ᠮᠢᠨᠦ ᠨᠥᠬᠥᠳ -ᠭᠠᠯᠰᠠᠨᠢᠮ᠎ᠠ ᠶ᠋ᠢᠨ ᠭᠠᠨᠲᠢᠭМиний нөхөд- Галсанямын Гандиг ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠨᠦ ᠨᠥᠬᠥᠳ -ᠭᠠᠯᠰᠠᠨᠢᠮ᠎ᠠ ᠶ᠋ᠢᠨ ᠭᠠᠨᠲᠢᠭМиний нөхөд- Галсанямын Гандиг

ᠮᠢᠨᠦ ᠨᠥᠬᠥᠳ -ᠭᠠᠯᠰᠠᠨᠢᠮ᠎ᠠ ᠶ᠋ᠢᠨ ᠭᠠᠨᠲᠢᠭМиний нөхөд- Галсанямын Гандиг

2025-07-24

892

ᠮᠢᠨᠦ ᠨᠥᠬᠥᠳ

   ᠪᠤᠷᠢᠶᠠᠳ ᠳᠠᠭᠤᠤ 
  ᠦᠭᠡ ᠄ ᠪᠠᠳᠮᠠᠬᠠᠨᠳᠠ 
  ᠬᠥᠭᠵᠢᠮ᠄ ᠴᠣᠶ᠋ᠢᠵᠢᠨᠢᠮ᠎ᠠ ᠶ᠋ᠢᠨ ᠰᠸᠷᠡᠨ 
  ᠳᠠᠭᠤᠴᠢᠨ᠄ ᠭᠠᠯᠰᠠᠨᠢᠮ᠎ᠠ ᠶ᠋ᠢᠨ ᠭᠠᠨᠲᠢᠭ 

ᠬᠠᠨᠢ ᠮᠢᠨᠦ ᠨᠥᠬᠥᠳ 
ᠬᠠᠮᠲᠤ ᠰᠤᠷᠤᠭᠰᠠᠨ ᠰᠠᠴᠠᠭᠤᠲᠠᠳ 
ᠬᠤᠪᠢ ᠵᠠᠶᠠᠭ᠎ᠠ ᠪᠠᠨ ᠬᠣᠯᠪᠣᠭᠰᠠᠨ 
ᠬᠠᠢᠷᠠᠲᠤ ᠮᠢᠨᠦ ᠦᠶᠡᠲᠡᠳ  

ᠪᠤᠷᠬᠠᠨ ᠤ᠋ ᠥᠭᠭᠦᠭᠰᠡᠨ ᠨᠥᠬᠥᠳ ᠮᠢᠨᠢ 
ᠣᠮᠣᠭᠠᠷᠬᠠᠯ᠂ ᠨᠠᠢᠳᠠᠯ ᠲᠦᠷᠦᠭᠦᠯᠡᠨ 
ᠪᠡᠶ᠎ᠡ ᠪᠡᠶ᠎ᠡ ᠪᠡᠨ ᠳᠡᠮᠵᠢᠳᠡᠭ  ᠶᠤᠮ 
ᠡᠨᠡ ᠨᠠᠰᠤᠨ ᠤ᠋ ᠮᠢᠨᠢ ᠲᠦᠰᠢᠭ   ᠶᠤᠮ  

ᠬᠠᠨᠢ ᠨᠥᠬᠥᠳ ᠢ᠋ᠶ᠋ᠡᠨ ᠬᠠᠷᠠᠬᠤ ᠳ᠋ᠤ᠌ ᠪᠠᠨ
ᠬᠠᠯᠠᠭᠤᠬᠠᠨ ᠢ᠋ᠶ᠋ᠠᠷ ᠪᠠᠶᠠᠷᠯᠠᠭᠠᠳ
ᠬᠦᠴᠦ ᠴᠢᠳᠠᠯ ᠣᠷᠣᠨᠠᠪ
ᠳᠠᠬᠢᠨ ᠵᠠᠯᠠᠭᠤ ᠪᠣᠯᠤᠨᠠᠪ


ᠠᠨᠳᠠ ᠮᠢᠨᠦ ᠨᠥᠬᠥᠳ
ᠠᠬ᠎ᠠ ᠳᠡᠭᠦᠦ ᠨᠠᠷ ᠰᠢᠭ᠋
ᠲᠦᠳᠡ ᠶ᠋ᠢᠨ ᠲᠥᠷᠥᠯ ᠪᠣᠯᠣᠩᠬᠠᠢ
ᠨᠠᠮᠬᠠᠨ ᠳ᠋ᠤ᠌ ᠪᠠᠨ ᠦᠨ᠎ᠡ ᠴᠠᠨ᠎ᠠ ᠲᠠᠢ
ᠬᠠᠨᠢ ᠨᠥᠬᠥᠳ ᠢ᠋ᠶ᠋ᠡᠨ ᠬᠠᠷᠠᠬᠤ ᠳ᠋ᠤ᠌ ᠪᠠᠨ
ᠬᠠᠯᠠᠭᠤᠬᠠᠨ ᠢ᠋ᠶ᠋ᠠᠷ ᠪᠠᠶᠠᠷᠯᠠᠭᠠᠳ
ᠬᠦᠴᠦ ᠴᠢᠳᠠᠯ ᠣᠷᠣᠨᠠᠪ
ᠳᠠᠬᠢᠨ ᠵᠠᠯᠠᠭᠤ ᠪᠣᠯᠤᠨᠠᠪ

  ᠦᠰᠦᠭ ᠠᠮᠢᠯᠠᠭᠤᠯᠤᠭᠴᠢ᠄ ᠭᠡᠭᠡᠷᠡᠯ
  ᠦᠰᠦᠭ ᠬᠠᠲᠠᠭᠴᠢ᠄ ᠭᠡᠭᠡᠷᠡᠯ