ᠠᠵᠢᠯ ᠦᠢᠯᠡᠰ ᠡᠷᠬᠢᠯᠡᠬᠦ ᠶ᠋ᠢᠨ ᠦᠨᠳᠦᠰᠦ- ᠬᠣᠨᠢᠴᠢᠨ ᠦᠯᠵᠡᠢᠰᠦ᠋ᠷᠥᠩ Ажил үйлс эргэлэхийн үндэс- Хоньчин Өлзийсүрэн ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠵᠢᠯ ᠦᠢᠯᠡᠰ ᠡᠷᠬᠢᠯᠡᠬᠦ ᠶ᠋ᠢᠨ ᠦᠨᠳᠦᠰᠦ- ᠬᠣᠨᠢᠴᠢᠨ ᠦᠯᠵᠡᠢᠰᠦ᠋ᠷᠥᠩ Ажил үйлс эргэлэхийн үндэс- Хоньчин Өлзийсүрэн

ᠠᠵᠢᠯ ᠦᠢᠯᠡᠰ ᠡᠷᠬᠢᠯᠡᠬᠦ ᠶ᠋ᠢᠨ ᠦᠨᠳᠦᠰᠦ- ᠬᠣᠨᠢᠴᠢᠨ ᠦᠯᠵᠡᠢᠰᠦ᠋ᠷᠥᠩ Ажил үйлс эргэлэхийн үндэс- Хоньчин Өлзийсүрэн

2025-07-23

513

ᠠᠵᠢᠯ ᠦᠢᠯᠡᠰ ᠡᠷᠬᠢᠯᠡᠬᠦ ᠶ᠋ᠢᠨ ᠦᠨᠳᠦᠰᠦ 

      ᠵᠣᠬᠢᠶᠠᠯᠴᠢ᠄ ᠳ᠋ᠣᠺᠲ᠋ᠣᠷ ᠬᠣᠨᠢᠴᠢᠨ ᠦᠯᠵᠡᠢᠰᠦ᠋ᠷᠥᠩ 2017᠂07᠂25 

    ᠮᠠᠨ ᠤ᠋ ᠮᠣᠩᠭᠣᠯᠴᠤᠳ᠂ ᠲᠡᠷᠡᠴᠢᠯᠡᠨ ᠮᠠᠨ ᠤ᠋ ᠮᠠᠯᠴᠢᠳ᠂ ᠣᠶᠤᠲᠠᠨ ᠳᠡᠭᠦᠦ ᠨᠠᠷ ᠲᠤ᠌ ᠠᠵᠤ ᠠᠬᠤᠢ ᠡᠵᠡᠩᠨᠡᠯᠲᠡ ᠶ᠋ᠢᠨ ᠲᠤᠬᠠᠢ ᠮᠡᠳᠡᠯᠭᠡ ᠳᠤᠲᠠᠮᠠᠭ ᠪᠠᠢᠭ᠎ᠠ ᠭᠡᠳᠡᠭ ᠢ᠋ ᠶᠠᠷᠢᠯᠴᠠᠬᠤ ᠳᠤᠮᠳᠠ ᠪᠠᠨ ᠣᠢᠯᠭᠠᠵᠤ ᠮᠡᠳᠡᠭᠰᠡᠨ᠃ ᠵᠠᠷᠢᠮ ᠨᠢᠭᠡ ᠨᠢ ᠡᠭᠦᠨ ᠳ᠋ᠦ᠍ ᠨᠠᠵᠠᠭᠠᠢ ᠣᠪᠣᠷ ᠭᠠᠷᠭᠠᠵᠤ ᠥᠪᠡᠷ ᠲᠦ᠍ ᠨᠢ ᠬᠡᠷᠡᠭ ᠦᠭᠡᠢ ᠮᠡᠲᠦ ᠦᠵᠡᠳᠡᠭ᠃ ᠠᠵᠤ ᠠᠬᠤᠢ ᠡᠵᠡᠩᠨᠡᠯᠲᠡ ᠭᠡᠳᠡᠭ ᠨᠢ ᠴᠢ ᠪᠢᠳᠡᠨ ᠦ᠌ ᠠᠮᠢᠳᠤᠷᠠᠯ ᠲᠠᠢ ᠨᠢᠭᠲᠠ ᠬᠣᠯᠪᠣᠭ᠎ᠠ ᠲᠠᠢ ᠵᠦᠢᠯ ᠪᠣᠯᠬᠤ ᠶᠤᠮ᠃ ᠠᠮᠧᠷᠢᠺᠠ ᠳ᠋ᠤ᠌ ᠥᠨᠳᠥᠷ ᠳᠤᠮᠳᠠ ᠠ᠋ᠴᠠ ᠡᠬᠢᠯᠡᠨ ᠬᠣᠶᠠᠷ ᠵᠢᠯ ᠦ᠋ᠨ ᠨᠠᠷᠢᠯᠢᠭ ᠠᠵᠤ ᠠᠬᠤᠢ ᠶ᠋ᠢᠨ ᠤᠬᠠᠭᠠᠨ ᠤ᠋ ᠬᠢᠴᠢᠶᠡᠯ ᠣᠷᠣᠳᠠᠭ᠃ ᠶᠠᠭᠠᠬᠢᠭᠠᠳ ᠭᠡᠪᠡᠯ ᠨᠢᠭᠡ ᠬᠥᠮᠦᠨ ᠦ᠌ ᠠᠮᠢᠳᠤᠷᠠᠯ᠂ ᠨᠢᠭᠡ ᠮᠠᠯᠴᠢᠨ ᠬᠥᠮᠦᠨ ᠦ᠌ ᠠᠮᠢᠳᠤᠷᠠᠯ ᠴᠤ᠌ ᠭᠡᠰᠡᠨ ᠥᠪᠡᠷ ᠢ᠋ᠶ᠋ᠡᠨ ᠨᠢᠭᠡ ᠲᠣᠮᠣ ᠠᠵᠤ ᠠᠬᠤᠢᠯᠠᠯ ᠪᠤᠶᠤ ᠺᠣᠮᠫᠠᠨᠢ ᠭᠡᠵᠦ ᠬᠡᠯᠡᠵᠦ ᠪᠣᠯᠬᠤ ᠶᠤᠮ᠃ ᠥᠪᠡᠷ ᠦ᠋ᠨ ᠠᠮᠢᠳᠤᠷᠠᠯ᠂ ᠮᠠᠯ ᠠᠬᠤᠢ ᠪᠠᠨ ᠵᠥᠪ ᠵᠣᠬᠢᠰᠲᠠᠢ ᠡᠵᠡᠩᠨᠡᠬᠦ ᠳ᠋ᠦ᠍ ᠠᠵᠤ ᠠᠬᠤᠢ ᠡᠵᠡᠩᠨᠡᠯᠲᠡ ᠶ᠋ᠢᠨ ᠦᠶ᠎ᠡ ᠶ᠋ᠢᠨ ᠵᠠᠬ᠎ᠠ ᠵᠡᠭᠡᠯᠢ ᠶ᠋ᠢᠨ ᠠᠵᠤ ᠠᠬᠤᠢ ᠶ᠋ᠢᠨ ᠡᠷᠢᠨ ᠳ᠋ᠦ᠍ ᠤᠯᠠᠮᠵᠢᠯᠠᠯᠲᠤ ᠠᠷᠭ᠎ᠠ ᠪᠠᠷᠢᠯ᠂ ᠦᠵᠡᠯᠲᠡ ᠲᠠᠨᠢᠯᠲᠠ ᠪᠠᠨ ᠬᠤᠪᠢᠷᠠᠭᠤᠯᠵᠤ ᠨᠡᠢᠭᠡᠮ ᠳ᠋ᠦ᠍ ᠵᠣᠬᠢᠴᠠᠬᠤ ᠡᠵᠡᠩᠨᠡᠯᠲᠡ ᠶ᠋ᠢᠨ ᠤᠬᠠᠭᠠᠨ᠂ ᠠᠷᠭ᠎ᠠ ᠪᠠᠷᠢᠯ ᠶᠠᠭᠤ ᠶᠠᠭᠤᠨ ᠠ᠋ᠴᠠ ᠴᠢᠬᠤᠯᠠ᠃ 
ᠲᠡᠭᠡᠪᠡᠯ ᠡᠵᠡᠩᠨᠡᠯᠲᠡ ᠬᠢᠵᠦ ᠠᠵᠢᠯ ᠦᠢᠯᠡᠰ ᠢ᠋ᠶ᠋ᠡᠨ ᠠᠪᠴᠤ ᠶᠠᠪᠤᠬᠤ ᠳ᠋ᠤ᠌ ᠶᠠᠭᠤ ᠶᠠᠭᠤ ᠴᠢᠬᠤᠯᠠ ᠪᠣᠢ ᠭᠡᠳᠡᠭ ᠲᠠᠯ᠎ᠠ ᠪᠠᠷ ᠶᠠᠷᠢᠶ᠎ᠠ᠃ 
ᠨᠢᠭᠡᠨ ᠠᠵᠢᠯ ᠦᠢᠯᠡᠰ ᠢ᠋ ᠡᠷᠬᠢᠯᠡᠨ ᠶᠠᠪᠤᠭᠳᠠᠭᠤᠯᠬᠤ ᠳ᠋ᠤ᠌ ᠶᠡᠷᠦᠩᠬᠡᠢ ᠳ᠋ᠡᠭᠡᠨ ᠬᠣᠶᠠᠷ ᠠᠯᠬᠤᠮ ᠢ᠋ᠶ᠋ᠠᠷ ᠶᠠᠪᠤᠭᠳᠠᠳᠠᠭ᠃ ᠨᠢᠭᠡ ᠨᠢ ᠠᠵᠢᠯ ᠦᠢᠯᠡᠰ ᠦ᠋ᠨ ᠠᠩᠬᠠᠨ ᠤ᠋ ᠠᠯᠬᠤᠮ ᠨᠥᠭᠦᠭᠡ ᠨᠢ ᠠᠵᠢᠯ ᠦᠢᠯᠡᠰ ᠦ᠋ᠨ ᠬᠥᠭᠵᠢᠯᠲᠡ ᠶ᠋ᠢᠨ ᠱᠠᠲᠤ ᠪᠣᠯᠤᠨ᠎ᠠ᠃ ᠶᠠᠮᠠᠷ ᠴᠤ᠌ ᠨᠢᠭᠡᠨ ᠠᠵᠢᠯ ᠦᠢᠯᠡᠰ ᠲᠦ᠍ ᠠᠩᠬᠠᠨ ᠤ᠋ ᠠᠯᠬᠤᠮ ᠨᠢ ᠠᠵᠢᠯ ᠦᠢᠯᠡᠰ ᠡᠷᠬᠢᠯᠡᠬᠦ ᠶ᠋ᠢᠨ ᠦᠨᠳᠦᠰᠦ ᠨᠢ ᠪᠣᠯᠳᠠᠭ᠃ ᠠᠩᠬᠠᠨ ᠤ᠋ ᠠᠯᠬᠤᠮ ᠢ᠋ᠶ᠋ᠠᠨ ᠵᠥᠪ ᠲᠠᠯᠪᠢᠭᠰᠠᠨ ᠠᠵᠢᠯ ᠦᠢᠯᠡᠰ ᠵᠣᠬᠢᠬᠤ ᠬᠡᠮᠵᠢᠶᠡᠨ ᠳ᠋ᠦ᠍ ᠬᠦᠷᠬᠦ ᠳ᠋ᠦ᠍ ᠬᠥᠭᠵᠢᠯᠲᠡ ᠶ᠋ᠢᠨ ᠱᠠᠲᠤᠨ ᠳ᠋ᠠᠭᠠᠨ ᠣᠷᠣᠳᠠᠭ᠂ ᠡᠭᠦᠨ ᠳ᠋ᠦ᠍ ᠶᠡᠷᠦᠩᠬᠡᠢ ᠳ᠋ᠡᠭᠡᠨ ᠯᠡ ᠭᠤᠷᠪᠠ ᠠ᠋ᠴᠠ ᠲᠠᠪᠤᠨ ᠵᠢᠯ ᠦ᠋ᠨ ᠬᠤᠭᠤᠴᠠᠭ᠎ᠠ ᠬᠡᠷᠡᠭᠲᠡᠢ᠃ 
ᠠᠵᠢᠯ ᠦᠢᠯᠡᠰ ᠡᠷᠬᠢᠯᠡᠬᠦ ᠶ᠋ᠢᠨ ᠠᠩᠬᠠᠨ ᠤ᠋ ᠠᠯᠬᠤᠮ ᠨᠢ ᠢᠲᠡᠭᠡᠯ ᠵᠣᠷᠢᠭ᠂ ᠲᠥᠯᠥᠪᠯᠡᠭᠡ᠂ ᠪᠡᠯᠡ ᠮᠥᠩᠭᠥ ᠭᠡᠰᠡᠨ ᠭᠤᠷᠪᠠᠨ ᠴᠢᠬᠤᠯᠠ ᠵᠠᠩᠭᠢᠯᠠᠭ᠎ᠠ ᠲᠠᠢ᠃ ᠪᠣᠳᠠᠲᠠᠢ ᠠᠵᠢᠯ ᠦᠢᠯᠡᠰ ᠡᠷᠬᠢᠯᠡᠨ ᠶᠠᠪᠤᠭᠳᠠᠭᠤᠯᠬᠤ ᠳ᠋ᠤ᠌ ᠡᠨᠡ ᠭᠤᠷᠪᠠ ᠶ᠋ᠢᠨ ᠠᠯᠢ ᠨᠢᠭᠡ ᠨᠢ ᠴᠦ᠍ ᠳᠤᠲᠠᠭᠳᠠᠵᠤ ᠦᠯᠦ ᠪᠣᠯᠤᠨ᠎ᠠ᠃ 
ᠵᠣᠷᠢᠭ ᠰᠠᠨᠠᠭ᠎ᠠ᠄ ᠠᠵᠢᠯ ᠦᠢᠯᠡᠰ ᠡᠷᠬᠢᠯᠡᠬᠦ ᠲᠡᠢᠮᠦ ᠬᠢᠯᠪᠠᠷ ᠪᠢᠰᠢ᠂ ᠬᠦᠴᠢᠷ ᠪᠡᠷᠬᠡ ᠲᠡᠢ ᠬᠠᠲᠠᠭᠤᠵᠢᠯ ᠲᠠᠢ ᠬᠥᠳᠡᠯᠮᠦᠷᠢ ᠱᠠᠭᠠᠷᠳᠠᠨ᠎ᠠ᠃ ᠡᠭᠦᠨ ᠳ᠋ᠦ᠍ ᠵᠠᠪᠠᠯ ᠦᠢᠯᠡᠰ ᠪᠦᠲᠦᠭᠡᠬᠦ ᠢᠲᠡᠭᠡᠯ ᠵᠣᠷᠢᠭ᠂ ᠲᠡᠰᠪᠦᠷᠢ ᠲᠡᠪᠴᠢᠶᠡᠷᠢ ᠪᠠᠢᠬᠤ ᠬᠡᠷᠡᠭᠲᠡᠢ᠃ ᠢᠩᠭᠢᠮᠡᠨᠵᠢᠨ ᠰᠠᠶᠢ ᠬᠦᠴᠢᠷ ᠢ᠋ ᠳᠠᠪᠠᠵᠤ ᠵᠣᠷᠢᠭᠰᠠᠨ ᠦᠢᠯᠡᠰ ᠢ᠋ᠶ᠋ᠡᠨ ᠪᠦᠲᠦᠭᠡᠵᠦ ᠴᠢᠳᠠᠨ᠎ᠠ᠃ 
ᠲᠥᠯᠥᠪᠯᠡᠭᠡ᠄ ᠲᠥᠯᠥᠪᠯᠡᠭᠡ ᠨᠢ ᠠᠵᠢᠯ ᠦᠢᠯᠡᠰ ᠡᠷᠬᠢᠯᠡᠨ ᠶᠠᠪᠤᠭᠳᠠᠭᠤᠯᠬᠤ ᠳ᠋ᠤ᠌ ᠨᠢᠭᠡᠨ ᠴᠢᠬᠤᠯᠠ ᠠ᠋ᠴᠠ ᠴᠢᠬᠤᠯᠠ ᠨᠥᠬᠥᠴᠡᠯ ᠪᠣᠯᠤᠨ᠎ᠠ᠃ ᠡᠷᠬᠢᠯᠡᠨ ᠬᠢᠵᠦ ᠪᠠᠢᠭ᠎ᠠ ᠠᠵᠢᠯ ᠦᠢᠯᠡᠰ ᠴᠢᠨᠢ ᠨᠢᠭᠡᠨ ᠪᠦᠷᠢᠨ ᠭᠦᠢᠴᠡᠳ ᠲᠥᠯᠥᠪᠯᠡᠭᠡ ᠪᠠᠢᠵᠤ ᠣᠷᠣᠭᠰᠢ ᠠᠬᠢᠳᠠᠭ᠃ ᠲᠥᠯᠥᠪᠯᠡᠭᠡ ᠳ᠋ᠦ᠍ ᠥᠪᠡᠷ ᠦ᠋ᠨ ᠠᠵᠢᠯ ᠦᠢᠯᠡᠰ ᠢ᠋ᠶ᠋ᠡᠨ ᠶᠠᠭᠠᠬᠢᠵᠤ ᠬᠢᠬᠦ ᠵᠣᠷᠢᠯᠲᠠ᠂ ᠶᠠᠭᠤᠨ ᠳ᠋ᠤ᠌ ᠬᠡᠳᠦᠢ ᠮᠥᠩᠭᠥ ᠵᠠᠷᠤᠴᠠᠭᠤᠯᠬᠤ ᠲᠣᠭᠠᠴᠠᠭ᠎ᠠ᠂ ᠶᠠᠭᠠᠬᠢᠵᠤ ᠬᠢᠬᠦ ᠠᠯᠬᠤᠮ ᠪᠦᠭᠦᠳᠡ ᠪᠠᠭᠲᠠᠳᠠᠭ ᠮᠥᠩᠭᠥ ᠵᠠᠷᠤᠴᠠᠭᠤᠯᠬᠤ ᠲᠣᠭᠠᠴᠠᠭ᠎ᠠ᠂ ᠶᠠᠭᠠᠬᠢᠵᠤ ᠬᠢᠬᠦ ᠠᠯᠬᠤᠮ ᠪᠦᠭᠦᠳᠡ ᠪᠠᠭᠲᠠᠳᠠᠭ ᠠ᠋ᠴᠠ ᠨᠢᠭᠡᠨ ᠠᠵᠢᠯ ᠦᠢᠯᠡᠰ ᠦ᠋ᠨ ᠠᠮᠵᠢᠯᠲᠠ ᠣᠯᠬᠤ ᠶ᠋ᠢᠨ ᠰᠠᠭᠤᠷᠢ ᠪᠣᠯᠳᠠᠭ᠃ ᠨᠢᠭᠡ ᠰᠠᠢᠨ ᠲᠥᠯᠥᠪᠯᠡᠭᠡ ᠨᠢ ᠥᠪᠡᠷ ᠦ᠋ᠨ ᠴᠢᠨᠢ ᠠᠵᠢᠯ ᠦᠢᠯᠡᠰ ᠡᠷᠬᠢᠯᠡᠬᠦ ᠴᠠᠭ ᠬᠤᠭᠤᠴᠠᠭ᠎ᠠ ᠶ᠋ᠢ ᠠᠷᠪᠢᠯᠠᠵᠤ᠂ ᠪᠡᠯᠡ ᠮᠥᠩᠭᠥ ᠶ᠋ᠢ ᠴᠢᠨᠢ ᠭᠡᠮᠨᠡᠬᠦ ᠦᠢᠯᠡᠳᠦᠯ ᠲᠡᠢ᠂ ᠮᠥᠨ ᠴᠦ᠍ ᠪᠡᠯᠡ ᠮᠥᠩᠭᠥ ᠴᠤᠭᠯᠠᠭᠤᠯᠬᠤ ᠶ᠋ᠢᠨ ᠤᠷᠢᠳᠠᠯ ᠪᠣᠯᠳᠠᠭ᠃ 
ᠪᠡᠯᠡ ᠮᠥᠩᠭᠥ᠄ ᠪᠡᠯᠡ ᠮᠥᠩᠭᠥ ᠨᠢ ᠨᠢᠭᠡᠨ ᠠᠵᠢᠯ ᠦᠢᠯᠡᠰ ᠲᠦ᠍ ᠴᠢᠰᠳ ᠦ᠋ᠨ ᠡᠷᠭᠢᠯᠲᠡ ᠰᠢᠭ ᠴᠢᠬᠤᠯᠠ᠂ ᠪᠠᠰᠠ ᠴᠢᠰᠳ ᠦ᠋ᠨ ᠡᠷᠭᠢᠯᠲᠡ ᠰᠢᠭ ᠪᠠᠢᠩᠭᠤ ᠡᠷᠭᠢᠯᠳᠦᠵᠦ ᠪᠠᠢᠬᠤ ᠶᠣᠰᠣᠲᠠᠢ ᠵᠦᠢᠯ ᠶᠤᠮ᠃ ᠭᠡᠬᠦ ᠳ᠋ᠡᠭᠡᠨ ᠪᠡᠯᠡ ᠮᠥᠩᠭᠥ ᠳᠤᠲᠠᠮᠠᠭ ᠨᠢ ᠠᠵᠢᠯ ᠦᠢᠯᠡᠰ ᠶᠠᠪᠤᠭᠳᠠᠬᠤ ᠦᠭᠡᠢ ᠪᠠᠢᠭ᠎ᠠ ᠶ᠋ᠢᠨ ᠰᠢᠯᠲᠠᠭ ᠪᠢᠰᠢ᠃ ᠮᠥᠩᠭᠥ ᠲᠡᠢ ᠪᠣᠯᠤᠭᠠᠳ ᠬᠥᠮᠦᠨ ᠠᠵᠢᠯ ᠦᠢᠯᠡᠰ ᠢ᠋ ᠡᠷᠬᠢᠯᠡᠳᠡᠭ ᠪᠢᠰᠢ᠂ ᠬᠠᠷᠢᠨ ᠮᠥᠩᠭᠥ ᠵᠣᠭᠣᠰ ᠣᠯᠬᠤ ᠬᠡᠷᠡᠭᠴᠡᠭᠡᠨ ᠡᠴᠡ ᠪᠣᠯᠵᠤ ᠠᠵᠢᠯ ᠦᠢᠯᠡᠰ ᠡᠷᠬᠢᠯᠡᠳᠡᠭ᠃ ᠠᠵᠢᠯ ᠦᠢᠯᠡᠰ ᠡᠷᠬᠢᠯᠡᠬᠦ ᠶ᠋ᠢᠨ ᠵᠣᠷᠢᠯᠭ᠎ᠠ ᠨᠢ ᠡᠬᠢᠯᠡᠭᠡᠳ ᠮᠥᠩᠭᠥ ᠣᠯᠬᠤ ᠳ᠋ᠤ᠌ ᠪᠣᠢ᠃ ᠳᠠᠷᠠᠭ᠎ᠠ ᠨᠢ ᠰᠠᠶᠢ ᠣᠯᠤᠭᠰᠠᠨ ᠮᠥᠩᠭᠥ ᠪᠡᠨ ᠶᠠᠭᠠᠬᠢᠵᠤ ᠵᠥᠪ ᠵᠣᠬᠢᠰᠡᠲᠡᠢ ᠵᠠᠷᠤᠴᠠᠭᠤᠯᠬᠤ ᠠᠰᠠᠭᠤᠳᠠᠯ ᠭᠠᠷᠴᠤ ᠢᠷᠡᠳᠡᠭ᠃ 
ᠲᠡᠭᠡᠪᠡᠯ ᠠᠵᠢᠯ ᠦᠢᠯᠡᠰ ᠡᠷᠬᠢᠯᠡᠬᠦ ᠪᠡᠯᠡ ᠮᠥᠩᠭᠥ ᠪᠡᠨ ᠣᠯᠬᠤ ᠳ᠋ᠤ᠌ ᠣᠯᠠᠨ ᠵᠦᠢᠯ ᠦ᠋ᠨ ᠠᠷᠭ᠎ᠠ ᠠ᠋ᠴᠠ ᠪᠡᠯᠡ ᠴᠤᠠᠯᠠᠭᠤᠯᠴᠤ ᠠᠵᠢᠯ ᠦᠢᠯᠡᠰ ᠡᠷᠬᠢᠯᠡᠬᠦ ᠨᠢ ᠨᠢᠭᠡᠨ ᠪᠦᠲᠦᠮᠵᠢᠲᠡᠢ ᠠᠷᠭ᠎ᠠ ᠪᠣᠯᠤᠨ᠎ᠠ᠃ ᠡᠭᠦᠨ ᠳ᠋ᠦ᠍ ᠵᠠᠪᠠᠯ ᠡᠬᠢᠯᠡᠭᠡᠳ ᠠᠵᠢᠯ ᠦᠢᠯᠡᠰ ᠡᠷᠬᠢᠯᠡᠬᠦ ᠲᠥᠯᠥᠪᠯᠡᠭᠡ ᠪᠡᠨ ᠲᠣᠭᠲᠠᠭᠠᠵᠤ᠂ ᠳᠠᠷᠠᠭ᠎ᠠ ᠨᠢ ᠥᠪᠡᠷ ᠦ᠋ᠨ ᠨᠡᠢᠭᠡᠮ ᠦ᠋ᠨ ᠢᠲᠡᠭᠡᠯ ᠬᠦᠨᠳᠦ ᠪᠡᠨ ᠵᠥᠪ ᠠᠪᠴᠤ ᠶᠠᠪᠤᠬᠤ ᠨᠢ ᠪᠡᠯᠡ ᠴᠤᠭᠯᠠᠭᠤᠯᠵᠤ ᠠᠵᠢᠯ ᠦᠢᠯᠡᠰ ᠪᠤᠰᠬᠠᠬᠤ ᠳ᠋ᠤ᠌ ᠮᠠᠰᠢ ᠴᠢᠬᠤᠯᠠ ᠦᠢᠯᠡᠳᠦᠯ ᠦᠵᠡᠭᠦᠯᠳᠡᠭ᠃ 
ᠳᠡᠭᠡᠷᠡᠬᠢ ᠭᠤᠷᠪᠠᠨ ᠨᠥᠬᠥᠴᠡᠯ ᠢ᠋ ᠪᠦᠷᠢᠯᠳᠦᠭᠦᠯᠦᠭᠰᠡᠨ ᠠᠵᠢᠯ ᠦᠢᠯᠡᠰ ᠬᠥᠭᠵᠢᠭᠡᠳ ᠵᠣᠬᠢᠬᠤ ᠬᠡᠮᠴᠢᠶᠡᠨ ᠳ᠋ᠦ᠍ ᠬᠦᠷᠬᠦ ᠳ᠋ᠦ᠍ ᠬᠥᠭᠵᠢᠯᠲᠡ ᠶ᠋ᠢᠨ ᠱᠠᠲᠤᠨ ᠳ᠋ᠠᠭᠠᠨ ᠣᠷᠣᠵᠤ ᠪᠤᠰᠤᠳ ᠨᠡᠩ ᠴᠢᠬᠤᠯᠠ ᠵᠦᠢᠯ ᠦ᠋ᠳ ᠱᠠᠭᠠᠷᠳᠠᠳᠠᠭ ᠡᠭᠦᠨ ᠳ᠋ᠦ᠍ ᠵᠠᠬ᠎ᠠ ᠳᠡᠯᠭᠡᠭᠦᠷ᠂ ᠡᠵᠡᠩᠨᠡᠯᠲᠡ ᠶ᠋ᠢᠨ ᠪᠠᠭ᠂ ᠡᠳ᠋ ᠦ᠋ᠨ ᠵᠠᠰᠠᠭ ᠭᠡᠬᠦ ᠭᠤᠷᠪᠠᠨ ᠴᠢᠬᠤᠯᠠ ᠬᠦᠴᠦᠨ ᠵᠦᠢᠯ ᠪᠣᠢ᠃ 
ᠵᠠᠬ᠎ᠠ ᠳᠡᠯᠭᠡᠭᠦᠷ᠄ ᠡᠷᠬᠢᠯᠡᠭᠰᠡᠨ ᠠᠵᠢᠯ ᠦᠢᠯᠡᠰ ᠴᠢᠨᠢ ᠠᠮᠵᠢᠯᠲᠠ ᠣᠯᠤᠭᠠᠳ ᠤᠯᠠᠮ ᠶᠡᠬᠡ ᠬᠥᠭᠵᠢᠵᠦ ᠲᠣᠮᠣᠷᠠᠬᠤ ᠳ᠋ᠤ᠌ ᠵᠠᠬ᠎ᠠ ᠳᠡᠯᠭᠡᠭᠦᠷ ᠦ᠋ᠨ ᠣᠢᠯᠭᠠᠯᠲᠠ ᠰᠤᠳᠤᠯᠭ᠎ᠠ ᠮᠠᠰᠢ ᠴᠢᠬᠤᠯᠠ᠃ ᠵᠠᠬ᠎ᠠ ᠳᠡᠯᠭᠡᠭᠦᠷ ᠢ᠋ᠶ᠋ᠡᠨ ᠵᠥᠪ ᠰᠤᠳᠤᠯᠵᠤ ᠣᠢᠯᠭᠠᠵᠤ ᠮᠡᠳᠡᠭᠰᠡᠨ ᠰᠠᠭᠤᠷᠢᠨ ᠳᠡᠭᠡᠷ᠎ᠡ ᠠᠵᠢᠯ ᠦᠢᠯᠡᠰ ᠢ᠋ᠶ᠋ᠡᠨ ᠬᠥᠭᠵᠢᠭᠦᠯᠵᠦ ᠴᠢᠳᠠᠪᠠᠯ ᠤᠯᠠᠮ ᠶᠡᠬᠡ ᠬᠥᠭᠵᠢᠯᠲᠡ ᠳ᠋ᠦ᠍ ᠬᠦᠷᠴᠦ ᠴᠢᠳᠠᠨ᠎ᠠ᠃ 
ᠡᠵᠡᠩᠨᠡᠯᠲᠡ ᠶ᠋ᠢᠨ ᠪᠠᠭ᠄ ᠬᠥᠭᠵᠢᠯᠲᠡ ᠶ᠋ᠢᠨ ᠱᠠᠲᠤᠨ ᠳ᠋ᠠᠭᠠᠨ ᠣᠷᠣᠭᠰᠠᠨ ᠠᠵᠢᠯ ᠦᠢᠯᠡᠰ ᠲᠦ᠍ ᠠᠪᠴᠤ ᠬᠡᠯᠡᠪᠡᠯ ᠨᠢᠭᠡᠨ ᠰᠠᠢᠨ ᠡᠵᠡᠩᠨᠡᠯᠲᠡ ᠶ᠋ᠢᠨ ᠢ᠋ᠶ᠋ᠡᠨ ᠪᠦᠷᠢᠯᠳᠦᠬᠦᠨ ᠬᠡᠷᠡᠭᠲᠡᠢ᠃ ᠢᠩᠭᠢᠮᠡᠨᠵᠢᠨ ᠨᠢᠭᠡᠨ ᠠᠵᠤ ᠠᠬᠤᠢᠯᠠᠯ ᠠᠵᠢᠯ ᠦᠢᠯᠡᠰ ᠦ᠋ᠨ ᠲᠠᠯ᠎ᠠ ᠲᠠᠯ᠎ᠠ ᠶ᠋ᠢᠨ ᠠᠵᠢᠯ ᠢ᠋ ᠬᠤᠪᠢᠶᠠᠯᠴᠢᠨ ᠵᠥᠪ ᠬᠥᠲᠥᠯᠵᠦ ᠶᠠᠪᠤᠭᠤᠯᠵᠤ ᠴᠢᠳᠠᠨ᠎ᠠ᠃ 
ᠡᠳ᠋ ᠦ᠋ᠨ ᠵᠠᠰᠠᠭ᠄ ᠠᠵᠢᠯ ᠦᠢᠯᠡᠰ ᠲᠣᠮᠣᠷᠴᠤ ᠭᠠᠷᠴᠤ ᠢᠷᠡᠳᠡᠭ᠃ ᠡᠭᠦᠨ ᠵᠠᠪᠠᠯ ᠮᠥᠩᠭᠥᠨ ᠭᠦᠢᠯᠭᠡᠭᠡᠨ ᠦ᠌ ᠠᠩᠬ᠎ᠠ ᠠᠯᠬᠤᠮ ᠤ᠋ᠨ ᠰᠠᠭᠤᠷᠢ ᠮᠡᠳᠡᠯᠭᠡ ᠲᠡᠢ ᠪᠠᠢᠵᠤ᠂ ᠪᠦᠬᠦ ᠲᠠᠯ᠎ᠠ ᠡᠵᠡᠮᠳᠡᠵᠦ ᠴᠢᠳᠠᠭᠰᠠᠨ ᠡᠵᠡᠩᠨᠡᠭᠴᠢ ᠨᠢ ᠠᠵᠢᠯ ᠦᠢᠯᠡᠰ ᠢ᠋ᠶ᠋ᠡᠨ ᠤᠯᠠᠮ ᠰᠠᠢᠨ ᠬᠥᠭᠵᠢᠭᠦᠯᠵᠦ ᠴᠢᠳᠠᠨ᠎ᠠ᠃ ᠮᠥᠨ ᠴᠦ᠍ ᠮᠠᠰᠢ ᠣᠯᠠᠨ ᠠᠵᠤ ᠠᠬᠤᠢ ᠶ᠋ᠢᠨ ᠡᠷᠦᠰᠳᠡᠯ ᠢ᠋ ᠤᠷᠢᠳᠴᠢᠯᠠᠨ ᠲᠣᠭᠠᠴᠢᠵᠤ ᠵᠠᠢᠯᠠᠰᠬᠢᠵᠦ ᠪᠣᠯᠤᠨ᠎ᠠ᠃ ᠠᠵᠢᠯ ᠦᠢᠯᠡᠰ ᠦ᠋ᠨ ᠬᠥᠭᠵᠢᠯᠲᠡ ᠶ᠋ᠢᠨ ᠱᠠᠲᠤ ᠨᠢ ᠨᠢᠭᠡᠨ ᠠᠵᠢᠯ ᠦᠢᠯᠡᠰ ᠦ᠋ᠳ ᠳᠠᠪᠰᠢᠵᠤ ᠬᠥᠭᠵᠢᠬᠦ ᠶ᠋ᠢᠨ ᠮᠠᠰᠢ ᠴᠢᠬᠤᠯᠠ ᠱᠠᠲᠤ ᠦᠶ᠎ᠡ ᠪᠣᠯᠬᠤ ᠤᠴᠢᠷ ᠡᠨᠡ ᠲᠤᠬᠠᠢ ᠨᠠᠷᠢᠯᠢᠭ ᠵᠦᠢᠯ ᠢ᠋ ᠲᠤᠰᠬᠠᠢ ᠶᠠᠷᠢᠨ᠎ᠠ᠃ 
 
  ᠦᠰᠦᠭ ᠬᠥᠷᠪᠡᠭᠦᠯᠦᠭᠴᠢ᠄ ᠤᠷᠢᠶᠠᠩᠬᠠᠢ ᠨᠠᠷᠠᠨᠮᠠᠨᠳᠠ