ᠲᠡᠪ ᠲᠡᠭᠷᠢ – ᠡᠪᠦᠷ ᠲᠦ ᠥᠰᠦᠭᠰᠡᠨ ᠮᠣᠭᠠᠢ - ᠴᠢᠩᠭᠢᠰ ᠬᠠᠭᠠᠨ ᠊ᠤ᠌ ᠨᠢᠭᠤᠴᠠ ᠲᠡᠦᠬᠡ 09 Тэв тэнгэр – Өвөрт өссөн могой - Чингис хаан оо нууц түүх 09
ᠡᠪᠦᠷ ᠲᠤ ᠦᠰᠦᠭᠰᠡᠨ ᠮᠣᠭᠠᠢ
ᠴᠢᠩᠭᠢᠰ ᠬᠠᠭᠠᠨ ᠪᠣᠯᠤᠭᠠᠳ ᠲᠡᠭᠦᠨ ᠦ᠌ ᠡᠬᠡ᠂ ᠳᠡᠭᠦᠦ ᠨᠠᠷ ᠤ᠋ᠨ ᠬᠣᠭᠣᠷᠣᠨᠳᠣ ᠡᠭᠦᠰᠴᠦ ᠡᠪᠡᠰᠦᠨ ᠦ᠌ ᠲᠦᠢᠮᠡᠷ ᠮᠡᠲᠦ ᠳᠦᠷᠡᠯᠵᠡᠭᠰᠡᠨ ᠬᠡᠷᠡᠭᠦᠯ ᠢ᠋ ᠳᠠᠪ ᠲᠩᠷᠢ ᠠᠯᠠᠭᠠᠨ ᠳᠡᠭᠡᠷ᠎ᠡ ᠲᠠᠯᠪᠢᠭᠰᠠᠨ ᠮᠡᠲᠦ ᠲᠣᠳᠣᠷᠬᠠᠢ ᠬᠠᠷᠠᠵᠤ ᠪᠠᠢᠯ᠎ᠠ᠃ ᠳᠠᠪ ᠲᠩᠷᠢ ᠥᠪᠡᠷ ᠦ᠋ᠨ ᠴᠢᠳᠠᠯ᠂ ᠢᠳᠢ ᠰᠢᠳᠢ᠂ ᠴᠢᠩᠭᠢᠰ ᠬᠠᠭᠠᠨ ᠤ᠋ ᠣᠯᠭᠣᠭᠰᠠᠨ ᠥᠷᠭᠡᠨ ᠡᠷᠬᠡ ᠳᠠᠷᠬ᠎ᠠ ᠶ᠋ᠢᠨ ᠢ᠋ᠶ᠋ᠡᠨ ᠬᠦᠴᠦ ᠪᠡᠷ ᠣᠳᠣ ᠤᠯᠤᠰ ᠤ᠋ᠨ ᠳᠣᠲᠣᠷ᠎ᠠ ᠴᠢᠩᠭᠢᠰ ᠬᠠᠭᠠᠨ ᠠ᠋ᠴᠠ ᠳᠤᠲᠠᠭᠤ ᠦᠭᠡᠢ ᠥᠷᠭᠡᠨ ᠨᠡᠷ᠎ᠡ ᠶ᠋ᠢ ᠣᠯᠵᠠᠢ᠃ ᠳᠠᠪ ᠲᠩᠷᠢ ᠶ᠋ᠢᠨ ᠦᠭᠡ ᠴᠢᠩᠭᠢᠰ ᠬᠠᠭᠠᠨ ᠤ᠋ ᠵᠠᠷᠯᠢᠭ ᠲᠠᠢ ᠠᠳᠠᠯᠢ ᠬᠦᠴᠦᠲᠡᠢ ᠪᠣᠯᠤᠭᠰᠠᠨ ᠢ᠋ ᠲᠡᠷᠡ ᠥᠪᠡᠷ ᠢ᠋ᠶ᠋ᠡᠨ ᠮᠡᠳᠡᠷᠡᠬᠦ ᠪᠦᠷᠢ ᠤᠯᠤᠰ ᠤ᠋ᠨ ᠡᠵᠡᠨ ᠪᠣᠯᠬᠤ ᠤᠭ ᠤ᠋ᠨ ᠬᠦᠰᠡᠯ ᠤᠯᠠᠮ ᠴᠤ᠌ ᠲᠣᠳᠣᠷᠠᠨ᠎ᠠ᠃ ᠴᠢᠩᠭᠢᠰ ᠬᠠᠭᠠᠨ ᠤ᠋ ᠬᠥᠪᠡᠭᠦᠳ ᠵᠥᠴᠢ᠂ ᠴᠠᠭᠠᠲᠠᠢ ᠢᠳᠡᠷ ᠵᠠᠯᠠᠭᠤ᠂ ᠴᠢᠩᠭᠢᠰ ᠬᠠᠭᠠᠨ ᠳ᠋ᠤ᠌ ᠦᠨᠡᠨᠴᠢ ᠵᠢᠳᠬᠦᠵᠦ ᠢᠪᠡᠭᠡᠭᠳᠡᠭᠰᠡᠨ ᠪᠤᠭᠤᠷᠴᠢ᠂ ᠵᠡᠯᠮ᠎ᠡ ᠨᠠᠷ ᠬᠠᠭᠠᠨ ᠤᠳᠤᠮ ᠦᠭᠡᠢ ᠬᠠᠷᠠᠴᠤ ᠭᠠᠷᠤᠯᠲᠠᠢ ᠲᠤᠯᠠ ᠳᠠᠪ ᠲᠩᠷᠢ ᠲᠡᠢ ᠥᠷᠢᠰᠦᠯᠳᠦᠵᠦ ᠦᠯᠦ ᠴᠢᠳᠠᠨ᠎ᠠ᠃ ᠬᠠᠷᠢᠨ ᠳᠠᠪ ᠲᠩᠷᠢ ᠥᠪᠡᠷ ᠢ᠋ ᠪᠡᠨ ᠲᠡᠮᠦᠵᠢᠨ ᠢ᠋ ᠶᠡᠬᠡ ᠰᠠᠭᠤᠷᠢᠨ ᠳ᠋ᠤ᠌ ᠰᠠᠭᠤᠬᠤ ᠳ᠋ᠤ᠌ ᠲᠩᠷᠢ ᠶ᠋ᠢᠨ ᠬᠦᠴᠦ ᠪᠡᠷ ᠬᠠᠮᠤᠭ ᠤ᠋ᠨ ᠶᠡᠬᠡ ᠲᠤᠰᠠ ᠶ᠋ᠢ ᠬᠦᠷᠭᠡᠭᠰᠡᠨ ᠭᠡᠵᠦ ᠦᠵᠡᠨ᠎ᠡ᠃ ᠡᠭᠦᠨ ᠢ᠋ ᠴᠢᠩᠭᠢᠰ ᠬᠠᠭᠠᠨ ᠦᠯᠦ ᠡᠰᠡᠷᠭᠦᠴᠡᠳᠡᠭ ᠨᠢ ᠳᠠᠪ ᠲᠩᠷᠢ ᠶ᠋ᠢ ᠣᠮᠣᠭᠰᠢᠭᠤᠯᠵᠤ᠂ ᠪᠠᠰᠠ ᠠᠬ᠎ᠠ ᠳᠡᠭᠦᠦ ᠨᠠᠷ ᠨᠢ ᠬᠥᠭᠡᠷᠭᠡᠳᠡᠨ ᠳᠣᠷᠭᠢᠷᠴᠦ ᠪᠠᠢᠪᠠ᠃ ᠵᠠᠷᠤᠴᠠ ᠮᠡᠩᠯᠢᠭ ᠦ᠋ᠨ ᠶᠠᠭᠤᠮ᠎ᠠ ᠦᠵᠡᠭᠡ ᠦᠭᠡᠢ ᠬᠥᠪᠡᠭᠦᠳ ᠡᠢᠨ ᠣᠭᠣᠳᠤᠷᠴᠤ ᠠᠬᠤ ᠶ᠋ᠢ ᠬᠠᠰᠠᠷ ᠠᠯᠢ ᠡᠷᠲᠡᠨ ᠡᠴᠡ ᠮᠡᠳᠡᠵᠦ᠂ ᠲᠡᠪᠴᠢᠨ ᠰᠠᠭᠤᠵᠤ ᠴᠢᠳᠠᠬᠤ ᠦᠭᠡᠢ ᠪᠣᠯᠵᠠᠢ᠃ ᠮᠡᠩᠯᠢᠭ ᠪᠣᠯᠤᠭᠠᠳ ᠲᠡᠭᠦᠨ ᠦ᠌ ᠬᠥᠪᠡᠭᠦᠳ ᠢ᠋ ᠬᠠᠰᠠᠷ ᠬᠡᠵᠢᠶ᠎ᠡ ᠴᠦ᠍ ᠲᠣᠭᠣᠵᠤ ᠦᠵᠡᠬᠦ ᠦᠭᠡᠢ ᠪᠡᠷ ᠬᠥᠮᠦᠵᠢᠭᠰᠡᠨ ᠨᠢ ᠬᠠᠰᠠᠷ ᠢ᠋ ᠲᠡᠳᠡᠨ ᠦ᠌ ᠬᠠᠮᠤᠭ ᠤ᠋ᠨ ᠠᠶᠤᠯᠲᠠᠢ ᠳᠠᠢᠰᠤᠨ ᠪᠣᠯᠭᠠᠭᠰᠠᠨ ᠪᠢᠯᠡ᠃ ᠡᠭᠦᠨ ᠢ᠋ ᠳᠠᠪ ᠲᠩᠷᠢ ᠲᠣᠳᠣᠷᠬᠠᠢ ᠮᠡᠳᠡᠵᠦ ᠪᠠᠢᠯ᠎ᠠ᠃ ᠭᠡᠪᠡᠴᠦ ᠴᠢᠩᠭᠢᠰ ᠬᠠᠭᠠᠨ ᠤ᠋ ᠶᠡᠬᠡ ᠠᠯᠳᠠᠷ᠂ ᠰᠦᠷ ᠬᠦᠴᠦ᠂ ᠬᠦᠨᠳᠦᠯᠡᠯ ᠬᠠᠰᠠᠷ ᠳᠠᠪ ᠲᠩᠷᠢ ᠬᠣᠶᠠᠷ ᠤ᠋ᠨ ᠳᠠᠯᠳᠠ ᠲᠡᠮᠡᠴᠡᠯ᠂ ᠵᠥᠷᠢᠴᠡᠯ ᠢ᠋ ᠳᠠᠷᠤᠭᠳᠠᠭᠤᠯᠤᠭᠰᠠᠭᠠᠷ ᠤᠳᠠᠵᠠᠢ᠃ ᠭᠡᠲᠡᠯ᠎ᠡ ᠳᠠᠭᠠᠷᠢᠨ ᠳᠡᠭᠡᠷ᠎ᠡ ᠳᠠᠪᠤᠰᠤ ᠭᠡᠭᠴᠢ ᠪᠡᠷ ᠬᠠᠰᠠᠷ ᠤ᠋ᠨ ᠠᠯᠪᠠᠲᠤ ᠨᠤᠭᠤᠳ ᠠ᠋ᠴᠠ ᠳᠠᠪ ᠲᠩᠷᠢ ᠳ᠋ᠦ᠍ ᠳᠠᠭᠠᠵᠤ ᠣᠴᠢᠭᠰᠠᠨ ᠬᠡᠷᠡᠭ ᠭᠠᠷᠤᠭᠰᠠᠨ ᠨᠢ ᠪᠣᠭᠤᠯᠠᠭᠰᠠᠨ ᠪᠢᠲᠡᠭᠦᠦ ᠰᠢᠷᠬ᠎ᠠ ᠶ᠋ᠢ ᠬᠠᠭ᠎ᠠ ᠲᠡᠳᠡᠨ ᠢᠳᠡᠭᠡ ᠪᠡᠭᠡᠷᠢ ᠶ᠋ᠢ ᠭᠠᠳᠠᠭᠰᠢ ᠭᠣᠭᠣᠵᠢᠭᠤᠯᠤᠭᠰᠠᠨ ᠮᠡᠲᠦ ᠬᠡᠷᠡᠭ ᠪᠣᠯᠵᠠᠢ᠃ ᠬᠠᠮᠤᠭ ᠤᠯᠤᠰ ᠳᠠᠪ ᠲᠩᠷᠢ ᠶ᠋ᠢ ᠳᠠᠭᠠᠵᠤ᠂ ᠲᠡᠷᠡ ᠶ᠋ᠢ ᠪᠦᠦ ᠬᠡᠯᠡ ᠣᠳᠬᠣᠨ ᠳᠡᠭᠦᠦ ᠲᠡᠮᠦᠭᠡ ᠨᠣᠶᠠᠨ ᠤ᠋ ᠵᠠᠬᠢᠷᠬᠤ ᠬᠠᠭᠠᠨ ᠰᠠᠩ ᠤ᠋ᠨ ᠠᠭᠲᠠᠨ ᠤ᠋ ᠬᠣᠷᠣᠭᠠᠨ ᠤ᠋ ᠠᠯᠪᠠᠲᠤ ᠨᠤᠭᠤᠳ ᠬᠦᠷᠲᠡᠯ᠎ᠡ ᠣᠴᠢᠭᠰᠠᠨ ᠨᠢ ᠴᠢᠩᠭᠢᠰ ᠬᠠᠭᠠᠨ ᠢ᠋ ᠪᠣᠳᠣᠯ ᠳ᠋ᠤ᠌ ᠤᠨᠠᠭᠠᠪᠠ᠃ ᠬᠠᠭᠠᠨ ᠡᠵᠡᠨ ᠢ᠋ᠶ᠋ᠡᠨ ᠠᠮᠢᠳᠤ ᠰᠡᠷᠡᠭᠦᠨ ᠠᠬᠤᠢ ᠳ᠋ᠤ᠌ ᠬᠠᠷᠠᠴᠤ ᠢᠷᠭᠡᠳ ᠨᠢ ᠬᠠᠶᠠᠵᠤ ᠣᠳᠤᠨ᠎ᠠ ᠭᠡᠳᠡᠭ ᠳᠠᠪ ᠲᠩᠷᠢ ᠶ᠋ᠢᠨ ᠨᠡᠷ᠎ᠡ ᠰᠦᠷ ᠬᠡᠲᠦᠷᠬᠡᠢ ᠶᠡᠬᠡ ᠪᠣᠯᠤᠭᠰᠠᠨ ᠢ᠋ ᠰᠢᠭᠤᠳ ᠭᠡᠷᠡᠴᠢᠯᠡᠵᠡᠢ᠃ ᠭᠡᠪᠡᠴᠦ ᠲᠡᠳᠡᠨ ᠢ᠋ ᠳᠠᠪ ᠲᠩᠷᠢ ᠪᠤᠯᠢᠶᠠᠵᠤ ᠠᠪᠤᠭᠰᠠᠨ ᠦᠭᠡᠢ᠂ ᠰᠠᠢᠨ ᠳᠤᠷ᠎ᠠ ᠪᠠᠷ ᠨᠡᠭᠦᠭᠰᠡᠨ ᠲᠤᠯᠠ ᠡᠩ ᠦ᠋ᠨ ᠪᠢᠰᠢ ᠶᠠᠪᠤᠳᠠᠯ ᠭᠡᠳᠡᠭ ᠢ᠋ ᠴᠢᠩᠭᠢᠰ ᠬᠠᠭᠠᠨ ᠮᠡᠳᠡᠵᠦ ᠪᠠᠢᠯ᠎ᠠ᠃ ᠬᠡᠦᠬᠡᠳ ᠨᠠᠰᠤᠨ ᠠ᠋ᠴᠠ ᠬᠦᠴᠦ ᠪᠡᠨ ᠥᠭᠴᠦ᠂ ᠬᠦᠴᠢᠷ ᠢ᠋ ᠳᠠᠷᠤᠯᠴᠠᠭᠰᠠᠨ ᠬᠥᠭᠡᠴᠦ ᠢᠩᠭᠢᠵᠦ ᠲᠡᠮᠦᠵᠢᠨ ᠢ᠋ ᠬᠠᠭᠤᠴᠢᠨ ᠰᠢᠷᠬ᠎ᠠ ᠰᠡᠳᠡᠷᠡᠬᠦ ᠮᠡᠲᠦ ᠰᠢᠨᠠᠯᠭᠠᠵᠤ ᠡᠬᠢᠯᠡᠪᠡ᠃ ᠡᠢᠮᠦ ᠬᠡᠷᠡᠭ ᠶᠠᠪᠤᠳᠠᠯ ᠪᠣᠯᠤᠨ᠎ᠠ ᠭᠡᠵᠦ ᠲᠡᠮᠦᠵᠢᠨ ᠳᠠᠩᠴᠤ ᠰᠠᠨᠠᠭ᠎ᠠ ᠦᠭᠡᠢ ᠪᠢᠯᠡ᠃ ᠶᠡᠷᠦ ᠬᠥᠮᠦᠨ ᠭᠡᠭᠴᠢ ᠲᠡᠢᠨ ᠳᠣᠯᠣᠭᠠᠨ ᠦᠭᠡᠢ ᠡᠩᠬᠡ ᠠᠮᠤᠷ᠂ ᠲᠠᠢᠪᠤᠩ ᠵᠢᠷᠭᠠᠯᠲᠠᠢ᠂ ᠡᠪᠡᠳᠴᠢᠨ ᠵᠣᠪᠠᠯᠠᠩ ᠦᠭᠡᠢ᠂ ᠥᠨᠢᠷ ᠪᠠᠶᠠᠨ ᠠᠮᠢᠳᠤᠷᠠᠯ ᠢ᠋ ᠬᠦᠰᠡᠳᠡᠭ ᠪᠣᠯᠬᠤ ᠶ᠋ᠢ ᠲᠡᠷᠡ ᠣᠢᠯᠠᠭᠠᠪᠠ᠃ ᠡᠨᠡ ᠮᠥᠩᠬᠡ ᠶ᠋ᠢᠨ ᠬᠦᠰᠡᠯ ᠢ᠋ ᠪᠡᠶᠡᠯᠡᠭᠦᠯᠦᠭᠴᠢ ᠭᠡᠵᠦ ᠢᠲᠡᠭᠡᠭᠰᠡᠨ ᠲᠤᠯᠠ ᠣᠳᠣ ᠳᠠᠪ ᠲᠩᠷᠢ ᠳ᠋ᠦ᠍ ᠣᠴᠢᠵᠠᠭᠠᠬᠤ ᠪᠣᠯᠪᠠ᠃ ᠲᠩᠷᠢ ᠶ᠋ᠢᠨ ᠬᠦᠴᠦᠨ ᠦ᠌ ᠢᠪᠡᠭᠡᠯ ᠳᠣᠣᠷ᠎ᠠ ᠠᠮᠢᠳᠤᠷᠠᠬᠤ ᠶ᠋ᠢ ᠬᠥᠮᠦᠨ ᠪᠦᠷᠢ ᠯᠡ ᠬᠦᠰᠡᠵᠦ ᠲᠡᠮᠦᠵᠢᠨ ᠢ᠋ ᠤᠯᠠᠢᠮ᠎ᠠ ᠴᠡᠢᠮ᠎ᠡ ᠣᠷᠬᠢᠨ ᠣᠳᠬᠤ ᠪᠣᠯᠵᠠᠢ᠃ ᠳᠠᠪ ᠲᠩᠷᠢ ᠳ᠋ᠦ᠍ ᠴᠢᠩᠭᠢᠰ ᠬᠠᠭᠠᠨ ᠠ᠋ᠴᠠ ᠢᠯᠡᠭᠦᠦ ᠶᠡᠬᠡ ᠬᠦᠴᠦ ᠪᠠᠢᠭᠰᠠᠨ ᠤ᠋ ᠢᠯᠡᠷᠡᠯ ᠡᠨᠡ ᠪᠠᠢᠪᠠ᠃ ᠳᠠᠪ ᠲᠩᠷᠢ ᠨᠢᠭᠡᠨᠲᠡ ᠴᠢᠩᠭᠢᠰ ᠬᠠᠭᠠᠨ ᠤ᠋ ᠳᠠᠢᠰᠤᠨ ᠪᠣᠯᠵᠠᠢ᠃ ᠭᠡᠪᠡᠴᠦ ᠲᠡᠷᠡ ᠵᠦᠭᠡᠷ ᠨᠢᠭᠡ ᠰᠡᠯᠡᠮ᠎ᠡ ᠳᠠᠯᠠᠢᠵᠤ᠂ ᠰᠠᠭᠠᠳᠠᠭ ᠡᠭᠦᠷᠦᠭᠰᠡᠨ ᠤᠰᠤᠨ ᠨᠢᠳᠦᠲᠡᠢ ᠴᠢᠰᠤᠨ ᠵᠢᠷᠦᠬᠡ ᠲᠡᠢ ᠳᠠᠢᠰᠤᠨ ᠪᠢᠰᠢ ᠶᠦᠮ᠃ ᠬᠥᠮᠦᠰ ᠳᠠᠪ ᠲᠩᠷᠢ ᠶ᠋ᠢᠨ ᠢᠳᠢ ᠰᠢᠳᠢ᠂ ᠶᠡᠬᠡ ᠬᠦᠴᠦᠨ ᠳ᠋ᠦ᠍ ᠢᠳᠡᠭᠡᠨ ᠲᠣᠭᠣᠷᠢᠨ ᠬᠦᠷᠢᠶᠡᠯᠡᠵᠦ ᠪᠠᠢᠪᠠ᠃
ᠡᠢᠮᠦ ᠤᠴᠢᠷ ᠠ᠋ᠴᠠ ᠲᠡᠭᠷᠢ ᠶ᠋ᠢᠨ ᠬᠦᠰᠡᠯ ᠢ ᠳᠠᠮᠵᠢᠭᠤᠯᠤᠨ ᠤᠯᠠᠮᠵᠢᠯᠠᠭᠴᠢ ᠬᠥᠭᠡᠴᠦ ᠲᠡᠢ ᠴᠢᠩᠭᠢᠰ ᠬᠠᠭᠠᠨ ᠥᠪᠡᠷ ᠢ᠋ᠶ᠋ᠡᠨ ᠨᠢᠭᠤᠷ ᠲᠤᠯᠤᠨ ᠳᠠᠢᠰᠤᠩᠨᠠᠨ ᠡᠪᠳᠡᠷᠡᠯᠴᠡᠬᠦ ᠡᠴᠡ ᠵᠠᠢᠯᠠᠰᠬᠢᠬᠦ ᠬᠡᠷᠡᠭᠲᠡᠢ ᠪᠠᠢᠯ᠎ᠠ᠃ ᠳᠠᠪ ᠲᠡᠭᠷᠢ ᠣᠯᠠᠨ ᠠᠷᠠᠳ ᠤ᠋ᠨ ᠰᠡᠳᠬᠢᠯ ᠳ᠋ᠦ᠍ ᠠᠪᠤᠷᠠᠭᠴᠢ ᠲᠡᠭᠷᠢ ᠶ᠋ᠢᠨ ᠳᠦᠷᠢ ᠪᠡᠷ ᠭᠦᠨ ᠰᠢᠩᠭᠡᠭᠰᠡᠨ ᠲᠤᠯᠠ ᠤᠯᠤᠰ ᠭᠦᠷᠦᠨ ᠢ᠋ᠶ᠋ᠡᠨ ᠰᠠᠨᠳᠤᠷᠭᠠᠵᠤ᠂ ᠤᠰᠤ ᠮᠥᠷᠡᠨ ᠢ᠋ᠶ᠋ᠡᠨ ᠴᠠᠯᠭᠢᠭᠤᠯᠬᠤ ᠠ᠋ᠴᠠ ᠡᠮᠢᠶᠡᠨ᠎ᠡ᠃ ᠴᠢᠩᠭᠢᠰ ᠬᠠᠭᠠᠨ ᠴᠤ᠌ ᠥᠪᠡᠷ ᠢ᠋ᠶ᠋ᠡᠨ ᠳᠠᠪ ᠲᠡᠭᠷᠢ ᠳ᠋ᠦ᠍ ᠢᠳᠡᠭᠡᠨ ᠪᠢᠰᠢᠷᠡᠵᠦ᠂ ᠪᠠᠰᠠ ᠴᠤ᠌ ᠠᠶᠤᠬᠤ ᠲᠤᠯᠠ ᠡᠷᠡᠰ ᠬᠠᠲᠠᠭᠤ ᠲᠡᠮᠡᠴᠡᠯ ᠬᠢᠵᠦ ᠵᠢᠷᠦᠬᠡᠯᠡᠬᠦ ᠦᠭᠡᠢ ᠪᠠᠢᠭᠰᠠᠭᠠᠷ ᠮᠡᠩᠯᠢᠭ ᠦ᠋ᠨ ᠬᠥᠪᠡᠭᠦᠳ ᠢ ᠪᠦᠷ ᠤᠭᠤᠳᠤᠷᠤᠭᠤᠯᠤᠭᠰᠠᠨ ᠠᠵᠢ᠃ ᠣᠳᠣ ᠲᠡᠳᠡᠨ ᠦ᠌ ᠵᠠᠩ ᠠᠭᠠᠰᠢ᠂ ᠰᠢᠨᠤᠯ ᠬᠦᠰᠡᠯ ᠥᠪᠡᠷᠰᠡᠳ ᠲᠦ᠍ ᠨᠢ ᠴᠦ᠍ ᠵᠠᠬᠢᠷᠤᠭᠳᠠᠬᠤ ᠠ᠋ᠴᠠ ᠥᠩᠭᠡᠷᠡᠵᠡᠢ᠃
ᠢᠩᠭᠢᠵᠦ ᠶᠡᠬᠡ ᠮᠣᠩᠭᠣᠯ ᠤᠯᠤᠰ ᠲᠡᠢᠨ ᠥᠬᠡᠢ ᠠᠮᠤᠷ ᠰᠠᠭᠤᠭᠰᠠᠨ ᠡᠬᠢᠨ ᠦ᠌ ᠵᠢᠯ ᠳ᠋ᠦ᠍ ᠪᠠᠨ ᠯᠠ ᠲᠡᠭᠷᠢ ᠳ᠋ᠦ᠍ ᠲᠡᠳᠬᠦᠭᠳᠡᠵᠦ᠂ ᠭᠠᠵᠠᠷ ᠲᠤ᠌ ᠢᠪᠡᠭᠡᠭᠳᠡᠭᠰᠡᠨ ᠬᠣᠶᠠᠷ ᠬᠠᠭᠠᠨ ᠲᠠᠢ ᠮᠡᠲᠦ ᠪᠣᠯᠪᠠ᠃ ᠴᠢᠩᠭᠢᠰ ᠬᠠᠭᠠᠨ ᠤ᠋ ᠥᠪᠡᠷ ᠡᠴᠡ ᠨᠢ ᠠᠶᠤᠵᠤ ᠪᠣᠯᠭᠣᠮᠵᠢᠯᠠᠭᠰᠠᠨ ᠪᠠᠢᠳᠠᠯ ᠢ ᠳᠠᠪ ᠲᠡᠭᠷᠢ ᠣᠢᠯᠠᠭᠠᠵᠤ᠂ ᠠᠰᠢᠭᠯᠠᠬᠤ ᠶ᠋ᠢ ᠰᠠᠨᠠᠭᠠᠷᠬᠠᠵᠤ ᠪᠠᠢᠪᠠ᠃ ᠳᠠᠪ ᠲᠡᠭᠷᠢ ᠳ᠋ᠦ᠍ ᠶᠡᠬᠡ ᠮᠣᠩᠭᠣᠯ ᠤᠯᠤᠰ ᠤ᠋ᠨ ᠬᠠᠭᠠᠨ ᠰᠠᠭᠤᠬᠤ ᠪᠣᠯᠤᠮᠵᠢ ᠲᠡᠭᠦᠨ ᠡᠴᠡ ᠣᠯᠠᠨ ᠬᠤᠪᠢ ᠳᠠᠪᠠᠭᠤ ᠰᠢᠨᠤᠯ ᠬᠦᠰᠡᠯ ᠪᠠᠢᠯ᠎ᠠ᠃ ᠬᠣᠩᠬᠣᠳᠠᠨ ᠠᠢᠮᠠᠭ ᠤ᠋ᠨ ᠬᠢᠨ ᠬᠡᠵᠢᠶ᠎ᠡ ᠴᠦ᠍ ᠡᠢᠮᠦ ᠠᠯᠳᠠᠷ ᠨᠡᠷ᠎ᠡ ᠲᠡᠢ᠂ ᠬᠦᠴᠦ ᠴᠢᠳᠠᠯ ᠲᠠᠢ ᠪᠠᠢᠭᠰᠠᠨ ᠦᠭᠡᠢ᠃ ᠲᠡᠮᠦᠵᠢᠨ ᠢ ᠬᠠᠭᠠᠨ ᠰᠠᠭᠤᠳᠠᠯ ᠠ᠋ᠴᠠ ᠵᠠᠢᠯᠠᠭᠤᠯᠵᠤ ᠡᠵᠡᠨ ᠰᠠᠭᠤᠬᠤ ᠪᠦᠬᠦ ᠪᠣᠯᠤᠮᠵᠢ ᠨᠡᠭᠡᠭᠡᠭᠳᠡᠭᠰᠡᠨ ᠮᠡᠲᠦ ᠰᠠᠨᠠᠭᠳᠠᠭᠠᠳ ᠥᠪᠡᠷ ᠦ᠋ᠨ ᠴᠢᠳᠠᠯ ᠢᠳᠢ ᠰᠢᠳᠢ᠂ ᠭᠠᠵᠠᠷ ᠲᠡᠭᠷᠢ ᠶ᠋ᠢᠨ ᠶᠡᠬᠡ ᠬᠦᠴᠦ ᠶ᠋ᠢ ᠲᠡᠮᠦᠵᠢᠨ ᠦ᠌ ᠡᠰᠡᠷᠭᠦ ᠬᠡᠷᠡᠭᠯᠡᠬᠦ ᠪᠡᠷ ᠳᠠᠪ ᠲᠡᠭᠷᠢ ᠪᠡᠯᠡᠳᠬᠡᠵᠦ ᠡᠬᠢᠯᠡᠪᠡ᠃ ᠭᠡᠲᠡᠯ᠎ᠡ ᠲᠡᠮᠦᠵᠢᠨ ᠤᠷᠢᠳ ᠤ᠋ᠨ ᠠᠳᠠᠯᠢ ᠳᠠᠪ ᠲᠡᠭᠷᠢ ᠶ᠋ᠢᠨ ᠢᠳᠢ ᠰᠢᠳᠢᠨ ᠳ᠋ᠦ᠍ ᠵᠢᠯᠤᠭᠤᠳᠤᠭᠳᠠᠬᠤ ᠦᠭᠡᠢ ᠪᠣᠯᠵᠠᠢ᠃ ᠤᠴᠢᠷ ᠨᠢ ᠲᠡᠭᠦᠨ ᠢ ᠮᠣᠩᠭᠣᠯ ᠨᠤᠲᠤᠭ ᠤ᠋ᠨ ᠵᠠᠭᠤ ᠶᠡᠷᠡᠨ ᠨᠠᠢ᠍ᠮᠠᠨ ᠰᠠᠪᠳᠠᠭ ᠰᠠᠬᠢᠭᠤᠰᠤ ᠬᠠᠮᠠᠭᠠᠯᠠᠵᠤ ᠪᠠᠢᠪᠠ᠃ ᠴᠢᠩᠭᠢᠰ ᠬᠠᠭᠠᠨ ᠤ᠋ ᠬᠦᠵᠦᠭᠦᠨ ᠳ᠋ᠡᠬᠢ ᠵᠡᠪᠡ ᠬᠡᠯᠪᠡᠷᠢᠲᠦ ᠰᠠᠬᠢᠭᠤᠰᠤ ᠠ᠋ᠴᠠ ᠲᠦᠭᠡᠬᠦ ᠶᠡᠬᠡ ᠬᠦᠴᠦ ᠬᠠᠷᠢᠶᠠᠯ ᠬᠣᠣᠷᠯᠠᠯ ᠦᠯᠦ ᠨᠡᠪᠲᠡᠷᠡᠬᠦ ᠴᠠᠢᠵᠠ ᠪᠣᠯᠤᠨ ᠬᠠᠮᠠᠭᠠᠯᠠᠬᠤ ᠲᠤᠯᠠ ᠳᠠᠪ ᠲᠡᠭᠷᠢ ᠨᠢᠭᠡᠨᠲᠡ ᠬᠦᠴᠦᠨ ᠮᠡᠬᠦᠰᠳᠡᠭᠰᠡᠨ ᠢ᠋ᠶ᠋ᠡᠨ ᠮᠡᠳᠡᠵᠦ ᠪᠠᠢᠭᠰᠠᠨ ᠴᠤ᠌ ᠳᠠᠯᠳᠠ ᠶ᠋ᠢᠨ ᠬᠦᠰᠡᠯ ᠡᠴᠡ ᠪᠡᠨ ᠤᠬᠤᠷᠢᠭᠰᠠᠨ ᠦᠭᠡᠢ᠃ ᠬᠡᠷᠪᠡ ᠲᠡᠮᠦᠵᠢᠨ ᠦ᠌ ᠬᠦᠵᠦᠭᠦᠨ ᠡᠴᠡ ᠲᠡᠷᠡ ᠰᠠᠬᠢᠭᠤᠰᠤ ᠶ᠋ᠢ ᠰᠠᠯᠭᠠᠨ ᠠᠪᠴᠤ ᠴᠢᠳᠠᠪᠠᠯ ᠲᠡᠮᠦᠵᠢᠨ ᠢ ᠵᠢᠷ ᠦ᠋ᠨ ᠬᠥᠮᠦᠨ ᠠᠳᠠᠯᠢ ᠦᠬᠦᠭᠦᠯᠬᠦ ᠠᠷᠭ᠎ᠠ ᠵᠠᠬ᠎ᠠ ᠠ᠋ᠴᠠ ᠠᠪᠤᠨ ᠵᠠᠮ ᠠ᠋ᠴᠠ ᠡᠬᠢᠯᠡᠨ ᠣᠯᠳᠠᠬᠤ ᠪᠢᠯᠡ᠃ ᠬᠡᠷᠪᠡ ᠡᠢᠮᠦ ᠰᠠᠬᠢᠭᠤᠰᠤ ᠦᠭᠡᠢ ᠪᠣᠯ ᠲᠡᠮᠦᠵᠢᠨ ᠮᠣᠷᠢᠨ ᠠ᠋ᠴᠠ ᠤᠨᠠᠭᠠᠳ ᠦᠬᠦᠴᠢᠬᠡᠬᠦ ᠳ᠋ᠦ᠍ ᠴᠦ᠍ ᠭᠠᠢᠬᠠᠬᠤ ᠬᠡᠷᠡᠭ ᠦᠭᠡᠢ ᠶᠦᠮ᠃ ᠭᠡᠪᠡᠴᠦ ᠡᠨᠡ ᠰᠠᠬᠢᠭᠤᠰᠤ ᠶ᠋ᠢ ᠲᠡᠮᠦᠵᠢᠨ ᠤ ᠬᠦᠵᠦᠭᠦᠨ ᠡᠴᠡ ᠰᠠᠯᠭᠠᠨ ᠠᠪᠬᠤ ᠠᠷᠭ᠎ᠠ ᠨᠢᠭᠡᠨᠲᠡ ᠦᠭᠡᠢ ᠪᠣᠯᠵᠠᠢ᠃ ᠬᠠᠮᠤᠭ ᠰᠦᠷ ᠰᠦᠯᠳᠡ᠂ ᠠᠮᠢ ᠨᠠᠰᠤ ᠨᠢ ᠲᠡᠭᠷᠢ ᠶ᠋ᠢᠨ ᠰᠠᠬᠢᠭᠤᠰᠤᠨ ᠳ᠋ᠤ᠌ ᠰᠢᠩᠭᠡᠭᠰᠡᠨ ᠢ ᠬᠡᠯᠡᠵᠦ ᠬᠡᠵᠢᠶ᠎ᠡ ᠴᠦ᠍ ᠪᠠᠶᠠᠨ ᠠ᠋ᠴᠠ ᠰᠠᠯᠭᠠᠵᠤ ᠪᠣᠯᠬᠤ ᠦᠭᠡᠢ ᠶ᠋ᠢ ᠠᠮᠢᠨᠴᠢᠯᠠᠨ ᠰᠤᠷᠭᠠᠭᠰᠠᠨ ᠬᠥᠮᠦᠨ ᠨᠢ ᠳᠠᠪ ᠲᠡᠭᠷᠢ ᠥᠪᠡᠷ ᠢ᠋ᠶ᠋ᠡᠨ ᠪᠠᠢᠪᠠ᠃ ᠪᠠᠰᠠ ᠲᠡᠷᠡ ᠰᠠᠬᠢᠭᠤᠰᠤᠨ ᠳ᠋ᠤ᠌ ᠬᠦᠷᠪᠡᠯ ᠬᠣᠷᠣᠮ ᠤ᠋ᠨ ᠵᠠᠭᠤᠷ᠎ᠠ ᠬᠣᠣᠷᠯᠠᠭᠳᠠᠨ ᠦᠬᠦᠬᠦ ᠠᠶᠤᠯᠲᠠᠢ ᠶ᠋ᠢ ᠮᠡᠳᠡᠵᠦ ᠪᠠᠢᠭᠰᠠᠨ ᠨᠢ ᠰᠠᠭᠠᠳ ᠪᠣᠯᠤᠭᠰᠠᠨ ᠠᠵᠢ᠃ ᠭᠡᠲᠡᠯ᠎ᠡ ᠶᠡᠬᠡ ᠴᠢᠩᠭᠢᠰ ᠬᠠᠭᠠᠨ ᠤ᠋ ᠪᠠᠶᠠᠨ ᠳ᠋ᠤ᠌ ᠬᠠᠯᠳᠠᠨ ᠰᠠᠬᠢᠭᠤᠰᠤ ᠶ᠋ᠢ ᠰᠠᠯᠭᠠᠨ ᠠᠪᠴᠢᠷᠠᠬᠤ ᠵᠣᠷᠢᠭᠲᠠᠨ ᠮᠣᠩᠭᠣᠯ ᠤᠯᠤᠰ ᠲᠤ᠌ ᠨᠢᠭᠡᠨᠲᠡ ᠦᠭᠡᠢ ᠪᠠᠢᠯ᠎ᠠ᠃ ᠴᠢᠩᠭᠢᠰ ᠬᠠᠭᠠᠨ ᠢ ᠪᠤᠭᠤᠷᠴᠢ ᠶ᠋ᠢᠨ ᠵᠠᠬᠢᠷᠬᠤ ᠲᠣᠷᠭᠠᠨ ᠴᠡᠷᠢᠭ ᠦ᠋ᠳ ᠵᠠᠪᠰᠠᠷ ᠦᠭᠡᠢ ᠳ᠋ᠡᠭᠡᠨ ᠬᠠᠮᠠᠭᠠᠯᠠᠬᠤ ᠠ᠋ᠴᠠ ᠭᠠᠳᠠᠨ᠎ᠠ ᠦᠷᠭᠦᠭᠡᠨ ᠦ᠌ ᠬᠢᠨᠢ ᠡᠭᠦᠳᠡᠨ ᠳ᠋ᠦ᠍ ᠬᠠᠮᠤᠭ ᠤ᠋ᠨ ᠰᠢᠯᠢᠳᠡᠭ ᠦᠨᠡᠨᠴᠢ ᠴᠡᠷᠢᠭ ᠦ᠋ᠳ ᠨᠢᠳᠦ ᠰᠠᠯᠭᠠᠯ ᠦᠭᠡᠢ ᠰᠠᠬᠢᠨ ᠵᠣᠭᠰᠣᠳᠠᠭ ᠪᠠᠢᠯ᠎ᠠ᠃ ᠡᠨᠡ ᠪᠦᠬᠦ ᠪᠠᠢᠳᠠᠯ ᠥᠭᠡᠷ᠎ᠡ ᠠᠷᠭ᠎ᠠ ᠰᠦᠪᠡᠭᠴᠢᠯᠡᠬᠦ ᠶ᠋ᠢ ᠳᠠᠪ ᠲᠡᠭᠷᠢ ᠡᠴᠡ ᠱᠠᠭᠠᠷᠳᠠᠵᠠᠢ᠃ ᠳᠠᠪ ᠲᠡᠭᠷᠢ ᠶ᠋ᠢᠨ ᠳᠣᠲᠣᠷ᠎ᠠ ᠥᠭᠡᠷ᠎ᠡ ᠬᠣᠷᠣᠨ ᠰᠠᠨᠠᠭ᠎ᠠ ᠪᠣᠯᠪᠠᠰᠤᠷᠠᠵᠤ ᠪᠠᠢᠯ᠎ᠠ᠃ ᠬᠡᠷᠡᠭ ᠢ᠋ᠶ᠋ᠡᠨ ᠪᠦᠲᠦᠭᠡᠬᠦ ᠶ᠋ᠢᠨ ᠲᠤᠯᠠᠳᠠ ᠳᠠᠪ ᠲᠡᠭᠷᠢ ᠬᠡᠨ ᠢ᠋ ᠴᠦ᠍ ᠬᠠᠢᠷᠠᠯᠠᠬᠤ ᠦᠭᠡᠢ ᠬᠠᠲᠠᠭᠤ ᠰᠡᠳᠬᠢᠯ ᠲᠡᠢ ᠪᠣᠯᠵᠠᠢ᠃ ᠬᠠᠷᠢᠨ ᠳᠠᠪ ᠲᠡᠭᠷᠢ ᠶ᠋ᠢᠨ ᠬᠠᠭᠠᠨ ᠰᠠᠭᠤᠬᠤ ᠳᠠᠯᠳᠠ ᠬᠦᠰᠡᠯ ᠢ᠋ ᠬᠠᠮᠤᠭ ᠤ᠋ᠨ ᠲᠣᠳᠣ ᠣᠢᠯᠠᠭᠠᠵᠤ ᠮᠡᠳᠡᠷᠡᠭᠰᠡᠨ ᠬᠥᠮᠦᠨ ᠪᠣᠯ ᠬᠠᠰᠠᠷ ᠶᠤᠮ᠃ ᠢᠩᠭᠢᠬᠦ ᠤᠴᠢᠷ ᠲᠡᠭᠦᠨ ᠳ᠋ᠦ᠍ ᠪᠠᠢᠭᠰᠠᠨ ᠪᠢᠯᠡ᠃ ᠤᠯᠤᠰ ᠤ᠋ᠨ ᠳᠣᠲᠣᠷ᠎ᠠ ᠴᠢᠩᠭᠢᠰ ᠬᠠᠭᠠᠨ ᠤ᠋ ᠳᠠᠷᠠᠭ᠎ᠠ ᠶ᠋ᠢᠨ ᠰᠠᠭᠤᠷᠢ ᠶ᠋ᠢ ᠭᠠᠷᠴᠠᠭ᠎ᠠ ᠦᠭᠡᠢ ᠡᠵᠡᠯᠡᠬᠦ ᠶᠣᠰᠣᠲᠠᠢ ᠠᠲᠠᠯ᠎ᠠ ᠰᠢᠳᠤᠷᠭᠤ ᠪᠤᠰᠤ ᠪᠠᠷ ᠵᠠᠢᠯᠠᠭᠤᠯᠤᠭᠳᠠᠵᠤ ᠭᠠᠳᠠᠭᠤᠷᠬᠠᠭᠳᠠᠭᠰᠠᠨ ᠬᠠᠰᠠᠷ ᠴᠢᠩᠭᠢᠰ ᠬᠠᠭᠠᠨ ᠳ᠋ᠤ᠌ ᠣᠢᠷᠠᠲᠤᠨ ᠰᠢᠳᠠᠷᠯᠠᠭᠴᠢ ᠬᠡᠨ ᠢ᠋ ᠴᠦ᠍ ᠪᠠᠢᠭᠰᠠᠨ ᠦᠵᠡᠨ ᠶᠠᠳᠠᠵᠤ ᠪᠠᠢᠪᠠ᠃ ᠲᠡᠳᠡᠨ ᠦ᠌ ᠳᠣᠲᠣᠷ᠎ᠠ ᠠ᠋ᠴᠠ ᠶᠢᠰᠦᠭᠡᠢ ᠶ᠋ᠢᠨ ᠤᠳᠤᠮ ᠤ᠋ᠨ ᠤᠨᠠᠭᠠᠨ ᠪᠣᠭᠣᠯ ᠮᠡᠩᠯᠢᠭ ᠦ᠋ᠨ ᠬᠥᠪᠡᠭᠦᠨ ᠬᠥᠭᠡᠴᠦ ᠢᠩᠭᠢᠵᠦ ᠶᠡᠬᠡ ᠨᠡᠷ᠎ᠡ ᠶ᠋ᠢ ᠣᠯᠤᠭᠰᠠᠨ ᠨᠢ ᠬᠠᠰᠠᠷ ᠤ᠋ᠨ ᠬᠤᠪᠢ ᠳ᠋ᠤ᠌ ᠬᠠᠮᠤᠭ ᠤ᠋ᠨ ᠲᠣᠷᠣᠮᠵᠢᠯᠠᠯᠲᠠᠢ᠂ ᠲᠡᠪᠴᠢᠰᠢ ᠦᠭᠡᠢ ᠬᠡᠷᠡᠭ ᠪᠣᠯᠵᠠᠢ᠃ ᠬᠠᠰᠠᠷ ᠪᠣᠯ ᠡᠷ᠎ᠡ ᠵᠣᠷᠢᠭᠲᠠᠢ ᠶᠠᠭᠤᠨ ᠠ᠋ᠴᠠ ᠴᠤ᠌ ᠦᠯᠦ ᠰᠢᠨᠲᠠᠷᠠᠬᠤ ᠬᠥᠮᠦᠨ ᠲᠤᠯᠠ ᠳᠠᠪ ᠲᠡᠭᠷᠢ ᠲᠡᠭᠦᠨ ᠡᠴᠡ ᠶᠠᠭ ᠭᠠᠯᠵᠠᠭᠤ ᠨᠣᠬᠠᠢ ᠶ᠋ᠢᠨ ᠠᠳᠠᠯᠢ ᠠᠶᠤᠵᠤ ᠪᠠᠢᠪᠠ᠃ ᠬᠠᠰᠠᠷ ᠬᠡᠵᠢᠶ᠎ᠡ ᠴᠦ᠍ ᠬᠠᠮᠢᠭ᠎ᠠ ᠠ᠋ᠴᠠ ᠴᠤ᠌ ᠬᠠᠮᠢᠶ᠎ᠠ ᠦᠭᠡᠢ ᠢᠷᠡᠭᠡᠳ ᠵᠠᠭᠤᠭᠠᠳ ᠠᠪᠴᠤ ᠮᠡᠳᠡᠬᠦ ᠭᠠᠯᠵᠠᠭᠤ ᠨᠣᠬᠠᠢ ᠰᠢᠭ᠋ ᠬᠥᠮᠦᠨ ᠭᠡᠵᠦ ᠳᠠᠪ ᠲᠡᠭᠷᠢ ᠦᠵᠡᠵᠡᠢ᠃ ᠬᠠᠰᠠᠷ ᠴᠣᠬᠣᠮ ᠶᠠᠭᠤᠨ ᠤ᠋ ᠤᠴᠢᠷ ᠥᠪᠡᠷ ᠢ᠋ ᠨᠢ ᠦᠵᠡᠨ ᠶᠠᠳᠠᠵᠤ ᠪᠠᠢᠭ᠎ᠠ ᠶ᠋ᠢ ᠴᠦ᠍ ᠳᠠᠪ ᠲᠡᠭᠷᠢ ᠲᠣᠳᠣᠷᠬᠠᠢ ᠮᠡᠳᠡᠵᠦ ᠪᠠᠢᠯ᠎ᠠ᠃ ᠲᠡᠭᠦᠨ ᠢ᠋ ᠰᠠᠨᠠᠭᠰᠠᠨ ᠢ᠋ᠶ᠋ᠠᠨ ᠬᠡᠷᠡᠭᠵᠢᠭᠦᠯᠵᠦ ᠤᠯᠤᠰ ᠤ᠋ᠨ ᠡᠵᠡᠨ ᠰᠠᠭᠤᠬᠤ ᠳ᠋ᠤ᠌ ᠴᠢᠩᠭᠢᠰ ᠬᠠᠭᠠᠨ ᠠ᠋ᠴᠠ ᠢᠯᠡᠭᠦᠦ ᠰᠠᠭᠠᠳ ᠲᠣᠳᠬᠠᠷ ᠤᠴᠠᠷᠠᠭᠤᠯᠬᠤ ᠬᠥᠮᠦᠨ ᠬᠠᠰᠠᠷ ᠪᠣᠯᠵᠠᠢ᠃ ᠭᠡᠪᠡᠴᠦ ᠳᠠᠪ ᠲᠡᠭᠷᠢ ᠬᠠᠰᠠᠷ ᠲᠠᠢ ᠣᠯᠠᠨ ᠤ᠋ ᠨᠢᠳᠦᠨ ᠦ᠌ ᠡᠮᠦᠨ᠎ᠡ ᠵᠥᠷᠢᠴᠡᠯᠳᠦᠨ ᠲᠡᠮᠡᠴᠡᠯᠳᠦᠬᠦ ᠡᠴᠡ ᠠᠯᠢ ᠪᠣᠯᠬᠤ ᠪᠠᠷ ᠵᠠᠢᠯᠠᠰᠬᠢᠵᠦ ᠪᠠᠢᠪᠠ᠃ ᠬᠠᠰᠠᠷ ᠲᠠᠢ ᠮᠠᠭᠤᠳᠠᠯᠴᠠᠬᠤ ᠨᠢ ᠳᠠᠪ ᠲᠡᠭᠷᠢ ᠶ᠋ᠢᠨ ᠶᠡᠬᠡ ᠨᠡᠷ᠎ᠡ ᠶ᠋ᠢ ᠣᠯᠠᠨ ᠤ᠋ ᠳᠣᠲᠣᠷ᠎ᠠ ᠤᠨᠠᠭᠠᠬᠤ ᠠ᠋ᠴᠠ ᠭᠠᠳᠠᠨ᠎ᠠ᠂ ᠲᠡᠷᠡ ᠥᠪᠡᠷ ᠢ᠋ ᠪᠡᠨ ᠵᠥᠪᠬᠡᠨ ᠴᠢᠩᠭᠢᠰ ᠬᠠᠭᠠᠨ ᠲᠠᠢ ᠡᠩ ᠲᠡᠩᠴᠡᠭᠦᠦ ᠭᠡᠵᠦ ᠦᠵᠡᠬᠦ ᠤᠴᠢᠷ ᠠ᠋ᠴᠠ ᠬᠠᠰᠠᠷ ᠤ᠋ᠨ ᠡᠭᠳᠡᠭᠦᠴᠡᠯ᠂ ᠡᠰᠡᠷᠭᠦᠴᠡᠯ ᠢ᠋ ᠠᠯᠢ ᠪᠣᠯᠬᠤ ᠪᠠᠷ ᠲᠡᠰᠪᠦᠷᠢᠯᠡᠨ ᠥᠩᠭᠡᠷᠡᠭᠡᠵᠦ᠂ ᠦᠯᠦ ᠲᠣᠭᠣᠮᠰᠠᠷᠯᠠᠭᠰᠠᠨ ᠳᠦᠷᠢ ᠡᠰᠬᠡᠵᠦ ᠪᠠᠢᠪᠠ᠃ ᠢᠩᠭᠢᠬᠦ ᠨᠢ ᠬᠠᠮᠤᠭ ᠤ᠋ᠨ ᠵᠥᠪ ᠠᠷᠭ᠎ᠠ ᠪᠠᠢᠭᠰᠠᠨ ᠪᠢᠯᠡ᠃ ᠪᠠᠰᠠ ᠶᠢᠰᠦᠭᠡᠢ ᠶ᠋ᠢᠨ ᠪᠡᠯᠪᠡᠰᠦᠨ ᠡᠮ᠎ᠡ ᠥᠭᠡᠯᠦᠨ᠂ ᠬᠠᠰᠠᠷ ᠬᠥᠪᠡᠭᠦᠨ ᠢ᠋ᠶ᠋ᠡᠨ ᠢᠯᠡᠷᠬᠡᠢ ᠥᠮᠥᠭᠯᠡᠨ ᠳᠡᠮᠵᠢᠳᠡᠭ ᠨᠢ ᠳᠠᠪ ᠲᠡᠭᠷᠢ ᠶ᠋ᠢ ᠥᠪᠡᠷ ᠦ᠋ᠨ ᠡᠷᠬᠡ ᠦᠭᠡᠢ ᠪᠣᠯᠭᠣᠮᠵᠢᠯᠠᠬᠤ ᠳ᠋ᠤ᠌ ᠬᠦᠷᠭᠡᠵᠡᠢ᠃ ᠥᠭᠡᠯᠦᠨ ᠪᠣᠯ ᠶᠡᠬᠡ ᠮᠣᠩᠭᠣᠯ ᠤᠯᠤᠰ ᠤ᠋ᠨ ᠳᠣᠲᠣᠷ᠎ᠠ ᠬᠠᠮᠤᠭ ᠤ᠋ᠨ ᠶᠡᠬᠡ ᠨᠡᠷ᠎ᠡ ᠬᠦᠨᠳᠦᠲᠡᠢ᠂ ᠨᠥᠯᠥᠭᠡ ᠶᠡᠬᠡᠲᠡᠢ ᠡᠮ᠎ᠡ ᠪᠢᠯᠡ᠃ ᠬᠠᠰᠠᠷ ᠲᠠᠢ ᠥᠷᠢᠰᠦᠯᠳᠦᠨ ᠲᠡᠮᠡᠴᠡᠬᠦ ᠨᠢ ᠥᠭᠡᠯᠦᠨ ᠲᠡᠢ ᠳᠠᠢᠰᠤᠨ ᠪᠣᠯᠬᠤ ᠳ᠋ᠤ᠌ ᠰᠢᠭᠤᠳ ᠬᠦᠷᠭᠡᠬᠦ ᠲᠤᠯᠠ ᠳᠠᠪ ᠲᠡᠭᠷᠢ ᠥᠪᠡᠷ ᠦ᠋ᠨ ᠡᠷᠬᠡ ᠦᠭᠡᠢ ᠠᠶᠤᠵᠤ ᠪᠠᠢᠪᠠ᠃ ᠢᠩᠭᠢᠭᠡᠳ ᠣᠯᠠᠨ ᠬᠣᠨᠣᠭ ᠢ᠋ᠶ᠋ᠠᠷ ᠪᠣᠳᠣᠵᠤ ᠪᠣᠯᠪᠠᠰᠤᠷᠠᠭᠤᠯᠤᠭᠰᠠᠨ ᠬᠣᠷᠣᠨ ᠰᠠᠨᠠᠭ᠎ᠠ ᠪᠠᠨ ᠬᠡᠷᠡᠭᠵᠢᠭᠦᠯᠬᠦ ᠡᠳᠦᠷ ᠢ᠋ ᠰᠣᠩᠭᠣᠨ ᠠᠪᠴᠠᠢ᠃ ᠴᠢᠩᠭᠢᠰ ᠬᠠᠭᠠᠨ ᠤ᠋ ᠬᠤᠪᠢ ᠳ᠋ᠤ᠌ ᠬᠠᠮᠤᠭ ᠤ᠋ᠨ ᠦᠨᠡᠲᠡᠢ ᠵᠦᠢᠯ ᠨᠢ ᠣᠳᠣ ᠬᠠᠭᠠᠨ ᠰᠠᠭᠤᠳᠠᠯ᠂ ᠠᠯᠲᠠᠨ ᠤᠷᠤᠭ ᠨᠢ ᠪᠣᠯᠤᠭᠠᠳ ᠪᠠᠢᠭᠰᠠᠨ ᠢ᠋ ᠠᠰᠢᠭᠯᠠᠵᠤ ᠠᠬ᠎ᠠ ᠳᠡᠭᠦᠦ ᠬᠣᠶᠠᠷ ᠢ᠋ ᠠᠯᠠᠯᠳᠤᠭᠤᠯᠬᠤ ᠪᠠᠷ ᠳᠠᠪ ᠲᠡᠭᠷᠢ ᠰᠢᠢᠳᠦᠭᠰᠡᠨ ᠪᠠᠢᠪᠠ᠃ ᠴᠢᠩᠭᠢᠰ ᠬᠠᠭᠠᠨ ᠤ᠋ ᠦᠢᠯᠡᠰ ᠬᠠᠵᠠᠢᠵᠤ᠂ ᠰᠡᠳᠬᠢᠯ ᠰᠠᠨᠠᠭᠠᠨ ᠤ᠋ ᠬᠢᠨᠢ ᠡᠷᠴᠢ ᠬᠦᠴᠦ ᠪᠠᠭᠤᠷᠠᠭᠰᠠᠨ ᠡᠳᠦᠷ ᠢ᠋ ᠰᠣᠩᠭᠣᠨ ᠠᠪᠴᠤ ᠬᠣᠣᠷᠲᠤ ᠰᠤᠮᠤ ᠮᠡᠲᠦ ᠦᠭᠡ ᠪᠡᠨ ᠬᠡᠯᠡᠵᠡᠢ᠃ ᠰᠥᠨᠢ ᠨᠢ ᠥᠪᠡᠷ ᠦ᠋ᠨ ᠰᠠᠬᠢᠭᠤᠰᠤ ᠶ᠋ᠢ ᠳᠠᠭᠤᠳᠠᠨ ᠲᠡᠮᠦᠵᠢᠨ ᠦ᠌ ᠰᠡᠳᠬᠢᠯ ᠰᠠᠨᠠᠭ᠎ᠠ ᠶ᠋ᠢ ᠪᠣᠬᠢᠮᠳᠤᠭᠤᠯᠬᠤ ᠠᠷᠭ᠎ᠠ ᠬᠢᠵᠡᠢ᠃
ᠴᠢᠩᠭᠢᠰ ᠬᠠᠭᠠᠨ ᠲᠡᠷᠡ ᠰᠥᠨᠢ ᠬᠤᠯᠠᠨ ᠬᠠᠲᠤᠨ ᠤ᠋ ᠪᠠᠨ ᠦᠷᠭᠦᠭᠡᠨ ᠳ᠋ᠦ᠍ ᠮᠣᠷᠢᠯᠠᠭᠰᠠᠨ ᠪᠥᠭᠡᠳ ᠶᠠᠯᠢᠬᠤ ᠦᠭᠡᠢ ᠵᠦᠢᠯ ᠡᠴᠡ ᠬᠤᠯᠠᠨ ᠬᠠᠲᠤᠨ ᠲᠠᠢ ᠪᠠᠨ ᠮᠠᠷᠭᠤᠨ ᠬᠢᠯᠢᠩᠨᠡᠭᠡᠳ ᠲᠠᠪᠠ ᠦᠭᠡᠢᠬᠡᠨ ᠨᠣᠢᠷ ᠦᠭᠡᠢ ᠬᠣᠨᠣᠵᠠᠢ᠃ ᠲᠦᠷ ᠵᠠᠭᠤᠷ᠎ᠠ ᠲᠤᠭ ᠬᠢᠭᠰᠡᠨ ᠴᠦ᠍ ᠠᠯᠢ ᠡᠷᠲᠡ ᠦᠬᠦᠵᠦ ᠦᠷᠡᠭᠳᠡᠭᠰᠡᠨ ᠴᠢᠯᠭᠡᠷ ᠪᠥᠬᠡ ᠶ᠋ᠢ ᠵᠡᠭᠦᠳᠦᠯᠡᠭᠡᠳ ᠴᠣᠴᠢᠨ ᠰᠡᠷᠡᠵᠡᠢ᠃ ᠡᠨᠡ ᠵᠡᠭᠦᠳᠦᠨ ᠡᠴᠡ ᠪᠡᠨ ᠶᠡᠬᠡᠳᠡ ᠰᠡᠵᠢᠭᠯᠡᠵᠦ ᠲᠡᠷᠡ ᠴᠢᠯᠭᠡᠷ ᠪᠥᠬᠡ ᠶ᠋ᠢ ᠬᠠᠰᠠᠷ ᠤ᠋ᠨ ᠭᠠᠷ ᠢ᠋ᠶ᠋ᠠᠷ ᠦᠬᠦᠭᠦᠯᠳᠡᠭ ᠪᠠᠢᠵᠤ ᠭᠡᠵᠦ ᠶᠡᠬᠡᠳᠡ ᠬᠠᠷᠠᠮᠰᠠᠨ ᠪᠣᠳᠣᠭᠰᠠᠭᠠᠷ ᠦᠷ ᠴᠠᠢᠯᠭᠠᠵᠠᠢ᠃ ᠢᠩᠭᠢᠵᠦ ᠲᠠᠪᠠ ᠦᠭᠡᠢ ᠬᠣᠨᠣᠭᠰᠠᠨ ᠴᠢᠩᠭᠢᠰ ᠬᠠᠭᠠᠨ ᠥᠷᠯᠥᠭᠡ ᠶᠡᠬᠡ ᠤᠴᠠᠭᠠᠷᠲᠠᠢ ᠳᠡᠭᠡᠭᠰᠢᠯᠡᠭᠰᠡᠨ ᠲᠤᠯᠠ ᠤᠷᠲᠤ ᠰᠥᠨᠢ ᠪᠥᠷᠲᠡ ᠬᠠᠲᠤᠨ ᠤ᠋ ᠲᠤᠬᠠᠢ ᠳᠠᠭ᠎ᠠ ᠦᠭᠡᠢ ᠦᠭᠡ ᠬᠡᠯᠡᠵᠦ ᠲᠡᠭᠦᠨ ᠢ ᠬᠢᠯᠢᠩᠨᠡᠭᠦᠯᠪᠡ ᠭᠡᠵᠦ ᠬᠤᠯᠠᠨ ᠶᠡᠬᠡ ᠠᠶᠤᠵᠤ ᠡᠮᠢᠶᠡᠵᠡᠢ᠃ ᠠᠰᠢᠭᠦᠢ ᠴᠢᠩᠭᠢᠰ ᠬᠠᠭᠠᠨ ᠲᠡᠷᠡ ᠲᠤᠬᠠᠢ ᠦᠭᠡ ᠰᠡᠬᠦᠬᠦ ᠦᠭᠡᠢ ᠴᠡᠢᠯᠡᠵᠦ ᠳᠠᠭᠤᠰᠤᠭᠠᠳ ᠶᠠᠮᠪᠠᠨ ᠤ᠋ ᠪᠠᠨ ᠶᠡᠬᠡ ᠦᠷᠭᠦᠭᠡᠨ ᠳ᠋ᠦ᠍ ᠮᠣᠷᠢᠯᠠᠵᠠᠢ᠃ ᠲᠡᠭᠦᠨ ᠢ ᠲᠡᠨᠳᠡ ᠳᠠᠪ ᠲᠡᠭᠷᠢ ᠬᠦᠯᠢᠶᠡᠵᠦ ᠪᠠᠢᠪᠠ᠃
| ᠪᠢ ᠤᠷᠲᠤ ᠰᠥᠨᠢ ᠳᠡᠭᠡᠳᠦ ᠲᠩᠷᠢ ᠲᠡᠢ ᠶᠠᠷᠢᠯ᠎ᠠ᠃ ᠲᠩᠷᠢ ᠨᠠᠳᠠᠳᠤ ᠡᠢᠨ ᠬᠡᠯᠡᠪᠡ᠃《ᠲᠡᠮᠦᠵᠢᠨ ᠤᠯᠤᠰ ᠤ᠋ᠨ ᠡᠷᠬᠡ ᠶ᠋ᠢ ᠪᠠᠷᠢᠨ᠎ᠠ᠃ ᠨᠢᠭᠡᠨ ᠤᠳᠠᠭ᠎ᠠ ᠬᠠᠰᠠᠷ ᠤᠯᠤᠰ ᠤ᠋ᠨ ᠡᠷᠬᠡ ᠶ᠋ᠢ ᠪᠠᠷᠢᠨ᠎ᠠ᠃ ᠬᠠᠰᠠᠷ ᠠ᠋ᠴᠠ ᠡᠰᠡ ᠪᠣᠯᠭᠣᠮᠵᠢᠯᠠᠪᠠᠯ ᠶᠠᠭᠤ ᠪᠣᠯᠬᠤ ᠶ᠋ᠢ ᠬᠡᠨ ᠴᠦ᠍ ᠦᠯᠦ ᠮᠡᠳᠡᠨ᠎ᠡ 》 ᠭᠡᠪᠡ ᠭᠡᠵᠡᠢ᠃ ᠴᠠᠭ ᠢ ᠨᠢ ᠣᠯᠵᠤ ᠬᠡᠯᠡᠭᠰᠡᠨ ᠲᠡᠭᠦᠨ ᠦ᠌ ᠡᠨᠡ ᠦᠭᠡ ᠴᠢᠩᠭᠢᠰ ᠬᠠᠭᠠᠨ ᠤ᠋ ᠵᠢᠷᠦᠬᠡᠨ ᠳ᠋ᠦ᠍ ᠶᠠᠭ ᠦᠬᠦᠯ ᠦ᠋ᠨ ᠰᠤᠮᠤ ᠰᠢᠭ᠋ ᠭᠦᠨ ᠵᠣᠭᠣᠭᠳᠠᠬᠤ ᠶ᠋ᠢ ᠳᠠᠪ ᠲᠡᠭᠷᠢ ᠬᠠᠷᠠᠵᠤ ᠪᠠᠢᠯ᠎ᠠ᠃ ᠪᠦᠷ ᠲᠡᠮᠦᠵᠢᠨ ᠦ᠌ ᠳᠠᠭᠤ ᠠᠯᠲᠠᠨ ᠶᠣᠣᠯᠠᠬᠤ ᠴᠤ᠌ ᠰᠣᠨᠣᠰᠤᠭᠳᠠᠭᠰᠠᠨ ᠪᠢᠯᠡ᠃ ᠰᠡᠳᠬᠢᠯ ᠦ᠋ᠨ ᠢ᠋ᠶ᠋ᠡᠨ ᠭᠦᠨᠵᠡᠭᠡᠢ ᠴᠣᠴᠢᠷᠠᠯ ᠢ ᠴᠢᠩᠭᠢᠰ ᠬᠠᠭᠠᠨ ᠭᠠᠳᠠᠨ᠎ᠠ ᠪᠠᠨ ᠮᠡᠳᠡᠭᠳᠡᠭᠰᠡᠨ ᠦᠭᠡᠢ᠃ ᠳᠠᠪ ᠲᠡᠭᠷᠢ ᠶ᠋ᠢᠨ ᠡᠨᠡ ᠬᠣᠣᠷᠲᠠᠢ ᠦᠭᠡ ᠶ᠋ᠢ ᠣᠭᠲᠣ ᠰᠣᠨᠣᠰᠤᠭ᠎ᠠ ᠦᠭᠡᠢ ᠮᠡᠲᠦ ᠰᠠᠭᠤᠵᠠᠢ᠃ ᠲᠡᠮᠦᠵᠢᠨ ᠣᠭᠲᠣ ᠲᠣᠭᠣᠬᠤ ᠦᠭᠡᠢ ᠪᠦᠷ ᠲᠡᠭᠦᠨ ᠦ᠌ ᠬᠣᠣᠷᠲᠠᠢ ᠦᠭᠡᠨ ᠳ᠋ᠦ᠍ ᠬᠥᠮᠦᠨ ᠦ᠌ ᠤᠷᠮᠠᠨ ᠳ᠋ᠤ᠌ ᠬᠠᠷᠢᠭᠤ ᠬᠡᠯᠡᠯ ᠦᠭᠡᠢ ᠥᠩᠭᠡᠷᠡᠭᠰᠡᠨ ᠨᠢ ᠳᠠᠪ ᠲᠡᠭᠷᠢ ᠶ᠋ᠢ ᠥᠪᠡᠷ ᠦ᠋ᠨ ᠡᠷᠬᠡ ᠦᠭᠡᠢ ᠭᠠᠢᠬᠠᠰᠢᠷᠠᠭᠤᠯᠵᠠᠢ᠃ ᠲᠡᠮᠦᠵᠢᠨ ᠬᠣᠷᠣ ᠰᠢᠷ᠎ᠠ᠂ ᠠᠭᠤᠷ ᠬᠢᠯᠢᠩ ᠢ᠋ᠶ᠋ᠡᠨ ᠶᠠᠮᠠᠷ ᠬᠦᠴᠦ ᠪᠡᠷ ᠲᠡᠪᠴᠢᠨ ᠪᠠᠷᠢᠵᠤ ᠪᠠᠢᠭ᠎ᠠ ᠶ᠋ᠢ ᠲᠡᠷᠡ ᠣᠢᠯᠠᠭᠠᠭᠰᠠᠨ ᠦᠭᠡᠢ᠃ ᠵᠢᠷᠦᠬᠡᠨ ᠳ᠋ᠡᠭᠡᠨ ᠦᠭᠡᠨ ᠰᠤᠮᠤ ᠲᠡᠢᠮᠦ ᠭᠦᠨᠵᠡᠭᠡᠢ ᠪᠡᠷ ᠵᠠᠭᠤᠯᠭᠠᠴᠢᠬᠠᠭᠠᠳ ᠣᠭᠲᠣ ᠠᠵᠢᠭ ᠦᠭᠡᠢ ᠰᠠᠭᠤᠬᠤ ᠨᠢ ᠲᠡᠮᠦᠵᠢᠨ ᠢ ᠬᠥᠮᠦᠨ ᠪᠢᠰᠢ ᠮᠡᠲᠦ ᠰᠠᠨᠠᠭᠳᠠᠭᠤᠯᠵᠠᠢ᠃ ᠳᠠᠪ ᠲᠡᠭᠷᠢ ᠭᠡᠳᠡᠷᠭᠦ ᠪᠤᠴᠠᠵᠤ ᠬᠠᠷᠢᠮᠠᠭᠴᠠ ᠥᠪᠡᠷ ᠦ᠋ᠨ ᠬᠣᠷᠣᠨ ᠰᠠᠨᠠᠭ᠎ᠠ ᠶ᠋ᠢ ᠭᠦᠢᠴᠡᠳᠬᠡᠬᠦ ᠪᠡᠷ ᠶᠡᠬᠡ ᠲᠦᠳᠡᠭ ᠨᠣᠴᠣᠭᠠᠵᠤ ᠲᠣᠭᠰᠢᠨ ᠰᠠᠬᠢᠭᠤᠰᠤ ᠪᠠᠨ ᠳᠠᠭᠤᠳᠠᠨ ᠲᠡᠮᠦᠵᠢᠨ ᠢ ᠮᠠᠭᠤ ᠦᠢᠯᠡ ᠳ᠋ᠦ᠍ ᠳᠠᠭᠠᠭᠤᠯᠬᠤ ᠪᠠᠷ ᠢᠯᠡᠭᠡᠬᠦ ᠪᠡᠷ ᠰᠢᠢᠳᠴᠡᠢ᠃ ᠬᠡᠯᠡᠭᠰᠡᠨ ᠦᠭᠡ ᠨᠢ ᠴᠢᠩᠭᠢᠰ ᠬᠠᠭᠠᠨ ᠢ ᠮᠠᠭᠤ ᠦᠢᠯᠡ ᠳ᠋ᠦ᠍ ᠬᠥᠲᠥᠯᠵᠦ ᠴᠢᠳᠠᠬᠤ ᠦᠭᠡᠢ ᠮᠡᠲᠦ ᠰᠠᠨᠠᠭᠳᠠᠭᠠᠳ ᠪᠣᠯᠤᠭᠰᠠᠨ ᠦᠭᠡᠢ᠃
ᠳᠠᠪ ᠲᠡᠭᠷᠢ ᠶ᠋ᠢᠨ ᠬᠡᠯᠡᠭᠰᠡᠨ ᠦᠭᠡ ᠴᠢᠩᠭᠢᠰ ᠬᠠᠭᠠᠨ ᠢ ᠠᠶᠤᠮᠰᠢᠭᠲᠠᠢ ᠪᠠᠷ ᠰᠢᠷᠬᠠᠲᠤᠭᠤᠯᠵᠠᠢ᠃ ᠬᠠᠰᠠᠷ ᠤ᠋ᠨ ᠲᠤᠬᠠᠢ ᠳᠠᠪ ᠲᠡᠭᠷᠢ ᠶ᠋ᠢᠨ ᠬᠡᠯᠡᠭᠰᠡᠨ ᠨᠢ ᠴᠢᠩᠭᠢᠰ ᠬᠠᠭᠠᠨ ᠳ᠋ᠤ᠌ ᠴᠣ ᠰᠢᠨ᠎ᠡ᠂ ᠴᠣᠴᠢᠮᠠᠷ ᠰᠠᠨᠠᠭᠳᠠᠭᠰᠠᠨ ᠦᠭᠡᠢ ᠴᠦ᠍ ᠭᠠᠭᠴᠠᠬᠠᠨ ᠥᠪᠡᠷ ᠦ᠋ᠨ ᠢ᠋ᠶ᠋ᠡᠨ ᠳᠣᠲᠣᠷ᠎ᠠ ᠬᠠᠳᠠᠭᠠᠯᠠᠨ ᠨᠢᠭᠤᠵᠤ ᠶᠠᠪᠤᠭᠰᠠᠨ ᠰᠡᠵᠢᠭ ᠢ ᠳᠠᠪ ᠲᠡᠭᠷᠢ ᠢᠩᠭᠢᠵᠦ ᠪᠠᠲᠤᠯᠠᠨ ᠬᠡᠯᠡᠭᠰᠡᠨ ᠳ᠋ᠦ᠍ ᠮᠠᠰᠢ ᠶᠡᠬᠡ ᠲᠦᠭᠰᠢᠨ ᠪᠣᠳᠣᠯ ᠳ᠋ᠤ᠌ ᠤᠨᠠᠪᠠ᠃ ᠶᠡᠬᠡ ᠮᠠᠲᠠᠯ᠂ ᠡᠵᠡᠨᠲᠦ ᠤᠯᠤᠰ ᠢ ᠨᠢ ᠪᠤᠯᠢᠶᠠᠨ ᠠᠪᠴᠤ ᠴᠢᠳᠠᠬᠤ ᠬᠦᠴᠦᠲᠡᠨ ᠪᠣᠯ ᠭᠠᠭᠴᠠ ᠬᠠᠰᠠᠷ ᠭᠡᠳᠡᠭ ᠢ ᠲᠡᠮᠦᠵᠢᠨ ᠬᠡᠨ ᠢ᠋ᠶ᠋ᠡᠷ ᠴᠦ᠍ ᠬᠡᠯᠡᠭᠦᠯᠦᠯ ᠦᠭᠡᠢ ᠮᠡᠳᠡᠨ᠎ᠡ᠃ ᠬᠠᠰᠠᠷ ᠲᠤ᠌ ᠡᠢᠮᠦ ᠬᠦᠰᠡᠯ ᠪᠠᠢᠭ᠎ᠠ ᠳ᠋ᠤ᠌ ᠴᠤ᠌ ᠢᠲᠡᠭᠡᠵᠦ ᠶᠠᠪᠤᠭᠰᠠᠨ ᠪᠢᠯᠡ᠃ ᠭᠡᠲᠡᠯ᠎ᠡ ᠬᠠᠰᠠᠷ ᠤ᠋ᠨ ᠡᠨᠡ ᠳᠠᠯᠳᠠ ᠬᠦᠰᠡᠯ ᠲᠩᠷᠢ ᠶ᠋ᠢᠨ ᠵᠠᠷᠯᠢᠭ ᠪᠠᠢᠭᠰᠠᠨ ᠨᠢ ᠥᠪᠡᠷ ᠦ᠋ᠨ ᠡᠷᠬᠡ ᠦᠭᠡᠢ ᠠᠢᠳᠠᠰ᠂ ᠰᠠᠨᠳᠤᠷᠤᠯ ᠢ ᠲᠥᠷᠥᠭᠦᠯᠵᠡᠢ᠃ ᠤᠳᠠᠲᠠᠯ᠎ᠠ ᠭᠠᠭᠴᠠᠭᠠᠷ ᠰᠠᠭᠤᠵᠤ ᠪᠣᠳᠣᠪᠠ᠃ ᠠᠯᠲᠠᠨ ᠤᠷᠤᠭ ᠤ᠋ᠨ ᠬᠥᠪᠡᠭᠦᠳ ᠦ᠋ᠨ ᠢ᠋ᠶ᠋ᠡᠨ ᠢᠷᠡᠭᠡᠳᠦᠢ ᠶ᠋ᠢᠨ ᠡᠷᠬᠡ ᠶ᠋ᠢᠨ ᠲᠥᠯᠥᠭᠡ ᠬᠠᠰᠠᠷ ᠢ ᠦᠬᠦᠭᠦᠯᠬᠦ ᠴᠠᠭ ᠭᠠᠷᠴᠠᠭ᠎ᠠ ᠦᠭᠡᠢ ᠮᠡᠲᠦ ᠰᠠᠨᠠᠭᠳᠠᠭᠰᠠᠭᠠᠷ ᠪᠠᠢᠭᠰᠠᠨ ᠴᠤ᠌ ᠴᠢᠩᠭᠢᠰ ᠬᠠᠭᠠᠨ ᠰᠢᠢᠳᠴᠦ ᠴᠢᠳᠠᠬᠤ ᠦᠭᠡᠢ ᠡᠷᠡᠭᠡᠯᠵᠡᠭᠰᠡᠭᠡᠷ ᠪᠠᠢᠯ᠎ᠠ᠃ ᠬᠡᠳᠦᠢ ᠬᠠᠰᠠᠷ ᠢ ᠲᠩᠷᠢ ᠲᠡᠳᠬᠦᠵᠦ ᠨᠢᠭᠡᠨ ᠤᠳᠠᠭ᠎ᠠ ᠤᠯᠤᠰ ᠢ ᠵᠠᠬᠢᠷᠤᠭᠤᠯᠤᠨ᠎ᠠ ᠭᠡᠰᠡᠨ ᠴᠦ᠍ ᠥᠰᠬᠦ ᠳ᠋ᠡᠭᠡᠨ ᠥᠭᠭᠦᠭᠰᠡᠨ ᠲᠠᠩᠭᠠᠷᠢᠭ ᠢ᠋ᠶ᠋ᠠᠨ ᠲᠡᠷᠡ ᠶᠠᠭᠠᠬᠢᠪᠠᠴᠤ ᠡᠪᠳᠡᠬᠦ ᠦᠭᠡᠢ ᠭᠡᠵᠦ ᠰᠠᠨᠠᠭᠰᠠᠨ ᠲᠤᠯᠠ ᠬᠠᠰᠠᠷ ᠢ ᠶᠠᠭᠤᠲᠠᠢ ᠴᠤ᠌ ᠡᠨᠡ ᠤᠳᠠᠭ᠎ᠠ ᠵᠦᠭᠡᠷ ᠣᠷᠬᠢᠬᠤ ᠪᠠᠷ ᠰᠢᠢᠳᠪᠡ᠃ ᠤᠴᠢᠷ ᠨᠢ ᠬᠠᠰᠠᠷ ᠤᠯᠠᠢᠮ᠎ᠠ ᠴᠠᠢᠮ᠎ᠠ ᠡᠷᠬᠡ ᠪᠤᠯᠢᠶᠠᠯᠳᠤᠨ ᠳᠠᠢᠰᠤᠩᠨᠠᠭᠠ ᠦᠭᠡᠢ ᠪᠠᠢᠪᠠ᠃ ᠪᠠᠰᠠ ᠥᠭᠡᠯᠦᠨ ᠡᠬᠡ ᠶ᠋ᠢᠨ ᠢ᠋ᠶ᠋ᠡᠨ ᠰᠡᠳᠬᠢᠯ ᠢ ᠡᠷᠬᠡᠪᠰᠢ ᠪᠤᠳᠤᠯᠴᠠᠬᠤ ᠶᠣᠰᠣᠲᠠᠢ ᠠᠵᠢ᠃ ᠭᠡᠲᠡᠯ᠎ᠡ ᠰᠥᠨᠢ ᠲᠡᠪᠴᠢᠨ ᠬᠡᠪᠲᠡᠵᠦ ᠴᠢᠳᠠᠭᠰᠠᠨ ᠦᠭᠡᠢ᠃ ᠬᠠᠰᠠᠷ ᠢ ᠣᠳᠣ ᠯᠠ ᠦᠭᠡᠢ ᠬᠢᠬᠦ ᠦᠭᠡᠢ ᠪᠣᠯ ᠮᠠᠷᠭᠠᠰᠢ ᠥᠷᠯᠥᠭᠡ ᠭᠡᠬᠦ ᠳ᠋ᠦ᠍ ᠯᠡ ᠳᠡᠢᠯᠦᠭᠳᠡᠰᠢ ᠦᠭᠡᠢ ᠬᠦᠴᠦᠲᠡᠢ ᠪᠣᠯᠵᠤ ᠥᠪᠡᠷ ᠡᠴᠡ ᠨᠢ ᠬᠣᠢᠰᠢ ᠬᠥᠪᠡᠭᠦᠳ ᠡᠴᠡ ᠤᠯᠤᠰ ᠢ᠋ ᠨᠢ ᠪᠤᠯᠢᠶᠠᠨ ᠠᠪᠬᠤ ᠮᠡᠲᠦ ᠰᠠᠨᠠᠭᠳᠠᠭᠠᠳ ᠲᠡᠪᠴᠢᠯ ᠦᠭᠡᠢ ᠪᠣᠰᠤᠨ ᠬᠠᠷᠠᠢᠵᠠᠢ᠃ ᠡᠨᠡ ᠪᠣᠯ ᠳᠠᠪ ᠲᠩᠷᠢ ᠶ᠋ᠢᠨ ᠢᠯᠡᠭᠡᠭᠰᠡᠨ ᠰᠠᠬᠢᠭᠤᠰᠤᠨ ᠤ᠋ ᠬᠦᠴᠦᠨ ᠳ᠋ᠦ᠍ ᠠᠪᠲᠠᠨ ᠮᠠᠭᠤ ᠦᠢᠯᠡ ᠳ᠋ᠦ᠍ ᠳᠠᠭᠤᠳᠠᠭᠳᠠᠭᠰᠠᠨ ᠬᠡᠷᠡᠭ ᠶᠦᠮ᠃ ᠬᠢᠪᠡᠯ ᠪᠦᠦ ᠠᠶᠤ᠂ ᠠᠶᠤᠪᠠᠯ ᠪᠦᠦ ᠬᠢ ᠭᠡᠳᠡᠭ ᠦᠭᠡ ᠪᠠᠢᠬᠤ ᠲᠤᠯᠠ ᠶᠠᠭ ᠢᠩᠭᠢᠵᠦ ᠬᠢᠬᠦ ᠪᠡᠷ ᠰᠢᠢᠳᠦᠭᠡᠳ ᠪᠤᠭᠤᠷᠴᠢ ᠶ᠋ᠢ ᠳᠠᠭᠠᠭᠤᠯᠤᠨ ᠰᠥᠨᠢᠵᠢᠨ ᠳᠠᠪᠬᠢᠭᠰᠠᠭᠠᠷ ᠬᠠᠰᠠᠷ ᠤ᠋ᠨ ᠳ᠋ᠤ᠌ ᠣᠴᠢᠪᠠ᠃ ᠨᠢᠭᠡᠨᠲᠡ ᠥᠪᠡᠷ ᠦ᠋ᠨ ᠰᠠᠨᠠᠭᠰᠠᠨ ᠢ᠋ᠶ᠋ᠠᠷ ᠬᠢᠪᠡ ᠭᠡᠵᠦ ᠪᠠᠲᠤ ᠢᠲᠡᠭᠡᠭᠰᠡᠨ ᠳᠠᠪ ᠲᠩᠷᠢ ᠭᠡᠷ ᠲᠡᠭᠡᠨ ᠥᠷᠭᠡᠨ ᠬᠠᠨᠵᠤᠨ ᠳᠡᠭᠡᠷ᠎ᠡ ᠡᠩᠨᠡᠨ ᠬᠡᠪᠲᠡᠭᠰᠡᠨ ᠡᠮᠡᠰ ᠢ᠋ᠶ᠋ᠡᠨ ᠡᠭᠡᠯᠵᠢᠯᠡᠨ ᠡᠳ᠋ᠯᠡᠭᠰᠡᠭᠡᠷ ᠦᠷ ᠴᠠᠢᠬᠤ ᠳ᠋ᠤ᠌ ᠰᠠᠶᠢ ᠨᠢᠭᠡ ᠣᠩᠭᠣᠳ ᠨᠢ ᠭᠠᠷᠴᠤ ᠲᠠᠢᠪᠤᠰᠢᠷᠠᠨ ᠶᠠᠳᠠᠷᠠᠭᠠᠳ ᠰᠠᠷᠠᠯ ᠦᠭᠡᠢ ᠭᠤᠷᠪᠠ ᠬᠣᠨᠣᠭ ᠤᠨᠲᠠᠵᠠᠢ᠃ ᠲᠡᠭᠦᠨ ᠦ᠌ ᠲᠣᠭᠰᠢᠨ ᠰᠠᠬᠢᠭᠤᠰᠤᠨ ᠤ᠋ ᠬᠦᠴᠦᠨ ᠳ᠋ᠦ᠍ ᠠᠪᠲᠠᠨ ᠲᠡᠮᠦᠵᠢᠨ᠂ ᠬᠠᠰᠠᠷ ᠳᠡᠭᠦᠦ ᠪᠡᠨ ᠬᠥᠨᠥᠭᠡᠨ᠎ᠡ ᠭᠡᠳᠡᠭ ᠲᠦ᠍ ᠳᠠᠪ ᠲᠩᠷᠢ ᠡᠷᠡᠭᠡᠯᠵᠡᠭᠰᠡᠨ ᠦᠭᠡᠢ ᠪᠢᠯᠡ᠃ ᠭᠡᠪᠡᠴᠦ ᠤᠨᠲᠠᠵᠤ᠂ ᠤᠨᠲᠠᠵᠤ ᠰᠡᠷᠡᠭᠡᠳ ᠪᠦᠬᠦ ᠵᠢᠳᠬᠦᠯ ᠨᠢ ᠲᠠᠯᠠᠭᠠᠷ ᠥᠩᠭᠡᠷᠡᠭᠰᠡᠨ ᠢ᠋ ᠣᠯᠵᠤ ᠮᠡᠳᠡᠮᠡᠭᠴᠡ ᠬᠢᠯᠢᠩᠨᠡᠨ ᠬᠠᠪᠢ ᠣᠢᠷ᠎ᠠ ᠶ᠋ᠢᠨ ᠬᠢᠨ ᠢ᠋ᠶ᠋ᠡᠨ ᠬᠢᠳᠤᠬᠤ ᠰᠢᠬᠠᠵᠠᠢ᠃ ᠬᠠᠮᠤᠭ ᠤ᠋ᠨ ᠣᠢᠷ᠎ᠠ ᠪᠠᠢᠵᠤ ᠲᠠᠭᠠᠷᠠᠭᠰᠠᠨ ᠲᠦᠪᠦᠬᠡᠨ ᠠᠢᠮᠠᠭ ᠤ᠋ᠨ ᠪᠦᠰᠡᠭᠦᠢ ᠳᠠᠪ ᠲᠩᠷᠢ ᠶ᠋ᠢᠨ ᠭᠠᠷ ᠲᠤ᠌ ᠥᠷᠲᠥᠨ ᠠᠮᠢ ᠪᠠᠨ ᠠᠯᠳᠠᠪᠠ᠃ ᠥᠪᠡᠷ ᠦ᠋ᠨ ᠡᠮᠡᠰ ᠦ᠋ᠨ ᠳᠣᠲᠣᠷ᠎ᠠ ᠠ᠋ᠴᠠ ᠬᠠᠮᠤᠭ ᠠ᠋ᠴᠠ ᠢᠯᠡᠭᠦᠦ ᠦᠵᠡᠨ ᠬᠠᠢᠷᠠᠯᠠᠵᠤ ᠦᠷᠭᠦᠯᠵᠢ ᠳᠡᠷᠭᠡᠳᠡ ᠪᠡᠨ ᠳᠠᠭᠠᠭᠤᠯᠤᠨ ᠡᠩᠬᠦᠷᠡᠢᠯᠡᠳᠡᠭ ᠪᠦᠰᠡᠭᠦᠢ ᠪᠡᠨ ᠳᠠᠪ ᠲᠩᠷᠢ ᠠᠶᠤᠮᠰᠢᠭᠲᠤ ᠬᠢᠯᠢᠩ ᠳ᠋ᠦ᠍ ᠠᠪᠲᠠᠭᠰᠠᠨ ᠳ᠋ᠠᠭᠠᠨ ᠬᠣᠭᠣᠯᠠᠢ ᠶ᠋ᠢ ᠨᠢ ᠲᠠᠰᠤ ᠬᠠᠵᠠᠨ ᠬᠥᠨᠥᠭᠡᠵᠡᠢ᠃ ᠢᠩᠭᠢᠭᠡᠳ ᠴᠦ᠍ ᠲᠠᠢᠪᠤᠰᠢᠷᠠᠭᠰᠠᠨ ᠦᠭᠡᠢ᠃ ᠨᠢᠭᠤᠷ ᠠᠮᠠ᠂ ᠡᠩᠭᠡᠷ ᠴᠡᠭᠡᠵᠢ ᠨᠢ ᠨᠢᠯ ᠴᠢᠰᠤ ᠪᠣᠯᠤᠭᠰᠠᠨ ᠳᠠᠪ ᠲᠩᠷᠢ ᠶ᠋ᠢᠨ ᠠᠮᠠᠨ ᠠ᠋ᠴᠠ ᠴᠤᠪᠤᠬᠤ ᠬᠠᠷᠢᠶᠠᠯ ᠵᠦᠬᠡᠯ ᠦ᠋ᠨ ᠦᠭᠡ ᠶ᠋ᠢ ᠰᠣᠨᠣᠰᠤᠭᠰᠠᠨ ᠪᠦᠬᠦᠨ ᠠᠶᠤᠨ ᠵᠢᠭᠤᠲᠠᠵᠤ ᠪᠠᠢᠬᠤ ᠳ᠋ᠤ᠌ ᠮᠡᠩᠯᠢᠭ ᠯᠡ ᠬᠥᠪᠡᠭᠦᠨ ᠢ᠋ᠶ᠋ᠡᠨ ᠠᠬᠢᠨ ᠮᠠᠭᠤ ᠦᠢᠯᠡ ᠬᠢᠬᠦ ᠡᠴᠡ ᠰᠡᠷᠭᠡᠢᠯᠡᠨ ᠳᠡᠷᠭᠡᠳᠡ ᠨᠢ ᠲᠡᠰᠪᠦᠷᠢᠯᠡᠨ ᠦᠯᠡᠳᠡᠵᠡᠢ᠃ ᠪᠣᠯᠬᠤ ᠦᠭᠡᠢ ᠪᠣᠯ ᠤᠷᠭᠠᠯᠠᠨ ᠠᠪᠴᠤ ᠢᠰᠡᠭᠡᠢ ᠳ᠋ᠦ᠍ ᠪᠣᠭᠣᠨ ᠬᠦᠯᠢᠵᠦ ᠲᠠᠢᠪᠤᠰᠢᠷᠠᠭᠤᠯᠬᠤ ᠪᠠᠷ ᠵᠡᠬᠡᠵᠦ ᠪᠠᠢᠲᠠᠯ᠎ᠠ ᠠᠰᠢᠭᠦᠢ ᠳᠠᠪ ᠲᠩᠷᠢ ᠰᠢᠲᠦᠭᠡᠨ ᠦ᠌ ᠪᠡᠨ ᠭᠡᠷ ᠲᠦ᠍ ᠰᠢᠷᠭᠤᠨ ᠣᠷᠣᠭᠠᠳ ᠲᠠᠭ ᠪᠣᠯᠵᠠᠢ᠃ ᠲᠠᠷᠠᠵᠤ ᠵᠢᠭᠤᠲᠠᠨ ᠶᠠᠪᠤᠭᠰᠠᠨ ᠬᠥᠮᠦᠰ ᠡᠷᠭᠢᠨ ᠢᠷᠡᠪᠡ᠃ ᠭᠡᠪᠡᠴᠦ ᠳᠠᠪ ᠲᠩᠷᠢ ᠶ᠋ᠢᠨ ᠰᠢᠲᠦᠭᠡᠨ ᠦ᠌ ᠭᠡᠷ ᠲᠦ᠍ ᠣᠢᠷᠠᠲᠤᠨ ᠣᠴᠢᠬᠤ ᠵᠢᠷᠦᠬᠡᠲᠡᠨ ᠦᠭᠡᠢ ᠪᠠᠢᠯ᠎ᠠ᠃ ᠭᠡᠯᠮᠡᠭᠳᠡᠨ ᠦᠬᠦᠭᠰᠡᠨ ᠪᠦᠰᠡᠭᠦᠢ ᠶ᠋ᠢᠨ ᠬᠡᠭᠦᠷ ᠢ᠋ ᠳᠠᠷᠤᠢ ᠨᠢᠳᠦᠨ ᠡᠴᠡ ᠳᠠᠯᠳᠠ ᠪᠣᠯᠭᠠᠵᠠᠢ᠃ ᠬᠠᠰᠠᠷ ᠠᠮᠢᠳᠤ ᠲᠡᠳᠦᠢ ᠪᠡᠷ ᠪᠠᠷᠠᠬᠤ ᠦᠭᠡᠢ ᠲᠡᠮᠦᠵᠢᠨ ᠦ᠌ ᠤᠳᠬᠤᠨ ᠳᠡᠭᠦᠦ ᠲᠡᠮᠦᠭᠡ ᠡᠯᠴᠢ ᠢᠷᠡᠭᠦᠯᠵᠦ ᠳᠠᠭᠠᠵᠤ ᠣᠴᠢᠭᠰᠠᠨ ᠠᠯᠪᠠᠲᠤ ᠪᠠᠨ ᠪᠤᠴᠠᠭᠠᠨ ᠶᠠᠪᠤᠭᠤᠯᠬᠤ ᠶ᠋ᠢ ᠳᠠᠪ ᠲᠩᠷᠢ ᠡᠴᠡ ᠱᠠᠭᠠᠷᠳᠠᠭᠰᠠᠨ ᠪᠠᠢᠪᠠ᠃ ᠴᠢᠩᠭᠢᠰ ᠬᠠᠭᠠᠨ ᠤ᠋ ᠰᠡᠳᠬᠢᠯ ᠲᠩᠷᠢ ᠶ᠋ᠢᠨ ᠬᠦᠴᠦᠨ ᠳ᠋ᠦ᠍ ᠠᠪᠲᠠᠭ᠎ᠠ ᠦᠭᠡᠢ ᠨᠢ ᠲᠦᠭᠰᠢᠮᠡᠷ ᠶᠠᠪᠤᠳᠠᠯ ᠪᠣᠯᠵᠠᠢ᠃ ᠶᠠᠭᠠᠬᠢᠭᠠᠳ ᠬᠠᠰᠠᠷ ᠠᠮᠢᠳᠤ ᠦᠯᠡᠳᠡᠭᠰᠡᠨ ᠢ᠋᠂ ᠶᠠᠮᠠᠷ ᠭᠡᠭᠴᠢ ᠶ᠋ᠢᠨ ᠠᠭᠤᠤ ᠬᠦᠴᠦ ᠠᠪᠤᠷᠠᠵᠤ ᠲᠤᠰᠠᠯᠠᠭᠰᠠᠨ ᠢ᠋ ᠳᠠᠪ ᠲᠩᠷᠢ ᠣᠢᠯᠠᠭᠠᠵᠤ ᠶᠠᠳᠠᠪᠠ᠃ ᠮᠡᠷᠭᠡᠯᠡᠵᠦ ᠦᠵᠡᠭᠡᠳ ᠴᠦ᠍ ᠮᠡᠳᠡᠵᠦ ᠴᠥᠬᠥᠪᠡ᠃ ᠴᠢᠩᠭᠢᠰ ᠬᠠᠭᠠᠨ ᠠ᠋ᠴᠠ ᠳᠤᠲᠠᠬᠤ ᠦᠭᠡᠢ ᠡᠷᠬᠡ ᠮᠠᠲᠠᠯ ᠲᠠᠢ ᠪᠣᠯᠤᠭᠰᠠᠨ ᠳᠠᠪ ᠲᠩᠷᠢ ᠶ᠋ᠢᠨ ᠠᠬ᠎ᠠ ᠳᠡᠭᠦᠦᠰ ᠠᠯᠪᠠᠲᠤ ᠪᠠᠨ ᠨᠡᠬᠡᠵᠦ ᠥᠪᠡᠷ ᠢ᠋ᠶ᠋ᠡᠨ ᠢᠷᠡᠭᠰᠡᠨ ᠲᠡᠮᠦᠭᠡ ᠨᠣᠶᠠᠨ ᠢ᠋ ᠤᠨᠲᠠᠵᠤ ᠪᠣᠢ ᠳᠠᠪ ᠲᠩᠷᠢ ᠳ᠋ᠦ᠍ ᠮᠥᠷᠭᠥᠭᠦᠯᠵᠦ᠂ ᠡᠮᠡᠭᠡᠯ ᠢ᠋ ᠨᠢ ᠡᠭᠦᠷᠦᠭᠦᠯᠦᠨ ᠶᠠᠪᠠᠭᠠᠨ ᠬᠥᠭᠡᠭᠡᠵᠦ ᠪᠤᠴᠠᠭᠠᠵᠠᠢ᠃ ᠳᠠᠪ ᠲᠩᠷᠢ ᠶ᠋ᠢ ᠤᠨᠲᠠᠭᠠᠳ ᠰᠡᠷᠡᠬᠦ ᠶ᠋ᠢᠨ ᠬᠣᠭᠣᠷᠣᠨᠳᠣ ᠡᠨᠡ ᠮᠡᠲᠦ ᠶᠠᠪᠤᠳᠠᠯ ᠪᠣᠯᠵᠤ ᠴᠢᠩᠭᠢᠰ ᠬᠠᠭᠠᠨ ᠪᠣᠯᠤᠭᠠᠳ ᠳᠠᠪ ᠲᠩᠷᠢ ᠶ᠋ᠢᠨ ᠬᠣᠭᠣᠷᠣᠨᠳᠣᠬᠢ ᠵᠥᠷᠢᠴᠡᠯ ᠲᠡᠮᠡᠴᠡᠯ ᠣᠭᠲᠣ ᠰᠠᠨᠠᠭᠠᠨ ᠳ᠋ᠤ᠌ ᠦᠭᠡᠢ ᠪᠡᠷ ᠢᠯᠡᠷᠡᠨ ᠲᠤᠢᠯ ᠳ᠋ᠠᠭᠠᠨ ᠬᠦᠷᠲᠡᠯ᠎ᠡ ᠬᠤᠷᠴᠠᠳᠤᠭᠰᠠᠨ ᠪᠠᠢᠪᠠ᠃ ᠳᠠᠪ ᠲᠩᠷᠢ ᠡᠭᠦᠨ ᠢ᠋ ᠮᠡᠳᠡᠮᠡᠭᠴᠡ ᠶᠠᠭᠠᠬᠢᠵᠤ ᠴᠤ᠌ ᠬᠢᠯᠢᠩᠨᠡᠭᠡᠳ᠂ ᠠᠬ᠎ᠠ ᠳᠡᠭᠦᠦ ᠪᠡᠨ ᠪᠤᠷᠤᠭᠤᠰᠢᠶᠠᠨ ᠵᠢᠮᠡᠯᠡᠭᠡᠳ ᠴᠦ᠍ ᠤᠷᠤᠰᠴᠤ ᠥᠩᠭᠡᠷᠡᠭᠰᠡᠨ ᠴᠠᠭ ᠬᠤᠭᠤᠴᠠᠭ᠎ᠠ ᠶ᠋ᠢ ᠤᠬᠤᠷᠢᠭᠠᠵᠤ ᠪᠤᠴᠠᠭᠠᠵᠤ ᠴᠢᠳᠠᠬᠤ ᠦᠭᠡᠢ ᠪᠣᠯᠵᠠᠢ᠃ ᠳᠠᠪ ᠲᠩᠷᠢ ᠪᠤᠷᠤᠭᠤᠳᠠᠭᠰᠠᠨ ᠢ᠋ᠶ᠋ᠠᠨ ᠣᠢᠯᠠᠭᠠᠪᠠ᠃ ᠥᠪᠡᠷ ᠦ᠋ᠨ ᠬᠢᠨᠢ ᠶᠡᠬᠡ ᠠᠯᠳᠠᠷ ᠤ᠋ᠨ ᠳᠣᠣᠷ᠎ᠠ ᠰᠠᠭᠭᠠᠵᠤ ᠲᠠᠪᠠᠷᠠᠭᠰᠠᠨ ᠠᠬ᠎ᠠ ᠳᠡᠭᠦᠦ ᠨᠠᠷ ᠢ᠋ᠶ᠋ᠠᠨ ᠬᠠᠷᠢᠶᠠᠬᠤ ᠮᠠᠭᠤ ᠦᠭᠡ ᠶ᠋ᠢ ᠲᠡᠷᠡ ᠣᠯᠤᠭᠰᠠᠨ ᠦᠭᠡᠢ᠃ ᠳᠠᠪ ᠲᠩᠷᠢ ᠪᠣᠯᠤᠭᠰᠠᠨ ᠬᠡᠷᠡᠭ ᠶᠠᠪᠤᠳᠠᠯ ᠢ᠋ ᠲᠤᠩᠭᠠᠨ ᠦᠵᠡᠭᠡᠳ ᠳᠠᠷᠤᠢ ᠲᠩᠷᠢ ᠳ᠋ᠦ᠍ ᠮᠥᠷᠭᠥᠨ ᠠᠪᠤᠷᠠᠯ ᠲᠤᠰᠠᠯᠠᠮᠵᠢ ᠬᠦᠰᠡᠵᠡᠢ᠃ ᠶᠢᠰᠦᠭᠡᠢ ᠡᠴᠢᠭᠡ ᠶ᠋ᠢᠨ ᠬᠢᠨᠢ ᠭᠣᠯᠣᠮᠲᠠ ᠶ᠋ᠢᠨ ᠭᠠᠯ ᠢ᠋ ᠰᠠᠬᠢᠨ ᠰᠠᠭᠤᠭᠴᠢ ᠣᠳᠬᠣᠨ ᠳᠡᠭᠦᠦ ᠲᠡᠮᠦᠭᠡ ᠶ᠋ᠢ ᠨᠢ ᠶᠢᠰᠦᠭᠡᠢ ᠶ᠋ᠢᠨ ᠪᠣᠭᠣᠯ ᠪᠠᠢᠭᠰᠠᠨ ᠮᠡᠩᠯᠢᠭ ᠦ᠋ᠨ ᠬᠥᠪᠡᠭᠦᠨ ᠢᠩᠭᠢᠵᠦ ᠳᠣᠷᠣᠮᠵᠢᠯᠠᠭᠰᠠᠨ ᠨᠢ ᠰᠢᠭᠤᠳ ᠴᠢᠩᠭᠢᠰ ᠬᠠᠭᠠᠨ ᠢ᠋ ᠦᠯᠦ ᠲᠣᠭᠣᠮᠰᠠᠷᠯᠠᠭᠰᠠᠨ ᠬᠡᠷᠡᠭ᠂ ᠦᠨᠡᠨ ᠬᠡᠷᠡᠭ ᠲᠡᠭᠡᠨ ᠲᠡᠭᠦᠨ ᠡᠴᠡ ᠢᠯᠡᠭᠦᠦ ᠡᠷᠬᠡ ᠮᠠᠲᠠᠯ ᠲᠠᠢ ᠪᠠᠨ ᠦᠵᠡᠭᠦᠯᠦᠭᠰᠡᠨ ᠶᠠᠪᠤᠳᠠᠯ ᠪᠠᠢᠪᠠ᠃ ᠮᠡᠩᠯᠢᠭ ᠦ᠋ᠨ ᠬᠥᠪᠡᠭᠦᠳ ᠠᠭᠤᠴᠢᠯᠠᠵᠤ ᠪᠣᠯᠣᠰᠢ ᠦᠭᠡᠢ ᠠᠯᠳᠠᠭ᠎ᠠ ᠬᠢᠵᠡᠢ᠃ ᠲᠩᠷᠢ ᠭᠠᠵᠠᠷ᠂ ᠣᠳᠣ ᠡᠷᠬᠡᠰ᠂ ᠨᠠᠷᠠ ᠰᠠᠷᠠᠨ ᠤ᠋ ᠲᠣᠬᠢᠶᠠᠯ ᠰᠢᠭ᠋ ᠲᠡᠷᠡ ᠡᠳᠦᠷ ᠴᠢᠩᠭᠢᠰ ᠬᠠᠭᠠᠨ᠂ ᠪᠥᠷᠲᠡ ᠬᠠᠲᠤᠨ ᠤ᠋ ᠪᠠᠨ ᠦᠷᠭᠦᠭᠡᠨ ᠳ᠋ᠦ᠍ ᠬᠣᠨᠣᠭᠰᠠᠨ ᠪᠢᠯᠡ᠃ ᠥᠷᠯᠥᠭᠡ ᠴᠢᠩᠭᠢᠰ ᠬᠠᠭᠠᠨ ᠢ᠋ ᠳᠡᠭᠡᠭᠰᠢᠯᠡᠭᠡ ᠦᠭᠡᠢ ᠪᠠᠢᠲᠠᠯ᠎ᠠ ᠲᠡᠮᠦᠭᠡ ᠳᠡᠭᠦᠦ ᠨᠢ ᠣᠷᠣᠵᠤ ᠢᠷᠡᠭᠡᠳ ᠤᠬᠢᠯᠠᠨ ᠪᠠᠢᠵᠤ ᠮᠡᠩᠯᠢᠭ ᠦ᠋ᠨ ᠳᠣᠯᠣᠭᠠᠨ ᠬᠥᠪᠡᠭᠦᠨ ᠳᠣᠷᠣᠮᠵᠢᠯᠠᠨ ᠭᠤᠲᠤᠭᠠᠵᠤ ᠬᠥᠭᠡᠭᠡᠵᠦ ᠶᠠᠪᠤᠭᠤᠯᠤᠭᠰᠠᠨ ᠢ᠋ ᠬᠡᠯᠡᠪᠡ᠃ ᠪᠦᠷ ᠳᠠᠪ ᠲᠩᠷᠢ ᠶ᠋ᠢᠨ ᠬᠥᠯ ᠳ᠋ᠦ᠍ ᠰᠥᠬᠥᠷᠡᠭᠦᠯᠦᠨ ᠮᠥᠷᠭᠥᠭᠦᠯᠪᠡ ᠭᠡᠵᠡᠢ᠃ ᠴᠢᠩᠭᠢᠰ ᠬᠠᠭᠠᠨ ᠰᠣᠨᠣᠰᠤᠭᠰᠠᠨ ᠵᠦᠢᠯ ᠳ᠋ᠡᠭᠡᠨ ᠴᠣᠴᠢᠷᠳᠠᠭᠠᠳ ᠲᠡᠷᠡ ᠳᠣᠣᠷ᠎ᠠ ᠪᠠᠨ ᠬᠠᠷᠢᠭᠤ ᠬᠡᠯᠡᠵᠦ ᠴᠢᠳᠠᠭᠰᠠᠨ ᠦᠭᠡᠢ᠃ ᠬᠠᠷᠢᠨ ᠪᠥᠷᠲᠡ ᠲᠡᠮᠦᠭᠡ ᠶ᠋ᠢᠨ ᠤᠬᠢᠯᠠᠬᠤ ᠶ᠋ᠢ ᠦᠵᠡᠵᠦ᠂ ᠬᠡᠯᠡᠬᠦ ᠶ᠋ᠢ ᠰᠣᠨᠣᠰᠤᠭᠠᠳ ᠥᠨᠳᠡᠢᠪᠡ᠃ ᠲᠡᠮᠦᠵᠢᠨ ᠦ᠌ ᠳᠡᠭᠦᠦ ᠨᠠᠷ ᠤ᠋ᠨ ᠤᠳᠬᠤᠨ ᠲᠡᠮᠦᠭᠡ ᠶ᠋ᠢ ᠪᠥᠷᠲᠡ ᠥᠪᠡᠷ ᠦ᠋ᠨ ᠬᠥᠪᠡᠭᠦᠳ ᠦ᠋ᠨ ᠠᠳᠠᠯᠢ ᠦᠵᠡᠵᠦ ᠪᠤᠰᠤᠳ ᠠ᠋ᠴᠠ ᠢᠯᠡᠭᠦᠦ ᠬᠠᠢᠷᠠᠯᠠᠨ ᠡᠷᠬᠡᠯᠡᠭᠦᠯᠵᠦ ᠥᠰᠬᠡᠵᠡᠢ᠃ ᠬᠠᠢᠷᠠᠲᠠᠢ ᠲᠡᠮᠦᠭᠡ ᠪᠡᠨ ᠢᠩᠭᠢᠵᠦ ᠭᠤᠲᠤᠷᠠᠵᠤ᠂ ᠤᠬᠢᠯᠠᠬᠤ ᠶ᠋ᠢ ᠬᠠᠷᠠᠭᠠᠳ ᠪᠥᠷᠲᠡ ᠲᠡᠰᠬᠡᠯ ᠦᠭᠡᠢ ᠨᠢᠯᠪᠤᠰᠤ ᠪᠠᠨ ᠤᠷᠤᠰᠬᠠᠪᠠ᠃
ᠲᠡᠷᠡ ᠬᠣᠩᠬᠣᠲᠠᠨ ᠤ᠋ ᠬᠢᠨ ᠶᠠᠭᠠᠬᠢᠭᠰᠠᠨ
ᠲᠡᠷᠰᠯᠡᠭᠦᠦ ᠬᠡᠴᠡᠭᠦᠦ ᠤᠯᠤᠰ ᠪᠣᠢ᠃
ᠤᠷᠢᠳ ᠬᠠᠰᠠᠷ ᠢ᠋ ᠵᠣᠳᠣᠵᠤ ᠵᠠᠨᠴᠢᠬᠤ ᠶ᠋ᠢ
ᠠᠭᠤᠴᠢᠯᠠᠨ ᠥᠩᠭᠡᠷᠡᠭᠡᠭᠰᠡᠨ ᠪᠠᠢᠲᠠᠯ᠎ᠠ
ᠣᠳᠣ ᠪᠠᠰᠠ ᠲᠡᠮᠦᠭᠡ ᠶ᠋ᠢ
ᠣᠴᠢᠭᠰᠠᠨ ᠬᠣᠢᠨ᠎ᠠ ᠨᠢ ᠮᠥᠷᠭᠥᠭᠦᠯᠵᠡᠢ᠃
ᠡᠨᠡ ᠶᠠᠮᠠᠷ ᠶᠣᠰᠣ ᠪᠣᠢ?
ᠶᠠᠭᠤᠨ ᠤ᠋ ᠤᠴᠢᠷ ᠲᠡᠳᠡ
ᠣᠢ ᠶ᠋ᠢᠨ ᠨᠠᠷᠠᠰᠤ ᠮᠡᠲᠦ
ᠣᠯᠠᠨ ᠰᠠᠢᠬᠠᠨ ᠳᠡᠭᠦᠦ ᠶ᠋ᠢ ᠴᠢᠨᠢ
ᠣᠯᠠᠨ ᠤ᠋ ᠨᠢᠳᠦᠨ ᠦ᠌ ᠡᠮᠦᠨ᠎ᠡ
ᠣᠨᠴᠠᠭᠠᠢᠯᠠᠵᠤ ᠢᠩᠭᠢᠵᠦ ᠳᠠᠷᠤᠯᠠᠨᠠ ᠪᠣᠢ?
ᠡᠭᠦᠨ ᠡᠴᠡ ᠬᠣᠢᠰᠢ ᠲᠡᠳᠡ
ᠡᠭᠦᠯᠡ ᠮᠡᠲᠦ ᠪᠡᠶ᠎ᠡ ᠶ᠋ᠢ ᠴᠢᠨᠢ
ᠦᠭᠡᠢ ᠪᠣᠯᠵᠤ ᠣᠳᠪᠠᠯ
ᠦᠯᠡᠳᠡᠭᠰᠡᠨ ᠶᠡᠬᠡ ᠤᠯᠤᠰ ᠢ᠋ ᠴᠢᠨᠢ
ᠦᠷ᠎ᠡ ᠬᠡᠦᠬᠡᠳ ᠢ᠋ᠶ᠋ᠡᠷ ᠴᠢᠨᠢ ᠮᠡᠳᠡᠭᠦᠯᠬᠦ ᠤᠤ?
ᠰᠡᠭᠦᠯ ᠦ᠋ᠨ ᠴᠠᠭ ᠲᠤ᠌ ᠲᠡᠳᠡ
ᠰᠦᠯᠳᠡ ᠭᠡᠭᠡᠨ ᠪᠡᠶ᠎ᠡ ᠶ᠋ᠢ ᠴᠢᠨᠢ
ᠰᠡᠭᠦᠳᠡᠷ ᠪᠣᠯᠵᠤ ᠣᠳᠪᠠᠯ
ᠰᠦᠷᠦᠭ ᠶᠡᠬᠡ ᠤᠯᠤᠰ ᠢ᠋ ᠴᠢᠨᠢ
ᠰᠦᠢᠳᠬᠡᠬᠦ ᠳ᠋ᠦ᠍ ᠬᠦᠷᠬᠦ ᠪᠢᠰᠢ ᠤᠤ?
ᠥᠨᠳᠥᠷ ᠠᠭᠤᠯᠠ ᠶ᠋ᠢᠨ ᠨᠠᠷᠠᠰᠤ ᠮᠡᠲᠦ
ᠥᠨᠢᠷ ᠰᠠᠢᠬᠠᠨ ᠳᠡᠭᠦᠦ ᠨᠠᠷ ᠢ᠋ ᠴᠢᠨᠢ
ᠥᠰᠢᠨ ᠳᠠᠷᠤᠯᠠᠭᠴᠢ ᠲᠡᠳᠡ
ᠥᠰᠴᠦ ᠪᠣᠢᠵᠢᠵᠤ ᠠᠮᠵᠢᠭ᠎ᠠ ᠦᠭᠡᠢ
ᠥᠴᠦᠬᠡᠨ ᠬᠡᠳᠦᠨ ᠬᠡᠦᠬᠡᠳ ᠲᠦ᠍ ᠴᠢᠨᠢ
ᠥᠷᠭᠡᠨ ᠤᠯᠤᠰ ᠢ᠋ ᠮᠡᠳᠡᠭᠦᠯᠬᠦ ᠦᠭᠡᠢ ᠪᠢᠰᠢ ᠤᠤ?
ᠶᠠᠯ᠎ᠠ ᠵᠢᠮ᠎ᠡ ᠡᠴᠡ ᠴᠦ᠍ ᠦᠯᠦ ᠠᠶᠤᠬᠤ
ᠶᠠᠭᠠᠬᠢᠭᠰᠠᠨ ᠬᠡᠴᠡᠭᠦᠦ ᠬᠣᠩᠬᠣᠲᠠᠨ ᠨᠠᠷ ᠪᠢᠯᠡ
ᠥᠰᠥᠭᠡᠢ ᠶ᠋ᠢ ᠴᠢᠨᠢ ᠳᠠᠷᠤᠨ ᠤᠨᠠᠭᠰᠠᠨ
ᠥᠨᠥᠴᠢᠨ ᠬᠡᠳᠦᠨ ᠳᠡᠭᠦᠦ ᠨᠠᠷ ᠢ᠋ ᠴᠢᠨᠢ
ᠥᠮᠥᠭᠯᠡᠵᠦ ᠬᠠᠮᠠᠭᠠᠯᠠᠬᠤ ᠬᠥᠮᠦᠨ ᠦᠭᠡᠢ ᠮᠡᠲᠦ
ᠥᠰᠯᠡᠨ ᠳᠠᠷᠤᠯᠠᠵᠤ ᠪᠠᠢᠬᠤ ᠳ᠋ᠤ᠌
ᠥᠨᠳᠥᠷ ᠵᠠᠶᠠᠭᠠᠲᠤ ᠬᠠᠭᠠᠨ ᠴᠢ
ᠥᠴᠦᠬᠡᠨ ᠲᠡᠳᠦᠢ ᠴᠦ᠍ ᠵᠣᠪᠠᠬᠤ ᠦᠭᠡᠢ ᠤᠤ?
ᠤᠷᠤᠭ ᠰᠠᠳᠤᠨ ᠢ᠋ᠶ᠋ᠠᠨ ᠳᠠᠷᠤᠯᠠᠭᠤᠯᠵᠤ
ᠤᠳᠤᠮᠲᠤ ᠠᠯᠳᠠᠷ ᠢ᠋ᠶ᠋ᠠᠨ ᠭᠤᠲᠤᠭᠠᠯᠭᠠᠭᠠᠳ
ᠤᠩᠬᠢᠶ᠎ᠠ ᠦᠭᠡᠢ ᠡᠮ᠎ᠡ ᠮᠡᠲᠦ ᠰᠠᠭᠤᠬᠤ ᠠᠬᠤᠯ᠎ᠠ
ᠤᠯᠤᠰ ᠤ᠋ᠨ ᠬᠠᠭᠠᠨ ᠭᠡᠬᠦ ᠤᠤ ᠂ ᠴᠢᠮᠠᠶ᠋ᠢ
ᠬᠠᠭᠠᠨ ᠴᠢᠩᠭᠢᠰ ᠴᠢᠨᠦ
ᠬᠠᠶᠠᠭ᠎ᠠ ᠶ᠋ᠢ ᠴᠢᠨᠢ ᠪᠠᠷᠠᠳᠠᠵᠤ
ᠬᠠᠲᠠᠪᠴᠢ ᠶ᠋ᠢ ᠴᠢᠨᠢ ᠰᠠᠬᠢᠬᠤ ᠤᠴᠢᠷᠲᠠᠢ
ᠬᠠᠷᠠᠴᠤ ᠮᠠᠭᠤ ᠰᠠᠢᠨ ᠪᠣᠭᠣᠯ ᠤ᠋ᠳ ᠪᠢᠰᠢᠦ ᠤᠤ? ᠲᠡᠳᠡ ᠭᠡᠵᠦ ᠪᠥᠷᠲᠡ ᠬᠢᠯᠢᠩ ᠵᠠᠨᠤᠯ ᠳᠦᠭᠦᠷᠡᠩ ᠬᠠᠰᠬᠢᠷᠴᠠᠢ᠃
ᠪᠥᠷᠲᠡ ᠶ᠋ᠢᠨ ᠢᠩᠭᠢᠵᠦ ᠬᠢᠯᠢᠩᠨᠡᠨ ᠠᠭᠤᠷᠯᠠᠬᠤ ᠶ᠋ᠢ ᠤᠷᠢᠳ ᠨᠢ ᠬᠡᠨ ᠴᠦ᠍ ᠬᠠᠷᠠᠭᠰᠠᠨ ᠦᠭᠡᠢ ᠲᠤᠯᠠ ᠨᠠᠮ ᠭᠦᠮ ᠪᠣᠯᠤᠯ᠎ᠠ᠃ ᠪᠥᠷᠲᠡ ᠶ᠋ᠢᠨ ᠡᠢᠨ ᠬᠠᠰᠬᠢᠷᠬᠤ ᠶ᠋ᠢ ᠭᠠᠳᠠᠭ᠎ᠠ ᠵᠣᠭᠰᠣᠭᠰᠠᠨ ᠬᠠᠷᠠᠭᠤᠯ ᠤ᠋ᠨ ᠴᠡᠷᠢᠭ ᠦ᠋ᠳ᠂ ᠰᠢᠪᠡᠭᠴᠢᠨ ᠡᠮᠡᠰ ᠪᠦᠭᠦᠳᠡ ᠰᠣᠨᠣᠰᠪᠠ᠃ ᠪᠥᠷᠲᠡ ᠠᠮᠢᠳᠤᠷᠠᠯ ᠳ᠋ᠠᠭᠠᠨ ᠠᠩᠬ᠎ᠠ ᠤᠳᠠᠭ᠎ᠠ ᠡᠷ᠎ᠡ ᠨᠥᠬᠥᠷ ᠲᠡᠮᠦᠵᠢᠨ ᠢ᠋ᠶ᠋ᠡᠨ ᠠᠭᠤᠷᠯᠠᠨ ᠵᠠᠩᠳᠤᠷᠤᠭᠰᠠᠨ ᠨᠢ ᠡᠨᠡ ᠶᠦᠮ᠃ ᠪᠥᠷᠲᠡ ᠶ᠋ᠢᠨ ᠠᠭᠤᠷ ᠬᠢᠯᠢᠩ ᠴᠢᠩᠭᠢᠰ ᠬᠠᠭᠠᠨ ᠢ᠋ ᠭᠡᠨᠡᠳᠲᠡ ᠤᠬᠠᠭᠠᠷᠠᠭᠤᠯᠵᠠᠢ᠃ ᠪᠥᠷᠲᠡ ᠡᠨᠡ ᠦᠭᠡ ᠶ᠋ᠢ ᠲᠡᠮᠦᠭᠡ ᠤᠬᠢᠯᠠᠬᠤ ᠶ᠋ᠢ ᠦᠵᠡᠭᠡᠳ ᠰᠠᠶᠢ ᠰᠠᠨᠠᠵᠤ ᠬᠡᠯᠡᠭᠰᠡᠨ ᠦᠭᠡᠢ᠃ ᠰᠡᠭᠦᠯ ᠦ᠋ᠨ ᠵᠢᠯ᠂ ᠰᠠᠷ᠎ᠠ ᠳ᠋ᠤ᠌ ᠪᠣᠯᠵᠤ ᠥᠩᠭᠡᠷᠡᠭᠰᠡᠨ ᠢ᠋ ᠣᠯᠠᠨ ᠬᠣᠨᠣᠭ ᠪᠣᠳᠣᠭᠰᠠᠨ ᠤ᠋ ᠡᠴᠦᠰ ᠲᠦ᠍ ᠦᠨᠡᠨ ᠪᠠᠢᠳᠠᠯ ᠢ᠋ ᠵᠦᠭᠡᠷ ᠨᠢᠭᠡ ᠥᠩᠭᠡᠷᠡᠭᠡᠵᠦ ᠨᠢᠭᠡᠨᠲᠡ ᠪᠣᠯᠬᠤ ᠦᠭᠡᠢ ᠪᠣᠯᠤᠭᠰᠠᠨ ᠤ᠋ ᠤᠴᠢᠷ ᠬᠡᠯᠡᠭᠰᠡᠨ ᠬᠠᠲᠠᠭᠤ ᠦᠭᠡ ᠪᠠᠢᠪᠠ᠃ ᠠᠶᠤᠵᠤ ᠢᠴᠢᠵᠦ᠂ ᠬᠢᠵᠦ ᠵᠣᠷᠢᠭᠯᠠᠬᠤ ᠦᠭᠡᠢ ᠶᠠᠪᠤᠭᠰᠠᠨ ᠡᠨᠡ ᠬᠡᠷᠡᠭ ᠦ᠋ᠨ ᠤᠴᠢᠷ ᠢ᠋ ᠰᠢᠢᠳᠪᠦᠷᠢᠯᠡᠬᠦ ᠡᠩ ᠦ᠋ᠨ ᠦᠨᠡᠨ ᠰᠠᠨᠠᠭ᠎ᠠ ᠶ᠋ᠢ ᠪᠥᠷᠲᠡ ᠲᠡᠮᠦᠵᠢᠨ ᠳ᠋ᠦ᠍ ᠤᠬᠠᠭᠠᠷᠠᠭᠤᠯᠪᠠ᠃ ᠬᠠᠷᠠᠴᠤ ᠮᠡᠩᠯᠢᠭ ᠦ᠋ᠨ ᠬᠢᠭᠰᠡᠨ ᠭᠠᠪᠢᠶ᠎ᠠ ᠶ᠋ᠢ ᠳᠤᠷᠠᠳᠤᠯ ᠦᠭᠡᠢ᠂ ᠬᠥᠪᠡᠭᠦᠨ ᠬᠥᠭᠡᠴᠦ ᠶ᠋ᠢ ᠨᠢ ᠬᠦᠴᠦᠷᠬᠡᠭ ᠪᠥᠬᠡ ᠭᠡᠵᠦ ᠲᠣᠭᠠᠴᠠᠯ ᠦᠭᠡᠢ ᠲᠡᠳᠡᠨ ᠢ᠋ ᠬᠢᠷᠢ ᠡᠴᠡ ᠬᠡᠲᠦᠷᠡᠵᠦ ᠬᠠᠭᠠᠨ ᠡᠵᠡᠨ ᠳ᠋ᠡᠭᠡᠨ ᠬᠠᠯᠳᠠᠭᠰᠠᠨ ᠪᠣᠭᠣᠯ ᠮᠡᠲᠦ ᠦᠵᠡᠵᠦ ᠠᠶᠤᠵᠤ ᠦᠷᠦ ᠡᠪᠡᠳᠥᠯ ᠦᠭᠡᠢ ᠴᠡᠭᠡᠷᠯᠡᠭᠦᠯᠬᠦ ᠶ᠋ᠢ ᠪᠥᠷᠲᠡ ᠢᠯᠡ ᠲᠣᠳᠣ ᠱᠠᠭᠠᠷᠳᠠᠵᠤ ᠪᠠᠢᠪᠠ᠃ ᠡᠭᠦᠨ ᠦ᠌ ᠴᠠᠭᠠᠨ᠎ᠠ ᠬᠣᠢᠰᠢ ᠲᠠᠯᠪᠢᠵᠤ ᠪᠣᠯᠬᠤ ᠦᠭᠡᠢ ᠬᠠᠭᠠᠨ ᠰᠠᠭᠤᠳᠠᠯ ᠤ᠋ᠨ ᠨᠡᠷ᠎ᠡ ᠬᠦᠨᠳᠦ᠂ ᠬᠠᠢᠷᠠᠲᠠᠢ ᠬᠥᠪᠡᠭᠦᠳ ᠦ᠋ᠨ ᠬᠢᠨᠢ ᠢᠷᠡᠭᠡᠳᠦᠢ ᠶ᠋ᠢᠨ ᠠᠮᠢᠳᠤᠷᠠᠯ᠂ ᠬᠠᠮᠤᠭ ᠶᠡᠬᠡ ᠤᠯᠤᠰ ᠤ᠋ᠨ ᠬᠤᠪᠢ ᠵᠠᠶᠠᠭ᠎ᠠ ᠪᠠᠢᠭ᠎ᠠ ᠶ᠋ᠢ ᠴᠦ᠍ ᠣᠢᠯᠠᠭᠠᠭᠤᠯᠪᠠ᠃ ᠲᠣᠰᠣ ᠳᠣᠲᠣᠷ᠎ᠠ ᠠ᠋ᠴᠠ ᠪᠠᠨ ᠥᠳᠥᠪᠡᠯ ᠠᠶᠤᠯᠲᠠᠢ ᠭᠡᠳᠡᠭ ᠡᠨᠡ ᠠᠵᠢ᠃ ᠬᠠᠷ᠎ᠠ ᠪᠠᠭ᠎ᠠ ᠨᠠᠰᠤᠨ ᠠ᠋ᠴᠠ ᠢᠲᠡᠭᠡᠵᠦ᠂ ᠦᠨᠡᠮᠰᠢᠵᠦ ᠳᠠᠰᠤᠭᠰᠠᠨ ᠦᠵᠡᠯ᠂ ᠬᠥᠮᠦᠵᠢᠯ ᠢ᠋ᠶ᠋ᠡᠨ ᠰᠡᠳᠬᠢᠯ ᠦ᠋ᠨ ᠳᠣᠲᠣᠷ᠎ᠠ ᠠ᠋ᠴᠠ ᠠᠪᠴᠤ ᠬᠠᠶᠠᠬᠤ ᠬᠡᠷᠡᠭᠲᠡᠢ ᠶ᠋ᠢ ᠪᠥᠷᠲᠡ ᠶ᠋ᠢᠨ ᠱᠠᠭᠠᠷᠳᠠᠭᠰᠠᠨ ᠦᠭᠡ ᠰᠠᠨᠠᠭᠤᠯᠵᠤ᠂ ᠪᠠᠰᠠ ᠤᠬᠠᠭᠠᠷᠠᠭᠤᠯᠵᠤ ᠪᠠᠢᠪᠠ᠃ ᠳᠠᠪ ᠲᠩᠷᠢ ᠶ᠋ᠢᠨ ᠪᠥᠬᠡ ᠭᠡᠳᠡᠭ ᠢ᠋ ᠮᠠᠷᠲᠠᠬᠤ ᠬᠡᠷᠡᠭᠲᠡᠢ ᠶ᠋ᠢ ᠴᠢᠩᠭᠢᠰ ᠬᠠᠭᠠᠨ ᠣᠢᠯᠠᠭᠠᠪᠠ᠃ ᠲᠡᠷᠡ ᠪᠣᠯ ᠮᠠᠩᠯᠢᠭ᠌ ᠤ᠋ᠨ ᠬᠥᠪᠡᠭᠦᠨ ᠬᠥᠭᠡᠴᠦ ᠬᠡᠮᠡᠭᠴᠢ ᠵᠢᠷ ᠦ᠋ᠨ ᠨᠢᠭᠡ ᠠᠯᠪᠠᠲᠤ ᠪᠣᠭᠣᠯ ᠪᠢᠰᠢ ᠤᠤ? ᠲᠡᠭᠦᠨ ᠡᠴᠡ ᠠᠶᠤᠵᠤ ᠢᠴᠢᠬᠦ ᠶ᠋ᠢᠨ ᠬᠡᠷᠡᠭ ᠶᠠᠭᠤ ᠪᠢᠯᠡ? ᠨᠢᠭᠡᠨᠲᠡ ᠡᠭᠦᠰᠦᠭᠰᠡᠨ ᠭᠠᠯ ᠢ᠋ ᠲᠡᠮᠦᠭᠡ ᠶ᠋ᠢᠨ ᠭᠠᠷ ᠢ᠋ᠶ᠋ᠠᠷ ᠤᠨᠲᠠᠷᠠᠭᠠᠯᠭᠠᠬᠤ ᠰᠠᠢᠬᠠᠨ ᠪᠣᠯᠤᠮᠵᠢ ᠨᠡᠭᠡᠭᠡᠭᠳᠡᠭᠰᠡᠨ ᠢ᠋ ᠴᠢᠩᠭᠢᠰ ᠬᠠᠭᠠᠨ ᠭᠡᠨᠡᠳᠲᠡ ᠣᠯᠵᠤ ᠬᠠᠷᠠᠭᠠᠳ ᠪᠥᠷᠲᠡ ᠬᠠᠲᠤᠨ ᠤ᠋ ᠪᠠᠨ ᠴᠡᠴᠡᠨ ᠦᠭᠡᠨ ᠳ᠋ᠦ᠍ ᠪᠠᠬᠠᠳᠤᠪᠠ᠃ ᠰᠡᠭᠦᠯ ᠦ᠋ᠨ ᠰᠠᠷ᠎ᠠ ᠳ᠋ᠤ᠌ ᠢᠷᠡᠭᠡ ᠦᠭᠡᠢ ᠪᠥᠷᠲᠡ ᠬᠠᠲᠤᠨ ᠤ᠋ ᠳ᠋ᠠᠭᠠᠨ ᠡᠨᠡ ᠰᠥᠨᠢ ᠬᠣᠨᠣᠵᠤ᠂ ᠬᠠᠭᠰᠠᠭᠰᠠᠨ ᠪᠡᠶ᠎ᠡ ᠶ᠋ᠢ ᠨᠢ ᠡᠳ᠋ᠯᠡᠨ ᠵᠢᠷᠭᠠᠭᠠᠭᠰᠠᠨ ᠨᠢ ᠯᠠᠪ ᠲᠩᠷᠢ ᠶ᠋ᠢᠨ ᠢᠪᠡᠭᠡᠭᠰᠡᠨ ᠢ᠋ᠶ᠋ᠡᠷ ᠪᠣᠯᠵᠠᠢ ᠭᠡᠵᠦ ᠢᠲᠡᠭᠡᠪᠡ᠃ ᠬᠡᠷᠪᠡ ᠵᠠᠯᠠᠭᠤ ᠭᠤᠸᠠᠯᠢᠭ ᠬᠤᠯᠠᠨ ᠬᠠᠲᠤᠨ ᠤ᠋ ᠦᠷᠭᠦᠭᠡᠨ ᠳ᠋ᠦ᠍ ᠪᠠᠢᠭᠰᠠᠨ ᠪᠣᠯ ᠪᠥᠷᠲᠡ ᠶ᠋ᠢᠨ ᠲᠡᠢᠨ ᠦ᠌ ᠦᠭᠡ ᠶ᠋ᠢ ᠬᠤᠯᠠᠨ ᠬᠠᠮᠢᠭ᠎ᠠ ᠠ᠋ᠴᠠ ᠬᠡᠯᠡᠬᠦ ᠪᠢᠯᠡ᠃ ᠲᠡᠢᠮᠦ ᠪᠣᠯᠬᠣᠷ ᠪᠥᠷᠲᠡ ᠶ᠋ᠢᠨ ᠡᠨᠡ ᠦᠭᠡ ᠪᠣᠯ ᠲᠩᠷᠢ ᠶ᠋ᠢᠨ ᠵᠠᠷᠯᠢᠭ ᠪᠢᠵᠡ ᠭᠡᠵᠦ ᠪᠣᠳᠣᠭᠰᠠᠨ ᠴᠢᠩᠭᠢᠰ ᠬᠠᠭᠠᠨ ᠣᠷᠣᠨ ᠠ᠋ᠴᠠ ᠲᠦᠷᠭᠡᠨ ᠥᠨᠳᠡᠢᠵᠦ ᠤᠳᠬᠤᠨ ᠳᠡᠭᠦᠦ ᠪᠡᠨ
| ᠪᠢ ᠳᠠᠪ ᠲᠩᠷᠢ ᠶ᠋ᠢ ᠢᠷᠡᠭᠦᠯᠦᠶ᠎ᠡ᠃ ᠬᠠᠷᠢᠨ ᠴᠢ ᠶᠠᠭᠠᠬᠢᠵᠤ ᠥᠰᠢᠶ᠎ᠡ ᠪᠡᠨ ᠠᠪᠬᠤ ᠪᠠᠨ ᠮᠡᠳᠡ ᠭᠡᠪᠡ᠃ ᠲᠡᠮᠦᠭᠡ ᠬᠡᠳᠦᠢ ᠤᠳᠬᠤᠨ ᠬᠥᠪᠡᠭᠦᠨ ᠭᠡᠵᠦ ᠥᠭᠡᠯᠦᠨ ᠡᠬᠡ ᠳ᠋ᠡᠭᠡᠨ ᠡᠷᠬᠡ ᠥᠰᠦᠭᠰᠡᠨ ᠠᠯᠮᠠᠢ ᠨᠠᠵᠠᠭᠠᠢ ᠴᠤ᠌ ᠨᠢᠭᠡ ᠵᠣᠷᠢᠭᠯᠠᠨ ᠳᠠᠭᠠᠷᠢᠪᠠᠯ ᠦᠬᠦᠯ ᠦ᠋ᠨ ᠴᠠᠭᠠᠨ᠎ᠠ ᠭᠠᠷᠴᠤ ᠲᠡᠭᠦᠰᠳᠡᠭ ᠢᠷ ᠲᠡᠢ ᠬᠥᠮᠦᠨ ᠪᠠᠢᠪᠠ᠃ ᠲᠡᠢᠮᠦ ᠤᠴᠢᠷ ᠲᠡᠷᠡ ᠴᠢᠩᠭᠢᠰ ᠬᠠᠭᠠᠨ ᠤ᠋ ᠦᠭᠡ ᠶ᠋ᠢ ᠳᠠᠪ ᠲᠩᠷᠢ ᠶ᠋ᠢ ᠦᠬᠦᠭᠦᠯ ᠭᠡᠰᠡᠨ ᠦᠭᠡ ᠭᠡᠵᠦ ᠣᠢᠯᠠᠭᠠᠪᠠ᠃ ᠲᠡᠭᠦᠨ ᠡᠴᠡ ᠥᠭᠡᠷ᠎ᠡ ᠠᠷᠭ᠎ᠠ ᠨᠢᠭᠡᠨᠲᠡ ᠦᠭᠡᠢ ᠪᠣᠯᠵᠠᠢ᠃ ᠴᠢᠩᠭᠢᠰ ᠬᠠᠭᠠᠨ ᠲᠡᠷᠡ ᠳᠠᠷᠤᠢ ᠲᠡᠮᠦᠭᠡ ᠶ᠋ᠢ ᠳᠠᠭᠠᠭᠤᠯᠤᠨ ᠶᠠᠮᠪᠠᠨ ᠤ᠋ ᠪᠠᠨ ᠶᠡᠬᠡ ᠥᠷᠥᠭᠡᠨ ᠳ᠋ᠦ᠍ ᠣᠷᠣᠵᠤ ᠬᠣᠶᠠᠭᠤᠯᠠ ᠤᠳᠠᠭᠠᠨ ᠶᠠᠷᠢᠯᠴᠠᠵᠠᠢ᠃ ᠲᠡᠭᠡᠭᠡᠳ ᠠᠬᠠᠮᠠᠳ ᠬᠥᠪᠡᠭᠦᠨ ᠵᠥᠴᠢ ᠶ᠋ᠢ ᠳᠠᠪ ᠲᠩᠷᠢ ᠶ᠋ᠢᠨ ᠬᠦᠷᠢᠶ᠎ᠡ ᠤᠷᠤᠭᠤ ᠢᠯᠡᠭᠡᠪᠡ᠃ ᠴᠢᠩᠭᠢᠰ ᠬᠠᠭᠠᠨ ᠤ᠋ ᠭᠡᠨᠡᠳᠲᠡ ᠶ᠋ᠢᠨ ᠤᠷᠢᠯᠭ᠎ᠠ ᠬᠣᠩᠬᠣᠳᠠᠨ ᠤ᠋ ᠬᠥᠪᠡᠭᠦᠨ ᠲᠡᠷᠡ ᠳᠤᠮᠳᠠ ᠪᠠᠨ ᠳᠠᠪ ᠲᠩᠷᠢ ᠶ᠋ᠢ ᠴᠣᠴᠢᠭᠠᠨ ᠭᠠᠢᠬᠠᠭᠤᠯᠪᠠ᠃ ᠴᠢᠩᠭᠢᠰ ᠬᠠᠭᠠᠨ ᠥᠷᠥᠭᠡᠨ ᠳ᠋ᠡᠭᠡᠨ ᠤᠷᠢᠭᠰᠠᠨ ᠨᠢ ᠶᠡᠷᠦ ᠭᠠᠢᠬᠠᠵᠤ ᠪᠢᠰᠢᠭᠦᠷᠬᠡᠮᠡᠷ ᠬᠡᠷᠡᠭ ᠪᠢᠰᠢ ᠪᠣᠯᠪᠠᠴᠤ ᠣᠢᠷ᠎ᠠ ᠶ᠋ᠢᠨ ᠡᠳᠦᠷ ᠦ᠋ᠳ ᠲᠦ᠍ ᠪᠣᠯᠤᠭᠰᠠᠨ ᠣᠯᠠᠨ ᠶᠠᠪᠤᠳᠠᠯ ᠴᠢᠩᠭᠢᠰ ᠬᠠᠭᠠᠨ ᠤ᠋ ᠰᠣᠨᠣᠷ ᠲᠤ᠌ ᠬᠦᠷᠦᠭᠡ ᠦᠭᠡᠢ ᠭᠡᠬᠦ ᠳ᠋ᠦ᠍ ᠢᠲᠡᠭᠡᠮ᠎ᠡ ᠦᠭᠡᠢ ᠲᠤᠯᠠ ᠪᠦᠭᠦᠳᠡ ᠳᠠᠪ ᠲᠩᠷᠢ ᠶ᠋ᠢᠨ ᠦᠭᠡ ᠶ᠋ᠢ ᠬᠦᠯᠢᠶᠡᠵᠡᠭᠡᠪᠡ᠃ ᠳᠠᠪ ᠲᠩᠷᠢ ᠰᠢᠲᠦᠭᠡᠨ ᠦ᠌ ᠪᠡᠨ ᠥᠷᠥᠭᠡᠨ ᠳ᠋ᠦ᠍ ᠣᠷᠣᠵᠤ ᠬᠣᠨᠢᠨ ᠤ᠋ ᠳᠠᠯᠤ ᠰᠢᠲᠠᠭᠠᠨ ᠮᠡᠷᠭᠡᠯᠡᠵᠦ ᠦᠵᠡᠪᠡ᠃ ᠴᠢᠩᠭᠢᠰ ᠬᠠᠭᠠᠨ ᠥᠪᠡᠷ ᠢ᠋ᠶ᠋ᠡᠨ ᠲᠡᠭᠦᠨ ᠳ᠋ᠦ᠍ ᠰᠢᠭᠤᠳ ᠬᠣᠣᠷ ᠬᠢᠬᠦ ᠪᠣᠳᠣᠯ ᠦᠭᠡᠢ ᠭᠡᠵᠦ ᠪᠠᠭᠤᠭᠰᠠᠨ ᠨᠢ ᠳᠠᠪ ᠲᠩᠷᠢ ᠶ᠋ᠢ ᠲᠠᠢᠪᠤᠰᠢᠷᠠᠭᠤᠯᠪᠠ᠃ ᠴᠢᠩᠭᠢᠰ ᠬᠠᠭᠠᠨ ᠠ᠋ᠴᠠ ᠥᠭᠡᠷ᠎ᠡ ᠲᠡᠭᠦᠨ ᠳ᠋ᠦ᠍ ᠬᠣᠣᠷ ᠬᠥᠨᠥᠭᠡᠯ ᠤᠴᠠᠷᠠᠭᠤᠯᠬᠤ ᠵᠢᠷᠦᠬᠡᠲᠡᠨ ᠶᠡᠬᠡ ᠮᠣᠩᠭᠣᠯ ᠤᠯᠤᠰ ᠲᠤ᠌ ᠨᠢᠭᠡᠬᠡᠨ ᠴᠦ᠍ ᠦᠭᠡᠢ ᠭᠡᠵᠦ ᠪᠠᠲᠤ ᠢᠲᠡᠭᠡᠬᠦ ᠲᠤᠯᠠ ᠠᠶᠤᠬᠤ ᠵᠦᠢᠯ ᠪᠠᠢᠬᠤ ᠦᠭᠡᠢ ᠮᠡᠲᠦ᠃ ᠪᠠᠰᠠ ᠣᠴᠢᠬᠤ ᠦᠭᠡᠢ ᠴᠠᠭᠠᠷᠢᠭᠯᠠᠬᠤ ᠨᠢ ᠬᠠᠷᠠᠳᠠᠯᠭ᠎ᠠ ᠰᠡᠵᠢᠭ ᠢ᠋ ᠤᠯᠠᠮ ᠨᠡᠮᠡᠭᠳᠡᠭᠦᠯᠬᠦ ᠠᠶᠤᠯᠲᠠᠢ ᠤᠴᠢᠷ ᠣᠴᠢᠬᠤ ᠦᠭᠡᠢ ᠪᠠᠢᠬᠤ ᠠᠷᠭ᠎ᠠ ᠦᠭᠡᠢ ᠪᠣᠯᠵᠠᠢ᠃ ᠭᠡᠪᠡᠴᠦ ᠮᠡᠩᠯᠢᠭ ᠡᠴᠢᠭᠡ ᠶ᠋ᠢᠨ ᠮᠠᠭᠤ ᠰᠠᠨᠠᠭᠠᠯᠠᠨ ᠬᠠᠰᠢᠷᠯᠠᠭᠰᠠᠨ ᠶᠣᠰᠣᠭᠠᠷ ᠬᠣᠩᠬᠣᠳᠠᠨ ᠤ᠋ ᠬᠢᠨ ᠡᠴᠢᠭᠡ ᠶ᠋ᠢᠨ ᠢ᠋ᠶ᠋ᠡᠨ ᠬᠠᠮᠲᠤ ᠠᠬ᠎ᠠ ᠳᠡᠭᠦᠦ ᠪᠦᠭᠦᠳᠡᠭᠡᠷ ᠣᠴᠢᠬᠤ ᠪᠠᠷ ᠰᠢᠢᠳᠪᠡ᠃ ᠭᠡᠲᠡᠯ᠎ᠡ ᠳᠠᠪ ᠲᠩᠷᠢ ᠶ᠋ᠢᠨ ᠰᠡᠲᠡᠷᠲᠦ ᠪᠤᠭᠤᠷᠤᠯ ᠮᠣᠷᠢ ᠬᠥᠮᠦᠨ ᠬᠦᠷᠦᠭᠡ ᠦᠭᠡᠢ ᠮᠥᠷᠲᠡᠭᠡᠨ ᠴᠤᠯᠪᠤᠭᠤᠷ ᠨᠢ ᠠᠯᠳᠠᠭᠤᠷᠠᠵᠤ ᠲᠠᠯ᠎ᠠ ᠤᠷᠤᠭᠤ ᠳᠠᠪᠬᠢᠨ ᠣᠳᠤᠭᠰᠠᠨ ᠨᠢᠭᠡ ᠬᠡᠷᠡᠭ ᠮᠠᠨᠳᠤᠪᠠ᠃ ᠮᠡᠩᠯᠢᠭ ᠡᠴᠢᠭᠡ ᠠᠭᠤᠷᠯᠠᠵᠤ ᠠᠭᠲᠠᠴᠢᠨ ᠢ᠋ ᠵᠠᠨᠴᠢᠪᠠ᠃ ᠡᠨᠡ ᠪᠣᠯ ᠲᠩᠷᠢ ᠶ᠋ᠢᠨ ᠰᠡᠷᠡᠮᠵᠢᠯᠡᠭᠦᠯᠦᠭᠰᠡᠨ ᠳᠣᠬᠢᠶ᠎ᠠ ᠪᠣᠯᠬᠤ ᠶ᠋ᠢ ᠳᠠᠪ ᠲᠩᠷᠢ ᠣᠢᠯᠠᠭᠠᠪᠠ᠃ ᠴᠢᠩᠭᠢᠰ ᠬᠠᠭᠠᠨ ᠲᠡᠭᠦᠨ ᠳ᠋ᠦ᠍ ᠬᠣᠣᠷ ᠬᠦᠷᠭᠡᠬᠦ ᠦᠭᠡᠢ ᠭᠡᠰᠡᠨ ᠠᠲᠠᠯ᠎ᠠ ᠲᠩᠷᠢ ᠢᠩᠭᠢᠵᠦ ᠳᠣᠬᠢᠶ᠎ᠠ ᠢᠷᠡᠭᠦᠯᠦᠭᠰᠡᠨ ᠳ᠋ᠦ᠍ ᠳᠠᠪ ᠲᠩᠷᠢ ᠶᠡᠬᠡ ᠭᠠᠢᠬᠠᠯ᠎ᠠ᠃ ᠣᠳᠣ ᠥᠭᠡᠷ᠎ᠡ ᠬᠡᠨ ᠲᠡᠭᠦᠨ ᠳ᠋ᠦ᠍ ᠬᠣᠣᠷ ᠬᠦᠷᠭᠡᠨ᠎ᠡ᠃ ᠬᠠᠰᠠᠷ ᠤᠤ᠂ ᠴᠢᠩᠭᠢᠰ ᠬᠠᠭᠠᠨ ᠤ᠋ ᠳᠡᠷᠭᠡᠳᠡ ᠳᠠᠪ ᠲᠩᠷᠢ ᠳ᠋ᠦ᠍ ᠦᠭᠡ ᠬᠡᠯᠡᠵᠦ᠂ ᠦᠢᠯᠡ ᠰᠥᠷᠬᠦ ᠵᠢᠷᠦᠬᠡᠲᠡᠢ ᠬᠥᠮᠦᠨ ᠪᠠᠢᠬᠤ ᠦᠭᠡᠢ ᠪᠢᠵᠡ᠃ ᠬᠠᠷᠢᠨ ᠴᠢᠩᠭᠢᠰ ᠬᠠᠭᠠᠨ ᠬᠠᠰᠠᠷ ᠳᠡᠭᠦᠦ ᠪᠡᠨ ᠥᠮᠥᠭᠡᠷᠡᠵᠦ ᠦᠭᠡ ᠬᠡᠯᠡᠪᠡᠯ ᠲᠡᠭᠦᠨ ᠳ᠋ᠦ᠍ ᠬᠡᠯᠡᠬᠦ ᠬᠠᠷᠢᠭᠤ ᠪᠡᠯᠡᠨ ᠪᠠᠢᠯ᠎ᠠ᠃ ᠳᠠᠪ ᠲᠩᠷᠢ ᠶ᠋ᠢᠨ ᠦᠭᠡ ᠶ᠋ᠢ ᠣᠯᠠᠨ ᠪᠦᠭᠦᠳᠡᠭᠡᠷ᠂ ᠲᠡᠭᠦᠨ ᠦ᠌ ᠳᠣᠲᠣᠷ᠎ᠠ ᠴᠢᠩᠭᠢᠰ ᠬᠠᠭᠠᠨ ᠴᠤ᠌ ᠳᠡᠭᠡᠳᠦ ᠲᠩᠷᠢ ᠶ᠋ᠢᠨ ᠵᠠᠷᠯᠢᠭ ᠭᠡᠵᠦ ᠰᠣᠨᠣᠰᠬᠤ ᠲᠤᠯᠠ ᠴᠤᠭᠯᠠᠭᠰᠠᠨ ᠣᠯᠠᠨ ᠤ᠋ ᠨᠢᠳᠦᠨ ᠳᠡᠭᠡᠷ᠎ᠡ ᠲᠡᠭᠦᠨ ᠦ᠌ ᠬᠡᠯᠡᠭᠰᠡᠨ ᠦᠭᠡ ᠶ᠋ᠢ ᠴᠢᠩᠭᠢᠰ ᠬᠠᠭᠠᠨ ᠶᠠᠭᠠᠬᠢᠭᠠᠳ ᠴᠤ᠌ ᠡᠰᠡᠷᠭᠦᠴᠡᠵᠦ ᠴᠢᠳᠠᠬᠤ ᠦᠭᠡᠢ ᠭᠡᠵᠦ ᠲᠡᠷᠡ ᠲᠣᠭᠠᠴᠠᠵᠠᠢ᠃ ᠲᠡᠢᠮᠦ ᠤᠴᠢᠷ ᠠ᠋ᠴᠠ ᠬᠡᠷᠡᠭ ᠶᠠᠪᠤᠳᠠᠯ ᠥᠪᠡᠷ ᠦ᠋ᠨ ᠬᠢᠨᠢ ᠡᠰᠡᠷᠭᠦ ᠡᠷᠭᠢᠪᠡᠯ
| ᠴᠢᠩᠭᠢᠰ ᠬᠠᠭᠠᠨᠲᠠᠨ᠂ ᠪᠢ ᠲᠠᠨ ᠳ᠋ᠤ᠌ ᠬᠠᠰᠠᠷ ᠳᠡᠭᠦᠦ ᠴᠢᠨᠢ ᠤᠯᠤᠰ ᠤ᠋ᠨ ᠡᠷᠬᠡ ᠶ᠋ᠢ ᠪᠤᠯᠢᠶᠠᠬᠤ ᠪᠠᠷ ᠬᠤᠯᠠᠭᠠᠢ ᠪᠠᠷ ᠰᠠᠨᠠᠭᠠᠷᠬᠠᠵᠤ ᠪᠣᠢ ᠶ᠋ᠢ ᠢᠯᠡᠴᠢᠯᠡᠵᠦ ᠲᠩᠷᠢ ᠶ᠋ᠢᠨ ᠵᠠᠷᠯᠢᠭ ᠢ᠋ ᠳᠣᠭᠣᠯᠭᠠᠭᠰᠠᠨ᠃ ᠭᠡᠲᠡᠯ᠎ᠡ ᠲᠠ ᠲᠡᠭᠦᠨ ᠢ᠋ ᠡᠰᠡ ᠪᠡᠶᠡᠯᠡᠭᠦᠯᠪᠡ᠃ ᠲᠡᠭᠦᠨ ᠡᠴᠡ ᠬᠣᠢᠰᠢ ᠲᠩᠷᠢ ᠬᠢᠯᠢᠩᠨᠡᠵᠦ ᠥᠪᠡᠷ ᠦ᠋ᠨ ᠵᠠᠷᠯᠢᠭ ᠢ᠋ ᠰᠠᠨᠠᠭᠤᠯᠤᠨ ᠳᠡᠭᠦᠦ ᠨᠠᠷ ᠢ᠋ ᠴᠢᠨᠢ ᠨᠠᠳᠠ ᠲᠠᠢ ᠭᠡᠷᠡᠯᠲᠦᠭᠦᠯᠬᠦ ᠪᠣᠯᠪᠠ᠃ ᠳᠡᠭᠡᠳᠦ ᠲᠩᠷᠢ ᠥᠪᠡᠷ ᠦ᠋ᠨ ᠵᠠᠷᠯᠢᠭ ᠢ᠋ ᠬᠡᠷᠡᠭᠵᠢᠭᠦᠯᠬᠦ ᠶ᠋ᠢ ᠨᠠᠳᠠ ᠪᠠᠷ ᠳᠠᠮᠵᠢᠭᠤᠯᠤᠨ ᠱᠠᠭᠠᠷᠳᠠᠬᠤ ᠪᠣᠯᠤᠯ᠎ᠠ᠃ ᠲᠠ ᠡᠰᠡ ᠪᠣᠯ ᠪᠢ ᠲᠩᠷᠢ ᠶ᠋ᠢᠨ ᠵᠠᠷᠯᠢᠭ ᠢ᠋ ᠪᠡᠶᠡᠯᠡᠭᠦᠯᠰᠦᠭᠡᠢ᠃ ᠲᠩᠷᠢ ᠶ᠋ᠢᠨ ᠵᠠᠷᠯᠢᠭ ᠢ᠋ ᠬᠡᠨ ᠦᠯᠦ ᠳᠠᠭᠠᠨ᠎ᠠ᠃ ᠲᠡᠷᠡ ᠬᠥᠮᠦᠨ ᠲᠩᠷᠢ ᠶ᠋ᠢᠨ ᠬᠡᠰᠭᠡᠭᠡᠯ ᠳ᠋ᠦ᠍ ᠤᠨᠠᠵᠤ᠂ ᠤᠯᠤᠰ ᠢ᠋ᠶ᠋ᠠᠨ ᠠᠯᠳᠠᠵᠤ ᠦᠭᠡᠢᠷᠡᠬᠦ ᠪᠢᠰᠢ ᠤᠤ ᠭᠡᠵᠦ ᠬᠡᠯᠡᠬᠦ ᠪᠡᠷ ᠰᠢᠢᠳᠴᠡᠢ᠃ ᠤᠯᠤᠰ ᠤ᠋ᠨ ᠡᠷᠬᠡ᠂ ᠬᠠᠭᠠᠨ ᠰᠠᠭᠤᠳᠠᠯ ᠪᠣᠯ ᠴᠢᠩᠭᠢᠰ ᠬᠠᠭᠠᠨ ᠤ᠋ ᠬᠠᠮᠤᠭ ᠤ᠋ᠨ ᠦᠨᠡᠲᠡᠢ ᠡᠷᠳᠡᠨᠢ᠂ ᠠᠮᠢᠨ ᠰᠦᠨᠡᠰᠦ ᠨᠢ ᠲᠤᠯᠠ ᠡᠭᠦᠨ ᠦ᠌ ᠲᠥᠯᠥᠭᠡ ᠴᠢᠩᠭᠢᠰ ᠬᠠᠭᠠᠨ ᠶᠠᠭᠤ ᠪᠠᠨ ᠴᠤ᠌ ᠬᠠᠢᠷᠠᠯᠠᠬᠤ ᠦᠭᠡᠢ ᠶ᠋ᠢ ᠳᠠᠪ ᠲᠩᠷᠢ ᠰᠠᠢᠲᠤᠷ ᠮᠡᠳᠡᠵᠦ ᠪᠠᠢᠪᠠ᠃ ᠦᠨᠡᠬᠡᠷ ᠳᠠᠪ ᠲᠩᠷᠢ ᠡᠢᠨ ᠬᠡᠯᠡᠬᠦ ᠠᠪᠠᠰᠤ ᠴᠢᠩᠭᠢᠰ ᠬᠠᠭᠠᠨ ᠰᠠᠨᠠᠭ᠎ᠠ ᠰᠢᠯᠤᠭᠤᠳᠠᠨ ᠬᠠᠰᠠᠷ ᠢ᠋ ᠲᠡᠷᠡ ᠪᠦᠦ ᠬᠡᠯᠡ ᠲᠡᠮᠦᠭᠡ ᠳᠡᠭᠦᠦ ᠪᠡᠨ ᠴᠦ᠍ ᠴᠠᠭᠠᠵᠠᠯᠠᠬᠤ ᠳ᠋ᠤ᠌ ᠪᠡᠯᠡᠨ ᠪᠢᠯᠡ᠃ ᠡᠢᠨ ᠪᠣᠳᠣᠬᠤ ᠳ᠋ᠤ᠌ ᠳᠠᠪ ᠲᠩᠷᠢ ᠳ᠋ᠦ᠍ ᠠᠶᠤᠬᠤ ᠡᠮᠢᠶᠡᠬᠦ ᠵᠦᠢᠯ ᠦᠭᠡᠢ ᠰᠠᠨᠠᠭᠳᠠᠪᠠ᠃ ᠳᠡᠭᠡᠳᠦ ᠲᠩᠷᠢ ᠶ᠋ᠢᠨ ᠵᠠᠷᠯᠢᠭ᠂ ᠥᠪᠡᠷ ᠦ᠋ᠨ ᠰᠠᠬᠢᠭᠤᠰᠤ ᠳ᠋ᠠᠭᠠᠨ ᠢᠲᠡᠭᠡᠨ᠎ᠡ᠂ ᠪᠠᠷᠳᠠᠮ ᠵᠠᠩ ᠳ᠋ᠠᠭᠠᠨ ᠬᠥᠲᠥᠯᠦᠭᠳᠡᠨ ᠳᠠᠪ ᠲᠩᠷᠢ ᠮᠣᠷᠢᠨ ᠳ᠋ᠠᠭᠠᠨ ᠮᠣᠷᠳᠠᠪᠠ᠃ ᠵᠠᠮ ᠳ᠋ᠤ᠌ ᠭᠠᠷᠤᠭᠰᠠᠨ ᠬᠣᠢᠨ᠎ᠠ ᠮᠡᠩᠯᠢᠭ ᠡᠴᠢᠭᠡ ᠶ᠋ᠢᠨ ᠤᠨᠤᠭᠰᠠᠨ ᠮᠣᠷᠢ ᠴᠢᠳᠥᠷ ᠲᠡᠢ ᠮᠡᠲᠦ ᠲᠣᠩᠭᠣᠴᠢᠭᠠᠳ ᠶᠠᠪᠤᠵᠤ ᠥᠭᠬᠦ ᠦᠭᠡᠢ ᠵᠣᠪᠠᠭᠠᠵᠠᠢ᠃ ᠭᠡᠲᠡᠯ᠎ᠡ ᠮᠡᠩᠯᠢᠭ ᠦ᠋ᠨ ᠮᠣᠷᠢᠨ ᠤ᠋ ᠬᠥᠯ ᠡᠴᠡ ᠠᠭᠠᠵᠤᠷ ᠪᠥᠬᠡ᠂ ᠥᠴᠥᠭᠡᠳᠦᠷ ᠦ᠋ᠨ ᠦᠬᠦᠳᠡᠭ ᠬᠠᠢᠷᠠᠲᠠᠢ ᠡᠮ᠎ᠡ ᠶ᠋ᠢᠨ ᠬᠢᠨᠢ ᠰᠦᠨᠡᠰᠦ ᠢᠷᠡᠵᠦ ᠵᠢᠭᠤᠷᠠᠯᠳᠤᠭᠠᠳ ᠪᠠᠢᠭ᠎ᠠ ᠶ᠋ᠢ ᠳᠠᠪ ᠲᠩᠷᠢ ᠬᠠᠷᠠᠵᠠᠢ᠃ ᠤᠨᠤᠭᠰᠠᠨ ᠮᠣᠷᠢ ᠨᠢ ᠬᠡᠢ ᠲᠤᠱᠠᠭᠳᠠᠭᠠᠳ ᠤᠷᠤᠭᠰᠢ ᠭᠢᠰᠬᠢᠬᠦ ᠦᠭᠡᠢ ᠪᠠᠢᠭᠰᠠᠨ ᠳ᠋ᠤ᠌ ᠮᠡᠩᠯᠢᠭ ᠦ᠋ᠨ ᠰᠡᠵᠢᠭᠯᠡᠬᠦ ᠨᠢ ᠨᠡᠮᠡᠭᠳᠡᠭᠡᠳ ᠳᠠᠷᠤᠢ ᠪᠤᠴᠠᠬᠤ ᠶ᠋ᠢ ᠱᠠᠭᠠᠷᠳᠠᠪᠠ᠃ ᠬᠠᠷᠢᠨ ᠵᠥᠴᠢ ᠶ᠋ᠢ ᠮᠡᠯᠲᠡᠢᠲᠡᠯᠡ ᠬᠠᠷᠠᠭᠰᠠᠭᠠᠷ ᠪᠠᠢᠬᠤ ᠳ᠋ᠤ᠌ ᠪᠤᠴᠠᠵᠤ ᠲᠥᠪᠳᠡᠭᠰᠡᠨ ᠦᠭᠡᠢ᠃ ᠬᠡᠷᠪᠡ ᠲᠡᠳᠡ ᠵᠠᠮ ᠵᠠᠭᠤᠷ᠎ᠠ ᠠ᠋ᠴᠠ ᠪᠤᠴᠠᠪᠠᠯ ᠵᠥᠴᠢ ᠶ᠋ᠢᠨ ᠦᠭᠡ ᠶ᠋ᠢ ᠰᠣᠨᠣᠰᠤᠭᠰᠠᠨ ᠴᠢᠩᠭᠢᠰ ᠬᠠᠭᠠᠨ ᠬᠠᠰᠠᠷ ᠢ᠋ ᠴᠡᠷᠢᠭᠯᠡᠨ ᠮᠣᠷᠳᠠᠭᠤᠯᠵᠤ ᠬᠣᠩᠬᠣᠲᠠᠨ ᠢ᠋ ᠳᠠᠷᠤᠭᠤᠯᠬᠤ ᠶ᠋ᠢ ᠳᠠᠪ ᠲᠩᠷᠢ ᠲᠠᠭᠠᠮᠠᠭᠯᠠᠵᠤ ᠪᠠᠢᠯ᠎ᠠ᠃ ᠶᠠᠭ ᠡᠢᠮᠦ ᠰᠠᠨᠠᠭ᠎ᠠ ᠶ᠋ᠢ ᠲᠡᠷᠡ ᠵᠥᠴᠢ ᠶ᠋ᠢᠨ ᠨᠢᠳᠦᠨ ᠡᠴᠡ ᠣᠯᠵᠤ ᠤᠩᠰᠢᠵᠠᠢ᠃ ᠲᠡᠢᠮᠦ ᠤᠴᠢᠷ ᠠ᠋ᠴᠠ ᠳᠠᠷᠤᠢ ᠣᠴᠢᠵᠤ ᠴᠢᠩᠭᠢᠰ ᠬᠠᠭᠠᠨ ᠢ᠋ ᠬᠠᠰᠠᠷ ᠤ᠋ᠨ ᠡᠰᠡᠷᠭᠦ ᠲᠤᠷᠬᠢᠷᠠᠨ ᠬᠥᠳᠡᠯᠭᠡᠬᠦ ᠡᠴᠡ ᠥᠭᠡᠷ᠎ᠡ ᠠᠷᠭ᠎ᠠ ᠦᠭᠡᠢ ᠪᠠᠢᠪᠠ᠃ ᠣᠳᠣ ᠤᠬᠤᠷᠢᠬᠤ ᠪᠤᠴᠠᠬᠤ ᠨᠢ ᠲᠡᠭᠦᠨ ᠳ᠋ᠦ᠍ ᠦᠬᠦᠯ ᠲᠡᠢ ᠠᠳᠠᠯᠢ ᠭᠡᠵᠦ ᠳᠠᠪ ᠲᠩᠷᠢ ᠬᠠᠲᠠᠭᠤ ᠢᠲᠡᠭᠡᠵᠡᠢ᠃ ᠲᠡᠢᠮᠦ ᠪᠣᠯᠬᠣᠷ ᠰᠢᠪᠰᠢᠨ ᠳᠠᠯᠠᠯᠵᠤ᠂ ᠡᠴᠢᠭᠡ ᠶ᠋ᠢᠨ ᠢ᠋ᠶ᠋ᠡᠨ ᠮᠣᠷᠢᠨ ᠤ᠋ ᠬᠥᠯ ᠢ᠋ ᠲᠤᠱᠠᠭᠰᠠᠨ ᠰᠦᠨᠡᠰᠦ ᠨᠦ᠍ᠭᠦᠳ ᠢ᠋ ᠬᠥᠭᠡᠭᠡᠨ ᠵᠠᠢᠯᠠᠭᠤᠯᠤᠭᠠᠳ ᠴᠠᠭᠠᠰᠢ ᠶᠠᠪᠤᠵᠠᠢ᠃ ᠲᠡᠳᠡᠨ ᠦ᠌ ᠡᠮᠦᠨ᠎ᠡ ᠵᠥᠴᠢ ᠥᠪᠡᠷ ᠦ᠋ᠨ ᠪᠣᠭᠣᠯ ᠵᠢᠭᠠᠰᠤᠨ ᠨᠢᠳᠦᠲᠦ ᠲᠡᠳᠦ ᠶ᠋ᠢᠨ ᠬᠠᠮᠲᠤ ᠡᠷᠭᠢᠨ ᠡᠷᠭᠢᠨ ᠬᠠᠷᠠᠵᠤ ᠶᠠᠪᠤᠪᠠ᠃ ᠬᠣᠩᠬᠣᠳᠠᠨ ᠤ᠋ ᠬᠢᠨ ᠪᠤᠴᠠᠪᠠᠯ ᠲᠡᠳᠡ ᠳᠠᠷᠤᠢ ᠮᠣᠷᠢ ᠪᠠᠨ ᠳᠠᠪᠢᠷᠠᠨ ᠤᠬᠤᠰᠬᠢᠨ ᠳᠠᠪᠬᠢᠬᠤ ᠳ᠋ᠤ᠌ ᠪᠡᠯᠡᠨ ᠠᠵᠢ᠃ ᠤᠴᠠᠷᠠᠭᠰᠠᠨ ᠪᠠᠢᠳᠠᠯ ᠢ᠋ ᠪᠣᠳᠣᠵᠤ ᠦᠵᠡᠭᠡᠳ ᠮᠡᠩᠯᠢᠭ ᠬᠥᠭᠡᠴᠦ ᠬᠥᠪᠡᠭᠦᠨ ᠦ᠌ ᠪᠡᠨ ᠦᠭᠡᠨ ᠳ᠋ᠦ᠍ ᠣᠷᠣᠵᠤ ᠮᠣᠷᠢ ᠪᠠᠨ ᠭᠤᠶᠠᠳᠠᠵᠠᠢ᠃ ᠮᠡᠩᠯᠢᠭ ᠡᠴᠦᠰ ᠦ᠋ᠨ ᠡᠴᠦᠰ ᠲᠦ᠍ ᠳᠠᠪ ᠲᠩᠷᠢ ᠶ᠋ᠢᠨ ᠬᠦᠴᠦ ᠴᠢᠳᠠᠯ ᠳ᠋ᠤ᠌ ᠢᠲᠡᠭᠡᠵᠡᠢ᠃
ᠭᠡᠪᠡᠴᠦ ᠪᠦᠬᠦ ᠶᠠᠭᠤᠮ᠎ᠠ ᠳᠠᠪ ᠲᠩᠷᠢ ᠶ᠋ᠢᠨ ᠪᠣᠳᠣᠵᠤ ᠬᠦᠯᠢᠶᠡᠭᠰᠡᠨ ᠡᠴᠡ ᠣᠭᠲᠣ ᠥᠭᠡᠷ᠎ᠡ ᠪᠡᠷ ᠪᠣᠯᠬᠤ ᠶᠣᠰᠣᠲᠠᠢ ᠪᠠᠢᠪᠠ᠃ ᠲᠡᠭᠦᠨ ᠢ᠋ ᠴᠢᠩᠭᠢᠰ ᠬᠠᠭᠠᠨ ᠤ᠋ ᠦᠷᠭᠦᠭᠡᠨ ᠳ᠋ᠦ᠍ ᠣᠷᠣᠵᠤ ᠰᠥᠩ ᠦ᠋ᠨ ᠪᠠᠷᠠᠭᠤᠨ ᠡᠲᠡᠭᠡᠳ ᠲᠦ᠍ ᠰᠠᠭᠤᠵᠤ ᠴᠤ᠌ ᠠᠮᠵᠢᠭ᠎ᠠ ᠦᠭᠡᠢ ᠪᠠᠢᠲᠠᠯ᠎ᠠ ᠲᠡᠮᠦᠭᠡ ᠦᠰᠦᠷᠦᠨ ᠢᠷᠡᠵᠦ ᠵᠠᠭᠠᠮᠠᠳᠠᠨ ᠠᠪᠤᠭᠠᠳ ᠡᠭᠦᠳᠡ ᠤᠷᠤᠭᠤ ᠴᠢᠷᠪᠡ᠃
| ᠥᠴᠥᠭᠡᠳᠦᠷ ᠴᠢ ᠨᠠᠮᠠᠶ᠋ᠢ ᠨᠠᠮᠠᠨᠴᠢᠯᠠᠭᠤᠯᠤᠭᠰᠠᠨ ᠪᠢᠯᠡ ᠤᠤ? ᠣᠳᠣ ᠭᠠᠷᠴᠤ ᠬᠦᠴᠦ ᠪᠡᠨ ᠦᠵᠡᠶ᠎ᠡ ᠭᠡᠵᠦ ᠲᠡᠮᠦᠭᠡ ᠬᠠᠰᠬᠢᠷᠴᠤ ᠪᠠᠢᠪᠠ᠃ ᠡᠨᠡ ᠪᠣᠯ ᠳᠠᠪ ᠲᠩᠷᠢ ᠶ᠋ᠢᠨ ᠬᠤᠪᠢ ᠳ᠋ᠤ᠌ ᠣᠭᠲᠣ ᠰᠠᠨᠠᠮᠰᠠᠷ ᠦᠭᠡᠢ ᠬᠡᠷᠡᠭ ᠪᠣᠯᠪᠠ᠃ ᠭᠡᠪᠡᠴᠦ ᠲᠡᠷᠡ ᠪᠢᠷ᠎ᠠ ᠲᠠᠢ᠂ ᠲᠡᠮᠦᠭᠡ ᠡᠴᠡ ᠦᠯᠦ ᠠᠶᠤᠬᠤ ᠲᠤᠯᠠ ᠰᠢᠭᠤᠳ ᠯᠠ ᠪᠠᠷᠢᠴᠠᠯᠳᠤᠨ ᠠᠪᠴᠠᠢ᠃ ᠡᠨᠡ ᠮᠥᠴᠡ ᠳ᠋ᠦ᠍ ᠲᠡᠭᠦᠨ ᠢ᠋ ᠪᠥᠬᠡ ᠶ᠋ᠢᠨ ᠤᠪᠠᠳᠢᠰ᠂ ᠲᠩᠷᠢ ᠶ᠋ᠢᠨ ᠬᠦᠴᠦ ᠪᠢᠰᠢ ᠵᠦᠭᠡᠷ ᠯᠡ ᠬᠥᠭᠡᠴᠦ ᠶ᠋ᠢᠨ ᠤᠨᠠᠭᠠᠨ ᠵᠠᠩ ᠲᠥᠷᠬᠦ ᠵᠢᠯᠣᠭᠣᠳᠴᠠᠢ᠃ ᠭᠡᠨᠡᠳᠲᠡ ᠴᠣᠴᠢᠭᠠᠪᠠᠯ ᠬᠠᠵᠠᠭᠤ ᠳ᠋ᠠᠭᠠᠨ ᠪᠠᠢᠭᠰᠠᠨ ᠬᠥᠮᠦᠨ ᠲᠡᠢ ᠪᠠᠷᠢᠴᠠᠯᠳᠤᠵᠤ ᠠᠪᠳᠠᠭ ᠪᠠᠭ᠎ᠠ ᠶ᠋ᠢᠨ ᠵᠠᠩ ᠨᠢ ᠭᠡᠨᠡᠳᠲᠡ ᠥᠪᠡᠷ ᠦ᠋ᠨ ᠡᠷᠬᠡ ᠦᠭᠡᠢ ᠰᠡᠷᠭᠦᠵᠡᠢ᠃ ᠲᠡᠳᠡ ᠰᠢᠭᠤᠳ ᠯᠠ ᠭᠡᠷ ᠲᠦ᠍ ᠪᠠᠷᠢᠯᠳᠤᠵᠤ ᠡᠬᠢᠯᠡᠬᠦ ᠳ᠋ᠦ᠍ ᠳᠠᠪ ᠲᠩᠷᠢ ᠶ᠋ᠢᠨ ᠮᠠᠯᠠᠭᠠᠢ ᠲᠡᠮᠦᠵᠢᠨ ᠦ᠌ ᠭᠣᠯᠣᠮᠲᠠ ᠶ᠋ᠢᠨ ᠭᠠᠯ ᠳᠣᠲᠣᠷ᠎ᠠ ᠳᠡᠭᠡᠭᠰᠢ ᠬᠠᠷᠠᠨ ᠤᠨᠠᠭᠰᠠᠨ ᠨᠢ ᠬᠠᠷᠠᠮᠰᠠᠭᠠᠳ ᠴᠤ᠌ ᠬᠣᠵᠢᠮᠳᠠᠭᠰᠠᠨ ᠬᠡᠷᠡᠭ ᠪᠠᠢᠯ᠎ᠠ᠃ ᠭᠠᠭᠴᠠ ᠳᠠᠪ ᠲᠩᠷᠢ ᠶ᠋ᠢᠨ ᠴᠦ᠍ ᠪᠢᠰᠢ ᠶᠡᠷᠦ ᠨᠢ ᠮᠣᠩᠭᠣᠯ ᠬᠥᠮᠦᠨ ᠦ᠌ ᠬᠡᠢ ᠮᠣᠷᠢ ᠰᠦᠷ ᠬᠦᠴᠦ ᠨᠢ ᠮᠠᠯᠠᠭᠠᠢ᠂ ᠪᠥᠰᠡᠨ ᠳ᠋ᠦ᠍ ᠪᠠᠢᠬᠤ ᠲᠤᠯᠠ ᠮᠠᠯᠠᠭᠠᠢ ᠨᠢ ᠭᠠᠯ ᠳᠣᠲᠣᠷ᠎ᠠ ᠳᠡᠭᠡᠭᠰᠢ ᠬᠠᠷᠠᠨ ᠤᠨᠠᠬᠤ ᠳ᠋ᠤ᠌ ᠬᠣᠩᠬᠣᠳᠠᠨ ᠤ᠋ ᠬᠢᠨ ᠪᠦᠭᠦᠳᠡ ᠰᠦᠷᠳᠡᠨ ᠴᠣᠴᠢᠵᠠᠢ᠃ ᠮᠡᠩᠯᠢᠭ ᠳᠦᠷᠡᠯᠵᠡᠬᠦ ᠭᠠᠯ ᠳᠣᠲᠣᠷ᠎ᠠ ᠠ᠋ᠴᠠ ᠳᠠᠪ ᠲᠩᠷᠢ ᠶ᠋ᠢᠨ ᠮᠠᠯᠠᠭᠠᠢ ᠶ᠋ᠢ ᠤᠯᠠᠭᠠᠨ ᠭᠠᠷ ᠢ᠋ᠶ᠋ᠠᠷ ᠢ᠋ᠶ᠋ᠠᠨ ᠰᠢᠭᠦᠷᠡᠨ ᠠᠪᠤᠭᠰᠠᠨ ᠪᠣᠯᠪᠠᠴᠤ ᠮᠠᠯᠠᠭᠠᠢ ᠶ᠋ᠢᠨ ᠣᠷᠣᠢ ᠶ᠋ᠢᠨ ᠬᠦᠷᠡᠯ ᠵᠡᠪᠡᠨ ᠳ᠋ᠦ᠍ ᠰᠢᠩᠭᠡᠭᠰᠡᠨ ᠰᠠᠬᠢᠭᠤᠰᠤᠨ ᠤ᠋ ᠰᠦᠷ ᠬᠦᠴᠦ ᠨᠢᠭᠡᠨᠲᠡ ᠭᠠᠯ ᠤ᠋ᠨ ᠲᠥᠯᠥᠨ ᠳ᠋ᠦ᠍ ᠬᠡᠢᠰᠦᠨ ᠣᠳᠤᠭᠰᠠᠨ ᠪᠠᠢᠯ᠎ᠠ᠃ ᠪᠠᠷᠢᠯᠴᠠᠵᠤ ᠠᠪᠤᠩᠭᠤᠲᠠ ᠪᠦᠬᠦᠨ ᠡᠴᠡ ᠲᠦᠷᠦᠭᠦᠯᠡᠨ ᠳᠠᠪ ᠲᠩᠷᠢ ᠶ᠋ᠢᠨ ᠮᠠᠯᠠᠭᠠᠢ ᠶ᠋ᠢ ᠭᠠᠯ ᠤᠷᠤᠭᠤ ᠳᠡᠭᠡᠭᠰᠢ ᠬᠠᠷᠠᠭᠤᠯᠤᠨ ᠠᠪᠴᠤ ᠬᠠᠶᠠᠬᠤ ᠶ᠋ᠢ ᠴᠢᠩᠭᠢᠰ ᠬᠠᠭᠠᠨ ᠲᠡᠮᠦᠭᠡ ᠳ᠋ᠦ᠍ ᠬᠠᠲᠠᠭᠤ ᠰᠤᠷᠭᠠᠭᠰᠠᠨ ᠢ᠋ᠶ᠋ᠠᠷ ᠲᠡᠷᠡ ᠳᠠᠪ ᠲᠩᠷᠢ ᠶ᠋ᠢ ᠵᠠᠭᠠᠮᠠᠳᠠᠨ ᠠᠪᠴᠤ ᠨᠢᠭᠡ ᠭᠠᠷ ᠢ᠋ᠶ᠋ᠠᠷ ᠮᠠᠯᠠᠭᠠᠢ ᠶ᠋ᠢᠨ ᠬᠢᠨᠢ ᠪᠦᠴᠡ ᠶ᠋ᠢ ᠲᠠᠰᠤ ᠲᠡᠳᠡᠨ ᠭᠠᠯ ᠤᠷᠤᠭᠤ ᠰᠢᠲᠠᠵᠠᠢ᠃ ᠡᠨᠡ ᠪᠣᠯ ᠳᠠᠪ ᠲᠩᠷᠢ ᠶ᠋ᠢ ᠬᠣᠣᠷ ᠠᠶᠤᠯ ᠦᠭᠡᠢ ᠦᠬᠦᠭᠦᠯᠬᠦ ᠠᠷᠭ᠎ᠠ ᠪᠠᠢᠪᠠ᠃ ᠥᠪᠡᠷ ᠢ᠋ ᠪᠡᠨ ᠬᠢᠯᠪᠠᠷ ᠦᠬᠦᠭᠦᠯᠬᠦ ᠡᠨᠡ ᠠᠷᠭ᠎ᠠ ᠶ᠋ᠢ ᠳᠠᠪ ᠲᠩᠷᠢ ᠲᠡᠮᠦᠵᠢᠨ ᠳ᠋ᠦ᠍ ᠢᠳᠡᠭᠡᠨ ᠬᠡᠯᠡᠭᠰᠡᠨ ᠨᠢ ᠣᠳᠣ ᠲᠡᠭᠦᠨ ᠦ᠌ ᠠᠮᠢᠨ ᠳ᠋ᠤ᠌ ᠬᠦᠷᠬᠦ ᠪᠣᠯᠵᠠᠢ᠃ ᠡᠨᠡ ᠨᠢ ᠣᠯᠠᠨ ᠵᠢᠯ ᠦ᠋ᠨ ᠡᠮᠦᠨ᠎ᠡ ᠪᠣᠯᠤᠭᠰᠠᠨ ᠶᠠᠷᠢᠶ᠎ᠠ ᠪᠣᠯᠪᠠᠴᠤ ᠴᠢᠩᠭᠢᠰ ᠬᠠᠭᠠᠨ ᠳᠠᠪ ᠲᠩᠷᠢ ᠶ᠋ᠢᠨ ᠬᠡᠯᠡᠭᠰᠡᠨ ᠢ᠋ ᠮᠠᠷᠲᠠᠯ ᠦᠭᠡᠢ ᠰᠠᠨᠠᠭᠰᠠᠭᠠᠷ ᠲᠤᠯᠠ ᠥᠨᠥᠳᠥᠷ ᠲᠡᠮᠦᠭᠡ ᠳ᠋ᠦ᠍ ᠬᠡᠷᠬᠢᠬᠦ ᠶ᠋ᠢ ᠵᠢᠭᠠᠵᠤ ᠬᠡᠯᠡᠵᠡᠢ᠃ ᠳᠠᠪ ᠲᠩᠷᠢ ᠬᠡᠳᠦᠢ ᠢᠳᠢ ᠰᠢᠳᠢ ᠲᠡᠢ ᠴᠦ᠍ ᠴᠢᠩᠭᠢᠰ ᠬᠠᠭᠠᠨ ᠲᠡᠮᠦᠭᠡ ᠶ᠋ᠢᠨ ᠭᠠᠷ ᠢ᠋ᠶ᠋ᠠᠷ ᠲᠡᠭᠦᠨ ᠢ᠋ ᠬᠣᠣᠷᠯᠠᠬᠤ ᠪᠠᠷ ᠵᠡᠬᠡᠭᠰᠡᠨ ᠢ᠋ ᠲᠡᠷᠡ ᠳᠠᠩᠴᠤ ᠳᠠᠭᠠᠭᠰᠠᠨ ᠦᠭᠡᠢ᠃ ᠪᠠᠰᠠ ᠶᠡᠬᠡᠮᠰᠦᠭ ᠪᠠᠷᠳᠠᠮ ᠵᠠᠩ ᠨᠢ ᠲᠡᠭᠦᠨ ᠢ᠋ ᠦᠬᠦᠯ ᠳ᠋ᠦ᠍ ᠬᠥᠲᠥᠯᠦᠨ ᠠᠪᠴᠢᠷᠠᠪᠠ᠃
| ᠲᠠ ᠨᠠᠷ ᠭᠠᠷᠴᠤ ᠪᠥᠬᠡ ᠶ᠋ᠢᠨ ᠬᠦᠴᠦ ᠪᠡᠨ ᠦᠵᠡᠭᠲᠦᠨ! ᠭᠡᠵᠦ ᠴᠢᠩᠭᠢᠰ ᠬᠠᠭᠠᠨ ᠪᠡᠯᠡᠳᠦᠭᠰᠡᠨ ᠶᠣᠰᠣ ᠪᠠᠷ ᠬᠠᠰᠬᠢᠷᠪᠠ᠃ ᠴᠢᠩᠭᠢᠰ ᠬᠠᠭᠠᠨ ᠳᠠᠪ ᠲᠩᠷᠢ ᠬᠣᠶᠠᠷ ᠤ᠋ᠨ ᠵᠥᠷᠢᠴᠡᠯ ᠢᠩᠭᠢᠵᠦ ᠬᠠᠮᠤᠭ ᠤ᠋ᠨ ᠡᠩ ᠦ᠋ᠨ ᠰᠢᠳᠤᠷᠭᠤ ᠲᠡᠮᠡᠴᠡᠯᠳᠦᠭᠡᠨ ᠦ᠌ ᠬᠡᠯᠪᠡᠷᠢ ᠪᠦᠬᠦᠢ ᠪᠠᠷᠢᠯᠳᠤᠭᠠᠨ ᠳ᠋ᠤ᠌ ᠰᠢᠯᠵᠢᠭᠰᠡᠨ ᠨᠢ ᠳᠠᠪ ᠲᠩᠷᠢ ᠶ᠋ᠢᠨ ᠬᠣᠷᠣᠰᠤᠯ ᠵᠦᠬᠡᠯ ᠢ᠋ ᠴᠢᠩᠭᠢᠰ ᠬᠠᠭᠠᠨ ᠥᠪᠡᠷ ᠡᠴᠡ ᠪᠡᠨ ᠵᠠᠢᠯᠠᠭᠤᠯᠬᠤ ᠠᠷᠭ᠎ᠠ᠂ ᠰᠠᠢᠬᠠᠨ ᠪᠣᠯᠤᠮᠵᠢ ᠪᠠᠢᠯ᠎ᠠ᠃ ᠲᠡᠳᠡ ᠵᠢᠭᠤᠷᠠᠯᠳᠤᠨ ᠭᠠᠷᠬᠤ ᠳ᠋ᠤ᠌ ᠲᠡᠮᠦᠭᠡ ᠶ᠋ᠢᠨ ᠤᠷᠢᠳᠴᠢᠯᠠᠨ ᠪᠡᠯᠡᠳᠦᠭᠰᠡᠨ ᠭᠤᠷᠪᠠᠨ ᠪᠥᠬᠡ ᠲᠣᠰᠣᠨ ᠠᠪᠴᠤ ᠳᠠᠪ ᠲᠩᠷᠢ ᠶ᠋ᠢ ᠡᠰᠡᠷᠭᠦᠴᠡᠬᠦ ᠰᠡᠭᠡᠭᠡ ᠥᠭᠭᠦᠯ ᠦᠭᠡᠢ ᠨᠢᠷᠤᠭᠤ ᠶ᠋ᠢ ᠨᠢ ᠡᠪᠦᠳᠦᠭᠯᠡᠨ ᠬᠤᠭᠤᠯᠵᠤ ᠠᠯᠠᠭᠠᠳ ᠤᠭᠰᠠᠷᠠᠭ᠎ᠠ ᠲᠠᠢ ᠲᠡᠷᠭᠡᠨ ᠦ᠌ ᠦᠵᠦᠭᠦᠷ ᠲᠦ᠍ ᠬᠠᠶᠠᠵᠤ ᠣᠷᠬᠢᠪᠠ᠃ ᠡᠨᠡ ᠪᠦᠬᠦᠨ ᠨᠢᠳᠦ ᠢᠷᠮᠡᠬᠦ ᠵᠠᠭᠤᠷ᠎ᠠ ᠪᠣᠯᠤᠭᠰᠠᠨ ᠲᠤᠯᠠ ᠮᠡᠩᠯᠢᠭ ᠪᠣᠯᠤᠭᠠᠳ ᠪᠤᠰᠤᠳ ᠠᠬ᠎ᠠ ᠲᠡᠭᠦᠦᠰ ᠨᠢ ᠭᠡᠷ ᠡᠴᠡ ᠭᠠᠷᠴᠤ ᠢᠷᠡᠵᠦ ᠠᠮᠵᠢᠭᠰᠠᠨ ᠦᠭᠡᠢ᠃ ᠬᠠᠷᠢᠨ ᠲᠡᠮᠦᠭᠡ ᠪᠤᠴᠠᠵᠤ ᠣᠷᠣᠵᠤ ᠢᠷᠡᠭᠡᠳ
| ᠳᠠᠪ ᠲᠡᠭᠷᠢ ᠨᠠᠮᠠᠶ᠋ᠢ ᠳᠣᠷᠣᠮᠵᠢᠯᠠᠨ ᠨᠠᠮᠠᠨᠴᠢᠯᠠᠭᠤᠯᠵᠤ ᠪᠠᠢᠭᠰᠠᠨ ᠮᠥᠷᠲᠡᠭᠡᠨ ᠣᠳᠣ ᠬᠦᠴᠦ ᠪᠡᠨ ᠦᠵᠡᠶ᠎ᠡ ᠭᠡᠬᠦ ᠳ᠋ᠦ᠍ ᠪᠠᠭᠠᠰᠢᠯᠠᠨ ᠪᠣᠰᠬᠤ ᠦᠭᠡᠢ ᠬᠡᠪᠲᠡᠵᠦ ᠪᠠᠢᠨ᠎ᠠ ᠭᠡᠵᠦ ᠬᠡᠯᠡᠵᠡᠢ᠃ ᠬᠡᠷᠡᠭ ᠤᠴᠢᠷ ᠶᠠᠭᠤ ᠪᠣᠯᠤᠭᠰᠠᠨ ᠢ᠋ ᠮᠡᠩᠯᠢᠭ ᠬᠣᠷᠣᠮ ᠤ᠋ᠨ ᠳᠣᠲᠣᠷ᠎ᠠ ᠳᠠᠭᠠᠵᠤ ᠶᠡᠬᠡ ᠳᠠᠭᠤ ᠪᠠᠷ ᠤᠬᠢᠯᠠᠵᠤ
| ᠠᠭᠤᠵᠢᠮ ᠡᠬᠡ ᠭᠠᠵᠠᠷ ᠢ᠋
ᠳᠣᠪᠣ ᠶ᠋ᠢᠨ ᠲᠡᠳᠦᠢ ᠪᠠᠢᠬᠤ ᠳ᠋ᠤ᠌
ᠠᠭᠤᠯᠵᠠᠵᠤ ᠨᠥᠬᠥᠷᠯᠡᠭᠰᠡᠨ ᠪᠢᠯᠡ
ᠤᠰᠤᠨ ᠶᠡᠬᠡ ᠮᠥᠷᠡᠨ ᠢ᠋
ᠭᠣᠷᠣᠬ᠎ᠠ ᠶ᠋ᠢᠨ ᠲᠡᠳᠦᠢ ᠪᠠᠢᠬᠤ ᠳ᠋ᠤ᠌
ᠤᠴᠠᠷᠠᠵᠤ ᠲᠠᠨᠢᠯᠴᠠᠭᠰᠠᠨ ᠪᠢᠯᠡ
ᠭᠡᠲᠡᠯ᠎ᠡ ᠲᠡᠮᠦᠵᠢᠨ ᠴᠢ ᠶᠠᠭᠤ ᠬᠢᠨ᠎ᠡ ᠪᠣᠢ? ᠭᠡᠵᠦ ᠬᠠᠰᠬᠢᠷᠪᠠ᠃ ᠲᠡᠷᠡ ᠦᠶ᠎ᠡ ᠳ᠋ᠦ᠍ ᠪᠣᠯᠤᠭᠰᠠᠨ ᠬᠡᠷᠡᠭ ᠦ᠋ᠨ ᠤᠴᠢᠷ ᠢ᠋ ᠣᠢᠯᠠᠭᠠᠭᠰᠠᠨ ᠮᠡᠩᠯᠢᠭ ᠦ᠋ᠨ ᠪᠤᠰᠤᠳ ᠵᠢᠷᠭᠤᠭᠠᠨ ᠬᠥᠪᠡᠭᠦᠨ ᠴᠢᠩᠭᠢᠰ ᠬᠠᠭᠠᠨ ᠢ᠋ ᠳᠠᠭᠠᠷᠢᠨ ᠠᠯᠠᠬᠤ ᠶ᠋ᠢ ᠵᠠᠪᠳᠤᠬᠤ ᠳ᠋ᠤ᠌ ᠠᠮᠵᠢᠵᠤ ᠭᠡᠷ ᠡᠴᠡ ᠭᠠᠷᠤᠭᠰᠠᠨ ᠤ᠋ ᠬᠦᠴᠦᠨ ᠳ᠋ᠦ᠍ ᠲᠣᠷᠭᠤᠳ᠂ ᠬᠡᠰᠢᠭᠲᠡᠨ ᠴᠡᠷᠢᠭ ᠦ᠋ᠳ ᠪᠦᠰᠡᠯᠡᠨ ᠬᠠᠮᠠᠭᠠᠯᠠᠵᠤ ᠮᠡᠩᠯᠢᠭ ᠲᠡᠷᠢᠭᠦᠲᠡᠢ ᠬᠣᠩᠬᠣᠳᠠᠨ ᠢ᠋ ᠪᠠᠷᠢᠵᠤ ᠬᠦᠯᠢᠵᠡᠢ᠃ ᠣᠳᠣ ᠲᠡᠳᠡᠨ ᠳ᠋ᠦ᠍ ᠴᠦ᠍ ᠦᠬᠦᠯ ᠨᠢᠭᠤᠷᠯᠠᠪᠠ᠃ ᠬᠠᠷᠢᠨ ᠴᠢᠩᠭᠢᠰ ᠬᠠᠭᠠᠨ ᠳᠠᠪ ᠲᠡᠭᠷᠢ ᠶ᠋ᠢᠨ ᠬᠡᠭᠦᠷ ᠲᠦ᠍ ᠬᠦᠷᠬᠦ ᠶ᠋ᠢ ᠬᠣᠷᠢᠭᠯᠠᠵᠤ ᠳᠡᠭᠡᠷ᠎ᠡ ᠨᠢ ᠭᠡᠷ ᠪᠠᠷᠢᠵᠤ ᠣᠷᠬᠢᠭᠠᠳ ᠲᠡᠷᠡ ᠳᠣᠣᠷ᠎ᠠ ᠪᠠᠨ ᠪᠠᠭᠤᠷᠢ ᠰᠡᠯᠭᠦᠨ ᠨᠡᠭᠦᠨ ᠶᠠᠪᠤᠵᠠᠢ᠃ ᠣᠳᠣ ᠴᠢᠩᠭᠢᠰ ᠬᠠᠭᠠᠨ ᠢ᠋ ᠳᠠᠪ ᠲᠡᠭᠷᠢ ᠶ᠋ᠢᠨ ᠦᠬᠦᠯ ᠳ᠋ᠦ᠍ ᠬᠡᠨ ᠴᠦ᠍ ᠰᠢᠭᠤᠳ ᠪᠤᠷᠤᠭᠤᠳᠬᠠᠬᠤ ᠠᠷᠭ᠎ᠠ ᠦᠭᠡᠢ ᠪᠣᠯᠪᠠ᠃ ᠲᠡᠮᠦᠭᠡ ᠳᠠᠪ ᠲᠡᠭᠷᠢ ᠬᠣᠶᠠᠷ ᠤ᠋ᠨ ᠬᠣᠭᠣᠷᠣᠨᠳᠣ ᠡᠭᠦᠰᠦᠭᠰᠡᠨ ᠵᠢᠷ ᠦ᠋ᠨ ᠬᠡᠷᠡᠭᠦᠯ ᠳᠠᠪ ᠲᠩᠷᠢ ᠶ᠋ᠢᠨ ᠦᠬᠦᠯ ᠳ᠋ᠦ᠍ ᠬᠦᠷᠭᠡᠭᠰᠡᠨ ᠮᠡᠲᠦ ᠬᠠᠷᠠᠭᠳᠠᠬᠤ ᠪᠠᠷ ᠠᠵᠢ᠃ ᠴᠣᠬᠣᠮ ᠢᠩᠭᠢᠵᠦ ᠪᠣᠳᠣᠭᠰᠠᠨ ᠢ᠋ᠶ᠋ᠠᠷ ᠪᠣᠯᠤᠭᠰᠠᠨ ᠲᠤᠯᠠ ᠴᠢᠩᠭᠢᠰ ᠬᠠᠭᠠᠨ ᠬᠠᠮᠤᠭ ᠤ᠋ᠨ ᠣᠢᠷ᠎ᠠ ᠶ᠋ᠢᠨ᠂ ᠬᠠᠮᠤᠭ ᠤ᠋ᠨ ᠠᠶᠤᠯᠲᠠᠢ ᠳᠠᠢᠰᠤᠨ ᠢ᠋ᠶ᠋ᠠᠨ ᠳᠠᠷᠤᠵᠤ ᠠᠮᠠᠷᠠᠪᠠ᠃ ᠮᠡᠩᠯᠢᠭ ᠦ᠋ᠨ ᠪᠤᠰᠤᠳ ᠬᠥᠪᠡᠭᠦᠳ ᠳᠠᠪ ᠲᠡᠭᠷᠢ ᠰᠢᠭ ᠢᠳᠢ ᠰᠢᠳᠢ ᠦᠭᠡᠢ ᠤᠰᠤᠨ ᠨᠢᠳᠦᠲᠡᠨ ᠨᠣᠭᠦᠳ ᠲᠤᠯᠠ ᠲᠡᠳᠡᠨ ᠡᠴᠡ ᠠᠶᠤᠬᠤ ᠠᠶᠤᠯ ᠦᠭᠡᠢ ᠶᠦ᠍ᠮ᠃ ᠭᠡᠪᠡᠴᠦ ᠳᠠᠪ ᠲᠡᠭᠷᠢ ᠶ᠋ᠢᠨ ᠬᠡᠭᠦᠷ ᠪᠣᠯᠤᠨ ᠦᠯᠡᠳᠡᠭᠰᠡᠨ ᠢ᠋ ᠥᠪᠡᠷ ᠦ᠋ᠨ ᠨᠢᠳᠦ ᠪᠡᠷ ᠦᠵᠡᠭᠰᠡᠨ ᠠᠲᠠᠯ᠎ᠠ ᠲᠡᠭᠦᠨ ᠡᠴᠡ ᠠᠶᠤᠬᠤ ᠰᠡᠳᠬᠢᠯ ᠠᠷᠢᠯᠤᠭᠰᠠᠨ ᠦᠭᠡᠢ ᠬᠠᠷᠢᠨ ᠴᠤ᠌ ᠨᠡᠮᠡᠭᠳᠡᠬᠦ ᠮᠡᠲᠦ ᠪᠣᠯᠤᠭᠰᠠᠨ ᠳ᠋ᠤ᠌ ᠴᠢᠩᠭᠢᠰ ᠬᠠᠭᠠᠨ ᠲᠠᠢᠪᠤᠰᠢᠷᠠᠵᠤ ᠦᠯᠦ ᠴᠢᠳᠠᠵᠠᠢ᠃ ᠵᠠᠮᠤᠬ᠎ᠠ ᠶ᠋ᠢ ᠦᠬᠦᠬᠦ ᠳ᠋ᠦ᠍ ᠴᠢᠩᠭᠢᠰ ᠬᠠᠭᠠᠨ ᠶᠡᠬᠡᠳᠡ ᠬᠠᠷᠠᠮᠰᠠᠭᠰᠠᠨ ᠪᠣᠯ ᠳᠠᠪ ᠲᠡᠭᠷᠢ ᠶ᠋ᠢ ᠦᠬᠦᠭᠰᠡᠨ ᠳ᠋ᠦ᠍ ᠶᠡᠬᠡᠳᠡ ᠠᠶᠤᠵᠠᠢ᠃ ᠳᠠᠪ ᠲᠩᠷᠢ ᠦᠬᠦᠭᠰᠡᠨ ᠨᠢ ᠠᠮᠢᠳᠤ ᠪᠠᠢᠭᠰᠠᠨ ᠠ᠋ᠴᠠ ᠪᠠᠨ ᠢᠯᠡᠭᠦᠦ ᠠᠶᠤᠮᠰᠢᠭᠲᠠᠢ ᠰᠠᠨᠠᠭᠳᠠᠭᠠᠳ ᠣᠳᠣ ᠬᠠᠮᠢᠭ᠎ᠠ ᠠ᠋ᠴᠠ ᠢᠷᠡᠵᠦ ᠶᠠᠭᠠᠬᠢᠵᠤ ᠬᠣᠣᠷᠯᠠᠬᠤ ᠪᠣᠯ ᠭᠡᠵᠦ ᠰᠠᠨᠠᠭᠳᠠᠭᠠᠳ ᠨᠣᠢᠷ ᠦᠭᠡᠢ ᠬᠣᠨᠣᠬᠤ ᠪᠣᠯᠪᠠ᠃ ᠡᠨᠡ ᠪᠣᠯ ᠴᠢᠩᠭᠢᠰ ᠬᠠᠭᠠᠨ ᠤ᠋ ᠤᠷᠢᠳ ᠡᠮᠦᠨ᠎ᠡ ᠠᠮᠰᠠᠵᠤ ᠡᠳ᠋ᠯᠡᠭᠡ ᠦᠭᠡᠢ ᠵᠣᠪᠠᠯᠠᠩ ᠪᠠᠢᠯ᠎ᠠ᠃ ᠳᠠᠪ ᠲᠡᠭᠷᠢ ᠶ᠋ᠢᠨ ᠬᠡᠭᠦᠷ ᠬᠠᠭᠤᠴᠢᠨ ᠪᠠᠭᠤᠴᠠᠨ ᠳ᠋ᠤ᠌ ᠦᠯᠡᠳᠡᠭᠰᠡᠨ ᠴᠦ᠍ ᠲᠡᠷᠡ ᠠᠮᠢᠳᠤ ᠮᠡᠲᠦ ᠰᠠᠨᠠᠭᠳᠠᠭᠠᠳ ᠪᠦᠷ ᠭᠡᠷ ᠲᠦ᠍ ᠣᠷᠣᠵᠤ ᠢᠷᠡᠬᠦ ᠨᠢ ᠦᠵᠡᠭᠳᠡᠭᠡᠳ ᠬᠣᠶᠠᠷ ᠬᠣᠨᠣᠭ ᠴᠢᠩᠭᠢᠰ ᠬᠠᠭᠠᠨ ᠢ᠋ ᠠᠮᠠᠷᠠᠭᠠᠭᠰᠠᠨ ᠦᠭᠡᠢ ᠪᠢᠯᠡ᠃ ᠳᠠᠪ ᠲᠡᠭᠷᠢ ᠴᠢᠩᠭᠢᠰ ᠬᠠᠭᠠᠨ ᠤ᠋ ᠭᠡᠷ ᠦ᠋ᠨ ᠡᠭᠦᠳᠡᠨ ᠳ᠋ᠦ᠍ ᠰᠠᠭᠤᠭᠠᠳ ᠴᠢᠰ ᠤᠯᠠᠭᠠᠨ ᠨᠢᠳᠦ ᠪᠡᠷ ᠢ᠋ᠶ᠋ᠡᠨ ᠲᠡᠭᠦᠨ ᠢ᠋ ᠭᠣᠮᠣᠳᠠᠯᠲᠠᠢ ᠪᠠᠷ ᠰᠢᠷᠳᠡᠭᠰᠡᠭᠡᠷ ᠪᠠᠢᠭ᠎ᠠ ᠨᠢ ᠬᠠᠷᠠᠭᠳᠠᠭᠠᠳ ᠬᠥᠭᠡᠭᠡᠭᠡᠳ ᠴᠦ᠍ ᠶᠠᠪᠤᠬᠤ ᠦᠭᠡᠢ ᠪᠦᠷ ᠠᠷᠭ᠎ᠠ ᠪᠠᠨ ᠪᠠᠷᠠᠵᠠᠢ᠃
ᠭᠤᠷᠪᠠᠳᠠᠬᠢ ᠡᠳᠦᠷ ᠦ᠋ᠨ ᠰᠥᠨᠢ ᠴᠢᠩᠭᠢᠰ ᠬᠠᠭᠠᠨ ᠳᠠᠪ ᠲᠡᠭᠷᠢ ᠶ᠋ᠢᠨ ᠬᠡᠭᠦᠷ ᠢ ᠦᠵᠡᠬᠦ ᠪᠡᠷ ᠣᠴᠢᠵᠠᠢ᠃ ᠪᠦᠳᠡᠭᠢ ᠰᠠᠷᠠᠨ ᠤ᠋ ᠬᠦᠢᠲᠡᠨ ᠬᠥᠬᠡ ᠭᠡᠷᠡᠯ ᠳ᠋ᠦ᠍ ᠳᠠᠪ ᠲᠡᠭᠷᠢ ᠶ᠋ᠢᠨ ᠬᠡᠭᠦᠷ ᠳᠡᠭᠡᠷ᠎ᠡ ᠪᠠᠷᠢᠭᠰᠠᠨ ᠭᠡᠷ ᠨᠢᠳᠤᠨ᠎ᠡ ᠦᠬᠦᠭᠡᠷ ᠦ᠋ᠨ ᠭᠠᠵᠠᠷ ᠤ᠋ᠨ ᠥᠩᠭᠡᠲᠡᠢ ᠦᠵᠡᠭᠳᠡᠨ᠎ᠡ᠃ ᠴᠢᠩᠭᠢᠰ ᠬᠠᠭᠠᠨ ᠵᠣᠷᠢᠭᠯᠠᠨ ᠣᠴᠢᠵᠤ ᠴᠢᠳᠠᠭᠰᠠᠨ ᠦᠭᠡᠢ ᠵᠠᠢᠲᠠᠢ ᠵᠣᠭᠰᠣᠵᠠᠢ᠃ ᠲᠡᠭᠦᠨ ᠢ ᠵᠠᠭᠤᠨ ᠰᠢᠯᠢᠳᠡᠭ ᠲᠣᠷᠭᠠᠨ ᠴᠡᠷᠢᠭ ᠬᠦᠷᠢᠶᠡᠯᠡᠨ ᠬᠠᠮᠠᠭᠠᠯᠠᠵᠤ ᠪᠠᠢᠪᠠ᠃ ᠴᠢᠩᠭᠢᠰ ᠬᠠᠭᠠᠨ ᠶᠠᠮᠠᠷ ᠴᠤ᠌ ᠳᠠᠢᠰᠤᠨ ᠠ᠋ᠴᠠ ᠢᠩᠭᠢᠵᠦ ᠰᠢᠷᠪᠡᠭᠡᠳᠡᠨ ᠠᠶᠤᠵᠤ ᠪᠠᠢᠭᠰᠠᠨ ᠦᠭᠡᠢ ᠪᠢᠯᠡ᠃ ᠲᠡᠭᠦᠨ ᠦ᠌ ᠬᠠᠵᠠᠭᠤ ᠳ᠋ᠤ᠌ ᠵᠣᠭᠰᠣᠭᠰᠠᠨ ᠪᠤᠭᠤᠷᠴᠢ ᠡᠨᠡ ᠬᠦ᠌ ᠵᠢᠪᠡᠭᠦᠨ ᠬᠦᠢᠲᠡᠨ ᠭᠡᠷᠡᠯ ᠳ᠋ᠦ᠍ ᠰᠦᠷᠳᠡᠭᠰᠡᠨ ᠳ᠋ᠡᠭᠡᠨ ᠵᠢᠷᠦᠬᠡ ᠨᠢ ᠲᠦᠭ ᠲᠦᠭ ᠴᠣᠬᠢᠯᠠᠵᠤ ᠪᠠᠢᠵᠠᠢ᠃ ᠭᠡᠨᠡᠳᠲᠡ ᠬᠣᠯᠠ ᠦᠭᠡᠢ ᠴᠢᠨᠣ᠎ᠠ ᠣᠯᠢᠬᠤ ᠨᠢ ᠳᠠᠪ ᠲᠡᠭᠷᠢ ᠠᠮᠢᠯᠠᠭᠠᠳ ᠴᠢᠩᠭᠢᠰ ᠬᠠᠭᠠᠨ ᠤ᠋ ᠢᠷᠡᠭᠰᠡᠨ ᠢ ᠦᠵᠡᠭᠡᠳ ᠬᠠᠰᠬᠢᠷᠴᠤ ᠪᠠᠢᠬᠤ ᠰᠢᠭ᠋ ᠵᠢᠪᠡᠭᠦᠨ ᠰᠣᠨᠣᠰᠤᠭᠳᠠᠨ᠎ᠠ᠃ ᠡᠨᠡ ᠳᠠᠭᠤᠨ ᠳ᠋ᠤ᠌ ᠴᠢᠩᠭᠢᠰ ᠬᠠᠭᠠᠨ ᠤ᠋ ᠦᠰᠦ ᠪᠣᠰᠴᠤ ᠠᠶᠤᠭᠰᠠᠨ ᠳ᠋ᠠᠭᠠᠨ ᠨᠢᠷᠤᠭᠤ ᠪᠠᠷ ᠨᠢ ᠲᠦᠮᠡᠨ ᠰᠢᠷᠭᠤᠯᠵᠢ ᠭᠦᠶᠦᠬᠦ ᠰᠢᠭ ᠪᠣᠯᠪᠠ᠃ ᠦᠵᠡᠭᠳᠡᠬᠦ ᠦᠭᠡᠢ ᠮᠥᠷᠲᠡᠭᠡᠨ ᠴᠢᠨᠣ᠎ᠠ ᠶᠠᠭ ᠮᠣᠷᠢᠨ ᠤ᠋ ᠬᠥᠯ ᠳᠣᠣᠷ᠎ᠠ ᠠ᠋ᠴᠠ ᠣᠯᠢᠵᠤ᠂ ᠪᠦᠷ ᠰᠦᠷᠦᠭᠯᠡᠨ ᠳᠠᠭᠠᠷᠢᠬᠤ ᠭᠡᠰᠡᠨ ᠮᠡᠲᠦ ᠡᠷᠭᠢᠨ ᠲᠣᠭᠣᠷᠢᠨ ᠱᠤᠤᠭᠢᠯᠳᠤᠭᠰᠠᠨ ᠨᠢ ᠳᠥᠷᠥᠭᠡ ᠰᠡᠲᠡᠷᠡᠵᠦ᠂ ᠵᠢᠯᠣᠭᠣ ᠠᠯᠳᠠᠭᠤᠯᠤᠮᠠᠷ ᠠᠶᠤᠮᠰᠢᠭᠲᠠᠢ ᠠᠵᠢ᠃ ᠴᠢᠨᠣ᠎ᠠ ᠨᠢᠭᠡ ᠳᠣᠣᠷ᠎ᠠ ᠡᠢᠮᠦ ᠣᠯᠠᠨ ᠢ᠋ᠶ᠋ᠠᠷ ᠰᠦᠷᠦᠭᠯᠡᠬᠦ ᠦᠭᠡᠢ ᠨᠢ ᠮᠡᠳᠡᠭᠡᠵᠢ ᠲᠤᠯᠠ ᠳᠠᠪ ᠲᠡᠭᠷᠢ ᠶ᠋ᠢᠨ ᠰᠦᠨᠡᠰᠦ ᠴᠢᠨᠣ᠎ᠠ ᠶ᠋ᠢᠨ ᠳᠦᠷᠢ ᠳ᠋ᠦ᠍ ᠰᠢᠩᠭᠡᠭᠰᠡᠨ ᠪᠣᠯᠬᠤ ᠨᠢ ᠭᠠᠷᠴᠠᠭ᠎ᠠ ᠦᠭᠡᠢ᠃ ᠲᠡᠭᠡᠭᠡᠳ ᠳᠡᠮᠡᠢ ᠶᠠᠭᠤᠮ᠎ᠠ ᠶ᠋ᠢ ᠣᠷᠣᠯᠳᠣᠪᠠ ᠭᠡᠮᠡᠨ ᠥᠪᠡᠷ ᠢ ᠪᠡᠨ ᠵᠦᠬᠡᠨ ᠳᠠᠷᠤᠢ ᠪᠤᠴᠠᠬᠤ ᠪᠠᠷ ᠰᠢᠢᠳᠴᠡᠢ᠃ ᠭᠡᠷ ᠦ᠋ᠨ ᠡᠭᠦᠳᠡ ᠶ᠋ᠢ ᠰᠠᠬᠢᠭᠴᠢ ᠴᠡᠷᠢᠭ ᠦ᠋ᠳ ᠪᠠᠢᠷᠢ ᠪᠠᠢᠷᠢᠨ ᠳ᠋ᠠᠭᠠᠨ ᠤᠨᠲᠠᠭᠰᠠᠨ ᠮᠡᠲᠦ ᠰᠠᠭᠤᠭᠰᠠᠭᠠᠷ ᠪᠠᠢᠭᠰᠠᠨ ᠨᠢ ᠲᠡᠳᠡ ᠪᠦᠭᠦᠳᠡ ᠦᠬᠦᠭᠰᠡᠨ ᠮᠡᠲᠦ ᠰᠠᠨᠠᠭᠳᠠᠭᠠᠳ ᠲᠡᠳᠡᠨ ᠢ ᠳᠠᠭᠤᠳᠠᠵᠤ ᠠᠭᠤᠯᠵᠠᠬᠤ ᠪᠠᠨ ᠪᠣᠯᠢᠪᠠ᠃ ᠭᠡᠲᠡᠯ᠎ᠡ ᠴᠢᠩᠭᠢᠰ ᠬᠠᠭᠠᠨ ᠨᠢᠳᠦᠨ ᠳ᠋ᠡᠭᠡᠨ ᠦᠵᠡᠭᠰᠡᠨ ᠳ᠋ᠡᠭᠡᠨ ᠢᠲᠡᠭᠡᠬᠦ ᠦᠭᠡᠢ ᠵᠣᠭ ᠲᠣᠰᠤᠯ᠎ᠠ᠃ ᠭᠡᠷ ᠦ᠋ᠨ ᠲᠣᠭᠣᠨᠣ ᠶ᠋ᠢ ᠪᠦᠲᠡᠭᠡᠭᠰᠡᠨ ᠡᠷᠦᠬᠡᠨ ᠦ᠌ ᠵᠠᠪᠰᠠᠷ ᠢ᠋ᠶ᠋ᠠᠷ ᠪᠦᠳᠡᠭᠢ ᠬᠥᠬᠡ ᠭᠡᠷᠡᠯ ᠰᠠᠴᠤᠷᠠᠵᠤ ᠪᠠᠢᠯ᠎ᠠ᠃ ᠤᠳᠠᠯ ᠦᠭᠡᠢ ᠬᠠᠴᠢᠨ ᠱᠤᠤᠭᠢᠬᠤ ᠢᠰᠬᠡᠷᠬᠦ ᠮᠡᠲᠦ ᠴᠢᠮᠡᠭᠡ ᠭᠡᠷᠡᠯ ᠦ᠋ᠨ ᠳᠣᠲᠣᠷ᠎ᠠ ᠠ᠋ᠴᠠ ᠰᠣᠨᠣᠰᠤᠭᠳᠠᠭᠠᠳ ᠪᠦᠲᠡᠭᠡᠭᠰᠡᠨ ᠡᠷᠦᠬᠡ ᠰᠡᠬᠦᠭᠳᠡᠵᠦ ᠲᠡᠭᠦᠨ ᠢ᠋ᠶ᠋ᠡᠷ ᠥᠨᠥᠬᠢ ᠦᠬᠦᠯ ᠦ᠋ᠨ ᠬᠥᠬᠡ ᠭᠡᠷᠡᠯ ᠤᠷᠤᠰᠤᠨ ᠭᠠᠷᠴᠤ ᠢᠷᠡᠵᠡᠢ᠃ ᠵᠤᠯᠵᠠᠭᠠᠨ ᠯᠤᠤ ᠶ᠋ᠢᠨ ᠠᠳᠠᠯᠢ ᠬᠥᠬᠡ ᠭᠡᠷᠡᠯ ᠲᠩᠷᠢ ᠳ᠋ᠦ᠍ ᠬᠥᠬᠡᠷᠡᠵᠦ ᠬᠡᠳᠦᠨ ᠠᠯᠲᠠ ᠰᠤᠨᠤᠭᠠᠳ ᠲᠡᠭᠦᠰᠲᠡᠯ᠎ᠡ ᠨᠢ ᠲᠣᠭᠣᠨᠣᠨ ᠠ᠋ᠴᠠ ᠰᠠᠯᠤᠨ ᠡᠷᠭᠢᠯᠳᠦᠭᠰᠡᠭᠡᠷ ᠶᠠᠭ ᠯᠠ ᠪᠦᠷᠭᠦᠳ ᠲᠦ᠍ ᠰᠢᠭᠦᠷᠡᠭᠦᠯᠦᠭᠰᠡᠨ ᠮᠣᠭᠠᠢ ᠠᠳᠠᠯᠢ ᠠᠲᠤᠷᠢᠯᠳᠤᠭᠰᠠᠭᠠᠷ ᠳᠡᠭᠡᠭᠰᠢᠯᠡᠵᠦ ᠤᠳᠠᠯ ᠦᠭᠡᠢ ᠣᠳᠣᠳ ᠤ᠋ᠨ ᠳᠤᠮᠳᠠ ᠰᠢᠩᠭᠡᠨ ᠦᠵᠡᠭᠳᠡᠬᠦ ᠦᠭᠡᠢ ᠪᠣᠯᠪᠠ᠃ ᠳᠠᠷᠠᠭ᠎ᠠ ᠨᠢ ᠴᠢᠨᠣ᠎ᠠ ᠴᠤ᠌ ᠣᠯᠢᠬᠤ ᠪᠠᠨ ᠪᠣᠯᠢᠵᠤ ᠡᠷᠭᠢᠨ ᠲᠣᠭᠣᠷᠢᠨ ᠨᠠᠮ ᠭᠦᠮ᠂ ᠲᠠᠰᠤ ᠬᠠᠷᠠᠩᠭᠤᠢ ᠪᠣᠯᠪᠠ᠃ ᠲᠩᠷᠢ ᠳ᠋ᠦ᠍ ᠶᠣᠯᠲᠣᠢᠵᠤ ᠪᠠᠢᠭᠰᠠᠨ ᠰᠠᠷ᠎ᠠ ᠬᠦᠷᠲᠡᠯ᠎ᠡ ᠪᠠᠮᠪᠠᠷ ᠠᠳᠠᠯᠢ ᠤᠨᠲᠠᠷᠠᠵᠠᠢ᠃ ᠴᠢᠩᠭᠢᠰ ᠬᠠᠭᠠᠨ ᠰᠠᠨᠠᠭ᠎ᠠ ᠠᠮᠠᠷᠠᠨ ᠲᠠᠢᠪᠤᠰᠢᠷᠠᠯ᠎ᠠ᠃ ᠲᠡᠷᠡ ᠳᠠᠪ ᠲᠡᠭᠷᠢ ᠶ᠋ᠢ ᠡᠷᠭᠢᠨ ᠢᠷᠡᠬᠦ ᠦᠭᠡᠢ ᠪᠡᠷ ᠣᠳᠬᠤ ᠶ᠋ᠢ ᠦᠵᠡᠭᠰᠡᠨ ᠲᠤᠯᠠ ᠭᠡᠷ ᠤᠷᠤᠭᠤ ᠣᠴᠢᠵᠤ ᠡᠭᠦᠳᠡ ᠶ᠋ᠢ ᠨᠡᠭᠡᠭᠡᠯᠭᠡᠪᠡ᠃ ᠡᠭᠦᠳᠡ ᠳᠠᠷᠤᠭᠠᠰᠤᠲᠠᠢ᠂ ᠪᠠᠰᠠ ᠬᠥᠮᠦᠨ ᠬᠣᠯᠠᠳᠠᠯ ᠦᠭᠡᠢ ᠰᠠᠬᠢᠵᠤ ᠰᠠᠭᠤᠭᠰᠠᠨ ᠲᠤᠯᠠ ᠢᠲᠡᠭᠡᠪᠡ᠃ ᠦᠨᠡᠬᠡᠷ ᠳᠠᠪ ᠲᠡᠭᠷᠢ ᠶ᠋ᠢᠨ ᠬᠡᠭᠦᠷ ᠦᠭᠡᠢ ᠪᠣᠯᠵᠠᠢ᠃ ᠲᠡᠷᠡ ᠲᠩᠷᠢ ᠳ᠋ᠦ᠍ ᠭᠠᠷᠬᠤ ᠳ᠋ᠠᠭᠠᠨ ᠬᠡᠭᠦᠷ ᠢ᠋ᠶ᠋ᠡᠨ ᠬᠦᠷᠲᠡᠯ᠎ᠡ ᠴᠢᠷᠴᠦ ᠶᠠᠪᠤᠵᠠᠢ᠃ ᠳᠠᠪ ᠲᠡᠭᠷᠢ ᠦᠨᠡᠬᠡᠷ ᠲᠩᠷᠢ ᠶ᠋ᠢᠨ ᠦᠭᠡ ᠶ᠋ᠢ ᠰᠣᠨᠣᠰᠴᠤ᠂ ᠵᠠᠷᠯᠢᠭ ᠢ ᠤᠯᠠᠮᠵᠢᠯᠠᠭᠴᠢ ᠪᠠᠢᠭᠰᠠᠨ ᠳ᠋ᠤ᠌ ᠴᠢᠩᠭᠢᠰ ᠬᠠᠭᠠᠨ ᠰᠠᠶᠢ ᠯᠠ ᠨᠢᠭᠡ ᠴᠢᠭ ᠲᠦ᠍ ᠰᠡᠳᠬᠢᠯ ᠢ᠋ᠶ᠋ᠡᠷ ᠢᠲᠡᠭᠡᠪᠡ᠃ ᠡᠨᠡ ᠢᠲᠡᠭᠡᠯ ᠨᠢ ᠥᠪᠡᠷ ᠲᠡᠭᠡᠨ ᠡᠷᠡᠭᠡᠯᠵᠡᠭᠡ ᠦᠭᠡᠢ ᠢᠲᠡᠭᠡᠬᠦ ᠳ᠋ᠦ᠍ ᠬᠦᠷᠭᠡᠪᠡ᠃ ᠣᠳᠣ ᠲᠩᠷᠢ ᠶ᠋ᠢᠨ ᠡᠮᠦᠨ᠎ᠡ ᠡᠴᠡ ᠦᠯᠦ ᠬᠡᠯᠡᠬᠦ ᠡᠷᠬᠡ ᠭᠠᠭᠴᠠᠬᠠᠨ ᠴᠢᠩᠭᠢᠰ ᠬᠠᠭᠠᠨ ᠳ᠋ᠤ᠌ ᠦᠯᠡᠳᠡᠭᠰᠡᠨ ᠨᠢ ᠲᠣᠳᠣᠷᠬᠠᠢ ᠪᠠᠢᠯ᠎ᠠ᠃ ᠮᠠᠷᠭᠠᠰᠢ ᠨᠢ ᠮᠡᠩᠯᠢᠭ ᠢ ᠬᠥᠪᠡᠭᠦᠳ ᠦ᠋ᠨ ᠬᠢᠨᠢ ᠬᠠᠮᠲᠤ ᠰᠤᠯᠠᠯᠠᠨ ᠥᠪᠡᠷ ᠦ᠋ᠨ ᠡᠮᠦᠨ᠎ᠡ ᠢᠷᠡᠭᠦᠯᠪᠡ᠃ ᠨᠠᠷᠠ ᠲᠣᠰᠴᠤ ᠲᠩᠷᠢ ᠶ᠋ᠢᠨ ᠡᠷᠦᠬᠡᠨ ᠳ᠋ᠦ᠍ ᠲᠣᠭᠲᠠᠭᠰᠠᠨ ᠮᠠᠯᠠᠭᠠᠢ ᠶ᠋ᠢᠨ ᠴᠢᠨᠡᠭᠡ ᠡᠭᠦᠯᠡᠨ ᠡᠴᠡ ᠨᠢᠯᠬ᠎ᠠ ᠪᠣᠷᠣᠭ᠎ᠠ ᠰᠢᠪᠡᠷᠡᠬᠦ ᠨᠢ ᠳᠠᠪ ᠲᠡᠭᠷᠢ ᠶ᠋ᠢᠨ ᠬᠠᠷᠠᠭᠤᠰᠤᠯ ᠤ᠋ᠨ ᠨᠢᠯᠪᠤᠰᠤ ᠪᠠᠢᠯ᠎ᠠ᠃ ᠮᠡᠩᠯᠢᠭ ᠢ᠋ ᠢᠷᠡᠮᠡᠭᠴᠡ ᠴᠢᠩᠭᠢᠰ ᠬᠠᠭᠠᠨ ᠲᠣᠭᠰᠢᠨ ᠢ᠋ᠶ᠋ᠠᠷ ᠰᠢᠭᠦᠮᠵᠢᠯᠡᠨ ᠬᠡᠯᠡᠪᠡ᠃
| ᠮᠡᠩᠯᠢᠭ ᠡᠴᠢᠭᠡ ᠲᠠ ᠰᠣᠨᠣᠰ᠃ ᠲᠠ ᠬᠥᠪᠡᠭᠦᠳ ᠦ᠋ᠨ ᠢ᠋ᠶ᠋ᠡᠨ ᠠᠪᠤᠷᠢ ᠠᠭᠠᠰᠢ ᠶ᠋ᠢ ᠢᠳᠬᠠᠵᠤ ᠵᠠᠰᠠᠬᠤ ᠦᠭᠡᠢ ᠪᠠᠢᠭᠰᠠᠭᠠᠷ ᠲᠡᠳᠡ ᠴᠢᠨᠢ ᠮᠢᠨᠦ ᠳᠡᠭᠦᠦ ᠨᠠᠷ ᠲᠠᠢ ᠲᠡᠮᠡᠴᠡᠯᠳᠦᠭᠡᠳ ᠳᠠᠪ ᠲᠩᠷᠢ ᠶ᠋ᠢᠨ ᠲᠣᠯᠣᠭᠠᠢ ᠶ᠋ᠢ ᠠᠯᠳᠠᠯ᠎ᠠ᠃ ᠲᠠᠨ ᠢ᠋ ᠡᠢᠮᠦ ᠵᠠᠩ ᠭᠠᠷᠭᠠᠬᠤ ᠶ᠋ᠢ ᠮᠡᠳᠡᠭᠰᠡᠨ ᠪᠣᠯ ᠠᠯᠢ ᠡᠷᠲᠡ ᠵᠠᠮᠤᠬ᠎ᠠ᠂ ᠠᠯᠲᠠᠨ᠂ ᠬᠤᠴᠢᠷ ᠨᠠᠷ ᠤ᠋ᠨ ᠠᠳᠠᠯᠢ ᠪᠣᠯᠭᠠᠬᠤ ᠪᠠᠢᠪᠠ᠃ ᠭᠡᠪᠡᠴᠦ ᠪᠢ ᠥᠰᠬᠦ ᠡᠴᠡ ᠵᠢᠳᠬᠦᠭᠰᠡᠨ ᠰᠡᠳᠬᠢᠯ ᠢ᠋ ᠴᠢᠨᠢ ᠪᠣᠳᠣᠵᠤ ᠶᠢᠰᠦᠨ ᠤᠳᠠᠭ᠎ᠠ ᠶᠠᠯ᠎ᠠ ᠠ᠋ᠴᠠ ᠭᠡᠯᠳᠦᠷᠢᠭᠦᠯᠦᠶ᠎ᠡ ᠭᠡᠰᠡᠨ᠃ ᠪᠢ ᠶᠠᠭᠠᠬᠢᠵᠤ ᠥᠷᠯᠥᠭᠡ ᠬᠡᠯᠡᠭᠰᠡᠨ ᠢ᠋ᠶ᠋ᠡᠨ ᠦᠳᠡᠰᠢ ᠡᠪᠳᠡᠨ᠎ᠡ? ᠲᠡᠭᠡᠪᠡᠯ ᠪᠢ ᠶᠠᠭᠠᠬᠢᠵᠤ ᠬᠠᠭᠠᠨ ᠪᠣᠯᠤᠨ᠎ᠠ? ᠤᠷᠢᠳ ᠬᠡᠯᠡᠭᠰᠡᠨ ᠢ᠋ᠶ᠋ᠡᠨ ᠬᠠᠲᠠᠭᠤ ᠪᠠᠷᠢᠵᠤ ᠥᠷᠥᠰᠢᠶᠡ᠂ ᠠᠪᠤᠷᠢ ᠠᠭᠠᠰᠢ ᠲᠠᠢ ᠶᠠᠪᠤᠭᠰᠠᠨ ᠪᠣᠯ ᠮᠡᠩᠯᠢᠭ ᠡᠴᠢᠭᠡ ᠲᠠᠨ ᠤ᠋ ᠤᠷᠤᠭ ᠲᠠᠢ ᠡᠩ ᠲᠡᠩᠴᠡᠬᠦ ᠬᠡᠨ ᠪᠢᠯᠡ? ᠤᠭ ᠨᠢ ᠬᠥᠪᠡᠭᠦᠳ ᠢ᠋ᠶ᠋ᠡᠨ ᠵᠠᠰᠠᠵᠤ ᠬᠥᠮᠦᠵᠢᠭᠦᠯᠵᠦ ᠴᠢᠳᠠᠭ᠎ᠠ ᠦᠭᠡᠢ ᠮᠡᠩᠯᠢᠭ ᠡᠴᠢᠭᠡ ᠲᠠᠨ ᠢ᠋ ᠬᠣᠵᠢᠮ ᠬᠣᠢᠴᠢ ᠳ᠋ᠤ᠌ ᠰᠤᠷᠭᠠᠮᠵᠢ ᠪᠣᠯᠭᠠᠨ ᠬᠣᠷᠣᠭᠠᠬᠤ ᠶᠣᠰᠣᠲᠠᠢ ᠶᠤᠮ᠃ ᠭᠡᠪᠡᠴᠦ ᠪᠢ ᠥᠪᠡᠷ ᠦ᠋ᠨ ᠵᠠᠷᠯᠢᠭ ᠢ᠋ ᠰᠠᠨᠠᠵᠤ᠂ ᠡᠷᠲᠡ ᠴᠠᠭ ᠲᠤ᠌ ᠮᠢᠨᠦ ᠡᠮᠦᠨ᠎ᠡ ᠡᠴᠡ ᠠᠮᠢ ᠪᠠᠨ ᠦᠷᠡᠭᠰᠡᠨ ᠴᠠᠷᠠᠬ᠎ᠠ ᠡᠴᠢᠭᠡ ᠶ᠋ᠢ ᠴᠢᠨᠢ ᠪᠣᠳᠣᠵᠤ ᠠᠮᠢᠳᠤ ᠦᠯᠡᠳᠡᠭᠡᠶ᠎ᠡ᠃ ᠡᠭᠦᠨ ᠡᠴᠡ ᠬᠣᠢᠰᠢ ᠬᠢᠴᠢᠶᠡᠭᠲᠦᠨ᠃ ᠣᠰᠣᠯᠳᠠᠪᠠᠯ ᠨᠠᠳᠠᠳᠤ ᠪᠦᠦ ᠭᠣᠮᠣᠳᠠᠭᠲᠤᠨ! ᠭᠡᠵᠦ ᠲᠩᠷᠢ ᠡᠪᠬᠡᠷᠡᠵᠦ᠂ ᠭᠠᠵᠠᠷ ᠬᠣᠲᠣᠢᠲᠠᠯᠠ ᠬᠡᠯᠡᠪᠡ᠃
| ᠲᠡᠮᠦᠵᠢᠨ ᠲᠡᠢ ᠲᠡᠮᠡᠴᠡᠬᠦ ᠨᠢ ᠲᠩᠷᠢ ᠳ᠋ᠦ᠍ ᠠᠪᠠᠷᠢᠬᠤ ᠲᠠᠢ ᠠᠳᠠᠯᠢ ᠭᠡᠵᠦ ᠰᠠᠨᠠ! ᠲᠠᠨ ᠤ᠋ ᠬᠥᠪᠡᠭᠦᠳ ᠮᠢᠨᠦ ᠳᠡᠭᠦᠦ ᠨᠠᠷ ᠲᠤ᠌ ᠭᠠᠷ ᠬᠦᠷᠴᠦ᠂ ᠬᠣᠭᠣᠷᠣᠨᠳᠣ ᠨᠢ ᠬᠤᠳᠬᠤᠨ ᠡᠪᠳᠡᠷᠡᠯᠴᠡᠭᠦᠯᠬᠦ ᠬᠣᠣᠷᠲᠤ ᠮᠠᠭᠤ ᠦᠭᠡ ᠬᠡᠯᠡᠭᠰᠡᠨ ᠲᠤᠯᠠ ᠲᠩᠷᠢ ᠶ᠋ᠢᠨ ᠲᠠᠭᠠᠯᠠᠯ ᠳ᠋ᠤ᠌ ᠡᠰᠡ ᠨᠡᠢᠴᠡᠵᠦ ᠬᠥᠭᠡᠴᠦ ᠶ᠋ᠢᠨ ᠠᠮᠢ ᠪᠡᠶ᠎ᠡ ᠬᠣᠶᠠᠷ ᠢ᠋ ᠲᠩᠷᠢ ᠠᠪᠴᠤ ᠣᠳᠤᠯ᠎ᠠ ᠭᠡᠵᠡᠢ᠃ ᠡᠨᠡ ᠪᠣᠯ ᠲᠩᠷᠢ ᠶ᠋ᠢᠨ ᠡᠮᠦᠨ᠎ᠡ ᠡᠴᠡ ᠬᠡᠯᠡᠭᠰᠡᠨ ᠴᠢᠩᠭᠢᠰ ᠬᠠᠭᠠᠨ ᠤ᠋ ᠬᠠᠲᠠᠭᠤ ᠦᠭᠡ ᠪᠠᠢᠯ᠎ᠠ᠃ ᠬᠥᠭᠡᠴᠦ ᠶ᠋ᠢ ᠲᠩᠷᠢ ᠠᠪᠴᠤ ᠣᠳᠤᠭᠰᠠᠨ ᠠ᠋ᠴᠠ ᠬᠣᠢᠰᠢ ᠮᠡᠩᠯᠢᠭ ᠦ᠋ᠨ ᠬᠥᠪᠡᠭᠦᠳ ᠨᠣᠮᠣᠬᠠᠷᠠᠵᠤ᠂ ᠬᠠᠷᠢᠨ ᠴᠢᠩᠭᠢᠰ ᠬᠠᠭᠠᠨ ᠢ᠋ ᠲᠩᠷᠢ ᠶ᠋ᠢᠨ ᠡᠯᠴᠢ ᠭᠡᠮᠡᠨ ᠣᠯᠠᠨ ᠪᠦᠭᠦᠳᠡᠭᠡᠷ ᠢᠳᠡᠭᠡᠨ ᠬᠦᠷᠢᠶᠡᠯᠡᠵᠦ ᠶᠡᠬᠡ ᠮᠣᠩᠭᠣᠯ ᠤᠯᠤᠰ ᠢᠯᠡ ᠲᠣᠳᠣ ᠪᠠᠷ ᠴᠣᠷ ᠤ᠋ᠨ ᠭᠠᠭᠴᠠ ᠴᠢᠩᠭᠢᠰ ᠬᠠᠭᠠᠨ ᠡᠵᠡᠨ ᠲᠡᠢ ᠪᠣᠯᠵᠠᠢ᠃ ᠳᠠᠪ ᠲᠩᠷᠢ ᠶ᠋ᠢᠨ ᠲᠡᠦᠬᠡ ᠡᠴᠡ ᠰᠤᠷᠭᠠᠮᠵᠢ ᠠᠪᠤᠭᠰᠠᠨ ᠴᠢᠩᠭᠢᠰ ᠬᠠᠭᠠᠨ ᠠᠯᠲᠠᠨ ᠤᠷᠤᠭ ᠤ᠋ᠨ ᠬᠥᠪᠡᠭᠦᠳ ᠢ᠋ᠶ᠋ᠡᠨ ᠳᠠᠭᠤᠳᠠᠵᠤ ᠬᠣᠵᠢᠮ ᠰᠢᠳᠢᠲᠡᠢ ᠵᠠᠢᠷᠠᠩ ᠬᠡᠨ ᠢ᠋ ᠴᠦ᠍ ᠪᠣᠯᠪᠠ ᠲᠥᠷᠥ ᠶ᠋ᠢᠨ ᠬᠡᠷᠡᠭ ᠲᠦ᠍ ᠬᠤᠳᠬᠤᠯᠳᠤᠭᠤᠯᠵᠤ ᠬᠡᠲᠦᠷᠬᠡᠢ ᠨᠢᠭᠤᠷ ᠥᠭᠬᠦ ᠡᠴᠡ ᠰᠡᠷᠡᠮᠵᠢᠯᠡᠨ ᠶᠠᠪᠤᠬᠤ ᠶ᠋ᠢ ᠵᠠᠷᠯᠢᠭ ᠪᠣᠯᠭᠠᠵᠠᠢ᠃ ᠡᠭᠦᠨ ᠡᠴᠡ ᠬᠣᠢᠰᠢ ᠶᠡᠬᠡ ᠮᠣᠩᠭᠣᠯ ᠤᠯᠤᠰ ᠳᠠᠶᠠᠭᠠᠷ᠂ ᠢᠷᠭᠡᠳ ᠠᠯᠪᠠᠲᠤ ᠪᠦᠭᠦᠳᠡᠭᠡᠷ ᠴᠢᠩᠭᠢᠰ ᠬᠠᠭᠠᠨ ᠤ᠋ ᠦᠭᠡ ᠶ᠋ᠢ ᠲᠩᠷᠢ ᠶ᠋ᠢᠨ ᠵᠠᠷᠯᠢᠭ ᠭᠡᠮᠡᠨ ᠰᠣᠨᠣᠰᠴᠤ ᠳᠠᠭᠠᠬᠤ ᠪᠣᠯᠵᠠᠢ᠃ ᠴᠡᠷᠢᠭ ᠵᠠᠰᠠᠵᠤ ᠲᠥᠷᠥ ᠶ᠋ᠢ ᠵᠢᠯᠣᠭᠣᠳᠬᠤ ᠨᠢ ᠨᠢᠭᠡ ᠬᠡᠷᠡᠭ᠂ ᠬᠠᠷᠢᠨ ᠲᠦᠮᠡᠨ ᠦ᠌ ᠰᠡᠳᠬᠢᠯ᠂ ᠣᠶᠤᠨ ᠰᠠᠨᠠᠭ᠎ᠠ᠂ ᠢᠲᠡᠭᠡᠯ ᠦᠨᠡᠮᠰᠢᠯ ᠢ᠋ ᠡᠵᠡᠮᠳᠡᠨ ᠳᠠᠭᠠᠭᠤᠯᠬᠤ ᠨᠢ ᠶᠠᠮᠠᠷ ᠶᠡᠬᠡ ᠬᠦᠴᠦ ᠪᠣᠯᠬᠤ ᠶ᠋ᠢ ᠰᠠᠢᠲᠤᠷ ᠣᠢᠯᠠᠭᠠᠭᠰᠠᠨ ᠴᠢᠩᠭᠢᠰ ᠬᠠᠭᠠᠨ ᠡᠨᠡ ᠶᠠᠪᠤᠳᠠᠯ ᠠ᠋ᠴᠠ ᠬᠣᠢᠰᠢ ᠣᠯᠠᠨ ᠠᠷᠠᠳ ᠤ᠋ᠨ ᠰᠡᠳᠬᠢᠯ ᠰᠠᠨᠠᠭᠠᠨ ᠤ᠋ ᠪᠠᠢᠳᠠᠯ ᠳ᠋ᠤ᠌ ᠶᠡᠬᠡᠳᠡ ᠴᠢᠬᠤᠯᠠᠴᠢᠯᠠᠨ ᠠᠩᠬᠠᠷᠬᠤ ᠪᠣᠯᠵᠠᠢ᠃ ᠠᠷᠠᠳ ᠤ᠋ᠨ ᠰᠡᠳᠬᠢᠯ ᠠᠮᠤᠷ ᠲᠠᠢᠪᠤᠩ᠂ ᠬᠠᠭᠠᠨ ᠳ᠋ᠠᠭᠠᠨ ᠢᠲᠡᠭᠡᠯᠲᠡᠢ ᠪᠠᠢᠪᠠᠯ ᠤᠯᠤᠰ ᠲᠥᠷᠥ ᠪᠡᠬᠢᠵᠢᠨ᠂ ᠣᠯᠠᠨ ᠤ᠋ ᠬᠦᠴᠦ ᠶ᠋ᠢ ᠲᠡᠭᠦᠰ ᠠᠪᠬᠤ ᠤᠴᠠᠷᠠᠯ ᠪᠦᠷᠢᠳᠳᠡᠭ ᠠᠵᠢ᠃ ᠳᠠᠪ ᠲᠩᠷᠢ ᠥᠪᠡᠷ ᠲᠦ᠋ᠨᠢ ᠪᠠᠢᠬᠤ ᠦᠭᠡᠢ ᠲᠩᠷᠢ ᠶ᠋ᠢᠨ ᠶᠡᠬᠡ ᠬᠦᠴᠦ ᠶ᠋ᠢ ᠮᠡᠳᠡᠷᠡᠭᠦᠯᠵᠦ᠂ ᠲᠩᠷᠢ ᠶ᠋ᠢᠨ ᠬᠦᠴᠦ ᠶ᠋ᠢ ᠦᠵᠡᠭᠦᠯᠦᠭᠰᠡᠨ ᠴᠦ᠍᠂ ᠶᠠᠭᠠᠬᠢᠵᠤ ᠬᠡᠷᠡᠭᠯᠡᠬᠦ ᠶ᠋ᠢ ᠵᠢᠭᠠᠵᠤ ᠥᠭᠭᠦᠭᠰᠡᠨ ᠦᠭᠡᠢ ᠪᠡᠷ ᠣᠳᠤᠭᠰᠠᠨ ᠨᠢ ᠳᠠᠩᠴᠤ ᠬᠠᠷᠠᠮᠰᠠᠯᠲᠠᠢ ᠴᠤ᠌ ᠲᠡᠭᠦᠨ ᠢ᠋ ᠨᠢᠭᠡᠨᠲᠡ ᠦᠬᠦᠭᠦᠯᠦᠭᠰᠡᠨ ᠬᠣᠢᠨ᠎ᠠ ᠬᠡᠯᠡᠭᠰᠡᠨ ᠪᠣᠯᠭᠠᠨ ᠳ᠋ᠤᠨᠢ ᠦᠨᠡᠮᠰᠢᠨ ᠢᠲᠡᠭᠡᠵᠦ ᠪᠠᠢᠪᠠ᠃ ᠬᠥᠭᠡᠴᠦ《ᠶᠡᠬᠡ ᠬᠠᠭᠠᠨ ᠪᠣᠯᠤᠨ᠎ᠠ》 ᠭᠡᠵᠦ ᠬᠡᠯᠡᠭᠰᠡᠨ ᠢ᠋ᠶ᠋ᠡᠷ ᠲᠡᠷᠡ ᠶᠡᠬᠡ ᠬᠠᠭᠠᠨ ᠪᠣᠯᠪᠠ᠃ ᠶᠡᠷᠦ ᠲᠡᠭᠦᠨ ᠦ᠌ ᠬᠢᠭᠰᠡᠨ ᠲᠤᠰᠠᠯᠠᠭᠰᠠᠨ ᠪᠠᠭ᠎ᠠ ᠪᠢᠰᠢ᠃ ᠨᠠᠢ᠍ᠮᠠᠨ ᠤ᠋ ᠲᠠᠶᠠᠨ ᠬᠠᠨ ᠤ᠋ ᠴᠡᠷᠢᠭ ᠦ᠋ᠨ ᠳᠡᠭᠡᠷ᠎ᠡ ᠡᠴᠡ ᠶᠡᠬᠡ ᠴᠠᠰᠤ ᠰᠢᠭᠤᠷᠭᠠᠯᠠᠭᠤᠯᠵᠤ ᠬᠢᠰᠠᠭ᠎ᠠ ᠤᠷᠤᠭᠤ ᠨᠤᠷᠠᠭᠠᠨ ᠰᠦᠢᠷᠡᠭᠦᠯᠬᠦ ᠶ᠋ᠢ ᠭᠠᠭᠴᠠ ᠴᠢᠩᠭᠢᠰ ᠬᠠᠭᠠᠨ ᠪᠢᠰᠢ ᠪᠦᠭᠦᠳᠡ ᠯᠡ ᠬᠠᠷᠠᠭᠰᠠᠨ ᠪᠢᠯᠡ᠃ ᠳᠠᠪ ᠲᠩᠷᠢ ᠰᠢᠭ ᠪᠥᠬᠡ ᠲᠡᠢ ᠪᠠᠢᠬᠤ ᠳ᠋ᠤ᠌ ᠠᠯᠢᠪᠠ ᠳᠠᠢᠰᠤᠨ ᠠᠶᠤᠯᠲᠠᠢ ᠪᠢᠰᠢ ᠶᠦᠮ᠃ ᠭᠡᠪᠡᠴᠦ ᠥᠪᠡᠷ ᠡᠴᠡ ᠪᠡᠨ ᠢᠯᠡᠭᠦᠦ ᠬᠦᠴᠦ ᠴᠢᠳᠠᠯᠲᠠᠢ ᠨᠥᠬᠥᠷ ᠲᠡᠢ ᠪᠠᠢᠬᠤ ᠭᠡᠳᠡᠭ ᠬᠣᠯᠠ ᠪᠠᠢᠭ᠎ᠠ ᠬᠣᠶᠠᠷ ᠳᠠᠢᠰᠤᠨ ᠠ᠋ᠴᠠ ᠴᠤ᠌ ᠢᠯᠡᠭᠦᠦ ᠠᠶᠤᠯᠲᠠᠢ ᠪᠠᠢᠬᠤ ᠶ᠋ᠢ ᠰᠠᠶᠢ ᠮᠡᠳᠡᠪᠡ᠃ ᠶᠡᠬᠡ ᠤᠯᠤᠰ ᠢ᠋ ᠪᠠᠢᠭᠤᠯᠬᠤ ᠨᠢ ᠡᠴᠦᠰ ᠦ᠋ᠨ ᠬᠦᠰᠡᠯ ᠪᠠᠢᠭᠰᠠᠨ ᠪᠢᠰᠢ ᠤᠤ? ᠭᠡᠲᠡᠯ᠎ᠡ ᠶᠡᠬᠡ ᠤᠯᠤᠰ ᠢ᠋ ᠪᠠᠢᠭᠤᠯᠵᠤ᠂ ᠡᠩ ᠦᠭᠡᠢ ᠡᠷᠬᠡ ᠶ᠋ᠢ ᠣᠯᠤᠮᠠᠭᠴᠠ ᠢᠵᠢᠯᠢᠳᠴᠦ ᠶᠠᠪᠤᠭᠰᠠᠨ ᠢᠲᠡᠭᠡᠯᠲᠦ ᠨᠥᠬᠥᠷ᠂ ᠢᠬᠡᠷ᠎ᠡ ᠮᠡᠲᠦ ᠲᠥᠷᠥᠭᠰᠡᠨ ᠳᠡᠭᠦᠦ ᠨᠢ ᠳᠠᠢᠰᠤᠨ ᠪᠣᠯᠤᠨ ᠬᠤᠪᠢᠷᠠᠵᠤ ᠪᠠᠢᠭ᠎ᠠ ᠶ᠋ᠢ ᠴᠢᠩᠭᠢᠰ ᠬᠠᠭᠠᠨ ᠣᠢᠯᠠᠭᠠᠪᠠ᠃ ᠬᠠᠰᠠᠷ ᠤ᠋ᠨ ᠲᠤᠬᠠᠢ ᠬᠡᠯᠡᠭᠰᠡᠨ ᠳᠠᠪ ᠲᠩᠷᠢ ᠶ᠋ᠢᠨ ᠦᠭᠡ ᠶ᠋ᠢ ᠦᠨᠡᠨ ᠭᠡᠵᠦ ᠢᠲᠡᠭᠡᠨ᠎ᠡ᠃ ᠡᠪᠡᠳᠴᠦ ᠬᠡᠪᠲᠡᠬᠦ ᠵᠠᠪ ᠦᠭᠡᠢ᠂ ᠥᠯᠥᠰᠴᠦ ᠰᠠᠭᠤᠬᠤ ᠴᠠᠭ ᠦᠭᠡᠢ ᠶᠠᠪᠤᠵᠤ᠂ ᠶᠠᠳᠠᠷᠠᠵᠤ ᠶᠠᠪᠤᠵᠤ᠂ ᠵᠦᠳᠡᠷᠡᠵᠦ ᠪᠠᠢᠭᠤᠯᠤᠭᠰᠠᠨ ᠶᠡᠬᠡ ᠤᠯᠤᠰ ᠤ᠋ᠨ ᠢ᠋ᠶ᠋ᠠᠨ ᠵᠢᠯᠣᠭᠣ ᠶ᠋ᠢ ᠥᠪᠡᠷ ᠦ᠋ᠨ ᠬᠥᠪᠡᠭᠦᠳ ᠡᠴᠡ ᠥᠭᠡᠷ᠎ᠡ ᠬᠡᠨ ᠳ᠋ᠦ᠍ ᠴᠦ᠍ ᠥᠭᠬᠦ ᠶ᠋ᠢ ᠲᠡᠷᠡ ᠦᠯᠦ ᠬᠦᠰᠡᠨ᠎ᠡ᠃ ᠡᠭᠦᠨ ᠦ᠌ ᠲᠤᠯᠠᠳᠠ ᠶᠡᠬᠡ ᠬᠠᠭᠠᠨ ᠪᠣᠯᠣᠮᠠᠭᠴᠠ ᠨᠢᠭᠡ ᠴᠢᠰᠤᠨ ᠤ᠋ ᠳᠡᠭᠦᠦ ᠨᠠᠷ ᠢ᠋ᠶ᠋ᠠᠨ ᠲᠥᠷᠥ ᠶ᠋ᠢᠨ ᠴᠢᠬᠤᠯᠠ ᠬᠡᠷᠡᠭ ᠡᠴᠡ ᠬᠣᠯᠠ ᠪᠠᠢᠯᠭᠠᠬᠤ ᠶ᠋ᠢ ᠡᠷᠬᠢᠮ ᠪᠣᠯᠭᠠᠭᠰᠠᠨ ᠨᠢ ᠵᠥᠪ ᠪᠣᠯᠵᠠᠢ᠃ ᠡᠨᠡ ᠪᠣᠯ ᠲᠡᠷᠡ ᠨᠢᠭᠡᠨ ᠰᠥᠨᠢ ᠮᠥᠨ ᠯᠡ ᠳᠠᠪ ᠲᠩᠷᠢ ᠶ᠋ᠢᠨ ᠬᠡᠯᠡᠭᠰᠡᠨ ᠦᠭᠡ ᠪᠢᠯᠡ᠃ ᠣᠳᠣ ᠲᠡᠭᠦᠨ ᠲᠡᠢ ᠤᠯᠤᠰ ᠤ᠋ᠨ ᠳᠣᠲᠣᠷ᠎ᠠ ᠥᠷᠢᠰᠦᠯᠳᠦᠬᠦ ᠨᠢ ᠳᠠᠪ ᠲᠩᠷᠢ ᠡᠴᠡ ᠬᠣᠢᠰᠢ ᠭᠠᠭᠴᠠ ᠬᠠᠰᠠᠷ ᠯᠠ ᠦᠯᠡᠳᠡᠵᠡᠢ᠃ ᠬᠠᠰᠠᠷ ᠪᠣᠯ ᠲᠡᠮᠦᠵᠢᠨ ᠡᠴᠡ ᠪᠢᠷ᠎ᠠ ᠶᠡᠬᠡᠲᠡᠢ᠂ ᠮᠡᠷᠭᠡᠨ ᠬᠠᠷᠪᠤᠭᠠᠴᠢ᠂ ᠪᠠᠰᠠ ᠦᠰᠦᠭ ᠪᠢᠴᠢᠭ ᠮᠡᠳᠡᠬᠦ᠂ ᠶᠡᠷᠦ ᠴᠢᠳᠬᠥᠷ ᠰᠢᠭ ᠠᠳᠠ ᠲᠠᠢ ᠬᠥᠮᠦᠨ ᠪᠢᠯᠡ᠃ ᠲᠡᠭᠦᠨ ᠦ᠌ ᠥᠪᠡᠷ ᠲᠦ᠍ ᠪᠡᠨ ᠢᠲᠡᠭᠡᠯᠲᠡᠢ᠂ ᠪᠠᠷᠳᠠᠮ ᠵᠣᠷᠢᠮᠠᠭ ᠠᠭᠠᠰᠢ ᠶ᠋ᠢ ᠬᠡᠨ ᠴᠦ᠍ ᠬᠣᠷᠢᠭᠯᠠᠵᠤ ᠦᠯᠦ ᠴᠢᠳᠠᠨ᠎ᠠ᠃ ᠪᠠᠰᠠ ᠥᠭᠡᠯᠦᠨ ᠡᠬᠡ ᠥᠪᠡᠷ ᠦ᠋ᠨ ᠥᠨᠳᠥᠷ ᠨᠡᠷ᠎ᠡ ᠬᠦᠨᠳᠦ ᠪᠡᠷ ᠬᠠᠰᠠᠷ ᠬᠥᠪᠡᠭᠦᠨ ᠢ᠋ᠶ᠋ᠡᠨ ᠥᠮᠥᠭᠯᠡᠨ ᠬᠠᠮᠠᠭᠠᠯᠠᠬᠤ ᠨᠢ ᠴᠢᠩᠭᠢᠰ ᠬᠠᠭᠠᠨ ᠤ᠋ ᠬᠡᠯᠡᠬᠦ ᠦᠭᠡ᠂ ᠬᠥᠳᠡᠯᠬᠦ ᠭᠠᠷ ᠢ᠋ ᠬᠣᠷᠢᠬᠤ ᠪᠥᠯᠥᠭᠡ᠃ ᠲᠡᠭᠦᠨ ᠡᠴᠡ ᠪᠢᠰᠢ ᠬᠠᠰᠠᠷ ᠢ᠋ ᠦᠬᠦᠭᠦᠯᠬᠦ ᠳ᠋ᠦ᠍ ᠠᠶᠤᠬᠤ ᠴᠤ᠌ ᠶᠠᠭᠤᠮ᠎ᠠ ᠦᠭᠡᠢ᠂ ᠪᠠᠰᠠ ᠬᠠᠰᠠᠷ ᠦᠬᠦᠪᠡ ᠭᠡᠳ ᠬᠣᠬᠢᠷᠠᠵᠤ ᠭᠠᠴᠢᠭᠳᠠᠬᠤ ᠶᠠᠭᠤᠮ᠎ᠠ ᠥᠴᠦᠬᠡᠨ ᠴᠦ᠍ ᠦᠭᠡᠢ ᠪᠢᠯᠡ᠃ ᠥᠭᠡᠯᠦᠨ ᠡᠬᠡ ᠦᠭᠡᠢ ᠪᠣᠯ ᠬᠠᠰᠠᠷ ᠢ᠋ ᠦᠬᠦᠭᠦᠯᠬᠦ ᠣᠯᠠᠨ ᠰᠢᠯᠲᠠᠭ ᠴᠢᠩᠭᠢᠰ ᠬᠠᠭᠠᠨ ᠳ᠋ᠤ᠌ ᠠᠯᠢ ᠡᠷᠲᠡ ᠣᠯᠳᠠᠬᠤ ᠪᠠᠢᠪᠠ᠃ ᠡᠬᠡ ᠶ᠋ᠢᠨ ᠨᠢᠳᠦ ᠪᠦᠯᠲᠡᠢᠲᠡᠯᠡ ᠬᠠᠷᠠᠵᠤ ᠪᠠᠢᠬᠤ ᠳ᠋ᠤ᠌ ᠶᠠᠭᠠᠬᠢᠵᠤ ᠬᠠᠰᠠᠷ ᠢ᠋ ᠦᠬᠦᠭᠦᠯᠵᠦ ᠴᠢᠳᠠᠬᠤ ᠪᠢᠯᠡ᠃ ᠬᠠᠷ᠎ᠠ ᠨᠢᠯᠬ᠎ᠠ ᠠ᠋ᠴᠠ ᠡᠴᠢᠭᠡ ᠦᠭᠡᠢ ᠥᠨᠥᠴᠢᠷᠡᠵᠦ ᠭᠠᠭᠴᠠ ᠥᠭᠡᠯᠦᠨ ᠡᠬᠡ ᠶ᠋ᠢᠨ ᠢ᠋ᠶ᠋ᠡᠨ ᠬᠠᠢᠷ᠎ᠠ ᠬᠠᠯᠠᠮᠵᠢ᠂ ᠬᠠᠲᠠᠭᠤ ᠰᠤᠷᠭᠠᠯ ᠤ᠋ᠨ ᠳᠣᠣᠷ᠎ᠠ ᠬᠥᠮᠦᠵᠢᠵᠦ ᠥᠰᠦᠭᠰᠡᠨ ᠨᠢ ᠴᠢᠩᠭᠢᠰ ᠬᠠᠭᠠᠨ ᠢ᠋ ᠡᠬᠡ ᠶ᠋ᠢ ᠪᠡᠨ ᠬᠦᠨᠳᠦᠳᠬᠡᠬᠦ ᠭᠦᠨᠵᠡᠭᠡᠢ ᠰᠡᠳᠬᠢᠯ ᠲᠡᠢ ᠪᠣᠯᠭᠠᠭᠰᠠᠨ ᠪᠢᠯᠡ᠃ ᠳᠠᠪ ᠲᠩᠷᠢ ᠶ᠋ᠢᠨ ᠬᠣᠣᠷᠲᠤ ᠦᠭᠡᠨ ᠳ᠋ᠦ᠍ ᠢᠳᠡᠭᠡᠨ᠂ ᠬᠦᠴᠦᠲᠦ ᠰᠠᠬᠢᠭᠤᠰᠤᠨ ᠳ᠋ᠤ᠌ ᠬᠥᠲᠥᠯᠦᠭᠳᠡᠨ ᠬᠠᠰᠠᠷ ᠢ᠋ ᠠᠯᠠᠬᠤ ᠪᠠᠷ ᠣᠴᠢᠭᠠᠳ ᠠᠮᠵᠢᠵᠤ ᠢᠷᠡᠭᠰᠡᠨ ᠥᠭᠡᠯᠦᠨ ᠡᠬᠡ ᠶ᠋ᠢᠨ ᠢ᠋ᠶ᠋ᠡᠨ ᠦᠷᠴᠢᠯᠡᠭᠡᠲᠦ ᠨᠢᠭᠤᠷ ᠢ᠋ ᠦᠵᠡᠮᠡᠭᠴᠡ ᠥᠪᠡᠷ ᠦ᠋ᠨ ᠡᠷᠬᠡ ᠦᠭᠡᠢ ᠠᠶᠤᠵᠤ ᠪᠤᠴᠠᠭᠰᠠᠨ ᠨᠢ ᠥᠭᠡᠯᠦᠨ ᠡᠬᠡ ᠶ᠋ᠢᠨ ᠦᠷ᠎ᠡ ᠪᠡᠨ ᠭᠡᠰᠡᠨ ᠰᠡᠳᠬᠢᠯ ᠳᠡᠭᠡᠳᠦ ᠲᠩᠷᠢ ᠶ᠋ᠢᠨ ᠬᠦᠰᠡᠯ ᠡᠴᠡ ᠢᠯᠡᠭᠦᠦ ᠬᠦᠴᠦᠲᠡᠢ ᠶ᠋ᠢ ᠭᠡᠷᠡᠴᠢᠯᠡᠨ᠎ᠡ᠃ ᠥᠭᠡᠯᠦᠨ ᠡᠬᠡ ᠨᠢ ᠶᠠᠭ ᠴᠠᠭ ᠢ᠋ᠶ᠋ᠠᠨ ᠣᠯᠵᠤ ᠠᠮᠵᠢᠨ ᠣᠴᠢᠭᠠᠳ ᠬᠠᠰᠠᠷ ᠤ᠋ᠨ ᠠᠮᠢ ᠶ᠋ᠢ ᠲᠡᠮᠦᠵᠢᠨ ᠦ᠌ ᠭᠠᠷ ᠠ᠋ᠴᠠ ᠪᠤᠯᠢᠶᠠᠨ ᠠᠪᠤᠷᠠᠭᠰᠠᠨ ᠨᠢ ᠳᠡᠭᠡᠳᠦ ᠲᠩᠷᠢ ᠶ᠋ᠢᠨ ᠵᠠᠷᠯᠢᠭ ᠪᠢᠵᠡ ᠭᠡᠵᠦ ᠴᠢᠩᠭᠢᠰ ᠬᠠᠭᠠᠨ ᠪᠣᠳᠣᠭᠠᠳ ᠲᠠᠢᠪᠤᠰᠢᠷᠠᠨ ᠬᠠᠰᠠᠷ ᠢ᠋ ᠥᠷᠥᠰᠢᠶᠡᠬᠦ ᠪᠡᠷ ᠰᠢᠢᠳᠦᠭᠰᠡᠨ ᠪᠢᠯᠡ᠃ ᠥᠭᠡᠯᠦᠨ ᠡᠬᠡ ᠶ᠋ᠢ ᠪᠡᠨ ᠬᠠᠷᠠᠵᠤ ᠪᠠᠢᠬᠤ ᠳ᠋ᠤ᠌᠂ ᠠᠮᠢᠳᠤ ᠰᠡᠷᠡᠭᠦᠨ ᠠᠬᠤᠢ ᠳ᠋ᠤ᠌ ᠬᠠᠰᠠᠷ ᠢ᠋ ᠠᠯᠠᠵᠤ ᠪᠣᠯᠬᠤ ᠦᠭᠡᠢ᠂ ᠪᠠᠰᠠ ᠠᠯᠠᠵᠤ ᠴᠢᠳᠠᠬᠤ ᠦᠭᠡᠢ ᠪᠡᠨ ᠴᠢᠩᠭᠢᠰ ᠬᠠᠭᠠᠨ ᠢᠩᠭᠢᠵᠦ ᠥᠪᠡᠷ ᠢ᠋ᠶ᠋ᠡᠨ ᠦᠵᠡᠵᠦ ᠮᠡᠳᠡᠵᠡᠢ᠃ ᠦᠷ᠎ᠡ ᠪᠡᠨ ᠬᠠᠢᠷᠠᠯᠠᠬᠤ ᠡᠬᠡ ᠶ᠋ᠢᠨ ᠰᠡᠳᠬᠢᠯ ᠳᠡᠭᠡᠳᠦ ᠲᠩᠷᠢ ᠶ᠋ᠢᠨ ᠵᠠᠷᠯᠢᠭ᠂ ᠬᠦᠰᠡᠯ ᠲᠡᠢ ᠡᠩ ᠲᠡᠩᠴᠡᠭᠦᠦ ᠪᠦᠷ ᠢᠯᠡᠭᠦᠦ ᠬᠦᠴᠦᠲᠡᠢ ᠪᠣᠯᠬᠤ ᠶ᠋ᠢ ᠳᠠᠪ ᠲᠩᠷᠢ ᠮᠡᠳᠡᠬᠦ ᠦᠭᠡᠢ ᠪᠠᠢᠭᠰᠠᠨ ᠨᠢ ᠲᠡᠭᠦᠨ ᠦ᠌ ᠦᠬᠦᠯ ᠦ᠋ᠨ ᠰᠢᠯᠲᠠᠭᠠᠨ ᠪᠠᠢᠯ᠎ᠠ᠃ ᠥᠭᠡᠯᠦᠨ ᠡᠬᠡ ᠶ᠋ᠢᠨ ᠦᠷ᠎ᠡ ᠪᠡᠨ ᠬᠠᠢᠷᠠᠯᠠᠬᠤ ᠰᠡᠳᠬᠢᠯ ᠦ᠋ᠨ ᠳᠠᠯᠳᠠ ᠰᠣᠪᠢᠩ ᠲᠤᠰᠠᠯᠠᠭ᠎ᠠ ᠦᠭᠡᠢ ᠪᠣᠯ ᠶᠢᠰᠦᠭᠡᠢ ᠶ᠋ᠢᠨ ᠬᠥᠪᠡᠭᠦᠳ ᠬᠣᠭᠣᠷᠣᠨᠳᠣ ᠪᠠᠨ ᠠᠯᠠᠯᠳᠤᠨ ᠶᠢᠷᠲᠢᠨᠴᠦ ᠶ᠋ᠢᠨ ᠰᠢᠪᠰᠢᠭ ᠪᠣᠯᠬᠤ ᠪᠠᠢᠪᠠ᠃ ᠲᠦᠮᠡᠨ ᠦ᠌ ᠰᠢᠪᠰᠢᠭ ᠪᠣᠯᠤᠭᠠᠳ ᠴᠤ᠌ ᠵᠣᠭᠰᠣᠬᠤ ᠦᠭᠡᠢ ᠪᠠᠢᠭᠤᠯᠤᠭᠰᠠᠨ ᠶᠡᠬᠡ ᠤᠯᠤᠰ ᠤ᠋ᠨ ᠵᠢᠯᠣᠭᠣ ᠶ᠋ᠢ ᠳᠠᠪ ᠲᠩᠷᠢ ᠶ᠋ᠢᠨ ᠭᠠᠷ ᠲᠤ᠌ ᠠᠯᠳᠠᠵᠤ ᠤᠵᠢᠭᠷᠠᠭᠰᠠᠨ ᠲᠡᠢᠨ ᠰᠠᠮᠠᠭᠤᠨ ᠳ᠋ᠤ᠌ ᠨᠡᠷᠪᠡᠭᠳᠡᠨ ᠮᠣᠩᠭᠣᠯ ᠦᠨᠳᠦᠰᠦᠲᠡᠨ ᠮᠥᠬᠥᠬᠦ ᠪᠠᠢᠪᠠ᠃ ᠲᠡᠢᠮᠦ ᠤᠴᠢᠷ ᠠ᠋ᠴᠠ ᠬᠡᠳᠦᠢ ᠡᠬᠡ ᠬᠥᠮᠦᠨ ᠪᠣᠯᠪᠠᠴᠤ ᠥᠭᠡᠯᠦᠨ ᠡᠬᠡ ᠪᠣᠯᠤᠭᠠᠳ ᠪᠥᠷᠲᠡ ᠬᠠᠲᠤᠨ ᠤ᠋ ᠪᠠᠨ ᠰᠠᠷᠠᠭᠤᠯ ᠤᠬᠠᠭᠠᠨ ᠰᠡᠳᠬᠢᠯ ᠦ᠋ᠨ ᠬᠠᠢᠷᠠᠨ ᠳ᠋ᠤ᠌ ᠴᠢᠩᠭᠢᠰ ᠬᠠᠭᠠᠨ ᠲᠠᠯᠠᠷᠬᠠᠬᠤ ᠶᠣᠰᠣᠲᠠᠢ ᠪᠣᠯᠵᠠᠢ᠃ ᠭᠡᠪᠡᠴᠦ ᠴᠢᠩᠭᠢᠰ ᠬᠠᠭᠠᠨ ᠪᠣᠯᠵᠤ ᠥᠩᠭᠡᠷᠡᠭᠰᠡᠨ ᠪᠦᠭᠦᠳᠡ ᠶ᠋ᠢ ᠭᠠᠭᠴᠠ ᠥᠪᠡᠷ ᠦ᠋ᠨ ᠭᠠᠪᠢᠶᠠᠨ ᠳ᠋ᠤ᠌ ᠲᠣᠭᠠᠴᠠᠵᠠᠢ᠃ ᠲᠡᠮᠦᠵᠢᠨ ᠮᠡᠷᠭᠢᠳ ᠦ᠋ᠨ ᠴᠢᠯᠭᠡᠷ ᠪᠥᠬᠡ ᠶ᠋ᠢ ᠦᠬᠦᠭᠦᠯᠦᠭᠰᠡᠨ ᠮᠥᠴᠡ ᠡᠴᠡ ᠡᠬᠢᠯᠡᠨ ᠪᠠᠷᠳᠠᠮ ᠵᠠᠩ ᠤ᠋ᠨ ᠡᠪᠡᠳᠴᠢᠨ ᠬᠡᠵᠢᠶ᠎ᠡ ᠴᠦ᠍ ᠡᠳᠡᠭᠡᠷᠡᠬᠦ ᠦᠭᠡᠢ ᠪᠡᠷ ᠨᠡᠷᠪᠡᠭᠳᠡᠭᠰᠡᠨ ᠪᠢᠯᠡ᠃ ᠮᠡᠩᠯᠢᠭ ᠦ᠋ᠨ ᠬᠥᠪᠡᠭᠦᠨ ᠬᠥᠭᠡᠴᠦ ᠶ᠋ᠢᠨ ᠮᠡᠳᠡᠵᠦ ᠴᠢᠳᠠᠯ ᠦᠭᠡᠢ ᠦᠬᠦᠭᠰᠡᠨ ᠪᠠᠰᠠ ᠨᠢᠭᠡ ᠤᠴᠢᠷ ᠪᠠᠢᠪᠠ᠃ ᠡᠨᠡ ᠨᠢ ᠲᠡᠭᠦᠨ ᠦ᠌ ᠦᠷ᠎ᠡ ᠦᠭᠡᠢ ᠪᠠᠢᠭᠰᠠᠨ ᠶᠠᠪᠤᠳᠠᠯ ᠶᠤᠮ᠃ ᠬᠥᠭᠡᠴᠦ ᠬᠥᠪᠡᠭᠦᠨ ᠢ᠋ᠶ᠋ᠡᠨ ᠮᠥᠩᠬᠡ ᠨᠠᠰᠤᠯᠠᠬᠤ ᠶᠤᠮ ᠰᠢᠭ᠋ ᠢᠲᠡᠭᠡᠵᠦ᠂ ᠲᠡᠭᠦᠨ ᠡᠴᠡ ᠢᠯᠡᠭᠦᠦ ᠬᠦᠴᠦᠲᠡᠨ ᠡᠨᠡ ᠬᠠᠪᠲᠠᠭᠠᠢ ᠭᠠᠵᠠᠷ ᠳᠡᠭᠡᠷ᠎ᠡ ᠪᠠᠢᠬᠤ ᠦᠭᠡᠢ ᠮᠡᠲᠦ ᠰᠡᠳᠬᠢᠵᠦ ᠶᠠᠪᠤᠭᠰᠠᠨ ᠮᠡᠩᠯᠢᠭ᠂ ᠬᠥᠪᠡᠭᠦᠨ ᠢ᠋ᠶ᠋ᠡᠨ ᠦᠬᠦᠭᠰᠡᠨ ᠡᠴᠡ ᠬᠣᠢᠰᠢ ᠬᠣᠭᠣᠯᠠ ᠤᠮᠳᠠ ᠠ᠋ᠴᠠ ᠭᠠᠷᠴᠤ ᠶᠠᠭ ᠯᠠ ᠬᠠᠷ᠎ᠠ ᠳᠠᠷᠤᠨ ᠵᠡᠭᠦᠳᠦᠯᠡᠵᠦ ᠪᠠᠢᠬᠤ ᠰᠢᠭ᠋ ᠬᠡᠳᠦᠨ ᠰᠠᠷ᠎ᠠ ᠶ᠋ᠢ ᠡᠯᠦᠢ ᠪᠠᠯᠠᠢ ᠥᠩᠭᠡᠷᠡᠭᠡᠵᠡᠢ᠃ ᠬᠠᠷᠢᠨ ᠥᠭᠡᠯᠦᠨ ᠢ᠋ ᠢᠷᠡᠵᠦ ᠠᠭᠤᠯᠵᠠᠭᠰᠠᠨ ᠠ᠋ᠴᠠ ᠬᠣᠢᠰᠢ ᠰᠠᠶᠢ ᠯᠠ ᠨᠢᠭᠡ ᠡᠷᠭᠢᠨ ᠲᠣᠭᠣᠷᠢᠨ ᠢ᠋ᠶ᠋ᠠᠨ ᠡᠷᠡᠭᠦᠯ ᠤᠬᠠᠭᠠᠨ ᠢ᠋ᠶ᠋ᠠᠷ ᠬᠠᠷᠠᠬᠤ ᠲᠠᠢ ᠪᠣᠯᠪᠠ᠃ ᠬᠥᠭᠡᠷᠦᠬᠦᠢ ᠬᠥᠭᠡᠴᠦ ᠬᠦᠦ ᠪᠡᠨ ᠲᠩᠷᠢ ᠶ᠋ᠢᠨ ᠡᠯᠴᠢ ᠭᠡᠳᠡᠭ ᠢ᠋ ᠮᠠᠲᠠᠯ ᠦᠭᠡᠢ ᠪᠠᠯᠴᠢᠷ ᠨᠠᠰᠤᠨ ᠳ᠋ᠤᠨᠢ ᠡᠯᠳᠡᠪ ᠢ᠋ᠶ᠋ᠡᠷ ᠭᠣᠣᠴᠢᠯᠠᠨ ᠵᠣᠳᠣᠵᠤ ᠵᠠᠨᠴᠢᠳᠠᠭ ᠪᠠᠢᠭᠰᠠᠨ ᠢ᠋ᠶ᠋ᠠᠨ ᠰᠠᠨᠠᠬᠤ ᠪᠦᠷᠢ ᠭᠣᠣᠯ ᠢ᠋ᠶ᠋ᠠᠨ ᠲᠠᠰᠤᠷᠠᠲᠠᠯ᠎ᠠ ᠭᠣᠮᠣᠳᠠᠨ ᠬᠠᠷᠠᠮᠰᠠᠬᠤ ᠪᠣᠯᠵᠠᠢ᠃ ᠬᠥᠪᠡᠭᠦᠨ ᠮᠢᠨᠢ ᠡᠴᠢᠭᠡ ᠳ᠋ᠡᠭᠡᠨ ᠶᠠᠭᠠᠬᠢᠭᠰᠠᠨ ᠶᠡᠬᠡ ᠭᠣᠮᠣᠳᠠᠳᠠᠭ ᠪᠠᠢᠭᠰᠠᠨ ᠪᠣᠯ ᠭᠡᠵᠦ ᠰᠠᠨᠠᠬᠤ ᠪᠠᠷ ᠦᠬᠦᠮᠡᠷ ᠬᠦᠰᠡᠯ ᠲᠥᠷᠥᠨ᠎ᠡ᠃ ᠮᠡᠩᠯᠢᠭ ᠦ᠋ᠨ ᠭᠣᠮᠣᠳᠠᠯ ᠬᠠᠷᠠᠮᠰᠠᠯ ᠢ᠋ ᠲᠠᠢᠳᠬᠤᠷᠠᠭᠤᠯᠬᠤ ᠭᠠᠭᠴᠠ ᠵᠦᠢᠯ ᠨᠢ ᠬᠥᠭᠡᠴᠦ ᠶ᠋ᠢᠨ ᠣᠯᠠᠨ ᠡᠮᠡᠰ ᠡᠴᠡ ᠦᠷ᠎ᠡ ᠦᠯᠡᠳᠡᠭᠡᠰᠡᠢ ᠭᠡᠰᠡᠨ ᠭᠣᠷᠢᠳᠠᠯᠭ᠎ᠠ ᠪᠠᠢᠯ᠎ᠠ᠃ ᠮᠡᠩᠯᠢᠭ ᠰᠥᠨᠢ ᠪᠦᠷᠢ ᠲᠩᠷᠢ ᠳ᠋ᠦ᠍ ᠮᠥᠷᠭᠥᠨ ᠭᠤᠶᠤᠭᠰᠠᠨ ᠪᠣᠯᠪᠠᠴᠤ ᠬᠥᠭᠡᠴᠦ ᠶ᠋ᠢᠨ ᠣᠯᠠᠨ ᠡᠮᠡᠰ ᠡᠴᠡ ᠨᠣᠢᠲᠠᠨ ᠰᠣᠷᠮᠤᠤᠰᠤ ᠲᠠᠢ ᠦᠷ᠎ᠡ ᠤᠨᠠᠭᠰᠠᠨ ᠦᠭᠡᠢ ᠵᠢᠯ ᠲᠣᠭᠣᠷᠢᠵᠤ ᠡᠴᠦᠰ ᠲᠦ᠋ᠨᠢ ᠲᠡᠷᠡ ᠬᠣᠷᠸ᠎ᠠ ᠶ᠋ᠢᠨ ᠭᠠᠰᠢᠭᠤᠨ ᠦᠨᠡᠨ ᠲᠡᠢ ᠡᠪᠯᠡᠷᠡᠬᠦ ᠡᠴᠡ ᠥᠭᠡᠷ᠎ᠡ ᠠᠷᠭ᠎ᠠ ᠦᠭᠡᠢ ᠪᠣᠯᠪᠠ᠃ ᠭᠠᠵᠠᠷ ᠲᠩᠷᠢ ᠶ᠋ᠢᠨ ᠶᠡᠬᠡ ᠬᠦᠴᠦ ᠶ᠋ᠢ ᠡᠵᠡᠮᠰᠢᠭᠰᠡᠨ ᠪᠥᠬᠡ᠂ ᠢᠳᠢ ᠰᠢᠳᠢᠲᠡᠨ ᠨᠦ᠍ᠭᠦᠳ ᠶᠡᠬᠡᠪᠴᠢᠯᠡᠨ ᠦᠷ᠎ᠡ ᠦᠭᠡᠢ ᠪᠠᠢᠳᠠᠭ ᠨᠢ ᠲᠩᠷᠢ ᠶ᠋ᠢᠨ ᠬᠦᠰᠡᠯ ᠪᠣᠯᠬᠤ ᠶ᠋ᠢ ᠮᠡᠩᠯᠢᠭ ᠳᠠᠩᠴᠤ ᠮᠡᠳᠡᠭᠰᠡᠨ ᠦᠭᠡᠢ᠃ ᠲᠩᠷᠢ ᠥᠪᠡᠷ ᠦ᠋ᠨ ᠬᠦᠴᠦ ᠶ᠋ᠢ ᠬᠥᠮᠦᠨ ᠦ᠌ ᠮᠠᠲᠠᠯ ᠳ᠋ᠤ᠌ ᠡᠭᠦᠷᠢᠳᠡ ᠰᠢᠯᠵᠢᠭᠦᠯᠦᠨ ᠠᠯᠳᠠᠬᠤ ᠦᠭᠡᠢ ᠶ᠋ᠢᠨ ᠲᠤᠯᠠᠳᠠ ᠢᠩᠭᠢᠳᠡᠭ ᠪᠥᠯᠥᠭᠡ᠃ ᠢᠳᠢ ᠰᠢᠳᠢ᠂ ᠳᠠᠯᠳᠠ ᠶ᠋ᠢᠨ ᠶᠡᠬᠡ ᠬᠦᠴᠦ ᠶ᠋ᠢ ᠳᠡᠭᠡᠳᠦ ᠲᠩᠷᠢ ᠬᠣᠶᠠᠷᠬᠠᠨ ᠬᠤᠪᠢᠶᠠᠬᠤ ᠪᠣᠯᠬᠤ ᠠ᠋ᠴᠠ ᠬᠡᠨ ᠴᠦ᠍ ᠬᠡᠵᠢᠶ᠎ᠡ ᠴᠦ᠍ ᠡᠴᠢᠭᠡ ᠡᠬᠡ ᠡᠴᠡ ᠵᠥᠪ ᠵᠦᠭᠡᠷ ᠠᠪᠬᠤ ᠤᠴᠢᠷ ᠦᠭᠡᠢ ᠠᠵᠢ᠃ ᠮᠡᠩᠯᠢᠭ ᠥᠭᠡᠯᠦᠨ ᠦ᠌ ᠬᠡᠯᠡᠭᠰᠡᠨ ᠦᠭᠡ ᠶ᠋ᠢ ᠣᠯᠠᠨ ᠬᠣᠨᠣᠭ ᠪᠣᠳᠣᠵᠠᠢ᠃ ᠡᠴᠦᠰ ᠲᠦ᠋ᠨᠢ ᠲᠡᠮᠦᠵᠢᠨ ᠢ᠋ ᠡᠭᠦᠷᠢᠳᠡ ᠳᠠᠭᠠᠬᠤ ᠪᠠᠷ ᠰᠢᠢᠳᠴᠦ᠂ ᠡᠨᠡ ᠲᠤᠬᠠᠢ ᠪᠠᠨ ᠥᠭᠡᠯᠦᠨ ᠳ᠋ᠦ᠍ ᠬᠡᠯᠡᠭᠰᠡᠨ ᠪᠢᠯᠡ᠃ ᠳᠠᠪ ᠲᠩᠷᠢ ᠶ᠋ᠢᠨ ᠦᠬᠦᠭᠰᠡᠨ ᠦ᠌ ᠳᠠᠷᠠᠭ᠎ᠠ ᠲᠡᠭᠦᠨ ᠦ᠌ ᠠᠯᠪᠠᠲᠤ ᠢᠷᠭᠡᠳ ᠢ᠋ ᠴᠢᠩᠭᠢᠰ ᠬᠠᠭᠠᠨ ᠬᠣᠷᠢᠶᠠᠨ ᠠᠪᠴᠤ ᠲᠡᠮᠦᠭᠡ ᠳ᠋ᠦ᠍ ᠥᠭᠴᠡᠢ᠃ ᠮᠡᠩᠯᠢᠭ ᠦᠯᠡᠳᠡᠭᠰᠡᠨ ᠬᠥᠪᠡᠭᠦᠳ ᠢ᠋ᠶ᠋ᠡᠨ ᠪᠣᠳᠣᠨ ᠬᠥᠭᠡᠴᠦ ᠶ᠋ᠢ ᠡᠭᠦᠷᠢᠳᠡ ᠮᠠᠷᠲᠠᠬᠤ ᠪᠠᠷ ᠰᠢᠢᠳᠪᠡ᠃ ᠥᠭᠡᠷ᠎ᠡ ᠵᠠᠮ ᠲᠡᠭᠦᠨ ᠳ᠋ᠦ᠍ ᠦᠯᠡᠳᠡᠭᠰᠡᠨ ᠦᠭᠡᠢ᠃ ᠳᠠᠪ ᠲᠩᠷᠢ ᠶ᠋ᠢᠨ ᠰᠠᠬᠢᠭᠤᠰᠤ᠂ ᠪᠥᠬᠡ ᠶ᠋ᠢᠨ ᠡᠳ᠋ᠯᠡᠯ ᠬᠡᠷᠡᠭᠰᠡᠯ ᠢ᠋ ᠮᠡᠩᠯᠢᠭ ᠪᠤᠷᠬᠠᠨ ᠬᠠᠯᠳᠤᠨ ᠤ᠋ ᠶᠠᠩ ( ᠥᠨᠳᠥᠷ ᠠᠭᠤᠯᠠ ᠨᠢᠷᠤᠭᠤ ᠨᠤᠭᠤᠳ ᠤ᠋ᠨ ᠨᠢᠴᠦᠭᠦᠨ ᠣᠷᠭᠢᠯ ) ᠶᠡᠬᠡ ᠪᠠᠢᠴᠠ ᠳ᠋ᠤ᠌ ᠬᠥᠮᠦᠨ ᠦ᠌ ᠨᠢᠳᠦᠨ ᠡᠴᠡ ᠳᠠᠯᠳᠠ ᠭᠠᠵᠠᠷ ᠣᠩᠭᠣᠯᠠᠨ ᠲᠠᠬᠢᠬᠰᠠᠨ ᠪᠥᠭᠡᠳ ᠢᠩᠭᠢᠬᠦ ᠨᠢ ᠮᠣᠩᠭᠣᠯᠴᠤᠳ ᠤ᠋ᠨ ᠡᠷᠲᠡᠨ ᠦ᠌ ᠶᠣᠰᠣ ᠪᠢᠯᠡ᠃ ᠪᠠᠰᠠ ᠥᠨᠥᠬᠢ ᠭᠡᠭᠦᠦ ᠭᠢᠰᠬᠢᠭᠦᠯᠵᠦ ᠪᠠᠢᠭᠰᠠᠨ ᠵᠥᠴᠢᠶ᠎ᠡ ᠶ᠋ᠢ ᠰᠢᠲᠠᠭᠠᠵᠠᠢ᠃ ᠳᠠᠪ ᠲᠩᠷᠢ ᠶ᠋ᠢᠨ ᠡᠳ᠋ᠯᠡᠵᠦ ᠬᠡᠷᠡᠭᠯᠡᠵᠦ ᠪᠠᠢᠭᠰᠠᠨ ᠪᠦᠬᠦᠨ ᠢ᠋ ᠨᠢᠳᠦᠨ ᠡᠴᠡ ᠳᠠᠯᠳᠠ ᠪᠣᠯᠭᠠᠪᠠᠯ ᠰᠠᠶᠢ ᠨᠢᠭᠡ ᠰᠠᠨᠠᠭ᠎ᠠ ᠠᠮᠠᠷᠠᠬᠤ ᠮᠡᠲᠦ ᠰᠠᠨᠠᠭᠳᠠᠭᠰᠠᠨ ᠲᠤᠯᠠ ᠮᠡᠩᠯᠢᠭ ᠢᠩᠭᠢᠵᠦ ᠬᠢᠵᠡᠢ᠃ ᠪᠤᠰᠤᠳ ᠬᠥᠪᠡᠭᠦᠳ ᠨᠢ ᠴᠦ᠍ ᠡᠭᠦᠨ ᠢ᠋ ᠡᠰᠡᠷᠭᠦᠴᠡᠭᠰᠡᠨ ᠦᠭᠡᠢ᠃ ᠬᠥᠭᠡᠴᠦ ᠶ᠋ᠢᠨ ᠡᠮᠡᠰ ᠢ᠋ ᠮᠡᠩᠯᠢᠭ ᠬᠥᠪᠡᠭᠦᠳ ᠲᠡᠭᠡᠨ ᠬᠤᠪᠢᠶᠠᠨ ᠥᠭᠪᠡ᠃ ᠬᠠᠷᠢᠨ ᠪᠣᠭᠣᠨᠢ ᠨᠠᠰᠤᠲᠠᠢ ᠬᠥᠭᠡᠴᠦ ᠬᠥᠪᠡᠭᠦᠨ ᠦ᠌ ᠪᠡᠨ ᠠᠴᠢ ᠪᠠᠷ ᠮᠡᠩᠯᠢᠭ ᠦ᠋ᠨ ᠬᠢᠨ ᠬᠥᠮᠦᠨ ᠡᠴᠡ ᠭᠤᠶᠤᠬᠤ ᠪᠠᠷ ᠦᠭᠡᠢ ᠪᠡᠶᠡᠵᠢᠵᠡᠢ᠃ ᠴᠢᠩᠭᠢᠰ ᠬᠠᠭᠠᠨ ᠬᠡᠯᠡᠭᠰᠡᠨ ᠳ᠋ᠡᠭᠡᠨ ᠬᠦᠷᠴᠦ ᠮᠡᠩᠯᠢᠭ ᠪᠣᠯᠤᠭᠠᠳ ᠲᠡᠭᠦᠨ ᠦ᠌ ᠬᠥᠪᠡᠭᠦᠳ ᠢ᠋ ᠳᠠᠬᠢᠵᠤ ᠶᠡᠷᠦ ᠬᠢᠯᠠᠢᠵᠤ ᠬᠠᠷᠠᠵᠤ᠂ ᠬᠠᠷᠢᠯᠬᠠᠵᠤ ᠬᠠᠲᠠᠭᠤᠷᠬᠠᠭᠰᠠᠨ ᠦᠭᠡᠢ᠃ ᠴᠢᠩᠭᠢᠰ ᠬᠠᠭᠠᠨ ᠢ᠋ ᠢᠩᠭᠢᠵᠦ ᠰᠢᠢᠳᠬᠦ ᠳ᠋ᠦ᠍ ᠥᠭᠡᠯᠦᠨ ᠡᠬᠡ ᠶ᠋ᠢᠨ ᠬᠢᠨᠢ ᠬᠡᠯᠡᠭᠰᠡᠨ ᠦᠭᠡ ᠬᠦᠴᠦᠲᠡᠢ ᠨᠥᠯᠥᠭᠡᠯᠡᠭᠰᠡᠨ ᠪᠢᠯᠡ᠃ ᠭᠡᠪᠡᠴᠦ ᠴᠢᠩᠭᠢᠰ ᠬᠠᠭᠠᠨ ᠡᠨᠡ ᠲᠤᠬᠠᠢ ᠬᠡᠨ ᠳ᠋ᠦ᠍ ᠴᠦ᠍ ᠮᠡᠳᠡᠭᠳᠡᠭᠰᠡᠨ ᠦᠭᠡᠢ᠃ ᠶᠡᠷᠦ ᠡᠴᠡ ᠥᠭᠡᠯᠦᠨ ᠡᠬᠡ ᠨᠢ ᠮᠡᠩᠯᠢᠭ ᠲᠦ᠍ ᠣᠨᠴᠠᠭᠠᠢ ᠳᠣᠲᠣᠨᠣ ᠬᠠᠨᠳᠤᠳᠠᠭ ᠤᠴᠢᠷ ᠢ᠋ ᠲᠡᠮᠦᠵᠢᠨ ᠲᠠᠭᠠᠪᠤᠷᠢᠯᠠᠵᠤ ᠮᠡᠳᠡᠳᠡᠭ ᠴᠦ᠍ ᠢᠩᠭᠢᠯ᠎ᠡ ᠭᠡᠵᠦ ᠡᠬᠡ ᠶ᠋ᠢ ᠪᠡᠨ ᠪᠤᠷᠤᠭᠤᠰᠢᠶᠠᠨ ᠦᠵᠡᠳᠡᠭ ᠦᠭᠡᠢ ᠪᠠᠢᠪᠠ᠃ ᠥᠭᠡᠯᠦᠨ ᠳ᠋ᠦ᠍ ᠮᠡᠩᠯᠢᠭ ᠢ᠋ ᠳᠣᠲᠣᠨᠣᠴᠢᠯᠠᠨ ᠦᠵᠡᠬᠦ ᠰᠢᠯᠲᠠᠭᠠᠨ ᠦᠨᠡᠬᠡᠷ ᠪᠠᠢᠭᠰᠠᠨ ᠶᠤᠮ᠃ ᠡᠭᠦᠨ ᠦ᠌ ᠳᠠᠯᠳᠠ ᠨᠠᠷᠢᠨ ᠨᠢᠭᠤᠴᠠ ᠶ᠋ᠢ ᠭᠠᠭᠴᠠ ᠥᠭᠡᠯᠦᠨ ᠯᠡ ᠥᠪᠡᠷ ᠢ᠋ᠶ᠋ᠡᠨ ᠮᠡᠳᠡᠬᠦ ᠪᠢᠯᠡ᠃
ᠦᠰᠦᠭ ᠠᠮᠢᠯᠠᠭᠤᠯᠤᠭᠴᠢ᠄ ᠭᠡᠷᠡᠯ᠂ ᠬᠡᠷᠡᠶ᠋ᠢᠳ ᠮᠥᠩᠬᠡᠨᠠᠰᠤᠨ᠂ ᠬᠡᠯᠡᠰᠣᠶᠤᠯ᠂ ( ᠪᠤᠤ ᠸᠸᠨ ᠬᠤᠸᠠ)᠂ ᠱᠠᠭᠰᠠᠯ᠂
ᠠᠯᠲᠠᠨᠴᠡᠴᠡᠭ᠂ ᠨᠠᠷᠠᠨᠲᠤᠶᠠᠭ᠎ᠠ᠂ ᠰᠡᠴᠡᠨᠴᠢᠮᠡᠭ᠂ ᠵᠢᠩᠯᠢᠬᠤᠸᠠᠷ᠂ ᠡᠩᠬᠡᠪᠠᠲᠤ᠂ ᠠᠷᠢᠭᠤᠨ᠂
ᠮᠥᠩᠭᠥᠨ᠂ ᠴᠡᠴᠡᠭ᠂ ᠪᠠᠶᠠᠨᠰᠡᠷᠡᠩ᠂ ᠣᠶᠤᠨᠪᠢᠯᠢᠭ᠌᠂ ᠳᠡᠭᠦᠵᠠᠶᠠᠭ᠎ᠠ
ᠬᠢᠨᠠᠭᠴᠢ᠄ ᠣᠳᠬᠠᠨᠰᠣ᠎ᠠ᠂ ᠰᠡᠬᠡᠭᠡᠷᠡᠯ᠂ ᠮᠣᠩᠭᠣᠯ ᠰᠦᠨᠡᠰᠦ᠂ ᠠᠷᠢᠭᠤᠨ᠂ ᠭᠠᠷᠮ᠎ᠠ᠂ ᠨᠠᠷᠠᠨ᠂
ᠰᠡᠴᠡᠨᠴᠢᠮᠡᠭ᠂ ᠲ·ᠬᠦᠮᠦᠵᠢᠯᠲᠦ᠂ ᠱᠠᠭᠰᠠᠯ᠂ ᠪᠠᠶᠠᠨᠴᠡᠴᠡᠭ᠂ ᠬᠡᠯᠡᠰᠣᠶᠤᠯ᠂ ᠬᠠᠢ ᠵᠢᠶᠦ᠋ᠨ
