ᠠᠯᠲᠠᠨ ᠮᠥᠩᠭᠥᠨ ᠠᠷᠭᠠᠢ ᠦᠯᠢᠭᠡᠷАлтан Мөнгөн Аргай Үлгэр ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠲᠠᠨ ᠮᠥᠩᠭᠥᠨ ᠠᠷᠭᠠᠢ ᠦᠯᠢᠭᠡᠷАлтан Мөнгөн Аргай Үлгэр

ᠠᠯᠲᠠᠨ ᠮᠥᠩᠭᠥᠨ ᠠᠷᠭᠠᠢ ᠦᠯᠢᠭᠡᠷАлтан Мөнгөн Аргай Үлгэр

ᠠᠩᠭᠢᠯᠠᠯ:ᠳᠣᠮᠣᠭ ᠦᠯᠢᠭᠡᠷ
2022-09-22

1231

ᠠᠯᠲᠠᠨ ᠮᠥᠩᠭᠥᠨ ᠠᠷᠭᠠᠢ

    ᠡᠷᠲᠡ ᠤᠷᠢᠳᠤ ᠴᠠᠭ ᠲᠤ᠌ ᠨᠠᠢ᠍ᠮᠠᠨ ᠨᠠᠰᠤᠲᠠᠢ ᠴᠠᠭᠠᠨ ᠬᠦᠦ ᠲᠡᠢ᠂ ᠨᠠᠢ᠍ᠮᠠᠨ ᠵᠠᠭᠤᠨ ᠠᠳᠤᠭᠤ ᠲᠠᠢ᠂ ᠨᠠᠢ᠍ᠮᠠᠨ ᠬᠥᠯ ᠲᠡᠢ ᠨᠠᠢᠷ ᠠᠯᠠᠭ ᠮᠣᠷᠢ ᠲᠠᠢ᠂ ᠨᠠᠶᠠᠨ ᠨᠠᠰᠤᠲᠠᠢ ᠡᠮᠡᠭᠡᠨ ᠲᠡᠢ ᠨᠠᠮᠲᠠᠢ ᠮᠡᠷᠭᠡᠨ ᠡᠪᠦᠭᠡᠨ ᠭᠡᠵᠦ ᠪᠠᠢᠵᠤ ᠭᠡᠨ᠎ᠡ ᠃ ᠬᠦᠦ ᠨᠢ ᠠᠯᠲᠠᠨ ᠮᠥᠩᠭᠥᠨ ᠠᠷᠭᠠᠢ ᠪᠠᠷ ᠨᠠᠭᠠᠳᠳᠠᠭ ᠪᠠᠢᠵᠤ ᠭᠡᠨ᠎ᠡ᠃
ᠡᠪᠦᠭᠡᠨ ᠨᠢᠭᠡ ᠥᠷᠯᠥᠭᠡ ᠨᠠᠢ᠍ᠮᠠᠨ ᠵᠠᠭᠤᠨ ᠠᠳᠤᠭᠤ ᠪᠠᠨ ᠨᠠᠭᠠᠰᠢᠯᠠᠭᠤᠯᠬᠤ ᠵᠠᠭᠤᠷ᠎ᠠ ᠪᠠᠨ ᠠᠷᠤ ᠶ᠋ᠢᠨ ᠠᠭᠤᠯᠠᠨ ᠳ᠋ᠤ᠌ ᠠᠩ ᠬᠦᠷᠦᠭᠡ ᠬᠢᠵᠦ᠂ ᠥᠪᠥᠷ ᠦ᠋ᠨ ᠠᠭᠤᠯᠠᠨ ᠳ᠋ᠤ᠌ ᠦᠨᠡᠭᠡ ᠲᠠᠤᠯᠠᠢ ᠬᠥᠭᠡᠭᠡᠵᠦ ᠶᠠᠪᠤᠵᠠᠢ᠃ ᠭᠡᠲᠡᠯ᠎ᠡ᠂ ᠭᠡᠷ ᠦ᠋ᠨ ᠴᠢᠨᠡᠭᠡ ᠭᠡᠳᠡᠰᠦ ᠲᠡᠢ᠂ ᠲᠣᠭᠣᠭᠠᠨ ᠴᠢᠨᠡᠭᠡ ᠲᠣᠯᠣᠭᠠᠢ ᠲᠠᠢ᠂ ᠶᠠᠷ ᠶᠠᠷ ᠳᠠᠭᠤ ᠲᠠᠢ᠂ ᠶᠠᠰᠤ ᠠᠷᠠᠰᠤ ᠪᠣᠯᠤᠭᠰᠠᠨ ᠪᠡᠶ᠎ᠡ ᠲᠡᠢ ᠮᠠᠩᠭᠤᠰ ᠡᠮᠡᠭᠡᠨ ᠭᠠᠷᠴᠤ ᠢᠷᠡᠭᠡᠳ «ᠨᠠᠮᠲᠠᠢ ᠮᠡᠷᠭᠡᠨ ᠡᠪᠦᠭᠡᠨ ᠴᠢ᠂ ᠨᠠᠰᠤᠨ ᠥᠨᠳᠥᠷ ᠠᠮᠢ ᠪᠠᠨ ᠥᠭᠬᠦ ᠤᠤ? ᠨᠠᠢ᠍ᠮᠠᠨ ᠵᠠᠭᠤᠨ ᠠᠳᠤᠭᠤ ᠪᠠᠨ ᠥᠭᠬᠦ ᠤᠤ? ᠨᠠᠢ᠍ᠮᠠᠨ ᠨᠠᠰᠤᠲᠠᠢ ᠬᠦᠦ ᠪᠡᠨ ᠥᠭᠬᠦ ᠤᠤ? ᠨᠠᠳᠠ ᠰᠢᠭ᠋ ᠬᠥᠭᠰᠢᠨ ᠡᠮᠡᠭᠡᠨ ᠢ᠋ᠶ᠋ᠡᠨ ᠥᠭᠬᠦ ᠤᠤ? » ᠭᠡᠵᠦ ᠶᠠᠭᠤ ᠶᠠᠭᠤ ᠦᠭᠡᠢ ᠢᠳᠡᠬᠦ ᠪᠡᠷ ᠵᠠᠪᠳᠤᠵᠠᠢ᠃ ᠡᠪᠦᠭᠡᠨ ᠶᠡᠬᠡᠳᠡ ᠠᠶᠤᠵᠤ ᠬᠣᠭᠣᠯᠠᠢ ᠴᠡᠴᠡᠷᠡᠭᠦᠯᠦᠨ « ᠠ᠋ ᠂ ᠠ᠋᠂ ᠨᠠᠮᠲᠠᠢ ᠮᠡᠷᠭᠡᠨ ᠡᠪᠦᠭᠡᠨ ᠨᠠᠮᠠᠶ᠋ᠢ ᠥᠷᠥᠰᠢᠶᠡᠵᠦ ᠬᠠᠢᠷᠠᠯᠠ᠂ ᠨᠠᠰᠤ ᠪᠠᠷ ᠢ᠋ᠶ᠋ᠠᠨ ᠬᠠᠮᠲᠤ ᠠᠮᠢᠳᠤᠷᠠᠭᠰᠠᠨ ᠡᠮᠡᠭᠡᠨ ᠢ᠋ ᠮᠢᠨᠢ ᠪᠢᠲᠡᠭᠡᠢ ᠢᠳᠡ! ᠨᠠᠢ᠍ᠮᠠᠨ ᠨᠠᠰᠤᠲᠠᠢ ᠬᠦᠦ ᠪᠡᠨ ᠦᠭᠶ᠎ᠡ᠃ ᠭᠡᠬᠦ ᠳ᠋ᠦ᠍ ᠪᠡᠨ᠂ ᠡᠯᠢᠭᠡᠨ ᠳ᠋ᠦ᠍ ᠪᠡᠨ ᠨᠠᠭᠠᠵᠤ᠂ ᠡᠩᠭᠡᠷ ᠲᠦ᠍ ᠪᠡᠨ ᠲᠡᠪᠡᠷᠢᠵᠦ ᠥᠰᠬᠡᠭᠰᠡᠨ ᠡᠵᠢ ᠶ᠋ᠢᠨ ᠬᠢᠨᠢ ᠨᠢᠳᠦᠨ ᠳᠡᠭᠡᠷ᠎ᠡ ᠥᠭᠴᠦ ᠳᠡᠢᠯᠬᠦ ᠦᠭᠡᠢ ᠳᠡ᠂ ᠮᠠᠨ ᠤ᠋ ᠬᠢ ᠨᠡᠭᠦᠪᠡᠯ ᠭᠤᠷᠪᠠᠨ ᠵᠢᠯ ᠦ᠋ᠨ ᠭᠠᠵᠠᠷ ᠨᠡᠭᠦᠳᠡᠭ᠂ ᠰᠠᠭᠤᠪᠠᠯ ᠭᠤᠷᠪᠠᠨ ᠵᠢᠯ ᠰᠠᠭᠤᠳᠠᠭ᠃ ᠬᠦᠦ ᠮᠢᠨᠢ ᠠᠯᠲᠠᠨ ᠮᠥᠩᠭᠥᠨ ᠠᠷᠭᠠᠢ ᠪᠠᠨ ᠠᠮᠢᠨ ᠠ᠋ᠴᠠ ᠪᠠᠨ ᠢᠯᠡᠭᠦᠦ ᠦᠵᠡᠳᠡᠭ ᠶᠤᠮ᠃ ᠲᠡᠭᠦᠨ ᠢ᠋ ᠨᠢ ᠪᠢ ᠪᠠᠭᠤᠴᠠ ᠳᠡᠭᠡᠷ᠎ᠡ ᠪᠡᠨ ᠣᠷᠬᠢᠭᠠᠳ ᠠᠯᠤᠰ ᠬᠣᠯᠠ ᠨᠡᠭᠦᠶ᠎ᠡ᠂ ᠠᠷᠭᠠᠢ ᠪᠠᠨ ᠠᠪᠬᠤ ᠭᠡᠵᠦ ᠢᠷᠡᠬᠦ ᠪᠡᠷ ᠨᠢ ᠬᠦᠦ ᠶ᠋ᠢ ᠮᠢᠨᠢ ᠠᠪ ᠳᠠ»᠃ ᠮᠠᠩᠭᠤᠰ ᠡᠮᠡᠭᠡᠨ ᠵᠥᠪᠰᠢᠶᠡᠷᠡᠵᠦ ᠡᠪᠦᠭᠡᠨ ᠢ᠋ ᠶᠠᠪᠤᠭᠤᠯᠵᠤ ᠭᠡᠨ᠎ᠡ᠃
ᠨᠠᠮᠲᠠᠢ ᠮᠡᠷᠭᠡᠨ ᠭᠡᠷ ᠲᠦ᠍ ᠪᠡᠨ ᠢᠷᠡᠭᠡᠳ « ᠡᠭ ᠂ ᠡᠪᠡᠰᠦ ᠨᠣᠭᠣᠭ᠎ᠠ ᠭᠠᠩᠳᠠᠯ᠎ᠠ᠂ ᠥᠭᠡᠷ᠎ᠡ ᠭᠠᠵᠠᠷ ᠨᠤᠲᠤᠭ ᠰᠡᠯᠭᠦᠶ᠎ᠡ ᠳᠧ » ᠭᠡᠵᠦ ᠬᠡᠯᠡᠭᠡᠳ ᠨᠡᠭᠦᠵᠡᠢ᠃ ᠰᠢᠨ᠎ᠡ ᠨᠤᠲᠤᠭ ᠲᠤ᠌ ᠣᠴᠢᠭᠠᠳ ᠰᠢᠷᠢᠬᠢ ᠵᠦᠯᠭᠡᠨ ᠳᠡᠭᠡᠷ᠎ᠡ ᠭᠡᠷ ᠢ᠋ᠶ᠋ᠡᠨ ᠪᠠᠷᠢᠵᠤ ᠪᠠᠢᠲᠠᠯ᠎ᠠ ᠨᠠᠢ᠍ᠮᠠᠨ ᠨᠠᠰᠤᠲᠠᠢ ᠴᠠᠭᠠᠨ ᠬᠦᠦ ᠨᠢ ᠲᠣᠭᠯᠠᠨ ᠨᠠᠭᠠᠳᠴᠤ ᠪᠠᠢᠭᠠᠳ ᠬᠡᠪ ᠭᠡᠨᠡᠳᠲᠡᠬᠡᠨ ᠠᠯᠲᠠᠨ ᠮᠥᠩᠭᠥᠨ ᠠᠷᠭᠠᠢ ᠪᠠᠨ ᠰᠠᠨᠠᠵᠠᠢ᠃
«ᠠᠪᠤ ᠠ᠋ ! ᠠᠯᠲᠠᠨ ᠮᠥᠩᠭᠥᠨ ᠠᠷᠭᠠᠢ ᠮᠢᠨᠢ ᠬᠠᠮᠢᠭ᠎ᠠ ᠪᠠᠢᠨ᠎ᠠ?»
« ᠮᠡᠳᠡᠬᠦ ᠦᠭᠡᠢ᠂ ᠡᠵᠢ ᠡᠴᠡ ᠪᠡᠨ ᠠᠰᠠᠭᠤ »
«ᠡᠵᠢ ᠠ᠋᠂ ᠡᠵᠢ ᠠ᠋! ᠠᠯᠲᠠᠨ ᠮᠥᠩᠭᠥᠨ ᠠᠷᠭᠠᠢ ᠮᠢᠨᠢ ᠬᠠᠮᠢᠭ᠎ᠠ ᠪᠠᠢᠨ᠎ᠠ?»
«ᠠᠢ! ᠮᠡᠳᠡᠬᠦ ᠦᠭᠡᠢ᠂ ᠮᠢᠨᠦ ᠬᠦᠦ ᠂ ᠠᠪᠤ ᠠ᠋ᠴᠠ ᠪᠠᠨ ᠯᠠ ᠠᠰᠠᠭᠤ »
«ᠠᠪᠤ ᠠ᠋᠂ ᠠᠪᠤ ᠠ᠋! ᠠᠯᠲᠠᠨ ᠮᠥᠩᠭᠥᠨ ᠠᠷᠭᠠᠢ ᠮᠢᠨᠢ ᠶᠠᠭᠠᠬᠢᠭᠰᠠᠨ ᠪᠣᠯ?»
«ᠠ᠂ ᠶᠣᠰᠣᠲᠠᠢ ᠪᠤᠤ ᠮᠡᠳᠡ ᠠ᠋᠂ ᠪᠠᠭᠤᠴᠠ ᠳᠡᠭᠡᠷ᠎ᠡ ᠪᠡᠨ ᠬᠠᠶᠠᠭᠳᠠᠭ᠎ᠠ ᠪᠢᠵᠡ ᠳᠧ᠂ ᠦᠭᠡᠢ ᠪᠣᠯ»
«ᠲᠡᠭᠡᠪᠡᠯ ᠪᠢ ᠪᠤᠴᠠᠵᠤ ᠣᠴᠢᠭᠠᠳ ᠠᠯᠲᠠᠨ ᠮᠥᠩᠭᠥᠨ ᠠᠷᠭᠠᠢ ᠪᠠᠨ ᠠᠪᠤᠭᠠᠳ ᠢᠷᠡᠶ᠎ᠡ »
«ᠲᠡᠭᠡ᠂ ᠲᠡᠭᠡ ᠠ᠋ ᠂ ᠮᠢᠨᠦ ᠬᠦᠦ!»
« ᠬᠠᠷᠢᠨ ᠪᠢ ᠶᠠᠮᠠᠷ ᠮᠣᠷᠢ ᠤᠨᠤᠵᠤ ᠶᠠᠪᠤᠬᠤ ᠪᠣᠢ?»
« ᠡᠭ! ᠠᠳᠤᠭᠤᠨ ᠤ᠋ ᠪᠠᠨ ᠰᠡᠭᠦᠯ ᠳ᠋ᠦ᠍ ᠶᠠᠪᠤᠳᠠᠭ ᠬᠠᠮᠠᠭᠤ ᠲᠠᠢ ᠬᠠᠷ᠎ᠠ ᠳᠠᠭ᠎ᠠ ᠪᠠᠨ ᠤᠨᠤᠭᠠᠳ ᠶᠠᠪᠤ »
«ᠡᠵᠢ ᠠ᠋! ᠪᠢ ᠶᠠᠮᠠᠷ ᠮᠣᠷᠢ ᠤᠨᠤᠵᠤ ᠶᠠᠪᠤᠬᠤ ᠪᠣᠢ?»
«ᠨᠠᠢ᠍ᠮᠠᠨ ᠵᠠᠭᠤᠨ ᠠᠳᠤᠭᠤᠨ ᠤ᠋ ᠪᠠᠨ ᠲᠦᠷᠦᠭᠦᠨ ᠳ᠋ᠦ᠍ ᠶᠠᠪᠤᠳᠠᠭ ᠨᠠᠢ᠍ᠮᠠᠨ ᠬᠥᠯ ᠲᠡᠢ ᠨᠠᠢᠷ ᠠᠯᠠᠭ ᠮᠣᠷᠢ ᠪᠠᠨ ᠤᠨᠤᠭᠠᠳ ᠶᠠᠪᠤ ᠳᠠ »
«ᠠᠪᠤ ᠠ᠋! ᠪᠢ ᠶᠠᠮᠠᠷ ᠬᠣᠨᠢ ᠪᠠᠷ ᠢ᠋ᠶ᠋ᠠᠨ ᠬᠦᠨᠡᠰᠦ ᠬᠢᠬᠦ ᠪᠣᠢ?»
«ᠬᠣᠨᠢᠨ ᠤ᠋ ᠪᠠᠨ ᠰᠡᠭᠦᠯ ᠳ᠋ᠦ᠍ ᠶᠠᠪᠤᠳᠠᠭ ᠬᠤᠷᠴᠢᠭᠤᠷ ᠬᠠᠷ᠎ᠠ ᠲᠥᠯᠥᠭᠡ ᠪᠡᠷ ᠢ᠋ᠶ᠋ᠡᠨ ᠬᠦᠨᠡᠰᠦ ᠬᠢ»
«ᠡᠵᠢ ᠠ᠋! ᠪᠢ ᠶᠠᠮᠠᠷ ᠬᠣᠨᠢ ᠪᠠᠷ ᠢ᠋ᠶ᠋ᠠᠨ ᠬᠦᠨᠡᠰᠦ ᠬᠢᠬᠦ ᠪᠣᠢ?»
«ᠲᠦᠮᠡᠨ ᠬᠣᠨᠢᠨ ᠤ᠋ ᠪᠠᠨ ᠲᠦᠷᠦᠭᠦᠨ ᠳ᠋ᠦ᠍ ᠶᠠᠪᠤᠳᠠᠭ ᠲᠦᠨᠲᠦᠭᠦᠷ ᠪᠣᠷᠣ ᠢᠷᠭᠡ ᠪᠡᠷ ᠢ᠋ᠶ᠋ᠡᠨ ᠬᠦᠨᠡᠰᠦ ᠬᠢ »
ᠢᠩᠭᠢᠭᠡᠳ ᠬᠦᠦ ᠡᠵᠢ ᠶ᠋ᠢᠨ ᠢ᠋ᠶ᠋ᠡᠨ ᠦᠭᠡᠨ ᠳ᠋ᠦ᠍ ᠣᠷᠣᠵᠤ ᠨᠠᠢ᠍ᠮᠠᠨ ᠵᠠᠭᠤᠨ ᠠᠳᠤᠭᠤᠨ ᠤ᠋ ᠪᠠᠨ ᠲᠦᠷᠦᠭᠦᠨ ᠳ᠋ᠦ᠍ ᠶᠠᠪᠤᠳᠠᠭ ᠨᠠᠢ᠍ᠮᠠᠨ ᠬᠥᠯ ᠲᠡᠢ ᠨᠠᠢᠷ ᠠᠯᠠᠭ ᠮᠣᠷᠢ ᠪᠠᠨ ᠤᠨᠤᠵᠤ ᠲᠦᠮᠡᠨ ᠬᠣᠨᠢᠨ ᠤ᠋ ᠪᠠᠨ ᠲᠦᠷᠦᠭᠦᠨ ᠳ᠋ᠦ᠍ ᠶᠠᠪᠤᠳᠠᠭ ᠲᠦᠨᠲᠦᠭᠦᠷ ᠪᠣᠷᠣ ᠢᠷᠭᠡ ᠪᠡᠷ ᠢ᠋ᠶ᠋ᠡᠨ ᠬᠦᠨᠡᠰᠦ ᠬᠢᠭᠡᠳ ᠶᠠᠪᠤᠵᠤ ᠭᠡᠨ᠎ᠡ᠃
ᠲᠡᠭᠡᠭᠡᠳ ᠬᠠᠭᠤᠴᠢᠨ ᠪᠠᠭᠤᠷᠢᠨ ᠳᠡᠭᠡᠷ᠎ᠡ ᠪᠡᠨ ᠢᠷᠡᠲᠡᠯ᠎ᠡ ᠮᠠᠩᠭᠤᠰ ᠡᠮᠡᠭᠡᠨ ᠠᠯᠲᠠᠨ ᠮᠥᠩᠭᠥᠨ ᠠᠷᠭᠠᠢ ᠪᠠᠷ ᠨᠢ ᠲᠣᠭᠯᠠᠵᠤ ᠰᠠᠭᠤᠵᠠᠢ᠃
«ᠡᠮᠧ ᠠ᠋! ᠡᠵᠢ ᠡᠴᠡ ᠮᠢᠨᠢ ᠢᠯᠭᠠᠭ᠎ᠠ ᠶᠠᠭᠤ ᠪᠠᠢᠬᠤ ᠪᠣᠢ! ᠠᠯᠲᠠᠨ ᠮᠥᠩᠭᠥᠨ ᠠᠷᠭᠠᠢ ᠶ᠋ᠢ ᠮᠢᠨᠢ ᠠᠪᠤᠭᠠᠳ ᠥᠭᠭᠦᠭᠡᠴᠢ!»
«ᠠᠢ᠂ᠮᠢᠨᠦ ᠬᠦᠦ᠂ ᠡᠮᠧ ᠨᠢ ᠪᠣᠰᠪᠠᠯ ᠰᠠᠭᠤᠵᠤ ᠴᠢᠳᠠᠳᠠᠭ ᠦᠭᠡᠢ᠂ ᠰᠠᠭᠤᠪᠠᠯ ᠪᠣᠰᠴᠤ ᠴᠢᠳᠠᠳᠠᠭ ᠦᠭᠡᠢ ᠃ ᠬᠦᠦ ᠮᠢᠨᠢ ᠪᠠᠭᠤᠵᠤ ᠢᠷᠡᠭᠡᠳ ᠠᠪᠤᠭᠠᠳ ᠣᠴᠢ!» ᠢᠩᠭᠢᠵᠦ ᠬᠡᠯᠡᠬᠦ ᠳ᠋ᠦ᠍ ᠨᠠᠢ᠍ᠮᠠᠨ ᠬᠥᠯ ᠲᠡᠢ ᠨᠠᠢᠷ ᠠᠯᠠᠭ᠎ᠠ ᠮᠣᠷᠢ ᠨᠢ ᠡᠮᠡᠭᠡᠨ ᠢ᠋ ᠡᠭᠡᠯ ᠬᠥᠮᠦᠨ ᠪᠢᠰᠢ ᠭᠡᠳᠡᠭ ᠢ᠋ ᠮᠡᠳᠡᠭᠡᠳ ᠬᠦᠦ ᠳ᠋ᠦ᠍ «ᠪᠢ ᠬᠣᠲᠣᠢᠬᠤ ᠶ᠋ᠢᠨ ᠳᠡᠭᠡᠳᠦ ᠪᠡᠷ ᠬᠣᠲᠣᠢᠶ᠎ᠠ᠃ ᠴᠢ ᠱᠦᠭᠦᠷᠡᠬᠦ ᠶ᠋ᠢᠨ ᠰᠠᠢᠨ ᠢ᠋ᠶ᠋ᠠᠷ ᠱᠦᠭᠦᠷ!» ᠭᠡᠵᠦ ᠰᠢᠪᠡᠨᠡᠨ ᠮᠠᠩᠭᠤᠰ ᠡᠮᠡᠭᠡᠨ ᠢ᠋ ᠨᠢᠳᠦ ᠪᠡᠨ ᠴᠠᠪᠴᠢᠬᠤ ᠵᠠᠭᠤᠷ᠎ᠠ ᠨᠠᠢᠷ ᠠᠯᠠᠭ ᠮᠣᠷᠢ ᠤᠬᠤᠰᠬᠢᠨ ᠳᠠᠪᠬᠢᠵᠤ ᠬᠣᠲᠣᠢᠬᠤ ᠶ᠋ᠢᠨ ᠳᠡᠭᠡᠳᠦ ᠪᠡᠷ ᠬᠣᠲᠣᠢᠬᠤ ᠳ᠋ᠤ᠌᠂ ᠨᠠᠢ᠍ᠮᠠᠨ ᠨᠠᠰᠤᠲᠠᠢ ᠴᠠᠭᠠᠨ ᠬᠦᠦ ᠱᠦᠭᠦᠷᠡᠬᠦ ᠶ᠋ᠢᠨ ᠰᠠᠢᠨ ᠢ᠋ᠶ᠋ᠠᠷ ᠱᠦᠭᠦᠷᠡᠵᠦ ᠠᠯᠲᠠᠨ ᠮᠥᠩᠭᠥᠨ ᠠᠷᠭᠠᠢ ᠪᠠᠨ ᠠᠪᠤᠭᠠᠳ ᠵᠢᠭᠤᠲᠠᠯ᠎ᠠ᠃
ᠮᠠᠩᠭᠤᠰ ᠡᠮᠡᠭᠡᠨ ᠴᠦ᠍ ᠪᠣᠰᠤᠨ ᠬᠠᠷᠠᠢᠵᠤ ᠬᠣᠢᠨ᠎ᠠ ᠡᠴᠡ ᠨᠢ ᠢᠯᠳᠦᠨ ᠬᠥᠭᠡᠭᠡᠯ᠎ᠡ᠃ ᠬᠥᠭᠡᠭᠡᠭᠰᠡᠭᠡᠷ ᠭᠦᠢᠴᠡᠵᠦ ᠣᠴᠢᠭᠠᠳ ᠨᠠᠢᠷ ᠠᠯᠠᠭ ᠮᠣᠷᠢᠨ ᠤ᠋ ᠨᠠᠢ᠍ᠮᠠᠨ ᠬᠥᠯ ᠦ᠋ᠨ ᠨᠢᠭᠡ ᠶ᠋ᠢ ᠨᠢ ᠬᠠᠳᠤᠭᠤᠷ ᠢ᠋ᠶ᠋ᠠᠷ ᠢ᠋ᠶ᠋ᠠᠨ ᠲᠠᠰᠤ ᠰᠢᠷᠪᠠᠯ᠎ᠠ ᠃ ᠭᠡᠲᠡᠯ᠎ᠡ ᠨᠠᠢᠷ ᠠᠯᠠᠭ ᠮᠣᠷᠢ ᠳᠣᠯᠣᠭᠠᠨ ᠬᠥᠯ ᠢ᠋ᠶ᠋ᠡᠷ ᠢ᠋ᠶ᠋ᠡᠨ ᠳᠤᠭᠤᠯᠳᠠᠭᠰᠠᠨ ᠳᠠᠪᠬᠢᠵᠤ ᠭᠠᠷᠤᠯ᠎ᠠ᠃ ᠨᠢᠭᠡᠨ ᠳᠠᠪᠠᠭ᠎ᠠ ᠳᠠᠪᠠᠭᠠᠳ ᠮᠠᠩᠭᠤᠰ ᠪᠠᠰᠠ ᠯᠠ ᠭᠦᠢᠴᠡᠨ ᠣᠴᠢᠵᠤ ᠮᠣᠷᠢᠨ ᠤ᠋ ᠨᠢᠭᠡ ᠬᠥᠯ ᠢ᠋ ᠨᠢ ᠳᠠᠬᠢᠨ ᠲᠠᠰᠤ ᠴᠠᠪᠴᠢᠪᠠ᠃ ᠡᠢᠨ ᠬᠦ᠌ ᠨᠠᠢ᠍ᠮᠠᠨ ᠳᠠᠪᠠᠭ᠎ᠠ ᠳᠠᠪᠠᠬᠤ ᠳ᠋ᠤ᠌ ᠨᠠᠢᠷ ᠠᠯᠠᠭ ᠮᠣᠷᠢᠨ ᠤ᠋ ᠨᠠᠢ᠍ᠮᠠᠨ ᠬᠥᠯ ᠢ᠋ ᠨᠢ ᠲᠠᠰᠤ ᠰᠢᠷᠪᠠᠵᠤ ᠳᠠᠭᠤᠰᠴᠠᠢ᠃ ᠨᠠᠢᠷ ᠠᠯᠠᠭ ᠮᠣᠷᠢ ᠨᠢ ᠨᠠᠢ᠍ᠮᠠᠨ ᠬᠥᠯ ᠢ᠋ᠶ᠋ᠡᠨ ᠲᠠᠰᠤᠯᠳᠠᠭᠤᠯᠤᠭᠰᠠᠨ ᠴᠤ᠌ ᠨᠠᠢ᠍ᠮᠠᠨ ᠨᠠᠰᠤᠲᠠᠢ ᠴᠠᠭᠠᠨ ᠬᠦᠦ ᠶ᠋ᠢ ᠠᠪᠤᠷᠠᠬᠤ ᠶ᠋ᠢᠨ ᠲᠤᠯᠠᠳᠠ ᠪᠡᠶ᠎ᠡ ᠪᠡᠷ ᠢ᠋ᠶ᠋ᠡᠨ ᠪᠡᠮᠪᠡᠭᠡᠨᠡᠨ ᠵᠢᠭᠤᠲᠠᠵᠤ ᠪᠠᠢᠯ᠎ᠠ᠃ ᠳᠠᠬᠢᠨ ᠨᠢᠭᠡ ᠳᠠᠪᠠᠭ᠎ᠠ ᠳᠠᠪᠠᠬᠤ ᠳ᠋ᠤ᠌ ᠮᠠᠩᠭᠤᠰ ᠡᠮᠡᠭᠡᠨ ᠭᠦᠢᠴᠡᠨ ᠢᠷᠡᠵᠦ ᠮᠣᠷᠢᠨ ᠤ᠋ ᠪᠥᠭᠰᠡᠨ ᠪᠡᠶ᠎ᠡ ᠶ᠋ᠢ ᠲᠠᠰᠤ ᠰᠢᠷᠪᠠᠵᠤ ᠭᠡᠨ᠎ᠡ᠃ ᠬᠥᠭᠡᠷᠦᠬᠦᠢ ᠮᠣᠷᠢ ᠴᠡᠭᠡᠵᠢ ᠪᠡᠷ ᠢ᠋ᠶ᠋ᠡᠨ ᠴᠥᠮᠴᠥᠭᠡᠨᠡᠨ ᠶᠠᠪᠤᠬᠤ ᠵᠠᠭᠤᠷ᠎ᠠ ᠳ᠋ᠤ᠌ ᠪᠠᠨ ᠴᠠᠭᠠᠨ ᠬᠦᠦ ᠳ᠋ᠦ᠍ « ᠮᠠᠩᠭᠤᠰ ᠡᠮᠡᠭᠡᠨ ᠤᠳᠠᠯ ᠦᠭᠡᠢ ᠭᠦᠢᠴᠡᠵᠦ ᠬᠦᠵᠦᠭᠦᠦ ᠮᠢᠨᠢ ᠲᠠᠰᠤ ᠰᠢᠷᠪᠠᠨ᠎ᠠ᠂ ᠴᠢ ᠮᠢᠨᠦ ᠲᠣᠯᠣᠭᠠᠢ ᠳᠡᠭᠡᠷ᠎ᠡ ᠰᠠᠭᠤᠭᠠᠳ ᠶᠠᠪᠤ !» ᠢᠩᠭᠢᠭᠡᠳ ᠴᠠᠭᠠᠨ ᠬᠦᠦ ᠮᠣᠷᠢᠨ ᠤ᠋ ᠪᠠᠨ ᠲᠣᠯᠣᠭᠠᠢ ᠳᠡᠭᠡᠷ᠎ᠡ ᠰᠠᠭᠤᠭᠠᠳ ᠶᠠᠪᠤᠵᠤ ᠪᠠᠢᠲᠠᠯ᠎ᠠ ᠮᠠᠩᠭᠤᠰ ᠡᠮᠡᠭᠡᠨ ᠭᠦᠢᠴᠡᠨ ᠢᠷᠡᠵᠦ ᠮᠣᠷᠢᠨ ᠤ᠋ ᠬᠢᠨᠢ ᠲᠣᠯᠣᠭᠠᠢ ᠶ᠋ᠢ ᠲᠠᠰᠤ ᠴᠠᠪᠴᠢᠪᠠ᠃ ᠢᠩᠭᠢᠭᠡᠳ ᠨᠠᠢᠷ ᠠᠯᠠᠭ ᠮᠣᠷᠢ ᠨᠢ ᠦᠬᠦᠴᠢᠬᠡᠵᠡᠢ᠃ ᠴᠠᠭᠠᠨ ᠬᠦᠦ ᠨᠠᠢᠷ ᠠᠯᠠᠭ ᠮᠣᠷᠢ ᠪᠠᠨ ᠦᠬᠦᠭᠰᠡᠨ ᠳ᠋ᠦ᠍ ᠭᠠᠰᠢᠭᠤᠳᠠᠨ ᠤᠬᠢᠯᠠᠵᠤ ᠮᠠᠩᠭᠤᠰ ᠡᠮᠡᠭᠡᠨ ᠡᠴᠡ ᠵᠢᠭᠤᠲᠠᠨ ᠭᠦᠶᠦᠭᠰᠡᠭᠡᠷ ᠠᠯᠲᠠᠨ ᠤᠯᠢᠶᠠᠰᠤᠨ ᠳᠡᠭᠡᠷ᠎ᠡ ᠠᠪᠠᠷᠢᠨ ᠭᠠᠷᠴᠠᠢ᠃ ᠮᠠᠩᠭᠤᠰ ᠤᠯᠢᠶᠠᠰᠤ ᠶ᠋ᠢ ᠴᠠᠪᠴᠢᠬᠤ ᠭᠡᠲᠡᠯ᠎ᠡ ᠨᠢᠭᠡᠨ ᠤᠯᠠᠭᠠᠨ ᠦᠨᠡᠭᠡ ᠭᠦᠶᠦᠨ ᠢᠷᠡᠵᠦ᠄
«ᠡᠵᠢ ᠮᠢᠨᠢ᠂ ᠪᠢ ᠡᠨᠡ ᠤᠯᠢᠶᠠᠰᠤ ᠶ᠋ᠢ ᠤᠨᠠᠭᠠᠶ᠎ᠠ᠃ ᠲᠠ ᠵᠢᠭᠠᠬᠠᠨ ᠤᠨᠲᠠᠵᠤ ᠠᠮᠠᠷᠠ!»
«ᠠ᠋ ᠂ ᠠᠰᠢᠭᠦᠢ᠂ ᠠᠰᠢᠭᠦᠢ! ᠶᠠᠭᠠᠬᠢᠭᠰᠠᠨ ᠴᠤ᠌ ᠠᠴᠢ ᠲᠤᠰᠠ ᠲᠠᠢ ᠦᠨᠡᠭᠡ ᠶᠤᠮ ᠳᠧ !» ᠡᠮᠡᠭᠡᠨ ᠢᠩᠭᠢᠵᠦ ᠬᠡᠯᠡᠭᠡᠳ ᠪᠠᠷᠠᠭᠤᠨ ᠬᠠᠮᠠᠷ ᠠ᠋ᠴᠠ ᠪᠠᠨ ᠤᠲᠤᠭ᠎ᠠ ᠰᠠᠪᠰᠠᠭᠤᠯᠤᠨ᠂ ᠵᠡᠭᠦᠨ ᠬᠠᠮᠠᠷ ᠠ᠋ᠴᠠ ᠪᠠᠨ ᠭᠠᠯ ᠪᠠᠳᠠᠷᠠᠭᠤᠯᠤᠨ ᠬᠥᠷ ᠬᠥᠷ ᠬᠤᠷᠬᠢᠷᠠᠨ ᠤᠨᠲᠠᠵᠠᠢ᠃ ᠦᠨᠡᠭᠡ ᠬᠦᠦ ᠶ᠋ᠢ ᠮᠣᠳᠣᠨ ᠡᠴᠡ ᠪᠤᠰᠢᠭᠤᠬᠠᠨ ᠪᠠᠭᠤᠯᠭᠠᠵᠤ ᠶᠠᠪᠤᠭᠤᠯᠤᠭᠠᠳ ᠮᠠᠩᠭᠤᠰ ᠤ᠋ᠨ ᠨᠢᠳᠦ ᠶ᠋ᠢ ᠴᠠᠪᠠᠤᠳᠠᠵᠤ ᠣᠷᠬᠢᠯ᠎ᠠ᠃ ᠮᠠᠩᠭᠤᠰ ᠰᠡᠷᠡᠭᠡᠳ ᠮᠥᠷ ᠢ᠋ᠶ᠋ᠡᠷ ᠨᠢ ᠰᠢᠩᠰᠢᠨ ᠦᠨᠦᠷᠳᠡᠵᠦ ᠬᠦᠦ ᠶ᠋ᠢ ᠭᠦᠢᠴᠡᠨ ᠣᠴᠢᠵᠠᠢ᠃ ᠴᠠᠭᠠᠨ ᠬᠦᠦ ᠪᠠᠷᠢᠭᠳᠠᠬᠤ ᠶ᠋ᠢᠨ ᠳᠠᠪᠠᠭᠠᠨ ᠳᠡᠭᠡᠷ᠎ᠡ ᠳᠠᠯᠠᠢ ᠶ᠋ᠢᠨ ᠵᠠᠬ᠎ᠠ ᠳ᠋ᠤ᠌ ᠤᠷᠭᠤᠭᠰᠠᠨ ᠨᠢᠭᠡᠨ ᠠᠯᠲᠠᠨ ᠤᠯᠢᠶᠠᠰᠤᠨ ᠳ᠋ᠤ᠌ ᠳᠠᠬᠢᠨ ᠠᠪᠠᠷᠢᠨ ᠭᠠᠷᠤᠯ᠎ᠠ᠃ ᠮᠠᠩᠭᠤᠰ ᠮᠣᠳᠣ ᠶ᠋ᠢ ᠴᠠᠪᠴᠢᠬᠤ ᠭᠡᠲᠡᠯ᠎ᠡ ᠥᠨᠥᠬᠢ ᠤᠯᠠᠭᠠᠨ ᠦᠨᠡᠭᠡ ᠥᠪᠡᠷ ᠢ᠋ ᠪᠡᠨ ᠴᠠᠭᠠᠨ ᠢ᠋ᠶ᠋ᠠᠷ ᠪᠤᠳᠤᠴᠢᠬᠠᠭᠠᠳ ᠳᠠᠬᠢᠨ ᠢᠷᠡᠵᠦ᠄
«ᠡᠵᠢ ᠡᠵᠢ᠂ ᠡᠨᠡ ᠤᠯᠢᠶᠠᠰᠤ ᠶ᠋ᠢ ᠪᠢ ᠤᠨᠠᠭᠠᠵᠤ ᠥᠭᠭᠦᠶ᠎ᠡ ᠃ »
«ᠪᠢ ᠴᠢᠮ᠎ᠠ ᠳ᠋ᠤ᠌ ᠶᠠᠭᠠᠬᠢᠵᠤ ᠢᠲᠡᠭᠡᠬᠦ ᠪᠢᠯᠡ? ᠲᠦᠷᠦᠭᠦᠬᠡᠨ ᠨᠢᠭᠡ ᠦᠨᠡᠭᠡ ᠲᠡᠭᠡᠵᠦ ᠬᠠᠭᠤᠷᠤᠭᠠᠳ ᠬᠡᠯᠡᠭᠡᠳ ᠨᠢᠳᠦ ᠶ᠋ᠢ ᠮᠢᠨᠢ ᠴᠠᠪᠠᠤᠳᠤᠭᠰᠠᠨ᠃ »
« ᠦᠭᠡᠢ! ᠡᠵᠢ ᠠ᠋᠂ ᠲᠡᠷᠡ ᠴᠢᠨᠢ ᠲᠠᠯ᠎ᠠ ᠶ᠋ᠢᠨ ᠦᠨᠡᠭᠡ ᠂ ᠠ᠂ ᠪᠢ ᠪᠣᠯ ᠲᠠᠢᠭ᠎ᠠ ᠶ᠋ᠢᠨ ᠦᠨᠡᠭᠡ ᠃ » ᠢᠩᠭᠢᠵᠦ ᠬᠡᠯᠡᠬᠦ ᠳ᠋ᠦ᠍ ᠡᠮᠡᠭᠡᠨ ᠮᠥᠨ ᠢᠳᠡᠭᠡᠨ ᠤᠨᠲᠠᠭᠠᠳ ᠥᠭᠴᠡᠢ᠃ ᠦᠨᠡᠭᠡ ᠬᠦᠦ ᠶ᠋ᠢ ᠬᠤᠷᠳᠤᠬᠠᠨ ᠰᠢᠭ᠋ ᠮᠣᠳᠣᠨ ᠡᠴᠡ ᠨᠢ ᠪᠠᠭᠤᠯᠭᠠᠭᠠᠳ ᠮᠠᠩᠭᠤᠰ ᠤ᠋ᠨ ᠨᠢᠳᠦ ᠶ᠋ᠢ ᠳᠠᠬᠢᠨ ᠴᠠᠪᠠᠤᠳᠠᠯ᠎ᠠ᠃ ᠮᠠᠩᠭᠤᠰ ᠡᠮᠡᠭᠡᠨ ᠰᠡᠷᠢᠵᠦ ᠨᠠᠢ᠍ᠮᠠᠨ ᠨᠠᠰᠤᠲᠠᠢ ᠴᠠᠭᠠᠨ ᠬᠦᠦ ᠶ᠋ᠢᠨ ᠰᠢᠨ᠎ᠡ ᠮᠥᠷ ᠢ᠋ᠶ᠋ᠡᠷ ᠨᠢ ᠰᠢᠩᠰᠢᠵᠦ ᠬᠠᠭᠤᠴᠢᠨ ᠮᠥᠷ ᠢ᠋ᠶ᠋ᠡᠷ ᠨᠢ ᠬᠤᠩᠰᠢᠨ ᠨᠡᠬᠡᠪᠡ᠃ ᠬᠦᠦ ᠶ᠋ᠢ ᠮᠠᠩᠭᠤᠰ ᠡᠴᠡ ᠵᠢᠭᠤᠲᠠᠵᠤ ᠶᠠᠪᠤᠬᠤ ᠳ᠋ᠤ᠌ ᠨᠠᠢᠷ ᠠᠯᠠᠭ ᠮᠣᠷᠢ ᠨᠢ ᠪᠤᠬᠠᠨ ᠪᠢᠷᠠᠭᠤ ᠪᠣᠯᠤᠨ ᠬᠤᠪᠢᠯᠤᠭᠠᠳ ᠳᠠᠪᠬᠢᠨ ᠢᠷᠡᠵᠦ᠄
«ᠬᠦᠦ ᠮᠢᠨᠢ ᠂ ᠨᠠᠮᠠᠶ᠋ᠢ ᠤᠨᠤᠭᠠᠳ ᠶᠠᠪᠤ ᠃ » ᠴᠠᠭᠠᠨ ᠬᠦᠦ ᠪᠢᠷᠠᠭᠤ ᠶ᠋ᠢ ᠤᠨᠤᠵᠤ ᠴᠠᠰᠢ ᠵᠢᠭᠤᠲᠠᠭᠰᠠᠨ ᠪᠣᠯᠪᠠᠴᠤ ᠮᠠᠩᠭᠤᠰ ᠲᠤᠩ ᠣᠢᠷᠠᠬᠠᠨ ᠢᠷᠡᠵᠡᠢ᠃ ᠡᠮᠡᠭᠡᠨ ᠬᠠᠳᠤᠭᠤᠷ ᠢ᠋ᠶ᠋ᠠᠷ ᠬᠥᠯ ᠢ᠋ ᠨᠢ ᠴᠠᠪᠴᠢᠬᠤ ᠭᠡᠳ ᠳᠣᠷᠣᠭᠰᠢ ᠲᠣᠩᠭᠣᠢᠲᠠᠯ᠎ᠠ ᠪᠤᠬᠠᠨ ᠪᠢᠷᠠᠭᠤ ᠪᠠᠭᠠᠵᠤ ᠮᠠᠩᠭᠤᠰ ᠤ᠋ᠨ ᠬᠠᠮᠠᠷ ᠳᠡᠭᠡᠷ᠎ᠡ ᠨᠠᠭᠠᠯᠳᠤᠴᠢᠬᠠᠵᠠᠢ᠃ ᠮᠠᠩᠭᠤᠰ ᠠᠭᠤᠷᠯᠠᠭᠠᠳ ᠳᠠᠯᠠᠢ ᠶ᠋ᠢᠨ ᠵᠠᠬ᠎ᠠ ᠳ᠋ᠤ᠌ ᠣᠴᠢᠭᠠᠳ ᠤᠰᠤ ᠶ᠋ᠢ ᠨᠢ ᠪᠤᠯᠠᠩᠭᠢᠷᠲᠤᠲᠠᠯ᠎ᠠ ᠤᠬᠢᠶᠠᠵᠠᠢ᠃ ᠪᠤᠬᠠᠨ ᠪᠢᠷᠠᠭᠤ ᠰᠡᠭᠦᠯ ᠢ᠋ᠶ᠋ᠡᠨ ᠮᠣᠳᠣᠢᠯᠭᠠᠨ ᠳᠠᠪᠬᠢᠬᠤ ᠳ᠋ᠤ᠌᠂ ᠬᠦᠦ ᠬᠣᠶᠠᠷ ᠴᠢᠬᠢᠨ ᠡᠴᠡ ᠨᠢ ᠪᠠᠷᠢᠨ ᠬᠥᠪᠡᠭᠡ ᠲᠤᠯᠤᠭᠠᠳ ᠳᠠᠪᠠᠨ ᠨᠡᠯᠢᠶᠡᠳ ᠬᠣᠯᠠ ᠵᠢᠭᠤᠲᠠᠵᠤ ᠠᠮᠵᠢᠪᠠ᠃ ᠴᠠᠭᠠᠨ ᠬᠦᠦ ᠨᠡᠭᠦᠳᠡᠯ ᠦ᠋ᠨ ᠵᠠᠮ ᠳ᠋ᠤ᠌ ᠭᠡᠭᠡᠭᠳᠡᠭᠰᠡᠨ ᠠᠪᠤ ᠶ᠋ᠢᠨ ᠢ᠋ᠶ᠋ᠡᠨ ᠪᠢᠯᠡᠭᠦᠨ ᠦ᠌ ᠬᠠᠭᠠᠷᠬᠠᠢ᠂ ᠡᠵᠢ ᠶ᠋ᠢᠨ ᠢ᠋ᠶ᠋ᠡᠨ ᠰᠠᠮ ᠤ᠋ᠨ ᠬᠤᠭᠤᠷᠬᠠᠢ ᠰᠡᠲᠡᠷᠬᠡᠢ ᠲᠡᠪᠡᠨᠡ ᠶ᠋ᠢ ᠠᠪᠤᠨ ᠴᠠᠰᠢ ᠶᠠᠪᠤᠯ᠎ᠠ᠃ ᠤᠳᠠᠭᠰᠠᠨ ᠴᠤ᠌ ᠦᠭᠡᠢ ᠮᠠᠩᠭᠤᠰ ᠡᠮᠡᠭᠡᠨ ᠳᠠᠬᠢᠨ ᠭᠦᠢᠴᠡᠵᠦ ᠢᠷᠡᠯ᠎ᠡ᠃ ᠬᠦᠦ ᠮᠠᠩᠭᠤᠰ ᠢ᠋ ᠳᠥᠭᠥᠵᠦ ᠢᠷᠡᠮᠡᠭᠴᠡ «ᠪᠠᠲᠠᠭᠠᠨ᠎ᠠ ᠶ᠋ᠢᠨ ᠲᠣᠯᠣᠭᠠᠢ ᠪᠠᠭᠲᠠᠬᠤ ᠦᠭᠡᠢ ᠪᠢᠲᠡᠭᠦᠦ ᠬᠠᠷ᠎ᠠ ᠰᠢᠷᠢᠩᠭᠢ ᠪᠣᠯ!» ᠭᠡᠵᠦ ᠬᠡᠯᠡᠭᠡᠳ ᠬᠤᠭᠤᠷᠬᠠᠢ ᠰᠠᠮ ᠢ᠋ᠶ᠋ᠠᠨ ᠰᠢᠪᠰᠢᠭᠡᠳ ᠰᠢᠳᠡᠬᠦ ᠳ᠋ᠦ᠍ ᠪᠢᠲᠡᠭᠦᠦ ᠬᠠᠷ᠎ᠠ ᠰᠢᠷᠢᠩᠭᠢ ᠪᠣᠯᠪᠠ᠃
« ᠴᠠᠭᠠᠨ ᠠ᠋ ᠴᠢ᠂ ᠡᠨᠡ ᠪᠢᠲᠡᠭᠦᠦ ᠰᠢᠷᠢᠩᠭᠢ ᠶ᠋ᠢᠨ ᠴᠠᠭᠠᠨ᠎ᠠ ᠨᠢ ᠶᠠᠭᠠᠬᠢᠵᠤ ᠭᠠᠷᠪᠠ? »
« ᠡᠮᠧ ᠮᠢᠨᠢ᠂ ᠨᠢᠭᠤᠷ ᠨᠢᠳᠦ ᠪᠡᠨ ᠰᠣᠬᠣᠯᠤᠨ ᠪᠠᠢᠵᠤ ᠪᠢ ᠭᠠᠷᠤᠯ᠎ᠠ » ᠢᠩᠭᠢᠵᠦ ᠬᠡᠯᠡᠬᠦ ᠳ᠋ᠦ᠍ ᠮᠠᠩᠭᠤᠰ ᠡᠮᠡᠭᠡᠨ ᠴᠦ᠍ ᠨᠢᠭᠤᠷ ᠨᠢᠳᠦ ᠪᠡᠨ ᠰᠣᠬᠣᠯᠤᠨ ᠠᠷᠠᠢ ᠭᠡᠵᠦ ᠭᠠᠷᠤᠭᠠᠳ ᠭᠦᠢᠴᠡᠨ ᠢᠷᠡᠯ᠎ᠡ᠃ ᠬᠦᠦ ᠮᠠᠩᠭᠤᠰ ᠢ᠋ ᠭᠦᠢᠴᠡᠭᠡᠳ ᠢᠷᠡᠬᠦᠯᠡᠷ ᠪᠢᠯᠡᠭᠦᠨ ᠦ᠌ ᠬᠠᠭᠠᠷᠬᠠᠢ ᠶ᠋ᠢ « ᠡᠯᠢᠶ᠎ᠡ ᠰᠢᠪᠠᠭᠤᠨ ᠳᠠᠪᠠᠬᠤ ᠦᠭᠡᠢ᠂ ᠡᠯᠢᠭᠡᠨ ᠤᠯᠠᠭᠠᠨ ᠬᠠᠳᠠ ᠪᠣᠯ» ᠭᠡᠳ ᠰᠢᠳᠡᠲᠡᠯ᠎ᠡ ᠬᠡᠯᠡᠭᠰᠡᠨ ᠢ᠋ᠶ᠋ᠡᠷ ᠨᠢ ᠪᠣᠯᠪᠠ᠃ ᠮᠠᠩᠭᠤᠰ ᠡᠮᠡᠭᠡᠨ᠄
«ᠠ᠋ ᠬᠦᠦ ᠮᠢᠨᠢ ᠴᠢ! ᠡᠨᠡ ᠡᠯᠢᠭᠡᠨ ᠤᠯᠠᠭᠠᠨ ᠬᠠᠳᠠ ᠶ᠋ᠢ ᠶᠠᠭᠠᠬᠢᠵᠤ ᠳᠠᠪᠠᠪᠠ?»
«ᠦᠭᠡᠢ ᠶᠠᠭᠠᠬᠢᠬᠤᠪ᠂ ᠪᠢ ᠭᠠᠷ ᠬᠥᠯ ᠢ᠋ᠶ᠋ᠡᠨ ᠬᠤᠭᠤᠴᠢᠨ ᠪᠠᠢᠵᠤ ᠳᠠᠪᠠᠭᠰᠠᠨ ᠶᠤᠮ» ᠡᠮᠡᠭᠡᠨ ᠡᠯᠢᠭᠡᠨ ᠤᠯᠠᠭᠠᠨ ᠬᠠᠳᠠ ᠶ᠋ᠢ ᠵᠠᠪ ᠳᠠᠭᠠᠷᠢᠵᠤ ᠭᠠᠷ ᠬᠥᠯ ᠢ᠋ᠶ᠋ᠡᠨ ᠬᠤᠭᠤᠴᠢᠨ ᠪᠠᠢᠵᠤ ᠳᠠᠪᠠᠭᠠᠳ ᠪᠠᠰᠠ ᠯᠠ ᠭᠦᠢᠴᠡᠨ ᠢᠷᠡᠪᠡ᠃ ᠬᠦᠦ ᠮᠠᠩᠭᠤᠰ ᠢ᠋ ᠳᠥᠭᠥᠨ ᠢᠷᠡᠮᠡᠭᠴᠡ ᠰᠡᠲᠡᠷᠬᠡᠢ ᠲᠡᠪᠡᠨᠡ ᠪᠡᠨ ᠰᠢᠪᠰᠢᠨ ᠰᠢᠪᠰᠢᠨ « ᠵᠠᠭᠠᠭᠰᠤᠯᠠᠵᠤ ᠪᠠᠷᠠᠬᠤ ᠦᠭᠡᠢ ᠵᠠᠬ᠎ᠠ ᠦᠭᠡᠢ ᠳᠠᠯᠠᠢ ᠪᠣᠯ»
«ᠠ᠋ ᠬᠦᠦ ᠮᠢᠨᠢ᠂ ᠡᠨᠡ ᠶᠡᠬᠡ ᠳᠠᠯᠠᠢ ᠶ᠋ᠢ ᠴᠢ ᠶᠠᠭᠠᠬᠢᠵᠤ ᠭᠠᠲᠤᠯᠪᠠ ?»
«ᠡᠮᠧ ᠠ᠋ ᠂ ᠪᠢ ᠦᠬᠡᠷ ᠦ᠋ᠨ ᠴᠢᠨᠡᠭᠡ ᠬᠣᠶᠠᠷ ᠴᠢᠯᠠᠭᠤ ᠶ᠋ᠢ ᠮᠥᠷᠦᠨ ᠳ᠋ᠦ᠍ ᠪᠡᠨ ᠵᠡᠭᠦᠭᠡᠳ ᠬᠣᠯᠪᠢᠰ ᠬᠣᠯᠪᠢᠰ ᠭᠡᠳ ᠭᠠᠲᠤᠯᠤᠭᠰᠠᠨ᠃» ᠢᠩᠭᠢᠵᠦ ᠬᠡᠯᠡᠬᠦ ᠳ᠋ᠦ᠍ ᠮᠠᠩᠭᠤᠰ ᠦᠬᠡᠷ ᠦ᠋ᠨ ᠴᠢᠨᠡᠭᠡ ᠬᠣᠶᠠᠷ ᠴᠢᠯᠠᠭᠤ ᠶ᠋ᠢ ᠮᠥᠷᠦᠨ ᠳ᠋ᠦ᠍ ᠪᠡᠨ ᠵᠡᠭᠦᠭᠡᠳ ᠬᠣᠯᠪᠢᠰ ᠬᠣᠯᠪᠢᠰ ᠭᠡᠳ ᠭᠠᠷᠬᠤ ᠭᠡᠲᠡᠯ᠎ᠡ ᠳᠠᠯᠠᠢ ᠶ᠋ᠢᠨ ᠵᠠᠬ᠎ᠠ ᠤᠷᠤᠭᠤ ᠣᠷᠣᠵᠤ ᠵᠢᠪᠴᠦ ᠦᠬᠦᠵᠡᠢ᠃
ᠢᠩᠭᠢᠭᠡᠳ ᠬᠦᠦ ᠴᠠᠰᠢ ᠶᠠᠪᠤᠵᠤ ᠪᠠᠢᠲᠠᠯ᠎ᠠ ᠪᠤᠬᠠᠨ ᠪᠢᠷᠠᠭᠤ ᠨᠢ᠄
« ᠨᠠᠮᠠᠶ᠋ᠢ ᠠᠯᠠᠭᠠᠳ ᠳᠥᠷᠪᠡᠨ ᠬᠥᠯ ᠢ᠋ ᠮᠢᠨᠢ ᠳᠥᠷᠪᠡᠨ ᠲᠡᠰᠢ ᠬᠠᠷᠠᠭᠤᠯᠵᠤ ᠵᠢᠷᠦᠬᠡ ᠶ᠋ᠢ ᠮᠢᠨᠢ ᠡᠪᠦᠷᠲᠦᠯᠡᠵᠦ ᠤᠨᠲᠠᠭᠠᠷᠠᠢ»
« ᠪᠢ ᠶᠠᠭᠠᠬᠢᠯ᠎ᠠ ᠭᠡᠵᠦ ᠠᠴᠢᠲᠠᠢ ᠪᠤᠶᠠᠨᠲᠠᠢ ᠴᠢᠮᠠᠶ᠋ᠢ ᠠᠯᠠᠬᠤ ᠪᠢᠯᠡ ᠳᠧ ?»
« ᠮᠢᠨᠦ ᠲᠣᠯᠣᠭᠠᠢ ᠵᠠᠭᠠᠲᠤᠨᠠᠭᠠᠳ ᠪᠠᠢᠨ᠎ᠠ᠂ ᠶᠠᠭᠤ ᠪᠠᠢᠭ᠎ᠠ ᠶ᠋ᠢ ᠦᠵᠡᠭᠡᠳ ᠥᠭᠭᠦᠭᠡᠴᠢ »
«ᠠᠯᠢ ᠪᠣᠢ᠂ ᠦᠭᠡᠢ ᠡᠨᠡ ᠴᠢᠨᠢ ᠨᠢᠭᠡ ᠤᠯᠠᠭᠠᠨ ᠰᠢᠷᠬᠡ ᠪᠠᠢᠨ᠎ᠠ» ᠭᠡᠵᠦ ᠬᠡᠯᠡᠭᠡᠳ ᠨᠢᠰᠠᠯᠤᠭᠠᠳ ᠠᠯᠠᠴᠢᠬᠠᠪᠠ᠃ ᠭᠡᠲᠡᠯ᠎ᠡ ᠪᠢᠷᠠᠭᠤ ᠨᠢ ᠦᠬᠦᠴᠢᠬᠡᠵᠡᠢ᠃ ᠴᠠᠭᠠᠨ ᠬᠦᠦ ᠭᠠᠰᠢᠭᠤᠳᠠᠨ ᠤᠬᠢᠯᠠᠭᠰᠠᠭᠠᠷ ᠪᠢᠷᠠᠭᠤᠨ ᠤ᠋ ᠪᠠᠨ ᠳᠥᠷᠪᠡᠨ ᠬᠥᠯ ᠢ᠋ ᠨᠢ ᠳᠥᠷᠪᠡᠨ ᠲᠡᠰᠢ ᠬᠠᠷᠠᠭᠤᠯᠵᠤ ᠲᠣᠯᠣᠭᠠᠢ ᠶ᠋ᠢ ᠨᠢ ᠤᠷᠢᠳᠤ ᠵᠦᠭ ᠲᠠᠯᠪᠢᠭᠠᠳ ᠵᠢᠷᠦᠬᠡ ᠶ᠋ᠢ ᠨᠢ ᠡᠪᠦᠷᠲᠦᠯᠡᠨ ᠤᠨᠲᠠᠵᠠᠢ᠃
ᠮᠠᠷᠭᠠᠰᠢ ᠥᠷᠯᠥᠭᠡ ᠨᠢ ᠰᠡᠷᠡᠲᠡᠯ᠎ᠡ ᠥᠷᠭᠥᠭᠡ ᠰᠠᠢᠬᠠᠨ ᠭᠡᠷ᠂ ᠦᠵᠡᠰᠬᠦᠯᠡᠩ ᠭᠤᠸ᠎ᠠ ᠭᠡᠷᠭᠡᠢ ᠲᠡᠢ ᠪᠣᠯᠤᠭᠰᠠᠨ ᠪᠠᠢᠯ᠎ᠠ᠃ ᠭᠠᠳᠠᠭᠰᠢ ᠭᠠᠷᠤᠨ ᠬᠠᠷᠠᠲᠠᠯ᠎ᠠ ᠠᠷᠤ ᠪᠠᠷ ᠢ᠋ᠶ᠋ᠠᠨ ᠠᠶ᠎ᠠ ᠲᠦᠮᠡᠨ ᠠᠳᠤᠭᠤ ᠥᠪᠥᠷ ᠢ᠋ᠶ᠋ᠡᠷ  ᠨᠢ ᠦᠢ ᠲᠦᠮᠡᠨ ᠦᠬᠡᠷ ᠬᠣᠨᠢ ᠪᠡᠯᠴᠢᠵᠦ ᠪᠠᠢᠯ᠎ᠠ᠃ ᠴᠠᠭᠠᠨ ᠬᠦᠦ ᠄
« ᠪᠢ ᠡᠵᠢ ᠠᠪᠤ ᠪᠠᠨ ᠡᠷᠭᠢᠭᠡᠳ ᠢᠷᠡᠶ᠎ᠡ » ᠭᠡᠵᠦ ᠡᠬᠡᠨᠡᠷ ᠲᠡᠭᠡᠨ ᠬᠡᠯᠡᠭᠡᠳ ᠠᠯᠲᠠᠨ ᠮᠥᠩᠭᠥᠨ ᠠᠷᠭᠠᠢ ᠪᠠᠨ ᠡᠪᠦᠷᠲᠦᠯᠡᠨ ᠭᠡᠷ ᠲᠡᠭᠡᠨ ᠢᠷᠡᠯ᠎ᠡ᠃ ᠭᠡᠲᠡᠯ᠎ᠡ ᠠᠪᠤ ᠨᠢ ᠠᠳᠤᠭᠤᠨ ᠳ᠋ᠤ᠌ ᠪᠠᠨ ᠶᠠᠪᠤᠴᠢᠬᠠᠭᠰᠠᠨ᠂ ᠡᠬᠡ ᠨᠢ ᠡᠩᠭᠡᠷ ᠢ᠋ᠶ᠋ᠡᠨ ᠨᠡᠪᠲᠡᠷᠡᠲᠡᠯ᠎ᠡ ᠤᠬᠢᠯᠠᠵᠤ ᠰᠠᠭᠤᠨ᠎ᠠ᠃ ᠡᠵᠢ ᠨᠢ ᠬᠦᠦ ᠪᠡᠨ ᠬᠠᠷᠠᠭᠠᠳ ᠤᠤᠯᠭ᠎ᠠ ᠠᠯᠲᠠᠨ ᠲᠡᠪᠡᠷᠢᠵᠦ ᠄ « ᠡᠪᠡᠢ ! ᠮᠢᠨᠦ ᠬᠦᠦ ᠂ ᠢᠩᠭᠢᠭᠡᠳ ᠬᠦᠷᠦᠭᠡᠳ ᠢᠷᠡᠳᠡᠭ ᠶᠤᠮ ᠪᠠᠢᠵᠠᠢ » ᠭᠡᠵᠦ ᠤᠬᠢᠯᠠᠨ ᠪᠠᠢᠵᠤ ᠬᠡᠯᠡᠭᠡᠳ ᠠᠪᠤ ᠨᠢ ᠶᠠᠮᠠᠷ ᠤᠴᠢᠷ ᠡᠴᠡ ᠬᠦᠦ ᠪᠡᠨ ᠶᠠᠪᠤᠭᠤᠯᠤᠭᠰᠠᠨ ᠢ᠋ ᠨᠢ ᠬᠡᠯᠡᠪᠡ᠃ ᠬᠦᠦ ᠦᠨᠡᠮᠰᠢᠭᠰᠡᠨ ᠦᠭᠡᠢ᠃
« ᠬᠦᠦ ᠮᠢᠨᠢ᠂ ᠴᠢ ᠠᠪᠳᠠᠷ᠎ᠠ ᠶ᠋ᠢᠨ ᠠᠷᠤ ᠳ᠋ᠤ᠌ ᠣᠷᠣᠭᠠᠳ ᠨᠢᠭᠤᠭᠳᠠᠵᠤ ᠪᠠᠢ᠂ ᠠᠪᠤ ᠴᠢᠨᠢ ᠢᠷᠡᠭᠡᠳ ᠬᠣᠨᠢ ᠭᠠᠷᠭᠠᠨ᠎ᠠ᠂ ᠲᠡᠭᠡᠭᠡᠳ ᠶᠠᠭᠤ ᠭᠡᠵᠦ ᠬᠡᠯᠡᠬᠦ ᠶ᠋ᠢ ᠨᠢ ᠰᠣᠨᠣᠰ » ᠭᠡᠵᠦ ᠬᠡᠯᠡᠯ᠎ᠡ᠃ ᠬᠦᠦ ᠠᠪᠤ ᠶ᠋ᠢᠨ ᠢ᠋ᠶ᠋ᠡᠨ ᠢᠷᠡᠬᠦ ᠴᠢᠮᠡᠭᠡ ᠪᠡᠷ ᠠᠪᠳᠠᠷ᠎ᠠ ᠶ᠋ᠢᠨ ᠠᠷᠤ ᠪᠠᠷ ᠨᠢᠭᠤᠭᠳᠠᠯ᠎ᠠ᠃ ᠡᠵᠢ ᠨᠢ ᠭᠡᠳᠡᠰᠦ ᠴᠢᠨᠠᠭᠠᠳ ᠄
«ᠬᠦᠦ ᠮᠢᠨᠢ ᠢᠷᠡᠭᠡᠰᠡᠢ᠂ ᠦᠩᠬᠦᠯᠴᠡᠭ ᠢ᠋ ᠨᠢ ᠥᠭᠬᠦ ᠰᠠᠨ!»
«ᠶᠠᠭᠤᠨ ᠬᠦᠦ!» ᠭᠡᠵᠦ ᠬᠡᠯᠡᠭᠡᠳ ᠡᠵᠢ ᠶ᠋ᠢ ᠨᠢ ᠨᠣᠢᠲᠠᠨ ᠪᠤᠷᠭᠠᠰᠤ ᠪᠥᠬᠥᠢᠲᠡᠯ᠎ᠡ᠂ ᠬᠠᠭᠤᠷᠠᠢ ᠪᠤᠷᠭᠠᠰᠤ ᠬᠤᠭᠤᠷᠠᠲᠠᠯ᠎ᠠ ᠵᠠᠨᠴᠢᠪᠠ᠃
«ᠦᠬᠦᠭᠡ ᠦᠭᠡᠢ ᠬᠦᠦ ᠳ᠋ᠦ᠍ ᠪᠡᠨ ᠦᠩᠬᠦᠯᠴᠡᠭ ᠵᠢᠷᠦᠬᠡ ᠥᠭᠳᠡᠭ ᠵᠠᠩᠰᠢᠯ ᠲᠠᠢ !» ᠭᠡᠵᠦ ᠬᠡᠯᠡᠭᠡᠳ ᠠᠯᠲᠠᠨ ᠮᠥᠩᠭᠥᠨ ᠠᠷᠭᠠᠢ ᠪᠠᠷ ᠢ᠋ᠶ᠋ᠠᠨ «ᠠᠷᠭᠠᠢ ᠠᠷᠭᠠᠢ ᠲᠦᠭᠦᠳᠡᠭ ᠂ ᠠᠪᠤ ᠶ᠋ᠢᠨ ᠲᠣᠯᠣᠭᠠᠢ ᠬᠠᠭ᠎ᠠ» ᠭᠡᠵᠦ ᠬᠡᠯᠡᠭᠡᠳ ᠴᠣᠬᠢᠲᠠᠯ᠎ᠠ ᠠᠪᠤ ᠨᠢ ᠭᠠᠵᠠᠷ ᠤᠨᠠᠭᠠᠳ ᠤᠬᠠᠭ᠎ᠠ ᠠᠯᠳᠠᠵᠠᠢ᠃
«ᠲᠥᠷᠥᠭᠰᠡᠨ ᠭᠠᠭᠴᠠ ᠬᠦᠦ ᠪᠡᠨ ᠮᠠᠩᠭᠤᠰ ᠲᠤ᠌ ᠵᠢᠭᠠᠵᠤ ᠥᠭᠳᠡᠭ᠂ ᠬᠠᠨᠢᠯᠠᠭᠰᠠᠨ ᠬᠠᠨᠢ ᠪᠠᠨ ᠣᠷᠣᠢ ᠪᠣᠯᠭᠠᠨ ᠵᠠᠨᠴᠢᠳᠠᠭ ᠥᠭᠡᠳᠡ ᠦᠭᠡᠢ ᠠᠪᠤ ᠪᠠᠷ ᠶᠠᠭᠠᠬᠢᠬᠤ ᠪᠣᠢ!» ᠭᠡᠵᠦ ᠬᠡᠯᠡᠭᠡᠳ ᠡᠵᠢ ᠶ᠋ᠢ ᠪᠡᠨ ᠳᠠᠭᠠᠭᠤᠯᠤᠨ ᠶᠠᠪᠤᠵᠠᠢ᠃
ᠢᠩᠭᠢᠭᠡᠳ ᠳᠥᠷᠪᠡᠨ ᠵᠦᠭ ᠨᠠᠢ᠍ᠮᠠᠨ ᠵᠣᠪᠬᠢᠰ ᠲᠤ᠌ ᠮᠠᠯ ᠰᠦᠷᠦᠭ ᠨᠢ ᠪᠡᠯᠴᠢᠭᠰᠡᠨ ᠥᠷᠭᠥᠭᠡ ᠴᠠᠭᠠᠨ ᠭᠡᠷ ᠲᠡᠭᠡᠨ ᠡᠵᠢ ᠡᠬᠡᠨᠡᠷ ᠬᠣᠶᠠᠷ ᠲᠠᠢ ᠪᠠᠨ ᠠᠮᠤᠷ ᠠᠮᠤᠭᠤᠯᠠᠩ ᠠᠮᠢᠳᠤᠷᠠᠬᠤ ᠪᠣᠯᠤᠭᠰᠠᠨ ᠶᠤᠮ ᠭᠡᠨ᠎ᠡ᠃


ᠲᠠᠢᠯᠪᠤᠷᠢ᠄
ᠡᠨᠡ ᠦᠯᠢᠭᠡᠷ ᠢ᠋ ᠭ᠂ ᠳ᠂ ᠰᠠᠨᠵᠧᠸ ᠦ᠋ᠨ «ᠳᠠᠷᠬᠠᠲ᠋ᠰᠺ ᠤ᠋ᠨ ᠭᠣᠪᠣᠷ ᠢ ᠹᠣᠯᠺᠯᠣᠷ» ᠯᠠ᠃ 1931 ᠭᠡᠳᠡᠭ ᠨᠣᠮ ᠳ᠋ᠤ᠌ ᠪᠠᠢᠭ᠎ᠠ (69—71 ) «ᠴᠡᠭᠡᠪᠡᠨ ᠬᠦᠦ» ᠭᠡᠳᠡᠭ ᠦᠯᠢᠭᠡᠷ᠃ ᡀᠠᠮᠣᠰᠦ᠋ᠷᠦᠩ᠃ 1943 (18—20 ) ᠭᠡᠳᠡᠭ ᠡᠮᠬᠢᠳᠬᠡᠯ ᠳ᠋ᠦ᠍ ᠪᠠᠢᠭ᠎ᠠ «ᠨᠠᠮ ᠲᠠᠢ ᠮᠡᠷᠭᠡᠨ ᠬᠠᠭᠠᠨ» ᠭᠡᠳᠡᠭ ᠦᠯᠢᠭᠡᠷ᠂ ᠵ᠂ ᠨᠠᠳᠮᠢᠳ ᠤ᠋ᠨ ᠡᠮᠬᠢᠳᠬᠡᠭᠰᠡᠨ «МАҮ» ᠤᠪ᠃ 1957 ᠭᠡᠳᠡᠭ ᠡᠮᠬᠢᠳᠬᠡᠯ ᠳ᠋ᠦ᠍ (138—141 ) ᠪᠠᠢᠭ᠎ᠠ «ᠨᠠᠢ᠍ᠮᠠᠨ ᠬᠥᠯᠲᠦ ᠨᠠᠢᠷ ᠠᠯᠠᠭ» ᠭᠡᠳᠡᠭ ᠦᠯᠢᠭᠡᠷ᠂ ᠮᠥᠨ ᠳ᠂ ᠳᠠᠰᠢᠳᠣᠷᠵᠢ᠃ ᠭᠦᠷᠦᠷᠢᠨᠴᠢᠨ ᠨᠠᠷ ᠤ᠋ᠨ ᠡᠮᠬᠢᠳᠬᠡᠭᠰᠡᠨ «ᠠᠷᠠᠳ ᠤ᠋ᠨ ᠠᠮᠠᠨ ᠵᠣᠬᠢᠶᠠᠯ ᠠ᠋ᠴᠠ» ᠤᠪ.᠂ 1958 ᠭᠡᠳᠡᠭ ᠡᠮᠬᠢᠳᠬᠡᠯ ᠳ᠋ᠦ᠍ (38—39 ) ᠪᠠᠢᠭ᠎ᠠ «ᠨᠠᠢ᠍ᠮᠠᠨ ᠬᠥᠯ ᠲᠡᠢ ᠨᠠᠢᠭᠤᠯ ᠽᠠᠨᠳᠠᠨ» ᠭᠡᠳᠡᠭ ᠦᠯᠢᠭᠡᠷ ᠵᠡᠷᠭᠡ ᠶ᠋ᠢ ᠬᠠᠷᠢᠴᠠᠭᠤᠯᠤᠨ ᠲᠣᠬᠢᠶᠠᠯᠳᠤᠭᠤᠯᠵᠤ ᠨᠠᠢᠷᠠᠭᠤᠯᠤᠨ ᠪᠠᠭᠤᠯᠭᠠᠵᠤ ᠠᠪᠤᠪᠠ᠃
ᠠᠯᠲᠠᠨ ᠮᠥᠩᠭᠥᠨ ᠠᠷᠭᠠᠢ ᠮᠣᠩᠭᠣᠯ ᠠᠷᠠᠳ ᠤ᠋ᠨ ᠦᠯᠢᠭᠡᠷ ᠲᠦ᠍ ᠭᠡᠷ ᠦ᠋ᠨ ᠴᠢᠨᠡᠭᠡᠨ ᠭᠡᠳᠡᠰᠦ ᠲᠡᠢ᠂ ᠲᠣᠭᠣᠭᠠᠨ ᠴᠢᠨᠡᠭᠡ ᠲᠣᠯᠣᠭᠠᠢ ᠲᠠᠢ ᠠᠲᠤᠭᠠᠯᠵᠢᠨ ᠮᠠᠩᠭᠤᠰ ᠲᠠᠢ ᠲᠡᠮᠡᠴᠡᠵᠦ ᠂ ᠰᠠᠭᠠᠳ ᠪᠡᠷᠬᠡᠰᠢᠶᠡᠯ ᠢ᠋ ᠳᠠᠪᠠᠨ ᠲᠤᠭᠤᠯᠬᠤ ᠨᠢᠭᠡᠨ ᠬᠦᠦ ᠶ᠋ᠢᠨ ᠡᠷ᠎ᠡ ᠵᠣᠷᠢᠭ᠂ ᠠᠷᠭ᠎ᠠ ᠤᠬᠠᠭᠠᠨ᠂ ᠲᠡᠰᠪᠦᠷᠢ ᠲᠡᠪᠴᠢᠶᠡᠷᠢ ᠶ᠋ᠢ ᠤᠷᠠᠨ ᠢᠷᠠᠭᠤ ᠳᠦᠷᠰᠦᠯᠡᠨ ᠦᠵᠡᠭᠦᠯᠦᠭᠰᠡᠨ ᠪᠢᠯᠡ᠃ ᠨᠠᠢ᠍ᠮᠠᠨ ᠵᠠᠭᠤᠨ ᠠᠳᠤᠭᠤᠨ ᠤ᠋ ᠪᠠᠨ ᠲᠦᠷᠦᠭᠦᠨ ᠳ᠋ᠦ᠍ ᠶᠠᠪᠤᠳᠠᠭ᠂ ᠨᠠᠢᠷ ᠠᠯᠠᠭ ᠮᠣᠷᠢ ᠲᠠᠢ᠂ ᠨᠠᠢ᠍ᠮᠠᠨ ᠨᠠᠰᠤᠲᠠᠢ ᠵᠢᠭᠠᠬᠠᠨ ᠬᠦᠦ ᠠᠲᠤᠭᠠᠯᠵᠢᠨ ᠮᠠᠩᠭᠤᠰ ᠢ᠋ ᠢᠯᠠᠨ ᠲᠠᠢᠯᠵᠤ᠂ ᠠᠯᠲᠠᠨ ᠮᠥᠩᠭᠥᠨ ᠠᠷᠭᠠᠢ ᠶ᠋ᠢ ᠪᠡᠨ ᠡᠷᠭᠢᠭᠦᠯᠦᠨ ᠠᠪᠴᠤ ᠪᠠᠢᠭ᠎ᠠ ᠪᠠᠭᠠᠲᠤᠷᠯᠢᠭ ᠲᠡᠦᠬᠡ ᠶᠤᠮ᠃ ᠮᠣᠩᠭᠣᠯ ᠠᠷᠠᠳ ᠤ᠋ᠨ ᠦᠯᠢᠭᠡᠷ ᠨᠢ ᠬᠡᠦᠬᠡᠳ ᠲᠦ᠍ ᠪᠠᠭ᠎ᠠ ᠡᠴᠡ ᠨᠢ ᠵᠣᠷᠢᠭ᠂ ᠲᠡᠪᠴᠢᠶᠡᠷᠢ ᠲᠡᠢ᠂ ᠵᠣᠷᠢᠭᠰᠠᠨ ᠳ᠋ᠠᠭᠠᠨ ᠬᠥᠷᠥᠬᠦ ᠶ᠋ᠢᠨ ᠲᠥᠯᠥᠭᠡ ᠰᠢᠨᠲᠠᠷᠠᠯ ᠦᠭᠡᠢ ᠲᠡᠮᠡᠦᠯᠵᠦ᠂ ᠠᠯᠢᠪᠠ ᠰᠠᠭᠠᠳ ᠪᠡᠷᠬᠡᠰᠢᠶᠡᠯ ᠢ᠋ ᠳᠠᠪᠠᠨ ᠲᠤᠭᠤᠯᠬᠤ ᠶ᠋ᠢᠨ ᠴᠢᠬᠤᠯᠠ ᠶ᠋ᠢ ᠮᠡᠳᠡᠷᠡᠭᠦᠯᠬᠦ ᠶ᠋ᠢᠨ ᠵᠡᠷᠭᠡᠴᠡᠭᠡ ᠬᠡᠦᠬᠡᠳ ᠦ᠋ᠨ ᠬᠡᠯᠡ ᠶᠠᠷᠢᠶᠠᠨ ᠤ᠋ ᠬᠥᠭᠵᠢᠯ᠂ ᠰᠡᠳᠬᠢᠬᠦᠢ ᠶ᠋ᠢᠨ ᠲᠥᠯᠦᠪᠰᠢᠯ ᠳ᠋ᠦ᠍ ᠰᠠᠢᠨ ᠢ᠋ᠶ᠋ᠠᠷ ᠨᠥᠯᠥᠭᠡᠯᠡᠳᠡᠭ ᠪᠢᠯᠡ᠃