ᠭᠠᠯᠵᠠᠭᠤ ᠬᠥᠮᠦᠨ ᠦ᠌ ᠡᠳᠦᠷ ᠦ᠋ᠨ ᠲᠡᠮᠳᠡᠭᠯᠡᠯ -ᠯᠦ᠍ ᠰᠢᠶᠦ᠋ᠨГалзуу хүний өдрийн тэмдэглэл -Лү Шүнь ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠯᠵᠠᠭᠤ ᠬᠥᠮᠦᠨ ᠦ᠌ ᠡᠳᠦᠷ ᠦ᠋ᠨ ᠲᠡᠮᠳᠡᠭᠯᠡᠯ -ᠯᠦ᠍ ᠰᠢᠶᠦ᠋ᠨГалзуу хүний өдрийн тэмдэглэл -Лү Шүнь

ᠭᠠᠯᠵᠠᠭᠤ ᠬᠥᠮᠦᠨ ᠦ᠌ ᠡᠳᠦᠷ ᠦ᠋ᠨ ᠲᠡᠮᠳᠡᠭᠯᠡᠯ -ᠯᠦ᠍ ᠰᠢᠶᠦ᠋ᠨГалзуу хүний өдрийн тэмдэглэл -Лү Шүнь

2025-07-20

569

ᠭᠠᠯᠵᠠᠭᠤ ᠬᠥᠮᠦᠨ ᠦ᠌ ᠡᠳᠦᠷ ᠦ᠋ᠨ ᠲᠡᠮᠳᠡᠭᠯᠡᠯ

      ᠯᠦ᠍ ᠰᠢᠶᠦ᠋ᠨ 

ᠡᠢᠮᠦ ᠨᠢᠭᠡᠨ ᠠᠬ᠎ᠠ ᠳᠡᠭᠦᠦ ᠬᠣᠶᠠᠷ ᠪᠣᠯᠪᠠᠰᠤ ᠮᠢᠨᠦ ᠳᠤᠮᠳᠠᠳᠤ ᠰᠤᠷᠭᠠᠭᠤᠯᠢ ᠶ᠋ᠢᠨ ᠦᠶ᠎ᠡ ᠶ᠋ᠢᠨ ᠰᠠᠢᠬᠠᠨ ᠨᠥᠬᠥᠷ ᠠᠭᠰᠠᠨ ᠪᠥᠯᠥᠭᠡ᠃ ᠨᠡᠷ᠎ᠡ ᠶ᠋ᠢ ᠢᠨᠦ ᠡᠳᠦᠭᠡ ᠦᠯᠦ ᠳᠤᠷᠠᠳᠤᠮᠤᠢ᠃ ᠰᠠᠯᠤᠭᠠᠳ ᠤᠳᠠᠭᠰᠠᠨ ᠤ᠋ ᠣᠴᠢᠷ᠎ᠠ᠂ ᠠᠭᠠᠵᠢᠮ ᠢ᠋ᠶ᠋ᠠᠷ ᠵᠠᠬᠢᠳᠠᠯ ᠴᠢᠮᠡᠭᠡ ᠦᠯᠦ ᠨᠡᠪᠲᠡᠷᠡᠯᠴᠡᠬᠦ ᠪᠣᠯᠪᠠᠢ᠃ ᠨᠢᠭᠡ ᠢᠨᠦ ᠬᠦᠨᠳᠦ ᠡᠪᠡᠳᠴᠢᠨ᠎ᠡ ᠨᠡᠷᠪᠡᠭᠳᠡᠪᠡᠢ ᠭᠡᠮᠡᠨ ᠮᠥᠨᠥᠬᠡᠨ ᠭᠡᠨᠡᠳᠲᠡ ᠰᠣᠨᠣᠰᠤᠭᠠᠳ ᠨᠤᠲᠤᠭ ᠲᠤ᠌ ᠬᠠᠷᠢᠬᠤ ᠲᠠᠰᠢᠷᠠᠮ ᠢ᠋ᠶ᠋ᠠᠷ ᠲᠤᠰᠬᠠᠢᠯᠠᠨ ᠡᠷᠢᠵᠦ ᠣᠴᠢᠬᠤᠯ᠎ᠠ᠂ ᠭᠠᠭᠴᠠᠬᠠᠨ ᠠᠬ᠎ᠠ ᠯᠤᠭ᠎ᠠ ᠠᠨᠤ ᠣᠯᠵᠤ ᠤᠴᠠᠷᠠᠭᠰᠠᠨ ᠪᠥᠭᠡᠳ ᠡᠪᠡᠳᠪᠡᠢ ᠬᠡᠮᠡᠭᠰᠡᠨ ᠢᠨᠦ ᠲᠡᠭᠦᠨ ᠦ᠌ ᠳᠡᠭᠦᠦ ᠠᠭᠰᠠᠨ ᠠᠵᠤᠭᠤ᠃ ᠲᠠ ᠮᠢᠨᠦ᠂ ᠠᠯᠤᠰ ᠤ᠋ᠨ ᠵᠠᠮ ᠳ᠋ᠤᠷ ᠵᠦᠳᠡᠷᠡᠭᠰᠡᠨ ᠪᠣᠯᠪᠠ ᠤᠤ᠂ ᠲᠡᠢᠨ ᠬᠡᠮᠡᠪᠡᠰᠦ ᠲᠡᠷᠡ᠂ ᠬᠡᠳᠦᠢᠨ ᠢᠯᠠᠷᠢ ᠪᠣᠯᠤᠭᠠᠳ᠂ ᠭᠠᠳᠠᠭᠰᠢ ᠠᠯᠪᠠ ᠡᠷᠢᠬᠦ ᠪᠡᠷ ᠶᠠᠪᠤᠪᠠᠢ ᠭᠡᠮᠡᠨ ᠶᠡᠬᠡᠯ᠎ᠡ ᠪᠠᠶᠠᠷᠯᠠᠨ᠂ ᠡᠳᠦᠷ ᠦ᠋ᠨ ᠲᠡᠮᠳᠡᠭᠯᠡᠯ ᠬᠣᠶᠠᠷ ᠳᠡᠪᠲᠡᠷ ᠭᠠᠷᠭᠠᠭᠠᠳ᠂ ᠲᠡᠷᠡ ᠦᠶ᠎ᠡ ᠶ᠋ᠢᠨ ᠡᠪᠡᠳᠴᠢᠨ ᠦ᠌ ᠪᠠᠢᠳᠠᠯ ᠢ᠋ ᠡᠭᠦᠨ ᠡᠴᠡ ᠮᠡᠳᠡᠵᠦ ᠪᠣᠯᠬᠤ ᠪᠣᠯᠠᠢ᠃ ᠬᠠᠭᠤᠴᠢᠨ ᠨᠥᠬᠥᠳ ᠲᠣᠷ ᠠᠨᠤ ᠦᠵᠡᠭᠦᠯᠦᠭᠰᠡᠨ ᠴᠦ᠍ ᠦᠯᠦ ᠪᠣᠯᠬᠤ ᠶᠠᠭᠤᠨ ᠬᠡᠮᠡᠪᠡᠢ᠃ ᠠᠪᠴᠤ ᠢᠷᠡᠭᠡᠳ ᠨᠢᠭᠡᠨ ᠤᠳᠠᠭ᠎ᠠ ᠤᠩᠰᠢᠵᠤ 《ᠬᠠᠪᠴᠢᠯᠭ᠎ᠠ ᠶ᠋ᠢᠨ ᠭᠠᠯᠵᠠᠭᠤ》 ᠮᠡᠲᠦᠰ ᠲᠦ᠍ᠷ ᠨᠡᠷᠪᠡᠭᠳᠡᠭᠰᠡᠨ ᠢ᠋ ᠢᠨᠦ ᠮᠡᠳᠡᠪᠡᠢ᠃ ᠦᠭᠡ ᠢᠨᠦ ᠡᠨᠳᠡᠭᠦᠦ ᠲᠡᠰᠢᠶ᠎ᠡ ᠶᠡᠬᠡᠲᠡᠢ᠂ ᠡᠬᠢ ᠠᠳᠠᠭ ᠦᠭᠡᠢ ᠴᠠᠯᠴᠢᠶ᠎ᠠ ᠭᠣᠣᠯᠲᠠᠢ ᠪᠥᠭᠡᠳ ᠪᠠᠰᠠ ᠬᠦ᠌ ᠡᠳᠦᠷ ᠰᠠᠷ᠎ᠠ ᠶ᠋ᠢ ᠴᠦ᠍ ᠲᠡᠮᠳᠡᠭᠯᠡᠭᠰᠡᠨ ᠦᠭᠡᠢ ᠲᠤᠯᠠ ᠭᠠᠭᠴᠠ ᠬᠦ᠌ ᠪᠡᠬᠡᠨ ᠦ᠌ ᠥᠩᠭᠡ ᠪᠠ ᠪᠢᠴᠢᠯᠭᠡ ᠶ᠋ᠢᠨ ᠨᠢᠭᠡᠳᠦᠯ ᠦᠭᠡᠢ ᠡᠴᠡ ᠦᠵᠡᠪᠡᠰᠦ᠂ ᠨᠢᠭᠡᠨ ᠴᠠᠭ ᠲᠣᠷ ᠪᠢᠴᠢᠵᠦ ᠭᠠᠷᠭᠠᠭᠰᠠᠨ ᠠᠨᠤ ᠪᠤᠰᠤ ᠪᠣᠯᠠᠢ ᠬᠡᠮᠡᠭᠴᠢ ᠶ᠋ᠢ ᠮᠡᠳᠡᠪᠡᠢ᠃ ᠬᠠᠶᠠ ᠪᠠᠰᠠ ᠬᠠᠷᠢᠴᠠᠭ᠎ᠠ ᠬᠣᠯᠪᠣᠭ᠎ᠠ ᠪᠦᠬᠦᠢ ᠵᠦᠢᠯ ᠴᠤᠬᠤᠰ ᠮᠡᠳᠡᠭᠳᠡᠬᠦ ᠲᠤᠯᠠ ᠡᠳᠦᠭᠡ ᠨᠢᠭᠡᠨ ᠪᠦᠯᠦᠭ ᠢ᠋ ᠰᠣᠩᠭᠣᠨ ᠰᠡᠢᠷᠡᠭᠦᠯᠵᠦ ᠡᠮᠴᠢ ᠨᠠᠷ ᠤ᠋ᠨ ᠰᠢᠨᠵᠢᠯᠡᠭᠡᠨ ᠳ᠋ᠦ᠍ ᠵᠣᠷᠢᠭᠤᠯᠪᠠᠢ᠃ ᠲᠡᠮᠳᠡᠭᠯᠡᠯ ᠳ᠋ᠡᠬᠢ ᠦᠰᠦᠭ ᠦ᠋ᠨ ᠲᠡᠰᠢᠶ᠎ᠡ ᠶ᠋ᠢ ᠨᠢᠭᠡᠴᠦ ᠡᠰᠡ ᠵᠠᠰᠠᠪᠠᠢ᠃ ᠭᠠᠭᠴᠠ ᠬᠦ᠌ ᠬᠥᠮᠦᠰ ᠦ᠋ᠨ ᠨᠡᠷ᠎ᠡ ᠢᠨᠦ ᠣᠯᠠᠨ᠎ᠠ ᠡᠰᠡ ᠠᠯᠳᠠᠷᠰᠢᠭᠰᠠᠨ ᠡᠭᠡᠯ ᠬᠥᠳᠡᠭᠡ ᠶ᠋ᠢᠨ ᠬᠥᠮᠦᠰ ᠪᠥᠭᠡᠳ ᠲᠡᠮᠳᠡᠭᠯᠡᠯ ᠦ᠋ᠨ ᠪᠦᠬᠦ ᠪᠠᠢᠳᠠᠯ ᠳ᠋ᠤᠷ ᠲᠡᠳᠦᠢᠯᠡ ᠦᠯᠦ ᠬᠠᠷᠰᠢᠯᠠᠬᠤ ᠲᠤᠯᠠ ᠴᠥᠮ ᠢ᠋ ᠬᠠᠯᠠᠪᠠᠢ᠃ ᠪᠢᠴᠢᠭ ᠦ᠋ᠨ ᠨᠡᠷ᠎ᠡ ᠶ᠋ᠢ ᠡᠪᠡᠳᠴᠢᠲᠡᠨ ᠢᠯᠠᠷᠢ ᠪᠣᠯᠤᠭᠠᠳ᠂ ᠥᠪᠡᠷ ᠢ᠋ᠶ᠋ᠡᠨ ᠥᠭᠭᠦᠭᠰᠡᠨ ᠲᠤᠯᠠ ᠳᠠᠬᠢᠵᠤ ᠡᠰᠡ ᠵᠠᠰᠠᠪᠠᠢ᠃ ᠳᠣᠯᠣᠭᠠᠨ ᠣᠨ ᠤ᠋ ᠳᠥᠷᠪᠡᠳᠦᠭᠡᠷ ᠰᠠᠷ᠎ᠠ ᠶ᠋ᠢᠨ ᠬᠣᠶᠠᠷ ᠤ᠋ᠨ ᠡᠳᠦᠷ ᠪᠢᠴᠢᠪᠡᠢ᠃  

ᠨᠢᠭᠡ  
ᠰᠠᠷᠠ ᠲᠠᠢ ᠰᠠᠢᠬᠠᠨ ᠰᠠᠷᠠᠭᠤᠯ ᠦᠳᠡᠰᠢ ᠪᠠᠢᠯ᠎ᠠ᠃ 
ᠪᠢ ᠲᠡᠭᠦᠨ ᠲᠡᠢ ᠠᠭᠤᠯᠵᠠᠭᠰᠠᠨ ᠦᠭᠡᠢ ᠭᠤᠴᠢ ᠭᠠᠷᠤᠢ ᠵᠢᠯ ᠪᠣᠯᠤᠭᠰᠠᠨ ᠲᠤᠯᠠ ᠥᠨᠥᠳᠥᠷ ᠣᠯᠵᠤ ᠠᠭᠤᠯᠵᠠᠭᠠᠳ ᠳᠣᠲᠣᠷ᠎ᠠ ᠮᠢᠨᠢ ᠲᠤᠩ ᠠᠶᠠᠲᠠᠢᠬᠠᠨ ᠰᠠᠨᠠᠭᠳᠠᠪᠠ᠃ ᠢᠩᠭᠢᠭᠡᠳ ᠡᠨᠡ ᠭᠤᠴᠢ ᠭᠠᠷᠤᠢ ᠵᠢᠯ ᠢ᠋ ᠪᠦᠷ ᠮᠤᠩᠭᠠᠨᠢᠵᠤ ᠣᠩᠭᠡᠷᠡᠭᠦᠯᠦᠭᠰᠡᠨ ᠢ᠋ᠶ᠋ᠡᠨ ᠰᠠᠶᠢ ᠣᠯᠵᠤ ᠮᠡᠳᠡᠯ᠎ᠡ᠃ ᠶᠡᠬᠡᠬᠡᠨ ᠪᠣᠯᠭᠣᠮᠵᠢᠯᠠᠬᠤ ᠬᠡᠷᠡᠭᠲᠡᠢ ᠪᠠᠢᠨ᠎ᠠ᠃ ᠦᠭᠡᠢ ᠪᠣᠯ᠂ ᠥᠨᠥ ᠵᠣᠣ ᠣᠪᠣᠭᠲᠠᠨ ᠤ᠋ ᠨᠣᠬᠠᠢ ᠶᠠᠭᠤᠨ ᠳ᠋ᠤ᠌ ᠨᠠᠮ᠎ᠠ ᠶ᠋ᠢ ᠬᠡᠳᠦ ᠬᠠᠷᠠᠵᠤ ᠠᠪᠬᠤ ᠪᠢᠯᠡ? 
ᠮᠢᠨᠦ ᠠᠶᠤᠬᠤ ᠨᠢ ᠵᠦᠢᠲᠡᠢ᠃     

ᠬᠣᠶᠠᠷ  
ᠡᠨᠡ ᠰᠥᠨᠢ ᠰᠠᠷᠠᠨ ᠤ᠋ ᠭᠡᠷᠡᠯ ᠣᠭᠲᠣ ᠦᠭᠡᠢ᠂ ᠬᠡᠷᠡᠭ ᠮᠠᠭᠤᠬᠠᠢ ᠪᠣᠯᠬᠤ ᠶ᠋ᠢ ᠪᠢ ᠮᠡᠳᠡᠪᠡ᠃ ᠥᠷᠯᠥᠭᠡ ᠭᠡᠷ ᠡᠴᠡ ᠪᠡᠨ ᠭᠠᠳᠠᠭᠰᠢ ᠭᠠᠷᠪᠠᠯ᠂ ᠵᠣᠣ ᠡᠷᠬᠢᠮ᠂ ᠨᠠᠳᠠ᠎ᠠ᠋ᠴᠠ ᠠᠶᠤᠵᠤ ᠪᠠᠢᠭ᠎ᠠ ᠶᠤᠮ ᠰᠢᠭ᠋᠂  ᠨᠠᠮ᠎ᠠ ᠶ᠋ᠢ ᠬᠣᠣᠷᠯᠠᠬᠤ ᠭᠡᠵᠦ ᠪᠠᠢᠭ᠎ᠠ ᠴᠤ᠌ ᠶᠤᠮ ᠰᠢᠭ᠋ ᠨᠢᠳᠦ ᠨᠢ ᠵᠢᠭᠲᠡᠢᠬᠡᠨ ᠪᠠᠢᠯ᠎ᠠ᠃ ᠲᠡᠭᠡᠭᠡᠳ ᠪᠠᠰᠠ ᠳᠣᠯᠣᠭ᠎ᠠ ᠨᠠᠢ᠍ᠮᠠᠨ ᠬᠥᠮᠦᠨ᠂ ᠴᠢᠬᠢ ᠬᠣᠩᠰᠢᠶᠠᠷ ᠢ᠋ᠶ᠋ᠠᠨ ᠨᠡᠢᠯᠡᠭᠦᠯᠵᠦ ᠮᠢᠨᠦ ᠲᠤᠬᠠᠢ ᠰᠢᠪᠡᠨᠡᠯᠳᠦᠬᠦ ᠳ᠋ᠡᠭᠡᠨ ᠪᠠᠰᠠ ᠨᠠᠳᠠ᠎ᠠ᠋ᠴᠠ ᠨᠢᠭᠤᠵᠤ ᠪᠠᠢᠯ᠎ᠠ᠃ ᠵᠠᠮ ᠳ᠋ᠤ᠌ ᠳᠠᠭᠠᠷᠢᠯᠳᠤᠭᠰᠠᠨ ᠬᠥᠮᠦᠰ ᠴᠥᠮ ᠡᠢᠮᠦ ᠪᠠᠢᠪᠠ᠃ ᠲᠡᠳᠡᠨ ᠦ᠌ ᠳᠣᠲᠣᠷᠠᠬᠢ ᠬᠠᠮᠤᠭ ᠤ᠋ᠨ ᠬᠡᠷᠴᠡᠭᠡᠢ ᠨᠢᠭᠡ ᠨᠢ ᠨᠠᠮ᠎ᠠ ᠶ᠋ᠢ ᠬᠠᠷᠠᠭᠠᠳ ᠠᠮᠠ ᠪᠠᠨ ᠠᠩᠭᠠᠢᠨ ᠢᠨᠢᠶᠡᠭᠰᠡᠨ ᠳ᠋ᠦ᠍ ᠮᠢᠨᠦ ᠣᠷᠣ  ᠠ᠋ᠴᠠ ᠤᠯᠠ ᠳ᠋ᠤ᠌ ᠬᠦᠷᠲᠡᠯ᠎ᠡ ᠬᠦᠢᠲᠡᠨ ᠣᠷᠬᠢᠪᠠ᠃ ᠲᠡᠳᠡ ᠬᠠᠮᠤᠭ ᠢ᠋ᠶ᠋ᠠᠨ ᠪᠡᠯᠡᠳᠬᠡᠵᠦ ᠭᠦᠢᠴᠡᠭᠰᠡᠨ ᠢ᠋ ᠮᠡᠳᠡᠯ᠎ᠡ᠃ 
ᠭᠡᠲᠡᠯ᠎ᠡ ᠪᠢ ᠶᠡᠷᠦ ᠠᠶᠤᠬᠤ ᠦᠭᠡᠢ᠂ ᠶᠠᠪᠤᠳᠠᠭ ᠢ᠋ᠶ᠋ᠠᠷ ᠢ᠋ᠶ᠋ᠠᠨ ᠶᠠᠪᠤᠭᠰᠠᠭᠠᠷ ᠯᠠ ᠪᠠᠢᠪᠠ᠃ ᠡᠮᠦᠨ᠎ᠡ ᠨᠢᠭᠡ ᠪᠦᠯᠦᠭ ᠬᠡᠦᠬᠡᠳ ᠪᠠᠰᠠ ᠯᠠ ᠨᠠᠮ᠎ᠠ ᠶ᠋ᠢ ᠶᠠᠷᠢᠯᠴᠠᠨ᠎ᠠ᠃ ᠨᠢᠳᠦᠨ ᠦ᠌ ᠬᠢᠨᠢ ᠬᠠᠷᠠᠴᠠ ᠮᠥᠨ ᠵᠣᠣ ᠡᠷᠬᠢᠮ ᠲᠡᠢ ᠠᠳᠠᠯᠢ᠂ ᠴᠢᠷᠠᠢ ᠨᠢ ᠴᠢᠯ ᠬᠥᠬᠡᠷᠡᠭᠰᠡᠨ ᠪᠠᠢᠯ᠎ᠠ᠃ ᠪᠢ ᠬᠡᠦᠬᠡᠳ ᠲᠡᠢ ᠶᠠᠮᠠᠷ ᠦᠰ ᠲᠡᠢ ᠪᠢᠯᠡ? ᠲᠡᠳᠡ ᠪᠠᠰᠠ ᠢᠩᠭᠢᠳᠡᠭ ᠨᠢ ᠶᠠᠭᠤ ᠪᠣᠢ ᠭᠡᠵᠦ ᠪᠢ ᠰᠠᠨᠠᠪᠠ᠃ ᠲᠡᠭᠡᠭᠡᠳ ᠲᠡᠰᠴᠦ ᠴᠢᠳᠠᠭᠰᠠᠨ ᠦᠭᠡᠢ ᠶᠡᠬᠡ ᠳᠠᠭᠤᠨ ᠢ᠋ᠶ᠋ᠠᠷ:《ᠴᠢ ᠨᠠᠳᠠ ᠬᠡᠯᠡᠭᠡᠳ ᠠᠯᠢ!》 ᠭᠡᠵᠦ ᠬᠠᠰᠬᠢᠷᠪᠠ᠃ ᠭᠡᠲᠡᠯ᠎ᠡ ᠲᠡᠳᠡ ᠳᠤᠲᠠᠭᠠᠵᠤ ᠠᠷᠢᠯᠪᠠ᠃ 
ᠪᠣᠳᠣᠬᠤ ᠳ᠋ᠤ᠌ ᠪᠢ ᠵᠣᠣ ᠡᠷᠬᠢᠮ ᠲᠡᠢ ᠶᠠᠮᠠᠷ ᠦᠰ ᠲᠡᠢ ᠪᠢᠯᠡ᠃ ᠵᠠᠮ ᠤ᠋ᠨ ᠬᠥᠮᠦᠰ ᠲᠡᠢ ᠪᠠᠰᠠ ᠶᠠᠮᠠᠷ ᠦᠰ ᠲᠡᠢ ᠪᠢᠯᠡ᠃ ᠬᠣᠷᠢᠨ ᠵᠢᠯ ᠦ᠋ᠨ ᠡᠮᠦᠨ᠎ᠡ᠂ ᠭᠦ᠋ ᠵᠢᠦ ᠠᠪᠤᠭᠠᠢ ᠶ᠋ᠢᠨ ᠤᠳᠠᠭᠠᠨ ᠵᠢᠯ ᠦ᠋ᠨ ᠬᠢᠨᠢ ᠳᠠᠩᠰᠠ ᠶ᠋ᠢ ᠨᠢᠭᠡ ᠭᠢᠰᠬᠢᠭᠡᠳ᠂ ᠲᠡᠭᠦᠨ ᠢ᠋ ᠶᠡᠬᠡᠯ᠎ᠡ ᠳᠤᠷ᠎ᠠ ᠦᠭᠡᠢᠴᠡᠭᠦᠯᠦᠭᠰᠡᠨ ᠲᠡᠳᠦᠢ ᠶᠤᠮ᠃ ᠵᠣᠣ ᠡᠷᠬᠢᠮ ᠬᠡᠳᠦᠢᠪᠡᠷ ᠲᠡᠭᠦᠨ ᠢ᠋ ᠲᠠᠨᠢᠬᠤ ᠦᠭᠡᠢ ᠪᠣᠯᠪᠠᠴᠤ᠂ ᠴᠢᠮᠡᠭᠡ ᠶ᠋ᠢ ᠰᠣᠨᠣᠰᠤᠭᠠᠳ ᠲᠡᠭᠦᠨ ᠦ᠌ ᠡᠮᠦᠨ᠎ᠡ ᠡᠴᠡ ᠠᠭᠤᠷᠯᠠᠵᠤ᠂ ᠵᠠᠮ ᠤ᠋ᠨ ᠬᠥᠮᠦᠰ ᠲᠡᠢ ᠦᠭᠡ ᠨᠢᠰᠦᠭᠡᠳ ᠨᠠᠳᠠ ᠲᠠᠢ ᠦᠰ ᠬᠥᠭᠡᠭᠡᠵᠦ ᠪᠠᠢᠬᠤ ᠨᠢ ᠡᠨᠡ ᠪᠠᠢᠯᠭᠦᠢ᠃ ᠭᠡᠲᠡᠯ᠎ᠡ ᠬᠡᠦᠬᠡᠳ ᠶᠠᠭᠠᠬᠢᠵᠤ ᠪᠠᠢᠭ᠎ᠠ ᠨᠢ ᠡᠨᠡ ᠪᠣᠢ? ᠲᠡᠷᠡ ᠦᠶ᠎ᠡ ᠳ᠋ᠦ᠍ ᠳᠥᠷᠥᠭᠡ ᠴᠦ᠍ ᠦᠭᠡᠢ ᠪᠠᠢᠭᠰᠠᠨ ᠶᠤᠮ ᠴᠢᠨᠢ ᠶᠠᠭᠤᠨ ᠳ᠋ᠤ᠌ ᠥᠨᠥᠳᠥᠷ ᠪᠠᠰᠠ ᠨᠠᠳᠠ᠎ ᠠ᠋ᠴᠠ ᠠᠶᠤᠵᠤ ᠪᠠᠢᠭ᠎ᠠ ᠶᠤᠮ ᠰᠢᠭ᠋᠂ ᠨᠠᠮ᠎ᠠ ᠶ᠋ᠢ ᠬᠣᠣᠷᠯᠠᠬᠤ ᠭᠡᠵᠦ ᠪᠠᠢᠭ᠎ᠠ ᠴᠤ᠌ ᠶᠤᠮ ᠰᠢᠭ᠋ ᠮᠠᠭᠤᠬᠠᠢ ᠬᠠᠷᠠᠨ᠎ᠠ ᠪᠣᠢ? ᠡᠨᠡ ᠴᠢᠨᠢ ᠨᠠᠳᠠ ᠠᠶᠤᠮᠠᠷ ᠪᠥᠭᠡᠳ ᠭᠠᠢᠬᠠᠰᠢ ᠠᠯᠳᠠᠮ᠎ᠠ᠂ ᠵᠣᠪᠠᠯᠠᠩ ᠲᠠᠢ ᠬᠡᠷᠡᠭ ᠪᠠᠢᠨ᠎ᠠ ᠰᠢᠦ! 
ᠪᠢ ᠮᠡᠳᠡᠯ᠎ᠡ᠃ ᠡᠬᠡ ᠡᠴᠢᠭᠡ ᠨᠢ ᠢᠩᠭᠢᠵᠦ ᠵᠢᠭᠠᠵᠤ ᠥᠭᠴᠡᠢ!  

ᠭᠤᠷᠪᠠ  
ᠰᠥᠨᠢ ᠶᠡᠷᠦ ᠨᠣᠢᠷ ᠬᠦᠷᠬᠦ ᠦᠭᠡᠢ᠃ ᠠᠯᠢᠪᠠ ᠬᠡᠷᠡᠭ ᠨᠢ ᠨᠢᠭᠲᠠᠯᠠᠵᠤ ᠪᠠᠢᠪᠠᠯ ᠰᠠᠶᠢ ᠤᠴᠢᠷ ᠢ᠋ ᠨᠢ ᠣᠯᠳᠠᠭ ᠪᠠᠢᠨ᠎ᠠ᠃ 
ᠲᠡᠳᠡᠨ ᠦ᠌ ᠳᠣᠲᠣᠷ᠎ᠠ ᠰᠢᠶᠠᠨ ᠤ᠋ ᠨᠣᠶᠠᠨ ᠢ᠋ᠶ᠋ᠠᠷ ᠳᠥᠩᠭᠡᠯᠡᠭᠦᠯᠦᠭᠰᠡᠨ ᠬᠥᠮᠦᠨ ᠴᠦ᠍ ᠪᠣᠢ᠂ ᠡᠷᠬᠡᠲᠡᠨ ᠳ᠋ᠦ᠍ ᠲᠦᠭᠦᠰᠢᠯᠡᠭᠳᠡᠭᠰᠡᠨ ᠬᠥᠮᠦᠨ ᠴᠦ᠍ ᠪᠣᠢ᠂ ᠶᠠᠮᠤᠨ ᠤ᠋ ᠲᠤᠰᠢᠶᠠᠯᠲᠠᠨ ᠳ᠋ᠤ᠌ ᠡᠬᠡᠨᠡᠷ ᠢ᠋ᠶ᠋ᠡᠨ ᠪᠤᠯᠢᠶᠠᠭᠳᠠᠭᠰᠠᠨ ᠬᠥᠮᠦᠨ ᠴᠦ᠍ ᠪᠣᠢ᠂ ᠠᠪᠤ ᠡᠵᠢ ᠨᠢ ᠠᠪᠤᠯᠭ᠎ᠠ ᠶ᠋ᠢᠨ ᠡᠵᠡᠳ ᠲᠦ᠍ ᠬᠠᠪᠴᠢᠭᠳᠠᠨ ᠦᠬᠦᠭᠰᠡᠳ ᠴᠦ᠍ ᠪᠣᠢ᠃ ᠲᠡᠷᠡ ᠦᠶ᠎ᠡ ᠳ᠋ᠦ᠍ ᠲᠡᠳᠡᠨ ᠦ᠌ ᠵᠢᠰᠦ ᠴᠢᠷᠠᠢ ᠶᠡᠷᠦ ᠥᠴᠥᠭᠡᠳᠦᠷ ᠦ᠋ᠨ ᠰᠢᠭ ᠲᠡᠢᠮᠦ ᠠᠶᠤᠮᠠᠷ᠂ ᠲᠡᠢᠮᠦ ᠬᠡᠷᠴᠡᠭᠡᠢ ᠪᠠᠢᠭᠰᠠᠨ ᠦᠭᠡᠢ ᠰᠠᠨ᠃ 
ᠬᠠᠮᠤᠭ ᠤ᠋ᠨ ᠵᠢᠭᠲᠡᠢ ᠨᠢ ᠥᠴᠥᠭᠡᠳᠦᠷ ᠭᠤᠳᠤᠮᠵᠢᠨ ᠳ᠋ᠤ᠌ ᠳᠠᠭᠠᠷᠢᠯᠳᠤᠭᠰᠠᠨ ᠲᠡᠷᠡ ᠡᠮᠡᠭᠲᠡᠢ ᠪᠠᠢᠯ᠎ᠠ᠃ ᠲᠡᠷᠡ ᠬᠦᠦ ᠪᠡᠨ ᠵᠣᠳᠣᠵᠤ: 《ᠡᠴᠢᠭᠡ ᠮᠢᠨᠢ ᠠ᠋! ᠪᠢ ᠴᠢᠮᠠᠶ᠋ᠢ ᠭᠠᠢᠭᠤᠢ ᠬᠡᠳᠦ ᠬᠠᠵᠠᠶ᠎ᠠ ᠭᠡᠮᠡᠨ ᠰᠠᠨᠠᠵᠤ ᠪᠠᠢᠨ᠎ᠠ!》 ᠭᠡᠵᠦ ᠬᠡᠯᠡᠨ᠎ᠡ᠃ ᠭᠡᠲᠡᠯ᠎ᠡ ᠨᠢᠳᠦ ᠨᠢ ᠬᠠᠷᠢᠨ ᠨᠠᠮ᠎ᠠ ᠶ᠋ᠢ ᠰᠢᠷᠲᠡᠭᠡᠳ ᠪᠠᠢᠪᠠ᠃ ᠪᠢ ᠨᠢᠭᠡᠮᠦᠰᠦᠨ ᠠᠶᠤᠭᠠᠳ ᠣᠷᠣᠬᠤ ᠭᠠᠵᠠᠷ ᠢ᠋ᠶ᠋ᠠᠨ ᠣᠯᠤᠭᠰᠠᠨ ᠦᠭᠡᠢ᠃ ᠥᠨᠥ ᠬᠦᠢᠲᠡᠨ ᠬᠥᠬᠡ ᠴᠢᠷᠠᠢᠳᠠᠨ ᠨᠤᠭᠤᠳ ᠴᠥᠮ ᠳᠦᠷᠬᠢᠷᠡᠲᠡᠯ᠎ᠡ ᠢᠨᠢᠶᠡᠯᠳᠦᠪᠡ᠃ ᠴᠧᠨ ᠯᠤᠤ ᠦ᠋ ᠤᠬᠤᠰᠬᠢᠨ ᠭᠠᠷᠴᠤ ᠢᠷᠡᠭᠡᠳ ᠨᠠᠮ᠎ᠠ ᠶ᠋ᠢ ᠭᠡᠷ ᠲᠦ᠍ ᠴᠢᠷᠴᠦ ᠣᠷᠣᠪᠠ᠃ 
ᠪᠢ ᠭᠡᠷ ᠲᠡᠭᠡᠨ ᠴᠢᠷᠦᠭᠳᠡᠨ ᠣᠷᠣᠬᠤᠯ᠎ᠠ ᠭᠡᠷ ᠦ᠋ᠨ ᠬᠥᠮᠦᠰ ᠴᠥᠮ ᠨᠠᠮ᠎ᠠ ᠶ᠋ᠢ ᠲᠠᠨᠢᠬᠤ ᠦᠭᠡᠢ ᠶᠤᠮ ᠰᠢᠭ᠋ ᠠᠭᠠᠰᠢᠯᠠᠨ᠎ᠠ᠃ ᠲᠡᠳᠡᠨ ᠦ᠌ ᠬᠠᠷᠠᠴᠠ ᠨᠢ ᠮᠥᠨ ᠥᠭᠡᠷ᠎ᠡ ᠪᠤᠰᠤᠳ ᠲᠠᠢ ᠪᠠᠨ ᠪᠦᠷ ᠠᠳᠠᠯᠢᠬᠠᠨ ᠪᠠᠢᠪᠠ᠃ ᠪᠢᠴᠢᠭ ᠦ᠋ᠨ ᠭᠡᠷ ᠲᠦ᠍ ᠣᠷᠣᠵᠤ ᠣᠴᠢᠲᠠᠯ᠎ᠠ ᠲᠠᠬᠢᠶ᠎ᠠ ᠨᠤᠭᠤᠰᠤ ᠬᠣᠷᠢᠭᠰᠠᠨ ᠶᠤᠮ ᠰᠢᠭ᠋ ᠡᠭᠦᠳᠡ ᠶ᠋ᠢ ᠠᠷᠤ ᠠ᠋ᠴᠠ ᠲᠦᠭᠵᠢᠵᠦ ᠣᠷᠬᠢᠪᠠ᠃ ᠡᠨᠡ ᠶᠠᠪᠤᠳᠠᠯ ᠨᠠᠮ᠎ᠠ ᠶ᠋ᠢ ᠤᠯᠠᠮ ᠴᠤ᠌ ᠤᠴᠢᠷ ᠤᠬᠠᠭᠠᠨ ᠢ᠋ ᠨᠢ ᠣᠯᠬᠤ ᠦᠭᠡᠢ ᠪᠣᠯᠭᠠᠵᠤ ᠬᠠᠶᠠᠵᠠᠢ᠃ 
ᠤᠷᠢᠳ ᠬᠡᠳᠦᠨ ᠡᠳᠦᠷ᠂ ᠯᠠᠩ ᠽᠢ ᠼᠦᠨ ᠲᠣᠰᠬᠣᠨ ᠤ᠋ ᠲᠦᠷᠢᠶᠡᠰᠦᠨ ᠲᠠᠷᠢᠶᠠᠴᠢᠨ ᠭᠠᠮᠰᠢᠭ ᠲᠤ᠌ ᠳᠠᠭᠠᠷᠢᠭᠳᠠᠭᠰᠠᠨ ᠢ᠋ᠶ᠋ᠠᠨ ᠮᠡᠳᠡᠭᠳᠡᠬᠦ ᠪᠡᠷ ᠢᠷᠡᠭᠡᠳ᠂ ᠮᠢᠨᠦ ᠶᠡᠬᠡ ᠠᠬ᠎ᠠ ᠳ᠋ᠤ᠌ ᠲᠣᠰᠬᠣᠨ ᠤ᠋ ᠪᠠᠨ ᠨᠢᠭᠡᠨ ᠬᠠᠴᠢᠨ ᠮᠠᠭᠤ ᠬᠥᠮᠦᠨ ᠢ᠋ ᠠᠢᠯ ᠣᠯᠠᠨ ᠢ᠋ᠶ᠋ᠠᠷ ᠢ᠋ᠶ᠋ᠠᠨ ᠴᠣᠬᠢᠵᠤ ᠠᠯᠠᠭᠰᠠᠨ ᠪᠥᠭᠡᠳ ᠬᠡᠳᠦᠨ ᠬᠥᠮᠦᠨ ᠵᠢᠷᠦᠬᠡ ᠶ᠋ᠢ ᠨᠢ ᠰᠤᠭᠤᠯᠵᠤ ᠠᠪᠤᠭᠠᠳ᠂ ᠰᠥᠰᠥ ᠵᠣᠷᠢᠭ ᠢ᠋ᠶ᠋ᠠᠨ ᠪᠦᠳᠦᠭᠦᠷᠡᠭᠦᠯᠬᠦ ᠶᠤᠮ ᠭᠡᠵᠦ ᠲᠣᠰᠣ ᠪᠠᠷ ᠬᠠᠭᠠᠷᠢᠵᠤ ᠢᠳᠡᠪᠡ ᠭᠡᠵᠦ ᠶᠠᠷᠢᠯ᠎ᠠ᠃ ᠪᠢ ᠳᠤᠮᠳᠠ ᠠ᠋ᠴᠠ ᠨᠢ ᠨᠢᠭᠡ ᠳᠤᠤᠭᠠᠷᠤᠭᠰᠠᠨ ᠳ᠋ᠤ᠌ ᠥᠨᠥ ᠲᠦᠷᠢᠶᠡᠰᠦᠨ ᠲᠠᠷᠢᠶᠠᠴᠢᠨ ᠶᠡᠬᠡ ᠠᠬ᠎ᠠ ᠬᠣᠶᠠᠷ ᠨᠠᠮ᠎ᠠ ᠶ᠋ᠢ ᠬᠡᠳᠦᠨᠲᠡ ᠭᠢᠯᠦᠢᠵᠦ ᠬᠠᠷᠠᠭᠰᠠᠨ ᠪᠢᠯᠡ᠃ ᠲᠡᠳᠡᠨ ᠦ᠌ ᠬᠠᠷᠠᠴᠠ᠂ ᠭᠠᠳᠠᠨᠠᠬᠢ ᠶ᠋ᠢᠨ ᠲᠡᠷᠡ ᠣᠯᠠᠨ ᠬᠥᠮᠦᠰ ᠲᠡᠢ ᠶᠠᠭ ᠠᠳᠠᠯᠢᠬᠠᠨ ᠪᠠᠢᠭᠰᠠᠨ ᠢ᠋ ᠥᠨᠥᠳᠥᠷ ᠰᠠᠶᠢ ᠣᠯᠵᠤ ᠮᠡᠳᠡᠯ᠎ᠡ᠃ 
ᠡᠭᠦᠨ ᠢ᠋ ᠪᠣᠳᠣᠪᠠᠯ ᠮᠢᠨᠦ ᠣᠷᠣᠢ ᠠ᠋ᠴᠠ ᠤᠯᠠ ᠳ᠋ᠤ᠌ ᠬᠦᠷᠲᠡᠯ᠎ᠡ ᠬᠦᠢᠲᠡᠨ ᠣᠷᠬᠢᠬᠤ ᠶᠤᠮ᠃ 
ᠲᠡᠳᠡ ᠬᠥᠮᠦᠨ ᠢᠳᠡᠳᠡᠭ ᠯᠡ ᠶᠤᠮ ᠪᠣᠯ ᠨᠠᠮ᠎ᠠ ᠶ᠋ᠢ ᠢᠳᠡᠬᠦ ᠦᠭᠡᠢ ᠭᠡᠵᠦ ᠦᠭᠡᠢ ᠶᠤᠮ᠃ ᠲᠡᠷᠡ ᠡᠮᠡᠭᠲᠡᠢ ᠶ᠋ᠢᠨ《ᠴᠢᠮᠠᠶ᠋ᠢ ᠭᠠᠢᠭᠤᠢ ᠬᠡᠳᠦ ᠬᠠᠵᠠᠨ᠎ᠠ》ᠭᠡᠰᠡᠨ ᠦᠭᠡ᠂ ᠲᠡᠷᠡ ᠣᠯᠠᠨ ᠬᠥᠬᠡ ᠴᠢᠷᠠᠢᠳᠠᠨ ᠤ᠋ ᠢᠨᠢᠶᠡᠳᠦ ᠪᠣᠯᠤᠨ ᠤᠷᠢᠳ ᠡᠳᠦᠷ ᠦ᠋ᠨ ᠥᠨᠥ ᠲᠦᠷᠢᠶᠡᠰᠦᠨ ᠲᠠᠷᠢᠶᠠᠴᠢᠨ ᠤ᠋ ᠬᠡᠯᠡᠭᠰᠡᠨ ᠦᠭᠡ ᠪᠦᠷ ᠨᠢᠭᠡ ᠶᠣᠰᠣᠨ ᠤ᠋ ᠨᠢᠭᠤᠴᠠ ᠳᠣᠬᠢᠶ᠎ᠠ ᠮᠥᠨ ᠪᠣᠯᠬᠤ ᠨᠢ ᠢᠯᠡᠷᠬᠡᠢ᠃ ᠲᠡᠳᠡᠨ ᠦ᠌ ᠦᠭᠡ ᠨᠢ ᠬᠣᠣᠷ ᠢ᠋ᠶ᠋ᠠᠷ ᠳᠦᠭᠦᠷᠴᠦ᠂ ᠢᠨᠢᠶᠡᠳᠦ ᠨᠢ ᠢᠷ ᠮᠡᠰᠡ ᠪᠡᠷ ᠭᠢᠯᠠᠯᠵᠠᠨ ᠬᠤᠷᠴᠠ ᠰᠢᠲᠦ ᠨᠢ ᠢᠷᠵᠠᠭᠠᠨᠠᠭᠠᠳ᠂ ᠶᠣᠰᠣᠲᠠᠢ ᠬᠥᠮᠦᠨ ᠢᠳᠡᠳᠡᠭ ᠮᠢᠬᠠᠴᠢᠨ ᠮᠥᠨ ᠭᠡᠵᠦ ᠪᠢ ᠮᠡᠳᠡᠯ᠎ᠡ᠃ 
ᠪᠢ ᠪᠡᠶ᠎ᠡ ᠪᠡᠨ ᠮᠠᠭᠤ ᠬᠥᠮᠦᠨ ᠭᠡᠵᠦ ᠰᠠᠨᠠᠬᠤ ᠦᠭᠡᠢ ᠪᠣᠯᠪᠠᠴᠤ ᠭᠦ᠋ ᠣᠪᠣᠭᠲᠠᠨ ᠤ᠋ ᠳᠠᠩᠰᠠ ᠶ᠋ᠢ ᠭᠢᠰᠬᠢᠭᠰᠡᠨ ᠡᠴᠡ ᠬᠣᠢᠰᠢ ᠬᠠᠷᠢᠨ ᠬᠡᠯᠡᠵᠦ ᠮᠡᠳᠡᠬᠦ ᠦᠭᠡᠢ ᠪᠣᠯᠵᠠᠢ᠃ ᠲᠡᠳᠡ ᠶᠠᠭ ᠮᠠᠭᠤ ᠰᠠᠨᠠᠭ᠎ᠠ ᠠᠪᠴᠤ ᠪᠠᠢᠭ᠎ᠠ ᠴᠤ᠌  ᠶᠤᠮ ᠰᠢᠭ᠋᠂ ᠪᠤᠤ ᠮᠡᠳᠡ᠃ ᠢᠯᠠᠩᠭᠤᠶ᠎ᠠ ᠲᠡᠳᠡ ᠴᠢᠷᠠᠢ ᠬᠤᠪᠢᠯᠤᠮᠠᠭᠴᠠ ᠬᠥᠮᠦᠨ ᠢ᠋ ᠮᠠᠭᠤ ᠬᠥᠮᠦᠨ ᠪᠣᠯᠭᠠᠴᠢᠬᠠᠳᠠᠭ ᠶᠤᠮ᠃ ᠶᠡᠬᠡ ᠠᠬ᠎ᠠ ᠤᠷᠢᠳᠤ ᠨᠠᠳᠠ ᠪᠠᠷ ᠨᠢᠭᠡ ᠵᠣᠬᠢᠶᠠᠯ ᠪᠢᠴᠢᠭᠦᠯᠦᠭᠰᠡᠨ ᠢ᠋ ᠪᠢ ᠡᠳᠦᠭᠡ ᠬᠦᠷᠲᠡᠯ᠎ᠡ ᠮᠠᠷᠲᠠᠭᠠᠳᠤᠢ ᠪᠥᠭᠡᠳ ᠬᠢᠷᠢ ᠵᠡᠷᠭᠡ ᠶ᠋ᠢᠨ ᠰᠠᠢᠨ ᠬᠥᠮᠦᠨ ᠢ᠋ ᠴᠦ᠍ ᠬᠡᠳᠦᠨ ᠦᠭᠡ ᠮᠠᠭᠤᠴᠢᠯᠠᠮᠠᠭᠴᠠ ᠲᠡᠷᠡ ᠳᠠᠷᠤᠢ ᠵᠥᠪᠲᠦᠭᠡᠵᠦ ᠬᠡᠳᠦᠨ ᠪᠢᠨᠳᠦ ᠵᠢᠷᠤᠭᠠᠳ᠂ ᠮᠠᠭᠤ ᠬᠥᠮᠦᠨ ᠢ᠋ ᠠᠭᠤᠴᠢᠯᠠᠵᠤ ᠬᠡᠳᠦᠨ ᠦᠭᠡ ᠪᠢᠴᠢᠪᠡᠯ 《ᠣᠷᠴᠢᠯᠠᠩ ᠳᠡᠯᠡᠬᠡᠢ ᠶ᠋ᠢ ᠬᠥᠷᠪᠡᠭᠦᠯᠦᠭᠴᠢ ᠣᠯᠠᠨ ᠠ᠋ᠴᠠ ᠣᠨᠴᠣᠭᠣᠢ ᠮᠡᠷᠭᠡᠨ》 ᠭᠡᠳᠡᠭ᠃ ᠡᠢᠮᠦ ᠡᠴᠡ ᠲᠡᠳᠡ ᠴᠣᠬᠣᠮ ᠶᠠᠭᠤ ᠪᠣᠳᠣᠵᠤ ᠪᠠᠢᠭ᠎ᠠ ᠶ᠋ᠢ ᠪᠢ ᠶᠠᠭᠠᠬᠢᠵᠤ ᠮᠡᠳᠡᠬᠦ ᠪᠣᠢ? ᠢᠯᠠᠩᠭᠤᠶ᠎ᠠ ᠬᠥᠮᠦᠨ ᠢᠳᠡᠬᠦ ᠭᠡᠵᠦ ᠪᠠᠢᠭ᠎ᠠ ᠦᠶ᠎ᠡ ᠳ᠋ᠦ᠍᠃ 
ᠠᠯᠢᠪᠠ ᠬᠡᠷᠡᠭ ᠢ᠋ ᠨᠢᠭᠲᠠᠯᠠᠵᠤ ᠪᠣᠳᠣᠪᠠᠯ ᠰᠠᠶᠢ ᠤᠴᠢᠷ ᠢ᠋ ᠨᠢ ᠣᠯᠳᠠᠭ᠃ ᠡᠷᠲᠡᠨ ᠡᠴᠡ ᠠᠪᠤᠭᠠᠳ ᠬᠥᠮᠦᠨ ᠢᠳᠡᠭᠰᠡᠭᠡᠷ ᠢᠷᠡᠭᠰᠡᠨ ᠢ᠋ ᠪᠢ ᠪᠠᠰᠠ ᠮᠡᠳᠡᠬᠦ ᠪᠣᠯᠪᠠᠴᠤ ᠲᠡᠢᠮᠦ ᠲᠣᠳᠣᠷᠬᠠᠢ ᠪᠢᠰᠢ ᠪᠠᠢᠨ᠎ᠠ᠃ ᠪᠢ ᠲᠡᠦᠬᠡ ᠶ᠋ᠢ ᠰᠡᠬᠦᠵᠦ ᠡᠷᠢᠬᠦᠯ᠎ᠡ᠂ ᠡᠨᠡ ᠲᠡᠦᠬᠡ ᠨᠢ ᠣᠨ ᠵᠢᠯ ᠢ᠋ ᠲᠡᠮᠳᠡᠭᠯᠡᠭᠰᠡᠨ ᠦᠭᠡᠢ ᠪᠥᠭᠡᠳ ᠬᠠᠭᠤᠳᠠᠰᠤ ᠪᠦᠷᠢ ᠳ᠋ᠦ᠍ᠨᠢ ᠴᠥᠮ 《ᠥᠷᠥᠰᠢᠶᠡᠯ᠂ ᠵᠢᠷᠤᠮ᠂ ᠶᠣᠰᠣ᠂ ᠡᠷᠳᠡᠮ》 ᠭᠡᠰᠡᠨ ᠬᠡᠳᠦᠨ ᠦᠰᠦᠭ ᠢ᠋ ᠮᠤᠷᠤᠢ ᠰᠠᠷᠤᠢ ᠡᠷᠢᠶᠡᠴᠢᠭᠰᠡᠨ ᠪᠠᠢᠨ᠎ᠠ᠃ ᠮᠢᠨᠦ ᠨᠣᠢᠷ ᠬᠤᠯᠵᠢᠭᠰᠠᠨ ᠤᠴᠢᠷ᠂ ᠲᠡᠭᠦᠨ ᠢ᠋ ᠬᠠᠭᠠᠰ ᠰᠥᠨᠢ ᠨᠢᠭᠲᠠᠯᠠᠵᠤ ᠦᠵᠡᠭᠡᠳ ᠰᠠᠶᠢ ᠦᠭᠡ ᠦᠰᠦᠭ ᠦ᠋ᠳ ᠦ᠋ᠨ ᠵᠠᠢ ᠵᠠᠪᠰᠠᠷ ᠢ᠋ᠶ᠋ᠠᠷ 《ᠬᠥᠮᠦᠨ ᠢᠳᠡᠨ᠎ᠡ!》 ᠭᠡᠰᠡᠨ ᠬᠣᠶᠠᠷ ᠦᠭᠡ ᠳᠡᠪᠲᠡᠷ ᠳᠦᠭᠦᠷᠡᠩ ᠪᠢᠴᠢᠭᠡᠰᠦᠲᠡᠢ ᠪᠠᠢᠭᠰᠠᠨ ᠢ᠋ ᠣᠯᠵᠤ ᠦᠵᠡᠯ᠎ᠡ! ᠪᠢᠴᠢᠭ ᠳᠡᠭᠡᠷ᠎ᠡ ᠪᠢᠴᠢᠭᠰᠡᠨ ᠥᠴᠢᠨᠡᠨ ᠣᠯᠠᠨ ᠦᠰᠦᠭ᠂ ᠲᠦᠷᠢᠶᠡᠰᠦᠨ ᠲᠠᠷᠢᠶᠠᠴᠢᠨ ᠤ᠋ ᠬᠡᠯᠡᠭᠰᠡᠨ ᠲᠥᠴᠢᠨᠡᠨ ᠣᠯᠠᠨ ᠦᠭᠡ ᠨᠢ ᠬᠠᠷᠢᠨ ᠴᠥᠮ ᠢᠨᠢᠶᠡᠮᠰᠦᠭᠯᠡᠩᠭᠦᠢ ᠵᠢᠭᠲᠡᠢ ᠨᠢᠳᠦ ᠪᠡᠷ ᠨᠠᠮ᠎ᠠ ᠶ᠋ᠢ ᠬᠠᠷᠠᠵᠤ ᠪᠠᠢᠯ᠎ᠠ᠃ 
ᠪᠢ ᠴᠦ᠍ ᠮᠥᠨ ᠬᠥᠮᠦᠨ ᠪᠣᠯᠬᠣᠷ ᠲᠡᠳᠡ ᠨᠠᠮ᠎ᠠ ᠶ᠋ᠢ ᠢᠳᠡᠬᠦ ᠭᠡᠵᠦ ᠪᠠᠢᠨ᠎ᠠ!    

ᠳᠥᠷᠪᠡ  
ᠥᠷᠯᠥᠭᠡᠭᠦᠷ ᠪᠢ ᠲᠦᠷ ᠨᠠᠮ ᠰᠠᠭᠤᠯ᠎ᠠ᠃ ᠴᠧᠨ ᠯᠤᠤ ᠦ᠋ ᠨᠢᠭᠡ ᠠᠶᠠᠭ᠎ᠠ ᠨᠣᠭᠣᠭ᠎ᠠ᠂ ᠨᠢᠭᠡ ᠠᠶᠠᠭ᠎ᠠ ᠵᠢᠩᠨᠡᠭᠰᠡᠨ ᠵᠢᠭᠠᠰᠤ ᠲᠠᠢ ᠬᠣᠭᠣᠯᠠ ᠠᠪᠴᠢᠷᠠᠵᠤ ᠥᠭᠪᠡ᠃ ᠲᠡᠷᠡ ᠵᠢᠭᠠᠰᠤᠨ ᠤ᠋ ᠬᠠᠪ ᠬᠠᠲᠠᠭᠤ ᠴᠠᠪ ᠴᠠᠭᠠᠨ ᠨᠢᠳᠦ ᠪᠠ ᠠᠩᠭᠠᠢᠭᠰᠠᠨ ᠠᠮᠠ ᠨᠢ ᠬᠥᠮᠦᠨ ᠢᠳᠡᠬᠦ ᠶ᠋ᠢ ᠵᠠᠪᠳᠤᠭᠰᠠᠨ ᠲᠡᠷᠡ ᠣᠯᠠᠨ ᠬᠥᠮᠦᠨ ᠲᠡᠢ ᠪᠦᠷ ᠠᠳᠠᠯᠢᠬᠠᠨ ᠪᠠᠢᠪᠠ᠃ ᠬᠡᠳᠦᠬᠡᠨ ᠰᠠᠪᠬᠠᠯᠠᠲᠠᠯ᠎ᠠ ᠵᠢᠭᠠᠰᠤ ᠴᠤ᠌ ᠶᠤᠮ ᠤᠤ᠂ ᠬᠥᠮᠦᠨ ᠴᠦ᠍ ᠶᠤᠮ ᠤᠤ ᠪᠤᠤ ᠮᠡᠳᠡ᠂ ᠨᠢᠭᠡᠯᠡ ᠮᠠᠭᠤᠬᠠᠢ ᠨᠢᠯᠤᠭᠤᠨ ᠣᠷᠬᠢᠭᠰᠠᠨ ᠳ᠋ᠤ᠌ ᠶᠠᠭᠤᠲᠠᠢ ᠬᠡᠦᠳᠡᠢ ᠨᠢ ᠪᠥᠭᠡᠯᠵᠢᠵᠦ ᠭᠠᠷᠭᠠᠪᠠ᠃ 《ᠯᠤᠤ ᠦ᠋᠂ ᠪᠢ ᠠᠢᠬᠤᠪᠲᠤᠷ ᠤᠢᠳᠤᠭᠠᠳ ᠪᠠᠢᠨ᠎ᠠ᠂ ᠬᠠᠰᠢᠶᠠᠨ ᠳ᠋ᠤ᠌ ᠭᠠᠷᠴᠤ ᠠᠯᠬᠤᠬᠤ ᠰᠠᠨ ᠭᠡᠵᠦ ᠠᠬ᠎ᠠ ᠳ᠋ᠤ᠌ ᠬᠡᠯᠡᠭᠡᠳ ᠠᠯᠢ》 ᠭᠡᠵᠦ ᠪᠢ ᠬᠡᠯᠡᠯ᠎ᠡ᠃ ᠴᠧᠨ ᠯᠤᠤ ᠦ᠋ ᠳᠤᠭᠤᠢ ᠭᠠᠷᠴᠤ ᠣᠳᠪᠠ᠃ ᠪᠠᠬᠠᠨ ᠤᠳᠠᠰᠬᠢᠭᠡᠳ ᠬᠠᠷᠢᠨ ᠢᠷᠡᠵᠦ ᠡᠭᠦᠳᠡ ᠶ᠋ᠢ ᠨᠡᠭᠡᠭᠡᠪᠡ᠃ ᠲᠡᠳᠡ ᠨᠠᠮ᠎ᠠ ᠶ᠋ᠢ ᠴᠣᠬᠣᠮ ᠶᠠᠭᠠᠬᠢᠳᠠᠭ ᠢ᠋ ᠨᠢ ᠦᠵᠡᠶ᠎ᠡ ᠭᠡᠵᠦ ᠬᠥᠳᠡᠯᠦᠯ ᠦᠭᠡᠢ ᠠᠵᠢᠭᠯᠠᠵᠤ ᠰᠠᠭᠤᠨ᠎ᠠ᠃ ᠯᠠᠪ ᠠᠮᠤᠷ ᠲᠠᠯᠪᠢᠬᠤ ᠦᠭᠡᠢ ᠭᠡᠭᠴᠢ ᠶ᠋ᠢ ᠪᠢ ᠮᠡᠳᠡᠵᠦ ᠪᠠᠢᠯ᠎ᠠ᠃ ᠦᠨᠡᠬᠡᠷ ᠴᠦ᠍ ᠲᠡᠢᠮᠦ ᠪᠠᠢᠵᠠᠢ! ᠮᠠᠨ ᠤ᠋ ᠠᠬ᠎ᠠ ᠨᠢᠭᠡᠨ ᠡᠪᠦᠭᠡᠨ ᠢ᠋ ᠳᠠᠭᠠᠭᠤᠯᠵᠤ ᠶᠠᠭᠠᠷᠠᠯ ᠦᠭᠡᠢ ᠣᠷᠣᠵᠤ ᠢᠷᠡᠯ᠎ᠡ᠃ ᠡᠪᠦᠭᠡᠨ ᠠᠢᠬᠤᠪᠲᠤᠷ ᠬᠦᠢᠲᠡᠨ ᠬᠠᠷᠠᠴᠠ ᠲᠠᠢ ᠪᠠᠢᠭᠰᠠᠨ ᠢ᠋ᠶ᠋ᠠᠨ ᠨᠠᠳᠠ ᠰᠡᠷᠡᠭᠡᠳᠡᠭᠦᠯᠵᠡᠢ ᠭᠡᠵᠦ ᠲᠣᠯᠣᠭᠠᠢ ᠪᠠᠨ ᠪᠥᠬᠥᠢᠵᠦ ᠪᠦᠷ ᠭᠠᠵᠠᠷ ᠤᠷᠤᠭᠤ ᠬᠠᠨᠳᠤᠭᠤᠯᠤᠭᠠᠳ ᠨᠢᠳᠦᠨ ᠰᠢᠯ ᠦ᠋ᠨ ᠢ᠋ᠶ᠋ᠡᠨ ᠬᠠᠵᠠᠭᠤ ᠪᠠᠷ ᠨᠠᠮ᠎ᠠ ᠶ᠋ᠢ ᠰᠡᠮᠬᠡᠨ ᠰᠢᠷᠳᠡᠨ᠎ᠡ᠃ ᠠᠬ᠎ᠠ:《ᠴᠢ ᠥᠨᠥᠳᠥᠷ ᠵᠦᠭᠡᠷ ᠪᠠᠢᠬᠤ ᠰᠢᠭ᠋ ᠪᠠᠢᠨ᠎ᠠ》ᠭᠡᠬᠦ ᠳ᠋ᠦ᠍ ᠪᠢ《ᠲᠡᠢᠮᠦ 》ᠭᠡᠪᠡ᠃ ᠠᠬ᠎ᠠ: 《ᠥᠨᠥᠳᠥᠷ ᠾᠧ ᠡᠮᠴᠢ ᠶ᠋ᠢ ᠵᠠᠯᠠᠵᠤ ᠪᠡᠶ᠎ᠡ ᠶ᠋ᠢ ᠴᠢᠨᠢ ᠦᠵᠡᠭᠦᠯᠬᠦ ᠭᠡᠰᠡᠨ ᠶᠤᠮ》 ᠭᠡᠬᠦ ᠳ᠋ᠦ᠍ᠨᠢ ᠪᠢ: 《ᠵᠠ!》 ᠭᠡᠪᠡ᠃ ᠦᠨᠡᠨ ᠳ᠋ᠡᠭᠡᠨ ᠡᠨᠡ ᠡᠪᠦᠭᠡᠨ ᠪᠣᠯ ᠵᠢᠰᠦ ᠪᠡᠨ ᠪᠤᠷᠤᠭᠤᠯᠠᠭᠰᠠᠨ ᠶᠠᠷᠭᠠᠴᠢᠨ ᠮᠥᠨ ᠭᠡᠭᠴᠢ ᠶ᠋ᠢ ᠪᠢ ᠶᠠᠮᠠᠷ ᠮᠡᠳᠡᠬᠦ ᠦᠭᠡᠢ ᠶᠤᠮ ᠪᠢᠰᠢ! ᠰᠤᠳᠠᠯ ᠪᠠᠷᠢᠬᠤ ᠨᠡᠷ᠎ᠡ ᠪᠡᠷ ᠲᠠᠷᠭᠤᠨ ᠡᠴᠡᠩᠭᠡᠷ ᠢ᠋ ᠮᠢᠨᠢ ᠦᠵᠡᠭᠡᠳ ᠡᠨᠡ ᠭᠠᠪᠢᠶ᠎ᠠ ᠪᠠᠷ ᠢ᠋ᠶ᠋ᠠᠨ ᠨᠢᠭᠡ ᠵᠦᠰᠦᠮ ᠮᠢᠬ᠎ᠠ ᠣᠯᠵᠤ ᠢᠳᠡᠬᠦ ᠯᠡ ᠭᠡᠰᠡᠨ ᠬᠡᠷᠡᠭ ᠠ᠋᠃ ᠪᠢ ᠴᠦ᠍ ᠠᠶᠤᠬᠤ ᠦᠭᠡᠢ᠂ ᠬᠡᠳᠦᠢᠪᠡᠷ ᠬᠥᠮᠦᠨ ᠢᠳᠡᠳᠡᠭ ᠦᠭᠡᠢ ᠪᠣᠯᠪᠠᠴᠤ ᠲᠡᠳᠡᠨ ᠡᠴᠡ ᠢᠯᠡᠭᠦᠦ ᠵᠢᠷᠦᠬᠡ ᠪᠦᠳᠦᠭᠦᠨ ᠬᠥᠮᠦᠨ ᠪᠢᠯᠡ ᠪᠢ᠃ ᠬᠣᠶᠠᠷ ᠨᠢᠳᠤᠷᠭ᠎ᠠ ᠪᠠᠨ ᠰᠤᠩᠭᠠᠵᠤ ᠥᠭᠭᠦᠭᠡᠳ ᠶᠠᠭᠠᠬᠢᠵᠤ ᠭᠠᠷ ᠬᠥᠳᠡᠯᠬᠦ ᠶ᠋ᠢ ᠨᠢ ᠬᠦᠯᠢᠶᠡᠵᠦ ᠪᠠᠢᠪᠠ᠃ ᠡᠪᠦᠭᠡᠨ ᠨᠢᠳᠦ ᠪᠡᠨ ᠠᠨᠢᠭᠠᠳ ᠤᠳᠠᠲᠠᠯ᠎ᠠ ᠲᠡᠮᠲᠡᠷᠢᠵᠦ᠂ ᠤᠳᠠᠲᠠᠯ᠎ᠠ ᠪᠣᠳᠣᠯᠭ᠎ᠠ ᠪᠣᠯᠤᠨ ᠰᠠᠭᠤᠭᠠᠳ ᠰᠠᠶᠢ ᠰᠢᠮᠨᠤ ᠶ᠋ᠢᠨ ᠨᠢᠳᠦ ᠪᠡᠨ ᠨᠡᠭᠡᠭᠡᠵᠦ: 《ᠳᠡᠮᠡᠢ ᠶᠠᠭᠤᠮ᠎ᠠ ᠪᠤᠤ ᠪᠣᠳᠣ ᠠ᠋᠃ ᠬᠡᠳᠦᠨ ᠡᠳᠦᠷ ᠨᠠᠮ ᠰᠤᠪᠢᠯᠠᠪᠠᠯ ᠰᠠᠢᠨ ᠪᠣᠯᠤᠨ᠎ᠠ》ᠭᠡᠨ᠎ᠡ᠃ 
ᠳᠡᠮᠡᠢ ᠶᠠᠭᠤᠮ᠎ᠠ ᠪᠤᠤ ᠪᠣᠳᠣ᠂ ᠨᠠᠮ ᠰᠤᠪᠢᠯᠠ! ᠰᠤᠪᠢᠯᠠᠭᠰᠠᠭᠠᠷ ᠲᠠᠷᠭᠤᠯᠠᠪᠠᠯ᠂ ᠲᠡᠳᠡ ᠢᠯᠡᠭᠦᠦ ᠮᠢᠬ᠎ᠠ ᠣᠯᠵᠤ ᠢᠳᠡᠬᠦ ᠨᠢ ᠶᠠᠷᠢᠶᠠᠨ ᠦᠭᠡᠢ᠃ ᠨᠠᠳᠠ ᠶᠠᠮᠠᠷ ᠰᠠᠢᠨ ᠲᠠᠢ ᠶᠤᠮ ᠪᠣᠢ᠂ ᠶᠠᠭᠠᠬᠢᠭᠠᠳ 《ᠰᠠᠢᠨ ᠪᠣᠯᠬᠤ》 ᠶᠤᠮ ᠪᠣᠢ? ᠡᠳᠡ ᠶᠡᠷᠦ ᠨᠢ ᠬᠥᠮᠦᠨ ᠢ᠋ ᠢᠳᠡᠬᠦ ᠶ᠋ᠢ ᠬᠦᠰᠡᠬᠦ ᠠᠲᠠᠯ᠎ᠠ ᠪᠠᠰᠠ ᠬᠤᠯᠠᠩ ᠬᠠᠯᠠᠩ ᠬᠢᠵᠦ ᠳᠠᠷᠤᠵᠤ ᠳᠠᠯᠳᠠᠯᠠᠬᠤ ᠶ᠋ᠢ ᠤᠷᠤᠯᠳᠤᠵᠤ ᠰᠢᠭᠤᠳ ᠭᠠᠷ ᠬᠥᠳᠡᠯᠵᠦ ᠴᠢᠳᠠᠳᠠᠭ ᠦᠭᠡᠢ ᠨᠢ ᠦᠨᠡᠬᠡᠷ ᠱᠠᠯ ᠢᠨᠢᠶᠡᠯᠲᠡᠢ ᠬᠡᠷᠡᠭ ᠠ᠋᠃ ᠪᠢ ᠲᠡᠰᠴᠦ ᠶᠠᠳᠠᠨ ᠬᠠᠳᠠᠭᠠᠨᠠᠲᠠᠯ᠎ᠠ ᠢᠨᠢᠶᠡᠬᠦᠯ᠎ᠡ ᠰᠡᠳᠬᠢᠯ ᠮᠢᠨᠢ ᠶᠡᠬᠡ ᠠᠭᠤᠵᠢᠷᠠᠪᠠ᠃ ᠡᠨᠡ ᠢᠨᠢᠶᠡᠳᠦ ᠮᠢᠨᠢ ᠰᠢᠳᠤᠷᠭᠤ ᠵᠣᠷᠢᠭ ᠠᠷᠢᠭᠤᠨ ᠶᠣᠰᠣ ᠪᠠᠷ ᠳᠦᠭᠦᠷᠡᠩ ᠪᠠᠢᠬᠤ ᠶ᠋ᠢ ᠪᠢ ᠥᠪᠡᠷ ᠢ᠋ᠶ᠋ᠡᠨ ᠮᠡᠳᠡᠵᠦ ᠪᠠᠢᠨ᠎ᠠ᠃ ᠲᠡᠷᠡ ᠡᠪᠦᠭᠡᠨ ᠠᠬ᠎ᠠ ᠬᠣᠶᠠᠷ ᠴᠢᠷᠠᠢ ᠠᠯᠳᠠᠵᠤ᠂ ᠮᠢᠨᠦ ᠰᠢᠳᠤᠷᠭᠤ ᠵᠣᠷᠢᠭ ᠠᠷᠢᠭᠤᠨ ᠶᠣᠰᠣᠨ ᠳ᠋ᠤ᠌ ᠳᠠᠷᠤᠭᠳᠠᠪᠠ᠃ 
ᠭᠡᠲᠡᠯ᠎ᠡ ᠪᠢ ᠵᠣᠷᠢᠭ ᠲᠠᠢ ᠪᠠᠢᠪᠠᠯ ᠲᠡᠳᠡ ᠡᠨᠡ ᠵᠣᠷᠢᠭ ᠠ᠋ᠴᠠ ᠮᠢᠨᠢ ᠬᠤᠪᠢᠶᠠᠯᠴᠠᠬᠤ ᠭᠡᠵᠦ ᠨᠠᠮ᠎ᠠ ᠶ᠋ᠢ ᠤᠯᠠᠮ ᠴᠤ᠌ ᠪᠠᠷᠢᠵᠤ ᠢᠳᠡᠬᠦ ᠭᠡᠨ᠎ᠡ᠃ ᠡᠪᠦᠭᠡᠨ ᠡᠭᠦᠳᠡ ᠠᠯᠬᠤᠵᠤ ᠭᠠᠷᠤᠭᠠᠳ ᠳᠡᠮᠡᠢ ᠬᠣᠯᠠ ᠶᠠᠪᠤᠯ  ᠦᠭᠡᠢ᠂ ᠠᠬ᠎ᠠ ᠳ᠋ᠤ᠌ ᠰᠡᠮᠬᠡᠨ ᠢ᠋ᠶ᠋ᠡᠷ 《ᠪᠤᠰᠢᠭᠤᠬᠠᠨ ᠢᠳᠡᠶ᠎ᠡ!》 ᠭᠡᠰᠡᠨ ᠳ᠋ᠦ᠍᠂ ᠠᠬ᠎ᠠ ᠲᠣᠯᠣᠭᠠᠢ ᠪᠠᠨ ᠳᠣᠬᠢᠪᠠ᠃ ᠦᠵᠡᠰᠡ᠂ ᠡᠭᠦᠨ ᠳ᠋ᠦ᠍ᠨᠢ ᠴᠢ ᠪᠠᠰᠠ ᠪᠠᠢᠬᠤ ᠶᠤᠮ ᠤᠤ! ᠡᠨᠡ ᠨᠢᠭᠡ ᠶᠡᠬᠡ ᠨᠡᠭᠡᠭᠡᠯᠲᠡ ᠬᠡᠳᠦᠢᠪᠡᠷ ᠰᠠᠨᠠᠮᠰᠠᠷ ᠦᠭᠡᠢ ᠮᠡᠲᠦ ᠪᠣᠯᠪᠠᠴᠤ᠂ ᠮᠥᠨ ᠰᠠᠨᠠᠭᠠᠨ ᠳ᠋ᠤ᠌ ᠪᠠᠢᠭᠰᠠᠨ ᠬᠡᠷᠡᠭ ᠠ᠋᠃ ᠬᠠᠮᠵᠢᠨ ᠨᠡᠢᠯᠡᠵᠦ ᠨᠠᠮ᠎ᠠ ᠶ᠋ᠢ ᠢᠳᠡᠬᠦ ᠭᠡᠰᠡᠨ ᠬᠥᠮᠦᠨ ᠮᠢᠨᠢ ᠬᠠᠷᠢᠨ ᠮᠢᠨᠦ ᠠᠬ᠎ᠠ ᠪᠠᠢᠵᠠᠢ᠃ 
ᠬᠥᠮᠦᠨ ᠢᠳᠡᠳᠡᠭ ᠨᠢ ᠮᠢᠨᠦ ᠠᠬ᠎ᠠ! 
ᠪᠢ ᠪᠣᠯ ᠬᠥᠮᠦᠨ ᠢᠳᠡᠳᠡᠭ ᠬᠥᠮᠦᠨ ᠦ᠌ ᠳᠡᠭᠦᠦ! 
ᠪᠢ ᠥᠪᠡᠷ ᠢ᠋ᠶ᠋ᠡᠨ ᠬᠥᠮᠦᠨ ᠳ᠋ᠦ᠍ ᠢᠳᠡᠭᠳᠡᠭᠰᠡᠨ ᠴᠦ᠍ ᠮᠥᠨ ᠬᠥᠮᠦᠨ ᠢᠳᠡᠳᠡᠭ ᠬᠥᠮᠦᠨ ᠦ᠌ ᠳᠡᠭᠦᠦ ᠰᠢᠦ!
     
ᠲᠠᠪᠤ
ᠡᠨᠡ ᠬᠡᠳᠦᠨ ᠡᠳᠦᠷ ᠨᠢᠭᠡ ᠠᠯᠬᠤᠮ ᠤᠬᠤᠷᠢᠭᠠᠳ ᠪᠣᠳᠣᠵᠤ ᠦᠵᠡᠯ᠎ᠡ᠃ ᠬᠡᠷᠪᠡ ᠲᠡᠷᠡ ᠡᠪᠦᠭᠡᠨ ᠵᠢᠰᠦ ᠪᠡᠨ ᠪᠤᠷᠤᠭᠤᠯᠠᠭᠰᠠᠨ ᠶᠠᠷᠭᠠᠴᠢᠨ ᠪᠢᠰᠢ᠂ ᠦᠨᠡᠨ ᠡᠮᠴᠢ ᠪᠣᠯᠤᠭᠰᠠᠨ ᠴᠤ᠌ ᠮᠥᠨ ᠬᠥᠮᠦᠨ ᠢᠳᠡᠳᠡᠭ ᠬᠥᠮᠦᠨ ᠪᠠᠢᠬᠤ ᠶᠣᠰᠣᠲᠠᠢ᠃ ᠲᠡᠳᠡᠨ ᠦ᠌ ᠳᠡᠭᠡᠳᠦ ᠪᠠᠭᠰᠢ ᠯᠢ ᠱᠢ ᠵᠧᠨ ᠦ᠌ ᠵᠣᠬᠢᠶᠠᠭᠰᠠᠨ 《ᠬᠢᠲᠠᠳ ᠡᠮ ᠦ᠋ᠨ ᠶᠠᠭᠤ》 ᠳ᠋ᠤ᠌ ᠬᠥᠮᠦᠨ ᠦ᠌ ᠮᠢᠬ᠎ᠠ ᠶ᠋ᠢ ᠴᠢᠨᠠᠵᠤ ᠢᠳᠡᠵᠦ ᠪᠣᠯᠤᠨ᠎ᠠ ᠭᠡᠵᠦ ᠲᠣᠳᠣᠷᠬᠠᠢ ᠪᠢᠴᠢᠭᠡᠳ ᠪᠠᠢᠬᠤ ᠶᠤᠮ ᠴᠢᠨᠢ᠂ ᠲᠡᠷᠡ ᠥᠪᠡᠷ ᠢ᠋ᠶ᠋ᠡᠨ ᠬᠥᠮᠦᠨ ᠢᠳᠡᠬᠦ ᠦᠭᠡᠢ ᠪᠠᠢᠵᠤ ᠴᠢᠳᠠᠨ᠎ᠠ ᠤᠤ? ᠮᠢᠨᠦ ᠠᠬ᠎ᠠ ᠶ᠋ᠢᠨ ᠲᠤᠬᠠᠢ ᠴᠤ᠌ ᠭᠡᠰᠡᠨ᠂ ᠲᠡᠭᠦᠨ ᠢ᠋ ᠬᠢᠯᠢᠰᠳᠡᠭᠦᠯᠦᠭᠰᠡᠨ ᠵᠦᠢᠯ ᠣᠭᠲᠣ ᠠᠯᠠᠭ᠎ᠠ᠃ ᠲᠡᠷᠡ ᠨᠠᠳᠠ ᠪᠢᠴᠢᠭ ᠵᠢᠭᠠᠬᠤ ᠳ᠋ᠠᠭᠠᠨ 《ᠬᠡᠦᠬᠡᠳ ᠶᠥᠭᠡᠨ ᠰᠣᠯᠢᠨ ᠢᠳᠡᠵᠦ ᠪᠣᠯᠤᠮᠤᠢ》 ᠭᠡᠵᠦ ᠪᠡᠶ᠎ᠡ ᠪᠡᠷ ᠢ᠋ᠶ᠋ᠡᠨ ᠶᠠᠷᠢᠵᠤ ᠪᠠᠢᠭᠰᠠᠨ ᠶᠤᠮ᠃ ᠪᠠᠰᠠ ᠨᠢᠭᠡ ᠤᠳᠠᠭ᠎ᠠ ᠪᠢᠳᠡ ᠨᠢᠭᠡᠨ ᠮᠠᠭᠤ ᠬᠥᠮᠦᠨ ᠦ᠌ ᠲᠤᠬᠠᠢ ᠶᠠᠷᠢᠯᠴᠠᠵᠤ ᠪᠠᠢᠲᠠᠯ᠎ᠠ ᠲᠡᠭᠦᠨ ᠦ᠌ ᠬᠡᠯᠡᠭᠰᠡᠨ ᠨᠢ ᠠᠯᠠᠬᠤ ᠶᠣᠰᠣᠲᠠᠢ ᠪᠠᠷ ᠪᠠᠷᠠᠬᠤ ᠦᠭᠡᠢ᠂ ᠪᠠᠰᠠ《ᠮᠢᠬ᠎ᠠ ᠶ᠋ᠢ ᠠᠨᠤ ᠢᠳᠡᠵᠦ᠂ ᠠᠷᠠᠰᠤ ᠶ᠋ᠢ ᠠᠨᠤ ᠳᠡᠪᠢᠰᠬᠦ 》ᠶᠣᠰᠣᠲᠠᠢ ᠭᠡᠰᠡᠨ ᠪᠢᠯᠡ᠃ ᠲᠡᠷᠡ ᠦᠶ᠎ᠡ ᠳ᠋ᠦ᠍ ᠪᠢ ᠨᠠᠰᠤ ᠪᠠᠭ᠎ᠠ ᠪᠠᠢᠭᠰᠠᠨ ᠲᠤᠯᠠ ᠵᠢᠷᠦᠬᠡ ᠮᠢᠨᠢ ᠤᠳᠠᠲᠠᠯ᠎ᠠ ᠲᠦᠭᠰᠢᠵᠦ ᠪᠢᠯᠡ᠃ ᠤᠷᠢᠳ ᠡᠳᠦᠷ ᠯᠠᠩ ᠽᠢ ᠼᠦᠨ ᠲᠣᠰᠬᠣᠨ ᠤ᠋ ᠲᠦᠷᠢᠶᠡᠰᠦᠨ ᠲᠠᠷᠢᠶᠠᠴᠢᠨ ᠢᠷᠡᠵᠦ᠂ ᠵᠢᠷᠦᠬᠡ ᠢᠳᠡᠭᠰᠡᠨ ᠶᠠᠪᠤᠳᠠᠯ ᠢ᠋ ᠶᠠᠷᠢᠬᠤ ᠳ᠋ᠤ᠌᠂ ᠲᠡᠷᠡ ᠪᠠᠰᠠ ᠠᠵᠢᠭ ᠴᠤ᠌ ᠦᠭᠡᠢ᠂ ᠲᠣᠯᠣᠭᠠᠢ ᠪᠠᠨ ᠳᠣᠬᠢᠵᠤ ᠯᠠ ᠪᠠᠢᠯ᠎ᠠ᠃ ᠲᠡᠭᠦᠨ ᠦ᠌ ᠰᠡᠳᠬᠢᠯ ᠤᠷᠢᠳᠠᠬᠢ ᠲᠠᠢ ᠪᠠᠨ ᠠᠳᠠᠯᠢ ᠬᠣᠣᠷᠲᠠᠢ ᠪᠠᠢᠭ᠎ᠠ ᠨᠢ ᠢᠯᠡᠷᠬᠡᠢ ᠮᠡᠳᠡᠭᠳᠡᠨ᠎ᠡ᠃ 《ᠬᠡᠦᠬᠡᠳ ᠶᠥᠭᠡᠨ ᠰᠣᠯᠢᠨ ᠢᠳᠡᠵᠦ ᠪᠣᠯᠵᠤ》 ᠪᠠᠢᠬᠤ ᠲᠤᠯᠠ ᠶᠠᠭᠤ ᠶ᠋ᠢ ᠴᠦ᠍ ᠪᠦᠷ ᠰᠣᠯᠢᠵᠤ ᠪᠣᠯᠤᠨ᠎ᠠ᠃ ᠬᠡᠨ ᠢ᠋ ᠴᠦ᠍ ᠪᠦᠷ ᠢᠳᠡᠵᠦ ᠪᠣᠯᠤᠨ᠎ᠠ᠃ ᠤᠷᠢᠳᠤ ᠪᠢ ᠲᠡᠭᠦᠨ ᠦ᠌ ᠶᠣᠰᠣ ᠶᠠᠷᠢᠬᠤ ᠶ᠋ᠢ ᠯᠡ ᠰᠣᠨᠣᠰᠤᠭᠠᠳ᠂ ᠳᠦᠯᠡᠢ ᠪᠠᠯᠠᠢ ᠥᠩᠭᠡᠷᠡᠭᠡᠵᠦ ᠪᠠᠢᠪᠠ᠃ ᠲᠡᠭᠦᠨ ᠢ᠋ ᠶᠣᠰᠣ ᠶᠠᠷᠢᠬᠤ ᠦᠶ᠎ᠡ ᠳ᠋ᠦ᠍ ᠤᠷᠤᠭᠤᠯ ᠳᠡᠭᠡᠷ᠎ᠡ ᠨᠢ ᠬᠥᠮᠦᠨ ᠦ᠌ ᠲᠣᠰᠣ ᠨᠠᠭᠠᠯᠳᠤᠵᠤ ᠪᠠᠢᠭᠰᠠᠨ ᠢ᠋ᠶ᠋ᠠᠷ ᠦᠯᠦ ᠪᠠᠷᠠᠨ᠂ ᠮᠥᠨ ᠴᠡᠭᠡᠵᠢ ᠨᠢ ᠬᠥᠮᠦᠨ ᠢᠳᠡᠬᠦ ᠰᠠᠨᠠᠭ᠎ᠠ ᠪᠠᠷ ᠳᠦᠭᠦᠷᠡᠩ ᠪᠠᠢᠯ᠎ᠠ ᠭᠡᠭᠴᠢ ᠶ᠋ᠢ ᠣᠳᠣ ᠰᠠᠶᠢ ᠣᠯᠵᠤ ᠮᠡᠳᠡᠯ᠎ᠡ᠃      

ᠵᠢᠷᠭᠤᠭ᠎ᠠ
   ᠡᠳᠦᠷ ᠴᠦ᠍ ᠶᠦᠮ ᠤᠤ᠂ ᠰᠥᠨᠢ ᠴᠦ᠍ ᠶᠤᠮ ᠤᠤ ᠪᠤᠤ ᠮᠡᠳᠡ᠂ ᠫᠠᠳ ᠬᠠᠷᠠᠩᠭᠤᠢ᠃ ᠵᠣᠣ ᠣᠪᠣᠭᠲᠠᠨ ᠤ᠋ ᠨᠣᠬᠠᠢ ᠪᠠᠰᠠ ᠬᠤᠴᠠᠵᠤ ᠡᠬᠢᠯᠡᠯ᠎ᠡ᠃ 
ᠠᠷᠰᠯᠠᠨ ᠰᠢᠭ᠋ ᠬᠡᠷᠴᠡᠭᠡᠢ᠂ ᠲᠠᠤᠯᠠᠢ ᠰᠢᠭ᠋ ᠠᠶᠤᠮᠠᠲᠠᠭᠠᠢ᠂ ᠦᠨᠡᠭᠡ ᠰᠢᠭ ᠬᠤᠢᠬᠤᠷ ᠁    

ᠳᠣᠯᠣᠭ᠎ᠠ  
ᠲᠡᠳᠡᠨ ᠦ᠌ ᠠᠷᠭ᠎ᠠ ᠶ᠋ᠢ ᠪᠢ ᠮᠡᠳᠡᠪᠡ᠃ ᠰᠢᠭᠤᠳ ᠠᠯᠠᠬᠤ ᠦᠭᠡᠢ᠂ ᠴᠢᠩᠭᠢᠵᠦ ᠪᠠᠰᠠ ᠴᠢᠳᠠᠬᠤ ᠦᠭᠡᠢ᠂ ᠬᠡᠷᠡᠭ ᠪᠣᠯᠬᠤ ᠠ᠋ᠴᠠ ᠠᠶᠤᠳᠠᠭ ᠪᠠᠢᠪᠠ᠃ ᠲᠡᠢᠮᠦ ᠡᠴᠡ ᠲᠡᠳᠡ ᠳᠠᠯᠳᠠᠭᠤᠷ ᠬᠤᠤᠪᠢᠯᠳᠤᠵᠤ᠂ ᠤᠷᠠᠬ᠎ᠠ ᠲᠣᠣᠷ ᠵᠣᠬᠢᠶᠠᠭᠠᠳ᠂ ᠨᠠᠮ᠎ᠠ ᠶ᠋ᠢ ᠠᠯᠪᠠ ᠪᠠᠷ ᠬᠣᠷᠣᠭᠠᠬᠤ ᠭᠡᠵᠦ ᠪᠠᠢᠭ᠎ᠠ ᠶᠤᠮ ᠪᠠᠢᠨ᠎ᠠ᠃ ᠤᠷᠢᠳ ᠬᠡᠳᠦᠨ ᠡᠳᠦᠷ ᠭᠤᠳᠤᠮᠵᠢᠨ ᠳ᠋ᠤ᠌ ᠳᠠᠭᠠᠷᠢᠯᠳᠤᠭᠰᠠᠨ ᠡᠷᠡᠭᠲᠡᠢ ᠡᠮᠡᠭᠲᠡᠢᠴᠦᠳ ᠦ᠋ᠨ ᠶᠠᠩᠵᠤ ᠪᠠ ᠠᠬ᠎ᠠ ᠶ᠋ᠢᠨ ᠡᠨᠡ ᠬᠡᠳᠦᠨ ᠡᠳᠦᠷ ᠦ᠋ᠨ ᠬᠥᠳᠡᠯᠵᠦ ᠪᠠᠷᠢᠬᠤ ᠠ᠋ᠴᠠ ᠦᠵᠡᠪᠡᠯ᠂ ᠨᠠᠷᠢᠨ ᠤᠴᠢᠷ ᠢ᠋ ᠨᠢ ᠨᠠᠢ᠍ᠮᠠ ᠶᠢᠰᠦᠨ ᠬᠤᠪᠢ ᠪᠠᠷᠲᠠᠭ᠎ᠠ ᠪᠠᠷ ᠮᠡᠳᠡᠬᠦ  ᠶᠤᠮ᠃ ᠪᠦᠰᠡ ᠪᠡᠨ ᠲᠠᠢᠯᠵᠤ ᠪᠠᠢᠰᠢᠩ ᠤ᠋ᠨ ᠨᠢᠷᠤᠭᠤᠨ ᠠ᠋ᠴᠠ ᠡᠯᠭᠦᠭᠡᠳ ᠶᠠᠷᠭᠢᠲᠠᠯ᠎ᠠ ᠪᠣᠭᠣᠮᠢᠯᠠᠵᠤ ᠦᠬᠦᠬᠦ ᠡᠴᠡ ᠢᠯᠡᠭᠦᠦ ᠰᠠᠢᠨ ᠶᠠᠪᠤᠳᠠᠯ ᠠᠯᠠᠭ᠎ᠠ᠃ ᠢᠩᠭᠢᠪᠡᠯ ᠲᠡᠳᠡ ᠬᠥᠮᠦᠨ ᠠᠯᠠᠭᠰᠠᠨ ᠶᠠᠯ᠎ᠠ ᠦᠭᠡᠢ ᠮᠥᠷᠲᠡᠭᠡᠨ ᠪᠠᠰᠠ ᠰᠠᠨᠠᠭ᠎ᠠ ᠪᠠᠨ ᠭᠦᠢᠴᠡᠭᠡᠬᠦ ᠲᠤᠯᠠ ᠲᠡᠭᠷᠢ ᠦᠭᠡᠢ ᠶᠡᠬᠡ ᠪᠠᠶᠠᠷᠯᠠᠵᠤ ᠬᠠᠬᠠᠵᠤ ᠬᠥᠰᠢᠲᠡᠯ᠎ᠡ ᠪᠡᠨ ᠢᠨᠢᠶᠡᠯᠳᠦᠬᠦ ᠨᠢ ᠶᠠᠷᠢᠶᠠᠨ ᠦᠭᠡᠢ᠃ ᠦᠭᠡᠢ ᠪᠣᠯ᠂ ᠠᠶᠤᠯᠭᠠᠵᠤ ᠵᠣᠪᠠᠭᠠᠭᠰᠠᠭᠠᠷ ᠦᠬᠦᠭᠦᠯᠦᠨ᠎ᠡ᠃ ᠢᠩᠭᠢᠪᠡᠯ ᠪᠠᠬᠠᠨ ᠡᠴᠡᠬᠦ ᠪᠣᠯᠪᠠᠴᠤ ᠮᠥᠨ ᠲᠣᠯᠣᠭᠠᠢ ᠪᠠᠨ ᠬᠡᠳᠦ ᠳᠣᠬᠢᠵᠤ ᠥᠭᠬᠦ ᠶᠤᠮ᠃ 
ᠲᠡᠳᠡ ᠪᠣᠯ ᠦᠬᠦᠭᠰᠡᠨ ᠮᠢᠬ᠎ᠠ ᠶ᠋ᠢ ᠯᠡ ᠢᠳᠡᠵᠦ ᠴᠢᠳᠠᠨ᠎ᠠ! ᠶᠠᠮᠠᠷ ᠴᠤ᠌ ᠪᠢᠴᠢᠭ ᠳᠡᠭᠡᠷ᠎ᠡ ᠪᠢᠯᠡ 《ᠬᠠᠢᠶᠧᠨᠠ》 ᠭᠡᠳᠡᠭ ᠨᠢᠭᠡ ᠠᠮᠢᠲᠠᠨ᠂ ᠨᠢᠳᠦ ᠪᠡᠶ᠎ᠡ ᠪᠠᠢᠳᠠᠯ ᠨᠢ ᠦᠵᠡᠰᠢ ᠦᠭᠡᠢ ᠮᠠᠭᠤᠬᠠᠢ᠂ ᠬᠡᠵᠢᠶᠡᠳᠡ ᠦᠬᠦᠭᠰᠡᠨ ᠮᠢᠬ᠎ᠠ ᠢᠳᠡᠳᠡᠭ ᠪᠥᠭᠡᠳ ᠪᠦᠳᠦᠭᠦᠨ ᠪᠦᠳᠦᠭᠦᠨ ᠶᠠᠰᠤ ᠶ᠋ᠢ ᠴᠦ᠍ ᠪᠠᠯᠪᠠ ᠬᠡᠮᠬᠡ ᠵᠠᠵᠢᠯᠤᠭᠠᠳ ᠵᠠᠯᠭᠢᠳᠠᠭ ᠭᠡᠵᠦ ᠪᠢᠴᠢᠭᠰᠡᠨ ᠪᠠᠢᠵᠤ ᠪᠢᠯᠡ᠃ ᠪᠣᠳᠣᠵᠤ ᠦᠵᠡᠪᠡᠯ ᠮᠥᠨ ᠠᠶᠤᠮᠠᠷ ᠰᠠᠨᠠᠭᠳᠠᠬᠤ ᠶᠤᠮ᠃ 《ᠬᠠᠢᠶᠧᠨᠠ》 ᠪᠣᠯ ᠴᠢᠨᠣ᠎ᠠ ᠶ᠋ᠢᠨ ᠰᠠᠳᠤᠨ᠂ ᠴᠢᠨᠣ᠎ᠠ ᠪᠣᠯ ᠨᠣᠬᠠᠢ ᠶ᠋ᠢᠨ ᠲᠥᠷᠥᠯ ᠶᠤᠮ᠃ ᠤᠷᠵᠢᠳᠤᠷ ᠵᠣᠣ ᠣᠪᠣᠭᠲᠠᠨ ᠤ᠋ ᠨᠣᠬᠠᠢ ᠪᠣᠯᠬᠡᠳᠦ ᠬᠠᠷᠠᠵᠤ ᠠᠪᠤᠯ᠎ᠠ᠃ ᠪᠣᠳᠣᠪᠠᠯ ᠲᠡᠷᠡ ᠪᠠᠰᠠ ᠦᠭᠡ ᠨᠢᠭᠡᠲᠡᠢ ᠬᠡᠳᠦᠢᠨ ᠣᠴᠢᠭᠠᠳ ᠠᠭᠤᠯᠵᠠᠵᠤ ᠶᠠᠷᠢᠯᠴᠠᠭᠰᠠᠨ ᠪᠠᠢᠯᠭᠦᠢ᠃ ᠡᠪᠦᠭᠡᠨ ᠦ᠌ ᠨᠢᠳᠦ ᠭᠠᠵᠠᠷ ᠱᠠᠭᠠᠢᠵᠤ ᠪᠠᠢᠭᠰᠠᠨ ᠴᠤ᠌ ᠨᠠᠳᠠ ᠠ᠋ᠴᠠ ᠶᠠᠭᠠᠬᠢᠵᠤ ᠨᠢᠭᠤᠵᠤ ᠴᠢᠳᠠᠬᠤ ᠪᠣᠢ᠃ 
ᠠᠬ᠎ᠠ ᠯᠠ ᠮᠠᠰᠢ ᠬᠥᠭᠡᠷᠦᠬᠦᠢ ᠪᠠᠢᠨ᠎ᠠ᠃ ᠲᠡᠷᠡ ᠪᠠᠰᠠ ᠬᠥᠮᠦᠨ ᠪᠠᠢᠲᠠᠯ᠎ᠠ ᠶᠠᠭᠠᠬᠢᠭᠠᠳ ᠣᠭᠲᠣ ᠠᠶᠤᠵᠤ ᠵᠣᠪᠠᠬᠤ ᠦᠭᠡᠢ ᠪᠡᠷ ᠬᠥᠮᠦᠨ ᠲᠡᠢ ᠨᠡᠢᠯᠡᠵᠦ ᠪᠣᠯ ᠢᠳᠡᠬᠦ ᠨᠢ ᠤᠤ? ᠰᠤᠷᠴᠤ ᠵᠠᠩᠰᠢᠯ ᠪᠣᠯᠴᠢᠬᠠᠭᠠᠳ᠂ ᠪᠤᠷᠤᠭᠤ ᠭᠡᠵᠦ ᠪᠣᠳᠣᠬᠤ ᠦᠭᠡᠢ ᠪᠠᠢᠭ᠎ᠠ ᠶᠤᠮ ᠤᠤ? ᠡᠰᠡᠬᠦᠯ᠎ᠡ ᠬᠥᠮᠦᠨ ᠦ᠌ ᠴᠢᠨᠠᠷ ᠢ᠋ᠶ᠋ᠠᠨ ᠠᠯᠳᠠᠭᠠᠳ᠂ ᠮᠡᠳᠡᠪᠡᠴᠦ ᠵᠣᠷᠢᠭᠤᠳᠠ ᠦᠢᠯᠡᠳᠴᠦ ᠪᠠᠢᠬᠤ ᠨᠢ ᠲᠡᠷᠡ ᠤᠤ? 
ᠪᠢ ᠬᠥᠮᠦᠨ ᠢᠳᠡᠭᠴᠢᠳ ᠢ᠋ ᠵᠦᠬᠡᠨ ᠬᠠᠷᠢᠶᠠᠬᠤ ᠳ᠋ᠠᠭᠠᠨ ᠲᠡᠭᠦᠨ ᠡᠴᠡ ᠡᠬᠢᠯᠡᠨ᠎ᠡ᠃ ᠬᠥᠮᠦᠨ ᠢᠳᠡᠭᠴᠢᠳ ᠢ᠋ ᠢᠳᠬᠠᠬᠤ ᠳ᠋ᠠᠭᠠᠨ ᠴᠤ᠌ ᠲᠡᠭᠦᠨ ᠡᠴᠡ ᠡᠬᠢᠯᠡᠨ᠎ᠡ᠃      

ᠨᠠᠢ᠍ᠮᠠ  
ᠴᠣᠬᠣᠮ ᠳ᠋ᠠᠭᠠᠨ ᠡᠳᠡᠭᠡᠷ ᠶᠣᠰᠣ ᠶ᠋ᠢ ᠣᠳᠣ ᠲᠡᠳᠡ ᠬᠡᠳᠦᠢᠨ ᠣᠢᠯᠠᠭᠠᠭᠰᠠᠨ ᠪᠠᠢᠬᠤ ᠶᠣᠰᠣᠲᠠᠢ᠃ ᠁ 
ᠭᠡᠨᠡᠳᠲᠡ ᠨᠢᠭᠡ ᠬᠥᠮᠦᠨ ᠣᠷᠣᠵᠤ ᠢᠷᠡᠪᠡ᠃ ᠬᠣᠷᠢᠭᠠᠳ ᠨᠠᠰᠤᠨ ᠤ᠋ ᠮᠠᠶᠢᠭᠲᠠᠢ᠂ ᠵᠢᠰᠦ ᠴᠢᠷᠠᠢ ᠶ᠋ᠢ ᠨᠢ ᠲᠣᠳᠣᠷᠬᠠᠢ ᠣᠯᠵᠤ ᠦᠵᠡᠭᠰᠡᠨ ᠦᠭᠡᠢ᠂ ᠴᠢᠷᠠᠢ ᠳᠦᠭᠦᠷᠡᠩ ᠢᠨᠢᠶᠡᠮᠰᠦᠭᠯᠡᠵᠦ ᠮᠢᠨᠦ ᠵᠦᠭ ᠲᠣᠬᠢᠨ᠎ᠠ᠃ ᠢᠨᠢᠶᠡᠳᠦ ᠨᠢ ᠮᠥᠨ ᠦᠨᠡᠨ ᠢᠨᠢᠶᠡᠳᠦ ᠪᠢᠰᠢ ᠶᠠᠩᠵᠤ ᠲᠠᠢ᠃ ᠪᠢ ᠲᠡᠭᠦᠨ ᠡᠴᠡ: 《ᠬᠥᠮᠦᠨ ᠢ᠋ ᠢᠳᠡᠬᠦ ᠨᠢ ᠲᠠᠭᠠᠷᠠᠨ᠎ᠠ ᠤᠤ?》 ᠭᠡᠵᠦ ᠠᠰᠠᠭᠤᠭᠰᠠᠨ ᠳ᠋ᠤ᠌ ᠲᠡᠷᠡ ᠮᠥᠨ ᠢᠨᠢᠶᠡᠮᠰᠦᠭᠯᠡᠵᠦ: 《ᠭᠠᠴᠢᠭ ᠵᠢᠯ ᠪᠢᠰᠢ ᠪᠠᠢᠲᠠᠯ᠎ᠠ ᠶᠠᠭᠤᠨ ᠳ᠋ᠤ᠌ ᠬᠥᠮᠦᠨ ᠢᠳᠡᠬᠦ ᠪᠣᠢ》 ᠭᠡᠪᠡ᠃ ᠡᠨᠡ ᠴᠦ᠍ ᠮᠥᠨ ᠬᠥᠮᠦᠨ ᠢᠳᠡᠬᠦ ᠳᠤᠷᠠᠲᠠᠢ! ᠨᠢᠭᠡ ᠵᠠᠮ ᠤ᠋ᠨ ᠴᠢᠳᠬᠥᠷ ᠪᠠᠢᠨ᠎ᠠ ᠭᠡᠵᠦ ᠪᠢ ᠳᠣᠣᠷ᠎ᠠ ᠪᠠᠨ ᠮᠡᠳᠡᠪᠡ᠃ ᠲᠡᠭᠡᠭᠡᠳ ᠪᠢ ᠵᠠᠭᠤᠨ ᠬᠤᠪᠢ ᠶ᠋ᠢᠨ ᠵᠣᠷᠢᠭ ᠭᠠᠷᠭᠠᠵᠤ ᠵᠣᠷᠢᠭᠤᠳᠠ ᠲᠡᠭᠦᠨ ᠡᠴᠡ: 
《ᠲᠠᠭᠠᠷᠠᠨ᠎ᠠ ᠤᠤ》 ᠭᠡᠵᠦ ᠠᠰᠠᠭᠤᠪᠠ᠃ 
《ᠡᠳᠡᠭᠡᠷ ᠶᠠᠪᠤᠳᠠᠯ ᠢ᠋ ᠠᠰᠠᠭᠤᠭᠠᠳ ᠶᠠᠭᠠᠬᠢᠬᠤ ᠶᠤᠮ ᠪᠣᠢ᠃ ᠴᠢ ᠦᠨᠡᠬᠡᠷ ᠁ ᠶᠡᠬᠡ ᠱᠣᠭ ᠲᠠᠢ ᠬᠥᠮᠦᠨ ᠪᠠᠢᠨ᠎ᠠ᠃ ᠁ ᠥᠨᠥᠳᠥᠷ ᠲᠡᠭᠷᠢ ᠰᠠᠢᠬᠠᠨ ᠪᠠᠢᠨ᠎ᠠ ᠰᠢᠦ᠃ 》 ᠲᠡᠭᠷᠢ ᠴᠦ᠍ ᠰᠠᠢᠬᠠᠨ ᠪᠠᠢᠨ᠎ᠠ᠂ ᠰᠠᠷᠠ ᠪᠠᠰᠠ ᠲᠤᠩᠭᠠᠯᠠᠭ ᠪᠠᠢᠨ᠎ᠠ᠃ 
ᠭᠡᠪᠡᠴᠦ ᠪᠢ ᠴᠢᠮ᠎ᠠ ᠎ᠠ᠋ᠴᠠ ᠠᠰᠠᠭᠤᠶ᠎ᠠ: 
《ᠲᠠᠭᠠᠷᠠᠨ᠎ᠠ ᠤᠤ?》 ᠲᠡᠷᠡ᠂ ᠦᠯᠦ ᠲᠠᠭᠠᠰᠢᠶᠠᠬᠤᠢᠴᠠ 《ᠲᠠᠭᠠᠷᠠᠬᠤ ᠦᠭᠡᠢ ᠁》 ᠭᠡᠵᠦ ᠬᠠᠯᠲᠤ ᠮᠥᠯᠲᠥ ᠳᠤᠤᠭᠠᠷᠪᠠ᠃ 
《ᠲᠠᠭᠠᠷᠠᠬᠤ ᠦᠭᠡᠢ ᠪᠣᠯ ᠲᠡᠳᠡ ᠶᠠᠭᠤᠨ ᠳ᠋ᠤ᠌ ᠢᠳᠡᠭᠡᠳ ᠪᠠᠢᠳᠠᠭ ᠶᠤᠮ ᠪᠣᠢ?》 
《ᠪᠠᠢᠳᠠᠭ ᠦᠭᠡᠢ ᠬᠡᠷᠡᠭ ᠁》 
《ᠪᠠᠢᠳᠠᠭ ᠦᠭᠡᠢ ᠬᠡᠷᠡᠭ ᠠ᠋? ᠣᠳᠣ ᠯᠠᠩ ᠽᠢ ᠼᠦᠨ ᠲᠣᠰᠬᠣᠨ ᠳ᠋ᠤ᠌ ᠢᠳᠡᠵᠦ ᠪᠠᠢᠨ᠎ᠠ᠃ ᠪᠢᠴᠢᠭ ᠲᠦ᠍ ᠪᠠᠰᠠ ᠪᠢᠴᠢᠭᠡᠰᠦᠲᠡᠢ᠂ ᠤᠪ ᠤᠯᠠᠭᠠᠨ ᠰᠢᠪ ᠰᠢᠨᠡᠬᠡᠨ!》 
ᠲᠡᠷᠡ ᠬᠥᠮᠦᠨ ᠳᠣᠣᠷ᠎ᠠ ᠪᠠᠨ ᠴᠢᠷᠠᠢ ᠪᠠᠨ ᠲᠡᠮᠦᠷ ᠮᠡᠲᠦ ᠬᠥᠬᠡᠷᠡᠭᠦᠯᠵᠦ᠂ ᠨᠢᠳᠦ ᠪᠡᠨ ᠪᠦᠯᠲᠡᠢᠯᠭᠡᠨ: 《ᠪᠠᠢᠵᠤ ᠴᠤ᠌ ᠮᠡᠳᠡᠨ᠎ᠡ᠂ ᠤᠤᠯ ᠠ᠋ᠴᠠ ᠡᠢᠮᠦ ᠯᠡ ᠪᠠᠢᠭᠰᠠᠨ ᠁》 ᠭᠡᠪᠡ᠃ 
《ᠤᠤᠯ ᠠ᠋ᠴᠠ ᠡᠢᠮᠦ ᠯᠡ ᠪᠠᠢᠭᠰᠠᠨ ᠨᠢ ᠲᠠᠭᠠᠷᠠᠨ᠎ᠠ ᠤᠤ?》 
《ᠪᠢ ᠴᠢᠮ᠎ᠠ ᠲᠠᠢ ᠡᠳᠡᠭᠡᠷ ᠶᠣᠰᠣ ᠶ᠋ᠢ ᠬᠡᠯᠡᠯᠴᠡᠬᠦ ᠦᠭᠡᠢ᠃ ᠶᠠᠭᠤ ᠴᠤ᠌ ᠭᠡᠰᠡᠨ ᠴᠢ ᠡᠭᠦᠨ ᠢ᠋ ᠬᠡᠯᠡᠬᠦ ᠶᠣᠰᠣ ᠦᠭᠡᠢ᠂ ᠴᠢ ᠬᠡᠯᠡᠪᠡᠯ ᠴᠢᠨᠦ ᠪᠤᠷᠤᠭᠤ ᠪᠣᠯᠤᠨ᠎ᠠ!
  ᠪᠢ ᠭᠣᠰ ᠦᠰᠦᠷᠦᠨ ᠪᠣᠰᠴᠤ ᠨᠢᠳᠦ ᠪᠡᠨ ᠨᠡᠭᠡᠭᠡᠬᠦᠯ᠎ᠡ ᠲᠡᠷᠡ ᠬᠥᠮᠦᠨ ᠠᠯᠠᠭ᠎ᠠ ᠪᠣᠯᠪᠠ᠃ ᠬᠠᠮᠤᠭ ᠪᠡᠶ᠎ᠡ ᠡᠴᠡ ᠮᠢᠨᠢ ᠬᠠᠷ᠎ᠠ ᠬᠥᠯᠥᠰᠥ ᠠᠰᠬᠠᠷᠠᠨ᠎ᠠ᠃ ᠲᠡᠭᠦᠨ ᠦ᠌ ᠨᠠᠰᠤ ᠮᠢᠨᠦ ᠠᠬ᠎ᠠ ᠎ᠠ᠋ᠴᠠ ᠬᠣᠯᠠ ᠪᠠᠭ᠎ᠠ ᠪᠠᠢᠭᠰᠠᠨ ᠴᠤ᠌ ᠮᠥᠨ ᠨᠢᠭᠡ ᠨᠠᠮ ᠠᠵᠢ᠃ ᠡᠭᠦᠨ ᠢ᠋ ᠯᠠᠪ ᠡᠬᠡ ᠡᠴᠢᠭᠡ ᠨᠢ ᠤᠷᠢᠳᠠᠰᠠ ᠵᠢᠭᠠᠵᠤ ᠥᠭᠭᠦᠭᠰᠡᠨ ᠪᠠᠢᠯᠭᠦᠢ᠂ ᠲᠡᠭᠡᠭᠡᠳ ᠲᠡᠷᠡ ᠬᠦᠦ ᠳ᠋ᠡᠭᠡᠨ ᠵᠢᠭᠠᠵᠤ ᠥᠭᠭᠦᠭᠰᠡᠨ ᠪᠢᠵᠡ᠃ ᠢᠩᠭᠢᠬᠦᠯᠡᠷ ᠬᠡᠦᠬᠡᠳ ᠬᠦᠷᠲᠡᠯ᠎ᠡ ᠴᠥᠮ ᠪᠣᠯ ᠬᠣᠣᠷᠲᠠᠢ ᠬᠠᠷᠠᠵᠤ ᠪᠠᠢᠬᠤ ᠨᠢ ᠲᠡᠷᠡ ᠪᠢᠵᠡ᠃  

ᠶᠢᠰᠦ  
ᠥᠪᠡᠷ ᠢ᠋ᠶ᠋ᠡᠨ ᠬᠥᠮᠦᠨ ᠢ᠋ ᠢᠳᠡᠬᠦ ᠭᠡᠨ᠎ᠡ᠃ ᠪᠠᠰᠠ ᠬᠥᠮᠦᠨ ᠳ᠋ᠦ᠍ ᠢᠳᠡᠭᠳᠡᠬᠦ ᠡᠴᠡ ᠪᠡᠨ ᠠᠶᠤᠭᠠᠳ ᠪᠦᠷ ᠯᠡ ᠲᠤᠢᠯ ᠤ᠋ᠨ ᠶᠡᠬᠡ ᠬᠠᠷᠠᠳᠠᠭᠰᠠᠨ ᠨᠢᠳᠦ ᠪᠡᠷ ᠨᠢᠭᠡ ᠨᠢᠭᠡ ᠪᠡᠨ ᠰᠢᠷᠳᠡᠨ᠎ᠡ᠃ ᠁ 
ᠡᠨᠡ ᠪᠣᠳᠣᠯᠭ᠎ᠠ ᠪᠠᠨ ᠬᠠᠶᠠᠭᠠᠳ ᠰᠠᠨᠠᠭ᠎ᠠ ᠠᠮᠤᠷ ᠠᠵᠢᠯᠯᠠᠵᠤ ᠤᠨᠲᠠᠵᠤ ᠢᠳᠡᠵᠦ ᠶᠠᠪᠤᠪᠠᠯ ᠬᠡᠴᠢᠨᠡᠨ ᠠᠶᠠᠲᠠᠢ ᠪᠢᠯᠡ᠃ ᠢᠩᠭᠢᠬᠦ ᠨᠢ ᠬᠠᠲᠠᠪᠴᠢ ᠠᠯᠬᠤᠨ ᠭᠠᠷᠬᠤ ᠶ᠋ᠢᠨ ᠲᠡᠳᠦᠢ ᠨᠢᠭᠡ ᠯᠡ ᠪᠣᠭᠣᠮᠲᠠ ᠶᠤᠮ᠃ ᠭᠡᠲᠡᠯ᠎ᠡ ᠲᠡᠳᠡ ᠠᠪᠤ ᠬᠦᠦ᠂ ᠠᠬ᠎ᠠ ᠳᠡᠭᠦᠦ᠂ ᠡᠷ᠎ᠡ ᠡᠮ᠎ᠡ᠂ ᠠᠨᠳᠠ ᠨᠥᠬᠥᠷ᠂ ᠪᠠᠭᠰᠢ ᠱᠠᠪᠢ᠂ ᠦᠰᠲᠡᠨ ᠳᠠᠢᠰᠤᠨ ᠪᠠ ᠦᠯᠦ ᠲᠠᠨᠢᠯᠴᠠᠬᠤ ᠬᠥᠮᠦᠰ ᠬᠦᠷᠲᠡᠯ᠎ᠡ ᠴᠥᠮ ᠨᠡᠢᠯᠡᠵᠦ ᠨᠢᠭᠡᠳᠦᠭᠡᠳ ᠪᠡᠶ᠎ᠡ ᠪᠡᠶ᠎ᠡ ᠪᠡᠨ ᠬᠣᠷᠢᠵᠤ ᠢᠳᠬᠠᠨ ᠨᠢᠭᠡ ᠨᠢ ᠨᠢᠭᠡ ᠪᠡᠨ ᠲᠠᠲᠠᠯᠴᠠᠨ᠂ ᠡᠨᠡ ᠭᠠᠭᠴᠠᠬᠠᠨ ᠠᠯᠬᠤᠮ ᠢ᠋ ᠦᠬᠦᠪᠡᠴᠦ ᠠᠯᠬᠤᠵᠤ ᠥᠭᠬᠦ ᠦᠭᠡᠢ ᠪᠠᠢᠨ᠎ᠠ᠃
        
ᠠᠷᠪᠠ   
ᠬᠠᠷ᠎ᠠ ᠥᠷᠯᠥᠭᠡᠭᠦᠷ ᠪᠢ ᠠᠬ᠎ᠠ ᠪᠠᠨ ᠡᠷᠢᠵᠦ ᠣᠴᠢᠪᠠ᠃ ᠲᠡᠷᠡ ᠭᠣᠣᠯ ᠭᠡᠷ ᠦ᠋ᠨ ᠡᠭᠦᠳᠡᠨ ᠳᠡᠭᠡᠷ᠎ᠡ ᠪᠡᠨ ᠲᠡᠭᠷᠢ ᠶ᠋ᠢ ᠰᠢᠷᠲᠡᠨ ᠵᠣᠭᠰᠣᠨ᠎ᠠ᠃ ᠪᠢ ᠲᠡᠭᠦᠨ ᠦ᠌ ᠠᠷᠤ ᠳ᠋ᠤ᠌ ᠣᠴᠢᠭᠠᠳ ᠡᠭᠦᠳᠡ ᠶ᠋ᠢ ᠬᠠᠰᠢᠨ ᠵᠣᠭᠰᠣᠵᠤ᠂ ᠶᠡᠬᠡ ᠡᠶᠡᠯᠳᠡᠭ ᠳᠥᠯᠭᠡᠨ ᠢ᠋ᠶ᠋ᠡᠷ:
《ᠠᠬ᠎ᠠ ᠠ᠋᠂ ᠪᠢ ᠴᠢᠮ᠎ᠠ ᠳ᠋ᠤ᠌ ᠬᠡᠯᠡᠬᠦ ᠦᠭᠡ ᠪᠠᠢᠨ᠎ᠠ 》ᠭᠡᠪᠡ᠃ 
《ᠶᠠᠷᠢ ᠯᠠ ᠳᠠ 》 ᠭᠡᠵᠦ ᠲᠡᠷᠡ ᠲᠦᠷᠭᠡᠨ ᠡᠷᠭᠢᠵᠦ ᠬᠠᠷᠠᠭᠠᠳ ᠲᠣᠯᠣᠭᠠᠢ ᠳᠣᠬᠢᠪᠠ᠃ 
《ᠪᠢ ᠬᠡᠳᠦᠬᠡᠨ ᠦᠭᠡ ᠬᠡᠯᠡᠬᠦ ᠭᠡᠰᠡᠨ ᠶᠤᠮ᠂ ᠭᠡᠲᠡᠯ᠎ᠡ ᠠᠮᠠᠨ ᠠ᠋ᠴᠠ ᠭᠠᠷᠴᠤ ᠥᠭᠬᠦ ᠦᠭᠡᠢ ᠪᠠᠢᠨ᠎ᠠ᠃ ᠠᠬ᠎ᠠ ᠠ᠋᠂ ᠤᠷᠢᠳᠤ ᠶ᠋ᠢᠨ ᠵᠡᠷᠯᠢᠭ ᠬᠥᠮᠦᠨ ᠪᠠᠷᠤᠭ ᠴᠥᠮ ᠢ᠋ᠶ᠋ᠡᠷ ᠢ᠋ᠶ᠋ᠡᠨ ᠪᠠᠭ᠎ᠠ ᠰᠠᠭ᠎ᠠ ᠬᠥᠮᠦᠨ ᠢᠳᠡᠳᠡᠭ ᠪᠠᠢᠭᠰᠠᠨ ᠪᠢᠵᠡ᠃ ᠰᠡᠭᠦᠯᠳᠡᠵᠦ ᠢᠷᠡᠭᠡᠳ ᠪᠣᠳᠣᠯᠭ᠎ᠠ ᠰᠠᠨᠠᠭ᠎ᠠ ᠨᠢ ᠣᠨᠳᠣᠣ ᠪᠣᠯᠤᠭᠰᠠᠨ ᠤᠴᠢᠷ ᠠ᠋ᠴᠠ ᠵᠠᠷᠢᠮ ᠨᠢ ᠬᠥᠮᠦᠨ ᠢᠳᠡᠬᠦ ᠪᠡᠨ ᠪᠠᠢᠵᠤ᠂ ᠰᠠᠢᠨ ᠢ᠋ ᠰᠠᠨᠠᠭᠰᠠᠭᠠᠷ ᠬᠥᠮᠦᠨ ᠪᠣᠯᠵᠤ᠂ ᠵᠢᠩᠬᠢᠨᠢ ᠬᠥᠮᠦᠨ ᠪᠣᠯᠵᠠᠢ᠃ ᠵᠠᠷᠢᠮ ᠨᠢ ᠮᠥᠨ ᠬᠣᠷᠣᠬᠠᠢ ᠰᠢᠪᠡᠵᠢ ᠰᠢᠭ᠋ ᠢᠳᠡᠭᠰᠡᠭᠡᠷ ᠪᠠᠢᠨ᠎ᠠ᠃ ᠵᠠᠷᠢᠮ ᠨᠢ ᠵᠢᠭᠠᠰᠤ᠂ ᠰᠢᠪᠠᠭᠤ᠂ ᠰᠠᠷᠮᠠᠭᠴᠢᠨ ᠪᠣᠯᠤᠭᠰᠠᠭᠠᠷ ᠤᠯᠠᠮ ᠢ᠋ᠶ᠋ᠠᠷ ᠬᠥᠮᠦᠨ ᠪᠣᠯᠵᠤ ᠬᠤᠪᠢᠷᠠᠪᠠ᠃ ᠵᠠᠷᠢᠮ ᠨᠢ ᠰᠠᠢᠨ ᠢ᠋ ᠬᠦᠰᠡᠬᠦ ᠦᠭᠡᠢ᠂ ᠣᠳᠣ ᠪᠣᠯᠲᠠᠯ᠎ᠠ ᠬᠣᠷᠣᠬᠠᠢ ᠰᠢᠪᠡᠵᠢ ᠬᠡᠪ ᠢ᠋ᠶ᠋ᠡᠷ ᠪᠠᠢᠨ᠎ᠠ᠃ ᠬᠥᠮᠦᠨ ᠢᠳᠡᠳᠡᠭ ᠨᠢ ᠬᠥᠮᠦᠨ ᠢᠳᠡᠳᠡᠭ ᠦᠭᠡᠢ ᠪᠡᠨ ᠪᠣᠳᠣᠪᠠᠯ ᠶᠠᠭᠤᠲᠠᠢ ᠢᠴᠢᠭᠦᠷᠢᠲᠡᠢ ᠠᠵᠢ᠃ ᠯᠠᠪ ᠬᠣᠷᠣᠬᠠᠢ ᠰᠢᠪᠡᠵᠢ᠂ ᠰᠠᠷᠮᠠᠭᠴᠢᠨ ᠠ᠋ᠴᠠ ᠢᠴᠡᠩᠭᠦᠷᠡᠬᠦ ᠡᠴᠡ ᠬᠣᠯᠠ ᠴᠠᠰᠢ ᠪᠠᠢᠬᠤ ᠠ᠋᠃ 
ᠢ ᠶᠠ ᠬᠦᠦ ᠪᠡᠨ ᠵᠢᠩᠨᠡᠵᠦ᠂ ᠵᠢᠶᠧ ᠵᠧᠦ ᠬᠣᠶᠠᠷ ᠬᠠᠭᠠᠨ ᠳ᠋ᠤ᠌ ᠢᠳᠡᠭᠦᠯᠦᠭᠰᠡᠨ ᠶᠠᠪᠤᠳᠠᠯ ᠪᠣᠯ ᠪᠦᠷ ᠳᠡᠭᠡᠷ᠎ᠡ ᠦᠶ᠎ᠡ ᠶ᠋ᠢᠨ ᠬᠡᠷᠡᠭ ᠰᠢᠦ ᠲᠠ᠃ ᠫᠠᠨ ᠭᠦ᠋ ᠭᠠᠵᠠᠷ ᠳᠡᠯᠡᠬᠡᠢ ᠶ᠋ᠢ ᠲᠣᠭᠲᠠᠭᠠᠭᠰᠠᠨ ᠠ᠋ᠴᠠ ᠨᠡᠰᠢ᠂  ᠢ ᠶᠠ ᠶ᠋ᠢᠨ ᠬᠦᠦ ᠬᠦᠷᠴᠦ ᠢᠷᠡᠲᠡᠯ᠎ᠡ᠂ ᠢ ᠶᠠ ᠶ᠋ᠢᠨ ᠬᠦᠦ ᠡᠴᠡ ᠰᠢᠦᠢ ᠰᠢ ᠯᠢᠨ ᠬᠦᠷᠴᠦ ᠢᠷᠡᠲᠡᠯ᠎ᠡ᠂ ᠰᠢᠦᠢ ᠰᠢ ᠯᠢᠨ ᠡᠴᠡ ᠪᠠᠰᠠ ᠯᠠᠩ ᠽᠢ ᠼᠦᠨ ᠲᠣᠰᠬᠣᠨ ᠳ᠋ᠤ᠌ ᠪᠠᠷᠢᠭᠳᠠᠭᠰᠠᠨ ᠬᠥᠮᠦᠨ ᠬᠦᠷᠴᠦ ᠢᠷᠡᠲᠡᠯ᠎ᠡ ᠢᠳᠡᠭᠳᠡᠭᠰᠡᠭᠡᠷ ᠢᠷᠡᠭᠰᠡᠨ ᠢ᠋ ᠬᠡᠨ ᠮᠡᠳᠡᠬᠦ ᠪᠣᠢ᠃ ᠨᠢᠳᠤᠨᠤᠨ ᠬᠣᠲᠠ ᠳ᠋ᠤ᠌ ᠨᠢᠭᠡ ᠶᠠᠯᠠᠲᠠᠨ ᠢ᠋ ᠴᠠᠭᠠᠵᠠ ᠪᠠᠷ ᠠᠪᠠᠴᠢᠭᠰᠠᠨ ᠳ᠋ᠤ᠌᠂ ᠪᠠᠰᠠ ᠨᠢᠭᠡ ᠠᠭᠤᠰᠬᠢᠨ ᠤ᠋ ᠡᠪᠡᠳᠴᠢᠨ ᠲᠡᠢ ᠬᠥᠮᠦᠨ ᠲᠡᠭᠦᠨ ᠦ᠌ ᠴᠢᠰᠤᠨ ᠳ᠋ᠤ᠌ ᠮᠠᠨᠲᠠᠤ ᠲᠥᠷᠥᠵᠦ ᠢᠳᠡᠭᠰᠡᠨ ᠶᠤᠮ᠃
《ᠲᠡᠳᠡ ᠨᠠᠮ᠎ᠠ ᠶ᠋ᠢ ᠢᠳᠡᠬᠦ ᠭᠡᠵᠦ ᠪᠠᠢᠬᠤ ᠳ᠋ᠤ᠌ ᠭᠠᠭᠴᠠᠬᠠᠨ ᠴᠢ ᠴᠣᠬᠣᠮ ᠶᠠᠮᠠᠷ ᠠᠷᠭ᠎ᠠ ᠪᠠᠢᠬᠤ ᠪᠣᠢ᠂ ᠭᠡᠲᠡᠯ᠎ᠡ ᠲᠡᠷᠡ ᠪᠦᠯᠦᠭ ᠲᠦ᠍ ᠣᠴᠢᠵᠤ ᠣᠷᠣᠳᠠᠭ ᠴᠢᠨᠢ ᠶᠠᠭᠤᠨ ᠪᠢᠯᠡ? ᠬᠥᠮᠦᠨ ᠢᠳᠡᠳᠡᠭ ᠬᠥᠮᠦᠰ ᠶᠠᠭᠤ ᠡᠰᠡ ᠦᠢᠯᠡᠳᠬᠦ ᠪᠢᠯᠡ᠃ ᠲᠡᠳᠡ ᠨᠠᠮ᠎ᠠ ᠶ᠋ᠢ ᠢᠳᠡᠬᠦ ᠪᠡᠷ ᠪᠠᠷᠠᠬᠤ ᠦᠭᠡᠢ᠂ ᠴᠢᠮᠠᠶ᠋ᠢ ᠪᠠᠰᠠ ᠢᠳᠡᠨ᠎ᠡ᠂ ᠪᠦᠯᠦᠭ ᠳᠣᠲᠣᠷ᠎ᠠ ᠪᠠᠨ ᠨᠢᠭᠡ ᠨᠢᠭᠡ ᠪᠡᠨ ᠬᠦᠷᠲᠡᠯ᠎ᠡ ᠪᠠᠷᠢᠵᠤ ᠢᠳᠡᠬᠦ ᠶᠤᠮ᠃ ᠭᠡᠲᠡᠯ᠎ᠡ ᠬᠡᠷᠪᠡ ᠨᠢᠭᠡᠯᠬᠡᠨ ᠠᠯᠬᠤᠮ ᠡᠷᠭᠢᠵᠦ᠂ ᠳᠣᠣᠷ᠎ᠠ ᠪᠠᠨ ᠬᠠᠯᠠᠵᠤ ᠵᠠᠰᠠᠷᠠᠬᠤ ᠶᠤᠮ ᠪᠣᠯ ᠬᠥᠮᠦᠨ ᠪᠦᠬᠦᠨ ᠠᠮᠤᠷ ᠲᠠᠢᠪᠤᠩ ᠠᠮᠢᠳᠤᠷᠠᠬᠤ ᠪᠣᠯᠤᠨ᠎ᠠ᠃ ᠬᠡᠳᠦᠢᠪᠡᠷ ᠤᠤᠯ ᠠ᠋ᠴᠠ ᠡᠢᠮᠦ ᠪᠠᠢᠭᠰᠠᠨ ᠪᠣᠯᠪᠠᠴᠤ ᠥᠨᠥᠳᠥᠷ ᠪᠢᠳᠡ ᠣᠨᠴᠠ ᠰᠠᠢᠨ ᠪᠠᠢᠵᠤ ᠪᠣᠯᠬᠤ ᠶ᠋ᠢ ᠴᠢᠳᠠᠬᠤ ᠦᠭᠡᠢ ᠯᠡ ᠭᠡᠬᠦ ᠶᠤᠮ! ᠠᠬ᠎ᠠ ᠴᠢᠮᠠᠶ᠋ᠢ ᠯᠠᠪ ᠢᠩᠭᠢᠵᠦ ᠬᠡᠯᠡᠨ᠎ᠡ ᠭᠡᠵᠦ ᠪᠢ ᠢᠲᠡᠭᠡᠵᠦ ᠪᠠᠢᠨ᠎ᠠ᠃ ᠤᠷᠢᠳ ᠡᠳᠦᠷ ᠲᠦᠷᠢᠶᠡᠰᠦᠨ ᠲᠠᠷᠢᠶᠠᠴᠢᠨ ᠢᠷᠡᠵᠦ ᠲᠦᠷᠢᠶᠡᠰᠦ ᠶ᠋ᠢ ᠬᠥᠩᠭᠡᠯᠡ ᠭᠡᠰᠡᠨ ᠳ᠋ᠦ᠍ ᠴᠢ ᠴᠢᠳᠠᠬᠤ ᠦᠭᠡᠢ ᠭᠡᠰᠡᠨ ᠪᠢᠰᠢ ᠤᠤ?》
ᠲᠡᠷᠡ ᠡᠬᠢᠯᠡᠭᠡᠳ ᠬᠦᠢᠲᠡᠨ ᠢ᠋ᠶ᠋ᠡᠷ ᠢᠨᠢᠶᠡᠵᠦ ᠯᠡ ᠪᠠᠢᠭᠰᠠᠨ᠂ ᠰᠡᠭᠦᠯᠳᠡᠵᠦ ᠢᠷᠡᠭᠡᠳ ᠨᠢᠳᠦᠨ ᠦ᠌ ᠬᠢᠨᠢ ᠬᠠᠷᠠᠴᠠ ᠠᠢᠬᠤᠪᠲᠤᠷ ᠮᠠᠭᠤᠬᠠᠢ ᠪᠣᠯᠵᠤ ᠢᠷᠡᠭᠰᠡᠨ ᠪᠥᠭᠡᠳ ᠳᠣᠲᠣᠭᠠᠳᠤ ᠨᠢᠭᠤᠴᠠ ᠶ᠋ᠢ ᠨᠢ ᠢᠯᠡᠷᠡᠭᠦᠯᠦᠭᠰᠡᠨ ᠡᠴᠡ ᠥᠩᠭᠡ ᠵᠢᠰᠦ ᠨᠢ ᠪᠦᠷ ᠵᠢᠪᠡᠷᠡᠵᠦ ᠬᠠᠷᠠᠯᠠᠪᠠ᠃ ᠬᠠᠭᠠᠯᠭᠠᠨ ᠤ᠋ ᠭᠠᠳᠠᠨ᠎ᠠ ᠣᠯᠠᠨ ᠬᠥᠮᠦᠨ ᠢᠷᠡᠵᠦ ᠵᠣᠭᠰᠣᠭᠰᠠᠨ ᠤ᠋ ᠳᠣᠲᠣᠷ᠎ᠠ᠂ ᠵᠣᠣ ᠡᠷᠬᠢᠮ ᠨᠣᠬᠠᠢ ᠲᠠᠢ ᠪᠠᠨ ᠬᠠᠮᠲᠤ ᠪᠠᠢᠯᠴᠠᠨ᠎ᠠ᠃ ᠲᠡᠭᠡᠭᠡᠳ ᠱᠠᠭᠠᠢᠵᠤ ᠴᠢᠩᠨᠠᠭᠰᠠᠭᠠᠷ ᠰᠢᠬᠠᠯᠴᠠᠨ ᠣᠷᠣᠵᠤ ᠢᠷᠡᠪᠡ᠃ ᠵᠠᠷᠢᠮ ᠨᠢ ᠮᠥᠨ ᠬᠦᠢᠲᠡᠨ ᠬᠥᠬᠡ ᠴᠢᠷᠠᠢᠯᠠᠵᠤ ᠠᠮᠠ ᠳᠠᠷᠪᠠᠢᠨ ᠢᠨᠢᠶᠡᠨ᠎ᠡ᠃ ᠡᠳᠡ ᠪᠣᠯ ᠴᠥᠮ ᠬᠥᠮᠦᠨ ᠢᠳᠡᠳᠡᠭ ᠨᠢᠭᠡ ᠨᠠᠮ ᠤ᠋ᠨ ᠠᠮᠢᠲᠠᠨ ᠭᠡᠵᠦ ᠪᠢ ᠮᠡᠳᠡᠪᠡ᠃ ᠭᠡᠲᠡᠯ᠎ᠡ ᠲᠡᠳᠡᠨ ᠦ᠌ ᠪᠣᠳᠣᠯᠭ᠎ᠠ ᠰᠠᠨᠠᠭ᠎ᠠ ᠨᠢ ᠠᠩᠭᠢᠳᠠ ᠥᠭᠡᠷ᠎ᠡ ᠪᠠᠢᠬᠤ ᠶ᠋ᠢ ᠪᠢ ᠪᠠᠰᠠ ᠮᠡᠳᠡᠯ᠎ᠡ᠃ ᠨᠢᠭᠡ ᠪᠦᠯᠦᠭ ᠨᠢ ᠶᠡᠷᠦ ᠡᠴᠡ ᠡᠢᠮᠦ ᠯᠡ ᠪᠠᠢᠭᠰᠠᠨ᠂ ᠢᠳᠡᠬᠦ ᠯᠡ ᠶᠣᠰᠣᠲᠠᠢ ᠭᠡᠵᠦ ᠰᠠᠨᠠᠨ᠎ᠠ᠃ ᠨᠥᠭᠦᠭᠡ ᠪᠦᠯᠦᠭ ᠨᠢ ᠢᠳᠡᠬᠦ ᠶᠣᠰᠣ ᠦᠭᠡᠢ ᠭᠡᠭᠴᠢ ᠶ᠋ᠢ ᠮᠡᠳᠡᠬᠦ ᠪᠣᠯᠪᠠᠴᠤ ᠮᠥᠨ ᠢᠳᠡᠬᠦ ᠶ᠋ᠢ ᠬᠦᠰᠡᠬᠦ ᠪᠥᠭᠡᠳ ᠪᠠᠰᠠ ᠪᠤᠰᠤᠳ ᠲᠤ᠌ ᠮᠡᠳᠡᠭᠳᠡᠬᠦ ᠡᠴᠡ ᠪᠡᠨ ᠠᠶᠤᠨ᠎ᠠ᠃ ᠲᠡᠢᠨ ᠬᠦ᠌ ᠮᠢᠨᠦ ᠦᠭᠡ ᠶ᠋ᠢ ᠰᠣᠨᠣᠰᠤᠭᠠᠳ ᠨᠡᠩ ᠶᠡᠬᠡ ᠠᠭᠤᠷᠯᠠᠬᠤ ᠪᠣᠯᠪᠠᠴᠤ ᠠᠮᠠ ᠪᠠᠨ ᠠᠩᠭᠠᠢᠵᠤ ᠬᠦᠢᠲᠡᠨ ᠢ᠋ᠶ᠋ᠡᠷ ᠢᠨᠢᠶᠡᠨ᠎ᠡ᠃ 
ᠢᠩᠭᠢᠲᠡᠯ᠎ᠡ ᠠᠬ᠎ᠠ ᠪᠠᠰᠠ ᠭᠡᠨᠡᠳᠲᠡ ᠬᠡᠷᠴᠡᠭᠡᠢ ᠴᠢᠷᠠᠢᠯᠠᠵᠤ ᠶᠡᠬᠡ ᠳᠠᠭᠤᠨ ᠢ᠋ᠶ᠋ᠠᠷ:《ᠭᠠᠷᠴᠠᠭ᠎ᠠ! ᠭᠠᠯᠵᠠᠭᠤ ᠠᠮᠢᠲᠠᠨ ᠤ᠋ ᠶᠠᠭᠤ ᠶ᠋ᠢ ᠨᠢ ᠦᠵᠡᠨ᠎ᠡ ᠪᠣᠢ!》ᠭᠡᠵᠦ ᠵᠠᠩᠳᠤᠷᠪᠠ᠃ ᠡᠨᠡ ᠦᠶ᠎ᠡ ᠳ᠋ᠦ᠍ ᠪᠢ ᠲᠡᠳᠡᠨ ᠦ᠌ ᠪᠠᠰᠠ ᠨᠢᠭᠡ ᠵᠠᠯᠢᠬᠠᠢ ᠮᠡᠬᠡ ᠶ᠋ᠢ ᠣᠯᠵᠤ ᠮᠡᠳᠡᠯ᠎ᠡ᠃ ᠲᠡᠳᠡ ᠬᠠᠯᠠᠵᠤ ᠵᠠᠰᠠᠷᠠᠬᠤ ᠶ᠋ᠢ ᠬᠦᠰᠡᠬᠦ ᠦᠭᠡᠢ ᠮᠥᠷᠲᠡᠭᠡᠨ ᠬᠠᠷᠢᠨ ᠨᠠᠳᠠ ᠭᠠᠯᠵᠠᠭᠤ ᠨᠡᠷ᠎ᠡ ᠵᠡᠭᠦᠯᠭᠡᠬᠦ ᠪᠡᠷ ᠬᠡᠳᠦᠢᠨ ᠪᠡᠯᠡᠳᠦᠭᠰᠡᠨ ᠪᠠᠢᠵᠠᠢ᠃ ᠢᠩᠭᠢᠪᠡᠯ ᠬᠣᠵᠢᠮ ᠪᠠᠷᠢᠵᠤ ᠢᠳᠡᠭᠰᠡᠨ ᠴᠦ᠍ ᠬᠡᠷᠡᠭ ᠭᠠᠷᠬᠤ ᠦᠭᠡᠢ ᠪᠠᠰᠠ ᠲᠠᠯ᠎ᠠ ᠣᠯᠵᠤ ᠮᠡᠳᠡᠬᠦ ᠶᠤᠮ᠃ ᠠᠢᠯ ᠣᠯᠠᠨ ᠢ᠋ᠶ᠋ᠠᠷ ᠨᠢᠭᠡᠨ ᠮᠠᠭᠤ ᠬᠥᠮᠦᠨ ᠪᠠᠷᠢᠵᠤ ᠢᠳᠡᠯ᠎ᠡ ᠭᠡᠵᠦ ᠲᠦᠷᠢᠶᠡᠰᠦᠨ ᠲᠠᠷᠢᠶᠠᠴᠢᠨ ᠬᠡᠯᠡᠭᠰᠡᠨ ᠨᠢ ᠶᠠᠭ ᠯᠠ ᠡᠨᠡ ᠠᠷᠭ᠎ᠠ ᠶᠤᠮ ᠰᠢᠦ᠃ ᠡᠨᠡ ᠪᠣᠯ ᠲᠡᠳᠡᠨ ᠦ᠌ ᠰᠤᠷᠮᠠᠭᠠᠢ ᠠᠷᠭ᠎ᠠ ᠶᠤᠮ! ᠴᠧᠨ ᠯᠤᠤ ᠦ᠋ ᠪᠠᠰᠠ ᠠᠭᠤᠷᠲᠠᠢ ᠰᠢᠭᠤᠳ ᠣᠷᠣᠵᠤ ᠢᠷᠡᠪᠡ᠃ ᠮᠢᠨᠦ ᠠᠮᠠ ᠶ᠋ᠢ ᠲᠠᠭᠯᠠᠵᠤ ᠴᠢᠳᠠᠬᠤ ᠪᠣᠢ᠂ ᠪᠢ ᠵᠣᠷᠢᠭᠤᠳᠠ ᠲᠡᠳᠡᠨ ᠦ᠌ ᠵᠦᠭ: 
《ᠲᠠ ᠨᠠᠷ ᠵᠠᠰᠠᠷᠠᠵᠤ ᠦᠵᠡ᠂ ᠦᠨᠡᠨ ᠰᠡᠳᠬᠢᠯ ᠡᠴᠡᠭᠡᠨ ᠵᠠᠰᠠᠷᠠᠬᠤ ᠬᠡᠷᠡᠭᠲᠡᠢ! ᠬᠣᠵᠢᠮ ᠳᠡᠯᠡᠬᠡᠢ ᠳᠡᠭᠡᠷ᠎ᠡ ᠬᠥᠮᠦᠨ ᠢᠳᠡᠳᠡᠭ ᠬᠥᠮᠦᠨ ᠪᠠᠢᠯᠭᠠᠬᠤ ᠦᠭᠡᠢ ᠭᠡᠭᠴᠢ ᠶ᠋ᠢ ᠮᠡᠳᠡᠬᠦ ᠬᠡᠷᠡᠭᠲᠡᠢ᠃
《ᠲᠠ ᠨᠠᠷ ᠵᠠᠰᠠᠷᠠᠬᠤ ᠦᠭᠡᠢ ᠴᠦ᠍ ᠭᠡᠰᠡᠨ ᠨᠢᠭᠡ ᠨᠢ ᠨᠢᠭᠡ ᠪᠡᠨ ᠢᠳᠡᠵᠦ ᠳᠠᠭᠤᠰᠤᠨ᠎ᠠ᠂ ᠴᠢᠨᠣ᠎ᠠ ᠠᠩᠴᠢᠨ ᠳ᠋ᠤ᠌ ᠠᠯᠠᠭᠳᠠᠵᠤ ᠳᠠᠭᠤᠰᠬᠤ ᠲᠠᠢ ᠠᠳᠠᠯᠢ! ᠬᠣᠷᠣᠬᠠᠢ ᠲᠠᠢ ᠠᠳᠠᠯᠢ᠂ ᠵᠢᠩᠬᠢᠨᠢ ᠬᠥᠮᠦᠨ ᠳ᠋ᠦ᠍ ᠤᠰᠠᠳᠬᠠᠭᠳᠠᠨ᠎ᠠ!》 ᠭᠡᠪᠡ᠃ 
ᠲᠡᠳᠡ ᠴᠥᠮ ᠴᠧᠨ ᠯᠤᠤ ᠦ᠋ ᠳ᠋ᠦ᠍ ᠬᠥᠭᠡᠭᠡᠭᠳᠡᠵᠦ ᠶᠠᠪᠤᠪᠠ᠃ ᠠᠬ᠎ᠠ ᠴᠤ᠌ ᠦᠵᠡᠭᠳᠡᠬᠦ ᠦᠭᠡᠢ ᠪᠣᠯᠪᠠ᠃ ᠴᠧᠨ ᠯᠤᠤ ᠦ᠋ ᠨᠠᠮ᠎ᠠ ᠶ᠋ᠢ ᠭᠡᠷ ᠲᠦ᠍ ᠱᠠᠯᠠᠵᠤ ᠣᠷᠣᠭᠤᠯᠪᠠ᠃ ᠭᠡᠷ ᠳᠣᠲᠣᠷ᠎ᠠ ᠫᠠᠳ ᠬᠠᠷᠠᠩᠭᠤᠢ᠂ ᠪᠠᠢᠰᠢᠩ ᠤ᠋ᠨ ᠨᠢᠷᠤᠭᠤ ᠪᠠ ᠣᠨᠢ ᠴᠥᠮ ᠲᠣᠯᠣᠭᠠᠢ ᠳᠡᠭᠡᠷ᠎ᠡ ᠴᠡᠴᠡᠷᠡᠨ᠎ᠡ᠃ ᠲᠦᠷ ᠴᠡᠴᠡᠷᠡᠵᠦ ᠪᠠᠢᠭᠰᠠᠨ ᠢ᠋ᠶ᠋ᠠᠨ ᠪᠦᠳᠦᠭᠦᠷᠡᠭᠰᠡᠭᠡᠷ ᠮᠢᠨᠦ ᠳᠡᠭᠡᠷ᠎ᠡ ᠢᠷᠡᠵᠦ ᠣᠪᠣᠭᠠᠷᠠᠪᠠ᠃ ᠪᠡᠶ᠎ᠡ ᠬᠥᠳᠡᠯᠬᠦ ᠶ᠋ᠢᠨ ᠠᠷᠭ᠎ᠠ ᠦᠭᠡᠢ ᠠᠰᠤᠷᠤ ᠬᠦᠨᠳᠦ ᠪᠠᠢᠪᠠ᠃ ᠨᠠᠮ᠎ᠠ ᠶ᠋ᠢ ᠳᠠᠷᠤᠵᠤ ᠠᠯᠠᠬᠤ ᠭᠡᠵᠦ ᠪᠠᠢᠭ᠎ᠠ ᠪᠣᠯᠤᠯᠲᠠᠢ᠃ ᠡᠨᠡ ᠬᠦᠨᠳᠦ ᠨᠢ ᠬᠤᠳᠠᠯ ᠭᠡᠵᠦ ᠪᠢ ᠮᠡᠳᠡᠭᠡᠳ ᠲᠡᠯᠴᠢᠯᠡᠭᠰᠡᠭᠡᠷ ᠭᠠᠷᠴᠤ ᠢᠷᠡᠪᠡ᠃ ᠪᠡᠶ᠎ᠡ ᠳᠦᠭᠦᠷᠡᠩ ᠬᠥᠯᠥᠰᠥ ᠭᠠᠷᠴᠠᠢ᠃ ᠭᠡᠪᠡᠴᠦ ᠪᠢ ᠵᠣᠷᠢᠭᠤᠳᠠ:《ᠲᠠ ᠨᠠᠷ ᠲᠦᠷᠭᠡᠬᠡᠨ ᠵᠠᠰᠠᠷᠠᠵᠤ ᠦᠵᠡ᠂ ᠦᠨᠡᠨ ᠰᠡᠳᠬᠢᠯ ᠡᠴᠡ ᠪᠡᠨ ᠵᠠᠰᠠᠷᠠᠬᠤ ᠬᠡᠷᠡᠭᠲᠡᠢ! ᠬᠣᠵᠢᠮ ᠳᠡᠯᠡᠬᠡᠢ ᠳᠡᠭᠡᠷ᠎ᠡ ᠬᠥᠮᠦᠨ ᠢᠳᠡᠳᠡᠭ ᠬᠥᠮᠦᠨ ᠪᠠᠢᠯᠭᠠᠬᠤ ᠦᠭᠡᠢ ᠭᠡᠭᠴᠢ ᠶ᠋ᠢ ᠮᠡᠳᠡᠬᠦ ᠬᠡᠷᠡᠭᠲᠡᠢ ᠁》 ᠭᠡᠪᠡ᠃       

ᠠᠷᠪᠠᠨ ᠨᠢᠭᠡ 
ᠨᠠᠷᠠ ᠴᠦ᠍ ᠭᠠᠷᠬᠤ ᠦᠭᠡᠢ᠂ ᠡᠭᠦᠳᠡ ᠴᠦ᠍ ᠨᠡᠭᠡᠭᠡᠭᠳᠡᠬᠦ ᠦᠭᠡᠢ᠂ ᠡᠳᠦᠷ ᠲᠣᠷ ᠬᠣᠶᠠᠷ ᠴᠠᠭ ᠤ᠋ᠨ ᠬᠣᠭᠣᠯᠠ᠃ 
ᠪᠢ ᠰᠠᠪᠬ᠎ᠠ ᠪᠠᠷᠢᠮᠠᠭᠴᠠ ᠠᠬ᠎ᠠ ᠪᠠᠨ ᠰᠠᠨᠠᠪᠠ᠃ ᠥᠬᠢᠨ ᠳᠡᠭᠦᠦ ᠶ᠋ᠢᠨ ᠮᠢᠨᠢ ᠦᠬᠦᠭᠰᠡᠨ ᠰᠢᠯᠲᠠᠭᠠᠨ ᠮᠥᠨ ᠴᠦ᠍ ᠲᠡᠭᠦᠨ ᠳ᠋ᠦ᠍ ᠪᠠᠢᠭ᠎ᠠ ᠭᠡᠭᠴᠢ ᠶ᠋ᠢ ᠪᠢ ᠮᠡᠳᠡᠨ᠎ᠡ᠃ ᠲᠡᠷᠡ ᠦᠶ᠎ᠡ ᠳ᠋ᠦ᠍ ᠥᠬᠢᠨ ᠳᠡᠭᠦᠦ ᠮᠢᠨᠢ ᠲᠠᠪᠤᠬᠠᠨ ᠨᠠᠰᠤᠲᠠᠢ ᠪᠠᠢᠵᠤ ᠪᠢᠯᠡ᠂ ᠬᠣᠩᠭᠣᠷ ᠬᠥᠭᠡᠷᠦᠬᠦᠨ ᠪᠠᠢᠳᠠᠯ ᠨᠢ ᠣᠳᠣ ᠴᠤ᠌ ᠨᠢᠳᠦᠨ ᠳ᠋ᠦ᠍ ᠬᠡᠪ ᠢ᠋ᠶ᠋ᠡᠷ ᠢ᠋ᠶ᠋ᠡᠨ ᠬᠠᠷᠠᠭᠳᠠᠭᠰᠠᠭᠠᠷ᠃ ᠡᠵᠢ ᠮᠢᠨᠢ ᠤᠬᠢᠯᠠᠭᠠᠳ ᠪᠣᠯᠬᠤ ᠦᠭᠡᠢ ᠪᠠᠢᠬᠤ ᠦᠭᠡᠢ ᠪᠠᠢᠬᠤ ᠳ᠋ᠤ᠌ ᠠᠬ᠎ᠠ ᠬᠠᠷᠢᠨ ᠡᠵᠢ ᠶ᠋ᠢᠨ ᠤᠬᠢᠯᠠᠬᠤ ᠶ᠋ᠢ ᠬᠣᠷᠢᠨ᠎ᠠ᠃ ᠥᠪᠡᠷ ᠢ᠋ᠶ᠋ᠡᠨ ᠪᠠᠷᠢᠭᠠᠳ ᠢᠳᠡᠴᠢᠬᠡᠭᠰᠡᠨ ᠲᠤᠯᠠ ᠤᠬᠢᠯᠠᠬᠤᠯᠠᠷ ᠳᠣᠲᠣᠷ᠎ᠠ ᠨᠢ ᠡᠪ ᠦᠭᠡᠢ ᠪᠠᠢᠭᠰᠠᠨ ᠪᠣᠯᠤᠯᠲᠠᠢ᠂ ᠬᠡᠷᠪᠡ ᠪᠠᠰᠠ ᠡᠪ ᠦᠭᠡᠢᠳᠡᠳᠡᠭ ᠪᠠᠢᠭᠰᠠᠨ ᠪᠣᠯ ᠁ 
ᠥᠬᠢᠨ ᠳᠡᠭᠦᠦ ᠮᠢᠨᠢ ᠠᠬ᠎ᠠ ᠳ᠋ᠤ᠌ ᠢᠳᠡᠭᠳᠡᠵᠡᠢ᠃ ᠡᠵᠢ ᠮᠡᠳᠡᠭᠰᠡᠨ ᠡᠰᠡᠬᠦ ᠶ᠋ᠢ ᠪᠢ ᠬᠠᠷᠢᠨ ᠮᠡᠳᠡᠬᠦ ᠦᠭᠡᠢ᠃ ᠪᠣᠳᠣᠪᠠᠯ ᠡᠵᠢ ᠪᠠᠰᠠ ᠮᠡᠳᠡᠬᠦ ᠪᠠᠢᠯᠭᠦᠢ᠂ ᠭᠡᠪᠡᠴᠦ ᠤᠬᠢᠯᠠᠵᠤ ᠭᠠᠰᠠᠯᠬᠤ ᠳ᠋ᠠᠭᠠᠨ ᠶᠠᠭᠤᠮ᠎ᠠ ᠶᠠᠷᠢᠬᠤ ᠦᠭᠡᠢ ᠪᠠᠢᠭᠰᠠᠨ ᠠ᠋ᠴᠠ ᠦᠵᠡᠪᠡᠯ ᠪᠠᠰᠠ ᠵᠦᠢᠲᠡᠢ ᠭᠡᠵᠦ ᠪᠣᠳᠣᠭᠰᠠᠨ ᠴᠤ᠌ ᠪᠠᠢᠵᠤ ᠮᠡᠳᠡᠨ᠎ᠡ᠃ ᠨᠠᠮ᠎ᠠ ᠶ᠋ᠢ ᠳᠥᠷᠪᠡ ᠲᠠᠪᠤᠨ ᠨᠠᠰᠤᠲᠠᠢ ᠪᠠᠢᠬᠤ ᠳ᠋ᠤ᠌ ᠪᠢᠯᠡ᠂ ᠪᠠᠢᠰᠢᠩ ᠤ᠋ᠨ ᠡᠮᠦᠨ᠎ᠡ ᠰᠡᠷᠢᠭᠦᠴᠡᠨ ᠰᠠᠭᠤᠲᠠᠯ᠎ᠠ ᠮᠠᠨ ᠤ᠋ ᠠᠬ᠎ᠠ᠂ ᠡᠴᠢᠭᠡ ᠡᠬᠡ ᠨᠢ ᠡᠪᠡᠳᠪᠡᠯ ᠬᠡᠦᠬᠡᠳ ᠨᠢ ᠮᠢᠬᠠᠨ ᠠ᠋ᠴᠠ ᠪᠠᠨ ᠨᠢᠭᠡ ᠵᠦᠰᠦᠮ ᠣᠭᠲᠣᠯᠵᠤ ᠠᠪᠤᠭᠠᠳ ᠴᠢᠨᠠᠵᠤ ᠢᠳᠡᠭᠦᠯᠬᠦ ᠶᠣᠰᠣᠲᠠᠢ᠂ ᠢᠩᠭᠢᠪᠡᠯ ᠰᠠᠶᠢ ᠰᠠᠢᠨ ᠬᠥᠮᠦᠨ ᠶᠤᠮ ᠭᠡᠵᠡᠢ᠃ ᠡᠵᠢ ᠪᠠᠰᠠ ᠪᠣᠯᠬᠤ ᠦᠭᠡᠢ ᠭᠡᠰᠡᠨ ᠦᠭᠡᠢ ᠶᠤᠮ᠃ ᠨᠢᠭᠡ ᠵᠦᠰᠦᠮ ᠢᠳᠡᠵᠦ ᠪᠣᠯᠪᠠᠯ ᠪᠦᠬᠦᠯᠢ ᠪᠡᠷ ᠨᠢ ᠢᠳᠡᠵᠦ ᠪᠣᠯᠬᠤ ᠨᠢ ᠪᠠᠰᠠ ᠶᠠᠷᠢᠶᠠᠨ ᠦᠭᠡᠢ᠃ ᠭᠡᠪᠡᠴᠦ ᠲᠡᠷᠡ ᠡᠳᠦᠷ ᠦ᠋ᠨ ᠤᠬᠢᠯᠠᠬᠤ ᠶᠠᠩᠵᠤ ᠶ᠋ᠢ ᠨᠢ ᠪᠣᠳᠣᠪᠠᠯ ᠦᠨᠡᠬᠡᠷ ᠴᠦ᠍ ᠡᠯᠢᠭᠡ ᠡᠮᠲᠡᠷᠡᠮᠡᠷ᠂ ᠡᠨᠡ ᠦᠨᠡᠬᠡᠷ ᠲᠤᠢᠯ ᠤ᠋ᠨ ᠵᠢᠭᠲᠡᠢ ᠬᠡᠷᠡᠭ ᠠ᠋!  


ᠠᠷᠪᠠᠨ ᠬᠣᠶᠠᠷ  
ᠴᠠᠰᠢ ᠪᠣᠳᠣᠵᠤ ᠪᠣᠯᠬᠤ ᠦᠭᠡᠢ ᠪᠣᠯᠵᠠᠢ᠃ 
ᠳᠥᠷᠪᠡᠨ ᠮᠢᠩᠭᠠᠨ ᠵᠢᠯ ᠦ᠋ᠨ ᠲᠤᠷᠰᠢ ᠦᠶ᠎ᠡ ᠤᠯᠠᠷᠢᠨ ᠢᠷᠡᠭᠰᠡᠨ ᠭᠠᠵᠠᠷ᠂ ᠪᠢ ᠴᠦ᠍ ᠮᠥᠨ ᠣᠯᠠᠨ ᠵᠢᠯ ᠳᠤᠮᠳᠠ ᠨᠢ ᠬᠤᠳᠬᠤᠯᠳᠤᠭᠰᠠᠭᠠᠷ ᠢᠷᠡᠯ᠎ᠡ ᠭᠡᠭᠴᠢ ᠪᠡᠨ ᠥᠨᠥᠳᠥᠷ ᠣᠯᠵᠤ ᠮᠡᠳᠡᠯ᠎ᠡ᠃ ᠶᠠᠭ ᠠᠬ᠎ᠠ ᠶ᠋ᠢ ᠭᠡᠷ ᠦ᠋ᠨ ᠬᠡᠷᠡᠭ ᠡᠷᠬᠢᠯᠡᠵᠦ ᠪᠠᠢᠭᠰᠠᠨ ᠲᠡᠷᠡ ᠦᠶ᠎ᠡ ᠳ᠋ᠦ᠍ ᠳᠡᠭᠦᠦ ᠮᠢᠨᠢ ᠦᠬᠦᠭᠰᠡᠨ ᠲᠤᠯᠠ ᠪᠤᠳᠠᠭ᠎ᠠ ᠨᠣᠭᠣᠭᠠᠨ ᠳ᠋ᠤ᠌ ᠬᠣᠯᠢᠭᠳᠠᠵᠤ ᠪᠢᠳᠡᠨ ᠳ᠋ᠦ᠍ ᠮᠡᠳᠡᠭᠳᠡᠯ ᠦᠭᠡᠢ ᠪᠡᠷ ᠢᠳᠡᠭᠳᠡᠭᠰᠡᠨ ᠦᠭᠡᠢ ᠭᠡᠵᠦ ᠶᠠᠭᠠᠬᠢᠵᠤ ᠬᠡᠯᠡᠵᠦ ᠮᠡᠳᠡᠬᠦ ᠪᠣᠢ᠃ ᠪᠢ ᠥᠬᠢᠨ ᠳᠡᠭᠦᠦ ᠶ᠋ᠢᠨ ᠢ᠋ᠶ᠋ᠡᠨ ᠮᠢᠬ᠎ᠠ ᠶ᠋ᠢ ᠰᠠᠨᠠᠮᠰᠠᠷ ᠦᠭᠡᠢ ᠪᠡᠷ ᠬᠡᠳᠦᠨ ᠬᠡᠰᠡᠭ ᠢᠳᠡᠭᠰᠡᠨ ᠦᠭᠡᠢ ᠭᠡᠵᠦ ᠶᠠᠭᠠᠬᠢᠵᠤ ᠬᠡᠯᠡᠵᠦ ᠮᠡᠳᠡᠬᠦ ᠪᠣᠢ᠃ ᠣᠳᠣ ᠬᠠᠷᠢᠨ ᠮᠢᠨᠦ ᠳᠡᠭᠡᠷ᠎ᠡ ᠬᠦᠷᠦᠭᠡᠳ ᠢᠷᠡᠯ᠎ᠡ ᠁ ᠳᠥᠷᠪᠡᠨ ᠮᠢᠩᠭᠠᠨ ᠵᠢᠯ ᠦ᠋ᠨ ᠬᠥᠮᠦᠨ ᠢᠳᠡᠭᠰᠡᠨ ᠲᠡᠦᠬᠡ ᠲᠡᠢ ᠪᠢ᠂ ᠵᠢᠩᠬᠢᠨᠢ ᠬᠥᠮᠦᠨ ᠮᠥᠨ ᠭᠡᠬᠦ ᠳ᠋ᠦ᠍ ᠪᠡᠷᠬᠡ ᠭᠡᠭᠴᠢ ᠪᠡᠨ ᠲᠡᠷᠡ ᠦᠶ᠎ᠡ ᠳ᠋ᠦ᠍ ᠮᠡᠳᠡᠬᠦ ᠦᠭᠡᠢ ᠪᠠᠢᠭᠰᠠᠨ ᠴᠤ᠌ ᠣᠳᠣ ᠮᠡᠳᠡᠯ᠎ᠡ!
  
ᠠᠷᠪᠠᠨ ᠭᠤᠷᠪᠠ 
ᠬᠥᠮᠦᠨ ᠢ᠋ ᠢᠳᠡᠭᠡᠳᠦᠢ ᠬᠡᠦᠬᠡᠳ ᠪᠠᠰᠠ ᠪᠠᠢᠬᠤ ᠶᠤᠮ ᠤᠤ? ᠬᠡᠦᠬᠡᠳ ᠢ᠋ ᠠᠪᠤᠷᠠᠬᠤ ᠰᠠᠨ ᠁
          1918 ᠣᠨ ᠤ᠋ ᠳᠥᠷᠪᠡᠳᠦᠭᠡᠷ ᠰᠠᠷ᠎ᠠ   

    ᠦᠰᠦᠭ ᠬᠥᠷᠪᠡᠭᠦᠯᠦᠭᠴᠢ᠄ ᠤᠷᠢᠶᠠᠩᠬᠠᠢ ᠨᠠᠷᠠᠨᠮᠠᠨᠳᠠ 2025.7.19