ᠬᠡᠭᠡᠷ᠎ᠡ ᠶ᠋ᠢᠨ ᠬᠢᠮᠤᠰᠤᠨ ᠪᠣᠳᠣᠭ ᠴᠡᠴᠡᠭХээрийн хумсан будаг цэцэгKheeriin khumsan budag tsetseg ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠭᠡᠷ᠎ᠡ ᠶ᠋ᠢᠨ ᠬᠢᠮᠤᠰᠤᠨ ᠪᠣᠳᠣᠭ ᠴᠡᠴᠡᠭХээрийн хумсан будаг цэцэгKheeriin khumsan budag tsetseg

ᠬᠡᠭᠡᠷ᠎ᠡ ᠶ᠋ᠢᠨ ᠬᠢᠮᠤᠰᠤᠨ ᠪᠣᠳᠣᠭ ᠴᠡᠴᠡᠭХээрийн хумсан будаг цэцэгKheeriin khumsan budag tsetseg

2025-07-24

186

ᠬᠡᠭᠡᠷ᠎ᠡ ᠶ᠋ᠢᠨ ᠬᠢᠮᠤᠰᠤᠨ ᠪᠣᠳᠣᠭ ᠴᠡᠴᠡᠭ

   ᠲᠤᠰ ᠡᠮ ᠪᠣᠯ ᠬᠢᠮᠤᠰᠤᠨ ᠪᠣᠳᠣᠭ ᠴᠡᠴᠡᠭ ᠦ᠋ᠨ ᠢᠵᠠᠭᠤᠷ ᠤ᠋ᠨ ᠤᠷᠭᠤᠮᠠᠯ ᠪᠣᠯᠬᠤ ᠬᠡᠭᠡᠷ᠎ᠡ ᠶ᠋ᠢᠨ ᠬᠢᠮᠤᠰᠤᠨ ᠪᠣᠳᠣᠭ ᠴᠡᠴᠡᠭ ᠦ᠋ᠨ ᠬᠠᠲᠠᠭᠠᠭᠰᠠᠨ ᠪᠦᠬᠦᠯᠢ ᠡᠪᠡᠰᠦ ᠮᠥᠨ᠃ ᠪᠠᠰᠠ ᠵᠠᠭᠠᠨ ᠤ᠋ ᠬᠠᠮᠠᠷ ᠴᠡᠴᠡᠭ᠂ ᠯᠠᠩᠨᠠᠮᠧᠳᠤᠭ ᠭᠡᠳᠡᠭ᠃
   [ ᠤᠤᠯ ᠤᠷᠭᠤᠮᠠᠯ] ᠨᠢᠭᠡ ᠨᠠᠰᠤᠲᠤ ᠡᠪᠡᠰᠦᠯᠢᠭ ᠤᠷᠭᠤᠮᠠᠯ᠃30~60cm ᠥᠨᠳᠥᠷ᠂ ᠳᠠᠩ ᠨᠠᠪᠴᠢ ᠲᠠᠢ᠂ ᠴᠤᠪᠤᠷᠠᠨ ᠤᠷᠭᠤᠨ᠎ᠠ᠃ ᠥᠨᠳᠡᠭᠡᠯᠵᠢᠨ ᠪᠤᠶᠤ ᠵᠤᠤᠪᠠᠩ ᠬᠡᠯᠪᠡᠷᠢ ᠲᠡᠢ᠂2~8cm ᠤᠷᠲᠤ᠂1~4cm ᠥᠷᠭᠡᠨ᠂ ᠮᠤᠬᠤᠷ ᠱᠣᠪᠬᠣ ᠣᠷᠣᠢ ᠲᠠᠢ᠂ ᠱᠠᠭᠠᠨᠲᠠᠭ ᠪᠤᠶᠤ ᠲᠣᠭᠣᠷᠢᠭ ᠤᠭ ᠲᠠᠢ᠂ ᠲᠣᠮᠣ ᠮᠤᠬᠤᠷ ᠠᠷᠠᠭᠠᠲᠤ ᠬᠥᠪᠡᠭᠡ ᠲᠡᠢ᠂ ᠡᠰᠢᠨ ᠦ᠌ ᠳᠣᠣᠷ᠎ᠠ ᠬᠡᠰᠡᠭ ᠦ᠋ᠨ ᠨᠠᠪᠴᠢ ᠨᠢ ᠪᠠᠷᠢᠭᠤᠯ ᠲᠠᠢ᠂ ᠳᠡᠭᠡᠷ᠎ᠡ ᠬᠡᠰᠡᠭ ᠦ᠋ᠨ ᠨᠠᠪᠴᠢ ᠨᠢ ᠪᠠᠷᠤᠭ ᠪᠠᠷᠢᠭᠤᠯ ᠦᠭᠡᠢ᠃ ᠴᠠᠴᠤᠭ ᠬᠡᠯᠪᠡᠷᠢᠲᠦ ᠪᠠᠭ ᠴᠡᠴᠡᠭ ᠨᠢ ᠨᠠᠪᠴᠢᠨ ᠥᠪᠥᠷ ᠲᠦ᠍ ᠳᠡᠯᠭᠡᠷᠡᠨ᠎ᠡ᠃2~4 ᠬᠦᠢᠰ ᠴᠡᠴᠡᠭ ᠲᠡᠢ᠂ ᠴᠡᠴᠡᠭ ᠦ᠋ᠨ ᠪᠠᠷᠢᠭᠤᠯ ᠨᠢ ᠨᠠᠷᠢᠬᠠᠨ ᠪᠥᠭᠡᠳ ᠤᠨᠵᠢᠢᠨ᠎ᠠ᠃ ᠰᠢᠷ᠎ᠠ ᠴᠡᠴᠡᠭ ᠲᠡᠢ᠂ ᠵᠠᠷᠢᠮ ᠳ᠋ᠠᠭᠠᠨ ᠪᠣᠷᠣᠪᠲᠤᠷ ᠤᠯᠠᠭᠠᠨ ᠲᠣᠯᠪᠣ ᠲᠠᠢ᠂3 ᠲᠣᠭᠳᠣᠢ ᠢᠯᠲᠠᠰᠤ ᠲᠠᠢ᠂ ᠬᠠᠵᠠᠭᠤ ᠶ᠋ᠢᠨ ᠬᠣᠶᠠᠷ ᠢᠯᠲᠠᠰᠤ ᠨᠢ ᠥᠷᠭᠡᠨ ᠥᠨᠳᠡᠭᠡᠯᠵᠢᠨ ᠬᠡᠯᠪᠡᠷᠢ ᠲᠡᠢ᠂8mm ᠣᠷᠴᠢᠮ ᠤᠷᠲᠤ᠂ ᠱᠣᠪᠬᠣ ᠣᠷᠣᠢ ᠲᠠᠢ᠂ ᠭᠣᠣᠯ ᠳ᠋ᠠᠬᠢ ᠲᠣᠭᠳᠣᠢ ᠢᠯᠲᠠᠰᠤ ᠨᠢ ᠬᠡᠯᠲᠡᠰ ᠰᠢᠭ᠂1~1.4cm ᠤᠷᠲᠤ᠂ ᠶᠡᠭᠦᠯᠡᠭᠦᠷ ᠬᠡᠯᠪᠡᠷᠢ ᠲᠡᠢ᠂ ᠤᠭ ᠤ᠋ᠨ ᠬᠡᠰᠡᠭ ᠨᠢ ᠤᠷᠲᠤᠰᠴᠤ ᠳᠣᠲᠣᠭᠰᠢ ᠮᠤᠷᠤᠢᠭᠰᠠᠨ ᠤᠷᠲᠤ ᠳᠠᠷᠤᠪᠴᠢ ᠪᠣᠯᠳᠠᠭ᠃ ᠳᠠᠯᠪᠠᠭ᠎ᠠ ᠬᠡᠯᠲᠡᠰ ᠨᠢ ᠲᠣᠭᠣᠷᠢᠭ ᠬᠡᠯᠪᠡᠷᠢ ᠲᠡᠢ᠂8mm ᠣᠷᠴᠢᠮ ᠤᠷᠲᠤ᠂ ᠠᠷᠤ ᠶ᠋ᠢᠨ ᠭᠣᠣᠯ ᠰᠤᠳᠠᠯ ᠨᠢ ᠵᠠᠪᠢ ᠰᠢᠭ᠋᠂ ᠭᠦᠳᠦᠭᠦᠷ᠂ ᠰᠡᠯᠢᠭᠦᠷ ᠬᠡᠯᠲᠡᠰ ᠨᠢ ᠥᠷᠭᠡᠨ᠂ ᠪᠠᠷᠤᠭ17mm ᠣᠷᠴᠢᠮ ᠤᠷᠲᠤ᠂2 ᠣᠨᠢ ᠲᠠᠢ᠃5 ᠡᠷ᠎ᠡ ᠲᠣᠭᠣᠷᠴᠣᠭ ᠲᠠᠢ᠂ ᠳᠣᠬᠢᠭᠤᠷ ᠨᠢ ᠣᠬᠣᠷ᠂ ᠲᠣᠭᠣᠰᠣᠪᠴᠢ ᠨᠢ ᠨᠡᠢᠯᠡᠭᠡᠳ ᠮᠠᠯᠠᠭᠠᠢ ᠰᠢᠭ᠋ ᠪᠣᠯᠳᠠᠭ᠃ ᠬᠣᠩᠭᠣᠷᠴᠣᠭᠲᠤ ᠵᠢᠮᠢᠰ ᠨᠢ ᠪᠦᠰᠡᠯᠢᠭ ᠤᠷᠲᠤᠯᠵᠢᠨ ᠲᠣᠭᠣᠷᠢᠭ ᠬᠡᠯᠪᠡᠷᠢ ᠲᠡᠢ᠂1~2cm ᠤᠷᠲᠤ᠃ ᠣᠯᠠᠨ ᠦᠷ᠎ᠡ ᠲᠡᠢ ᠪᠥᠭᠡᠳ ᠦᠷ᠎ᠡ ᠨᠢ ᠵᠤᠤᠪᠠᠩ ᠲᠣᠭᠣᠷᠢᠭ ᠬᠡᠯᠪᠡᠷᠢ ᠲᠡᠢ᠃7~8 ᠳ᠋ᠤᠭᠠᠷ ᠰᠠᠷ᠎ᠠ ᠳ᠋ᠤ᠌ ᠴᠡᠴᠡᠭᠯᠡᠵᠦ᠂8~9 ᠳ᠋ᠦ᠍ᠭᠡᠷ ᠰᠠᠷ᠎ᠠ ᠳ᠋ᠤ᠌ ᠵᠢᠮᠢᠰᠯᠡᠨ᠎ᠡ᠃
   [ ᠤᠷᠭᠤᠬᠤ ᠣᠷᠴᠢᠨ ᠬᠢᠭᠡᠳ ᠲᠠᠷᠬᠠᠴᠠ] ᠠᠭᠤᠯᠠᠨ ᠭᠣᠣ ᠶ᠋ᠢᠨ ᠭᠣᠷᠣᠬ᠎ᠠ ᠶ᠋ᠢᠨ ᠬᠥᠪᠡᠭᠡ᠂ ᠠᠭᠤᠯᠠᠨ ᠬᠠᠵᠠᠭᠤ᠂ ᠣᠢ ᠶ᠋ᠢᠨ ᠬᠥᠪᠡᠭᠡ ᠶ᠋ᠢᠨ ᠴᠢᠭᠢᠭᠯᠢᠭ ᠨᠣᠢᠲᠠᠨ ᠭᠠᠵᠠᠷ ᠲᠤ ᠤᠷᠭᠤᠨ᠎ᠠ᠃ ᠵᠡᠭᠦᠨ ᠬᠣᠢᠲᠤ ᠣᠷᠣᠨ᠂ ᠤᠮᠠᠷᠠᠲᠤ ᠣᠷᠣᠨ᠂ ᠪᠠᠷᠠᠭᠤᠨ ᠬᠣᠢᠲᠤ ᠣᠷᠣᠨ᠂ ᠳᠤᠮᠳᠠᠳᠤ ᠣᠷᠣᠨ ᠳ᠋ᠤ᠌ ᠲᠠᠷᠬᠠᠴᠠ ᠲᠠᠢ᠃
   [ ᠲᠡᠭᠦᠵᠦ ᠪᠣᠯᠪᠠᠰᠤᠷᠠᠭᠤᠯᠬᠤ] 7~8 ᠳ᠋ᠤᠭᠠᠷ ᠰᠠᠷ᠎ᠠ ᠳ᠋ᠤ᠌ ᠴᠡᠴᠡᠭᠯᠡᠭᠰᠡᠨ ᠪᠦᠬᠦᠯᠢ ᠡᠪᠡᠰᠦ ᠶ᠋ᠢ ᠨᠢ ᠲᠡᠭᠦᠵᠦ᠂ ᠠᠷᠢᠯᠭᠠᠨ ᠴᠡᠪᠡᠷᠯᠡᠭᠡᠳ ᠰᠡᠭᠦᠳᠡᠷ ᠲᠦ᠍ ᠬᠠᠲᠠᠭᠠᠨ᠎ᠠ᠃
   [ ᠠᠮᠲᠠ᠂ ᠴᠢᠨᠠᠷ᠂ ᠡᠷᠳᠡᠮ] ᠠᠮᠲᠠᠯᠢᠭ ᠠᠮᠲᠠ ᠲᠠᠢ᠂ ᠰᠡᠷᠢᠭᠦᠨ ᠴᠢᠨᠠᠷ ᠲᠠᠢ᠂ ᠮᠣᠬᠣᠳᠠᠭ᠂ ᠬᠥᠩᠭᠡᠨ᠂ ᠡᠶᠡᠯᠳᠡᠭ᠂ ᠬᠠᠭᠤᠷᠠᠢ ᠡᠷᠳᠡᠮ ᠲᠡᠢ᠃
   [ ᠴᠢᠳᠠᠯ ᠪᠠ ᠭᠣᠣᠯᠳᠠᠭᠤ ᠵᠠᠰᠠᠬᠤ] ᠰᠢᠭᠡᠯᠭᠡᠬᠦ᠂ ᠰᠢᠷᠬ᠎ᠠ ᠶ᠋ᠢ ᠠᠨᠠᠭᠠᠬᠤ᠂ ᠰᠢᠷ᠎ᠠ ᠤᠰᠤ ᠶ᠋ᠢ ᠬᠠᠲᠠᠭᠠᠬᠤ ᠴᠢᠳᠠᠯ ᠲᠠᠢ᠃ ᠭᠣᠣᠯᠳᠠᠭᠤ ᠤᠰᠤᠨ ᠬᠠᠪᠤᠩ᠂ ᠰᠢᠭᠡᠰᠦ ᠬᠠᠭᠠᠭᠳᠠᠬᠤ᠂ ᠳᠠᠪᠤᠰᠠᠩ ᠤ᠋ᠨ ᠬᠠᠯᠠᠭᠤᠨ᠂ ᠰᠢᠷ᠎ᠠ ᠤᠰᠤᠨ ᠡᠪᠡᠳᠴᠢᠨ ᠢ᠋ ᠵᠠᠰᠠᠬᠤ ᠳ᠋ᠤ᠌ ᠬᠡᠷᠡᠭᠯᠡᠨ᠎ᠡ᠃

   ᠬᠢᠲᠠᠳ ᠨᠡᠷ᠎ᠡ᠄ 水金凤
   ᠠᠩᠭ᠌ᠯᠢ ᠨᠡᠷ᠎ᠡ᠄ Impatiens noli - tanger L.

   ᠦᠰᠦᠭ ᠠᠮᠢᠯᠠᠭᠤᠯᠤᠭᠴᠢ᠄ ᠤᠷᠠᠨᠴᠢᠮᠡᠭ
   ᠬᠢᠨᠠᠭᠴᠢ᠄ ᠲᠤᠶᠠᠭ᠎ᠠ