠᠷᠤᠴᠠ ᠨᠢ 49%; ᠦᠷᠡᠵᠢᠯᠲᠡ ᠶ᠋ᠢᠨ ᠨᠣᠷᠮ᠎ᠠ 101.62% ᠪᠣᠯᠤᠨ᠎ᠠ᠃
ᠬᠠᠰᠠᠭ ᠬᠣᠨᠢ ᠤᠷᠲᠤ ᠬᠤᠭᠤᠴᠠᠭᠠᠨ ᠤ᠋ ᠲᠤᠷᠰᠢ᠂ᠥᠨᠳᠥᠷᠯᠢᠭ ᠠᠭᠤᠯᠠᠷᠬᠠᠭ ᠣᠷᠣᠨ ᠳ᠋ᠤ᠌ ᠣᠲᠣᠷᠯᠠᠨ ᠮᠠᠯᠵᠢᠬᠤ ᠳ᠋ᠤ᠌ ᠵᠣᠬᠢᠴᠠᠭᠰᠠᠨ ᠪᠥᠭᠡᠳ ᠵᠢᠯ ᠳ᠋ᠡᠭᠡᠨ ᠪᠡᠯᠴᠢᠭᠡᠷᠯᠡᠭᠦᠯᠦᠨ ᠮᠠᠯᠵᠢᠬᠤ ᠪᠦᠳᠦᠭᠦᠯᠢᠭ ᠠᠷᠠᠴᠢᠯᠠᠭ᠎ᠠ ᠮᠠᠯᠵᠢᠯᠭ᠎ᠠ ᠳ᠋ᠤ᠌ ᠲᠣᠬᠢᠷᠠᠳᠠᠭ᠃ ᠪᠡᠶ᠎ᠡ ᠴᠣᠭᠴᠠ ᠪᠠᠷ
ᠴᠢᠭᠢᠷᠠᠭ ᠂ᠥᠨᠳᠥᠷᠯᠢᠭ ᠦ᠋ᠨ ᠠᠭᠤᠷ ᠠᠮᠢᠰᠬᠤᠯ ᠳ᠋ᠤ᠌ ᠵᠣᠬᠢᠴᠠᠬᠤ ᠪᠠᠷ ᠰᠠᠢᠨ᠂ ᠪᠦᠳᠦᠭᠦᠯᠢᠭ ᠮᠠᠯᠵᠢᠯᠭ᠎ᠠ ᠳ᠋ᠤ᠌ ᠳᠠᠭᠠᠭᠠᠴᠠ ᠰᠠᠢᠲᠠᠢ᠂ ᠲᠠᠷᠭᠤ ᠠᠪᠬᠤ ᠨᠢ ᠲᠦᠷᠭᠡᠨ᠂ ᠡᠪᠦᠯ ᠬᠠᠪᠤᠷ ᠴᠠᠰᠤᠲᠤ ᠪᠡᠯᠴᠢᠭᠡᠷ ᠲᠦ᠍ ᠴᠠᠰᠤ ᠮᠠᠯᠲᠠᠵᠤ ᠢᠳᠡᠰᠢᠯᠡᠬᠦ ᠴᠢᠳᠠᠪᠤᠷᠢ ᠲᠠᠢ᠃ ᠭᠡᠪᠡᠴᠦ᠂ ᠲᠤᠰ ᠬᠣᠨᠢᠨ ᠤ᠋ ᠨᠣᠣᠰᠣᠨ ᠭᠠᠷᠤᠯᠲᠠ ᠪᠠ ᠨᠣᠣᠰᠣᠨ ᠤ᠋ ᠶᠠᠰᠤ ᠴᠢᠨᠠᠷ ᠨᠢ ᠳᠣᠣᠷ᠎ᠠ᠂ ᠬᠠᠲᠠᠮᠠᠯ᠂ ᠦᠬᠦᠮᠡᠯ ᠨᠣᠣᠰᠣ ᠠᠷᠪᠢᠨ ᠲᠠᠢ᠂ ᠴᠠᠭᠠᠨ ᠥᠩᠭᠡ ᠶ᠋ᠢᠨ ᠨᠣᠣᠰᠣ ᠨᠢ ᠴᠥᠭᠡᠬᠡᠨ ᠪᠣᠯᠬᠣᠷ ᠨᠣᠣᠰᠣᠨ ᠨᠡᠬᠡᠮᠡᠯ ᠦ᠋ᠨ ᠠᠵᠤ ᠦᠢᠯᠡᠳᠪᠦᠷᠢ ᠳ᠋ᠦ᠍ ᠬᠡᠷᠡᠭᠴᠡᠭᠡ ᠪᠡᠷ ᠪᠠᠷᠤᠭᠲᠠᠢ ᠶᠤᠮ᠃
ᠡᠢᠮᠦ ᠡᠴᠡ ᠬᠣᠢᠰᠢᠳᠠ ᠂ ᠵᠠᠷᠢᠮ ᠭᠠᠵᠠᠷ ᠣᠷᠣᠨ ᠨᠢᠭᠡ ᠪᠦᠯᠦᠭ ᠬᠠᠰᠠᠭ ᠬᠣᠨᠢ ᠶ᠋ᠢ ᠨᠠᠷᠢᠨ ᠨᠣᠣᠰᠣᠲᠤ ᠪᠤᠶᠤ ᠨᠠᠷᠢᠪᠲᠤᠷ ᠨᠣᠣᠰᠣᠲᠤ ᠬᠤᠴᠠ ᠪᠠᠷ ᠡᠷᠯᠢᠰᠡᠵᠢᠭᠦᠯᠦᠨ ᠥᠭᠡᠷᠡᠴᠢᠯᠡᠬᠦ ᠶ᠋ᠢᠨ ᠬᠠᠮᠲᠤ ᠂ ᠣᠯᠠᠩᠬᠢ ᠶ᠋ᠢ ᠨᠢ ᠡᠭᠦᠯᠳᠡᠷ ᠦ᠋ᠨ ᠳᠣᠲᠣᠷ᠎ᠠ ᠨᠢ ᠰᠣᠩᠭᠣᠨ ᠦᠷᠡᠵᠢᠭᠦᠯᠵᠦ᠂ ᠲᠡᠭᠦᠨ ᠦ᠌ ᠳᠠᠪᠠᠭᠤᠯᠢᠭ ᠲᠠᠯ᠎ᠠ ᠶ᠋ᠢ ᠤᠯᠠᠮ ᠴᠢᠨᠠᠭᠰᠢᠳᠠ ᠪᠡᠬᠢᠵᠢᠭᠦᠯᠦᠨ ᠨᠣᠣᠰᠣᠨ ᠤ᠋ ᠶᠠᠰᠤ ᠴᠢᠨᠠᠷ ᠢ᠋ ᠨᠢ ᠰᠠᠢᠵᠢᠷᠠᠭᠤᠯᠵᠤ᠂ ᠮᠢᠬ᠎ᠠ ᠪᠠ ᠨᠣᠣᠰᠣᠨ ᠤ᠋ ᠭᠠᠷᠤᠯᠲᠠ ᠶ᠋ᠢ ᠨᠢ ᠳᠡᠭᠡᠭᠰᠢᠯᠡᠭᠦᠯᠬᠦ ᠪᠡᠷ ᠬᠠᠷᠠᠯᠲᠠ ᠪᠣᠯᠭᠠᠪᠠᠯ ᠵᠣᠬᠢᠨ᠎ᠠ᠃
ᠳᠥᠷᠪᠡ᠂ ᠭᠠᠵᠠᠷ ᠣᠷᠣᠨ ᠤ᠋ ᠰᠢᠯᠢᠳᠡᠭ ᠡᠭᠦᠯᠳᠡᠷ

ᠦᠵᠦᠮᠦᠴᠢᠨ ᠬᠣᠨᠢ᠄ ᠦᠵᠦᠮᠦᠴᠢᠨ ᠬᠣᠨᠢ ᠪᠣᠯ ᠥᠪᠥᠷ ᠮᠣᠩᠭᠣᠯ ᠤ᠋ᠨ ᠰᠢᠯᠢ ᠶ᠋ᠢᠨ ᠭᠣᠣᠯ ᠠᠢᠮᠠᠭ ᠤ᠋ᠨ ᠦᠵᠦᠮᠦᠴᠢᠨ ᠦ᠌ ᠥᠷᠭᠡᠨ ᠠᠭᠤᠳᠠᠮ ᠥᠩ ᠰᠢᠮᠡᠯᠢᠭ ᠨᠤᠲᠤᠭ ᠪᠡᠯᠴᠢᠭᠡᠷ ᠲᠦ᠍᠂ ᠮᠠᠯᠴᠢᠳ ᠤ᠋ᠨ ᠥᠨᠢ ᠤᠳᠠᠭᠠᠨ ᠬᠤᠭᠤᠴᠠᠭᠠᠨ ᠤ᠋ ᠲᠤᠷᠰᠢᠬᠢ ᠠᠷᠠᠴᠢᠯᠠᠭ᠎ᠠ ᠮᠠᠯᠵᠢᠯᠭ᠎ᠠ ᠪᠠ ᠵᠣᠷᠢᠭᠤᠳᠠ ᠶ᠋ᠢᠨ ᠰᠢᠯᠭᠠᠷᠠᠯ ᠤ᠋ᠨ ᠪᠣᠢᠵᠢᠭᠤᠯᠤᠯᠲᠠ ᠪᠠᠷ ᠳᠡᠮᠵᠢᠵᠦ ᠪᠣᠢ ᠪᠣᠯᠤᠭᠰᠠᠨ ᠮᠢᠬ᠎ᠠ ᠥᠭᠡᠬᠦᠨ ᠦ᠌ ᠬᠡᠷᠡᠭᠴᠡᠭᠡᠲᠦ ᠰᠢᠯᠢᠳᠡᠭ ᠡᠭᠦᠯᠳᠡᠷ ᠪᠣᠯᠤᠨ᠎ᠠ ᠃ ᠦᠵᠦᠮᠦᠴᠢᠨ ᠬᠣᠨᠢ ᠪᠣᠯ ᠮᠢᠬᠠᠯᠢᠭ ᠪᠦᠳᠦᠭᠦᠨ ᠪᠡᠶ᠎ᠡ ᠪᠢᠯᠳᠠᠷ ᠂ᠲᠣᠮᠣ ᠪᠦᠳᠦᠭᠦᠨ ᠥᠭᠡᠬᠦᠨ ᠰᠡᠭᠦᠯ ᠪᠠ ᠥᠰᠦᠯᠲᠡ ᠪᠣᠢᠵᠢᠯᠲᠠ ᠨᠢ ᠲᠦᠷᠭᠡᠨ ᠢ᠋ᠶ᠋ᠡᠷ ᠢ᠋ᠶ᠋ᠡᠨ ᠤᠯᠤᠰ ᠤ᠋ᠨ ᠳᠣᠲᠣᠭᠠᠳᠤ ᠭᠠᠳᠠᠭᠠᠳᠤ ᠳ᠋ᠤ᠌ ᠨᠡᠷ᠎ᠡ ᠠᠯᠳᠠᠷᠰᠢᠭᠰᠠᠨ ᠮᠣᠩᠭᠣᠯ ᠬᠣᠨᠢᠨ ᠤ᠋ ᠳᠣᠲᠣᠷᠠᠬᠢ ᠭᠠᠵᠠᠷ ᠣᠷᠣᠨ ᠤ᠋ ᠰᠢᠯᠢᠳᠡᠭ ᠲᠥᠷᠥᠯ ᠦ᠋ᠨ ᠬᠣᠨᠢ ᠪᠣᠯᠤᠨ᠎ᠠ ᠃ ᠦᠵᠦᠮᠦᠴᠢᠨ ᠬᠣᠨᠢ ᠣᠳᠣ ᠭᠣᠣᠯᠳᠠᠭᠤ ᠰᠢᠯᠢ ᠶ᠋ᠢᠨ ᠭᠣᠣᠯ ᠠᠢᠮᠠᠭ ᠤ᠋ᠨ ᠵᠡᠭᠦᠨ ᠪᠠᠷᠠᠭᠤᠨ ᠦᠵᠦᠮᠦᠴᠢᠨ ᠬᠤᠰᠢᠭᠤᠨ ᠳ᠋ᠤ᠌ ᠲᠥᠪᠯᠡᠷᠡᠵᠦ ᠂ ᠵᠡᠷᠭᠡᠯᠡᠳᠡᠭᠡ ᠬᠣᠰᠢᠭᠤ ᠪᠣᠯᠤᠨ ᠮᠣᠩᠭᠣᠯ ᠠᠷᠠᠳ ᠤᠯᠤᠰ ᠤ᠋ᠨ ᠵᠡᠭᠦᠨ ᠡᠮᠦᠨᠡᠲᠦ ᠣᠷᠣᠨ ᠤ᠋ ᠦᠵᠦᠮᠦᠴᠢᠨ ᠲᠡᠢ ᠵᠠᠬ᠎ᠠ ᠨᠡᠢᠯᠡᠵᠦ ᠪᠠᠢᠭ᠎ᠠ ᠨᠤᠲᠤᠭ ᠤ᠋ᠳ ᠲᠤ᠌ ᠪᠠᠰᠠ ᠲᠠᠷᠬᠠᠵᠤ ᠪᠣᠢ ᠃
ᠦᠵᠦᠮᠦᠴᠢᠨ ᠬᠣᠨᠢᠨ ᠤ᠋ ᠲᠣᠯᠣᠭᠠᠢ ᠨᠢ ᠲᠣᠬᠢᠯᠢᠭ ᠲᠡᠩᠴᠡᠭᠦᠨ᠂ ᠮᠠᠩᠨᠠᠢ ᠨᠢ ᠥᠷᠭᠡᠨ ᠂ ᠬᠠᠮᠠᠷ ᠨᠢ
ᠮᠥᠭᠡᠷᠡᠨ ᠂ᠣᠯᠠᠩᠬᠢ ᠬᠤᠴᠠ ᠨᠢ ᠤᠭᠠᠯᠵᠠᠯᠠᠭᠰᠠᠨ ᠡᠪᠡᠷ ᠲᠡᠢ᠂ ᠡᠮ᠎ᠡ ᠬᠣᠨᠢᠨ ᠤ᠋ ᠣᠯᠠᠩᠬᠢ ᠨᠢ ᠡᠪᠡᠷ ᠦᠭᠡᠢ ᠃ ᠴᠡᠭᠡᠵᠢ ᠨᠢ ᠥᠷᠭᠡᠨ ᠰᠢᠭ᠂ ᠨᠢᠷᠤᠭᠤᠨ ᠵᠣ ᠨᠢ ᠲᠡᠭᠰᠢ ᠰᠢᠯᠤᠭᠤᠨ ᠂ᠶᠡᠬᠡ ᠪᠡᠶ᠎ᠡ ᠨᠢ ᠤᠷᠲᠤᠯᠢᠭ ᠪᠥᠭᠡᠳ ᠮᠢᠬᠠᠯᠢᠭ ᠂ ᠳᠥᠷᠪᠡᠨ ᠬᠥᠯ ᠦ᠋ᠨ ᠭᠢᠰᠬᠢᠯᠲᠡ ᠨᠢ ᠲᠥᠪ ᠂ᠰᠡᠭᠦᠯ ᠨᠢ ᠲᠣᠮᠣ ᠪᠥᠭᠡᠳ ᠵᠤᠵᠠᠭᠠᠨ ᠪᠠᠢᠳᠠᠭ ᠃ ᠳᠠᠩ ᠴᠠᠭᠠᠨ ᠵᠢᠰᠦᠮ ᠦ᠋ᠨ ᠬᠣᠨᠢ 10% ᠣᠷᠴᠢᠮ᠂ ᠶᠡᠬᠡ ᠪᠡᠶ᠎ᠡ ᠨᠢ ᠴᠠᠭᠠᠨ᠂ ᠬᠠᠷ᠎ᠠ ᠲᠡᠷᠢᠭᠦᠨ᠂ ᠬᠦᠷᠡᠩ ᠲᠡᠷᠢᠭᠦᠨ᠂ ᠬᠠᠷ᠎ᠠ ᠨᠢᠳᠦᠨ᠂ ᠪᠣᠷᠣ ᠨᠢᠳᠦᠨ᠂ ᠰᠢᠭᠢᠷ᠎ᠡ ᠠᠯᠠᠭ ᠵᠡᠷᠭᠡ ᠬᠣᠨᠢ ᠣᠯᠠᠩᠬᠢ ᠲᠣᠭ᠎ᠠ ᠶ᠋ᠢ ᠡᠵᠡᠯᠡᠨ᠎ᠡ᠃ ᠪᠡᠶ᠎ᠡ ᠶ᠋ᠢᠨ ᠨᠣᠣᠰᠣᠨ ᠤ᠋ ᠪᠦᠷᠢᠯᠳᠦᠬᠦᠨ ᠨᠢ ᠨᠣᠯᠤᠤᠷ 31.6%᠂ ᠭᠣᠣᠯᠲᠤ ᠨᠣᠣᠰᠣ 12.5% ᠂ ᠬᠠᠳᠠᠮᠠᠯ ᠦᠰᠦ 26.4% ᠦᠬᠦᠮᠡᠯ ᠦᠰᠦ29.5% ᠪᠣᠯᠤᠨ᠎ᠠ᠃ ᠨᠣᠣᠰᠣᠨ ᠤ᠋ ᠭᠠᠷᠤᠯᠲᠠ ᠨᠢ ᠳᠤᠮᠳᠠᠴᠢ ᠪᠠᠷ᠂ ᠤᠷᠲᠤ ᠶ᠋ᠢᠨ ᠬᠢᠷᠭᠠᠯᠲᠠ ᠳ᠋ᠤ᠌᠂ ᠬᠤᠴᠠ 1.87 ᠺᠢᠯᠣᠭ᠌ᠷᠠᠮ᠂ ᠡᠮ᠎ᠡ ᠬᠣᠨᠢ 1.45 ᠺᠢᠯᠣᠭ᠌ᠷᠠᠮ᠂ ᠠᠬᠠᠷ ᠤ᠋ᠨ ᠬᠢᠷᠭᠠᠯᠲᠠ ᠳ᠋ᠤ᠌ ᠨᠡᠢᠳᠡᠮ ᠳ᠋ᠡᠭᠡᠨ 0.75 ᠺᠢᠯᠣᠭ᠌ᠷᠠᠮ ᠡᠴᠡ ᠳᠡᠭᠡᠭᠰᠢ᠃ ᠴᠡᠪᠡᠷ ᠨᠣᠣᠰᠣᠨ ᠨᠣᠷᠮ᠎ᠠ ᠨᠢ 70— 78%᠃ ᠦᠷᠡᠵᠢᠯᠲᠡ ᠶ᠋ᠢᠨ ᠨᠣᠷᠮ᠎ᠠ ᠨᠢ100% ᠡᠴᠡ ᠳᠡᠭᠡᠭᠰᠢ ᠪᠠᠢᠳᠠᠭ᠃
ᠦᠵᠦᠮᠦᠴᠢᠨ ᠬᠣᠨᠢ ᠪᠣᠯ ᠥᠰᠦᠯᠲᠡ ᠪᠣᠢᠵᠢᠯᠲᠠ ᠨᠢ ᠲᠦᠷᠭᠡᠨ ᠂ᠲᠠᠷᠭᠤ ᠠᠪᠬᠤ ᠴᠢᠳᠠᠪᠤᠷᠢ ᠪᠠᠷ ᠰᠠᠢᠨ ᠂ᠮᠢᠬᠠᠨ ᠤ᠋ ᠭᠠᠷᠤᠯᠲᠠ ᠨᠢ ᠶᠡᠬᠡ ᠲᠠᠯ᠎ᠠ ᠪᠠᠷ ᠪᠤᠰᠤᠳ ᠡᠭᠦᠯᠳᠡᠷ ᠦ᠋ᠨ ᠬᠣᠨᠢᠨ ᠡᠴᠡ ᠣᠨᠴᠠ ᠳᠠᠪᠠᠭᠤᠯᠢᠭ ᠪᠠᠢᠳᠠᠭ ᠶᠤᠮ ᠃ ᠰᠠᠶᠢᠬᠠᠨ ᠭᠠᠷᠤᠭᠰᠠᠨ ᠨᠢᠯᠬ᠎ᠠ ᠬᠤᠷᠠᠭᠠᠨ ᠤ᠋ ᠠᠮᠢᠳᠤ ᠶ᠋ᠢᠨ ᠵᠢᠩ ᠨᠢ ᠳᠤᠮᠳᠠᠴᠢ ᠪᠠᠷ ᠡᠷ᠎ᠡ ᠬᠤᠷᠠᠭ᠎ᠠ 4.5 ᠺᠢᠯᠣᠭ᠌ᠷᠠᠮ᠂ ᠥᠬᠢᠨ ᠬᠤᠷᠠᠭ᠎ᠠ 4.0 ᠺᠢᠯᠣᠭ᠌ᠷᠠᠮ᠂ 7 ᠰᠠᠷ᠎ᠠ ᠪᠣᠯᠵᠤ ᠪᠠᠢᠬᠤ ᠬᠤᠷᠠᠭᠠᠨ ᠤ᠋ ᠠᠮᠢᠳᠤ ᠶ᠋ᠢᠨ ᠵᠢᠩ ᠨᠢ ᠳᠤᠮᠳᠠᠴᠢ ᠪᠠᠷ ᠡᠷ᠎ᠡ ᠬᠤᠷᠠᠭ᠎ᠠ 48·6 ᠺᠢᠯᠣᠭ᠌ᠷᠠᠮ᠂ ᠥᠬᠢᠨ ᠬᠤᠷᠠᠭ᠎ᠠ 40.4 ᠺᠢᠯᠣᠭ᠌ᠷᠠᠮ(ᠦᠵᠦᠮᠦᠴᠢᠨ ᠬᠤᠷᠠᠭᠠᠨ ᠤ᠋ ᠥᠰᠦᠯᠲᠡ ᠪᠣᠢᠵᠢᠯᠲᠠ ᠨᠢ ᠲᠤᠩ ᠲᠦᠷᠭᠡᠨ ᠪᠠᠢᠳᠠᠭ᠃ ᠡᠭᠦᠨ ᠢ᠋ ᠭᠣᠷᠣᠬᠠᠨ ᠲᠠᠯᠠᠪᠠᠢ ᠶ᠋ᠢᠨ ᠬᠡᠮᠵᠢᠯᠲᠡ ᠶ᠋ᠢᠨ ᠮᠠᠲ᠋ᠧᠷᠢᠶᠠᠯ ᠡᠴᠡ ᠦᠵᠡᠪᠡᠯ᠂ ᠡᠷ᠎ᠡ ᠬᠤᠷᠠᠭᠠᠨ ᠤ᠋ ᠬᠠᠭᠠᠰ ᠵᠢᠯ (6 ᠰᠠᠷ᠎ᠠ) ᠶ᠋ᠢᠨ ᠳᠣᠲᠣᠷᠠᠬᠢ ᠥᠰᠦᠯᠲᠡ ᠨᠢ ᠡᠳᠦᠷ ᠪᠦᠷᠢ ᠳᠤᠮᠳᠠᠴᠢ ᠪᠠᠷ 310.5 ᠭᠷᠠᠮ᠂ ᠥᠬᠢᠨ ᠬᠤᠷᠠᠭ᠎ᠠ ᠨᠢ 277.4 ᠭᠷᠠᠮ ᠪᠣᠯᠤᠨ᠎ᠠ)᠃ 1.5 ᠨᠠᠰᠤ ᠲᠠᠢ ᠲᠥᠯᠥᠭᠡᠨ ᠦ᠌ ᠠᠮᠢᠳᠤ ᠶ᠋ᠢᠨ ᠵᠢᠩ ᠨᠢ ᠳᠤᠮᠳᠠᠴᠢ ᠪᠠᠷ ᠡᠷ᠎ᠡ ᠨᠢ 56.7 ᠺᠢᠯᠣᠭ᠌ᠷᠠᠮ᠂ ᠥᠬᠢᠨ ᠨᠢ 54.5 ᠺᠢᠯᠣᠭ᠌ᠷᠠᠮ᠃ ᠪᠦᠳᠦᠭᠦᠨ ᠬᠣᠨᠢᠨ ᠤ᠋ ᠠᠮᠢᠳᠤ ᠶ᠋ᠢᠨ ᠵᠢᠩ ᠨᠢ ᠳᠤᠮᠳᠠᠴᠢ ᠪᠠᠷ 85.0 ᠺᠢᠯᠣᠭ᠌ᠷᠠᠮ᠂ ᠡᠮ᠎ᠡ ᠬᠣᠨᠢ 65.0 ᠺᠢᠯᠣᠭ᠌ᠷᠠᠮ᠃ ᠪᠡᠶ᠎ᠡ ᠶ᠋ᠢᠨ ᠬᠡᠮᠵᠢᠯᠲᠡ ᠨᠢ ᠳᠤᠮᠳᠠᠴᠢ ᠪᠠᠷ ᠬᠤᠴᠠᠨ ᠤ᠋ ᠪᠡᠶ᠎ᠡ ᠶ᠋ᠢᠨ ᠥᠨᠳᠥᠷ ᠨᠢ 72.7 ᠰᠡᠨᠲ᠋ᠢᠮᠧᠲ᠋ᠷ᠂ ᠤᠷᠲᠤ ᠨᠢ 77. 3 ᠰᠡᠨᠲ᠋ᠢᠮᠧᠲ᠋ᠷ᠂ ᠴᠡᠭᠡᠵᠢᠨ ᠪᠦᠰᠡᠯᠡᠭᠦᠷ 107.9 ᠰᠡᠨᠲ᠋ᠢᠮᠧᠲ᠋ᠷ᠂ ᠰᠢᠯᠪᠢ ᠶ᠋ᠢᠨ ᠪᠦᠰᠡᠯᠡᠭᠦᠷ 10.0 ᠰᠡᠨᠲ᠋ᠢᠮᠧᠲ᠋ᠷ᠂ ᠡᠮ᠎ᠡ ᠬᠣᠨᠢᠨ ᠤ᠋ ᠪᠡᠶ᠎ᠡ ᠶ᠋ᠢᠨ ᠥᠨᠳᠥᠷ 68.0 ᠰᠡᠨᠲ᠋ᠢᠮᠧᠲ᠋ᠷ᠂ ᠤᠷᠲᠤ ᠨᠢ 72.6 ᠰᠡᠨᠲ᠋ᠢᠮᠧᠲ᠋ᠷ᠂ ᠴᠡᠭᠡᠵᠢᠨ ᠪᠦᠰᠡᠯᠡᠭᠦᠷ 91.4 ᠰᠡᠨᠲ᠋ᠢᠮᠧᠲ᠋ᠷ᠂ ᠰᠢᠯᠪᠢ ᠶ᠋ᠢᠨ ᠪᠦᠰᠡᠯᠡᠭᠦᠷ 8·2 ᠰᠡᠨᠲ᠋ᠢᠮᠧᠲ᠋ᠷ ᠪᠣᠯᠤᠨ᠎ᠠ᠃ ᠨᠡᠯᠢᠶᠡᠳ ᠵᠦᠭᠡᠷ ᠰᠢᠭ ᠬᠣᠨᠢᠨ ᠤ᠋ ᠰᠡᠭᠦᠯ ᠦ᠋ᠨ ᠤᠷᠲᠤ ᠨᠢ 23 —24 ᠰᠡᠨᠲ᠋ᠢᠮᠧᠲ᠋ᠷ᠂ ᠥᠷᠭᠡᠨ ᠨᠢ 25—29 ᠰᠡᠨᠲ᠋ᠢᠮᠧᠲ᠋ᠷ᠃ ᠰᠡᠭᠦᠯ ᠦ᠋ᠨ ᠥᠭᠡᠬᠦᠨ ᠦ᠌ ᠬᠦᠨᠳᠦ ᠨᠢ7 ᠺᠢᠯᠣᠭ᠌ᠷᠠᠮ ᠣᠷᠴᠢᠮ ᠪᠤᠶᠤ ᠲᠡᠭᠦᠨ ᠡᠴᠡ ᠳᠡᠭᠡᠭᠰᠢᠬᠢ ᠪᠠᠰᠠ ᠪᠠᠢᠳᠠᠭ᠃ ᠦᠵᠦᠮᠦᠴᠢᠨ ᠬᠣᠨᠢᠨ ᠤ᠋ ᠨᠢᠲᠤᠯᠭᠠ ᠶ᠋ᠢᠨ ᠭᠠᠷᠤᠴᠠ ᠨᠢ 50% ᠡᠴᠡ ᠳᠡᠭᠡᠭᠰᠢ ᠪᠠᠢᠳᠠᠭ᠃ᠥᠪᠥᠷ ᠮᠣᠩᠭᠣᠯ ᠤ᠋ᠨ ᠲᠠᠷᠢᠶᠠᠯᠠᠩ ᠮᠠᠯ ᠠᠵᠤ ᠠᠬᠤᠢ ᠶ᠋ᠢᠨ ᠳᠡᠭᠡᠳᠦ ᠰᠤᠷᠭᠠᠭᠤᠯᠢ ᠶ᠋ᠢᠨ ᠳᠡᠳ᠋ ᠫᠷᠣᠹᠧᠰᠰᠣᠷ ᠰᠡᠯᠢ ᠵᠡᠷᠭᠡ ᠪᠠᠭᠰᠢ ᠨᠠᠷ ᠤ᠋ᠨ ᠡᠷᠢᠶᠡᠨᠭᠣᠪᠢ ᠲᠠᠯᠠᠪᠠᠢ ᠳ᠋ᠤ᠌ ᠬᠢᠭᠰᠡᠨ ᠲᠤᠷᠰᠢᠯᠲᠠ ᠶ᠋ᠢᠨ ᠳ᠋ᠦᠩ ᠡᠴᠡ ᠦᠵᠡᠪᠡᠯ ᠡᠷ᠎ᠡ ᠬᠣᠨᠢᠨ ᠤ᠋ ᠨᠢᠲᠤᠯᠭᠠ ᠶ᠋ᠢᠨ ᠭᠠᠷᠤᠴᠠ 53.4% ᠳ᠋ᠦ᠍ ᠬᠦᠷᠴᠡᠢ᠃ ᠡᠭᠦᠨ ᠢ᠋ ᠰᠥᠨᠢᠳ ᠦ᠋ᠨ ᠮᠣᠩᠭᠣᠯ ᠬᠣᠨᠢᠨ ᠤ᠋ ᠨᠢᠲᠤᠯᠭᠠ ᠶ᠋ᠢᠨ ᠭᠠᠷᠤᠴᠠ 50.1%᠂ ᠲᠥᠪᠡᠳ ᠬᠣᠨᠢᠨ ᠤ᠋ ᠨᠢᠲᠤᠯᠭᠠ ᠶ᠋ᠢᠨ ᠭᠠᠷᠤᠴᠠ 48.68%᠂ ᠠᠯᠲᠠᠢ ᠬᠣᠨᠢᠨ ᠤ᠋ ᠨᠢᠲᠤᠯᠭᠠ ᠶ᠋ᠢᠨ ᠭᠠᠷᠤᠴᠠ 53% ᠲᠠᠢ ᠠᠳᠠᠯᠢᠳᠬᠠᠪᠠᠯ᠂ ᠲᠤᠰ ᠲᠤᠰ 3.3%᠂ 4.72%᠂ 0.4% ᠪᠡᠷ ᠳᠠᠪᠠᠵᠤ ᠪᠠᠢᠨ᠎ᠠ (ᠲᠤᠰ ᠬᠦᠰᠦᠨᠦᠭᠲᠦ ᠶ᠋ᠢᠨ ᠮᠠᠲ᠋ᠧᠷᠢᠶᠠᠯ ᠢ᠋ ᠥᠪᠥᠷ ᠮᠣᠩᠭᠣᠯ ᠤ᠋ᠨ ᠲᠠᠷᠢᠶᠠᠯᠠᠩ ᠮᠠᠯ ᠠᠵᠤ ᠠᠬᠤᠢ ᠶ᠋ᠢᠨ ᠳᠡᠭᠡᠳᠦ ᠰᠤᠷᠭᠠᠭᠤᠯᠢ ᠶ᠋ᠢᠨ ᠰᠠᠯᠢ ᠵᠡᠷᠭᠡ ᠪᠠᠭᠰᠢ ᠶ᠋ᠢᠨ ᠪᠠᠢᠴᠠᠭᠠᠯᠲᠠ ᠶ᠋ᠢᠨ ᠮᠡᠳᠡᠭᠦᠯᠦᠯᠲᠡ ᠡᠴᠡ ᠠᠪᠤᠪᠠ)᠃
ᠵᠠᠩ ᠱᠢ ᠴᠤᠸᠠᠨ ᠂ ᠮᠥᠩᠬᠡ᠂ ᠮᠠ᠊ᠨᠨᠠ ᠂ ᠨᠠᠮᠵᠢᠯ ᠨᠠᠷ ᠤ᠋ᠨ 82 ᠣᠨ ᠤ᠋ ᠡᠪᠦᠯ ᠪᠠᠷᠠᠭᠤᠨ ᠦᠵᠦᠮᠦᠴᠢᠨ ᠦ᠌ ᠦᠵᠦᠮᠦᠴᠢᠨ ᠬᠣᠨᠢᠨ ᠤ᠋ ᠬᠠᠪᠢᠷᠭ᠎ᠠ ᠪᠠ ᠨᠢᠷᠤᠭᠤᠨ ᠤ᠋᠂ ᠰᠢᠨᠵᠢᠯᠡᠯᠲᠡ ᠪᠣᠯᠤᠨ᠂ 7 ᠰᠠᠷ᠎ᠠ ᠪᠣᠯᠵᠤ ᠪᠠᠢᠭ᠎ᠠ ᠡᠷ᠎ᠡ ᠬᠤᠷᠠᠭ᠎ᠠ ᠶ᠋ᠢ ᠨᠢᠲᠤᠯᠵᠤ ᠮᠢᠬᠠᠨ ᠭᠠᠷᠤᠯᠲᠠ ᠶ᠋ᠢ ᠨᠢ ᠬᠡᠮᠵᠢᠨ ᠠᠳᠠᠯᠢᠳᠬᠠᠭᠰᠠᠨ ᠲᠤᠷᠰᠢᠯᠲᠠ ᠶ᠋ᠢ ᠦᠨᠳᠦᠰᠦᠯᠡᠪᠡᠯ᠂ ᠦᠵᠦᠮᠦᠴᠢᠨ ᠬᠣᠨᠢᠨ ᠤ᠋ ᠳᠣᠲᠣᠷ᠎ᠠ14 ᠬᠣᠣᠰ ᠬᠠᠪᠢᠷᠭ᠎ᠠ ᠲᠠᠢ ᠬᠣᠨᠢ 20% ᠣᠷᠴᠢᠮ ᠢ᠋ ᠡᠵᠡᠯᠡᠵᠦ ᠪᠠᠢᠬᠤ ᠪᠥᠭᠡᠳ 7 ᠦᠶ᠎ᠡ ᠨᠢᠷᠤᠭᠤᠨ ᠶᠠᠰᠤ ᠲᠠᠢ ᠬᠣᠨᠢ 40% ᠣᠷᠴᠢᠮ ᠢ᠋ ᠡᠵᠡᠯᠡᠵᠦ ᠪᠠᠢᠨ᠎ᠠ᠃ 7 ᠰᠠᠷ᠎ᠠ ᠪᠣᠯᠵᠤ ᠪᠠᠢᠭ᠎ᠠ ᠡᠷ᠎ᠡ ᠬᠤᠷᠠᠭᠠᠨ ᠤ᠋ ᠨᠢᠲᠤᠯᠤᠯᠲᠠ ᠶ᠋ᠢᠨ ᠳ᠋ᠦᠩ ᠡᠴᠡ ᠦᠵᠡᠪᠡᠯ᠂ ᠢᠯᠡᠭᠦᠦ ᠨᠢᠭᠡ ᠬᠣᠣᠰ ᠬᠠᠪᠢᠷᠭ᠎ᠠ ᠲᠠᠢ ᠨᠢ᠂ ᠬᠡᠪ ᠦ᠋ᠨ ᠬᠠᠪᠢᠷᠭ᠎ᠠ ᠲᠠᠢ ᠬᠤᠷᠠᠭᠠᠨ ᠡᠴᠡ ᠪᠠᠨ 2.45 ᠺᠢᠯᠣᠭ᠌ᠷᠠᠮ ᠮᠢᠬ᠎ᠠ ᠢᠯᠡᠭᠦᠦ ᠭᠠᠷᠤᠨ᠎ᠠ᠃
ᠬᠦᠰᠦᠨᠦᠭᠲᠦ 28 1979 ᠣᠨ ᠤ᠋ ᠡᠪᠦᠯ ᠡᠷᠢᠶᠡᠨᠭᠣᠪᠢ ᠲᠠᠯᠠᠪᠠᠢ ᠶ᠋ᠢᠨ ᠠᠳᠠᠯᠢ ᠪᠤᠰᠤ ᠨᠠᠰᠤᠨ ᠤ᠋ ᠦᠵᠦᠮᠦᠴᠢᠨ ᠡᠷ᠎ᠡ ᠬᠣᠨᠢᠨ ᠤ᠋ ᠨᠢᠲᠤᠯᠭᠠ ᠶ᠋ᠢᠨ ᠭᠠᠷᠤᠴᠠ ᠶ᠋ᠢ ᠬᠡᠮᠵᠢᠭᠰᠡᠨ ᠲᠤᠷᠰᠢᠯᠲᠠ ᠶ᠋ᠢᠨ ᠳ᠋ᠦᠩ

ᠦᠵᠦᠮᠦᠴᠢᠨ ᠬᠣᠨᠢ ᠪᠣᠯ ᠨᠣᠮᠣᠬᠠᠨ ᠲᠣᠭᠲᠠᠭᠤᠨ᠂ ᠢᠵᠢᠯᠢᠰᠡᠭ ᠵᠠᠩ ᠴᠢᠨᠠᠷ ᠲᠠᠢ ᠪᠥᠭᠡᠳ ᠰᠠᠷᠠᠯ ᠮᠡᠳᠡᠷᠡᠯ ᠨᠢ ᠬᠤᠷᠴᠠ ᠰᠣᠷᠭᠣᠭ ᠪᠠᠢᠳᠠᠭ ᠡᠴᠡ ᠡᠯ᠎ᠡ ᠶᠠᠩᠵᠤ ᠶ᠋ᠢᠨ ᠠᠷᠠᠴᠢᠯᠠᠭ᠎ᠠ ᠮᠠᠯᠵᠢᠯᠭ᠎ᠠ ᠳ᠋ᠤ᠌ ᠬᠢᠯᠪᠠᠷᠬᠠᠨ ᠲᠡᠰᠴᠦ ᠰᠤᠷᠳᠠᠭ᠃ ᠡᠢᠮᠦ ᠡᠴᠡ ᠬᠠᠷᠢᠭᠤᠯᠵᠤ ᠮᠠᠯᠵᠢᠬᠤ ᠳ᠋ᠤ᠌ ᠬᠢᠯᠪᠠᠷ᠂ ᠠᠷᠠᠴᠢᠯᠠᠵᠤ ᠳᠣᠳᠣᠮᠳᠠᠬᠤ ᠳ᠋ᠤ᠌ ᠳᠥᠭᠥᠮ ᠪᠠᠢᠳᠠᠭ᠃ ᠲᠤᠰ ᠬᠣᠨᠢᠨ ᠤ᠋ ᠪᠠᠰᠠ ᠨᠢᠭᠡᠨ ᠣᠨᠴᠠᠯᠢᠭ ᠭᠡᠪᠡᠯ᠂ ᠪᠠᠢᠭᠠᠯᠢ ᠶ᠋ᠢᠨ ᠠᠭᠤᠷ ᠠᠮᠢᠰᠬᠤᠯ ᠤ᠋ᠨ ᠬᠤᠪᠢᠷᠠᠯᠲᠠ ᠳ᠋ᠤ᠌ ᠲᠤᠩ ᠲᠡᠰᠪᠦᠷᠢ ᠳᠠᠭᠠᠭᠠᠴᠠ ᠲᠠᠢ ᠪᠠᠢᠳᠠᠭ᠃ ᠡᠪᠦᠯ ᠦ᠋ᠨ ᠲᠡᠰᠬᠢᠮ᠎ᠡ ᠬᠦᠢᠲᠡᠨ᠂ ᠴᠠᠰᠤ ᠰᠢᠭᠤᠷᠭᠠᠨ ᠳ᠋ᠤ᠌ ᠴᠤ᠌ ᠮᠥᠨ ᠬᠡᠪ ᠦ᠋ᠨ ᠪᠠᠢᠳᠠᠯ ᠢ᠋ᠶ᠋ᠠᠷ ᠪᠡᠯᠴᠢᠨ ᠢᠳᠡᠰᠢᠯᠡᠳᠡᠭ᠃ ᠨᠡᠩ ᠴᠦ᠍ ᠬᠠᠪᠤᠷ ᠤ᠋ᠨ ᠡᠬᠢᠨ ᠦ᠌ ᠬᠦᠢᠲᠡᠨ ᠰᠥᠨᠢ ᠭᠠᠷᠤᠭᠰᠠᠨ ᠬᠤᠷᠠᠭᠠᠨ ᠤ᠋ ᠬᠣᠶᠠᠷ ᠴᠢᠬᠢ ᠨᠢ ᠬᠥᠯᠳᠡᠭᠰᠡᠨ ᠴᠦ᠍ ᠡᠬᠡ ᠪᠡᠨ ᠬᠥᠬᠥᠴᠢᠬᠡᠪᠡᠯ ᠮᠥᠨᠴᠥ ᠠᠵᠢᠭ ᠴᠤ᠌ ᠥᠬᠡᠢ ᠪᠣᠯᠴᠢᠬᠠᠳᠠᠭ ᠶᠤᠮ᠃

ᠦᠵᠦᠮᠦᠴᠢᠨ ᠬᠣᠨᠢ ᠪᠣᠯ ᠪᠡᠯᠴᠢᠭᠡᠷᠯᠡᠭᠦᠯᠦᠨ ᠬᠠᠷᠢᠭᠤᠯᠬᠤ ᠳ᠋ᠤ᠌ ᠲᠤᠩ ᠲᠦᠷᠭᠡᠨ ᠲᠠᠷᠭᠤᠯᠠᠵᠤ᠂ ᠶᠡᠬᠡ ᠮᠢᠬᠠᠯᠠᠳᠠᠭ᠂ ᠦᠷᠡᠵᠢᠯᠲᠡ ᠶ᠋ᠢᠨ ᠨᠣᠷᠮ᠎ᠠ ᠨᠢ ᠳᠡᠮᠡᠢ ᠥᠨᠳᠥᠷ ᠪᠢᠰᠢ ᠪᠣᠯᠪᠠᠴᠤ᠂ ᠪᠣᠢᠵᠢᠯᠲᠠ ᠶ᠋ᠢᠨ ᠨᠣᠷᠮ᠎ᠠ ᠨᠢ ᠥᠨᠳᠥᠷ ᠪᠠᠢᠳᠠᠭ᠂ ᠲᠤᠰ ᠭᠠᠵᠠᠷ ᠣᠷᠣᠨ ᠤ᠋ ᠣᠷᠴᠢᠨ ᠠᠬᠤᠢ ᠳ᠋ᠤ᠌ ᠮᠠᠰᠢ ᠰᠠᠢᠨ ᠵᠣᠬᠢᠴᠠᠬᠤ ᠬᠣᠨᠢ ᠪᠣᠯᠬᠣᠷ᠂ ᠬᠣᠢᠰᠢᠳᠠ ᠲᠡᠭᠦᠨ ᠦ᠌ ᠶᠠᠰᠤ ᠴᠢᠨᠠᠷ ᠢ᠋ ᠨᠢ ᠤᠯᠠᠮ ᠴᠢᠨᠠᠭᠰᠢᠳᠠ ᠰᠠᠢᠵᠢᠷᠠᠭᠤᠯᠬᠤ ᠶ᠋ᠢᠨ ᠲᠤᠰᠠᠳᠠ᠂ ᠢᠯᠡᠭᠦᠦ ᠬᠠᠪᠢᠷᠭ᠎ᠠ ᠨᠢᠷᠤᠭᠤ ᠲᠠᠢ ᠭᠡᠬᠦ ᠮᠡᠲᠦ ᠶ᠋ᠢᠨ ᠠᠰᠢᠭᠲᠤ ᠰᠢᠨᠵᠢ ᠣᠨᠴᠠᠯᠢᠭ ᠪᠦᠬᠦᠢ ᠬᠣᠨᠢ ᠶ᠋ᠢ ᠰᠢᠯᠢᠨ ᠭᠠᠷᠭᠠᠵᠤ ᠬᠠᠷᠠᠯᠲᠠ ᠲᠠᠢ ᠪᠠᠷ ᠪᠣᠢᠵᠢᠭᠤᠯᠪᠠᠯ ᠵᠣᠬᠢᠨ᠎ᠠ᠃ ᠨᠥᠭᠦᠭᠡ ᠲᠠᠯ᠎ᠠ ᠪᠠᠷ᠂ 182 ᠨᠢᠭᠤᠷ ᠡᠷ᠎ᠡ ᠬᠤᠷᠠᠭᠠᠨ ᠤ᠋ ᠣᠯᠠᠩᠬᠢ ᠶ᠋ᠢ ᠲᠤᠰ ᠵᠢᠯ ᠳ᠋ᠦ᠍ᠨᠢ ᠵᠠᠷᠤᠵᠤ᠂ ᠮᠠᠯ ᠰᠦᠷᠦᠭ ᠦ᠋ᠨ ᠡᠷᠭᠢᠯᠲᠡ ᠶ᠋ᠢ ᠲᠦᠷᠭᠡᠳᠬᠡᠬᠦ ᠶ᠋ᠢᠨ ᠳᠠᠭᠠᠤ᠂ ᠪᠠᠭ᠎ᠠ ᠥᠷᠲᠡᠭ ᠵᠠᠷᠤᠴᠠᠭᠤᠯᠤᠨ ᠶᠡᠬᠡ ᠬᠡᠮᠵᠢᠶᠡᠨ ᠦ᠌ ᠮᠢᠬ᠎ᠠ ᠭᠠᠷᠭᠠᠵᠤ᠂ ᠮᠠᠯᠴᠢᠳ ᠤ᠋ᠨ ᠣᠷᠣᠯᠭ᠎ᠠ ᠶ᠋ᠢ ᠨᠡᠮᠡᠭᠳᠡᠭᠦᠯᠦᠨ᠂ ᠭᠠᠵᠠᠷ ᠣᠷᠣᠨ ᠤ᠋ ᠪᠠᠨ ᠪᠦᠲᠦᠭᠡᠨ ᠪᠠᠢᠭᠤᠯᠤᠯᠲᠠ ᠶ᠋ᠢ ᠠᠬᠢᠭᠤᠯᠬᠤ ᠳ᠋ᠤ᠌ ᠦᠵᠦᠮᠦᠴᠢᠨ ᠬᠣᠨᠢᠨ ᠤ᠋ ᠦᠢᠯᠡᠳᠦᠯ ᠢ᠋ ᠤᠯᠠᠮ ᠶᠡᠬᠡ ᠪᠠᠳᠠᠷᠠᠭᠤᠯᠤᠨ ᠠᠰᠢᠭᠯᠠᠬᠤ ᠴᠢᠬᠤᠯᠠᠲᠠᠢ ᠪᠠᠢᠨ᠎ᠠ᠃
2.ᠬᠠᠨ ᠶᠠᠩ ᠬᠣᠨᠢ᠄ ᠬᠠᠨ ᠶᠠᠩ ᠬᠣᠨᠢ ᠪᠣᠯ ᠮᠣᠩᠭᠣᠯ ᠬᠣᠨᠢᠨ ᠤ᠋ ᠳᠡᠳ᠋ ᠲᠥᠷᠥᠯ ᠳ᠋ᠦ᠍ ᠪᠠᠭᠲᠠᠨ᠎ᠠ ᠃ᠲᠤᠰ ᠬᠣᠨᠢ ᠶ᠋ᠢ ᠬᠠᠲᠤᠨ ᠭᠣᠣᠯ ᠤ᠋ᠨ ᠳᠤᠮᠳᠠᠳᠤ ᠤᠷᠤᠰᠬᠠᠯ ᠳᠠᠭᠠᠤ ᠣᠷᠣᠨ ᠂ ᠳᠠᠷᠤᠢ ᠾᠧᠪᠧᠢ ᠶ᠋ᠢᠨ ᠳᠤᠮᠳᠠᠳᠤ ᠬᠡᠰᠡᠭ᠂ ᠱᠠᠨᠳᠦᠩ ᠦ᠋ᠨ ᠪᠠᠷᠠᠭᠤᠨ ᠡᠮᠦᠨᠡᠲᠦ ᠬᠡᠰᠡᠭ ᠂ ᠾᠧᠨᠠᠨ ᠤ᠋ ᠤᠮᠠᠷᠠᠲᠤ ᠬᠡᠰᠡᠭ ᠦ᠋ᠨ ᠭᠠᠵᠠᠷ ᠣᠷᠣᠨ ᠢ᠋ᠶ᠋ᠠᠷ ᠮᠠᠯᠵᠢᠵᠤ ᠪᠠᠢᠨ᠎ᠠ ᠃
ᠰᠢᠨᠵᠢ ᠪᠠᠢᠳᠠᠯ᠄ ᠤᠨᠵᠢᠭᠢᠷ ᠲᠣᠮᠣ ᠴᠢᠬᠢ ᠲᠡᠢ᠂ ᠬᠦᠵᠦᠭᠦᠦ ᠨᠢ ᠤᠷᠲᠤ᠂ ᠪᠥᠭᠰᠡᠨ ᠪᠡᠶ᠎ᠡ ᠨᠢ ᠪᠦᠳᠦᠭᠦᠨ᠂ ᠪᠣᠷᠪᠢ ᠳ᠋ᠠᠭᠠᠨ ᠲᠤᠯᠤᠭᠰᠠᠨ ᠲᠣᠮᠣ ᠰᠡᠭᠦᠯ ᠲᠡᠢ᠂ ᠬᠤᠴᠠ ᠨᠢ ᠡᠪᠡᠷ ᠲᠡᠢ᠂ ᠡᠮ᠎ᠡ ᠬᠣᠨᠢ ᠨᠢ ᠡᠪᠡᠷ ᠦᠭᠡᠢ ᠪᠤᠶᠤ ᠪᠠᠭ᠎ᠠ ᠰᠢᠭ᠋ ᠡᠪᠡᠷ ᠲᠡᠢ᠂᠂ ᠪᠦᠷ ᠴᠠᠭᠠᠨ ᠵᠢᠰᠦ ᠲᠡᠢ᠃ ᠲᠤᠰ ᠬᠣᠨᠢ ᠶ᠋ᠢ ᠰᠡᠭᠦᠯ ᠦ᠋ᠨ ᠬᠢᠨᠢ ᠪᠠᠢᠳᠠᠯ ᠢ᠋ᠶ᠋ᠠᠷ ᠲᠣᠮᠣ ᠰᠡᠭᠦᠯᠲᠦ ᠬᠠᠨ ᠶᠠᠩ ᠪᠣᠯᠤᠨ ᠪᠠᠭ᠎ᠠ ᠰᠡᠭᠦᠯᠲᠦ ᠬᠠᠨ ᠶᠠᠩ ᠭᠡᠵᠦ ᠬᠣᠶᠠᠷ ᠵᠦᠢᠯ ᠢ᠋ᠶ᠋ᠡᠷ ᠢᠯᠭᠠᠳᠠᠭ ᠶᠤᠮ᠃
ᠬᠠᠨ ᠶᠠᠩ ᠬᠣᠨᠢᠨ ᠤ᠋ ᠨᠣᠣᠰᠣᠨ ᠤ᠋ ᠶᠠᠰᠤ ᠴᠢᠨᠠᠷ ᠨᠢ ᠪᠤᠰᠤᠳ ᠭᠠᠵᠠᠷ ᠣᠷᠣᠨ ᠤ᠋ ᠡᠭᠦᠯᠳᠡᠷ ᠦ᠋ᠨ ᠬᠣᠨᠢᠨ ᠡᠴᠡ ᠰᠠᠢᠨ ᠪᠠᠢᠬᠤ ᠪᠠᠷ ᠪᠠᠷᠠᠬᠤ ᠦᠭᠡᠢ᠂ ᠪᠠᠰᠠ ᠦᠷᠡᠵᠢᠬᠦ ᠴᠢᠳᠠᠪᠤᠷᠢ ᠨᠢ ᠣᠨᠴᠠ ᠥᠨᠳᠥᠷ ᠪᠠᠢᠳᠠᠭ ᠃ᠨᠥᠭᠦᠭᠡ ᠲᠠᠯ᠎ᠠ ᠪᠠᠷ ᠪᠣᠢᠵᠢᠯᠲᠠ ᠨᠢ ᠲᠦᠷᠭᠡᠨ ᠂ᠮᠢᠬᠠᠨ ᠤ᠋ ᠭᠠᠷᠤᠯᠲᠠ ᠪᠡᠷ ᠴᠦ᠍ ᠨᠡᠯᠢᠶᠡᠳ ᠰᠠᠢᠨ ᠶᠤᠮ᠃ ᠬᠦᠷᠦᠯᠴᠡᠬᠦ ᠦᠭᠡᠢ ᠲᠠᠯ᠎ᠠ ᠭᠡᠪᠡᠯ᠂ ᠲᠤᠰ ᠬᠣᠨᠢᠨ ᠤ᠋ ᠨᠣᠣᠰᠣ ᠨᠢ ᠬᠣᠯᠢᠮᠠᠭ ᠬᠡᠯᠪᠡᠷᠢ ᠶ᠋ᠢᠨ ᠪᠥᠭᠡᠳ ᠭᠠᠷᠤᠯᠲᠠ ᠨᠢ ᠲᠤᠩ ᠪᠠᠭ᠎ᠠ ᠪᠢᠯᠡ᠃ ᠡᠢᠮᠦ ᠡᠴᠡ ᠬᠣᠢᠰᠢᠳᠠ ᠨᠠᠷᠢᠪᠲᠤᠷ ᠨᠣᠣᠰᠣᠲᠤ ᠡᠭᠦᠯᠳᠡᠷ ᠢ᠋ᠶ᠋ᠡᠷ ᠡᠷᠯᠢᠰᠡᠵᠢᠭᠦᠯᠦᠨ ᠥᠭᠡᠷᠡᠴᠢᠯᠡᠵᠦ᠂ ᠨᠣᠣᠰᠣ ᠮᠢᠬᠠᠨ ᠤ᠋ ᠬᠡᠷᠡᠭᠴᠡᠭᠡ ᠥᠭᠡᠳᠡ ᠬᠥᠭᠵᠢᠭᠦᠯᠪᠡᠯ ᠵᠣᠬᠢᠨ᠎ᠠ᠃
ᠵᠢᠷᠤᠭ 22 ᠬᠠᠨ ᠶᠠᠩ ᠬᠣᠨᠢ
A .ᠲᠣᠮᠣ ᠰᠡᠭᠦᠯᠲᠦ ᠬᠠᠨ ᠶᠠᠩ ᠬᠣᠨᠢ
B. ᠪᠠᠭ᠎ᠠ ᠰᠡᠭᠦᠯᠲᠦ ᠬᠠᠨ ᠶᠠᠩ ᠬᠣᠨᠢ

ᠬᠦᠰᠦᠨᠦᠭᠲᠦ 29 ᠬᠠᠨ ᠶᠠᠩ ᠬᠣᠨᠢᠨ ᠤ᠋ ᠠᠰᠢᠭ ᠰᠢᠮ᠎ᠡ ᠶ᠋ᠢᠨ ᠭᠠᠷᠤᠯᠲᠠ

3.ᠲᠦᠩ ᠶᠠᠩ ᠬᠣᠨᠢ᠄ ᠲᠦᠩ ᠶᠠᠩ ᠬᠣᠨᠢᠨ ᠤ᠋ ᠤᠭ ᠢᠷᠡᠯᠲᠡ ᠨᠢ ᠮᠥᠨ ᠴᠦ᠍ ᠮᠣᠩᠭᠣᠯ ᠬᠣᠨᠢᠨ ᠡᠴᠡ ᠢᠷᠡᠵᠡᠢ ᠃ᠲᠤᠰ ᠬᠣᠨᠢ ᠪᠣᠯ ᠱᠠᠨ ᠰᠢ ᠮᠣᠵᠢ ᠶ᠋ᠢᠨ ᠲᠦᠩ ᠴᠤᠸᠠᠨ ᠵᠢᠴᠢ ᠲᠡᠭᠦᠨ ᠦ᠌ ᠣᠷᠴᠢᠮ ᠳ᠋ᠠᠬᠢ ᠰᠢᠶᠠᠨ ᠨᠤᠭᠤᠳ ᠲᠤ᠌ ᠲᠠᠷᠬᠠᠵᠤ ᠪᠣᠢ᠃ ᠤᠯᠠᠮᠵᠢᠯᠠᠯ ᠶᠠᠷᠢᠶ᠎ᠠ ᠶ᠋ᠢ ᠦᠨᠳᠦᠰᠦᠯᠡᠪᠡᠯ ᠠᠯᠢ ᠡᠷᠲᠡ ᠳᠠᠩ ᠤᠯᠤᠰ ᠤ᠋ᠨ ᠦᠶ᠎ᠡ ᠳ᠋ᠦ᠍ ᠬᠣᠲᠣᠩ ᠦᠨᠳᠦᠰᠦᠲᠡᠨ ᠬᠤᠸᠠᠩ ᠯᠦᠩ ᠱᠠᠨ ᠣᠷᠴᠢᠮ ᠢ᠋ᠶ᠋ᠠᠷ ᠨᠡᠭᠦᠨ ᠢᠷᠡᠬᠦ ᠳ᠋ᠡᠭᠡᠨ ᠨᠢᠭᠡ ᠪᠦᠯᠦᠭ ᠲᠣᠮᠣ ᠰᠡᠭᠦᠯᠲᠦ ᠬᠣᠨᠢ ᠶ᠋ᠢ ᠠᠪᠴᠢᠷᠠᠵᠤ ᠭᠡᠨ᠎ᠡ᠃ ᠡᠭᠦᠨ ᠡᠴᠡ ᠬᠣᠢᠰᠢ ᠤᠷᠲᠤ ᠬᠤᠭᠤᠴᠠᠭᠠᠨ ᠤ᠋ ᠲᠤᠷᠰᠢᠳᠠ ᠨᠠᠷᠢᠨ ᠨᠢᠮᠪᠠᠢ ᠠᠷᠠᠴᠢᠯᠠᠭ᠎ᠠ ᠪᠠ ᠰᠢᠯᠢᠨ ᠰᠣᠩᠭᠣᠯᠲᠠ ᠪᠠᠷ ᠳᠠᠮᠵᠢᠭᠠᠳ᠂ ᠡᠳᠦᠭᠡ ᠶ᠋ᠢᠨ ᠲᠦᠩ ᠶᠠᠩ ᠬᠣᠨᠢ ᠪᠣᠯᠤᠭᠰᠠᠨ ᠭᠡᠨ᠎ᠡ᠃
ᠲᠦᠩ ᠶᠠᠩ ᠬᠣᠨᠢᠨ ᠤ᠋ ᠰᠢᠨᠵᠢ ᠪᠠᠢᠳᠠᠯ ᠨᠢ ᠶᠡᠬᠡ ᠲᠥᠯᠥᠪ ᠬᠠᠨ ᠶᠠᠩ ᠬᠣᠨᠢ ᠲᠠᠢ ᠠᠳᠠᠯᠢᠪᠲᠤᠷ ᠪᠣᠯᠪᠠᠴᠤ᠂ ᠲᠤᠰ ᠬᠣᠨᠢ ᠪᠦᠷ ᠡᠪᠡᠷ ᠦᠭᠡᠢ᠂ ᠵᠠᠷᠢᠮ ᠨᠢ ᠪᠠᠰᠠ ᠬᠦᠵᠦᠭᠦᠨ ᠳ᠋ᠡᠭᠡᠨ ᠮᠣᠨᠴᠣᠭ ᠲᠠᠢ ᠶᠤᠮ᠃ ᠴᠡᠭᠡᠵᠢᠨ ᠪᠡᠶ᠎ᠡ ᠨᠢ ᠪᠠᠭ᠎ᠠ ᠰᠢᠭ᠋ ᠪᠥᠭᠡᠳ ᠬᠤᠴᠠᠨ ᠤ᠋ ᠨᠢᠷᠤᠭᠤ ᠨᠢ ᠪᠠᠭ᠎ᠠ ᠵᠡᠷᠭᠡ ᠬᠣᠲᠣᠭᠣᠷ ᠪᠠᠢᠳᠠᠯ ᠲᠠᠢ᠃ ᠨᠡᠢᠳᠡᠮ ᠴᠠᠭᠠᠨ ᠵᠢᠰᠦ ᠲᠡᠢ᠃
ᠲᠤᠰ ᠬᠣᠨᠢᠨ ᠤ᠋ ᠨᠣᠣᠰᠣᠨ ᠤ᠋ ᠶᠠᠰᠤ ᠴᠢᠨᠠᠷ ᠨᠢ ᠨᠡᠯᠢᠶᠡᠳ ᠰᠠᠢᠨ᠂ ᠨᠣᠣᠰᠣᠨ ᠭᠠᠷᠤᠯᠲᠠ ᠨᠢ 1 —1.5 ᠺᠢᠯᠣᠭ᠌ᠷᠠᠮ᠂ ᠨᠣᠣᠰᠣᠨ ᠤ᠋ ᠨᠠᠷᠢᠨ ᠨᠢ 50 —60 ᠰᠢᠷᠬᠡᠭ ᠣᠷᠴᠢᠮ᠂ ᠠᠮᠢᠳᠤ ᠶ᠋ᠢᠨ ᠵᠢᠩ ᠨᠢ ᠳᠤᠮᠳᠠᠴᠢ ᠪᠠᠷ 50 — 60 ᠺᠢᠯᠣᠭ᠌ᠷᠠᠮ; ᠨᠢᠲᠤᠯᠭᠠ ᠶ᠋ᠢᠨ ᠭᠠᠷᠤᠯᠲᠠ ᠨᠢ 40 — 50%; ᠦᠷᠡᠵᠢᠯᠲᠡ ᠶ᠋ᠢᠨ ᠨᠣᠷᠮ᠎ᠠ ᠨᠢ120% ᠪᠠᠢᠳᠠᠭ᠃

ᠲᠦᠩ ᠶᠠᠩ ᠬᠣᠨᠢ ᠶ᠋ᠢ ᠱᠠᠨ ᠰᠢ ᠮᠣᠵᠢ ᠡᠴᠡ ᠨᠠᠷᠢᠪᠲᠤᠷ᠂ ᠨᠣᠣᠰᠣᠨ ᠤ᠋ ᠵᠦᠭ ᠬᠥᠭᠵᠢᠭᠦᠯᠬᠦ ᠪᠡᠷ ᠲᠣᠭᠲᠠᠭᠠᠵᠤ᠂ ᠡᠭᠦᠯᠳᠡᠷ ᠦ᠋ᠨ ᠳᠣᠲᠣᠷ᠎ᠠ ᠨᠢ ᠰᠣᠩᠭᠣᠨ ᠪᠣᠢᠵᠢᠭᠤᠯᠬᠤ ᠶ᠋ᠢᠨ ᠬᠠᠮᠲᠤ᠂ ᠵᠣᠬᠢᠬᠤ ᠬᠡᠪᠴᠢᠶᠡᠨ᠎ᠡ ᠡᠷᠯᠢᠰᠡᠵᠢᠭᠦᠯᠦᠯᠲᠡ ᠶ᠋ᠢᠨ ᠠᠷᠭ᠎ᠠ ᠶ᠋ᠢ ᠬᠡᠷᠡᠭᠯᠡᠵᠦ᠂ ᠤᠳᠠᠯ ᠦᠭᠡᠢ ᠮᠢᠬ᠎ᠠ᠂ᠨᠣᠣᠰᠣᠨ ᠤ᠋ ᠬᠡᠷᠡᠭᠴᠡᠭᠡᠲᠦ ᠨᠠᠷᠢᠪᠲᠤᠷ ᠨᠣᠣᠰᠣᠲᠤ ᠡᠭᠦᠯᠳᠡᠷ — ᠰᠢᠨ᠎ᠡ ᠲᠦᠩ ᠶᠠᠩ ᠬᠣᠨᠢ ᠶ᠋ᠢ ᠪᠣᠢᠵᠢᠭᠤᠯᠤᠨ ᠭᠠᠷᠭᠠᠬᠤ ᠪᠣᠯᠤᠨ᠎ᠠ᠃
4.ᠬᠤᠲ᠋ᠠᠨ ᠬᠣᠨᠢ᠄ ᠬᠤᠲ᠋ᠠᠨ ᠬᠣᠨᠢ ᠪᠣᠯ ᠮᠥᠨ ᠮᠣᠩᠭᠣᠯ ᠬᠣᠨᠢᠨ ᠤ᠋ ᠤᠳᠤᠮ ᠲᠠᠢ ᠶᠤᠮ᠃ ᠲᠤᠰ ᠬᠣᠨᠢ ᠶ᠋ᠢ ᠣᠳᠣ ᠰᠢᠨᠵᠢᠶᠠᠩ
186 ᠨᠢᠭᠤᠷ ᠤ᠋ᠨ ᠤᠢᠭᠤᠷ ᠤ᠋ᠨ ᠥᠪᠡᠷᠲᠡᠭᠡᠨ ᠵᠠᠰᠠᠬᠤ ᠣᠷᠣᠨ ᠤ᠋ ᠳᠠᠷᠢᠮ ᠤ᠋ᠨ ᠬᠣᠲᠣᠭᠣᠷ ᠤ᠋ᠨ ᠡᠮᠦᠨ᠎ᠡ ᠬᠠᠪᠢ ᠺᠦᠨᠯᠦ᠋ᠨ ᠠᠭᠤᠯᠠ ᠶ᠋ᠢᠨ ᠠᠷᠤ ᠳ᠋ᠠᠬᠢ ᠬᠤᠲ᠋ᠠᠨ ᠲᠤᠰᠬᠠᠢ ᠣᠷᠣᠨ ᠤ᠋ ᠡᠯ᠎ᠡ ᠰᠢᠶᠠᠨ ᠨᠤᠭᠤᠳ ᠲᠤ᠌ ᠮᠠᠯᠵᠢᠵᠤ ᠪᠠᠢᠨ᠎ᠠ᠃
ᠬᠤᠲ᠋ᠠᠨ ᠬᠣᠨᠢ ᠪᠣᠯ ᠪᠡᠶ᠎ᠡ ᠪᠡᠷ ᠳᠤᠮᠳᠠ ᠵᠡᠷᠭᠡ᠂ ᠪᠡᠶ᠎ᠡ ᠴᠣᠭᠴᠠ ᠨᠢ ᠴᠢᠭᠢᠷᠠᠭ᠂ ᠤᠷᠲᠤᠯᠢᠭ ᠪᠡᠶ᠎ᠡ ᠲᠡᠢ᠂ ᠬᠥᠯ ᠨᠢ ᠥᠨᠳᠥᠷ᠂ ᠣᠯᠠᠩᠬᠢ ᠬᠣᠨᠢ ᠨᠢ ᠬᠠᠷ᠎ᠠ ᠲᠡᠷᠢᠭᠦᠨ᠂ ᠰᠢᠭᠢᠷ᠎ᠡ ᠠᠯᠠᠭ᠂ ᠶᠡᠬᠡ ᠪᠡᠶ᠎ᠡ ᠨᠢ ᠴᠠᠭᠠᠨ ᠵᠢᠰᠦ ᠲᠡᠢ ᠪᠠᠢᠳᠠᠭ᠃ ᠣᠯᠠᠩᠬᠢ ᠬᠤᠴᠠ ᠨᠢ ᠡᠪᠡᠷ ᠲᠡᠢ᠂ ᠡᠮ᠎ᠡ ᠬᠣᠨᠢᠨ ᠤ᠋ ᠣᠯᠠᠩᠬᠢ ᠨᠢ ᠡᠪᠡᠷ ᠦᠭᠡᠢ᠃ ᠬᠤᠲ᠋ᠠᠨ ᠬᠣᠨᠢᠨ ᠤ᠋ ᠨᠣᠣᠰᠣᠨ ᠤ᠋ ᠣᠯᠠᠩᠬᠢ ᠨᠢ ᠵᠠᠪᠰᠠᠷ ᠤ᠋ᠨ ᠴᠢᠨᠠᠷ ᠲᠠᠢ ᠨᠣᠣᠰᠣ ᠪᠣᠯᠤᠨ᠎ᠠ᠃ ᠬᠠᠳᠠᠮᠠᠯ ᠪᠠ ᠦᠬᠦᠮᠡᠯ ᠨᠣᠣᠰᠣ ᠪᠠᠷ ᠴᠥᠭᠡᠨ᠂ ᠨᠣᠣᠰᠣ ᠨᠢ ᠪᠡᠬᠢᠯᠢᠭ᠂ ᠤᠶᠠᠨ ᠬᠠᠳᠠᠨ ᠴᠢᠨᠠᠷ ᠢ᠋ᠶ᠋ᠠᠷ ᠰᠠᠢᠨ ᠪᠠᠢᠳᠠᠭ᠃ ᠲᠡᠢᠮᠦ ᠡᠴᠡ ᠲᠤᠰ ᠬᠣᠨᠢᠨ ᠤ᠋ ᠨᠣᠣᠰᠣ ᠪᠣᠯ ᠬᠡᠪᠢᠰ ᠬᠢᠬᠦ ᠬᠠᠩᠭᠠᠮᠵᠢᠲᠠᠢ ᠰᠠᠢᠨ ᠮᠠᠲ᠋ᠧᠷᠢᠶᠠᠯ ᠪᠣᠯᠤᠨ᠎ᠠ᠃ ᠤᠯᠤᠰ ᠤ᠋ᠨ ᠳᠣᠲᠣᠭᠠᠳᠤ ᠭᠠᠳᠠᠭᠠᠳᠤ ᠳ᠋ᠤ᠌ ᠨᠡᠷ᠎ᠡ ᠠᠯᠳᠠᠷᠰᠢᠭᠰᠠᠨ《ᠾᠧ ᠭᠦᠸᠧ ᠬᠡᠪᠢᠰ》 ᠢ᠋ ᠪᠣᠯ ᠳᠠᠷᠤᠢ ᠲᠤᠰ ᠬᠣᠨᠢᠨ ᠤ᠋ ᠨᠣᠣᠰᠣ ᠪᠠᠷ ᠨᠡᠬᠡᠭᠰᠡᠨ ᠶᠤᠮ᠃《ᠾᠧ ᠭᠦᠸᠧ ᠬᠡᠪᠢᠰ》 ᠢ᠋ ᠳᠡᠯᠡᠬᠡᠢ ᠶ᠋ᠢᠨ ᠵᠠᠬ᠎ᠠ ᠳᠡᠯᠭᠡᠭᠦᠷ ᠲᠦ᠍ ᠭᠠᠷᠭᠠᠬᠤ ᠳ᠋ᠤ᠌ ᠭᠦᠢᠯᠭᠡᠭᠡ ᠪᠡᠷ ᠰᠠᠢᠨ ᠪᠥᠭᠡᠳ ᠦᠨ᠎ᠡ ᠥᠷᠲᠡᠭ ᠨᠢ ᠴᠦ᠍ ᠨᠡᠯᠢᠶᠡᠳ ᠥᠨᠳᠥᠷ ᠪᠠᠢᠳᠠᠭ᠃
ᠬᠤᠲ᠋ᠠᠨ ᠬᠣᠨᠢᠨ ᠤ᠋ ᠠᠰᠢᠭ ᠰᠢᠮ᠎ᠡ ᠶ᠋ᠢᠨ ᠭᠠᠷᠤᠯᠲᠠ᠄ ᠠᠮᠢᠳᠤ ᠶ᠋ᠢᠨ ᠵᠢᠩ ᠨᠢ ᠳᠤᠮᠳᠠᠴᠢ ᠪᠠᠷ ᠂ ᠬᠤᠴᠠ44 ᠺᠢᠯᠣᠭ᠌ᠷᠠᠮ᠂ ᠡᠮ᠎ᠡ ᠬᠣᠨᠢ 36 ᠺᠢᠯᠣᠭ᠌ᠷᠠᠮ; ᠨᠣᠣᠰᠣᠨ ᠭᠠᠷᠤᠯᠲᠠ ᠳᠤᠮᠳᠠᠴᠢ ᠪᠠᠷ ᠬᠤᠴᠠ 2 ᠺᠢᠯᠣᠭ᠌ᠷᠠᠮ᠂ ᠡᠮ᠎ᠡ ᠬᠣᠨᠢ 1.7 ᠺᠢᠯᠣᠭ᠌ᠷᠠᠮ;᠂ ᠨᠣᠣᠰᠣᠨ ᠤ᠋ ᠤᠷᠲᠤ ᠨᠢ ᠳᠤᠮᠳᠠᠴᠢ ᠪᠠᠷ ᠬᠤᠴᠠ 16.5 ᠰᠡᠨᠲ᠋ᠢᠮᠧᠲ᠋ᠷ᠂ ᠡᠮ᠎ᠡ ᠬᠣᠨᠢ 14.5 ᠰᠡᠨᠲ᠋ᠢᠮᠧᠲ᠋ᠷ; ᠨᠢᠲᠤᠯᠭᠠ ᠶ᠋ᠢᠨ ᠭᠠᠷᠤᠴᠠ ᠨᠢ 45% ᠣᠷᠴᠢᠮ; ᠦᠷᠡᠵᠢᠯᠲᠡ ᠶ᠋ᠢᠨ ᠨᠣᠷᠮ᠎ᠠ ᠨᠢ 102.52% ᠪᠣᠯᠤᠨ᠎ᠠ᠃
ᠬᠤᠲ᠋ᠠᠨ ᠬᠣᠨᠢ ᠪᠣᠯ ᠪᠦᠳᠦᠭᠦᠯᠢᠭ ᠮᠠᠯᠵᠢᠯᠭ᠎ᠠ ᠳ᠋ᠤ᠌ ᠳᠠᠭᠠᠭᠠᠴᠠ ᠰᠠᠢᠲᠠᠢ᠂ ᠠᠭᠤᠷ ᠠᠮᠢᠰᠬᠤᠯ ᠤ᠋ᠨ ᠬᠤᠪᠢᠷᠠᠯᠲᠠ ᠶᠡᠬᠡ ᠠᠭᠤᠯᠠᠷᠬᠠᠭ ᠣᠷᠣᠨ ᠤ᠋ ᠮᠠᠯᠵᠢᠯᠭ᠎ᠠ ᠳ᠋ᠤ᠌ ᠴᠤ᠌ ᠵᠣᠬᠢᠴᠠᠵᠤ ᠴᠢᠳᠠᠳᠠᠭ ᠨᠡᠯᠢᠶᠡᠳ ᠲᠡᠰᠪᠦᠷᠢ ᠰᠠᠢᠲᠠᠢ ᠭᠠᠵᠠᠷ ᠣᠷᠣᠨ ᠤ᠋ ᠰᠠᠢᠨ ᠡᠭᠦᠯᠳᠡᠷ ᠦ᠋ᠨ ᠬᠣᠨᠢ ᠮᠥᠨ᠃ ᠬᠣᠢᠰᠢᠳᠠ ᠲᠤᠰ ᠬᠣᠨᠢᠨ ᠤ᠋ ᠶᠠᠰᠤ ᠴᠢᠨᠠᠷ ᠪᠣᠯᠤᠨ ᠠᠰᠢᠭ ᠰᠢᠮ᠎ᠡ ᠶ᠋ᠢᠨ ᠭᠠᠷᠤᠯᠲᠠ ᠶ᠋ᠢ ᠨᠢ ᠤᠯᠠᠮ ᠴᠢᠨᠠᠭᠰᠢᠳᠠ ᠰᠠᠢᠵᠢᠷᠠᠭᠤᠯᠬᠤ ᠶ᠋ᠢᠨ ᠲᠤᠰᠠᠳᠠ
187 ᠨᠢᠭᠤᠷ ᠡᠭᠦᠯᠳᠡᠷ ᠦ᠋ᠨ ᠳᠣᠲᠣᠷ᠎ᠠ ᠨᠢ ᠰᠣᠩᠭᠣᠨ ᠦᠷᠡᠵᠢᠭᠦᠯᠬᠦ ᠶ᠋ᠢᠨ ᠬᠠᠮᠲᠤ ᠤᠷᠲᠤ ᠨᠣᠣᠰᠣᠲᠤ ᠡᠭᠦᠯᠳᠡᠷ ᠢ᠋ᠶ᠋ᠡᠷ ᠴᠢᠰᠤᠵᠢᠭᠤᠯᠵᠤ ᠪᠣᠯᠤᠨ᠎ᠠ᠃
ᠲᠠᠪᠤ. ᠬᠤᠷᠠᠭᠠᠨ ᠠᠷᠠᠰᠤᠨ ᠤ᠋ ᠬᠡᠷᠡᠭᠴᠡᠭᠡᠲᠦ ᠡᠭᠦᠯᠳᠡᠷ
1. ᠲᠠᠨ ᠶᠠᠩ ᠬᠣᠨᠢ᠄ ᠲᠠᠨ ᠶᠠᠩ ᠬᠣᠨᠢ ᠪᠣᠯ ᠨᠢᠩᠰᠢᠶᠠ ᠶ᠋ᠢᠨ ᠬᠣᠲᠣᠩ ᠦᠨᠳᠦᠰᠦᠲᠡᠨ ᠦ᠌ ᠥᠪᠡᠷᠲᠡᠭᠡᠨ ᠵᠠᠰᠠᠬᠤ ᠣᠷᠣᠨ ᠤ᠋ ᠣᠷᠣᠨ ᠨᠤᠲᠤᠭ ᠤ᠋ᠨ ᠰᠢᠯᠢᠳᠡᠭ ᠡᠭᠦᠯᠳᠡᠷ ᠪᠣᠯᠤᠨ᠎ᠠ ᠃ ᠲᠠᠨ ᠶᠠᠩ ᠬᠣᠨᠢᠨ ᠤ᠋ ᠤᠭ ᠢᠵᠠᠭᠤᠷ ᠨᠢ ᠮᠥᠨ ᠮᠣᠩᠭᠣᠯ ᠬᠣᠨᠢᠨ ᠡᠴᠡ ᠡᠭᠦᠰᠦᠭᠰᠡᠨ ᠶᠦ᠍ᠮ ᠃ ᠲᠤᠰ ᠬᠣᠨᠢ ᠪᠣᠯ ᠰᠡᠩᠰᠡᠨ ᠠᠷᠠᠰᠤᠨ ᠤ᠋ ᠲᠠᠯ᠎ᠠ ᠪᠠᠷ ᠤᠯᠤᠰ ᠤ᠋ᠨ ᠳᠣᠲᠣᠭᠠᠳᠤ ᠭᠠᠳᠠᠭᠠᠳᠤ ᠳ᠋ᠤ᠌ ᠮᠠᠰᠢ ᠰᠠᠢᠨ ᠠᠯᠳᠠᠷᠰᠢᠭᠰᠠᠨ ᠪᠠᠢᠳᠠᠭ᠃ ᠲᠤᠰ ᠬᠣᠨᠢ ᠶ᠋ᠢ ᠡᠳᠦᠭᠡ ᠨᠢᠩᠰᠢᠶᠠ ᠣᠷᠣᠨ ᠭᠣᠣᠯ ᠮᠠᠯᠵᠢᠵᠤ ᠪᠠᠢᠬᠤ ᠡᠴᠡ ᠭᠠᠳᠠᠨ᠎ᠠ᠂ ᠱᠨᠨᠰᠢ ᠮᠣᠵᠢ ᠶ᠋ᠢᠨ ᠳ᠋ᠢᠩ ᠪᠢᠶᠠᠨ᠂ ᠭᠠᠨᠰᠦ ᠮᠣᠵᠢ ᠶ᠋ᠢᠨ ᠵᠠᠩ ᠶᠧ᠂ ᠡᠦ ᠸᠧᠢ ᠵᠡᠷᠭᠡ ᠰᠢᠶᠠᠨ ᠪᠠ ᠥᠪᠥᠷ ᠮᠣᠩᠭᠣᠯ ᠤ᠋ᠨ ᠠᠯᠠᠱᠠ᠂ ᠣᠲᠣᠭ ᠵᠡᠷᠭᠡ ᠬᠣᠰᠢᠭᠤ ᠰᠢᠶᠠᠨ ᠨᠤᠭᠤᠳ ᠲᠤ᠌ ᠴᠤ᠌ ᠮᠠᠯᠵᠢᠵᠤ ᠪᠠᠢᠨ᠎ᠠ᠃ ᠲᠠᠨ ᠶᠠᠩ ᠬᠣᠨᠢ ᠪᠣᠯ ᠭᠣᠣᠯᠳᠠᠭᠤ ᠠᠷᠠᠰᠤᠨ ᠤ᠋ ᠬᠡᠷᠡᠭᠴᠡᠭᠡᠲᠦ ᠡᠭᠦᠯᠳᠡᠷ ᠮᠥᠨ᠃
ᠲᠠᠨ ᠶᠠᠩ ᠬᠣᠨᠢᠨ ᠤ᠋ ᠣᠯᠠᠩᠬᠢ ᠨᠢ ᠬᠠᠷ᠎ᠠ ᠨᠢᠳᠦᠨ᠂ ᠪᠣᠷᠣ ᠨᠢᠳᠦᠨ ᠪᠤᠶᠤ ᠵᠠᠷᠢᠮ ᠨᠢ ᠰᠢᠭᠢᠷ᠎ᠡ ᠠᠯᠠᠭ ᠪᠠᠢᠳᠠᠭ ᠪᠣᠯᠪᠠᠴᠤ ᠣᠯᠠᠩᠬᠢ ᠬᠣᠨᠢᠨ ᠤ᠋ ᠶᠡᠬᠡ ᠪᠡᠶ᠎ᠡ ᠨᠢ ᠴᠠᠭᠠᠨ ᠵᠢᠰᠦᠮ ᠦ᠋ᠨ ᠪᠠᠢᠳᠠᠭ ᠶᠤᠮ᠃ ᠲᠠᠨ ᠶᠠᠩ ᠬᠣᠨᠢᠨ ᠤ᠋ ᠪᠡᠶ᠎ᠡ ᠪᠠᠢᠳᠠᠯ ᠨᠢ ᠮᠣᠩᠭᠣᠯ ᠬᠣᠨᠢ ᠲᠠᠢ ᠨᠡᠯᠢᠶᠡᠳ ᠠᠳᠠᠯᠢᠪᠲᠤᠷ ᠪᠠᠢᠳᠠᠭ᠃ ᠬᠤᠴᠠ ᠨᠢ ᠤᠭᠠᠯᠵᠠᠯᠠᠭᠰᠠᠨ ᠲᠣᠮᠣ ᠡᠪᠡᠷ ᠲᠡᠢ᠂ ᠡᠮ᠎ᠡ ᠬᠣᠨᠢᠨ ᠤ᠋ ᠣᠯᠠᠩᠬᠢ ᠨᠢ ᠡᠪᠡᠷ ᠦᠭᠡᠢ ᠪᠤᠶᠤ ᠵᠠᠷᠢᠮ ᠨᠢ ᠵᠢᠵᠢᠭ ᠡᠪᠡᠷ ᠲᠡᠢ᠂ ᠣᠯᠠᠩᠬᠢ ᠬᠣᠨᠢ ᠨᠢ ᠲᠣᠮᠣ ᠳᠡᠯᠪᠡᠭᠡᠷ ᠴᠢᠬᠢ ᠲᠡᠢ᠂ ᠰᠡᠭᠦᠯ ᠨᠢ ᠥᠭᠡᠬᠦᠯᠢᠭ ᠪᠣᠯᠪᠠᠴᠤ ᠲᠣᠮᠣ ᠪᠤᠰᠤ᠂ ᠭᠣᠨᠵᠣᠭᠣᠢ ᠤᠷᠲᠤᠪᠲᠤᠷ ᠬᠡᠯᠪᠡᠷᠢ ᠲᠡᠢ᠃ ᠬᠠᠲᠤᠨ ᠭᠣᠣᠯ ᠤ᠋ᠨ ᠵᠡᠭᠦᠨ ᠬᠡᠰᠡᠭ ᠦ᠋ᠨ ᠬᠣᠨᠢ ᠪᠣᠯ ᠪᠠᠷᠠᠭᠤᠨ ᠬᠡᠰᠡᠭ ᠦ᠋ᠨ ᠬᠣᠨᠢ ᠡᠴᠡ ᠨᠡᠯᠢᠶᠡᠳ ᠪᠡᠶᠡᠯᠢᠭ ᠪᠠᠢᠳᠠᠭ᠃
ᠲᠠᠨ ᠶᠠᠩ ᠬᠣᠨᠢᠨ ᠤ᠋ ᠨᠣᠣᠰᠣ ᠶ᠋ᠢ ᠵᠢᠯ ᠳ᠋ᠦ᠍ ᠬᠣᠶᠠᠷ ᠤᠳᠠᠭ᠎ᠠ ᠬᠠᠢᠴᠢᠯᠠᠳᠠᠭ᠃ ᠵᠢᠯ ᠦ᠋ᠨ ᠨᠣᠣᠰᠣᠨ ᠭᠠᠷᠤᠯᠲᠠ ᠨᠢ ᠳᠤᠮᠳᠠᠴᠢ ᠪᠠᠷ ᠬᠤᠴᠠ1.91 ᠺᠢᠯᠣᠭ᠌ᠷᠠᠮ᠂ ᠡᠮ᠎ᠡ ᠬᠣᠨᠢ1.12 ᠺᠢᠯᠣᠭ᠌ᠷᠠᠮ᠂ ᠬᠤᠷᠠᠭ᠎ᠠ 0.6 ᠺᠢᠯᠣᠭ᠌ᠷᠠᠮ᠃ ᠨᠣᠣᠰᠣᠨ ᠤᠷᠲᠤ ᠨᠢ ᠣᠯᠠᠩᠬᠢ ᠳ᠋ᠠᠭᠠᠨ 8—13 ᠰᠡᠨᠲ᠋ᠢᠮᠧᠲ᠋ᠷ ᠣᠷᠴᠢᠮ᠃ ᠨᠣᠣᠰᠣᠨ ᠤ᠋ ᠨᠠᠷᠢᠨ ᠨᠢ42—52 ᠰᠢᠷᠬᠡᠭ᠂ 46 ᠰᠢᠷᠬᠡᠭ ᠦ᠋ᠨ ᠬᠢᠨᠢ ᠮᠠᠰᠢ ᠠᠷᠪᠢᠨ; ᠲᠤᠰ ᠬᠣᠨᠢᠨ ᠤ᠋ ᠨᠣᠣᠰᠣᠨ ᠤ᠋ 37.13% ᠨᠢ ᠭᠣᠣᠯ ᠦᠭᠡᠢ ᠨᠣᠣᠰᠣ᠂ 43.24% ᠨᠢ ᠵᠠᠪᠰᠠᠷ ᠤ᠋ᠨ ᠴᠢᠨᠠᠷ ᠲᠠᠢ ᠨᠣᠣᠰᠣ᠂ 19.63% ᠨᠢ ᠭᠣᠣᠯᠲᠤ ᠨᠣᠣᠰᠣ ᠪᠣᠯᠤᠨ᠎ᠠ᠃
ᠬᠦᠰᠦᠨᠦᠭᠲᠦ 30 ᠲᠠᠨ ᠶᠠᠩ ᠬᠣᠨᠢᠨ ᠤ᠋ ᠪᠡᠶ᠎ᠡ ᠶ᠋ᠢᠨ ᠬᠡᠮᠵᠢᠯᠲᠡ ᠶ᠋ᠢᠨ ᠮᠠᠲ᠋ᠧᠷᠢᠶᠠᠯ

ᠲᠠᠨ ᠶᠠᠩ ᠬᠣᠨᠢᠨ ᠤ᠋ ᠨᠢᠲᠤᠯᠭᠠ ᠶ᠋ᠢᠨ ᠭᠠᠷᠤᠴᠠ ᠨᠢ45%᠂ ᠦᠷᠡᠵᠢᠯᠲᠡ ᠶ᠋ᠢᠨ ᠨᠣᠷᠮ᠎ᠠ ᠨᠢ95% ᠪᠣᠯᠤᠨ᠎ᠠ᠃
ᠬᠣᠢᠰᠢᠳᠠ ᠲᠤᠰ ᠡᠭᠦᠯᠳᠡᠷ ᠦ᠋ᠨ ᠶᠠᠰᠤ ᠴᠢᠨᠠᠷ ᠢ᠋ ᠤᠯᠠᠮ ᠴᠢᠨᠠᠭᠰᠢᠳᠠ ᠰᠠᠢᠵᠢᠷᠠᠭᠤᠯᠵᠤ᠂ ᠨᠡᠩ ᠠᠷᠪᠢᠨ ᠴᠢᠨᠠᠷ ᠰᠠᠢᠲᠠᠢ ᠲᠠᠨ ᠶᠠᠩ ᠰᠡᠩᠰᠡ ᠪᠣᠷᠣᠯᠠᠭᠤᠯᠤᠨ ᠭᠠᠷᠭᠠᠬᠤ ᠶ᠋ᠢᠨ ᠲᠤᠰᠠᠳᠠ᠂ ᠡᠭᠦᠯᠳᠡᠷ ᠳᠣᠲᠣᠷ᠎ᠠ ᠨᠢ ᠰᠢᠯᠢᠨ ᠰᠣᠩᠭᠣᠵᠤ ᠪᠣᠢᠵᠢᠭᠤᠯᠬᠤ ᠠᠵᠢᠯ ᠢ᠋ ᠡᠷᠴᠢᠮᠲᠡᠢ ᠠᠳᠬᠤᠬᠤ ᠬᠡᠷᠡᠭᠲᠡᠢ᠃
2.ᠬᠡᠦ ᠶᠠᠩ ᠬᠣᠨᠢ᠄ ᠬᠡᠦ ᠶᠠᠩ ᠬᠣᠨᠢ ᠪᠣᠯ ᠵᠧᠵᠢᠶᠠᠩ ᠤ᠋ᠨ ᠪᠠᠷᠠᠭᠤᠨ ᠬᠡᠰᠡᠭ ᠪᠣᠯᠤᠨ ᠵᠢᠶᠠᠩᠰᠦ ᠶ᠋ᠢᠨ ᠡᠮᠦᠨᠡᠲᠦ ᠬᠡᠰᠡᠭ ᠦ᠋ᠨ ᠦ ᠰᠢᠩ᠂ ᠵᠢᠶᠠ ᠰᠢᠩ᠂ ᠬᠠᠩᠵᠧᠦ᠂ ᠰᠦᠵᠧᠦ᠂ ᠡᠦ ᠰᠢ ᠵᠡᠷᠭᠡ ᠭᠠᠵᠠᠷ ᠣᠷᠣᠨ ᠤ᠋ ᠬᠤᠷ᠎ᠠ ᠲᠤᠨᠤᠳᠠᠰᠤ ᠶᠡᠬᠡ᠂ ᠠᠭᠤᠷ ᠠᠮᠢᠰᠬᠤᠯ ᠳᠤᠯᠠᠭᠠᠨ ᠨᠥᠬᠥᠴᠡᠯ ᠳ᠋ᠦ᠍ ᠤᠷᠲᠤ ᠬᠤᠭᠤᠴᠠᠭᠠᠨ ᠤ᠋ ᠲᠤᠷᠰᠢ ᠲᠠᠷᠢᠶᠠᠯᠠᠩ ᠤ᠋ᠨ ᠳᠠᠭᠠᠯᠲᠠ ᠪᠣᠳᠠᠰ ᠢ᠋ᠶ᠋ᠠᠷ ᠲᠡᠵᠢᠭᠡᠨ᠂ ᠨᠠᠷᠢᠨ ᠬᠢᠨᠠᠮᠠᠭᠠᠢ ᠪᠠᠷ ᠠᠷᠠᠴᠢᠯᠠᠨ ᠮᠠᠯᠵᠢᠵᠤ ᠪᠣᠢᠵᠢᠭᠤᠯᠤᠨ ᠭᠠᠷᠭᠠᠭᠰᠠᠨ ᠥᠪᠡᠷᠮᠢᠴᠡ ᠣᠨᠴᠠᠯᠢᠭ ᠪᠦᠬᠦᠢ ᠬᠤᠷᠠᠭᠠᠨ ᠠᠷᠠᠰᠤᠨ ᠤ᠋ ᠬᠡᠷᠡᠭᠴᠡᠭᠡᠲᠦ ᠡᠭᠦᠯᠳᠡᠷ ᠦ᠋ᠨ ᠬᠣᠨᠢ ᠮᠥᠨ᠃ ᠲᠤᠰ ᠬᠣᠨᠢ ᠶ᠋ᠢ
ᠲᠠᠷᠢᠶᠠᠴᠢᠳ ᠵᠢᠯ ᠲᠤᠷᠰᠢ ᠬᠠᠰᠢᠶᠠᠯᠠᠨ ᠲᠡᠵᠢᠭᠡᠵᠦ᠂ ᠬᠤᠷᠠᠭᠠᠨ ᠠᠷᠠᠰᠤᠨ ᠤ᠋ ᠠᠰᠢᠭ ᠣᠯᠵᠠ ᠶ᠋ᠢ ᠨᠢ ᠣᠯᠬᠤ ᠡᠴᠡ ᠭᠠᠳᠠᠨ᠎ᠠ᠂ ᠪᠠᠰᠠ ᠬᠤᠮᠠᠭ ᠯᠠᠢ ᠶ᠋ᠢ ᠨᠢ ᠬᠤᠷᠢᠶᠠᠵᠤ ᠪᠣᠷᠳᠣᠭᠤᠷ ᠪᠣᠯᠭᠠᠨ ᠬᠡᠷᠡᠭᠯᠡᠨ ᠲᠠᠷᠢᠶ᠎ᠠ ᠪᠤᠳᠠᠭᠠᠨ ᠤ᠋ ᠡᠯᠪᠡᠭ ᠬᠤᠷᠢᠶᠠᠯᠲᠠ ᠶ᠋ᠢ ᠣᠯᠳᠠᠭ᠃ ᠲᠡᠦᠬᠡᠨ ᠮᠠᠲ᠋ᠧᠷᠢᠶᠠᠯ ᠡᠴᠡ ᠦᠵᠡᠪᠡᠯ᠂ ᠬᠡᠦ ᠶᠠᠩ ᠬᠣᠨᠢ ᠶ᠋ᠢᠨ ᠤᠭ ᠢᠵᠠᠭᠤᠷ ᠨᠢ ᠮᠥᠨᠴᠥ ᠮᠣᠩᠭᠣᠯ ᠬᠣᠨᠢᠨ ᠡᠴᠡ ᠡᠭᠦᠰᠦᠭᠰᠡᠨ ᠶᠤᠮ᠃
ᠬᠡᠦ ᠶᠠᠩ ᠬᠣᠨᠢ᠂ ᠴᠠᠭᠠᠨ ᠵᠢᠰᠦ ᠲᠡᠢ᠂ ᠡᠪᠡᠷ ᠦᠭᠡᠢ᠂ ᠬᠠᠮᠠᠷ ᠨᠢ
ᠮᠥᠭᠡᠷᠡᠨ᠂ ᠬᠠᠪᠴᠢᠭᠠᠷ ᠤᠷᠲᠤ ᠲᠣᠯᠣᠭᠠᠢ ᠲᠠᠢ᠂ ᠳᠡᠯᠪᠡᠭᠡᠷ ᠲᠣᠮᠣ ᠴᠢᠬᠢ ᠲᠡᠢ᠂ ᠬᠦᠵᠦᠭᠦᠦ ᠨᠢ ᠨᠠᠷᠢᠨ᠂ ᠴᠡᠭᠡᠵᠢ ᠨᠢ ᠬᠦᠪᠴᠢᠭᠡᠷ᠂ ᠬᠥᠯ᠂ ᠦᠲᠦᠷ ᠬᠡᠪᠡᠯᠢ ᠪᠠ ᠳᠥᠷᠪᠡᠨ ᠮᠥᠴᠢ ᠶ᠋ᠢᠨ ᠦᠰᠦ ᠨᠢ ᠰᠢᠩᠭᠡᠨ᠃ ᠳᠠᠯᠠᠩ ᠨᠢ ᠬᠥᠭᠵᠢᠯᠲᠡ ᠪᠡᠷ ᠮᠠᠰᠢ ᠰᠠᠢᠨ ᠪᠠᠢᠳᠠᠭ᠃
ᠬᠦᠰᠦᠨᠦᠭᠲᠦ 31 ᠬᠡᠦ ᠶᠠᠩ ᠬᠣᠨᠢᠨ ᠤ᠋ ᠪᠡᠶ᠎ᠡ ᠶ᠋ᠢᠨ ᠬᠡᠮᠵᠢᠯᠲᠡ ᠶ᠋ᠢᠨ ᠮᠠᠲ᠋ᠧᠷᠢᠶᠠᠯ

ᠬᠡᠦ ᠶᠠᠩ ᠬᠣᠨᠢᠨ ᠤ᠋ ᠦᠷᠡᠵᠢᠯᠲᠡ ᠶ᠋ᠢᠨ ᠨᠣᠷᠮ᠎ᠠ ᠨᠢ ᠶᠡᠬᠡ ᠥᠨᠳᠥᠷ ᠪᠠᠢᠳᠠᠭ᠃ ᠣᠯᠠᠩᠬᠢ ᠡᠮ᠎ᠡ ᠬᠣᠨᠢ ᠨᠢ ᠢᠬᠡᠷᠡᠯᠡᠳᠡᠭ ᠪᠥᠭᠡᠳ ᠵᠠᠷᠢᠮ ᠨᠢ ᠪᠠᠰᠠ ᠭᠤᠷᠪᠠ ᠡᠴᠡ ᠲᠠᠪᠤᠨ ᠬᠤᠷᠠᠭ᠎ᠠ ᠭᠠᠷᠬᠤ ᠴᠤ᠌ ᠪᠠᠢᠳᠠᠭ ᠶᠤᠮ᠃ ᠦᠷᠡᠵᠢᠯᠲᠡ ᠶ᠋ᠢᠨ ᠨᠣᠷᠮ᠎ᠠ ᠨᠢ 212% ᠲᠤ᠌ ᠬᠦᠷᠳᠡᠭ᠃ ᠲᠤᠰ ᠬᠣᠨᠢᠨ ᠤ᠋ ᠰᠦᠨ ᠦ᠌ ᠭᠠᠷᠤᠯᠲᠠ ᠨᠢ ᠪᠠᠰᠠ ᠨᠡᠯᠢᠶᠡᠳ ᠵᠦᠭᠡᠷ ᠪᠠᠢᠳᠠᠭ᠃
ᠬᠡᠦ ᠶᠠᠩ ᠬᠣᠨᠢ ᠬᠤᠷ᠎ᠠ ᠲᠤᠨᠤᠳᠠᠰᠤ ᠡᠯᠪᠡᠭ᠂ ᠠᠭᠤᠷ ᠠᠮᠢᠰᠬᠤᠯ ᠬᠠᠯᠠᠭᠤᠨ ᠣᠷᠴᠢᠨ ᠠᠬᠤᠢ ᠳ᠋ᠤ᠌ ᠵᠣᠬᠢᠴᠠᠵᠤ ᠴᠢᠳᠠᠬᠤ ᠪᠥᠭᠡᠳ ᠣᠯᠠᠨ ᠢ᠋ᠶ᠋ᠠᠷ ᠢᠬᠡᠷᠡᠯᠡᠬᠦ ᠳᠠᠪᠠᠭᠤᠯᠢᠭ ᠲᠠᠯ᠎ᠠ ᠲᠠᠢ ᠪᠣᠯᠬᠣᠷ᠂ ᠲᠡᠭᠦᠨ ᠦ᠌ ᠠᠮᠢᠳᠤᠷᠠᠯ ᠤ᠋ᠨ ᠣᠨᠴᠠᠯᠢᠭ ᠨᠥᠬᠥᠴᠡᠯ ᠢ᠋ ᠨᠢ ᠦᠨᠳᠦᠰᠦᠯᠡᠵᠦ᠂ ᠮᠠᠯᠵᠢᠬᠤ ᠬᠡᠪᠴᠢᠶ᠎ᠡ ᠶ᠋ᠢ ᠨᠢ ᠥᠷᠭᠡᠳᠬᠡᠨ ᠲᠣᠭ᠎ᠠ ᠲᠣᠯᠣᠭᠠᠢ ᠶ᠋ᠢ ᠨᠢ ᠨᠡᠮᠡᠭᠳᠡᠭᠦᠯᠬᠦ ᠶ᠋ᠢᠨ ᠬᠠᠮᠲᠤ ᠡᠭᠦᠯᠳᠡᠷ ᠦ᠋ᠨ ᠳᠣᠲᠣᠷ᠎ᠠ ᠨᠢ ᠰᠣᠩᠭᠣᠨ ᠦᠷᠡᠵᠢᠭᠦᠯᠵᠦ᠂ ᠶᠠᠰᠤ ᠴᠢᠨᠠᠷ ᠢ᠋ ᠨᠢ ᠰᠠᠢᠵᠢᠷᠠᠭᠤᠯᠬᠤ ᠬᠡᠷᠡᠭᠲᠡᠢ᠃
3.ᠺᠦᠵᠢᠷ ᠬᠣᠨᠢ᠄ ᠺᠦᠵᠢᠷ ᠬᠣᠨᠢ ᠶ᠋ᠢ ᠰᠢᠨᠵᠢᠶᠠᠩ ᠤ᠋ᠨ ᠤᠢᠭᠤᠷ ᠤ᠋ᠨ ᠥᠪᠡᠷᠲᠡᠭᠡᠨ ᠵᠠᠰᠠᠬᠤ ᠣᠷᠣᠨ ᠤ᠋ ᠲᠡᠭᠷᠢ ᠠᠭᠤᠯᠠ ᠶ᠋ᠢᠨ ᠡᠩᠭᠡᠷ ᠲᠠᠷᠢᠮ ᠤ᠋ᠨ ᠬᠣᠲᠣᠭᠣᠷ ᠤ᠋ᠨ ᠬᠣᠢᠲᠤ ᠬᠥᠪᠡᠭᠡ ᠳᠠᠭᠠᠤ ᠳ᠋ᠠᠬᠢ ᠰᠢᠶᠠᠨ ᠨᠤᠭᠤᠳ ᠲᠤ᠌ ᠮᠠᠯᠵᠢᠵᠤ ᠪᠠᠢᠨ᠎ᠠ ᠃
ᠺᠦᠵᠢᠷ ᠬᠣᠨᠢᠨ ᠤ᠋ ᠰᠢᠨᠵᠢ ᠲᠥᠯᠥᠪ ᠨᠢ ᠮᠣᠩᠭᠣᠯ ᠬᠣᠨᠢ ᠲᠠᠢ ᠨᠡᠯᠢᠶᠡᠳ ᠣᠢᠷᠠᠯᠴᠠᠭ᠎ᠠ ᠪᠠᠢᠳᠠᠭ᠃ᠪᠦᠯᠲᠡᠭᠡᠷ ᠲᠣᠮᠣ ᠨᠢᠳᠦ ᠲᠡᠢ᠂ ᠬᠠᠮᠠᠷ ᠨᠢ ᠮᠥᠭᠡᠷᠡᠨ ᠪᠥᠭᠡᠳ ᠴᠢᠬᠢ ᠨᠢ ᠳᠡᠯᠪᠡᠭᠡᠷ᠂ ᠣᠯᠠᠩᠬᠢ ᠬᠤᠴᠠ ᠨᠢ ᠡᠪᠡᠷ ᠦᠭᠡᠢ᠂ ᠴᠥᠭᠡᠨ ᠨᠢ ᠤᠭᠠᠯᠵᠠᠯᠠᠭᠰᠠᠨ ᠲᠣᠮᠣ ᠡᠪᠡᠷ ᠲᠡᠢ᠂ ᠡᠮ᠎ᠡ ᠬᠣᠨᠢ ᠨᠢ ᠡᠪᠡᠷ ᠦᠭᠡᠢ ᠪᠤᠶᠤ ᠴᠥᠭᠡᠨ ᠲᠣᠭᠠᠨ ᠤ᠋ ᠬᠢᠨᠢ ᠪᠢᠴᠢᠬᠠᠨ ᠡᠪᠡᠷ ᠲᠡᠢ ᠪᠠᠢᠳᠠᠭ᠃ ᠬᠠᠷᠠᠪᠲᠤᠷ᠂ ᠬᠠᠷ᠎ᠠ ᠪᠣᠷᠣ ᠵᠢᠰᠦ ᠲᠡᠢ ᠨᠢ ᠣᠯᠠᠨ᠂ ᠴᠠᠭᠠᠨ ᠵᠢᠰᠦ ᠲᠡᠢ ᠨᠢ ᠴᠥᠭᠡᠨ᠂ ᠬᠤᠷᠠᠭᠠᠨ ᠳ᠋ᠠᠭᠠᠨ ᠣᠯᠠᠩᠬᠢ ᠨᠢ ᠬᠠᠷ᠎ᠠ ᠬᠦᠷᠡᠩ ᠪᠤᠶᠤ ᠬᠠᠷ᠎ᠠ ᠥᠩᠭᠡ ᠲᠡᠢ ᠪᠠᠢᠳᠠᠭ ᠪᠣᠯᠪᠠᠴᠤ ᠨᠠᠰᠤ ᠰᠢᠲᠦ ᠶ᠋ᠢ ᠨᠢ ᠳᠠᠭᠠᠯᠳᠤᠨ ᠵᠢᠰᠦ ᠨᠢ ᠬᠤᠪᠢᠷᠠᠵᠤ᠂ ᠰᠡᠭᠦᠯ ᠳ᠋ᠡᠭᠡᠨ ᠪᠣᠷᠣᠪᠲᠤᠷ ᠵᠢᠰᠦ ᠲᠡᠢ ᠪᠣᠯᠵᠤ ᠬᠤᠪᠢᠷᠠᠳᠠᠭ᠃
ᠬᠦᠰᠦᠨᠦᠭᠲᠦ 32 ᠺᠦᠵᠢᠷ ᠬᠣᠨᠢᠨ ᠤ᠋ ᠪᠡᠶ᠎ᠡ ᠶ᠋ᠢᠨ ᠬᠡᠮᠵᠢᠯᠲᠡ ᠶ᠋ᠢᠨ ᠮᠠᠲ᠋ᠧᠷᠢᠶᠠᠯ

ᠺᠦᠵᠢᠷ ᠬᠣᠨᠢᠨ ᠤ᠋ ᠨᠣᠣᠰᠣᠨ ᠭᠠᠷᠤᠯᠲᠠ ᠳᠤᠮᠳᠠᠴᠢ ᠪᠠᠷ ᠬᠤᠴᠠ1.6 ᠺᠢᠯᠣᠭ᠌ᠷᠠᠮ᠂ ᠡᠮ᠎ᠡ ᠬᠣᠨᠢ1.3 ᠺᠢᠯᠣᠭ᠌ᠷᠠᠮ᠃ ᠦᠷᠡᠵᠢᠯᠲᠡ ᠶ᠋ᠢᠨ ᠨᠣᠷᠮ᠎ᠠ ᠨᠢ105% ᠣᠷᠴᠢᠮ᠃ ᠨᠢᠲᠤᠯᠭᠠ ᠶ᠋ᠢᠨ ᠭᠠᠷᠤᠴᠠ ᠨᠢ 45—50% ᠪᠣᠯᠤᠨ᠎ᠠ᠃
ᠺᠦᠵᠢᠷ ᠬᠣᠨᠢ ᠪᠣᠯ ᠪᠡᠶ᠎ᠡ ᠴᠣᠭᠴᠠ ᠪᠠᠷ ᠴᠢᠭᠢᠷᠠᠭ ᠪᠥᠭᠡᠳ ᠪᠦᠳᠦᠭᠦᠯᠢᠭ ᠮᠠᠯᠵᠢᠯᠭ᠎ᠠ ᠳ᠋ᠤ᠌ ᠳᠠᠭᠠᠭᠠᠴᠠ ᠰᠠᠢᠲᠠᠢ ᠪᠠᠢᠳᠠᠭ ᠃ ᠲᠤᠬᠠᠢᠯᠠᠪᠠᠯ᠂ ᠲᠩᠷᠢ ᠠᠭᠤᠯᠠ ᠶ᠋ᠢᠨ ᠠᠭᠤᠯᠠᠷᠬᠠᠭ ᠣᠷᠣᠨ ᠤ᠋ ᠬᠦᠢᠲᠡᠨ ᠠᠭᠤᠷ ᠠᠮᠢᠰᠬᠤᠯ ᠳ᠋ᠤ᠌ ᠬᠡᠪ ᠦ᠋ᠨ ᠪᠠᠢᠳᠠᠯ ᠢ᠋ᠶ᠋ᠠᠷ ᠵᠣᠬᠢᠴᠠᠵᠤ ᠴᠢᠳᠠᠬᠤ ᠪᠠᠷ ᠪᠠᠷᠠᠬᠤ ᠦᠭᠡᠢ ᠂ ᠳᠠᠷᠢᠮ ᠤ᠋ᠨ ᠬᠣᠲᠣᠭᠣᠷ ᠤ᠋ᠨ ᠪᠦᠭᠴᠢᠮ ᠬᠠᠯᠠᠭᠤᠨ᠂ ᠭᠠᠩ ᠬᠠᠭᠤᠷᠠᠢ ᠣᠷᠴᠢᠨ ᠠᠬᠤᠢ ᠳ᠋ᠤ᠌ ᠴᠤ᠌ ᠮᠥᠨ ᠬᠡᠪ ᠦ᠋ᠨ ᠪᠠᠢᠳᠠᠯ ᠢ᠋ᠶ᠋ᠠᠷ ᠦᠰᠦᠨ ᠦᠷᠡᠵᠢᠵᠦ ᠴᠢᠳᠠᠬᠤ ᠶᠤᠮ᠃ ᠺᠦᠵᠢᠷ ᠬᠣᠨᠢ ᠨᠢ ᠭᠥᠯᠲᠥᠭᠡᠨᠡᠭᠰᠡᠨ ᠬᠠᠷ᠎ᠠ ᠥᠩᠭᠡ ᠲᠡᠢ᠂ ᠭᠣᠶᠣᠮᠰᠣᠭ ᠰᠠᠢᠬᠠᠨ ᠠᠷ ᠲᠠᠢ᠂ ᠬᠤᠷᠠᠭᠠᠨ ᠤ᠋ ᠠᠷᠠᠰᠤᠨ ᠤ᠋ ᠭᠠᠷᠤᠯᠲᠠ ᠪᠠᠷ ᠢ᠋ᠶ᠋ᠠᠨ ᠨᠡᠷ᠎ᠡ ᠠᠯᠳᠠᠷᠰᠢᠭᠰᠠᠨ ᠶᠤᠮ᠃
ᠬᠣᠢᠰᠢᠳᠠ ᠺᠦᠵᠢᠷ ᠬᠤᠷᠠᠭᠠᠨ ᠠᠷᠠᠰᠤᠨ ᠤ᠋ ᠶᠠᠰᠤ ᠴᠢᠨᠠᠷ ᠢ᠋ ᠤᠯᠠᠮ ᠴᠢᠨᠠᠭᠰᠢᠳᠠ ᠰᠠᠢᠵᠢᠷᠠᠭᠤᠯᠬᠤ ᠶ᠋ᠢᠨ ᠲᠤᠰᠠᠳᠠ᠂ ᠵᠠᠷᠢᠮ ᠬᠡᠰᠡᠭ ᠺᠦᠵᠢᠷ ᠬᠣᠨᠢ ᠶ᠋ᠢ ᠨᠢᠭᠡᠨᠲᠡ ᠺᠡᠷᠡᠺᠥ᠋ᠯᠢ ᠪᠡᠷ ᠡᠷᠯᠢᠰᠡᠵᠢᠭᠦᠯᠦᠨ ᠥᠭᠡᠷᠡᠴᠢᠯᠡᠭᠰᠡᠨ ᠪᠥᠭᠡᠳ ᠵᠠᠷᠢᠮ ᠢ᠋ ᠨᠢ ᠡᠭᠦᠯᠳᠡᠷ ᠳᠣᠲᠣᠷ᠎ᠠ ᠨᠢ ᠰᠣᠩᠭᠣᠨ ᠪᠣᠢᠵᠢᠭᠤᠯᠵᠤ ᠪᠠᠢᠨ᠎ᠠ᠃
ᠦᠰᠦᠭ ᠠᠮᠢᠯᠠᠭᠤᠯᠤᠭᠴᠢ᠄ ᠠ᠊· ᠰᠠᠷᠠᠨᠭᠡᠷᠡᠯ
ᠬᠢᠨᠠᠭ᠍ᠴᠢ᠄ ᠠ᠊· ᠰᠠᠷᠠᠨᠭᠡᠷᠡᠯ ᠂ ᠲᠦᠮᠡᠨᠴᠡᠴᠡᠭ
ᠺᠣᠮᠫᠢᠦ᠋ᠲ᠋ᠧᠷ ᠤᠨ ᠵᠠᠰᠠᠯᠲᠠ᠄ ᠠᠵᠠᠵᠠᠶᠠᠭ᠎ᠠ ᠂ ᠬᠠᠢ ᠵᠢᠶᠦ᠋ᠨ
