ᠲᠣᠮ ᠪᠣᠯᠵᠤ ᠮᠡᠳᠡᠬᠦ ᠲᠠᠪᠤᠨ ᠦᠭᠡ- ᠠ᠊᠂ ᠦᠯᠵᠡᠢᠪᠠᠶᠠᠷ Дом болж мэдэх таван үг-А Өлзийбаяр
ᠠ᠊᠂ ᠦᠯᠵᠡᠢᠪᠠᠶᠠᠷ
ᠳᠠᠷᠤᠤ ᠬᠢᠴᠢᠶᠡᠩᠭᠦᠢ ᠪᠡᠷ ᠶᠠᠪᠤᠵᠤ ᠰᠠᠭᠤᠵᠤ ᠪᠠᠢᠪᠠᠯ
ᠲᠠ ᠤᠯᠠᠮ ᠠ᠋ᠴᠠ ᠤᠯᠠᠮ ᠯᠠᠪᠳᠠᠭᠤᠨ ᠲᠣᠭᠲᠠᠭᠤᠨ ᠪᠣᠯᠵᠤ ᠴᠢᠳᠠᠨ᠎ᠠ᠂
ᠪᠠᠷᠳᠠᠮ ᠢᠲᠡᠭᠡᠯᠲᠡᠢ ᠪᠡᠷ ᠬᠢᠵᠦ ᠪᠦᠲᠦᠭᠡᠵᠦ ᠪᠠᠢᠪᠠᠯ
ᠲᠠ ᠤᠯᠠᠮ ᠠ᠋ᠴᠠ ᠤᠯᠠᠮ ᠰᠢᠯᠢᠳᠡᠭ ᠰᠣᠳᠣᠨ ᠪᠣᠯᠵᠤ ᠴᠢᠳᠠᠨ᠎ᠠ᠃
ᠣᠯᠵᠤ ᠪᠣᠯᠬᠤ ᠵᠦᠢᠯ ᠦ᠋ᠨ ᠲᠥᠯᠥᠭᠡ ᠡᠷᠡᠭᠡᠯᠵᠡᠯ ᠦᠭᠡᠢ ᠬᠦᠴᠦᠯᠡᠨ ᠴᠢᠷᠮᠠᠢᠬᠤ ᠬᠡᠷᠡᠭᠲᠡᠢ᠂
ᠣᠯᠵᠤ ᠪᠣᠯᠬᠤ ᠦᠭᠡᠢ ᠵᠦᠢᠯ ᠦ᠋ᠨ ᠲᠥᠯᠥᠭᠡ ᠢᠯᠡᠭᠦᠴᠡ ᠰᠠᠨᠠᠭᠠᠰᠢᠷᠠᠭᠰᠠᠨ ᠤ᠋ ᠬᠡᠷᠡᠭ ᠦᠭᠡᠢ᠃
ᠶᠠᠭᠠᠬᠢᠵᠤ ᠵᠣᠪᠠᠭᠰᠠᠨ ᠴᠤ᠌ ᠥᠩᠭᠡ ᠲᠥᠷᠬᠦ ᠪᠡᠨ ᠬᠠᠮᠠᠭᠠᠯᠠᠬᠤ ᠬᠡᠷᠡᠭᠲᠡᠢ᠂
ᠶᠠᠭᠠᠬᠢᠵᠤ ᠶᠠᠭᠠᠷᠠᠭᠰᠠᠨ ᠴᠤ᠌ ᠦᠭᠡ ᠠᠶᠠᠰ ᠢ᠋ᠶ᠋ᠠᠨ ᠬᠢᠴᠢᠶᠡᠬᠦ ᠬᠡᠷᠡᠭᠲᠡᠢ᠃
ᠬᠡᠴᠢᠨᠡᠭᠡᠨ ᠬᠦᠴᠢᠷᠲᠡᠢ ᠪᠠᠢᠭᠰᠠᠨ ᠴᠤ᠌ ᠪᠠᠷᠢᠮᠲᠠᠯᠠᠬᠤ ᠪᠠᠨ ᠪᠠᠷᠢᠮᠲᠠᠯᠠᠬᠤ ᠬᠡᠷᠡᠭᠲᠡᠢ᠂
ᠬᠡᠴᠢᠨᠡᠭᠡᠨ ᠴᠦ᠍ ᠶᠠᠳᠠᠷᠠᠯᠲᠠᠢ ᠪᠠᠢᠭᠰᠠᠨ ᠴᠤ᠌ ᠥᠪᠡᠷ ᠊ᠢ ᠪᠡᠨ ᠬᠠᠢᠷᠠᠯᠠᠬᠤ ᠬᠡᠷᠡᠭᠲᠡᠢ᠃
ᠠᠮᠵᠢᠯᠲᠠ ᠣᠯᠤᠭᠰᠠᠨ ᠤ᠋ ᠳᠠᠷᠠᠭ᠎ᠠ ᠥᠩᠭᠡᠷᠡᠭᠰᠡᠨ ᠢ᠋ᠶ᠋ᠡᠨ ᠮᠠᠷᠲᠠᠵᠤ ᠪᠣᠯᠬᠤ ᠦᠭᠡᠢ᠂
ᠠᠯᠳᠠᠵᠤ ᠢᠯᠠᠭᠳᠠᠭᠰᠠᠨ ᠤ᠋ ᠳᠠᠷᠠᠭ᠎ᠠ ᠢᠷᠡᠭᠡᠳᠦᠢ ᠪᠡᠨ ᠮᠠᠷᠲᠠᠵᠤ ᠪᠣᠯᠬᠤ ᠦᠭᠡᠢ᠃
ᠬᠥᠮᠦᠨ ᠦ᠌ ᠠᠮᠢᠳᠤᠷᠠᠯ ᠤ᠋ᠨ ᠨᠢᠭᠡᠨ ᠵᠠᠮ ᠄
ᠥᠪᠡᠷ ᠦ᠋ᠨ ᠢ᠋ᠶ᠋ᠡᠨ ᠵᠠᠮ ᠢ᠋ᠶ᠋ᠠᠷ ᠯᠠ ᠵᠠᠮᠨᠠᠬᠤ ᠃
ᠬᠥᠮᠦᠨ ᠦ᠌ ᠠᠮᠢᠳᠤᠷᠠᠯ ᠤ᠋ᠨ ᠬᠣᠶᠠᠷ ᠡᠷᠳᠡᠨᠢ ᠄
ᠪᠡᠶ᠎ᠡ ᠠᠯᠵᠠᠬᠤ ᠦᠭᠡᠢ ᠪᠠᠢᠬᠤ᠂
ᠰᠡᠳᠬᠢᠯ ᠥᠲᠡᠯᠬᠦ ᠦᠭᠡᠢ ᠪᠠᠢᠬᠤ᠃
ᠬᠥᠮᠦᠨ ᠦ᠌ ᠠᠮᠢᠳᠤᠷᠠᠯ ᠤ᠋ᠨ ᠭᠤᠷᠪᠠᠨ ᠨᠠᠢᠵᠠ ᠄
ᠴᠢᠮ᠎ᠠ ᠶ᠋ᠢ ᠥᠮᠥᠭᠯᠡᠭᠴᠢ᠂
ᠴᠢᠮ᠎ᠠ ᠶ᠋ᠢ ᠪᠠᠭᠲᠠᠭᠠᠭᠴᠢ᠂
ᠴᠢᠮ᠎ᠠ ᠶ᠋ᠢ ᠰᠢᠭᠦᠮᠵᠢᠯᠡᠭᠴᠢ᠃
ᠬᠥᠮᠦᠨ ᠦ᠌ ᠠᠮᠢᠳᠤᠷᠠᠯ ᠳ᠋ᠠᠬᠢ ᠳᠥᠷᠪᠡᠨ ᠵᠣᠪᠠᠯᠠᠩ ᠄
ᠨᠡᠪᠲᠡ ᠬᠠᠷᠠᠵᠤ ᠳᠡᠢᠯᠬᠦ ᠦᠭᠡᠢ᠂
ᠨᠠᠢᠷ ᠲᠠᠯᠪᠢᠬᠤ ᠶ᠋ᠢ ᠮᠡᠳᠡᠬᠦ ᠦᠭᠡᠢ᠂
ᠨᠢᠭᠡᠮᠦᠰᠦᠨ ᠣᠷᠬᠢᠵᠤ ᠲᠦᠪᠳᠡᠬᠦ ᠦᠭᠡᠢ᠂
ᠨᠢᠭᠡ ᠴᠦ᠍ ᠬᠣᠨᠵᠢᠭᠳᠠᠵᠤ ᠴᠢᠳᠠᠬᠤ᠃
ᠬᠥᠮᠦᠨ ᠦ᠌ ᠠᠮᠢᠳᠤᠷᠠᠯ ᠤ᠋ᠨ ᠲᠤᠬᠠᠢ ᠲᠠᠪᠤᠨ ᠥᠭᠦᠯᠡᠪᠦᠷᠢ ᠄
ᠬᠡᠴᠢᠨᠡᠭᠡᠨ ᠪᠡᠷᠬᠡᠲᠡᠢ ᠪᠠᠢᠭᠰᠠᠨ ᠴᠤ᠌ ᠲᠤᠭᠤᠰᠢᠲᠠᠢ ᠪᠠᠷᠢᠮᠲᠠᠯᠠᠬᠤ᠃
ᠬᠡᠴᠢᠨᠡᠭᠡᠨ ᠵᠥᠷᠢᠶᠡᠲᠡᠢ ᠪᠠᠢᠭᠰᠠᠨ ᠴᠤ᠌ ᠢᠲᠡᠭᠡᠯᠲᠡᠢ ᠪᠠᠢᠬᠤ᠃
ᠬᠡᠴᠢᠨᠡᠭᠡᠨ ᠬᠠᠩᠭᠠᠮᠵᠢᠲᠠᠢ ᠪᠠᠢᠭᠰᠠᠨ ᠴᠤ᠌ ᠭᠠᠮᠲᠠᠢ ᠪᠠᠢᠬᠤ᠃
ᠬᠡᠴᠢᠨᠡᠭᠡᠨ ᠬᠠᠨᠤᠮᠵᠢᠲᠠᠢ ᠪᠠᠢᠭᠰᠠᠨ ᠴᠤ᠌ ᠶᠡᠷᠦᠮᠳᠡᠭ ᠪᠠᠢᠬᠤ᠃
ᠬᠡᠴᠢᠨᠡᠭᠡᠨ ᠬᠥᠢᠲᠡᠮᠰᠦᠭ ᠪᠠᠢᠭᠰᠠᠨ ᠴᠤ᠌ ᠬᠠᠯᠠᠭᠤᠮᠰᠤᠭ ᠪᠠᠢᠬᠤ᠃
ᠬᠥᠮᠦᠨ ᠦ᠌ ᠠᠮᠢᠳᠤᠷᠠᠯ ᠤ᠋ᠨ ᠵᠢᠷᠭᠤᠭᠠᠨ ᠬᠥᠷᠥᠩᠭᠡ ᠄
ᠪᠡᠶ᠎ᠡ ᠮᠠᠬᠠᠪᠣᠳ᠂ ᠡᠷᠳᠡᠮ ᠮᠡᠳᠡᠯᠭᠡ᠂ ᠬᠦᠰᠡᠯ ᠮᠥᠷᠥᠭᠡᠳᠦᠯ᠂
ᠪᠢᠰᠢᠷᠡᠯ ᠰᠢᠲᠦᠯᠭᠡ᠂ ᠢᠲᠡᠭᠡᠯ ᠵᠣᠷᠢᠭ᠂ ᠣᠮᠣᠭ ᠰᠥᠰᠥ᠃
ᠬᠥᠮᠦᠨ ᠦ᠌ ᠠᠮᠢᠳᠤᠷᠠᠯ ᠤ᠋ᠨ ᠮᠡᠳᠡᠬᠦ ᠶᠣᠰᠣᠲᠠᠢ ᠲᠠᠪᠤᠨ ᠭᠤᠷᠪᠠ
ᠬᠥᠮᠦᠨ ᠦ᠌ ᠠᠮᠢᠳᠤᠷᠠᠯ ᠳ᠋ᠤ᠌ ᠭᠤᠷᠪᠠᠨ ᠶᠠᠪᠤᠳᠠᠯ ᠊ᠢ ᠠᠯᠪᠠ ᠪᠠᠷ ᠲᠡᠰᠪᠦᠷᠢᠯᠡᠵᠦ ᠪᠣᠯᠬᠤ ᠦᠭᠡᠢ ᠄
ᠵᠣᠭᠣᠰ ᠵᠠᠷᠤᠬᠤ᠂ ᠠᠷᠢᠬᠢ ᠤᠤᠭᠤᠬᠤ᠂ ᠡᠪᠡᠳᠴᠢᠨ ᠢ᠋ᠶ᠋ᠡᠨ ᠵᠠᠰᠠᠭᠤᠯᠬᠤ᠃
ᠬᠥᠮᠦᠨ ᠦ᠌ ᠠᠮᠢᠳᠤᠷᠠᠯ ᠳ᠋ᠤ᠌ ᠭᠤᠷᠪᠠᠨ ᠶᠠᠪᠤᠳᠠᠯ ᠢ᠋ ᠠᠯᠪᠠ ᠪᠠᠷ ᠬᠦᠯᠢᠭᠡᠯᠵᠡᠵᠦ ᠪᠣᠯᠬᠤ ᠦᠭᠡᠢ ᠄
ᠠᠴᠢᠯᠠᠯ ᠭᠦᠢᠴᠡᠳᠬᠡᠬᠦ᠂ ᠪᠤᠶᠠᠨ ᠦᠢᠯᠡᠳᠬᠦ᠂ ᠪᠡᠶ᠎ᠡ ᠪᠡᠨ ᠡᠷᠡᠭᠦᠯᠵᠢᠭᠦᠯᠬᠦ᠃
ᠬᠥᠮᠦᠨ ᠦ᠌ ᠠᠮᠢᠳᠤᠷᠠᠯ ᠤ᠋ᠨ ᠭᠤᠷᠪᠠᠨ ᠠᠰᠠᠭᠤᠯᠲᠠ ᠄
《 ᠠᠯᠢ ᠬᠤᠷᠳᠤᠨ 》ᠨᠢ ᠴᠣᠬᠣᠮ ᠬᠡᠳᠦᠢ ᠬᠤᠷᠳᠤᠨ ᠊ᠢ ᠬᠡᠯᠡᠨ᠎ᠡ ᠪᠣᠢ ?
《 ᠪᠠᠭ᠎ᠠ ᠤᠳᠠᠬᠤ》ᠨᠢ ᠴᠣᠬᠣᠮ ᠬᠡᠳᠦᠢ ᠪᠠᠭ᠎ᠠ ᠶ᠋ᠢ ᠬᠡᠯᠡᠨ᠎ᠡ ᠪᠣᠢ ?
《 ᠬᠡᠵᠢᠶ᠎ᠡ ᠡᠭᠦᠷᠢᠳᠡ》ᠨᠢ ᠴᠣᠬᠣᠮ ᠬᠡᠵᠢᠶ᠎ᠡ ᠪᠣᠯᠬᠤ ᠶ᠋ᠢ ᠬᠡᠯᠡᠨ᠎ᠡ ᠪᠣᠢ ?
ᠬᠥᠮᠦᠨ ᠦ᠌ ᠠᠮᠢᠳᠤᠷᠠᠯ ᠤ᠋ᠨ ᠭᠤᠷᠪᠠᠨ ᠶᠡᠬᠡ ᠵᠤᠭᠠᠲᠠᠢ ᠶᠠᠪᠤᠳᠠᠯ ᠄
ᠰᠡᠯᠡᠭᠦᠬᠡᠨ ᠠᠮᠲᠠᠯᠠᠬᠤ ᠴᠠᠢ ᠲᠠᠢ ᠪᠠᠢᠬᠤ᠂
ᠰᠡᠳᠬᠢᠯ ᠢ᠋ᠶ᠋ᠡᠨ ᠶᠠᠷᠢᠯᠴᠠᠬᠤ ᠨᠠᠢᠵᠠ ᠲᠠᠢ ᠪᠠᠢᠬᠤ᠂
ᠰᠡᠮᠬᠡᠨ ᠤᠩᠰᠢᠬᠤ ᠨᠣᠮ ᠲᠠᠢ ᠪᠠᠢᠬᠤ᠃
ᠪᠡᠶ᠎ᠡ ᠳ᠋ᠦ᠍ ᠪᠡᠨ ᠪᠡᠯᠡᠭᠯᠡᠬᠦ ᠲᠠᠪᠤᠨ ᠦᠭᠡ ᠄
ᠡᠵᠡᠨᠲᠡᠨ ᠡᠴᠡ ᠴᠢᠮ᠎ᠠ ᠳ᠋ᠤ᠌ ᠢᠰᠡᠷᠢ ᠥᠭᠴᠦ ᠴᠢᠳᠠᠪᠠᠴᠤ
ᠢᠷᠡᠭᠡᠳᠦᠢ ᠥᠭᠴᠦ ᠴᠢᠳᠠᠬᠤ ᠦᠭᠡᠢ ᠶᠦᠮ᠃
ᠵᠥᠪ ᠲᠠᠢᠯᠪᠤᠷᠢ ᠶ᠋ᠢ ᠬᠢᠵᠦ ᠴᠢᠳᠠᠪᠠᠯ ᠨᠢᠭᠡ ᠤᠳᠠᠭ᠎ᠠ ᠢᠯᠠᠵᠤ ᠴᠢᠳᠠᠨ᠎ᠠ᠂
ᠵᠥᠪ ᠬᠥᠮᠦᠨ ᠊ᠢ ᠳᠠᠭᠠᠵᠤ ᠴᠢᠳᠠᠪᠠᠯ ᠨᠠᠰᠤᠨ ᠲᠤᠷᠰᠢ ᠢᠯᠠᠵᠤ ᠴᠢᠳᠠᠨ᠎ᠠ᠃
ᠡᠳ᠋ ᠢ᠋ ᠲᠠᠨᠢᠵᠤ ᠴᠢᠳᠠᠬᠤ ᠦᠭᠡᠢ ᠪᠣᠯ ᠬᠠᠭᠠᠰ ᠨᠠᠰᠤᠨ ᠤ᠋ ᠵᠣᠪᠠᠯᠠᠩ
ᠬᠥᠮᠦᠨ ᠢ᠋ ᠲᠠᠨᠢᠵᠤ ᠴᠢᠳᠠᠬᠤ ᠦᠭᠡᠢ ᠪᠣᠯ ᠪᠦᠲᠦᠨ ᠨᠠᠰᠤᠨ ᠤ᠋ ᠵᠣᠪᠠᠯᠠᠩ᠃
ᠭᠦᠨ ᠮᠡᠳᠡᠯᠭᠡ ᠲᠡᠢ ᠪᠣᠯᠬᠤ ᠨᠢ ᠡᠩ ᠦ᠋ᠨ ᠮᠡᠳᠡᠯᠭᠡ ᠲᠡᠢ ᠪᠣᠯᠬᠤ ᠶ᠋ᠢ ᠬᠦᠷᠬᠦ ᠦᠭᠡᠢ᠂
ᠡᠩ ᠦ᠋ᠨ ᠮᠡᠳᠡᠯᠭᠡ ᠲᠡᠢ ᠪᠣᠯᠬᠤ ᠨᠢ ᠠᠵᠢᠯ ᠬᠢᠵᠦ ᠴᠢᠳᠠᠬᠤ ᠶ᠋ᠢ ᠬᠦᠷᠬᠦ ᠦᠭᠡᠢ᠂
ᠠᠵᠢᠯ ᠬᠢᠵᠦ ᠴᠢᠳᠠᠬᠤ ᠨᠢ ᠬᠥᠮᠦᠨ ᠪᠣᠯᠵᠤ ᠴᠢᠳᠠᠬᠤ ᠶ᠋ᠢ ᠬᠦᠷᠬᠦ ᠦᠭᠡᠢ᠃
ᠪᠠᠭᠰᠢ ᠶ᠋ᠢ ᠡᠷᠬᠢᠮᠯᠡᠭᠴᠢ ᠡᠵᠡᠯᠡᠭᠴᠢ ᠪᠣᠯᠵᠤ᠂
ᠨᠥᠬᠥᠷ ᠊ᠢ ᠡᠷᠬᠢᠮᠯᠡᠭᠴᠢ ᠡᠵᠡᠷᠬᠡᠭᠴᠢ ᠪᠣᠯᠵᠤ᠂
ᠥᠪᠡᠷ ᠊ᠢ ᠪᠡᠨ ᠡᠷᠬᠢᠮᠯᠡᠭᠴᠢ ᠡᠴᠦᠰᠯᠡᠭᠴᠢ ᠪᠣᠯᠤᠨ᠎ᠠ᠃
ᠮᠠᠷᠲᠠᠵᠤ ᠪᠣᠯᠬᠤ ᠦᠭᠡᠢ ᠳᠥᠷᠪᠡᠨ ᠥᠭᠦᠯᠡᠪᠦᠷᠢ
ᠬᠡᠲᠦᠷᠬᠡᠢ ᠠᠷᠪᠢᠨ ᠳ᠋ᠤ᠌ ᠰᠠᠨᠠᠭᠠᠷᠬᠠᠵᠤ ᠪᠣᠯᠬᠤ ᠦᠭᠡᠢ᠂ ᠠᠯᠢᠪᠠ ᠪᠦᠬᠦᠨ ᠳ᠋ᠦ᠍ ᠠᠶᠠᠨᠳᠠᠭᠠᠨ ᠪᠠᠢᠪᠠᠯ ᠴᠢᠨᠦ ᠪᠣᠯᠬᠤ ᠶᠣᠰᠣᠲᠠᠢ ᠨᠢ ᠴᠢᠨᠦ ᠪᠣᠯᠬᠤ ᠦᠶ᠎ᠡ ᠳ᠋ᠦ᠍ ᠪᠡᠨ ᠯᠠᠪᠲᠠᠢ ᠴᠢᠨᠦ ᠪᠣᠯᠤᠨ᠎ᠠ᠃
ᠬᠤᠪᠢ ᠶ᠋ᠢᠨ ᠪᠡᠶ᠎ᠡ ᠳ᠋ᠦ᠍ ᠪᠡᠨ ᠥᠩᠭᠡᠷᠡᠦ ᠳᠠᠷᠤᠯᠲᠠ ᠦᠭᠭᠦᠭᠰᠡᠨ ᠦ᠌ ᠴᠢᠬᠤᠯᠠ ᠦᠭᠡᠢ᠂ ᠬᠡᠨ ᠨᠢᠭᠡᠨ ᠢ᠋ ᠴᠦ᠍ ᠪᠢᠯᠳᠠᠤᠴᠢᠯᠠᠵᠤ ᠳᠣᠯᠳᠣᠢᠳᠤᠭᠰᠠᠨ ᠤ᠋ ᠴᠢᠬᠤᠯᠠ ᠦᠭᠡᠢ᠂ ᠪᠠᠢᠪᠠᠯ ᠵᠣᠬᠢᠬᠤ ᠬᠥᠮᠦᠨ ᠮᠥᠰᠥ ᠪᠡᠨ ᠪᠠᠷᠢᠮᠲᠠᠯᠠᠵᠤ ᠪᠠᠢᠪᠠᠯ ᠨᠡᠩ ᠣᠯᠠᠨ ᠲᠣᠬᠢᠶᠠᠯ ᠢ᠋ ᠣᠯᠵᠤ ᠨᠡᠩ ᠶᠡᠬᠡ ᠬᠦᠨᠳᠦᠳᠬᠡᠯ ᠢ᠋ ᠣᠯᠵᠤ ᠴᠢᠳᠠᠨ᠎ᠠ᠃
ᠬᠡᠨ ᠨᠢᠭᠡᠨ ᠳ᠋ᠦ᠍ ᠬᠡᠲᠦᠷᠬᠡᠢ ᠰᠠᠢᠨ ᠪᠣᠯᠤᠭᠰᠠᠨ ᠤ᠋ ᠬᠡᠷᠡᠭ ᠦᠭᠡᠢ᠂ ᠬᠡᠨ ᠨᠢᠭᠡᠨ ᠳ᠋ᠦ᠍ ᠬᠡᠲᠦᠷᠬᠡᠢ ᠮᠠᠭᠤ ᠪᠠᠢᠭᠰᠠᠨ ᠤ᠋ ᠴᠤ᠌ ᠴᠢᠬᠤᠯᠠ ᠦᠭᠡᠢ᠂ ᠬᠡᠵᠢᠶ᠎ᠡ ᠡᠭᠦᠷᠢᠳᠡ ᠬᠡᠳᠦᠨ ᠥᠴᠦᠬᠡᠨ ᠬᠥᠮᠦᠨ ᠦ᠌ ᠪᠠᠭᠠᠵᠢ ᠪᠣᠯᠵᠤ ᠪᠣᠯᠬᠤ ᠦᠭᠡᠢ᠃
ᠥᠪᠡᠷ ᠦ᠋ᠨ ᠪᠡᠶ᠎ᠡ ᠪᠡᠨ ᠢᠲᠡᠭᠡᠬᠦ ᠨᠢ ᠥᠷᠥᠭᠡᠯ ᠳ᠋ᠦ᠍ ᠨᠠᠢᠳᠠᠭᠰᠠᠨ ᠠ᠋ᠴᠠ ᠴᠢᠬᠤᠯᠠ᠂ ᠠᠷᠭ᠎ᠠ ᠤᠬᠠᠭᠠᠨ ᠢ᠋ᠶ᠋ᠠᠨ ᠪᠠᠷᠠᠲᠠᠯ᠎ᠠ ᠰᠢᠪᠬᠠᠬᠤ ᠨᠢ ᠠᠮᠤᠷ ᠲᠣᠭᠲᠠᠭᠤᠨ ᠢ᠋ᠶ᠋ᠠᠷ ᠠᠵᠢᠯ ᠶᠠᠪᠤᠳᠠᠯ ᠢ᠋ᠶ᠋ᠠᠨ ᠬᠢᠬᠦ ᠶ᠋ᠢ ᠬᠦᠷᠬᠦ ᠦᠭᠡᠢ᠃
ᠠᠶᠤᠤᠯᠢᠬᠠᠢ ᠵᠢᠷᠦᠬᠡᠨ ᠳ᠋ᠦ᠍ ᠪᠡᠨ ᠪᠠᠲᠤ ᠴᠡᠭᠡᠵᠢᠯᠡᠵᠦ ᠪᠠᠢᠪᠠᠯ ᠠᠰᠢᠭ ᠢ᠋ ᠨᠢ ᠯᠠᠪ ᠬᠦᠷᠲᠡᠬᠦ ᠨᠠᠢ᠍ᠮᠠᠨ ᠦᠭᠡ
ᠰᠡᠳᠬᠢᠯ ᠵᠢᠷᠦᠬᠡᠨ ᠳ᠋ᠦ᠍ ᠪᠡᠨ ᠡᠷᠡᠮᠡᠯᠵᠡᠯ ᠡᠪᠦᠷᠯᠡᠵᠦ ᠪᠠᠢᠪᠠᠯ ᠵᠣᠯ ᠵᠢᠷᠭᠠᠯ ᠠᠶᠠᠨᠳᠠᠭᠠᠨ ᠴᠢᠮ᠎ᠠ ᠶ᠋ᠢ ᠡᠷᠢᠨ᠎ᠡ᠃
ᠰᠡᠳᠬᠢᠯ ᠵᠢᠷᠦᠬᠡᠨ ᠳ᠋ᠦ᠍ ᠪᠡᠨ ᠮᠥᠷᠥᠭᠡᠳᠦᠯ ᠪᠢᠯᠬᠠᠭᠤᠯᠵᠤ ᠪᠠᠢᠪᠠᠯ ᠠᠵᠠ ᠲᠣᠬᠢᠶᠠᠯ ᠠᠶᠠᠨᠳᠠᠭᠠᠨ ᠴᠢᠮ᠎ᠠ ᠶ᠋ᠢ ᠣᠯᠤᠨ᠎ᠠ᠃
ᠰᠡᠳᠬᠢᠯ ᠵᠢᠷᠦᠬᠡᠨ ᠳ᠋ᠦ᠍ ᠪᠡᠨ ᠦᠨᠡᠨᠴᠢ ᠶ᠋ᠢ ᠡᠷᠬᠢᠮᠯᠡᠵᠦ ᠪᠠᠢᠪᠠᠯ ᠠᠮᠤᠷ ᠲᠦᠪᠰᠢᠨ ᠠᠶᠠᠨᠳᠠᠭᠠᠨ ᠴᠢᠮ᠎ᠠ ᠶ᠋ᠢ ᠬᠠᠮᠠᠭᠠᠯᠠᠨ᠎ᠠ᠃
ᠰᠡᠳᠬᠢᠯ ᠵᠢᠷᠦᠬᠡᠨ ᠳ᠋ᠦ᠍ ᠪᠡᠨ ᠰᠠᠢᠨ ᠢ᠋ ᠪᠢᠰᠢᠯᠭᠠᠵᠤ ᠪᠠᠢᠪᠠᠯ ᠥᠩᠭᠡ ᠭᠡᠷᠡᠯ ᠠᠶᠠᠨᠳᠠᠭᠠᠨ ᠴᠢᠮ᠎ᠠ ᠶ᠋ᠢ ᠭᠡᠷᠡᠯᠲᠦᠭᠦᠯᠦᠨ᠎ᠡ᠃
ᠰᠡᠳᠬᠢᠯ ᠵᠢᠷᠦᠬᠡᠨ ᠳ᠋ᠦ᠍ ᠪᠡᠨ ᠰᠠᠢᠬᠠᠨ ᠢ᠋ ᠬᠠᠳᠠᠭᠠᠯᠠᠵᠤ ᠪᠠᠢᠪᠠᠯ ᠬᠠᠯᠠᠭᠤᠨ ᠳᠤᠯᠠᠭᠠᠨ ᠠᠶᠠᠨᠳᠠᠭᠠᠨ ᠴᠢᠮ᠎ᠠ ᠶ᠋ᠢ ᠢᠯᠪᠢᠨ᠎ᠡ᠃
ᠰᠡᠳᠬᠢᠯ ᠵᠢᠷᠦᠬᠡᠨ ᠳ᠋ᠦ᠍ ᠪᠡᠨ ᠬᠠᠢᠷ᠎ᠠ ᠶ᠋ᠢ ᠬᠠᠯᠭᠢᠯᠠᠭᠤᠯᠵᠤ ᠪᠠᠢᠪᠠᠯ ᠬᠦᠨᠳᠦᠳᠬᠡᠯ ᠪᠢᠰᠢᠷᠡᠯ ᠠᠶᠠᠨᠳᠠᠭᠠᠨ ᠴᠢᠮ᠎ᠠ ᠶ᠋ᠢ ᠳᠠᠭᠠᠨ᠎ᠠ᠃
ᠰᠡᠳᠬᠢᠯ ᠵᠢᠷᠦᠬᠡᠨ ᠳ᠋ᠦ᠍ ᠪᠡᠨ ᠪᠤᠰᠤᠳ ᠢ᠋ ᠪᠠᠭᠲᠠᠭᠠᠵᠤ ᠪᠠᠢᠪᠠᠯ ᠦᠨᠡᠨ ᠰᠡᠳᠬᠢᠯᠭᠡ ᠠᠶᠠᠨᠳᠠᠭᠠᠨ ᠴᠢᠮ᠎ᠠ ᠶ᠋ᠢ ᠢᠪᠡᠭᠡᠨ᠎ᠡ᠃
ᠰᠡᠳᠬᠢᠯ ᠵᠢᠷᠦᠬᠡᠨ ᠳ᠋ᠦ᠍ ᠪᠡᠨ ᠠᠴᠢ ᠶ᠋ᠢ ᠰᠠᠨᠠᠵᠤ ᠪᠠᠢᠪᠠᠯ ᠡᠷᠬᠢᠮ ᠬᠥᠮᠦᠨ ᠠᠶᠠᠨᠳᠠᠭᠠᠨ ᠴᠢᠮ᠎ᠠ ᠶ᠋ᠢ ᠠᠩᠬᠠᠷᠤᠨ᠎ᠠ᠃
ᠲᠤᠰᠠ ᠪᠣᠯᠵᠤ ᠳᠡᠢᠯᠬᠦ ᠦᠭᠡᠢ ᠴᠦ᠍ ᠲᠤᠱᠠ ᠪᠣᠯᠵᠤ ᠲᠣᠷᠭᠣᠬᠤ ᠦᠭᠡᠢ ᠲᠤᠯᠠ
ᠳᠤᠷᠠᠲᠠᠢ ᠬᠥᠮᠦᠨ ᠨᠢ ᠤᠩᠰᠢᠭ ᠭᠡᠵᠦ ᠰᠢᠷ᠎ᠠ ᠦᠭᠡᠢ ᠬᠥᠮᠦᠨ ᠣᠷᠴᠢᠭᠤᠯᠪᠠ᠃
ᠵᠠᠪ ᠲᠠᠢ ᠪᠣᠯ ᠤᠩᠰᠢᠭᠠᠳ ᠥᠩᠭᠡᠷᠡᠬᠦ ᠳ᠋ᠦ᠍ ᠢᠯᠡᠭᠦᠳᠡᠬᠦ ᠪᠡᠷ ᠦᠭᠡᠢ᠂
ᠵᠠᠪ ᠦᠭᠡᠢ ᠪᠣᠯ ᠵᠠᠢᠯᠠᠭᠠᠳ ᠥᠩᠭᠡᠷᠡᠬᠦ ᠳ᠋ᠦ᠍ ᠳᠤᠲᠠᠬᠤ ᠪᠠᠷ ᠦᠭᠡᠢ!
ᠦᠰᠦᠭ ᠬᠥᠷᠪᠡᠭᠦᠯᠦᠭᠴᠢ᠄ ᠤᠷᠢᠶᠠᠩᠬᠠᠢ ᠨᠠᠷᠠᠨᠮᠠᠨᠳᠠ 2025.7.20
