ᠲᠦᠮᠡᠨ ᠪᠠᠭᠠᠲᠤᠷ ᠤ᠋ᠨ ᠲᠦᠷᠦᠭᠦᠴᠢ ᠪᠣᠯᠤᠭᠰᠠᠨ ᠤᠷᠢᠶᠠᠩᠬᠠᠢ ᠲᠦᠮᠡᠨТүмэн баатрын түрүүч болсон Урианхан Түмэн
ᠤᠷᠢᠶᠠᠩᠬᠠᠢ ᠨᠢ ᠬᠡᠯᠡ᠂ ᠰᠣᠶᠣᠯ᠂ ᠤᠭᠰᠠᠭ᠎ᠠ ᠭᠠᠷᠤᠯ ᠨᠢᠭᠡᠲᠡᠢ ᠮᠣᠩᠭᠣᠯ ᠤ᠋ᠨ ᠣᠯᠠᠨ ᠶᠠᠰᠤᠲᠠᠨ ᠤ᠋ ᠨᠢᠭᠡ ᠪᠣᠯᠬᠤ ᠶ᠋ᠢᠨ ᠳᠡᠭᠡᠷ᠎ᠡ ᠭᠠᠷᠤᠯ ᠡᠭᠦᠰᠦᠯ ᠦ᠋ᠨ ᠬᠤᠪᠢ ᠳ᠋ᠤ᠌ ᠮᠣᠩᠭᠣᠯ ᠤᠭᠰᠠᠭᠠᠲᠠᠨ ᠳᠣᠲᠣᠷ᠎ᠠ ᠠ᠋ᠴᠠ ᠪᠠᠨ ᠣᠳᠣ ᠶ᠋ᠢᠨ ᠨᠡᠷ᠎ᠡ ᠪᠡᠷ ᠢ᠋ᠶ᠋ᠡᠨ ᠲᠡᠮᠳᠡᠭᠯᠡᠭᠳᠡᠵᠦ ᠢᠷᠡᠭᠰᠡᠨ ᠬᠠᠮᠤᠭ ᠤ᠋ᠨ ᠡᠷᠲᠡᠨ ᠦ᠌ ᠭᠠᠷᠤᠯ ᠡᠭᠦᠰᠦᠯ ᠦ᠋ᠨ ᠲᠡᠦᠬᠡ ᠲᠡᠢ ᠶᠠᠰᠤᠲᠠᠨ ᠤ᠋ ᠨᠢᠭᠡ ᠶᠤᠮ᠃᠃ ᠵᠠᠷᠢᠮ ᠲᠡᠦᠬᠡᠨ ᠰᠤᠷᠪᠤᠯᠵᠢ ᠳ᠋ᠤ᠌ ᠤᠭ ᠠᠢᠮᠠᠭ ᠤ᠋ᠨ ᠨᠡᠷ᠎ᠡ ᠶ᠋ᠢ ᠣᠷᠢᠶᠠᠩᠬᠠᠨ ᠭᠡᠵᠦ ᠲᠡᠮᠳᠡᠭᠯᠡᠭᠰᠡᠨ ᠪᠠᠢᠳᠠᠭ ᠪᠥᠭᠡᠳ ᠲᠡᠢᠨ ᠪᠠᠢᠯᠳᠤᠭᠠᠨ ᠤ᠋ ᠲᠡᠷᠢᠭᠦᠨ ᠳ᠋ᠦ᠍ ᠤᠷᠢᠶᠠᠯᠠᠨ ᠳᠠᠢᠳᠤᠳᠠᠭ ᠵᠣᠷᠢᠭᠲᠤ ᠪᠠᠭᠠᠲᠤᠷ ᠡᠷᠡᠰ ᠲᠡᠢ ᠣᠪᠣᠭ ᠠᠢᠮᠠᠭ ᠪᠠᠢᠭᠰᠠᠨ ᠲᠤᠯᠠ ᠤᠷᠢᠶ᠎ᠠ ᠠᠢᠮᠠᠭ ᠭᠡᠬᠦ ᠪᠣᠯᠤᠭᠰᠠᠨ ᠪᠣᠯ ᠰᠡᠭᠦᠯ ᠳ᠋ᠦ᠍ ᠣᠯᠠᠨ ᠲᠤᠯᠤᠯᠳᠤᠭᠠᠨ ᠳ᠋ᠤ᠌ ᠪᠠᠢᠭᠤᠯᠤᠭᠰᠠᠨ ᠢᠯᠠᠯᠲᠠ᠂ ᠭᠠᠪᠢᠶ᠎ᠠ ᠶ᠋ᠢ ᠦᠨᠡᠯᠡᠨ ᠬᠠᠭᠠᠨ ᠡᠷᠭᠦᠮᠵᠢᠯᠡᠵᠦ ᠣᠷᠢᠶᠠᠩᠬᠠᠨ ᠠᠢᠮᠠᠭ ᠪᠣᠯᠤᠭᠰᠠᠨ ᠭᠡᠳᠡᠭ᠃
2010 ᠣᠨ ᠤ᠋ ᠮᠣᠩᠭᠣᠯ ᠤᠯᠤᠰ ᠤ᠋ᠨ ᠬᠥᠮᠦᠨ ᠠᠮᠠ ᠶ᠋ᠢᠨ ᠲᠣᠭᠠᠯᠠᠯᠭ᠎ᠠ ᠪᠠᠷ 26654 ᠤᠷᠢᠶᠠᠩᠬᠠᠢ ᠢᠷᠭᠡᠳ ᠪᠦᠷᠢᠳᠬᠡᠭᠳᠡᠵᠡᠢ᠂ ᠰᠢᠶᠠᠨᠪᠧᠢ᠂ ᠬᠢᠳᠠᠨ ᠨᠠᠷ ᠲᠠᠢ ᠤᠳᠤᠮ ᠤ᠋ᠨ ᠬᠣᠯᠪᠣᠭ᠎ᠠ ᠲᠠᠢ ᠮᠣᠩᠭᠣᠯ ᠤᠭᠰᠠᠭᠠᠨ ᠤ᠋ ᠡᠨᠡ ᠠᠢᠮᠠᠭ ᠤ᠋ᠨ ᠡᠪᠦᠭᠡ ᠳᠡᠭᠡᠳᠦᠰ ᠨᠢ ᠮᠣᠩᠭᠣᠯ ᠨᠤᠲᠤᠭ ᠤ᠋ᠨ ᠬᠣᠢᠲᠤ ᠪᠣᠯᠤᠨ ᠪᠠᠷᠠᠭᠤᠨ ᠬᠣᠢᠲᠤ ᠵᠠᠬ᠎ᠠ ᠶ᠋ᠢᠨ ᠣᠢ ᠬᠥᠪᠴᠢ ᠳ᠋ᠦ᠍ ᠡᠷᠲᠡ ᠦᠶ᠎ᠡ ᠳ᠋ᠦ᠍ ᠠᠮᠢᠳᠤᠷᠠᠨ ᠰᠠᠭᠤᠵᠤ ᠪᠠᠢᠭᠰᠠᠨ ᠣᠢ ᠶ᠋ᠢᠨ ᠭᠥᠷᠥᠭᠡᠴᠢᠨ ᠠᠢᠮᠠᠭ ᠶᠤᠮ᠂ ᠠᠷᠪᠠᠳᠤᠭᠠᠷ ᠵᠠᠭᠤᠨ ᠤ᠋ ᠦᠶᠡᠰ ᠪᠠᠷᠠᠭᠤᠨ ᠬᠣᠢᠲᠤ ᠤᠷᠢᠶᠠᠩᠬᠠᠢ᠂ ᠠᠷᠪᠠᠨ ᠬᠣᠶᠠᠷ ᠭᠤᠷᠪᠠᠳᠤᠭᠠᠷ ᠵᠠᠭᠤᠨ ᠠ᠋ᠴᠠ ᠣᠢ ᠶ᠋ᠢᠨ ᠤᠷᠢᠶᠠᠩᠬᠠᠢ ᠭᠡᠮᠡᠨ ᠨᠡᠷᠡᠯᠡᠭᠳᠡᠭᠰᠡᠨ ᠪᠥᠭᠡᠳ ᠲᠡᠳᠡᠨ ᠢ᠋ ᠮᠢᠩᠭᠠᠲᠤ ᠪᠣᠯᠭᠠᠨ ᠬᠤᠪᠢᠶᠠᠬᠤ ᠳ᠋ᠤ᠌ 5 ᠬᠡᠰᠡᠭ ᠮᠢᠩᠭ᠎ᠠ ᠪᠣᠯᠵᠤ ᠪᠠᠢᠵᠠᠢ᠂ ᠲᠡᠳᠡᠭᠡᠷ ᠲᠠᠪᠤᠨ ᠮᠢᠩᠭᠠᠨ ᠤ᠋ ᠨᠢᠭᠡ ᠨᠢ ᠬᠡᠨᠲᠡᠢ ᠠᠭᠤᠯᠠᠨ ᠳ᠋ᠤ᠌ ᠮᠣᠩᠭᠣᠯ ᠬᠠᠭᠠᠳ ᠤ᠋ᠳ ᠤ᠋ᠨ 《ᠶᠡᠬᠡ ᠬᠣᠷᠢᠭ 》 ᠭᠠᠵᠠᠷ ᠢ᠋ ᠬᠠᠮᠠᠭᠠᠯᠠᠳᠠᠭ ᠪᠠᠢᠵᠠᠢ᠃ᠤᠷᠢᠶᠠᠩᠬᠠᠢ ᠨᠡᠷᠡᠲᠦ ᠠᠢᠮᠠᠭ ᠤ᠋ᠳ ᠨᠢ ᠤᠳᠤᠮ ᠭᠠᠷᠤᠯ ᠤ᠋ᠨ ᠬᠤᠪᠢ ᠳ᠋ᠤ᠌ ᠮᠣᠩᠭᠣᠯ ᠭᠠᠷᠤᠯ ᠲᠠᠢ ᠪᠠᠢᠭᠰᠠᠨ ᠤ᠋ ᠳᠡᠭᠡᠷ᠎ᠡ ᠳᠣᠲᠣᠷ᠎ᠠ ᠪᠠᠨ ᠣᠢᠷᠠᠳ᠂ ᠬᠠᠯᠬ᠎ᠠ ᠬᠣᠶᠠᠷ ᠶᠠᠩᠵᠤ ᠪᠠᠢᠪᠠ᠃
ᠤᠷᠢᠶᠠᠩᠬᠠᠢ ᠤᠭᠰᠠᠭᠠᠲᠠᠨ ᠤ᠋ ᠲᠡᠦᠬᠡ ᠶ᠋ᠢ ᠾᠦᠩᠨᠦ ᠭᠦᠷᠦᠨ ᠦ᠌ ᠳᠠᠷᠠᠭᠠᠬᠢ ᠦᠶ᠎ᠡ᠂ ᠰᠢᠶᠠᠨᠪᠧᠢ ᠤᠯᠤᠰ ᠤ᠋ᠨ ᠦᠶᠡᠰ ᠡᠬᠢᠯᠡᠯ ᠲᠡᠢ ᠭᠡᠵᠦ ᠦᠵᠡᠳᠡᠭ᠂ ᠤᠷᠢᠶᠠᠩᠬᠠᠢ ᠨᠢ 7 ᠳ᠋ᠤᠭᠠᠷ ᠵᠠᠭᠤᠨ ᠤ᠋ ᠦᠶᠡᠰ ᠠᠩᠬᠠᠨ ᠤ᠋ ᠮᠣᠩᠭᠣᠯ ᠠᠢᠮᠠᠭ ᠢ᠋ ᠬᠢᠶᠠᠳ᠂ ᠳᠡᠷᠯᠠᠬᠢᠨ ᠠᠢᠮᠠᠭ ᠤ᠋ᠳ ᠤ᠋ᠨ ᠬᠠᠮᠲᠤ ᠪᠠᠷ ᠡᠭᠦᠰᠬᠡᠨ ᠪᠠᠢᠭᠤᠯᠤᠭᠰᠠᠨ ᠭᠡᠵᠦ ᠦᠵᠡᠳᠡᠭ ᠪᠥᠭᠡᠳ ᠡᠨᠡ ᠲᠠᠯ᠎ᠠ ᠪᠠᠷ ᠡᠷᠭᠦᠨ᠎ᠡ ᠬᠤᠨ ᠤ᠋ ᠳᠣᠮᠣᠭ ᠲᠤ᠌ ᠲᠣᠳᠣᠷᠬᠠᠢ ᠥᠭᠦᠯᠡᠭᠰᠡᠨ ᠪᠠᠢᠳᠠᠭ᠃ ᠠᠯᠲᠠᠢ ᠶ᠋ᠢᠨ ᠤᠷᠢᠶᠠᠩᠬᠠᠢ ᠠᠢᠮᠠᠭ ᠤ᠋ᠨ ᠡᠵᠡᠨ ᠵᠠᠬᠢᠷᠤᠭᠴᠢ ᠵᠠᠯᠮ᠎ᠠ ᠵᠠᠩᠵᠤᠨ ᠪᠣᠯ ᠶᠡᠬᠡ ᠮᠣᠩᠭᠣᠯ ᠤᠯᠤᠰ ᠤ᠋ᠨ ᠴᠢᠩᠭᠢᠰ ᠬᠠᠭᠠᠨ ᠤ᠋ ᠬᠠᠮᠤᠭ ᠤ᠋ᠨ ᠠᠯᠳᠠᠷᠲᠠᠢ ᠴᠡᠷᠢᠭ ᠦ᠋ᠨ ᠵᠠᠩᠵᠤᠨ ᠪᠠᠢᠭᠰᠠᠨ ᠪᠠ ᠮᠣᠩᠭᠣᠯ ᠤ᠋ᠨ ᠵᠣᠩᠬᠢᠯᠠᠬᠤ ᠲᠣᠮᠣ ᠠᠢᠮᠠᠭ ᠤ᠋ᠨ ᠨᠢᠭᠡ ᠪᠠᠢᠪᠠ᠃ ᠤᠷᠢᠶᠠᠩᠬᠠᠢᠴᠤᠳ ᠠᠯᠲᠠᠢ ᠶ᠋ᠢᠨ ᠨᠢᠷᠤᠭᠤᠨ ᠤ᠋ 13 ᠣᠷᠭᠢᠯ ᠤ᠋ᠨ ᠳᠠᠭᠠᠤ ᠰᠠᠭᠤᠷᠢᠰᠢᠨ ᠠᠮᠢᠳᠤᠷᠠᠵᠤ ᠮᠣᠩᠭᠣᠯ ᠤᠯᠤᠰ ᠤ᠋ᠨ ᠢ᠋ᠶ᠋ᠠᠨ ᠪᠠᠷᠠᠭᠤᠨ ᠬᠢᠯᠢ ᠬᠢᠵᠠᠭᠠᠷ ᠢ᠋ ᠮᠠᠨᠠᠨ ᠰᠠᠬᠢᠬᠤ ᠡᠭᠦᠷᠭᠡ ᠲᠡᠢ᠂ ᠬᠠᠭᠠᠰ ᠴᠡᠷᠢᠭᠵᠢᠭᠰᠡᠨ ᠠᠢᠮᠠᠭ ᠪᠠᠢᠭᠰᠠᠨ ᠶᠤᠮ᠃
ᠰᠡᠭᠦᠯ ᠳ᠋ᠦ᠍ ᠮᠣᠩᠭᠣᠯ ᠤ᠋ᠨ ᠪᠤᠲᠠᠷᠠᠯ ᠤ᠋ᠨ ᠦᠶ᠎ᠡ ᠳ᠋ᠦ᠍ 500 ᠭᠠᠷᠤᠢ ᠵᠢᠯ ᠤᠷᠢᠶᠠᠩᠬᠠᠢᠴᠤᠳ ᠨᠢ ᠲᠡᠷᠡ ᠦᠶ᠎ᠡ ᠶ᠋ᠢᠨ ᠠᠯᠲᠠᠢ ᠶ᠋ᠢᠨ ᠤᠷᠢᠶᠠᠩᠬᠠᠢ ᠠᠢᠮᠠᠭ᠂ ᠲᠠᠩᠨᠦ ᠠᠭᠤᠯᠠ ᠶ᠋ᠢᠨ ᠤᠷᠢᠶᠠᠩᠬᠠᠢ᠂ ᠲᠠᠯᠠᠩᠬᠡᠳ ᠠᠢᠮᠠᠭ ᠤ᠋ᠨ ᠬᠠᠮᠲᠤ (ᠣᠳᠣ ᠶ᠋ᠢᠨ ᠤᠤᠯ ᠤ᠋ᠨ ᠠᠯᠲᠠᠢ ᠪᠦᠭᠦᠳᠡ ᠨᠠᠢᠷᠠᠮᠳᠠᠬᠤ ᠤᠯᠤᠰ ᠪᠣᠯᠤᠨ ᠳᠤᠸᠠ ᠪᠦᠭᠦᠳᠡ ᠨᠠᠢᠷᠠᠮᠳᠠᠬᠤ ᠤᠯᠤᠰ᠂ ᠬᠠᠺᠠᠰ ᠪᠦᠭᠦᠳᠡ ᠨᠠᠢᠷᠠᠮᠳᠠᠬᠤ ᠤᠯᠤᠰ᠂ ᠠᠯᠲᠠᠢ ᠶ᠋ᠢᠨ ᠬᠢᠵᠠᠭᠠᠷ) ᠮᠣᠩᠭᠣᠯ ᠤ᠋ᠨ ᠬᠠᠯᠬ᠎ᠠ ᠶ᠋ᠢᠨ ᠵᠠᠰᠠᠭᠲᠤ ᠬᠠᠭᠠᠨ ᠤ᠋ ᠬᠠᠷᠢᠶᠠᠨ ᠳ᠋ᠤ᠌ ᠪᠠᠢᠵᠤ ᠪᠠᠢᠭᠠᠳ ᠬᠣᠵᠢᠮ ᠵᠡᠭᠦᠨᠭᠠᠷ ᠤᠯᠤᠰ ᠤ᠋ᠨ ᠬᠠᠷᠢᠶᠠᠨ ᠳ᠋ᠤ᠌ ᠣᠷᠣᠭᠰᠠᠨ ᠬᠣᠲᠣᠭᠣᠢᠳ ᠠᠢᠮᠠᠭ ᠤ᠋ᠨ ᠨᠣᠶᠠᠨ ᠤ᠋ ᠬᠠᠷᠢᠶᠠᠲᠤ ᠭᠠᠵᠠᠷ ᠣᠷᠣᠨ᠂ ᠬᠥᠮᠦᠨ ᠠᠷᠠᠳ ᠲᠦᠮᠡᠨ ᠨᠢ ᠪᠠᠢᠪᠠ᠃
ᠮᠣᠩᠭᠣᠯ ᠤ᠋ᠨ ᠬᠣᠳᠤᠭᠤᠶᠢᠳ ᠤ᠋ᠨ ᠨᠣᠶᠠᠨ ᠱᠣᠯᠣᠢ ᠤᠪᠠᠰᠢ ᠬᠣᠩ ᠲᠠᠢᠵᠢ ᠶ᠋ᠢ ᠣᠷᠣᠰ ᠤ᠋ᠳ ᠠᠯᠲᠠᠢ ᠬᠠᠨ᠂ ᠠᠯᠲᠠᠨ ᠬᠠᠨ ᠭᠡᠬᠦ ᠮᠡᠲᠦ ᠪᠡᠷ ᠰᠤᠷᠪᠤᠯᠵᠢ ᠪᠢᠴᠢᠭ ᠲᠦ᠍ ᠲᠡᠮᠳᠡᠭᠯᠡᠭᠰᠡᠨ ᠪᠠᠢᠳᠠᠭ᠂ ᠤᠪᠠᠰᠢ ᠬᠣᠩ ᠲᠠᠢᠵᠢ ᠲᠠᠢ ᠣᠷᠣᠰ ᠤ᠋ᠳ ᠠᠩᠬ᠎ᠠ ᠭᠡᠷ᠎ᠡ ᠬᠡᠯᠡᠯᠴᠡᠭᠡᠷ ᠬᠢᠵᠦ᠂ ᠬᠠᠷᠢᠯᠴᠠᠨ ᠡᠯᠴᠢ ᠲᠥᠯᠥᠭᠡᠯᠡᠭᠴᠢ ᠪᠡᠨ ᠰᠣᠯᠢᠯᠴᠠᠭᠰᠠᠨ ᠪᠠᠢᠳᠠᠭ᠂ ᠲᠡᠷᠡ ᠦᠶ᠎ᠡ ᠳ᠋ᠦ᠍ ᠱᠣᠯᠣᠢ ᠤᠪᠠᠰᠢ ᠬᠣᠩ ᠲᠠᠢᠵᠢ ᠶ᠋ᠢᠨ ᠣᠷᠣᠰ ᠤ᠋ᠳ ᠲᠤ᠌ ᠵᠠᠷᠢᠮ ᠭᠠᠵᠠᠷ ᠨᠤᠲᠤᠭ ᠲᠦᠷᠢᠶᠡᠰᠦᠯᠡᠵᠦ ᠪᠣᠯᠤᠨ᠎ᠠ ᠭᠡᠬᠦ ᠵᠠᠬᠢᠳᠠᠯ ᠢ᠋ ᠦᠨᠳᠦᠰᠦᠯᠡᠯ ᠪᠣᠯᠭᠠᠨ ᠣᠷᠣᠰ ᠤ᠋ᠳ ᠮᠣᠩᠭᠣᠯ ᠤ᠋ᠨ ᠨᠤᠲᠤᠭ ᠲᠤ᠌ ᠡᠵᠡᠨ ᠰᠠᠭᠤᠭᠰᠠᠨ ᠶᠤᠮ᠂ ᠰᠡᠭᠦᠯ ᠳ᠋ᠦ᠍ ᠮᠠᠨᠴᠤ ᠣᠷᠣᠰ ᠤ᠋ᠨ ᠬᠢᠯᠢ ᠶ᠋ᠢᠨ ᠭᠡᠷ᠎ᠡ ᠶ᠋ᠢ ᠬᠢᠬᠦ ᠳ᠋ᠦ᠍ ᠱᠣᠯᠣᠢ ᠤᠪᠠᠰᠢ ᠬᠠᠨ ᠤ᠋ ᠳᠤᠷ᠎ᠠ ᠮᠡᠳᠡᠨ ᠪᠢᠴᠢᠭᠰᠡᠨ ᠲᠡᠷᠡ ᠵᠠᠬᠢᠳᠠᠯ ᠰᠢᠢᠳᠪᠦᠷᠢᠯᠡᠬᠦ ᠦᠨᠳᠦᠰᠦ ᠪᠣᠯᠤᠭᠰᠠᠨ ᠶᠤᠮ᠃
ᠵᠡᠭᠦᠨᠭᠠᠷ ᠤ᠋ᠨ ᠭᠠᠯᠳᠠᠨ ᠪᠣᠱᠣᠭᠲᠤ ᠬᠠᠭᠠᠨ ᠬᠠᠯᠬ᠎ᠠ ᠲᠠᠢ ᠡᠪ ᠡᠪᠳᠡᠷᠡᠯᠴᠡᠨ ᠵᠠᠰᠠᠭᠲᠤ ᠬᠠᠭᠠᠨ ᠤ᠋ ᠬᠠᠷᠢᠶᠠᠲᠤ ᠬᠣᠲᠣᠭᠣᠢᠳ ᠤ᠋ᠨ ᠱᠣᠯᠣᠢ ᠤᠪᠠᠰᠢ ᠬᠣᠩ ᠲᠠᠢᠵᠢ ᠶ᠋ᠢ ᠴᠡᠷᠢᠭ ᠬᠥᠳᠡᠯᠭᠡᠨ ᠳᠠᠷᠤᠭᠰᠠᠨ ᠪᠠ ᠱᠣᠯᠣᠢ ᠤᠪᠠᠰᠢ ᠬᠣᠩ ᠲᠠᠢᠵᠢ ᠶᠡᠬᠡᠩᠬᠢ ᠬᠠᠷᠢᠶᠠᠲᠤ ᠠᠷᠠᠳ ᠢᠷᠭᠡᠳ ᠢ᠋ᠶ᠋ᠡᠨ ᠠᠪᠤᠨ ᠡᠮᠦᠨ᠎ᠡ ᠵᠦᠭ ᠨᠡᠭᠦᠵᠦ ᠶᠠᠪᠤᠪᠠ᠂ ᠡᠨᠡ ᠲᠡᠢᠨ ᠡᠴᠡ ᠪᠣᠯᠵᠤ ᠬᠢᠵᠠᠭᠠᠷ ᠨᠤᠲᠤᠭ ᠬᠥᠮᠦᠨ ᠦᠭᠡᠢ᠂ ᠡᠵᠡᠨ ᠦᠭᠡᠢ ᠪᠣᠯᠤᠭᠰᠠᠨ ᠢ᠋ ᠳᠠᠯᠢᠮᠳᠠᠭᠤᠯᠤᠨ ᠣᠷᠣᠰ ᠤ᠋ᠳ ᠮᠣᠩᠭᠣᠯ ᠨᠤᠲᠤᠭ ᠲᠤ᠌ ᠲᠦᠷᠢᠨ ᠣᠷᠣᠵᠤ ᠢᠷᠡᠵᠦ᠂ ᠪᠠᠢᠭᠠᠯᠢ ᠨᠠᠭᠤᠷ ᠬᠦᠷᠲᠡᠯᠡᠬᠢ ᠥᠷᠭᠡᠨ ᠠᠭᠤᠳᠠᠮ ᠨᠤᠲᠤᠭ ᠢ᠋ ᠥᠪᠡᠷ ᠦ᠋ᠨ ᠪᠣᠯᠭᠠᠭᠰᠠᠨ ᠲᠡᠦᠬᠡ ᠲᠡᠢ ᠪᠢᠯᠡ᠂ ᠵᠡᠭᠦᠭᠠᠷ ᠤᠯᠤᠰ ᠤ᠋ᠨ ᠴᠠᠸᠠᠩᠷᠠᠪᠲᠡᠨ ᠬᠠᠭᠠᠨ᠂ ᠭᠠᠯᠳᠠᠨᠴᠠᠷᠠᠨ᠂ ᠲᠠᠪᠠᠭᠠᠴᠢ ᠬᠠᠭᠠᠨ ᠤ᠋ ᠦᠶ᠎ᠡ ᠳ᠋ᠦ᠍ ᠤᠷᠢᠶᠠᠩᠬᠠᠢᠴᠤᠳ ᠵᠡᠭᠦᠨᠭᠠᠷ ᠤ᠋ᠨ ᠤᠯᠤᠰ ᠲᠤ᠌ ᠬᠠᠷᠢᠶᠠᠯᠠᠭᠳᠠᠵᠤ ᠪᠠᠢᠪᠠ᠃ ᠮᠠᠨᠵᠤ ᠶ᠋ᠢᠨ ᠪᠣᠯᠤᠨᠢᠴᠢᠯᠠᠯ ᠤ᠋ᠨ ᠦᠶ᠎ᠡ ᠳ᠋ᠦ᠍ 200 ᠭᠠᠷᠤᠢ ᠵᠢᠯ ᠤᠷᠢᠶᠠᠩᠬᠠᠢᠴᠤᠳ ᠨᠢ ᠤᠷᠢᠶᠠᠩᠬᠠᠢ ᠶ᠋ᠢᠨ ᠬᠢᠵᠠᠭᠠᠷ ᠭᠡᠳᠡᠭ ᠵᠠᠰᠠᠭ ᠵᠠᠬᠢᠷᠭᠠᠨ ᠤ᠋ ᠨᠢᠭᠡᠴᠡ ᠳ᠋ᠦ᠍ ᠬᠠᠷᠢᠶᠠᠯᠠᠭᠳᠠᠨ ᠮᠠᠨᠵᠤ ᠠ᠋ᠴᠠ ᠲᠣᠮᠢᠯᠠᠭᠰᠠᠨ ᠬᠠᠯᠬ᠎ᠠ ᠶ᠋ᠢᠨ ᠠᠮᠪᠠᠨ ᠵᠠᠬᠢᠷᠤᠭᠴᠢ ᠳ᠋ᠤ᠌ ᠠᠯᠲᠠᠢ ᠶ᠋ᠢᠨ ᠤᠷᠢᠶᠠᠩᠬᠠᠢ᠂ ᠲᠠᠩᠨᠣ ᠠᠭᠤᠯᠠ ᠶ᠋ᠢᠨ ᠤᠷᠢᠶᠠᠩᠬᠠᠢ ᠶ᠋ᠢᠨ ᠬᠣᠱᠤᠳ ᠤ᠋ᠨ ᠬᠠᠮᠲᠤ ᠪᠠᠷ ᠬᠠᠷᠢᠶᠠᠯᠠᠭᠳᠠᠵᠤ ᠪᠠᠢᠭᠰᠠᠨ᠃
ᠫᠷᠣᠹᠧᠰᠰᠣᠷ ᠠ᠊᠂ ᠸᠴᠢᠷ ᠣᠷᠢᠶᠠᠩᠬᠠᠨ ᠬᠡᠮᠡᠬᠦ ᠨᠡᠷ᠎ᠡ ᠶ᠋ᠢ ᠤᠷᠢᠶ᠎ᠠ (ᠨ)᠂ ᠬᠠᠨ ᠭᠡᠰᠡᠨ ᠬᠣᠶᠠᠷ ᠦᠭᠡ ᠡᠴᠡ ᠪᠦᠲᠦᠭᠰᠡᠨ ᠪᠥᠭᠡᠳ᠂ ᠡᠬᠢᠨ ᠦ᠌ ᠤᠷᠢᠶ᠎ᠠ ᠨᠢ ᠤᠷᠢᠶ᠎ᠠ ᠳᠠᠭᠤᠳᠠᠯᠭ᠎ᠠ ᠶ᠋ᠢᠨ ᠤᠷᠢᠶ᠎ᠠ᠂ ᠬᠠᠨ ᠨᠢ ᠡᠵᠡᠨ ᠭᠡᠰᠡᠨ ᠤᠳᠬ᠎ᠠ ᠲᠠᠢ ᠦᠭᠡ ᠪᠣᠯᠤᠯᠲᠠᠢ᠂ ᠡᠨᠡ ᠬᠣᠶᠠᠷ ᠦᠭᠡ ᠨᠡᠢᠯᠡᠭᠡᠳ ᠣᠷᠢᠶᠠᠨ ᠡᠵᠡᠨ᠂ ᠣᠷᠢᠶᠠᠨ ᠬᠠᠨ ᠪᠤᠶᠤ ᠣᠩᠭᠣᠳ ᠤ᠋ᠨ ᠡᠵᠡᠨ ᠭᠡᠰᠡᠨ ᠤᠳᠬ᠎ᠠ ᠢᠯᠡᠳᠬᠡᠭᠰᠡᠨ ᠪᠠᠢᠵᠤ ᠮᠡᠳᠡᠨ᠎ᠡ ᠭᠡᠵᠦ ᠦᠵᠡᠭᠰᠡᠨ ᠪᠠᠢᠨ᠎ᠠ᠃
ᠠᠯᠲᠠᠢ ᠶ᠋ᠢᠨ ᠤᠷᠢᠶᠠᠩᠬᠠᠢᠴᠤᠣᠳ ᠤ᠋ᠨ ᠲᠡᠦᠬᠡ ᠪᠡᠷ ᠳᠣᠷᠪᠢᠲᠠᠢ ᠪᠦᠲᠦᠭᠡᠯ ᠬᠢᠭᠰᠡᠨ ᠡᠷᠳᠡᠮᠲᠡᠨ ᠪᠣᠯ ᠴᠣ᠂ ᠭᠠᠩᠲᠤᠯᠭ᠎ᠠ ᠶᠤᠮ᠂ ᠲᠡᠷᠡᠪᠡᠷ ᠤᠷᠢᠶᠠᠩᠬᠠᠢᠴᠤᠣᠳ ᠤ᠋ᠨ ᠭᠠᠷᠤᠯ᠂ ᠡᠭᠦᠰᠦᠯ ᠦ᠋ᠨ ᠲᠠᠯ᠎ᠠ ᠪᠠᠷ ᠲᠣᠳᠣᠷᠬᠠᠢ ᠮᠡᠳᠡᠭᠡᠯᠡᠯ ᠠᠪᠬᠤ ᠳ᠋ᠤ᠌ 《ᠡᠷᠭᠦᠨ᠎ᠡ ᠬᠣᠳ ᠤ᠋ᠨ ᠳᠣᠮᠣᠭ》᠂ 《ᠮᠣᠩᠭᠣᠯ ᠤ᠋ᠨ ᠨᠢᠭᠤᠴᠠ ᠲᠣᠪᠴᠢᠶ᠎ᠠ 》 ᠬᠣᠶᠠᠷ ᠣᠨᠴᠠᠭᠠᠢ ᠠᠴᠢ ᠬᠣᠯᠪᠣᠭᠳᠠᠯ ᠲᠠᠢ ᠶ᠋ᠢ ᠳᠤᠷᠠᠳᠴᠠᠢ᠂ ᠡᠬᠢᠨ ᠦ᠌ ᠳᠣᠮᠣᠭ ᠠ᠋ᠴᠠ ᠠᠪᠴᠤ ᠦᠵᠡᠪᠡᠯ ᠯᠠᠪᠲᠠᠢ 2000 ᠵᠢᠯ ᠦ᠋ᠨ ᠠᠰᠠᠭᠤᠳᠠᠯ ᠶᠠᠷᠢᠭᠳᠠᠬᠤ ᠶᠤᠮ᠂ ᠲᠡᠭᠡᠬᠦ ᠪᠡᠷ ᠭᠠᠷᠴᠠᠭ᠎ᠠ ᠦᠭᠡᠢ ᠢᠵᠠᠭᠤᠷ ᠤ᠋ᠨ ᠮᠣᠩᠭᠣᠯ ᠠᠢᠮᠠᠭ ᠤ᠋ᠨ ᠲᠤᠬᠠᠢ ᠶᠠᠷᠢᠶ᠎ᠠ ᠭᠠᠷᠤᠨ᠎ᠠ ᠭᠡᠰᠡᠨ ᠦᠭᠡ᠃ ᠲᠡᠷᠡ ᠦᠶ᠎ᠡ ᠶ᠋ᠢᠨ ᠠᠢᠮᠠᠭ ᠤ᠋ᠳ ᠦᠷᠭᠦᠯᠵᠢ ᠶ᠋ᠢᠨ ᠲᠡᠢᠨ᠂ ᠳᠠᠵᠢᠨ ᠲᠠᠢ ᠪᠠᠢᠭᠰᠠᠨ ᠪᠥᠭᠡᠳ ᠮᠣᠩᠭᠣᠯ ᠬᠡᠮᠡᠬᠦ ᠨᠢᠭᠡᠨ ᠠᠢᠮᠠᠭ ᠲᠥᠷᠥᠭ ᠠᠢᠮᠠᠭ ᠲᠠᠢ ᠵᠥᠷᠢᠴᠡᠯ ᠲᠡᠮᠡᠴᠡᠭᠡᠨ ᠪᠣᠯᠵᠤ ᠲᠡᠢᠨ ᠲᠤᠯᠤᠯᠳᠤᠭᠠᠨ ᠢ᠋ᠶ᠋ᠠᠷ ᠲᠡᠭᠦᠰᠴᠡᠢ᠃ ᠪᠤᠰᠤᠳ ᠠᠢᠮᠠᠭ ᠨᠢ ᠮᠣᠩᠭᠣᠯᠴᠤᠳ ᠢ᠋ ᠳᠠᠷᠤᠵᠤ ᠬᠢᠳᠤᠬᠤ ᠳ᠋ᠤ᠌ ᠨᠢ ᠬᠣᠰᠢᠶᠠᠳ ᠡᠷ᠎ᠡ ᠡᠮ᠎ᠡ ᠡᠴᠡ ᠢᠯᠡᠭᠦᠦ ᠦᠭᠡᠢ ᠬᠥᠮᠦᠨ ᠦᠯᠡᠳᠡᠭᠰᠡᠨ ᠪᠥᠭᠡᠳ ᠲᠡᠳᠡ ᠳᠠᠢᠰᠤᠨ ᠠ᠋ᠴᠠ ᠳᠤᠲᠠᠭᠠᠭᠰᠠᠭᠠᠷ ᠬᠥᠮᠦᠨ ᠠᠮᠢᠲᠠᠨ ᠬᠦᠷᠴᠦ ᠳᠡᠢᠯᠦᠮᠡ ᠦᠭᠡᠢ ᠪᠡᠷᠬᠡ ᠪᠠᠷᠲᠠᠭ᠎ᠠ ᠲᠠᠢ ᠠᠭᠤᠯᠠ ᠬᠠᠳᠠ ᠶᠡᠬᠡ ᠣᠢ ᠬᠦᠷᠢᠶᠡᠯᠡᠭᠰᠡᠨ ᠬᠡᠴᠡᠭᠦᠦ ᠪᠡᠷᠬᠡ ᠭᠠᠵᠠᠷ ᠬᠦᠷᠴᠦ ᠨᠢᠭᠤᠭᠳᠠᠵᠠᠢ᠃ ᠲᠡᠷᠡ ᠭᠠᠵᠠᠷ ᠢ᠋ ᠨᠢ ᠡᠷᠭᠦᠨ᠎ᠡ ᠬᠤᠨ ᠭᠡᠳᠡᠭ᠃ ᠬᠤᠨ ᠭᠡᠳᠡᠭ ᠨᠢ ᠬᠡᠪᠡᠭᠡᠢ ᠠᠭᠤᠯᠠᠰ᠂ ᠡᠷᠭᠦᠨ᠎ᠡ ᠭᠡᠳᠡᠭ ᠨᠢ ᠡᠭᠴᠡ ᠭᠡᠰᠡᠨ ᠤᠳᠬ᠎ᠠ ᠲᠠᠢ ᠭᠡᠨ᠎ᠡ᠃ ᠥᠭᠡᠷ᠎ᠡ ᠪᠡᠷ ᠬᠡᠯᠡᠪᠡᠯ ᠡᠭᠴᠡ ᠠᠰᠬ᠎ᠠ ᠠᠭᠤᠯᠠ ᠨᠢᠷᠤᠭᠤ ᠭᠡᠳᠡᠭ ᠦᠭᠡ ᠪᠢᠯᠡ᠃ ᠡᠨᠡ ᠨᠤᠲᠤᠭ ᠢ᠋ ᠡᠷᠭᠦᠨ᠎ᠡ ᠺᠣᠨ (ᠬᠤᠨ ) ᠬᠡᠮᠡᠮᠦᠢ᠂ ᠲᠡᠷᠡ ᠬᠣᠶᠠᠷ ᠬᠥᠮᠦᠨ ᠢ᠋ ᠨᠡᠺᠦᠰ᠂ ᠬᠢᠶᠠᠨ ᠬᠡᠮᠡᠨ᠎ᠡ᠂ ᠲᠡᠷᠡ ᠬᠣᠶᠠᠷ ᠠ᠋ᠴᠠ ᠲᠥᠷᠥᠭᠰᠡᠨ ᠦᠷ᠎ᠡ ᠰᠡᠳᠦ ᠨᠢ ᠳᠥᠷᠪᠡᠨ ᠵᠠᠭᠤᠨ ᠤ᠋ ᠲᠤᠷᠰᠢ ᠥᠰᠴᠦ ᠦᠷᠡᠵᠢᠭᠡᠳ ᠣᠯᠠᠨ ᠣᠪᠣᠭ ᠪᠣᠯᠵᠠᠢ᠂ ᠲᠡᠳᠡᠨ ᠳ᠋ᠦ᠍ ᠨᠤᠲᠤᠭ ᠤᠰᠤ ᠨᠢ ᠳᠠᠪᠴᠢᠳᠠᠬᠤ ᠪᠣᠯᠵᠠᠢ᠂ᠲᠡᠭᠡᠬᠦ ᠪᠡᠷ ᠤᠷᠢᠶᠠᠩᠬᠠᠢᠴᠤᠳ ᠲᠡᠷᠡ ᠦᠶ᠎ᠡ ᠳ᠋ᠦ᠍ ᠲᠡᠨᠳᠡ ᠡᠴᠡ ᠭᠠᠷᠴᠤ ᠤᠰᠤ ᠤᠷᠭᠤᠮᠠᠯ᠂ ᠠᠩ ᠭᠥᠷᠥᠭᠡᠰᠦ ᠡᠯᠪᠡᠭ ᠲᠡᠢ ᠭᠠᠵᠠᠷ ᠪᠠᠷᠠᠭᠠᠳᠠᠬᠤ ᠪᠠᠷ ᠰᠢᠳᠴᠠᠢ᠂ ᠢᠩᠭᠢᠬᠦ ᠶ᠋ᠢᠨ ᠲᠤᠯᠠᠳᠠ ᠳᠠᠯᠠᠨ ᠲᠣᠯᠣᠭᠠᠢ ᠰᠢᠷ᠎ᠠ ᠦᠬᠡᠷ᠂ ᠠᠳᠤᠭᠤ ᠨᠢᠳᠦᠯᠡᠵᠦ ᠰᠢᠷᠢ ᠶ᠋ᠢ ᠨᠢ ᠲᠤᠯᠤᠮᠯᠠᠨ ᠬᠥᠭᠡᠷᠭᠡ ᠬᠢᠭᠡᠳ ᠨᠡᠭᠦᠷᠡᠰᠦ᠂ ᠲᠣᠰᠣ ᠪᠠᠷ ᠳᠦᠭᠦᠷᠭᠡᠨ ᠶᠡᠬᠡ ᠬᠡᠮᠵᠢᠶᠡᠨ ᠦ᠌ ᠭᠠᠯ ᠥᠷᠳᠡᠨ ᠲᠡᠮᠦᠷ ᠦ᠋ᠨ ᠬᠦᠳᠡᠷ ᠲᠡᠢ ᠬᠠᠪᠰᠤᠷᠭᠠᠨ ᠳᠡᠯᠪᠡᠯᠵᠦ ᠶᠡᠬᠡ ᠠᠭᠤᠯᠠ ᠶ᠋ᠢ ᠰᠡᠲᠡᠯᠦᠨ ᠵᠠᠮ ᠬᠠᠷᠭᠤᠢ ᠭᠠᠷᠭᠠᠭᠰᠠᠨ ᠪᠠᠢᠨ᠎ᠠ᠂ ᠲᠡᠷᠡ ᠵᠠᠮ ᠢ᠋ᠶ᠋ᠠᠷ ᠢ᠋ᠶ᠋ᠠᠨ ᠭᠠᠷᠤᠨ ᠰᠠᠯᠪᠤᠷᠢ ᠪᠣᠯᠤᠨ ᠰᠠᠯᠵᠤ ᠣᠳᠴᠠᠭᠠᠴᠠᠢ᠃ ᠲᠡᠭᠡᠬᠦ ᠳ᠋ᠦ᠍ ᠤᠷᠢᠶ᠎ᠠ ᠳᠠᠭᠤᠳᠠᠯᠭ᠎ᠠ ᠪᠠᠷ ᠣᠷᠣᠢᠯᠠᠨ ᠣᠷᠣᠯᠴᠠᠵᠤ ᠵᠠᠮ ᠭᠠᠷᠭᠠᠭᠰᠠᠨ ᠨᠡᠺᠦᠰ ᠦ᠋ᠨ ᠦᠷ᠎ᠡ ᠰᠡᠳᠦ ᠣᠪᠣᠭ ᠠᠢᠮᠠᠭ ᠤᠷᠢᠶᠠᠩᠬᠠᠢᠴᠤᠣᠳ ᠪᠣᠯᠵᠠᠢ᠂《ᠡᠷᠭᠦᠨ᠎ᠡ ᠬᠤᠨ ᠤ᠋ ᠳᠣᠮᠣᠭ 》 2000 ᠵᠢᠯ ᠦ᠋ᠨ ᠲᠡᠦᠬᠡ ᠲᠡᠢ ᠬᠡᠮᠡᠪᠡᠰᠦ᠂ ᠾᠦᠩᠨᠦ ᠶ᠋ᠢᠨ ᠦᠶ᠎ᠡ ᠲᠡᠢ ᠬᠣᠯᠪᠣᠭᠳᠠᠬᠤ ᠶᠤᠮ᠂ ᠲᠡᠭᠡᠬᠦ ᠪᠡᠷ ᠤᠷᠢᠶᠠᠩᠬᠠᠢᠴᠤᠳ ᠲᠡᠷᠡ ᠦᠶ᠎ᠡ ᠳ᠋ᠦ᠍ ᠴᠦ᠍ ᠪᠡᠶ᠎ᠡ ᠳᠠᠭᠠᠭᠠᠭᠰᠠᠨ ᠠᠢᠮᠠᠭ ᠪᠠᠢᠭᠰᠠᠨ ᠨᠢ ᠲᠠᠭᠠᠷᠠᠵᠤ ᠪᠠᠢᠭ᠎ᠠ ᠪᠢᠯᠡ᠂
《ᠰᠤᠳᠤᠷ ᠤ᠋ᠨ ᠴᠢᠭᠤᠯᠭᠠᠨ 》 ᠳ᠋ᠤ᠌ ᠥᠭᠦᠯᠡᠭᠰᠡᠨ ᠢ᠋ᠶ᠋ᠡᠷ ᠪᠣᠯ ᠡᠷᠲᠡᠨ ᠦ᠌ ᠮᠣᠩᠭᠣᠯ ᠠᠢᠮᠠᠭ ᠤ᠋ᠳ ᠢ᠋ ᠳᠤᠷᠠᠳᠬᠤ ᠳ᠋ᠤ᠌ ᠪᠠᠨ ᠡᠬᠢᠨ ᠳ᠋ᠦ᠍ ᠨᠢ ᠨᠡᠺᠦᠰ᠂ ᠤᠷᠢᠶᠠᠩᠬᠠᠢ ᠭᠡᠮᠡᠨ ᠥᠭᠦᠯᠡᠭᠡᠳ ᠶᠠᠪᠤᠭᠰᠠᠨ ᠨᠢ ᠪᠣᠢ ᠷᠠᠰᠢᠳ᠋ ᠠᠲᠢᠨ ᠴᠤ᠌ 《ᠰᠤᠳᠤᠷ ᠤ᠋ᠨ ᠴᠢᠭᠤᠯᠭᠠᠨ 》 ᠳ᠋ᠠᠭᠠᠨ ᠵᠦᠭᠡᠷ ᠨᠢᠭᠡ ᠳᠤᠷᠠᠳᠤᠭ᠎ᠠ ᠦᠭᠡᠢ ᠪᠣᠯᠪᠠ ᠤᠤ᠂ ᠲᠡᠷᠡᠬᠦ ᠰᠤᠤᠲᠤ ᠬᠥᠮᠦᠨ ᠲᠤᠬᠠᠢ ᠶ᠋ᠢᠨ ᠦᠶ᠎ᠡ ᠶ᠋ᠢᠨ ᠢ᠋ᠶ᠋ᠡᠨ ᠰᠢᠯᠢᠳᠡᠭ ᠪᠠᠷᠢᠮᠲᠠ ᠳᠡᠭᠡᠷ᠎ᠡ ᠲᠤᠯᠭᠠᠭᠤᠷᠢᠯᠠᠨ ᠠᠯᠳᠠᠷᠲᠤ ᠪᠦᠲᠦᠭᠡᠯ ᠢ᠋ᠶ᠋ᠡᠨ ᠲᠤᠭᠤᠷᠪᠢᠭᠰᠠᠨ ᠨᠢ ᠮᠡᠳᠡᠭᠡᠵᠢ ᠪᠢᠯᠡ᠂ 《ᠮᠣᠩᠭᠣᠯ ᠤ᠋ᠨ ᠨᠢᠭᠤᠴᠠ ᠲᠣᠪᠴᠢᠶ᠎ᠠ 》 ᠳ᠋ᠤ᠌ ᠴᠣᠬᠣᠮ ᠶᠠᠭᠤ ᠭᠡᠵᠦ ᠥᠭᠦᠯᠡᠭᠰᠡᠨ ᠢ᠋ ᠣᠳᠣ ᠲᠣᠪᠴᠢᠬᠠᠨ ᠬᠦᠷᠭᠡᠶ᠎ᠡ᠂ ᠲᠡᠨᠳᠡ ᠤᠷᠢᠶᠠᠩᠬᠠᠢᠴᠤᠳ ᠢ᠋ 《ᠪᠤᠷᠬᠠᠨ ᠬᠠᠯᠳᠤᠨ ᠤ᠋ ᠡᠵᠡᠨ᠂ ᠪᠤᠷᠬᠠᠨ ᠪᠤᠰᠬᠠᠭᠰᠠᠨ ᠰᠢᠨᠴᠢ ᠪᠠᠶᠠᠨ ᠤᠷᠢᠶᠠᠩᠬᠠᠢ 》 ᠭᠡᠮᠡᠨ ᠥᠭᠦᠯᠡᠵᠡᠢ᠂ ᠬᠣᠷᠢ ᠲᠦᠮᠡᠳ ᠦ᠋ᠨ ᠨᠤᠲᠤᠭ ᠠ᠋ᠴᠠ ᠬᠣᠷᠢᠯᠠᠷᠲᠠᠢ ᠮᠡᠷᠭᠡᠨ ᠤᠳᠤᠮ ᠲᠥᠷᠥᠯ ᠢ᠋ᠶ᠋ᠡᠨ ᠳᠠᠭᠠᠭᠤᠯᠵᠤ ᠪᠤᠷᠬᠠᠨ ᠬᠠᠯᠳᠤᠨ ᠤ᠋ ᠡᠵᠡᠳ ᠪᠣᠯᠬᠤ ᠰᠢᠨᠴᠢ ᠪᠠᠶᠠᠨ ᠤᠷᠢᠶᠠᠩᠬᠠᠢ ᠶ᠋ᠢ ᠲᠦᠰᠢᠬᠦ ᠪᠡᠷ ᠢᠷᠡᠯ᠎ᠡ ᠭᠡᠰᠡᠨ ᠨᠢ ᠴᠦ᠍ ᠪᠣᠢ᠂ ᠴᠢᠩᠭᠢᠰ ᠬᠠᠭᠠᠨ ᠲᠥᠷᠥᠬᠦ ᠳ᠋ᠦ᠍ ᠤᠷᠢᠶᠠᠩᠬᠠᠢ ᠦᠨᠳᠦᠰᠦᠲᠡᠨ ᠵᠠᠷᠴᠢᠭᠤᠲᠠᠢ ᠡᠪᠦᠭᠡᠨ ᠪᠤᠯᠠᠭᠠᠨ ᠥᠯᠥᠭᠡᠢ ᠪᠡᠯᠡᠭ ᠪᠣᠯᠭᠠᠭᠰᠠᠨ ᠲᠡᠦᠬᠡ ᠴᠦ᠍ ᠪᠣᠢ᠂ ᠠᠷᠪᠠᠨ ᠭᠤᠷᠪᠠᠳᠤᠭᠠᠷ ᠵᠠᠭᠤᠨ ᠳ᠋ᠤ᠌ ᠪᠤᠶᠤ ᠶᠡᠬᠡ ᠡᠵᠡᠨ ᠴᠢᠩᠭᠢᠰ ᠬᠠᠭᠠᠨ ᠤ᠋ ᠦᠶ᠎ᠡ ᠳ᠋ᠦ᠍ ᠤᠷᠢᠶᠠᠩᠬᠠᠢ ᠠᠢᠮᠠᠭ ᠠ᠋ᠴᠠ ᠵᠡᠯᠮ᠎ᠡ᠂ ᠰᠦᠪᠡᠭᠡᠲᠡᠢ ᠵᠡᠷᠭᠡ ᠣᠯᠠᠨ ᠪᠠᠭᠠᠲᠤᠷᠯᠢᠭ ᠵᠠᠩᠵᠤᠨ ᠲᠥᠷᠥᠨ ᠭᠠᠷᠴᠤ ᠪᠠᠢᠭᠰᠠᠨ ᠲᠤᠬᠠᠢ ᠮᠣᠩᠭᠣᠯ ᠤ᠋ᠨ ᠨᠢᠭᠤᠴᠠ ᠲᠣᠪᠴᠢᠶᠠᠨ ᠳ᠋ᠤ᠌ ᠥᠭᠦᠯᠡᠭᠰᠡᠨ ᠪᠠᠢᠳᠠᠭ᠂ ᠴᠢᠩᠭᠢᠰ ᠬᠠᠭᠠᠨ ᠤ᠋ ᠶᠢᠰᠦᠨ ᠥᠷᠯᠥᠭ ᠵᠠᠩᠵᠤᠨ ᠤ᠋ ᠨᠢᠭᠡ ᠵᠠᠯᠮ᠎ᠠ ᠨᠢ ᠴᠢᠩᠭᠢᠰ ᠬᠠᠭᠠᠨ ᠤ᠋ ᠠᠮᠢ ᠶ᠋ᠢ ᠭᠤᠷᠪᠠᠨᠲᠠ ᠠᠪᠤᠷᠠᠵᠤ᠂ ᠴᠡᠷᠢᠭ ᠦ᠋ᠨ ᠶᠡᠬᠡ ᠵᠠᠩᠵᠤᠨ ᠰᠦᠪᠡᠭᠡᠷᠠᠢ ᠨᠢ ᠴᠢᠩᠭᠢᠰ ᠬᠠᠭᠠᠨ ᠤ᠋ ᠪᠠᠢᠯᠳᠤᠨ ᠳᠠᠭᠠᠭᠤᠯᠤᠯᠲᠠ ᠳ᠋ᠤ᠌ ᠣᠨᠴᠠᠭᠠᠢ ᠡᠭᠦᠷᠭᠡ ᠭᠦᠢᠴᠡᠳᠬᠡᠵᠦ ᠂ ᠳᠤᠮᠳᠠᠳᠤ ᠠᠽᠢᠶ᠎ᠠ᠂ ᠵᠡᠭᠦᠨ ᠡᠸᠦ᠋ᠷᠤᠹ ᠤ᠋ᠨ ᠤᠯᠤᠰ ᠣᠷᠣᠨ ᠨᠤᠭᠤᠳ ᠢ᠋ ᠰᠦᠪᠡᠭᠡᠲᠡᠢ ᠵᠠᠩᠵᠤᠨ ᠤ᠋ ᠤᠳᠤᠷᠢᠳᠤᠭᠰᠠᠨ ᠶᠡᠬᠡ ᠴᠡᠷᠢᠭ ᠪᠠᠢᠯᠳᠤᠨ ᠡᠵᠡᠯᠡᠵᠦ ᠪᠠᠢᠵᠠᠢ ᠃
ᠡᠳᠦᠭᠡ ᠮᠡᠳᠡᠭᠳᠡᠵᠦ ᠪᠠᠢᠭ᠎ᠠ ᠪᠠᠷ (ᠤᠷᠢᠶᠠᠩᠬᠠᠢ) ᠨᠡᠷ᠎ᠡ ᠵᠡᠭᠦᠭᠰᠡᠨ ᠬᠡᠳᠦᠨ ᠪᠦᠯᠦᠭ ᠪᠠᠢᠨ᠎ᠠ᠂ ᠤᠷᠢᠶᠠᠩᠬᠠᠢ ᠬᠡᠮᠡᠬᠦ ᠠᠳᠠᠯᠢ ᠨᠡᠷ᠎ᠡ ᠵᠡᠭᠦᠭᠰᠡᠨ ᠲᠡᠳᠡᠭᠡᠷ ᠤᠭᠰᠠᠭᠠᠲᠠᠨ ᠤ᠋ ᠪᠦᠯᠦᠭ ᠦ᠋ᠳ ᠨᠢ ᠨᠡᠢᠲᠡᠯᠢᠭ ᠨᠢᠭᠡ ᠭᠠᠷᠤᠯ ᠲᠠᠢ ᠶᠤᠮ ᠤᠤ᠂ ᠡᠰᠡᠪᠡᠯ ᠨᠡᠷ᠎ᠡ ᠢᠵᠢᠯ ᠪᠣᠯᠪᠠᠴᠤ ᠲᠡᠦᠬᠡᠨ ᠭᠠᠷᠤᠯ ᠨᠢ ᠥᠭᠡᠷ᠎ᠡ ᠠᠢᠮᠠᠭ ᠤ᠋ᠳ ᠪᠠᠢᠭᠰᠠᠨ ᠭᠡᠳᠡᠭ ᠨᠢ ᠣᠳᠣ ᠪᠣᠯᠲᠠᠯ᠎ᠠ ᠲᠣᠳᠣᠷᠬᠠᠢ ᠪᠣᠯᠵᠤ ᠴᠢᠳᠠᠭ᠎ᠠ ᠦᠭᠡᠢ ᠪᠠᠢᠨ᠎ᠠ᠂ ᠡᠭᠦᠨ ᠡᠴᠡ ᠤᠷᠢᠶᠠᠩᠬᠠᠢ ᠨᠡᠷ᠎ᠡ ᠵᠡᠭᠦᠭᠰᠡᠳ ᠦ᠋ᠨ ᠲᠡᠦᠬᠡ᠂ ᠤᠭᠰᠠᠭ᠎ᠠ ᠬᠠᠮᠢᠶᠠᠷᠤᠯ᠂ ᠨᠤᠲᠤᠭᠰᠢᠯ ᠵᠡᠷᠭᠡ ᠨᠡᠯᠢᠶᠡᠳ ᠠᠰᠠᠭᠤᠳᠠᠯ ᠨᠢ ᠮᠠᠷᠭᠤᠭᠠᠨ ᠲᠠᠢ ᠪᠠᠢᠨ᠎ᠠ᠂ ᠣᠳᠣ ᠪᠢᠳᠡᠨ ᠳ᠋ᠦ᠍ ᠮᠡᠳᠡᠭᠳᠡᠵᠦ ᠪᠠᠢᠭ᠎ᠠ ᠪᠠᠷ ᠤᠷᠢᠶᠠᠩᠬᠠᠢ ᠬᠡᠮᠡᠬᠦ ᠨᠡᠷ᠎ᠡ ᠮᠠᠨ ᠤ᠋ ᠲᠣᠭᠠᠯᠠᠯ ᠤ᠋ᠨ 10 ᠳ᠋ᠤᠭᠠᠷ ᠵᠠᠭᠤᠨ ᠤ᠋ ᠡᠬᠢᠨ ᠦᠶ᠎ᠡ ᠶ᠋ᠢᠨ ᠬᠡᠷᠡᠭ ᠶᠠᠪᠤᠳᠠᠯ ᠲᠠᠢ ᠬᠣᠯᠪᠣᠭᠳᠠᠨ ᠲᠡᠦᠬᠡᠨ ᠳ᠋ᠦ᠍ ᠲᠡᠮᠳᠡᠭᠯᠡᠭᠳᠡᠭᠰᠡᠨ ᠪᠣᠯᠤᠯᠲᠠᠢ᠃
ᠲᠡᠷᠡ ᠴᠠᠭ ᠠ᠋ᠴᠠ ᠬᠣᠢᠰᠢ ᠲᠡᠦᠬᠡ ᠶ᠋ᠢᠨ ᠶᠠᠩᠵᠤ ᠪᠦᠷᠢ ᠶ᠋ᠢᠨ ᠦᠶ᠎ᠡ ᠳ᠋ᠦ᠍ ᠤᠷᠢᠶᠠᠩᠬᠠᠢ ᠬᠡᠮᠡᠬᠦ ᠨᠡᠷ᠎ᠡ ᠶ᠋ᠢ ᠺᠤᠮᠤᠰᠢ ᠨᠠᠷ ᠬᠢᠲᠠᠳ ᠳᠦᠷᠰᠦ ᠦᠰᠦᠭ ᠢ᠋ᠶ᠋ᠡᠷ ᠬᠡᠳᠦᠨ ᠶᠠᠩᠵᠤ ᠪᠠᠷ ᠲᠡᠮᠳᠡᠭᠯᠡᠭᠰᠡᠭᠡᠷ ᠢᠷᠡᠵᠡᠢ᠂ ᠢᠷᠡᠨ ᠦ᠌ ᠲᠡᠦᠬᠡᠴᠢ ᠷᠠᠰᠢᠳ᠋ ᠠᠲᠲᠢᠨ ᠤ᠋ 《ᠰᠤᠳᠤᠷ ᠤ᠋ᠨ ᠴᠢᠭᠤᠯᠭᠠᠨ 》 ᠳ᠋ᠤ᠌ ᠬᠡᠨᠲᠡᠢ ᠶ᠋ᠢᠨ ᠨᠢᠷᠤᠭᠤᠨ ᠤ᠋ ᠤᠷᠢᠶᠠᠩᠬᠠᠢ᠂ ᠣᠢ ᠶ᠋ᠢᠨ ᠤᠷᠢᠶᠠᠩᠬᠠᠢ ᠨᠡᠷ᠎ᠡ ᠢᠵᠢᠯ ᠪᠣᠯᠪᠠᠴᠤ ᠰᠢᠭᠤᠳ ᠬᠣᠯᠪᠣᠭ᠎ᠠ ᠦᠭᠡᠢ᠂ ᠣᠢ ᠶ᠋ᠢᠨ ᠤᠷᠢᠶᠠᠩᠬᠠᠢ ᠨᠢ ᠣᠷᠣᠴᠠ ᠣᠪᠣᠬᠠᠢ ᠳ᠋ᠤ᠌ ᠰᠠᠭᠤᠨ ᠠᠩ ᠠᠩᠨᠠᠨ ᠠᠮᠢᠳᠤᠷᠠᠳᠠᠭ ᠭᠡᠵᠦ ᠪᠢᠴᠢᠭᠰᠡᠨ ᠪᠠᠢᠳᠠᠭ᠂ ᠣᠢᠷᠠᠳ ᠤ᠋ᠨ ᠠᠯᠲᠠᠢ ᠶ᠋ᠢᠨ ᠤᠷᠢᠶᠠᠩᠬᠠᠢ᠂ ᠬᠥᠪᠰᠥᠭᠥᠯ ᠦ᠋ᠨ ᠬᠠᠯᠬ᠎ᠠ ᠤᠷᠢᠶᠠᠩᠬᠠᠢ ᠨᠠᠷ ᠤᠷᠢᠶᠠᠩᠬᠠᠢ ᠭᠡᠰᠡᠨ ᠨᠡᠷ᠎ᠡ ᠡᠴᠡ ᠥᠭᠡᠷ᠎ᠡ ᠪᠡᠷ ᠥᠪᠡᠷᠰᠡᠳ ᠢ᠋ ᠪᠡᠨ ᠨᠡᠷᠡᠯᠡᠳᠡᠭ ᠦᠭᠡᠢ ᠬᠠᠷᠢᠨ ᠲᠤᠸᠠᠴᠤᠳ ᠢ᠋ ᠲᠠᠩᠨᠦ ᠤᠷᠢᠶᠠᠩᠬᠠᠢ᠂ ᠳᠤᠸᠠ᠂ ᠶᠠᠺᠦ᠋ᠲ᠋ᠢᠴᠤᠳ ᠢ᠋ ᠰᠠᠬᠠ ᠤᠷᠢᠶᠠᠩᠬᠠᠢ᠂ ᠰᠠᠬᠠ᠂ ᠶᠠᠺᠦᠲ᠋ᠢ ᠭᠡᠰᠡᠨ ᠭᠤᠷᠪᠠᠨ ᠶᠠᠩᠵᠤ ᠶ᠋ᠢᠨ ᠨᠡᠷ᠎ᠡ ᠪᠡᠷ ᠨᠡᠷᠡᠯᠡᠵᠦ ᠪᠠᠢᠭᠰᠠᠨ ᠤᠴᠢᠷ ᠡᠷᠳᠡᠮᠲᠡᠳ ᠶᠠᠺᠦᠲ᠋ᠢ ᠂ ᠲᠤᠸᠠᠴᠤᠳ ᠤᠷᠢᠶᠠᠩᠬᠠᠢ ᠭᠡᠰᠡᠨ ᠨᠡᠷ᠎ᠡ ᠪᠡᠷ ᠰᠡᠭᠦᠯ ᠳ᠋ᠦ᠍ ᠨᠡᠷᠡᠯᠡᠭᠳᠡᠬᠦ ᠪᠣᠯᠤᠭᠰᠠᠨ ᠭᠡᠵᠦ ᠲᠠᠭᠠᠮᠠᠭᠯᠠᠳᠠᠭ᠂ ᠵᠠᠷᠢᠮ ᠶᠠᠺᠦᠲ᠋ᠢ ᠬᠥᠮᠦᠰ ᠣᠳᠣ ᠪᠣᠯᠲᠠᠯ᠎ᠠ ᠤᠷᠢᠶᠠᠩᠬᠠᠢ ᠲᠠᠢ ᠥᠪᠡᠷ ᠦ᠋ᠨ ᠭᠠᠷᠤᠯ ᠢ᠋ ᠬᠣᠯᠪᠣᠨ ᠲᠠᠢᠯᠪᠤᠷᠢᠯᠠᠳᠠᠭ᠃ ᠣᠷᠣᠰ ᠤ᠋ᠨ ᠨᠡᠷᠡᠲᠦ ᠳᠣᠷᠣᠨ᠎ᠠ ᠳ᠋ᠠᠬᠢᠨ ᠢ᠋ ᠰᠤᠳᠤᠯᠤᠭᠠᠴᠢ ᠨ᠂ ᠸ᠂ ᠺᠢᠶᠣᠤᠨᠠᠢᠷ ᠬᠢᠲᠠᠳ ᠰᠤᠷᠪᠤᠯᠵᠢ ᠳ᠋ᠤ᠌ ᠤᠯᠢᠶᠠᠩᠬᠠ ᠬᠡᠮᠡᠬᠦ ᠤᠭᠰᠠᠭᠠᠲᠠᠨ ᠤ᠋ ᠨᠡᠷ᠎ᠡ ᠭᠠᠷᠳᠠᠭ ᠨᠢ ᠤᠷᠢᠶᠠᠩᠬᠠᠢ ᠠᠢᠮᠠᠭ ᠤ᠋ᠨ ᠨᠡᠷ᠎ᠡ ᠮᠥᠨ ᠭᠡᠵᠦ ᠦᠵᠡᠭᠰᠡᠨ ᠪᠠᠢᠨ᠎ᠠ᠃
ᠤᠷᠢᠶᠠᠩᠬᠠᠢ ᠬᠡᠮᠡᠬᠦ ᠤᠭᠰᠠᠭᠠᠲᠠᠨ ᠤ᠋ ᠨᠡᠷ᠎ᠡ 10 ᠳ᠋ᠤᠭᠠᠷ ᠵᠠᠭᠤᠨ ᠤ᠋ ᠡᠬᠢ ᠪᠡᠷ ᠲᠡᠦᠬᠡᠨ ᠳ᠋ᠦ᠍ ᠮᠡᠳᠡᠭᠳᠡᠬᠦ ᠪᠣᠯᠤᠭᠰᠠᠨ ᠲᠡᠳᠡ᠂ 902 — 963 ᠣᠨ ᠳ᠋ᠤ᠌ ᠬᠢᠳᠠᠨ ᠤᠯᠤᠰ ᠲᠤ᠌ ᠠᠯᠪᠠ ᠪᠠᠷᠢᠵᠤ᠂ ᠬᠥᠲᠥᠴᠢ ᠬᠥᠮᠦᠨ᠂ ᠠᠯᠠᠭ ᠭᠥᠷᠥᠭᠡᠰᠦ ᠵᠡᠷᠭᠡ ᠶ᠋ᠢ ᠬᠦᠷᠭᠡᠵᠦ ᠪᠠᠢᠪᠠ᠂ ᠮᠣᠩᠭᠣᠯ ᠰᠤᠷᠪᠤᠯᠵᠢ ᠮᠡᠳᠡᠭᠡ ᠪᠡᠷ᠂ ᠴᠢᠩᠭᠢᠰ ᠬᠠᠭᠠᠨ ᠤ᠋ ᠳᠡᠭᠡᠳᠦ ᠡᠪᠦᠭᠡ ᠲᠣᠪᠤ᠋ ᠮᠡᠷᠭᠡᠨ ᠦ᠌ ᠦᠶ᠎ᠡ ᠳ᠋ᠦ᠍ ᠤᠷᠢᠶᠠᠩᠬᠠᠢ ᠶ᠋ᠢᠨ ᠵᠠᠷᠢᠮ ᠨᠢ ᠪᠤᠷᠬᠠᠨ ᠬᠠᠯᠳᠤᠨ ᠳ᠋ᠤ᠌ ᠨᠤᠲᠤᠭᠯᠠᠵᠤ ᠪᠠᠢᠵᠠᠢ᠃
12 ᠳ᠋ᠤᠭᠠᠷ ᠵᠠᠭᠤᠨ ᠤ᠋ ᠦᠶ᠎ᠡ ᠳ᠋ᠦ᠍ ᠤᠷᠢᠶᠠᠩᠬᠠᠢ ᠨᠠᠷ ᠢ᠋ ᠳᠣᠲᠣᠷ᠎ᠠ ᠨᠢ ᠣᠢ ᠶ᠋ᠢᠨ ᠤᠷᠢᠶᠠᠩᠬᠠᠢ᠂ ᠲᠠᠯ᠎ᠠ ᠬᠡᠭᠡᠷ᠎ᠡ ᠶ᠋ᠢᠨ ᠤᠷᠢᠶᠠᠩᠬᠠᠢ ᠭᠡᠮᠡᠨ ᠢᠯᠭᠠᠳᠠᠭ ᠪᠠᠢᠵᠠᠢ᠂ ᠣᠢ ᠶ᠋ᠢᠨ ᠤᠷᠢᠶᠠᠩᠬᠠᠢᠴᠤᠳ ᠤ᠋ᠨ ᠨᠤᠲᠤᠭ ᠤ᠋ᠨ ᠡᠮᠦᠨᠡᠲᠦ ᠲᠠᠯ᠎ᠠ ᠨᠢ ᠬᠡᠨᠲᠡᠢ ᠶ᠋ᠢᠨ ᠠᠭᠤᠯᠠ᠂ ᠬᠣᠢᠲᠤ ᠲᠠᠯ᠎ᠠ ᠨᠢ ᠪᠠᠷᠭᠤᠵᠢᠨ ᠳᠥᠭᠥᠮ ᠬᠠᠪᠢ ᠪᠠᠷ ᠰᠠᠭᠤᠭᠴᠢ ᠬᠣᠷᠢ ᠲᠦᠮᠡᠳ᠂ ᠪᠠᠷᠭᠤ ᠨᠠᠷ ᠲᠠᠢ ᠵᠠᠬ᠎ᠠ ᠵᠠᠯᠭᠠᠵᠤ ᠪᠠᠢᠵᠠᠢ᠃ ᠲᠠᠯ᠎ᠠ ᠶ᠋ᠢᠨ ᠪᠤᠶᠤ ᠢᠵᠠᠭᠤᠷᠲᠠᠨ ᠤ᠋ ᠮᠣᠩᠭᠣᠯᠴᠤᠳ ᠤ᠋ᠨ ᠳᠣᠲᠣᠷᠠᠬᠢ ᠤᠷᠢᠶᠠᠩᠬᠠᠢ ᠨᠠᠷ ᠬᠣᠢᠲᠤ ᠲᠠᠯ᠎ᠠ ᠪᠠᠷ ᠢ᠋ᠶ᠋ᠠᠨ ᠣᠢ ᠶ᠋ᠢᠨ ᠤᠷᠢᠶᠠᠩᠬᠠᠢ ᠲᠠᠢ ᠬᠠᠶᠠᠭ᠎ᠠ ᠨᠡᠢᠯᠡᠨ ᠬᠡᠨᠲᠡᠢ ᠶ᠋ᠢᠨ ᠠᠭᠤᠯᠠᠰ ᠢ᠋ᠶ᠋ᠠᠷ ᠨᠤᠲᠤᠭᠯᠠᠨ ᠰᠠᠭᠤᠵᠤ ᠪᠠᠢᠵᠠᠢ᠃
ᠶᠤᠸᠠᠨ ᠭᠦᠷᠦᠨ ᠮᠥᠬᠥᠭᠰᠡᠨ ᠡᠴᠡ ᠬᠣᠢᠰᠢ ᠤᠷᠢᠶᠠᠩᠬᠠᠢ ᠠᠢᠮᠠᠭ ᠠᠳᠠ ᠲᠡᠨᠳᠡ ᠦᠭᠡᠢ ᠲᠠᠷᠬᠠᠵᠤ᠂ ᠵᠠᠷᠢᠮ ᠨᠢ ᠳᠥᠷᠪᠡᠨ ᠣᠢᠷᠠᠳ ᠤ᠋ᠨ ᠳᠣᠲᠣᠷ᠎ᠠ ᠪᠠᠭᠲᠠᠵᠤ᠂ ᠵᠠᠷᠢᠮ ᠨᠢ ᠵᠡᠭᠦᠨ ᠮᠣᠩᠭᠣᠯ ᠤ᠋ᠨ ᠪᠦᠷᠢᠯᠳᠦᠬᠦᠨ ᠳ᠋ᠦ᠍ ᠣᠷᠣᠵᠤ᠂ ᠬᠣᠵᠢᠮ ᠨᠢ ᠲᠡᠳᠡ ᠬᠠᠯᠬ᠎ᠠ᠂ ᠥᠪᠥᠷ ᠮᠣᠩᠭᠣᠯ ᠤ᠋ᠨ ᠳᠤᠮᠳᠠ ᠰᠢᠩᠭᠡᠵᠡᠢ᠂ ᠳᠥᠷᠪᠡᠨ ᠣᠢᠷᠠᠳ ᠤ᠋ᠨ ᠳᠣᠲᠣᠷ᠎ᠠ ᠪᠠᠭᠲᠠᠭᠰᠠᠨ ᠤᠷᠢᠶᠠᠩᠬᠠᠢ ᠴᠣᠷᠣᠰ ᠪᠤᠶᠤ ᠥᠭᠡᠯᠡᠳ ᠠᠢᠮᠠᠭ ᠲᠠᠢ ᠶᠡᠬᠡᠳᠡ ᠣᠢᠷ᠎ᠠ ᠲᠦᠳᠡ ᠪᠠᠢᠭᠰᠠᠨ ᠲᠤᠯᠠ ᠲᠡᠳᠡᠨ ᠢ᠋ ᠬᠠᠮᠲᠤ ᠳ᠋ᠤ᠌ ᠨᠢ ᠥᠭᠡᠯᠡᠳ ᠤᠷᠢᠶᠠᠩᠬᠠᠢ ᠭᠡᠵᠦ ᠨᠡᠷᠡᠯᠡᠳᠡᠭ᠃
ᠡᠯ᠎ᠡ ᠤᠷᠢᠶᠠᠩᠬᠠᠢ ᠨᠠᠷ ᠪᠣᠯ 13 ᠳ᠋ᠤᠭᠠᠷ ᠵᠠᠭᠤᠨ ᠤ᠋ ᠡᠬᠢ ᠪᠡᠷ ᠴᠢᠩᠭᠢᠰ ᠬᠠᠭᠠᠨ ᠤ᠋ ᠠᠯᠲᠠᠨ ᠣᠲᠣᠭ ᠤ᠋ᠨ ᠨᠣᠶᠠᠨ ᠡᠯᠵᠢᠭᠡᠳᠡᠢ ᠳ᠋ᠦ᠍ ᠣᠴᠢᠭᠰᠠᠨ ᠤᠷᠢᠶᠠᠩᠬᠠᠢ ᠨᠠᠷ ᠮᠥᠨ ᠪᠣᠯᠤᠯᠲᠠᠢ ᠭᠡᠵᠦ ᠵᠠᠷᠢᠮ ᠰᠤᠳᠤᠯᠤᠭᠠᠴᠢᠳ ᠦᠵᠡᠵᠡᠢ᠂ ᠡᠯᠵᠢᠭᠡᠳᠡᠢ ᠨᠣᠶᠠᠨ ᠬᠢᠩᠭᠠᠨ ᠤ᠋ ᠨᠢᠷᠤᠭᠤ᠂ ᠶᠡᠬᠡ ᠴᠠᠭᠠᠨ ᠬᠡᠷᠡᠮ ᠦ᠋ᠨ ᠠᠷᠤ ᠪᠠᠷ ᠨᠤᠲᠤᠭᠯᠠᠵᠤ ᠪᠠᠢᠵᠠᠢ᠃
ᠮᠣᠩᠭᠣᠯ ᠤᠯᠤᠰ 14 ᠳ᠋ᠦ᠍ᠭᠡᠷ ᠵᠠᠭᠤᠨ ᠳ᠋ᠤ᠌ ᠬᠢᠲᠠᠳ ᠲᠠᠢ ᠳᠠᠢᠳᠤᠨ ᠠᠯᠳᠠᠭᠰᠠᠨ ᠨᠤᠲᠤᠭ ᠢ᠋ᠶ᠋ᠠᠨ ᠡᠷᠭᠢᠭᠦᠯᠦᠨ ᠠᠪᠤᠭᠰᠠᠨ ᠤ᠋ ᠳᠠᠷᠠᠭ᠎ᠠ ᠤᠷᠢᠶᠠᠩᠬᠠᠢ ᠲᠦᠮᠡᠨ ᠢ᠋ ᠰᠡᠷᠭᠦᠭᠡᠨ ᠪᠠᠢᠭᠤᠯᠵᠠᠢ
ᠤᠷᠢᠶᠠᠩᠬᠠᠢ ᠯᠢᠶᠣᠤᠨᠢᠩ᠂ ᠬᠡᠨᠲᠡᠢ ᠳ᠋ᠦ᠍ ᠬᠤᠪᠢᠶᠠᠭᠳᠠᠨ ᠰᠠᠭᠤᠵᠤ ᠪᠠᠢᠪᠠ᠂ ᠣᠳᠣ ᠶ᠋ᠢᠨ ᠬᠢᠲᠠᠳ ᠤ᠋ᠨ ᠯᠢᠶᠣᠤᠨᠢᠩ ᠮᠣᠵᠢ ᠳ᠋ᠤ᠌ ᠨᠤᠲᠤᠭᠯᠠᠵᠤ ᠪᠠᠢᠭᠰᠠᠨ ᠬᠠᠷᠢᠶᠠᠲᠤ ᠤᠷᠢᠶᠠᠩᠬᠠᠢᠴᠤᠳ ᠳᠣᠶᠣᠨ᠂ ᠲᠠᠢᠨᠢᠩ᠂ ᠫᠦ ᠢᠦᠢ ᠭᠡᠰᠡᠨ ᠭᠤᠷᠪᠠᠨ ᠬᠠᠷᠠᠭᠤᠯ ᠳ᠋ᠤ᠌ ᠬᠤᠪᠢᠶᠠᠭᠳᠠᠨ ᠬᠢᠲᠠᠳ ᠤ᠋ᠨ ᠬᠢᠯᠢ ᠬᠠᠮᠠᠭᠠᠯᠠᠭᠤᠯᠬᠤ ᠪᠣᠯᠤᠭᠰᠠᠨ ᠪᠠᠢᠨ᠎ᠠ᠃ ᠬᠡᠳᠦᠢᠪᠡᠷ ᠭᠤᠷᠪᠠᠨ ᠬᠠᠷᠠᠭᠤᠯ ᠤ᠋ᠨ ᠳᠣᠶᠣᠨ ᠬᠠᠷᠠᠭᠤᠯ ᠳ᠋ᠤ᠌ ᠤᠷᠢᠶᠠᠩᠬᠠᠢ ᠨᠠᠷ ᠰᠠᠭᠤᠵᠤ᠂ ᠨᠥᠭᠦᠭᠡ ᠬᠣᠶᠠᠷ ᠲᠤ᠌ ᠨᠢ ᠦᠵᠢᠶᠡᠳ᠂ ᠤᠩᠬᠢᠯᠢᠭ ᠤ᠋ᠳ ᠪᠠᠢᠭᠰᠠᠨ ᠪᠣᠯᠪᠠᠴᠤ ᠵᠠᠷᠢᠮ ᠪᠢᠴᠢᠭ ᠵᠣᠬᠢᠶᠠᠯ ᠳ᠋ᠤ᠌ ᠤᠷᠢᠶᠠᠩᠬᠠᠢ ᠶ᠋ᠢᠨ ᠭᠤᠷᠪᠠᠨ ᠬᠠᠷᠠᠭᠤᠯ᠂ ᠤᠷᠢᠶᠠᠩᠬᠠᠢ ᠶ᠋ᠢᠨ ᠭᠤᠷᠪᠠᠨ ᠬᠢᠵᠠᠭᠠᠷ ᠭᠡᠬᠦᠴᠢᠯᠡᠨ ᠲᠡᠮᠳᠡᠭᠯᠡᠭᠰᠡᠭᠡᠷ ᠢᠷᠡᠵᠡᠢ᠂
15 ᠳ᠋ᠤᠭᠠᠷ ᠵᠠᠭᠤᠨ ᠠ᠋ᠴᠠ ᠬᠢᠩᠭᠠᠨ ᠤ᠋ ᠨᠢᠷᠤᠭᠤ ᠪᠠᠷ ᠨᠤᠲᠤᠭᠯᠠᠭᠰᠠᠨ ᠤᠷᠢᠶᠠᠩᠬᠠᠢ ᠨᠠᠷ ᠢ᠋ ᠡᠷᠲᠡᠨ ᠦ᠌ ᠺᠤᠮᠤᠰᠢ ᠨᠠᠷ ᠤ᠋ᠨ ᠤᠳᠤᠮ ᠬᠣᠢᠴᠢᠰ ᠭᠡᠵᠦ ᠥᠭᠦᠯᠡᠭᠰᠡᠨ ᠪᠠᠢᠨ᠎ᠠ᠃
ᠤᠷᠢᠶᠠᠩᠬᠠᠢᠴᠤᠳ ᠳᠠᠶᠠᠩ ᠬᠠᠭᠠᠨ ᠤ᠋ ᠦᠶ᠎ᠡ ᠳ᠋ᠦ᠍ ᠪᠣᠰᠤᠯᠭ᠎ᠠ ᠭᠠᠷᠭᠠᠭᠰᠠᠨ ᠲᠤᠯᠠ ᠪᠠᠲᠤᠮᠥ᠋ᠩᠬᠡ ᠳᠠᠶᠠᠩ ᠬᠠᠭᠠᠨ ᠤᠷᠢᠶᠠᠩᠬᠠᠢ ᠲᠦᠮᠡᠨ ᠢ᠋ ᠪᠦᠷᠢᠮᠦᠰᠦᠨ ᠲᠠᠷᠬᠠᠭᠠᠵᠤ ᠬᠥᠮᠦᠨ ᠠᠷᠠᠳ ᠢ᠋ ᠨᠢ ᠪᠤᠰᠤᠳ ᠲᠦᠮᠡᠨ ᠳ᠋ᠦ᠍ ᠬᠡᠰᠡᠭ ᠬᠡᠰᠡᠭ ᠢ᠋ᠶ᠋ᠡᠷ ᠨᠢ ᠲᠠᠷᠬᠠᠭᠠᠵᠠᠢ᠃ ᠤᠷᠢᠶᠠᠩᠬᠠᠢ ᠶ᠋ᠢᠨ ᠪᠤᠰᠤᠳ ᠬᠡᠰᠡᠭ ᠨᠢ ᠬᠡᠨᠲᠡᠢ ᠶ᠋ᠢᠨ ᠨᠢᠷᠤᠭᠤᠨ ᠳ᠋ᠤ᠌ ᠪᠠᠢᠭᠰᠠᠨ ᠪᠠ ᠲᠡᠳᠡ 16 ᠳ᠋ᠤᠭᠠᠷ ᠵᠠᠭᠤᠨ ᠤ᠋ ᠡᠬᠢ ᠪᠡᠷ ᠬᠠᠩᠭᠠᠢ ᠶ᠋ᠢᠨ ᠨᠢᠷᠤᠭᠤ ᠤᠷᠤᠭᠤ ᠨᠡᠭᠦᠨ ᠣᠴᠢᠭᠰᠠᠨ ᠴᠤ᠌ ᠤᠳᠠᠯ ᠦᠭᠡᠢ ᠴᠢᠨᠠᠭᠰᠢᠯᠠᠨ ᠠᠯᠲᠠᠢ ᠶ᠋ᠢᠨ ᠨᠢᠷᠤᠭᠤᠨ ᠳ᠋ᠤ᠌ ᠣᠴᠢᠨ ᠣᠳᠣ ᠶ᠋ᠢᠨ ᠠᠯᠲᠠᠢ ᠶ᠋ᠢᠨ ᠤᠷᠢᠶᠠᠩᠬᠠᠢ ᠪᠣᠯᠵᠠᠢ᠂ ᠬᠠᠷᠢᠨ ᠬᠥᠪᠰᠥᠭᠥᠯ ᠦ᠋ᠨ ᠠᠭᠤᠯᠠᠰ ᠤᠷᠤᠭᠤ ᠨᠡᠭᠦᠭᠰᠡᠨ ᠬᠡᠰᠡᠭ ᠨᠢ ᠬᠥᠪᠰᠥᠭᠥᠯ ᠦ᠋ᠨ ᠤᠷᠢᠶᠠᠩᠬᠠᠢ ᠪᠣᠯᠤᠭᠰᠠᠨ ᠪᠠᠢᠨ᠎ᠠ᠂ ᠠᠯᠲᠠᠢ ᠶ᠋ᠢᠨ ᠤᠷᠢᠶᠠᠩᠬᠠᠢ ᠶ᠋ᠢᠨ ᠵᠠᠷᠢᠮ ᠨᠢ ᠣᠢᠷᠠᠳ ᠮᠣᠩᠭᠣᠯᠴᠤᠳ ᠲᠠᠢ ᠬᠠᠮᠲᠤ ᠢᠯ᠂ ᠲᠠᠷᠪᠠᠭᠠᠲᠠᠢ ᠶ᠋ᠢᠨ ᠨᠢᠷᠤᠭᠤ ᠤᠷᠤᠭᠤ ᠨᠡᠭᠦᠭᠰᠡᠨ ᠪᠠᠢᠨ᠎ᠠ᠂ ᠵᠡᠭᠦᠭᠠᠷ ᠤ᠋ᠨ ᠬᠠᠭᠠᠨᠲᠤ ᠤᠯᠤᠰ ᠤ᠋ᠨ ᠦᠶ᠎ᠡ ᠳ᠋ᠦ᠍ ᠭᠠᠯᠳᠠᠨ ᠪᠣᠰᠤᠭᠲᠤ ᠬᠠᠭᠠᠨ ᠤ᠋ ᠤᠳᠤᠷᠢᠳᠤᠯᠭᠠᠨ ᠳᠣᠣᠷ᠎ᠠ ᠲᠡᠢᠨ ᠲᠤᠯᠤᠯᠳᠤᠭᠠᠨ ᠳ᠋ᠤ᠌ ᠣᠷᠣᠯᠴᠠᠵᠤ ᠶᠠᠪᠤᠵᠠᠢ᠃
ᠤᠷᠢᠶᠠᠩᠬᠠᠢ ᠠᠢᠮᠠᠭ ᠨᠢ ᠡᠨᠡ ᠣᠯᠠᠨ ᠵᠢᠯ ᠦ᠋ᠨ ᠨᠡᠭᠦᠳᠡᠯ᠂ ᠰᠠᠭᠤᠳᠠᠯ ᠨᠤᠲᠤᠭᠰᠢᠨ ᠰᠠᠭᠤᠷᠢᠰᠢᠭᠰᠠᠨ ᠭᠠᠵᠠᠷ ᠤᠰᠤᠨ ᠤ᠋ ᠪᠠᠨ ᠨᠡᠷ᠎ᠡ ᠪᠡᠷ ᠬᠡᠨᠲᠡᠢ ᠶ᠋ᠢᠨ ᠤᠷᠢᠶᠠᠩᠬᠠᠢ᠂ ᠬᠥᠪᠰᠥᠭᠥᠯ ᠦ᠋ᠨ ᠤᠷᠢᠶᠠᠩᠬᠠᠢ᠂ ᠠᠯᠲᠠᠢ ᠶ᠋ᠢᠨ ᠤᠷᠢᠶᠠᠩᠬᠠᠢ ᠭᠡᠵᠦ ᠨᠡᠷᠡᠯᠡᠭᠳᠡᠨ ᠢᠷᠡᠵᠡᠢ᠂ ᠣᠳᠣ ᠪᠠᠷ ᠬᠡ᠎ᠲᠡᠢ ᠶ᠋ᠢᠨ ᠨᠢᠷᠤᠭᠤᠨ ᠳ᠋ᠤ᠌ ᠨᠤᠲᠤᠭᠯᠠᠵᠤ ᠪᠠᠢᠭᠰᠠᠨ ᠤᠷᠢᠶᠠᠩᠬᠠᠢᠴᠤᠳ ᠭᠣᠪᠢ ᠠᠯᠲᠠᠢ ᠠᠢᠮᠠᠭ ᠤ᠋ᠨ 5 — 6 ᠰᠤᠮᠤ ᠤ᠋ᠳ ᠢ᠋ᠶ᠋ᠠᠷ ᠳᠠᠷᠬᠠᠨ ᠨᠤᠲᠤᠭᠯᠠᠵᠤ᠂ ᠬᠠᠯᠬ᠎ᠠ ᠶᠠᠰᠤᠲᠠᠨ ᠤ᠋ ᠤᠷᠢᠶᠠᠩᠬᠠᠢ ᠣᠪᠣᠭ ᠭᠡᠵᠦ ᠨᠡᠷᠡᠯᠡᠭᠳᠡᠨ ᠠᠵᠤ ᠲᠥᠷᠥᠵᠦ ᠪᠠᠢᠨ᠎ᠠ ᠬᠠᠷᠢᠨ ᠬᠥᠪᠰᠥᠭᠥᠯ ᠦ᠋ᠨ ᠤᠷᠢᠶᠠᠩᠬᠠᠢᠴᠤᠳ ᠬᠥᠪᠰᠥᠭᠥᠯ ᠠᠢᠮᠠᠭ ᠤ᠋ᠨ ᠨᠤᠲᠤᠭ ᠢ᠋ᠶ᠋ᠠᠷ᠂ ᠠᠯᠲᠠᠢ ᠶ᠋ᠢᠨ ᠤᠷᠢᠶᠠᠩᠬᠠᠢᠴᠤᠳ ᠠᠯᠲᠠᠢ ᠶ᠋ᠢᠨ ᠨᠢᠷᠤᠭᠤ ᠳ᠋ᠠᠭᠠᠨ ᠨᠤᠲᠤᠭᠯᠠᠵᠤ ᠪᠠᠢᠨ᠎ᠠ᠃
ᠡᠳᠡᠭᠡᠷ ᠮᠣᠩᠭᠣᠯ ᠤ᠋ᠨ ᠤᠷᠢᠶᠠᠩᠬᠠᠢᠴᠤᠳ ᠠ᠋ᠴᠠ ᠭᠠᠳᠠᠨ᠎ᠠ᠂ ᠣᠷᠣᠰ ᠬᠣᠯᠪᠣᠭᠠᠨ ᠤ᠋ ᠤᠯᠤᠰ ᠤ᠋ᠨ ᠪᠦᠭᠦᠳᠡ ᠨᠠᠢᠷᠠᠮᠳᠠᠬᠤ ᠳᠤᠸᠠ ᠤᠯᠤᠰ ᠲᠤ᠌ ᠪᠣᠢ᠂ ᠲᠤᠸᠠᠴᠤᠳ ᠢ᠋ ᠮᠥᠨ ᠳᠠᠩᠨᠤ ᠶ᠋ᠢᠨ ᠤᠷᠢᠶᠠᠩᠬᠠᠢ ᠭᠡᠵᠦ ᠨᠡᠷᠡᠯᠡᠵᠦ ᠢᠷᠡᠭᠰᠡᠨ ᠪᠠᠢᠨ᠎ᠠ᠂ ᠡᠳᠡᠭᠡᠷ ᠨᠢ ᠲᠦᠷᠢᠭ ᠬᠡᠯᠡ᠂ ᠰᠣᠶᠣᠯ ᠲᠠᠢ ᠤᠭᠰᠠᠭᠠᠲᠠᠨ ᠪᠥᠭᠡᠳ 14 —15 ᠳ᠋ᠤᠭᠠᠷ ᠵᠠᠭᠤᠨ ᠤ᠋ ᠦᠶ᠎ᠡ ᠳ᠋ᠦ᠍ ᠤᠷᠢᠶᠠᠩᠬᠠᠢᠴᠤᠳ ᠬᠥᠪᠰᠥᠭᠥᠯ ᠨᠠᠭᠤᠷ ᠤ᠋ᠨ ᠨᠤᠲᠤᠭ ᠤᠷᠤᠭᠤ ᠨᠡᠭᠦᠵᠦ ᠨᠤᠲᠤᠭᠯᠠᠭᠰᠠᠨ ᠦᠶ᠎ᠡ ᠡᠴᠡ ᠡᠬᠢᠯᠡᠨ ᠬᠥᠪᠰᠥᠭᠥᠯ ᠲᠡᠢ ᠵᠡᠷᠭᠡᠯᠡᠳᠡᠭᠡ ᠣᠷᠣᠰᠢᠬᠤ ᠳᠠᠩᠨᠤ ᠶ᠋ᠢᠨ ᠨᠢᠷᠤᠭᠤᠨ ᠤ᠋ ᠳᠤᠸᠠ ᠢᠷᠭᠡᠳ ᠤᠷᠢᠶᠠᠩᠬᠠᠢ ᠶ᠋ᠢᠨ ᠨᠡᠷ᠎ᠡ ᠶ᠋ᠢ ᠠᠪᠴᠤ ᠳᠠᠩᠨᠤ ᠶ᠋ᠢᠨ ᠤᠷᠢᠶᠠᠩᠬᠠᠢ ᠭᠡᠵᠦ ᠨᠡᠷᠡᠯᠡᠭᠳᠡᠬᠦ ᠪᠣᠯᠤᠭᠰᠠᠨ ᠶᠤᠮ᠂ ᠲᠡᠳᠡᠨ ᠦ᠌ ᠤᠤᠭᠠᠯ ᠨᠡᠷ᠎ᠡ ᠨᠢ ᠳᠤᠸᠠ ᠪᠣᠯᠤᠨ᠎ᠠ᠃
ᠣᠳᠣ ᠤᠷᠢᠶᠠᠩᠬᠠᠢ ᠶ᠋ᠢ ᠮᠣᠩᠭᠣᠯ ᠤᠷᠢᠶᠠᠩᠬᠠᠢ (ᠠᠯᠲᠠᠢ ᠶ᠋ᠢᠨ ᠤᠷᠢᠶᠠᠩᠬᠠᠢ᠂ ᠬᠥᠪᠰᠥᠭᠥᠯ ᠦ᠋ᠨ ᠤᠷᠢᠶᠠᠩᠬᠠᠢ)᠂ ᠳᠠᠩᠨᠤ ᠤᠷᠢᠶᠠᠩᠬᠠᠢ ᠭᠡᠰᠡᠨ ᠬᠣᠶᠠᠷ ᠦᠨᠳᠦᠰᠦᠨ ᠪᠦᠯᠦᠭ ᠲᠦ᠍ ᠬᠤᠪᠢᠶᠠᠳᠠᠭ᠂ ᠠᠯᠲᠠᠢ ᠶ᠋ᠢᠨ ᠤᠷᠢᠶᠠᠩᠬᠠᠢ᠂ ᠬᠥᠪᠰᠥᠭᠥᠯ ᠦ᠋ᠨ ᠤᠷᠢᠶᠠᠩᠬᠠᠢ ᠨᠢ ᠬᠡᠯᠡ ᠠᠶᠠᠯᠭᠤ ᠪᠠᠷ ᠢ᠋ᠶ᠋ᠠᠨ ᠢᠯᠭᠠᠷᠠᠳᠠᠭ ᠪᠣᠯ ᠪᠤᠷᠬᠠᠨ ᠬᠠᠯᠳᠤᠨ ᠳ᠋ᠤ᠌ ᠦᠯᠡᠳᠡᠭᠰᠡᠨ ᠴᠥᠭᠡᠨ ᠤᠷᠢᠶᠠᠩᠬᠠᠢᠴᠤᠣᠳ ᠬᠡᠯᠡ᠂ ᠰᠣᠶᠣᠯ ᠢ᠋ᠶ᠋ᠠᠷ ᠬᠠᠯᠬ᠎ᠠ ᠠ᠋ᠴᠠ ᠢᠯᠭᠠᠭᠳᠠᠳᠠᠭ ᠦᠭᠡᠢ᠂ ᠬᠥᠪᠰᠥᠭᠥᠯ ᠦ᠋ᠨ ᠤᠷᠢᠶᠠᠩᠬᠠᠢ ᠶ᠋ᠢᠨ ᠠᠶᠠᠯᠭ᠎ᠠ ᠬᠠᠯᠬ᠎ᠠ ᠠᠯᠲᠠᠢ ᠶ᠋ᠢᠨ ᠤᠷᠢᠶᠠᠩᠬᠠᠢ ᠶ᠋ᠢᠨ ᠬᠢ ᠣᠢᠷᠠᠳ ᠠᠶᠠᠯᠭᠠᠨ ᠳ᠋ᠤ᠌ ᠣᠷᠣᠨ᠂ ᠠᠯᠲᠠᠢ ᠶ᠋ᠢᠨ ᠤᠷᠢᠶᠠᠩᠬᠠᠢ᠂ ᠬᠥᠪᠰᠥᠭᠥᠯ ᠤᠷᠢᠶᠠᠬᠠᠢᠴᠤᠳ ᠤ᠋ᠨ ᠣᠪᠣᠭ ᠤ᠋ᠳ ᠨᠢ ᠪᠦᠬᠦᠯᠢ ᠳ᠋ᠦ᠍ ᠪᠡᠨ ᠮᠣᠩᠭᠣᠯ ᠪᠠᠢᠳᠠᠭ᠃
ᠴᠢᠩᠭᠢᠰ ᠦ᠋ᠨ ᠵᠠᠩᠵᠤᠨ ᠵᠡᠯᠮ᠎ᠡ ᠶ᠋ᠢᠨ ᠨᠡᠷᠡᠲᠡᠢ ᠵᠠᠯᠮ᠎ᠠ ᠤᠷᠢᠶᠠᠩᠬᠠᠢ ᠣᠪᠣᠭ ᠮᠣᠩᠭᠣᠯ ᠳ᠋ᠤ᠌ ᠪᠠᠢᠭ᠎ᠠ ᠨᠢ ᠤᠷᠢᠶᠠᠩᠬᠠᠢᠴᠤᠳ ᠤ᠋ᠨ ᠲᠡᠦᠬᠡ ᠭᠠᠷᠤᠯ ᠢ᠋ ᠲᠣᠪ ᠲᠣᠳᠣᠷᠬᠠᠢ ᠢᠯᠡᠷᠬᠡᠢᠯᠡᠵᠦ ᠪᠣᠢ ᠬᠡᠷᠡᠭ ᠶᠤᠮ᠂ ᠥᠪᠥᠷ ᠮᠣᠩᠭᠣᠯ ᠤ᠋ᠨ ᠲᠦᠮᠡᠳ ᠵᠡᠭᠦᠨ ᠬᠣᠰᠢᠭᠤ᠂ ᠬᠠᠷᠠᠴᠢᠨ ᠬᠤᠰᠢᠭᠤᠨ ᠤ᠋ ᠵᠠᠬᠢᠷᠤᠭᠴᠢ ᠨᠣᠶᠠᠳ ᠨᠢ ᠵᠡᠯᠮ᠎ᠡ ᠤᠷᠢᠶᠠᠩᠬᠠᠢ ᠶ᠋ᠢᠨ ᠤᠭᠰᠠᠭ᠎ᠠ ᠪᠠᠢᠳᠠᠭ᠂ ᠣᠳᠣ ᠥᠪᠥᠷ ᠮᠣᠩᠭᠣᠯ ᠤ᠋ᠨ ᠰᠢᠯᠢ ᠶ᠋ᠢᠨ ᠭᠣᠣᠯ᠂ ᠤᠯᠠᠭᠠᠨᠬᠠᠳᠠ ᠬᠣᠲᠠ ᠶ᠋ᠢᠨ ᠬᠠᠷᠠᠴᠢᠨ ᠬᠣᠰᠢᠭᠤ᠂ ᠬᠢᠩᠭᠠᠨ ᠳᠠᠪᠠᠭ᠎ᠠ ᠶ᠋ᠢᠨ ᠡᠩᠭᠡᠷ᠂ ᠯᠢᠶᠣᠤᠨᠢᠩ ᠮᠣᠵᠢ ᠶ᠋ᠢᠨ ᠫᠦᠰᠢᠨ ᠦ᠌ ᠮᠣᠩᠭᠣᠯ ᠦᠨᠳᠦᠰᠦᠲᠡᠨ ᠦ᠌ ᠥᠪᠡᠷᠲᠡᠭᠡᠨ ᠵᠠᠰᠠᠬᠤ ᠬᠣᠰᠢᠭᠤ ᠪᠤᠶᠤ ᠮᠣᠩᠭᠣᠯᠵᠢᠨ ᠬᠣᠰᠢᠭᠤ ᠵᠡᠷᠭᠡ ᠭᠠᠵᠠᠷ ᠤ᠋ᠳ ᠲᠤ᠌ ᠵᠠᠯᠮ᠎ᠠ ᠶ᠋ᠢᠨ ᠤᠳᠤᠮᠲᠤ ᠤᠷᠢᠶᠠᠩᠬᠠᠢ ᠣᠪᠣᠭᠲᠠᠨ ᠨᠤᠭᠤᠳ ᠠᠮᠢᠳᠤᠷᠠᠳᠠᠭ ᠶᠤᠮ᠃
ᠦᠰᠦᠭ ᠠᠮᠢᠯᠠᠭᠤᠯᠤᠭᠴᠢ᠄ ᠤᠷᠢᠶᠠᠩᠬᠠᠢ ᠨᠠᠷᠠᠨᠮᠠᠨᠳᠠ 2025.7.16
