ᠡᠷᠳᠡᠮᠲᠡᠨ ᠂  ᠪ ᠂ ᠷᠢᠨᠴᠢᠨ ᠬᠠᠹᠣᠩᠭ᠎ᠠ ᠶ᠋ᠢᠨ ᠡᠮᠦᠨ᠎ᠡ ᠰᠤᠨᠵᠤ ᠮᠥᠷᠭᠥᠭᠰᠡᠨ ᠦ᠌ ᠤᠴᠢᠷ -ᠨᠠᠮᠬᠠᠢЭрдэмтэн , Б ᠂ Ренчин Хфонгийн өмнө сунаж мөргөсний очир -Намхай ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠷᠳᠡᠮᠲᠡᠨ ᠂  ᠪ ᠂ ᠷᠢᠨᠴᠢᠨ ᠬᠠᠹᠣᠩᠭ᠎ᠠ ᠶ᠋ᠢᠨ ᠡᠮᠦᠨ᠎ᠡ ᠰᠤᠨᠵᠤ ᠮᠥᠷᠭᠥᠭᠰᠡᠨ ᠦ᠌ ᠤᠴᠢᠷ -ᠨᠠᠮᠬᠠᠢЭрдэмтэн , Б ᠂ Ренчин Хфонгийн өмнө сунаж мөргөсний очир -Намхай

ᠡᠷᠳᠡᠮᠲᠡᠨ ᠂  ᠪ ᠂ ᠷᠢᠨᠴᠢᠨ ᠬᠠᠹᠣᠩᠭ᠎ᠠ ᠶ᠋ᠢᠨ ᠡᠮᠦᠨ᠎ᠡ ᠰᠤᠨᠵᠤ ᠮᠥᠷᠭᠥᠭᠰᠡᠨ ᠦ᠌ ᠤᠴᠢᠷ -ᠨᠠᠮᠬᠠᠢЭрдэмтэн , Б ᠂ Ренчин Хфонгийн өмнө сунаж мөргөсний очир -Намхай

2025-07-22

1079

       ᠵᠣᠬᠢᠶᠠᠭᠴᠢ ᠄ ᠨᠠᠮᠬᠠᠢ 
    ᠳ᠋ᠣᠺᠲ᠋ᠣᠷ ᠪᠢᠮᠪᠠ ᠶ᠋ᠢᠨ ᠷᠢᠨᠴᠢᠨ ᠪᠣᠯ ᠪᠢᠳᠡ ᠪᠦᠬᠦᠨ ᠦ᠌ ᠰᠠᠢᠨ ᠮᠡᠳᠡᠳᠡᠭ ᠮᠣᠩᠭᠣᠯ ᠦᠭᠡ ᠬᠡᠯᠡ ᠦᠰᠦᠭ ᠪᠢᠴᠢᠭ ᠢ᠋ᠶ᠋ᠡᠨ ᠤᠯᠠᠮᠵᠢᠯᠠᠨ ᠬᠠᠮᠠᠭᠠᠯᠠᠬᠤ ᠶ᠋ᠢᠨ ᠲᠥᠯᠥᠭᠡ ᠨᠠᠰᠤᠨ ᠲᠤᠷᠰᠢ ᠵᠢᠷᠦᠬᠡᠨ ᠲᠠᠮᠢᠷ  ᠢ᠋ᠶ᠋ᠠᠨ ᠰᠢᠪᠬᠠᠨ ᠵᠢᠳᠬᠦᠵᠦ ᠶᠠᠪᠤᠭᠰᠠᠨ ᠶᠡᠬᠡ ᠡᠷᠳᠡᠮᠲᠡᠨ ᠪᠣᠯᠤᠨ᠎ᠠ ᠃ ᠲᠡᠷᠡ ᠬᠥᠮᠦᠨ ᠡᠴᠡ ᠬᠡᠲᠦᠢᠳᠦᠭᠰᠡᠨ ᠪᠢᠯᠢᠭ ᠤᠬᠠᠭᠠᠨ ᠢ᠋ᠶ᠋ᠠᠷ ᠤᠢᠭᠤᠷᠵᠢᠨ ᠮᠣᠩᠭᠣᠯ ᠦᠰᠦᠭ ᠢ᠋ ᠺᠢᠷᠢᠯ ᠦᠰᠦᠭ ᠢ᠋ᠶ᠋ᠡᠷ ᠰᠣᠯᠢᠬᠤ ᠶᠠᠪᠤᠳᠠᠯ ᠢ᠋ ᠬᠦᠴᠦ ᠮᠡᠳᠡᠨ ᠬᠣᠷᠢᠭᠯᠠᠨ ᠡᠰᠡᠷᠭᠦᠴᠡᠵᠦ ᠪᠠᠢᠵᠠᠢ ᠃ 
ᠳᠣᠷᠣᠨᠠᠳᠠᠬᠢᠨ ᠤ᠋ ᠯᠠᠲ᠋ᠢᠨᠴᠢᠯᠠᠬᠤ ᠪᠣᠯ ᠠᠭᠤᠤ ᠶᠡᠬᠡ ᠬᠤᠪᠢᠰᠬᠠᠯ ᠶᠤᠮ ᠭᠡᠰᠡᠨ ᠨᠢ ᠯᠧᠨᠢᠨ ᠦ᠌ ᠠᠢᠯᠠᠳᠬᠠᠯ ᠤ᠋ᠨ ᠬᠦᠷᠢᠶᠡᠨ ᠳ᠋ᠦ᠍ ᠳᠤᠮᠳᠠᠳᠤ ᠤᠯᠤᠰ ᠤ᠋ᠨ ᠲᠥᠪ ᠦ᠋ᠨ ᠦᠨᠳᠦᠰᠦᠲᠡᠨ ᠦ᠌ ᠬᠡᠪᠯᠡᠯ ᠦ᠋ᠨ ᠭᠠᠵᠠᠷ ᠠᠵᠢᠯᠯᠠᠵᠤ ᠪᠠᠢᠭᠰᠠᠨ ᠤᠤᠯ ᠤ᠋ᠨ ᠵᠥᠪᠯᠡᠯᠲᠦ ᠬᠣᠯᠪᠣᠭᠠᠲᠤ ᠤᠯᠤᠰ ᠤ᠋ᠨ ᠬᠡᠯᠡ ᠪᠢᠴᠢᠭ ᠦ᠋ᠨ ᠳ᠋ᠣᠺᠲ᠋ᠣᠷ ᠽᠸᠷᠴᠸᠰᠢᠨᠭᠦ ᠪᠣᠯᠤᠨ ᠳᠣᠲᠣᠣᠶᠠᠸ ᠨᠠᠷ ᠬᠠᠭᠤᠴᠢᠨ ᠮᠣᠩᠭᠣᠯ ᠦᠰᠦᠭ ᠢ᠋ ᠺᠢᠷᠢᠯ ᠦᠰᠦᠭ ᠢ᠋ᠶ᠋ᠡᠷ ᠰᠣᠯᠢᠬᠤ ᠠᠵᠢᠯ ᠢ᠋ ᠱᠠᠯᠠᠪᠳᠠᠬᠤ ᠵᠣᠷᠢᠯᠭ᠎ᠠ ᠪᠠᠷ ᠳᠡᠭᠡᠷ᠎ᠡ ᠵᠠᠭᠤᠨ ᠤ᠋ ᠲᠠᠪᠢᠭᠠᠳ ᠣᠨ ᠤ᠋ ᠳᠤᠮᠳᠠᠴᠢ ᠪᠠᠷ ᠪᠡᠭᠡᠵᠢᠩ ᠡᠴᠡ ᠥᠪᠥᠷ ᠮᠣᠩᠭᠣᠯ ᠳ᠋ᠤ᠌ ᠤᠳᠠᠭ᠎ᠠ ᠳᠠᠷᠠᠭ᠎ᠠ ᠪᠠᠷ ᠢᠷᠡᠵᠦ ᠪᠠᠢᠭᠰᠠᠨ ᠪᠢᠯᠡ ᠃ 
ᠡᠨᠡ ᠲᠤᠬᠠᠢ ᠲᠡᠷᠡ ᠦᠶ᠎ᠡ  ᠳ᠋ᠦ᠍ ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠣᠷᠢᠶᠠᠨ ᠳ᠋ᠤ᠌ ᠰᠤᠷᠬᠤ ᠪᠢᠴᠢᠭ ᠦ᠋ᠨ ᠨᠠᠢᠷᠠᠭᠤᠯᠬᠤ ᠬᠡᠯᠲᠡᠰ ᠦ᠋ᠨ ᠡᠷᠬᠢᠯᠡᠭᠴᠢ ᠪᠠᠢᠭᠰᠠᠨ ᠡᠷᠳᠡᠮᠲᠡᠨ ᠷᠠᠰᠢᠳᠤᠩᠷᠤᠪ ᠭᠤᠸᠠᠢ ᠳᠤᠷᠠᠰᠤᠨ ᠶᠠᠷᠢᠬᠤ ᠳ᠋ᠠᠭᠠᠨ ᠄ 1929 ᠣᠨ ᠳ᠋ᠤ᠌ ᠬᠠᠯᠢᠮᠠᠭ ᠤ᠋ᠳ ᠮᠣᠩᠭᠣᠯᠴᠢ ᠡᠷᠳᠡᠮᠲᠡᠨ ᠠᠺᠠᠳᠧᠮᠢᠴᠢ ᠸᠠᠯᠳᠢᠮᠢᠷᠼᠤᠸ ᠢ᠋ ᠡᠯᠡᠰᠦᠲᠡᠢ ᠬᠣᠳᠠᠨ᠎ᠠ ᠤᠷᠢᠵᠤ ᠂ ᠴᠠᠭ ᠦᠶ᠎ᠡ ᠶ᠋ᠢᠨ ᠱᠠᠭᠠᠷᠳᠠᠯᠭ᠎ᠠ ᠳ᠋ᠤ᠌ ᠨᠡᠢᠴᠡᠭᠰᠡᠨ ᠰᠢᠨ᠎ᠡ ᠦᠰᠦᠭ ᠵᠣᠬᠢᠶᠠᠵᠤ ᠥᠭᠬᠦ ᠶ᠋ᠢ ᠬᠦᠰᠡᠵᠡᠢ ᠃ ᠡᠭᠦᠨ ᠦ᠌ ᠬᠠᠷᠢᠭᠤ ᠳ᠋ᠤ᠌ ᠸᠠᠯᠳᠢᠮᠢᠷᠼᠤᠸ ᠄《 ᠬᠢᠶᠠᠭᠲᠤ ᠶ᠋ᠢᠨ ᠵᠡᠭᠡᠯᠢ ᠳᠡᠭᠡᠷ᠎ᠡ ᠪᠠᠢᠭ᠎ᠠ ᠮᠣᠩᠭᠣᠯ ᠬᠥᠮᠦᠨ ᠂ ᠬᠦᠷᠢᠶᠡᠨ ᠦ᠌ ᠮᠣᠩᠭᠣᠯ ᠬᠥᠮᠦᠨ ᠂ ᠪᠡᠭᠡᠵᠢᠩ ᠦ᠋ᠨ ᠭᠤᠳᠤᠮᠵᠢᠨ ᠳ᠋ᠤ᠌ ᠭᠦᠶᠦᠵᠦ ᠶᠠᠪᠤᠭ᠎ᠠ ᠮᠣᠩᠭᠣᠯ ᠬᠥᠮᠦᠰ ᠪᠡᠶ᠎ᠡ ᠪᠡᠶ᠎ᠡ ᠲᠡᠢ ᠪᠡᠨ ᠰᠢᠭᠤᠳ ᠣᠢᠯᠭᠠᠯᠴᠠᠳᠠᠭ ᠭᠠᠢᠬᠠᠮᠰᠢᠭᠲᠠᠢ ᠪᠢᠴᠢᠭ ᠦᠰᠦᠭ ᠲᠡᠢ ᠠᠷᠠᠳ ᠲᠦᠮᠡᠨ ᠰᠢᠦ ᠳᠡ ᠂ ᠮᠣᠩᠭᠣᠯᠴᠤᠳ ! ᠪᠢ ᠲᠠᠨᠠᠷ ᠲᠤ᠌ ᠵᠣᠷᠢᠭᠤᠯᠤᠭᠰᠠᠨ ᠣᠨᠳᠣᠣ ᠪᠢᠴᠢᠭ ᠦᠰᠦᠭ ᠵᠣᠬᠢᠶᠠᠵᠤ ᠴᠢᠳᠠᠬᠤ ᠦᠭᠡᠢ 》 ᠭᠡᠵᠦ ᠬᠡᠯᠡᠭᠰᠡᠨ ᠨᠢ ᠲᠡᠮᠳᠡᠭᠯᠡᠭᠳᠡᠨ ᠦᠯᠡᠳᠡᠵᠡᠢ ᠃ ᠰᠢᠨ᠎ᠡ ᠦᠰᠦᠭ ᠲᠦ᠍ ᠰᠢᠯᠵᠢᠬᠦ ᠪᠡᠯᠡᠳᠬᠡᠯ ᠠᠵᠢᠯ ᠥᠪᠥᠷ ᠮᠣᠩᠭᠣᠯ ᠳ᠋ᠤ᠌ 1947 ᠣᠨ ᠠ᠋ᠴᠠ ᠡᠬᠢᠯᠡᠭᠰᠡᠨ ᠪᠥᠭᠡᠳ 1958 ᠣᠨ ᠤ᠋ ᠡᠪᠦᠯ ᠡᠴᠡ ᠪᠠᠭ᠎ᠠ ᠰᠤᠷᠭᠠᠭᠤᠯᠢ ᠂ ᠠᠩᠬ᠎ᠠ ᠳᠤᠮᠳᠠᠳᠤ ᠰᠤᠷᠭᠠᠭᠤᠯᠢ ᠂ ᠥᠨᠳᠥᠷ ᠳᠤᠮᠳᠠᠳᠤ ᠰᠤᠷᠭᠠᠭᠤᠯᠢ ᠨᠤᠭᠤᠳ ᠤ᠋ᠨ ᠨᠢᠭᠡᠳᠦᠭᠡᠷ ᠠᠩᠭᠢ ᠶ᠋ᠢᠨ ᠰᠤᠷᠤᠭᠴᠢᠳ ᠲᠤ᠌ ᠵᠣᠷᠢᠭᠤᠯᠤᠭᠰᠠᠨ ᠰᠢᠨ᠎ᠡ ᠦᠰᠦᠭ ᠦ᠋ᠨ ᠰᠤᠷᠬᠤ ᠪᠢᠴᠢᠭ ᠵᠣᠬᠢᠶᠠᠭᠳᠠᠭᠰᠠᠨ ᠪᠠᠢᠨ᠎ᠠ ᠃ ᠡᠨᠡ ᠦᠶᠡᠰ ᠢ᠋ᠶ᠋ᠡᠷ ᠼᠸᠷᠴᠸᠰᠢᠨᠬᠦ ᠂ ᠳᠣᠲᠣᠣᠶᠠᠸ ᠨᠠᠷ ᠥᠪᠥᠷ ᠮᠣᠩᠭᠣᠯ ᠳ᠋ᠤ᠌ ᠳᠠᠬᠢᠨ ᠳᠠᠬᠢᠨ ᠶᠠᠪᠤᠵᠤ ᠪᠠᠢᠬᠤ ᠶ᠋ᠢ ᠰᠣᠨᠣᠰᠤᠭᠠᠳ ᠪᠢᠯᠢᠭᠦᠨ ᠨᠣᠮᠴᠢ ᠶᠡᠬᠡ ᠡᠷᠳᠡᠮᠲᠡᠨ ᠦ᠌ ᠂ ᠷᠢᠨᠴᠢᠨ ᠭᠤᠸᠠᠢ 1956 ᠣᠨ ᠤ᠋ ᠡᠬᠢ  ᠪᠡᠷ ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶᠠᠨ ᠤ᠋ ᠳᠠᠷᠤᠭ᠎ᠠ ᠡᠷᠳᠡᠨᠢᠲᠣᠭᠲᠠᠬᠤ ᠂ ᠳᠡᠳ᠋ ᠶᠡᠷᠦᠩᠬᠡᠢ ᠨᠠᠢᠷᠠᠭᠤᠯᠤᠭᠴᠢ ᠰᠤᠤᠨᠠᠮᠵᠠᠮᠴᠤᠤ ᠬᠣᠶᠠᠷ ᠲᠤ᠌ ᠲᠤᠰᠬᠠᠢᠯᠠᠨ ᠵᠠᠬᠢᠳᠠᠯ ᠪᠢᠴᠢᠭᠰᠡᠨ ᠪᠠᠢᠨ᠎ᠠ ᠃ ᠲᠡᠷᠡ ᠬᠦ᠌ ᠵᠠᠬᠢᠳᠠᠯ ᠳ᠋ᠠᠭᠠᠨ ᠷᠢᠨᠴᠢᠨ ᠳ᠋ᠣᠺᠲ᠋ᠣᠷ ᠽᠸᠷᠴᠸᠰᠢᠨᠬᠦ ᠂ ᠳᠣᠲᠣᠣᠶᠠᠸ ᠨᠠᠷ ᠤ᠋ᠨ ᠢᠳᠬᠠᠯ ᠠᠷᠭ᠎ᠠ ᠳ᠋ᠤ᠌ ᠣᠷᠣᠯ ᠦᠭᠡᠢ ᠪᠡᠷ ᠮᠣᠩᠭᠣᠯᠴᠤᠳ ᠤ᠋ᠨ ᠰᠣᠶᠣᠯ ᠤ᠋ᠨ ᠳᠠᠪᠲᠠᠭᠳᠠᠰᠢ ᠦᠭᠡᠢ ᠥᠪ ᠪᠢᠴᠢᠭ ᠢ᠋ᠶ᠋ᠡᠨ ᠰᠣᠯᠢᠬᠤ ᠦᠭᠡᠢ ᠪᠠᠢᠬᠤ ᠪᠦᠬᠦ ᠲᠠᠯ᠎ᠠ ᠶ᠋ᠢᠨ ᠠᠷᠭ᠎ᠠ ᠰᠦᠪᠡᠭᠴᠢᠯᠡᠬᠦ ᠶ᠋ᠢ ᠬᠢᠴᠢᠶᠡᠩᠭᠦᠢᠯᠡᠨ ᠭᠤᠶᠤᠭᠰᠠᠨ ᠪᠠᠢᠵᠠᠢ ᠃ 
1957 ᠣᠨ ᠳ᠋ᠤ᠌ ᠷᠢᠨᠴᠢᠨ ᠳ᠋ᠣᠺᠲ᠋ᠣᠷ ᠬᠥᠬᠡᠬᠣᠲᠠ ᠳ᠋ᠤ᠌ ᠬᠦᠷᠴᠦ ᠂ ᠥᠪᠥᠷ ᠮᠣᠩᠭᠣᠯ ᠤ᠋ᠨ ᠪᠠᠭᠰᠢ ᠶ᠋ᠢᠨ ᠶᠡᠬᠡ ᠰᠤᠷᠭᠠᠭᠤᠯᠢ ᠂ ᠰᠢᠨᠡᠬᠡᠨ ᠪᠠᠢᠭᠤᠯᠤᠭᠳᠠᠭᠰᠠᠨ ᠥᠪᠥᠷ ᠮᠣᠩᠭᠣᠯ ᠤ᠋ᠨ ᠶᠡᠬᠡ ᠰᠤᠷᠭᠠᠭᠤᠯᠢ ᠶ᠋ᠢᠨ ᠪᠠᠭᠰᠢ ᠰᠤᠷᠤᠭᠴᠢᠳ ᠲᠤ᠌ ᠮᠣᠩᠭᠣᠯ ᠤ᠋ᠨ ᠰᠣᠶᠣᠯ ᠤ᠋ᠨ ᠲᠠᠯ᠎ᠠ ᠪᠠᠷ ᠯᠧᠺᠼᠢ ᠤᠩᠰᠢᠭᠰᠠᠨ ᠪᠥᠭᠡᠳ ᠥᠪᠡᠷᠲᠡᠭᠡᠨ ᠵᠠᠰᠠᠬᠤ ᠣᠷᠣᠨ ᠤ᠋ ᠳᠡᠳ᠋ ᠲᠡᠷᠢᠭᠦᠯᠡᠭᠴᠢ ᠬᠠᠪᠤᠩᠭ᠎ᠠ ᠳ᠋ᠤ᠌ ᠪᠠᠷᠠᠭᠠᠯᠠᠵᠤ ᠮᠣᠩᠭᠣᠯ ᠪᠢᠴᠢᠭ ᠢ᠋ᠶ᠋ᠡᠨ ᠬᠠᠮᠠᠭᠠᠯᠠᠵᠤ ᠦᠯᠡᠳᠡᠭᠡᠬᠦ ᠶ᠋ᠢ ᠶᠡᠬᠡ ᠯᠡ ᠵᠠᠬᠢᠵᠤ ᠬᠦᠰᠡᠮᠵᠢᠯᠡᠭᠰᠡᠨ ᠦ᠌ ᠬᠠᠷᠢᠭᠤ ᠳ᠋ᠤ᠌ ᠬᠠᠹᠣᠩᠭ᠎ᠠ ᠳᠡᠳ᠋ ᠲᠡᠷᠢᠭᠦᠯᠡᠭᠴᠢ ᠄ 《 ᠪᠢᠳᠡ ᠺᠢᠷᠢᠯ ᠦᠰᠦᠭ ᠢ᠋ ᠠᠪᠬᠤ ᠪᠠᠨ ᠪᠣᠯᠢᠵᠤ ᠂ ᠬᠠᠭᠤᠴᠢᠨ ᠮᠣᠩᠭᠣᠯ ᠦᠰᠦᠭ ᠢ᠋ᠶ᠋ᠡᠨ ᠴᠢᠨᠠᠭᠰᠢᠳᠠ ᠬᠡᠷᠡᠭᠯᠡᠬᠦ ᠪᠡᠷ ᠪᠠᠢᠨ᠎ᠠ》 ᠭᠡᠮᠡᠨ ᠮᠡᠳᠡᠭᠳᠡᠵᠡᠢ ᠃ ᠲᠡᠭᠦᠨ ᠢ᠋ ᠰᠣᠨᠣᠰᠤᠭᠠᠳ ᠷᠢᠨᠴᠢᠨ ᠳ᠋ᠣᠺᠲ᠋ᠣᠷ ᠲᠤᠢᠯ ᠢ᠋ᠶ᠋ᠠᠷ ᠰᠡᠳᠬᠢᠯ ᠬᠥᠳᠡᠯᠦᠨ ᠪᠠᠶᠠᠷᠯᠠᠵᠤ ᠄ 《 ᠵᠠ ᠂ ᠪᠢ ᠲᠠᠨ ᠳ᠋ᠤ᠌ ᠯᠠ ᠨᠠᠢᠳᠠᠵᠤ ᠪᠠᠢᠨ᠎ᠠ !》ᠭᠡᠮᠡᠨ ᠬᠡᠯᠡᠭᠡᠳ ᠬᠠᠹᠣᠩᠭ᠎ᠠ ᠳᠡᠳ᠋ ᠲᠡᠷᠢᠭᠦᠯᠡᠭᠴᠢ ᠶ᠋ᠢᠨ ᠡᠮᠦᠨ᠎ᠡ ᠰᠤᠨᠵᠤ ᠮᠥᠷᠭᠥᠭᠰᠡᠨ  ᠶᠤᠮ ᠪᠠᠢᠵᠠᠢ ᠃ 
1958 ᠣᠨ ᠠ᠋ᠴᠠ ᠥᠪᠥᠷ ᠮᠣᠩᠭᠣᠯ ᠺᠢᠷᠢᠯ ᠦᠰᠦᠭ ᠬᠡᠷᠡᠭᠯᠡᠬᠦ ᠂ ᠲᠥᠯᠥᠪᠯᠡᠯᠭᠡ ᠪᠡᠨ ᠵᠣᠭᠰᠣᠭᠠᠭᠰᠠᠨ ᠪᠠᠢᠨ᠎ᠠ ᠃ ᠦᠵᠡᠯ ᠰᠤᠷᠲᠠᠯ ᠤ᠋ᠨ ᠶᠠᠮᠠᠷᠴᠤ ᠳᠠᠷᠤᠯᠲᠠ ᠳ᠋ᠤ᠌ ᠨᠣᠶᠠᠨ ᠨᠢᠷᠤᠭᠤ ᠨᠢ ᠬᠤᠭᠤᠷᠠᠭ᠎ᠠ ᠦᠭᠡᠢ ᠂ ᠣᠯᠠᠨ ᠣᠯᠠᠨ ᠠᠲᠠᠭᠠᠲᠠᠨ ᠤ᠋ ᠳᠠᠭᠠᠷᠢᠯᠲᠠ ᠳ᠋ᠤ᠌ ᠣᠮᠣᠭ ᠨᠢ ᠳᠠᠷᠤᠭᠳᠠᠭ᠎ᠠ ᠦᠭᠡᠢ ᠶᠡᠬᠡ ᠡᠷᠳᠡᠮᠲᠡᠨ ᠪᠢᠮᠪᠠ ᠶ᠋ᠢᠨ ᠷᠢᠨᠴᠢᠨ ᠮᠣᠩᠭᠣᠯ ᠪᠢᠴᠢᠭ ᠰᠣᠶᠣᠯ ᠢ᠋ᠶ᠋ᠠᠨ ᠬᠠᠮᠠᠭᠠᠯᠠᠬᠤ ᠶ᠋ᠢᠨ ᠲᠥᠯᠥᠭᠡ ᠲᠡᠢᠨ ᠬᠦ᠌ ᠬᠥᠭᠡᠭᠡᠴᠡᠯᠳᠦᠵᠦ ᠶᠠᠪᠤᠭᠰᠠᠨ ᠢ᠋ ᠣᠳᠣ ᠪᠣᠳᠣᠬᠤ ᠳ᠋ᠤ᠌ ᠶᠠᠭᠤᠲᠠᠢ ᠪᠠᠬᠠᠷᠤᠯᠲᠠᠢ ᠂ ᠶᠠᠭᠤᠲᠠᠢ ᠬᠠᠢᠷᠠᠯᠠᠯᠲᠠᠢ ᠠᠵᠢ ! 
《ᠬᠣᠯᠪᠣᠭ᠎ᠠ》 ᠰᠦᠯᠵᠢᠶ᠎ᠡ ᠶ᠋ᠢᠨ ᠤᠷᠢᠶᠠᠩᠬᠠᠢ ᠪᠠᠳᠠᠷᠠᠩᠭᠤᠢ ᠶ᠋ᠢᠨ ᠪᠦᠷᠭᠡ ᠡᠴᠡ ᠠᠪᠤᠪᠠ ᠃

    ᠦᠰᠦᠭ ᠬᠥᠷᠪᠡᠭᠦᠯᠦᠭᠴᠢ ᠄ ᠤᠷᠢᠶᠠᠩᠬᠠᠢ ᠨᠠᠷᠠᠨᠮᠠᠨᠳᠠ
    ᠬᠢᠨᠠᠭᠴᠢ᠄  ᠵᠠᠯᠭᠠᠬᠦᠦ