ᠮᠢᠩᠭᠠᠨ ᠭᠠᠵᠠᠷ ᠬᠥᠭᠡᠨ ᠮᠥᠷᠳᠡᠭᠰᠡᠨМянган газар хгэн мөрдсөн
1449 ᠣᠨ ᠤ᠋ ᠲᠡᠢᠨ
1449 ᠣᠨ ᠤ᠋ 7 ᠳ᠋ᠤᠭᠠᠷ ᠰᠠᠷ᠎ᠠ ᠳ᠋ᠤ᠌ ᠮᠣᠩᠭᠣᠯ ᠤ᠋ᠨ ᠴᠡᠷᠢᠭ 4 ᠵᠠᠮ ᠢ᠋ᠶ᠋ᠠᠷ ᠮᠢᠩ ᠤᠯᠤᠰ ᠤ᠋ᠨ ᠬᠢᠯᠢ ᠤᠷᠤᠭᠤ ᠳᠣᠪᠲᠣᠯᠤᠨ ᠣᠷᠣᠵᠠᠢ᠃ ᠡᠰᠡᠨ ᠲᠠᠢᠰᠢ ᠶ᠋ᠢᠨ ᠤᠳᠤᠷᠢᠳᠤᠭᠰᠠᠨ ᠴᠡᠷᠢᠭ ᠳ᠋ᠠᠲ᠋ᠦ᠋ᠩ ᠤᠷᠤᠭᠤ᠂ ᠲᠠᠢᠰᠤᠩ ᠬᠠᠭᠠᠨ ᠤ᠋ ᠴᠡᠷᠢᠭ ᠯᠢᠶᠣᠤᠳ᠋ᠦ᠋ᠩ ᠤᠷᠤᠭᠤ᠂ ᠪᠠᠷᠠᠭᠤᠨ ᠭᠠᠷ ᠤ᠋ᠨ ᠴᠢᠩᠰᠠᠩ ᠲᠦᠰᠢᠮᠡᠯ ᠪᠠᠭᠠᠲᠤ ᠨᠤᠭᠤᠳ ᠣᠪᠣᠭ ᠤ᠋ᠨ ᠠᠯᠠᠭ ᠤ᠋ᠨ ᠴᠡᠷᠢᠭ ᠰᠸᠠᠨᠹᠦ᠋ ᠤᠷᠤᠭᠤ᠂ ᠠᠯᠴᠤ ᠵᠠᠩᠵᠤᠨ ᠤ᠋ ᠴᠡᠷᠢᠭ ᠱᠠᠨᠰᠢ ᠤᠷᠤᠭᠤ ᠲᠤᠰ ᠲᠤᠰ ᠳᠣᠪᠲᠣᠯᠤᠭᠰᠠᠨ ᠪᠠᠢᠨ᠎ᠠ᠃ ᠡᠳᠡᠭᠡᠷ 4 ᠵᠠᠮ ᠤ᠋ᠨ ᠴᠡᠷᠢᠭ ᠦ᠋ᠨ ᠭᠣᠣᠯ ᠬᠦᠴᠦ ᠨᠢ ᠡᠰᠡᠨ ᠲᠠᠢᠰᠢ᠂ ᠠᠯᠠᠭ ᠲᠦᠰᠢᠮᠡᠯ ᠨᠠᠷ ᠤ᠋ᠨ ᠴᠡᠷᠢᠭ ᠪᠠᠢᠵᠠᠢ᠃ ᠮᠣᠩᠭᠣᠯ ᠡᠴᠡ ᠨᠡᠢᠲᠡ 2 ᠲᠦᠮᠡᠨ ᠴᠡᠷᠢᠭ ᠡᠨᠡ ᠲᠡᠢᠨ ᠳ᠋ᠦ᠍ ᠣᠷᠣᠯᠴᠠᠭᠰᠠᠨ ᠭᠡᠳᠡᠭ ᠴᠦ᠍᠂ ᠡᠨᠡ ᠨᠢ ᠵᠥᠪᠬᠡᠨ ᠡᠰᠡᠨ ᠲᠠᠢᠰᠢ ᠶ᠋ᠢᠨ ᠮᠠᠲᠠᠯ ᠤ᠋ᠨ ᠴᠡᠷᠢᠭ ᠭᠡᠵᠦ ᠣᠯᠠᠩᠬᠢ ᠰᠤᠳᠤᠯᠤᠭᠠᠴᠢᠳ ᠦᠵᠡᠳᠡᠭ᠃ 7 ᠳ᠋ᠤᠭᠠᠷ ᠰᠠᠷ᠎ᠠ ᠶ᠋ᠢᠨ 30 ᠳ᠋ᠤ᠌ ᠡᠰᠡᠨ ᠲᠠᠢᠰᠢ ᠶ᠋ᠢᠨ ᠴᠡᠷᠢᠭ ᠳ᠋ᠠᠲ᠋ᠦ᠋ᠩ ᠬᠣᠲᠠ ᠶ᠋ᠢᠨ ᠠᠷᠠᠳ ᠮᠢᠩ ᠤᠯᠤᠰ ᠤ᠋ᠨ ᠳᠡᠳ᠋ ᠵᠠᠩᠵᠤᠨ ᠤ᠋ ᠴᠡᠷᠢᠭ ᠲᠡᠢ ᠲᠤᠯᠤᠯᠳᠤᠬᠤ ᠳ᠋ᠤ᠌᠂ ᠳᠡᠳ᠋ ᠵᠠᠩᠵᠤᠨ ᠨᠢ ᠠᠯᠠᠭᠳᠠᠭᠠᠳ᠂ ᠴᠡᠷᠢᠭ ᠨᠢ ᠪᠤᠲᠠᠷᠠᠵᠤ ᠰᠠᠷᠨᠢᠭᠰᠠᠨ ᠠᠵᠠᠢ᠃ ᠲᠡᠭᠡᠬᠦ ᠳ᠋ᠦ᠍ ᠮᠣᠩᠭᠣᠯ ᠴᠡᠷᠢᠭ ᠳ᠋ᠠᠲ᠋ᠦ᠋ᠩ ᠦ᠋ᠨ ᠠᠷᠤ ᠶ᠋ᠢᠨ ᠣᠯᠠᠨ ᠪᠡᠬᠢᠯᠡᠯᠲᠡ ᠶ᠋ᠢ ᠡᠵᠡᠯᠡᠪᠡ᠃ ᠮᠢᠩ ᠤᠯᠤᠰ 4 ᠶᠡᠬᠡ ᠵᠠᠩᠵᠤᠨ ᠢ᠋ᠶ᠋ᠠᠷ ᠲᠤᠰ ᠪᠦᠷᠢ ᠲᠦᠮᠡᠨ ᠴᠡᠷᠢᠭ ᠤᠳᠤᠷᠢᠳᠤᠭᠤᠯᠤᠨ ᠪᠠᠢᠯᠳᠤᠭᠰᠠᠨ ᠪᠣᠯᠪᠠᠴᠤ ᠴᠥᠮ ᠢᠯᠠᠭᠳᠠᠨ᠂ ᠪᠠᠷᠤᠭ ᠪᠦᠬᠦ ᠴᠡᠷᠢᠭ ᠨᠢ ᠠᠯᠠᠭᠳᠠᠵᠠᠢ᠃ 8 ᠳ᠋ᠤᠭᠠᠷ ᠰᠠᠷ᠎ᠠ ᠶ᠋ᠢᠨ 3 ᠳ᠋ᠤ᠌ ᠳ᠋ᠠᠲ᠋ᠦ᠋ᠩ ᠬᠣᠲᠠ ᠶ᠋ᠢᠨ ᠬᠠᠮᠤᠭ ᠡᠷᠬᠡ ᠮᠡᠳᠡᠯᠲᠡᠨ ᠴᠡᠷᠢᠭ ᠲᠣᠯᠣᠭᠠᠢᠯᠠᠨ ᠡᠰᠡᠨ ᠲᠡᠢ ᠪᠠᠢᠯᠳᠤᠭᠰᠠᠨ ᠪᠣᠯᠪᠠᠴᠤ ᠪᠠᠰᠠ ᠯᠠ ᠴᠥᠮ ᠢᠯᠠᠭᠳᠠᠪᠠ᠃ ᠮᠣᠩᠭᠣᠯ ᠤ᠋ᠨ ᠴᠡᠷᠢᠭ ᠦ᠋ᠨ ᠪᠤᠰᠤᠳ ᠭᠤᠷᠪᠠᠨ ᠵᠠᠮ ᠪᠠᠰᠠ ᠯᠠ ᠠᠮᠵᠢᠯᠲᠠ ᠲᠠᠢ ᠲᠤᠯᠤᠯᠳᠤᠵᠤ᠂ ᠢᠯᠠᠯᠲᠠ ᠪᠠᠢᠭᠤᠯᠤᠨ ᠦᠯᠡᠮᠵᠢᠬᠡᠨ ᠮᠠᠯ ᠬᠥᠷᠥᠩᠭᠡ ᠣᠯᠵᠠᠯᠠᠨ ᠠᠪᠴᠠᠢ᠃
ᠮᠣᠩᠭᠣᠯ ᠤ᠋ᠨ ᠴᠡᠷᠢᠭ 4 ᠵᠠᠮ ᠢ᠋ᠶ᠋ᠠᠷ ᠳᠣᠪᠲᠣᠯᠵᠤ ᠰᠠᠭᠠᠳ ᠦᠭᠡᠢ ᠳᠠᠪᠰᠢᠵᠤ ᠪᠠᠢᠭ᠎ᠠ ᠮᠡᠳᠡᠭᠡ ᠪᠡᠭᠡᠵᠢᠩ ᠳ᠋ᠦ᠍ ᠬᠦᠷᠬᠦ ᠳ᠋ᠦ᠍᠂ ᠡᠵᠡᠨ ᠬᠠᠭᠠᠨ 50 ᠲᠦᠮᠡᠨ ᠴᠡᠷᠢᠭ ᠳᠠᠢᠴᠢᠯᠠᠵᠤ᠂ ᠴᠠᠪᠴᠢᠶᠠᠯ ᠪᠣᠭᠣᠮᠲᠠ ᠪᠠᠷ ᠭᠠᠷᠴᠤ᠂ ᠰᠸᠠᠨᠹᠦ᠋ ᠬᠦᠷᠴᠡᠢ᠃ ᠰᠠᠨᠳᠤ ᠮᠡᠨᠳᠦ ᠬᠥᠳᠡᠯᠦᠭᠰᠡᠨ ᠮᠢᠩ ᠤᠯᠤᠰ ᠤ᠋ᠨ ᠶᠡᠬᠡ ᠴᠡᠷᠢᠭ ᠵᠠᠮ ᠳ᠋ᠤ᠌ ᠪᠠᠨ ᠰᠠᠯᠬᠢ ᠪᠣᠷᠣᠭᠠᠨ ᠳ᠋ᠤ᠌ ᠴᠣᠬᠢᠭᠳᠠᠨ ᠲᠠᠪᠠ ᠦᠭᠡᠢᠳᠡᠬᠦ ᠳ᠋ᠦ᠍ ᠮᠣᠳᠣ ᠡᠪᠡᠰᠦ ᠪᠦᠬᠦᠨ ᠮᠣᠩᠭᠣᠯ ᠴᠡᠷᠢᠭ ᠪᠣᠯᠤᠨ ᠬᠠᠷᠠᠭᠳᠠᠵᠤ᠂ ᠮᠢᠩ ᠤᠯᠤᠰ ᠤ᠋ᠨ ᠤᠷᠢᠳᠤ ᠨᠢ ᠠᠯᠠᠭᠳᠠᠭᠰᠠᠨ ᠴᠡᠷᠢᠭ ᠦ᠋ᠳ ᠦ᠋ᠨ ᠦᠬᠦᠳᠡᠯ ᠡᠨᠳᠡ ᠲᠡᠨᠳᠡ ᠦᠭᠡᠢ ᠲᠠᠭᠠᠷᠠᠯᠳᠤᠬᠤ ᠪᠣᠯᠤᠭᠰᠠᠨ ᠲᠡᠳᠦᠢ ᠦᠭᠡᠢ ᠴᠡᠷᠢᠭ ᠦ᠋ᠨ ᠬᠦᠨᠡᠰᠦ ᠬᠣᠭᠣᠯᠠ ᠳᠤᠲᠠᠵᠤ ᠡᠬᠢᠯᠡᠪᠡ᠃ ᠳ᠋ᠠᠲ᠋ᠦ᠋ᠩ ᠬᠦᠷᠬᠦ ᠳ᠋ᠦ᠍ ᠮᠣᠩᠭᠣᠯ ᠴᠡᠷᠢᠭ ᠳᠡᠢᠯᠦᠭᠳᠡᠭᠰᠡᠨ ᠠᠶᠠᠲᠠᠢ ᠤᠬᠤᠷᠢᠬᠤ ᠳ᠋ᠤ᠌ ᠤᠲᠤᠭᠠᠨ ᠳ᠋ᠤ᠌ ᠣᠷᠣᠵᠤ ᠪᠣᠯᠵᠣᠰᠢ ᠦᠭᠡᠢ ᠭᠡᠮᠡᠨ ᠪᠤᠴᠠᠵᠤ ᠢᠷᠡᠬᠦ ᠳ᠋ᠦ᠍ ᠮᠣᠩᠭᠣᠯ ᠴᠡᠷᠢᠭ ᠠᠷᠤ ᠡᠴᠡ ᠨᠢ ᠨᠡᠬᠡᠵᠦ ᠪᠠᠢᠯᠳᠤᠪᠠ᠃ ᠮᠢᠩ ᠦ᠋ᠨ ᠢᠩᠽᠦ᠋ᠩ ᠬᠠᠭᠠᠨ ᠵᠣ᠌ ᠴᠢ ᠵᠸᠠ ᠦᠯᠡᠮᠵᠢ ᠨᠡᠷ᠎ᠡ ᠬᠦᠨᠳᠦᠲᠡᠢ ᠬᠥᠮᠦᠰ ᠲᠦ᠍ 4 ᠲᠦᠮᠡᠨ ᠴᠡᠷᠢᠭ ᠥᠭᠴᠦ ᠪᠠᠢᠯᠳᠤᠭᠤᠯᠤᠭᠰᠠᠨ ᠪᠣᠯᠪᠠᠴᠤ ᠴᠥᠮ ᠪᠦᠰᠡᠯᠡᠭᠳᠡᠨ ᠴᠣᠬᠢᠭᠤᠯᠵᠠᠢ᠃ 8 ᠳ᠋ᠤᠭᠠᠷ ᠰᠠᠷ᠎ᠠ ᠶ᠋ᠢᠨ 31 ᠳ᠋ᠦ᠍ ᠮᠢᠩ ᠦ᠋ᠨ ᠶᠡᠬᠡ ᠴᠡᠷᠢᠭ ᠤᠬᠤᠷᠢᠭᠰᠠᠭᠠᠷ ᠲᠤ᠌ ᠮᠦ᠍ ᠭᠡᠳᠡᠭ ᠭᠠᠵᠠᠷ ᠢᠷᠡᠭᠡᠳ ᠬᠣᠷᠢᠭᠯᠠᠨ ᠪᠠᠢᠯᠳᠤᠬᠤ ᠶ᠋ᠢ ᠬᠢᠴᠢᠶᠡᠭᠰᠡᠨ ᠠᠪᠴᠤ ᠪᠦᠷᠢᠮᠦᠰᠦᠨ ᠪᠤᠲᠠᠷᠠᠵᠤ ᠡᠵᠡᠨ ᠬᠠᠭᠠᠨ ᠵᠣ᠌ ᠴᠢ ᠵᠸᠠ ᠥᠪᠡᠷ ᠢ᠋ᠶ᠋ᠡᠨ ᠮᠣᠩᠭᠣᠯᠴᠤᠳ ᠲᠤ᠌ ᠣᠯᠵᠠᠯᠠᠭᠳᠠᠭᠰᠠᠨ ᠪᠠᠢᠨ᠎ᠠ᠃
ᠡᠨᠡ ᠦᠶ᠎ᠡ ᠳ᠋ᠦ᠍ ᠮᠢᠩ ᠤᠯᠤᠰ ᠤ᠋ᠨ ᠲᠥᠷᠥ ᠠᠶᠤᠨ ᠰᠠᠨᠳᠤᠷᠴᠤ᠂ ᠲᠦᠰᠢᠮᠡᠳ ᠨᠢ ᠪᠦᠭᠦᠳᠡ ᠪᠡᠷ ᠶᠡᠬᠡᠳᠡ ᠤᠬᠢᠯᠠᠯᠳᠤᠨ ᠶᠠᠭᠠᠬᠢᠬᠤ ᠪᠠᠨ ᠮᠡᠳᠡᠬᠦ ᠦᠭᠡᠢ ᠪᠣᠯᠤᠭᠰᠠᠨ ᠭᠡᠳᠡᠭ᠃ ᠬᠠᠭᠠᠨ ᠤ᠋ ᠬᠠᠲᠤᠳ᠂ ᠣᠢᠷ᠎ᠠ ᠲᠥᠷᠥᠯ ᠦ᠋ᠨ ᠬᠥᠮᠦᠰ ᠢᠩᠽᠦ᠋ᠩ ᠬᠠᠭᠠᠨ ᠵᠣ᠌ ᠴᠢ ᠵᠸᠠ ᠪᠠᠨ ᠠᠯᠲᠠ ᠮᠥᠩᠭᠥ᠂ ᠦᠨᠡᠲᠦ ᠡᠳ᠋ᠯᠡᠯ ᠢ᠋ᠶ᠋ᠡᠷ ᠰᠣᠯᠢᠵᠤ ᠠᠪᠬᠤ ᠪᠠᠷ ᠶᠠᠭᠠᠷᠠᠵᠤ᠂ ᠣᠷᠳᠣᠨ ᠡᠴᠡ ᠦᠯᠡᠮᠵᠢ ᠬᠡᠮᠵᠢᠶᠡᠨ ᠦ᠌ ᠡᠷᠳᠡᠨᠢᠰ ᠴᠤᠭᠯᠠᠭᠤᠯᠤᠨ ᠮᠣᠩᠭᠣᠯ ᠤᠷᠤᠭᠤ ᠶᠠᠪᠤᠭᠤᠯᠵᠠᠢ᠃ ᠡᠰᠡᠨ ᠲᠠᠢᠰᠢ ᠴᠢᠨᠠᠭᠰᠢᠳᠠ ᠪᠠᠨ ᠢᠩᠽᠦ᠋ᠩ ᠬᠠᠭᠠᠨ ᠵᠣ᠌ ᠴᠢ ᠵᠸᠠ ᠪᠠᠷ ᠶᠡᠬᠡ ᠠᠰᠢᠭ ᠣᠯᠤᠨ᠎ᠠ ᠭᠡᠮᠡᠨ ᠰᠡᠳᠬᠢᠵᠦ ᠪᠠᠢᠭᠰᠠᠨ ᠴᠤ᠌ ᠲᠡᠷᠡ ᠨᠢ ᠪᠦᠲᠦᠯ ᠮᠠᠭᠤ ᠲᠠᠢ ᠪᠣᠯᠵᠤ᠂ ᠮᠢᠩ ᠦ᠋ᠨ ᠬᠢᠨ ᠢᠩᠽᠦ᠋ᠩ ᠬᠠᠭᠠᠨ ᠤ᠋ ᠳᠡᠭᠦᠦ ᠵᠣ ᠴᠢ ᠢᠦᠢ ᠶ᠋ᠢ ᠬᠠᠭᠠᠨ ᠡᠷᠭᠦᠮᠵᠢᠯᠡᠭᠰᠡᠨ ᠪᠠᠢᠨ᠎ᠠ᠃ 1450 ᠣᠨ ᠳ᠋ᠤ᠌ ᠮᠢᠩ ᠤᠯᠤᠰ ᠤ᠋ᠨ ᠬᠢᠯᠢ ᠳ᠋ᠦ᠍ 4 ᠤᠳᠠᠭ᠎ᠠ ᠴᠡᠷᠢᠭᠯᠡᠨ ᠬᠠᠯᠠᠳᠠᠵᠤ᠂ ᠰᠢᠬᠠᠮᠳᠠᠭᠤᠯᠤᠭᠰᠠᠨ ᠲᠤᠯᠠ ᠠᠷᠭ᠎ᠠ ᠦᠭᠡᠢ ᠶ᠋ᠢᠨ ᠡᠷᠬᠡᠨ ᠳ᠋ᠦ᠍ ᠨᠠᠢᠷᠠᠮᠳᠠᠯ ᠪᠠᠢᠭᠤᠯᠵᠤ ᠢᠩᠽᠦ᠋ᠩ ᠬᠠᠭᠠᠨ ᠢ᠋ᠶ᠋ᠠᠨ ᠡᠷᠭᠢᠭᠦᠯᠦᠨ ᠬᠦᠯᠢᠶᠡᠨ ᠠᠪᠴᠠᠢ᠃
ᠢᠩᠽᠦ᠋ᠩ ᠬᠠᠭᠠᠨ ᠵᠣ᠌ ᠴᠢ ᠵᠸᠠ ᠶ᠋ᠢ ᠪᠤᠴᠠᠭᠠᠨ ᠥᠭᠭᠦᠭᠰᠡᠨ ᠨᠢ ᠲᠡᠷᠡ ᠦᠶ᠎ᠡ ᠶ᠋ᠢᠨ ᠮᠣᠩᠭᠣᠯ ᠬᠢᠲᠠᠳ ᠤ᠋ᠨ ᠬᠠᠷᠢᠯᠴᠠᠭᠠᠨ ᠤ᠋ ᠬᠤᠷᠴᠠᠳᠤᠮᠠᠯ ᠪᠠᠢᠳᠠᠯ ᠢ᠋ ᠨᠠᠮᠵᠢᠭᠠᠵᠤ᠂ 1449-1450 ᠣᠨ ᠤ᠋ 2 ᠵᠢᠯ ᠦ᠋ᠨ ᠲᠡᠢᠨ ᠢ᠋ ᠵᠣᠭᠰᠣᠭᠠᠵᠤ᠂ ᠨᠠᠢᠷᠰᠠᠭ ᠬᠦᠷᠰᠢ ᠶ᠋ᠢᠨ ᠬᠠᠷᠢᠯᠴᠠᠭ᠎ᠠ ᠲᠣᠭᠲᠠᠭᠠᠬᠤ ᠴᠢᠬᠤᠯᠠ ᠠᠯᠬᠤᠮ ᠪᠣᠯᠵᠠᠢ᠃ ᠡᠨᠡ ᠦᠶ᠎ᠡ ᠳ᠋ᠦ᠍ ᠮᠣᠩᠭᠣᠯ ᠤᠯᠤᠰ ᠤ᠋ᠨ ᠲᠥᠷᠥ ᠵᠡᠭᠦᠨ ᠳᠠᠰᠢ ᠪᠠᠨ ᠵᠦᠷᠴᠢᠳ᠂ ᠪᠠᠷᠠᠭᠤᠨ ᠳᠠᠰᠢ ᠪᠠᠨ ᠬᠠᠮᠢᠯ᠂ ᠲᠡᠭᠦᠨ ᠡᠴᠡ ᠪᠠᠷᠠᠭᠤᠨ ᠲᠠᠯ᠎ᠠ ᠳ᠋ᠤ᠌ ᠪᠣᠢ ᠶᠦᠯᠲᠤᠰ ᠭᠣᠣᠯ ᠤ᠋ᠨ ᠰᠠᠪᠠ ᠬᠦᠷᠲᠡᠯ᠎ᠡ᠂ ᠤᠮᠠᠷ᠎ᠠ ᠵᠦᠭ ᠶᠡᠨᠢᠰᠧᠢ ᠮᠥᠷᠡᠨ ᠦ᠌ ᠳᠡᠭᠡᠳᠦ ᠰᠠᠪᠠ ᠭᠠᠵᠠᠷ᠂ ᠡᠮᠦᠨ᠎ᠡ ᠵᠦᠭ ᠴᠠᠭᠠᠨ ᠬᠡᠷᠡᠮ ᠬᠦᠷᠲᠡᠯᠡᠬᠢ ᠭᠠᠵᠠᠷ ᠢ᠋ ᠵᠠᠬᠢᠷᠴᠤ ᠪᠠᠢᠭᠰᠠᠨ ᠨᠢ ᠮᠣᠩᠭᠣᠯ ᠤ᠋ᠨ ᠤᠯᠤᠰ ᠲᠥᠷᠥ ᠶ᠋ᠢᠨ ᠬᠦᠴᠦᠨ ᠨᠦ᠍ᠭᠦᠳ ᠦ᠋ᠨ ᠤᠯᠤᠰ ᠣᠷᠣᠨ ᠢ᠋ᠶ᠋ᠠᠨ ᠨᠢᠭᠡᠳᠬᠡᠬᠦ ᠨᠢᠭᠡᠳᠦᠮᠡᠯ ᠵᠣᠷᠢᠯᠲᠠ ᠪᠠᠨ ᠪᠡᠶᠡᠯᠡᠭᠦᠯᠬᠦ ᠶ᠋ᠢᠨ ᠲᠤᠯᠠᠳᠠ ᠨᠡᠢᠲᠡ ᠪᠡᠷ ᠢ᠋ᠶ᠋ᠡᠨ ᠴᠢᠷᠮᠠᠢᠨ ᠲᠡᠮᠡᠴᠡᠭᠰᠡᠨ ᠦ᠌ ᠦᠷ᠎ᠡ ᠳ᠋ᠦᠩ ᠪᠠᠢᠪᠠ᠃ ᠡᠨᠡ ᠲᠡᠮᠡᠴᠡᠯ ᠳ᠋ᠦ᠍ ᠡᠰᠡᠨ ᠲᠡᠢᠰᠢ ᠭᠣᠣᠯ ᠬᠢᠴᠢᠶᠡᠯ ᠵᠢᠳᠬᠦᠯ ᠢ᠋ ᠭᠠᠷᠭᠠᠭᠰᠠᠨ ᠪᠠᠢᠨ᠎ᠠ᠃

