ᠮᠣᠩᠭᠣᠯ ᠬᠡᠯᠡ -ᠲᠠᠢᠵᠢ ᠬᠠᠨᠠᠭᠠᠷМонгол хэл-Тайж Ханагар
ᠮᠣᠩᠭᠣᠯ ᠬᠡᠯᠡ
ᠵᠣᠬᠢᠶᠠᠭᠴᠢ᠄ ᠲᠠᠢᠵᠢ ᠬᠠᠨᠠᠭᠠᠷ
ᠤᠶᠠᠩᠭᠠᠯᠠᠭᠴᠢ᠄ ᠲᠠᠢᠵᠢ ᠬᠠᠨᠠᠭᠠᠷ
ᠮᠣᠩᠭᠣᠯ ᠬᠡᠯᠡ ᠮᠢᠨᠢ᠂ ᠡᠪᠦᠭᠡᠳ ᠳᠡᠭᠡᠳᠦᠰ ᠦ᠋ᠨ ᠮᠢᠨᠢ ᠳᠠᠷᠬᠠᠨ ᠳᠠᠭᠤᠳᠠᠯᠭ᠎ᠠ
ᠮᠣᠷᠢᠨ ᠳᠡᠯ ᠳᠡᠭᠡᠷ᠎ᠡ ᠬᠦᠭᠡᠯᠡᠭᠳᠡᠭᠰᠡᠨ ᠮᠥᠩᠬᠡ ᠶ᠋ᠢᠨ ᠡᠬᠡᠰᠢᠭ
ᠮᠥᠩᠬᠡ ᠬᠥᠬᠡ ᠲᠩᠷᠢ ᠶ᠋ᠢᠨ ᠴᠡᠭᠡᠵᠢᠨ ᠡᠴᠡ ᠵᠠᠶᠠᠭᠠᠭᠰᠠᠨ ᠥᠯᠵᠡᠢᠲᠦ ᠲᠠᠮᠠᠭ᠎ᠠ
ᠬᠥᠷᠥᠰᠥ ᠳᠡᠯᠡᠬᠡᠢ ᠶ᠋ᠢᠨ ᠭᠦᠨ ᠳ᠋ᠦ᠍ ᠰᠢᠩᠭᠡᠭᠰᠡᠨ ᠰᠢᠵᠢᠷ ᠡᠷᠳᠡᠨᠢ
ᠡᠷᠲᠡᠨ ᠦ᠌ ᠰᠤᠳᠤᠷ ᠪᠦᠬᠦᠨ ᠡᠴᠡ ᠬᠡᠷᠡᠯᠳᠦᠬᠦ ᠨᠠᠨᠳᠢᠨ ᠪᠡᠯᠡᠭ
ᠡᠵᠡᠨ ᠪᠣᠭᠳᠠ ᠶ᠋ᠢᠨ ᠠᠢᠯᠠᠳᠪᠤᠷᠢ ᠰᠢᠭ᠋ ᠰᠦᠷ ᠬᠦᠴᠦ ᠲᠡᠢ ᠪᠠᠢᠳᠠᠭ
ᠡᠪᠦᠭᠡᠳ ᠦ᠋ᠨ ᠮᠢᠨᠢ ᠤᠬᠠᠭᠠᠨ ᠰᠢᠩᠭᠡᠭᠰᠡᠨ ᠠᠷᠢᠭᠤᠨ ᠪᠢᠰᠢᠷᠡᠯ
ᠥᠨᠢ ᠮᠥᠩᠬᠡ ᠶ᠋ᠢᠨ ᠭᠠᠯ ᠮᠡᠲᠦ ᠪᠥᠬᠥᠰᠢ ᠦᠭᠡᠢ ᠪᠠᠢᠳᠠᠭ
ᠬᠡᠯᠡ ᠮᠢᠨᠢ ᠵᠠᠮᠬᠠᠷᠠᠪᠠᠯ ᠲᠡᠦᠬᠡ ᠮᠢᠨᠢ ᠪᠠᠯᠠᠷᠠᠨ᠎ᠠ
ᠬᠡᠯᠡ ᠮᠢᠨᠢ ᠰᠥᠨᠥᠪᠡᠯ ᠰᠦᠯᠳᠡ ᠮᠢᠨᠢ ᠨᠤᠷᠠᠨ᠎ᠠ
ᠤᠶᠠᠬᠠᠨ ᠠᠶᠠᠯᠭᠤ ᠨᠢ ᠲᠡᠰᠦᠷᠡᠪᠡᠯ ᠰᠡᠳᠬᠢᠯ ᠮᠢᠨᠢ ᠬᠠᠭᠠᠴᠠᠨ᠎ᠠ
ᠤᠷᠤᠭ ᠲᠥᠷᠥᠯ ᠢ᠋ᠶ᠋ᠡᠨ ᠤᠮᠠᠷᠲᠠᠪᠠᠯ ᠦᠨᠳᠦᠰᠦ ᠮᠢᠨᠢ ᠬᠠᠳᠠᠨ᠎ᠠ
ᠮᠣᠩᠭᠣᠯ ᠬᠥᠮᠦᠨ ᠡᠬᠡ ᠬᠡᠯᠡ ᠪᠡᠨ ᠭᠡᠭᠡᠭᠡ ᠦᠭᠡᠢ ᠴᠠᠭ ᠲᠤ᠌
ᠮᠣᠷᠢᠳ ᠤ᠋ᠨ ᠲᠦᠪᠡᠷᠭᠡᠨ ᠲᠠᠰᠤᠷᠠᠬᠤ ᠦᠭᠡᠢ ᠶ᠋ᠢᠨ ᠤᠴᠢᠷ
ᠮᠣᠩᠭᠣᠯ ᠬᠥᠮᠦᠨ ᠦᠰᠦᠭ ᠢ᠋ᠶ᠋ᠡᠨ ᠮᠠᠷᠲᠠᠯ ᠦᠭᠡᠢ ᠶᠠᠪᠤᠬᠤ ᠳ᠋ᠤ᠌
ᠮᠥᠩᠬᠡ ᠲᠩᠷᠢ ᠶ᠋ᠢᠨ ᠢᠪᠡᠭᠡᠯ ᠦᠯᠦ ᠬᠣᠯᠠᠳᠠᠬᠤ ᠶ᠋ᠢᠨ ᠤᠴᠢᠷ
ᠬᠡᠯᠡ ᠮᠢᠨᠢ ᠪᠣᠯ ᠴᠢᠰᠤ ᠮᠢᠨᠢ᠂ ᠵᠢᠷᠦᠬᠡᠨ ᠦ᠌ ᠮᠢᠨᠢ ᠯᠤᠭᠰᠢᠯᠲᠠ ᠮᠢᠨᠢ
ᠬᠡᠯᠡ ᠮᠢᠨᠢ ᠪᠣᠯ ᠭᠠᠯ ᠮᠢᠨᠢ᠂ ᠭᠣᠯᠣᠮᠲᠠ ᠶ᠋ᠢᠨ ᠮᠢᠨᠢ ᠪᠠᠳᠠᠷᠠᠯ ᠮᠢᠨᠢ
ᠦᠭᠡ ᠪᠦᠬᠦᠨ ᠨᠢ ᠰᠠᠯᠬᠢᠨ ᠢ᠋ᠶ᠋ᠠᠷ ᠠᠮᠢᠯᠠᠭᠰᠠᠨ ᠳᠣᠮᠣᠭ
ᠦᠰᠦᠭ ᠪᠦᠬᠦᠨ ᠨᠢ ᠤᠳᠤᠮ ᠢ᠋ᠶ᠋ᠠᠷ ᠳᠠᠮᠵᠢᠭᠰᠠᠨ ᠲᠡᠦᠬᠡ
ᠲᠩᠷᠢ ᠶ᠋ᠢᠨ ᠬᠠᠶᠠᠭᠠᠨ ᠠ᠋ᠴᠠ ᠰᠠᠴᠤᠷᠠᠬᠤ ᠲᠤᠶᠠᠭ᠎ᠠ ᠨᠢ
ᠲᠡᠩᠬᠡᠭᠡᠲᠦ ᠬᠡᠯᠡ ᠶ᠋ᠢᠨ ᠮᠢᠨᠢ ᠮᠥᠩᠬᠡ ᠶ᠋ᠢᠨ ᠭᠡᠭᠡ ᠪᠣᠯᠳᠠᠭ
ᠡᠴᠢᠭᠡ ᠡᠪᠦᠭᠡᠳ ᠦ᠋ᠨ ᠮᠢᠨᠢ ᠴᠢᠩᠳᠠᠯᠠᠭᠰᠠᠨ ᠵᠠᠬᠢᠶ᠎ᠠ
ᠡᠬᠡ ᠨᠤᠲᠤᠭ ᠤ᠋ᠨ ᠮᠢᠨᠢ ᠡᠩᠭᠡᠷ ᠲᠦ᠍ ᠰᠢᠩᠭᠡᠭᠰᠡᠨ ᠱᠠᠰᠲᠢᠷ ᠪᠣᠯᠳᠠᠭ
ᠠᠭᠤᠯᠠᠰ ᠤ᠋ᠨ ᠣᠷᠭᠢᠯ ᠳ᠋ᠤ᠌ ᠵᠠᠯᠠᠷᠠᠭᠰᠠᠨ ᠰᠦᠷ ᠬᠦᠴᠦ ᠨᠢ
ᠤᠬᠠᠭᠠᠨᠲᠤ ᠡᠪᠦᠭᠡᠳ ᠦ᠋ᠨ ᠮᠢᠨᠢ ᠦᠭᠡ ᠲᠡᠢ ᠬᠠᠮᠲᠤ ᠬᠠᠳᠠᠭᠳᠠᠨᠠ
ᠲᠠᠯ᠎ᠠ ᠶ᠋ᠢᠨ ᠵᠢᠪᠠᠷ ᠢᠰᠬᠡᠷᠦᠭᠰᠡᠨ ᠴᠦ᠍ ᠬᠣᠭᠣᠰᠣᠷᠠᠬᠤ ᠦᠭᠡᠢ
ᠲᠠᠬᠢᠯ ᠤ᠋ᠨ ᠭᠠᠯ ᠪᠥᠬᠥᠭᠰᠡᠨ ᠴᠦ᠍ ᠮᠥᠬᠥᠬᠦ ᠦᠭᠡᠢ
ᠬᠡᠯᠡ ᠪᠡᠨ ᠭᠡᠭᠡᠭᠰᠡᠨ ᠭᠡᠪᠡᠯ ᠭᠠᠵᠠᠷ ᠨᠤᠲᠤᠭ ᠢ᠋ᠶ᠋ᠠᠨ ᠴᠤ᠌ ᠮᠠᠷᠲᠠᠨ᠎ᠠ
ᠬᠡᠨ ᠪᠣᠯᠬᠤ ᠪᠠᠨ ᠦᠯᠦ ᠮᠡᠳᠡᠪᠡᠯ ᠬᠠᠷᠢ ᠶ᠋ᠢᠨ ᠲᠣᠭᠣᠰᠣᠨ ᠳ᠋ᠤ᠌ ᠳᠠᠷᠤᠭᠳᠠᠨ᠎ᠠ
ᠦᠭᠡ ᠨᠢ ᠠᠯᠳᠠᠷᠠᠬᠤ ᠪᠠᠷ ᠰᠡᠳᠬᠢᠯ ᠨᠢ ᠬᠣᠭᠣᠰᠣᠷᠠᠵᠤ
ᠦᠨᠳᠦᠰᠦ ᠨᠢ ᠲᠠᠰᠤᠷᠠᠬᠤ ᠪᠠᠷ ᠦᠷ᠎ᠡ ᠨᠢ ᠴᠦ᠍ ᠵᠠᠮᠬᠠᠷᠠᠨ᠎ᠠ
ᠮᠣᠩᠭᠣᠯ ᠬᠡᠯᠡ ᠮᠢᠨᠢ ᠡᠭᠦᠷᠢᠳᠡ ᠮᠥᠩᠬᠡ ᠣᠷᠣᠰᠢᠬᠤ ᠪᠣᠯᠲᠤᠭᠠᠢ
ᠮᠣᠩᠭᠣᠯ ᠰᠡᠳᠬᠢᠯ ᠮᠢᠨᠢ ᠴᠠᠭᠯᠠᠰᠢ ᠦᠭᠡᠢ ᠪᠠᠳᠠᠷᠠᠬᠤ ᠪᠣᠯᠲᠤᠭᠠᠢ
ᠦᠰᠦᠭ ᠠᠮᠢᠯᠠᠭᠤᠯᠤᠭᠴᠢ᠄ ᠰᠣᠳᠣ
ᠦᠰᠦᠭ ᠬᠠᠲᠠᠭᠴᠢ᠄ ᠰᠣᠳᠣ
ᠬᠢᠨᠠᠭᠴᠢ᠄ ᠰᠣᠳᠣ
