ᠨᠤᠲᠤᠭ ᠤ᠋ᠨ ᠵᠥᠷᠢᠭ ᠵᠠᠮ - ᠶᠦᠩᠰᠢᠶᠡᠪᠣ ᠲᠣᠨᠣᠯᠵᠢᠩᠭᠣᠸ᠎ᠠНутгийн зөрөг зам-Юншаав Тоонолжингоо ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠤᠲᠤᠭ ᠤ᠋ᠨ ᠵᠥᠷᠢᠭ ᠵᠠᠮ - ᠶᠦᠩᠰᠢᠶᠡᠪᠣ ᠲᠣᠨᠣᠯᠵᠢᠩᠭᠣᠸ᠎ᠠНутгийн зөрөг зам-Юншаав Тоонолжингоо

ᠨᠤᠲᠤᠭ ᠤ᠋ᠨ ᠵᠥᠷᠢᠭ ᠵᠠᠮ - ᠶᠦᠩᠰᠢᠶᠡᠪᠣ ᠲᠣᠨᠣᠯᠵᠢᠩᠭᠣᠸ᠎ᠠНутгийн зөрөг зам-Юншаав Тоонолжингоо

2025-07-23

1258

ᠨᠤᠲᠤᠭ ᠤ᠋ᠨ ᠵᠥᠷᠢᠭ ᠵᠠᠮ

  ᠶᠦᠩᠰᠢᠶᠠᠪᠦ ᠲᠣᠨᠣᠯᠵᠢᠩᠭᠣᠸ᠎ᠠ ᠵᠣᠬᠢᠶᠠᠵᠤ ᠰᠢᠯᠦᠭᠯᠡᠪᠡ 
ᠨᠤᠲᠤᠭ ᠤ᠋ᠨ ᠵᠥᠷᠢᠭ ᠵᠠᠮ ᠢ᠋ᠶ᠋ᠠᠷ 
ᠨᠥᠮᠥᠷᠢ ᠲᠡᠢ ᠭᠡᠷ ᠦ᠋ᠨ ᠢ᠋ᠶ᠋ᠡᠨ ᠰᠠᠷᠠᠪᠴᠢᠨ ᠳ᠋ᠤ᠌ ᠬᠦᠷᠳᠡᠭ 
ᠨᠦᠮᠵᠦᠭ ᠰᠡᠳᠬᠢᠯ ᠦ᠋ᠨ ᠢ᠋ᠶ᠋ᠡᠨ ᠤᠶᠠᠭᠠᠨ ᠳ᠋ᠤ᠌ ᠬᠦᠷᠳᠡᠭ 
ᠨᠢᠭᠤᠴᠠᠬᠠᠨ ᠬᠠᠢᠷ᠎ᠠ ᠶ᠋ᠢᠨ ᠢ᠋ᠶ᠋ᠡᠨ ᠪᠠᠭᠤᠴᠠᠨ ᠳ᠋ᠤ᠌ ᠬᠦᠷᠳᠡᠭ 
ᠨᠢᠯᠬ᠎ᠠ ᠦᠷ᠎ᠡ ᠶ᠋ᠢᠨ ᠢ᠋ᠶ᠋ᠡᠨ ᠪᠦᠪᠡᠢ ᠳ᠋ᠦ᠍ ᠬᠦᠷᠳᠡᠭ 
ᠨᠤᠲᠤᠭ ᠤ᠋ᠨ ᠵᠥᠷᠢᠭ ᠵᠠᠮ ᠢ᠋ᠶ᠋ᠠᠷ 
ᠠᠪᠤ ᠶ᠋ᠢᠨ ᠢ᠋ᠶ᠋ᠡᠨ ᠠᠭᠤᠵᠢᠭᠤ ᠥᠷᠥᠴᠡᠨ ᠳ᠋ᠦ᠍ ᠬᠦᠷᠳᠡᠭ 
ᠡᠵᠢ ᠶ᠋ᠢᠨ ᠢ᠋ᠶ᠋ᠡᠨ ᠡᠭᠡᠯᠢᠲᠡᠢ ᠡᠯᠢᠭᠡᠨ ᠳ᠋ᠦ᠍ ᠬᠦᠷᠳᠡᠭ 
ᠥᠯᠥᠭᠡᠢ ᠶ᠋ᠢᠨ ᠢ᠋ᠶ᠋ᠡᠨ ᠵᠥᠭᠡᠯᠡᠨ ᠡᠩᠭᠡᠷ ᠲᠦ᠍ ᠬᠦᠷᠳᠡᠭ 
ᠦᠶ᠎ᠡ ᠶ᠋ᠢᠨ ᠢ᠋ᠶ᠋ᠡᠨ ᠬᠥᠭᠡᠷᠦᠬᠦᠨ ᠢᠨᠢᠶᠡᠳᠦᠨ ᠳ᠋ᠦ᠍ ᠬᠦᠷᠳᠡᠭ
ᠨᠤᠲᠤᠭ ᠤ᠋ᠨ ᠵᠥᠷᠢᠭ ᠵᠠᠮ ᠢ᠋ᠶ᠋ᠠᠷ
ᠠᠪᠤ ᠡᠵᠢ ᠶ᠋ᠢᠨ ᠢ᠋ᠶ᠋ᠡᠨ ᠬᠠᠢᠷ᠎ᠠ ᠳ᠋ᠤ᠌ ᠬᠦᠷᠳᠡᠭ
ᠠᠮᠠᠷᠠᠭ ᠬᠣᠩᠭᠣᠷ ᠤ᠋ᠨ ᠢ᠋ᠶ᠋ᠠᠨ ᠰᠡᠳᠬᠢᠯ ᠳ᠋ᠦ᠍ ᠬᠦᠷᠳᠡᠭ
ᠠᠩᠭ᠎ᠠ ᠦᠷᠡᠰ ᠦ᠋ᠨ ᠢ᠋ᠶ᠋ᠡᠨ ᠬᠦᠰᠡᠯ ᠳ᠋ᠦ᠍ ᠬᠦᠷᠳᠡᠭ
ᠠᠨᠳᠠ ᠨᠥᠬᠥᠳ ᠦ᠋ᠨ ᠢ᠋ᠶ᠋ᠡᠨ ᠢᠲᠡᠭᠡᠯ ᠳ᠋ᠦ᠍ ᠬᠦᠷᠳᠡᠭ
ᠨᠤᠲᠤᠭ ᠤ᠋ᠨ ᠵᠥᠷᠢᠭ ᠵᠠᠮ ᠢ᠋ᠶ᠋ᠠᠷ
ᠨᠤᠲᠤᠭ ᠤ᠋ᠨ ᠢ᠋ᠶ᠋ᠠᠨ ᠴᠡᠩᠬᠡᠷ ᠬᠠᠷᠭᠤᠢ ᠳ᠋ᠤ᠌ ᠬᠦᠷᠳᠡᠭ
ᠨᠠᠭᠤᠷ ᠤ᠋ᠨ ᠢ᠋ᠶ᠋ᠠᠨ ᠴᠡᠩᠭᠡᠭ ᠷᠠᠰᠢᠶᠠᠨ ᠳ᠋ᠤ᠌ ᠬᠦᠷᠳᠡᠭ
ᠠᠵᠢᠨᠠᠢ ᠬᠦᠯᠦᠭ ᠦ᠋ᠨ ᠢ᠋ᠶ᠋ᠡᠨ ᠦᠦᠷᠰᠡᠭᠡ ᠳ᠋ᠦ᠍ ᠬᠦᠷᠳᠡᠭ
ᠠᠯᠠᠭᠰᠢᠭᠰᠠᠨ ᠲᠥᠯ ᠦ᠋ᠨ ᠢ᠋ᠶ᠋ᠡᠨ ᠮᠠᠢᠯᠠᠭᠠᠨ ᠳ᠋ᠤ᠌ ᠬᠦᠷᠳᠡᠭ
ᠨᠤᠲᠤᠭ ᠤ᠋ᠨ ᠵᠥᠷᠢᠭ ᠵᠠᠮ ᠢ᠋ᠶ᠋ᠠᠷ
ᠡᠮ ᠦ᠋ᠨ ᠰᠢᠳᠢᠲᠦ ᠪᠡᠯᠴᠢᠭᠡᠷ ᠲᠡᠭᠡᠨ ᠬᠦᠷᠳᠡᠭ
ᠡᠴᠢᠭᠡ ᠶ᠋ᠢᠨ ᠤᠳᠤᠮᠲᠤ ᠣᠪᠣᠭᠠᠨ ᠳ᠋ᠠᠭᠠᠨ ᠬᠦᠷᠳᠡᠭ
ᠪᠣᠲᠣᠭᠣᠨ ᠪᠤᠢᠯᠠᠭᠠᠨ ᠲᠠᠢ ᠨᠤᠲᠤᠭ ᠲᠠᠭᠠᠨ ᠬᠦᠷᠳᠡᠭ
ᠪᠤᠭᠤᠷᠤᠯ ᠤ᠋ᠨ ᠢᠳᠬᠠᠯ ᠲᠠᠢ ᠠᠮᠢᠳᠤᠷᠠᠯ ᠳ᠋ᠠᠭᠠᠨ ᠬᠦᠷᠳᠡᠭ
ᠨᠤᠲᠤᠭ ᠤ᠋ᠨ ᠵᠥᠷᠢᠭ ᠵᠠᠮ ᠢ᠋ᠶ᠋ᠠᠷ
ᠰᠠᠭᠠᠲᠠᠭᠤᠯᠵᠤ ᠥᠰᠬᠡᠭᠰᠡᠨ ᠰᠠᠭᠠᠳ ᠭᠠᠷ ᠲᠠᠭᠠᠨ ᠬᠦᠷᠳᠡᠭ
ᠰᠠᠨᠠᠵᠤ ᠮᠥᠷᠥᠭᠡᠳᠳᠡᠭ ᠳᠠᠸᠠᠱᠠᠩ ᠳ᠋ᠠᠭᠠᠨ ᠬᠦᠷᠳᠡᠭ
ᠠᠷᠢᠭᠤᠨ ᠷᠠᠰᠢᠶᠠᠨᠲᠤ ᠲᠣᠭᠣᠭᠠᠨ ᠪᠤᠯᠠᠭ ᠲᠠᠭᠠᠨ ᠬᠦᠷᠳᠡᠭ
ᠠᠮᠢ ᠲᠥᠯᠵᠢᠭᠦᠯᠦᠭᠰᠡᠨ ᠰᠢᠪᠡᠭ ᠲᠣᠯᠣᠭᠠᠢ ᠳ᠋ᠠᠭᠠᠨ ᠬᠦᠷᠳᠡᠭ
ᠨᠤᠲᠤᠭ ᠤ᠋ᠨ ᠵᠥᠷᠢᠭ ᠵᠠᠮ ᠢ᠋ᠶ᠋ᠠᠷ
ᠬᠦᠢ ᠬᠣᠯᠪᠣᠭᠰᠠᠨ ᠳᠠᠷᠬᠠᠨ ᠨᠤᠲᠤᠭ ᠲᠠᠭᠠᠨ ᠬᠦᠷᠳᠡᠭ
ᠣᠢ ᠬᠣᠪᠣᠰᠣᠳᠠᠭᠰᠠᠨ ᠳᠤᠯᠠᠭᠠᠨ ᠥᠯᠥᠭᠡᠢ ᠳ᠋ᠡᠭᠡᠨ ᠬᠦᠷᠳᠡᠭ
ᠲᠥᠯ ᠦ᠋ᠨ ᠳᠠᠭᠤᠨ ᠲᠠᠢ ᠪᠠᠶᠠᠨᠪᠤᠯᠠᠭ ᠲᠠᠭᠠᠨ ᠬᠦᠷᠳᠡᠭ
ᠲᠥᠷᠥᠯ ᠦ᠋ᠨ ᠮᠥᠷ ᠲᠡᠢ ᠪᠠᠶᠠᠨ᠌ᠦ᠌ᠨ᠌ᠳᠤᠷ ᠲᠠᠭᠠᠨ ᠬᠦᠷᠳᠡᠭ
ᠨᠤᠲᠤᠭ ᠤ᠋ᠨ ᠵᠥᠷᠢᠭ ᠵᠠᠮ ᠢ᠋ᠶ᠋ᠠᠷ
ᠠᠷᠭᠠᠯ ᠬᠣᠮᠣᠣᠯ ᠲᠠᠢ ᠨᠤᠷ᠎ᠠ ᠳ᠋ᠠᠭᠠᠨ ᠬᠦᠷᠳᠡᠭ
ᠠᠭᠠᠳᠠᠷ ᠤ᠋ᠨ ᠴᠢᠳᠬᠤᠯᠭᠠᠨ ᠲᠠᠢ ᠮᠠᠭᠤᠪᠤᠯᠠᠭ ᠬᠥᠨᠳᠡᠢ ᠳ᠋ᠡᠭᠡᠨ ᠬᠦᠷᠳᠡᠭ
ᠬᠠᠳᠠᠮ ᠤ᠋ᠨ ᠢ᠋ᠶ᠋ᠠᠨ ᠥᠨᠳᠥᠷ ᠪᠣᠱᠣᠭᠠᠨ ᠳ᠋ᠤ᠌ ᠬᠦᠷᠳᠡᠭ
ᠬᠠᠨᠢ ᠶ᠋ᠢᠨ ᠢ᠋ᠶ᠋ᠡᠨ ᠬᠠᠯᠠᠭᠤᠨ ᠬᠠᠢᠷᠠᠨ ᠳ᠋ᠤ᠌ ᠬᠦᠷᠳᠡᠭ
ᠨᠤᠲᠤᠭ ᠤ᠋ᠨ ᠵᠥᠷᠢᠭ ᠵᠠᠮ ᠢ᠋ᠶ᠋ᠠᠷ
ᠡᠪᠦᠭᠡ ᠶ᠋ᠢᠨ ᠢ᠋ᠶ᠋ᠡᠨ ᠲᠠᠰᠢᠭᠤᠷ ᠲᠠᠢ ᠬᠠᠨᠠᠨ ᠳ᠋ᠤ᠌ ᠬᠦᠷᠳᠡᠭ
ᠡᠮᠡᠭᠡ ᠶ᠋ᠢᠨ ᠢ᠋ᠶ᠋ᠡᠨ ᠲᠣᠮ ᠲᠠᠢ ᠬᠠᠨᠵᠤᠨ ᠳ᠋ᠤ᠌ ᠬᠦᠷᠳᠡᠭ
ᠠᠪᠤ ᠶ᠋ᠢᠨ ᠢ᠋ᠶ᠋ᠡᠨ ᠰᠤᠷᠭᠠᠯ ᠲᠠᠢ ᠭᠡᠷ ᠲᠦ᠍ ᠬᠦᠷᠳᠡᠭ
ᠡᠵᠢ ᠶ᠋ᠢᠨ ᠢ᠋ᠶ᠋ᠡᠨ ᠢᠷᠦᠭᠡᠯ ᠲᠡᠢ ᠥᠷᠥᠭᠡᠨ ᠳ᠋ᠦ᠍ ᠬᠦᠷᠳᠡᠭ
ᠨᠤᠲᠤᠭ ᠤ᠋ᠨ ᠵᠥᠷᠢᠭ ᠵᠠᠮ ᠢ᠋ᠶ᠋ᠠᠷ
ᠠᠬ᠎ᠠ ᠶ᠋ᠢᠨ ᠢ᠋ᠶ᠋ᠡᠨ ᠥᠮᠥᠭ ᠲᠡᠢ ᠲᠠᠭᠲᠤ ᠳ᠋ᠤ᠌ ᠬᠦᠷᠳᠡᠭ
ᠡᠭᠡᠴᠢ ᠶ᠋ᠢᠨ ᠢ᠋ᠶ᠋ᠡᠨ ᠦᠢᠯᠡ ᠲᠡᠢ ᠮᠠᠬᠠᠢ ᠳ᠋ᠤ᠌ ᠬᠦᠷᠳᠡᠭ
ᠠᠭᠰᠤᠮ ᠤ᠋ᠨ ᠢ᠋ᠶ᠋ᠠᠨ ᠬᠣᠣᠰ ᠳᠥᠷᠦᠭᠡᠨ ᠳ᠋ᠦ᠍ ᠬᠦᠷᠳᠡᠭ
ᠠᠶᠠᠨ ᠤ᠋ ᠪᠠᠨ ᠲᠣᠷᠭᠠᠨ ᠵᠢᠯᠤᠭᠤᠨ ᠳ᠋ᠤ᠌ ᠬᠦᠷᠳᠡᠭ
ᠨᠤᠲᠤᠭ ᠤ᠋ᠨ ᠵᠥᠷᠢᠭ ᠵᠠᠮ ᠢ᠋ᠶ᠋ᠠᠷ
ᠲᠥᠷᠬᠥᠮ ᠦ᠋ᠨ ᠢ᠋ᠶ᠋ᠡᠨ ᠳᠠᠭᠰᠢᠨ ᠪᠠᠢᠭᠠᠯᠢ ᠳ᠋ᠤ᠌ ᠬᠦᠷᠳᠡᠭ
ᠳᠡᠭᠦᠦ ᠶ᠋ᠢᠨ ᠢ᠋ᠶ᠋ᠡᠨ ᠪᠠᠯᠴᠢᠷ ᠵᠢᠰᠦᠨ ᠳ᠋ᠦ᠍ ᠬᠦᠷᠳᠡᠭ
ᠬᠣᠨᠢᠨ ᠤ᠋ ᠪᠠᠨ ᠲᠠᠩᠰᠤᠭ ᠪᠡᠯᠴᠢᠭᠡᠷ ᠲᠦ᠍ ᠬᠦᠷᠳᠡᠭ
ᠬᠤᠭᠤᠷ ᠤ᠋ᠨ ᠢ᠋ᠶ᠋ᠠᠨ ᠢᠷᠠᠭᠤ ᠡᠭᠡᠰᠢᠭ ᠲᠦ᠍ ᠬᠦᠷᠳᠡᠭ

  ᠦᠰᠦᠭ ᠠᠮᠢᠯᠠᠭᠤᠯᠤᠭᠴᠢ᠄ ᠵᠢᠷᠠᠨᠲᠠᠢ
  ᠦᠰᠦᠭ ᠬᠠᠳᠠᠭᠴᠢ᠄ ᠵᠢᠷᠠᠨᠲᠠᠢ
  ᠦᠰᠦᠭ ᠬᠢᠨᠠᠭᠴᠢ᠄ ᠤᠤᠭᠠᠨᠵᠢᠳ